ᠰᠦᠨᠢᠳ ᠵᠡᠭᠦᠨ ᠬᠤᠰᠢᠭᠤᠨ ᠤ ᠰᠢᠯᠢᠳᠡᠭ ᠵᠦᠴᠦᠭᠡ《 ᠳᠡᠮᠡᠭᠡᠨ ᠨᠤᠳᠤᠭ ᠤᠨ ᠰᠢᠨ᠎ᠡ ᠤᠯᠠᠮᠵᠢᠯᠠᠯ》ᠰᠢᠯᠤᠭᠤᠨ ᠬᠦᠪᠡᠭᠡᠳᠦ ᠴᠠᠭᠠᠨ ᠬᠤᠰᠢᠭᠤᠨ ᠳᠤ ᠲᠤᠭᠤᠷᠢᠨ ᠳᠤᠭᠯᠠᠯᠳᠠ ᠪᠠᠨ ᠶᠠᠪᠤᠭᠳᠠᠭᠤᠯᠪᠠ
ᠨᠡᠶᠢᠲᠡᠯᠡᠭᠰᠡᠨ ᠴᠠᠭ᠄
2017-12-12
                    ᠰᠦᠨᠢᠳ ᠵᠡᠭᠦᠨ ᠬᠤᠰᠢᠭᠤᠨ ᠤ ᠰᠢᠯᠢᠳᠡᠭ ᠵᠦᠴᠦᠭᠡ           《 ᠳᠡᠮᠡᠭᠡᠨ ᠨᠤᠳᠤᠭ ᠤᠨ ᠰᠢᠨ᠎ᠡ ᠤᠯᠠᠮᠵᠢᠯᠠᠯ》ᠰᠢᠯᠤᠭᠤᠨ ᠬᠦᠪᠡᠭᠡᠳᠦ              ᠴᠠᠭᠠᠨ ᠬᠤᠰᠢᠭᠤᠨ ᠳᠤ ᠲᠤᠭᠤᠷᠢᠨ ᠳᠤᠭᠯᠠᠯᠳᠠ ᠪᠠᠨ ᠶᠠᠪᠤᠭᠳᠠᠭᠤᠯᠪᠠ                  12 ᠰᠠᠷ᠎ᠠ ᠶᠢᠨ8 ᠤ ᠤᠷᠤᠢ᠂ ᠨᠠᠮ ᠤᠨ ᠠᠷᠪᠠ ᠶᠢᠰᠤᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠪᠠ ᠰᠢ ᠶᠢᠨ ᠫᠢᠩ ᠶᠡᠷᠦᠩᠬᠡᠢ ᠱᠦᠵᠢ ᠶᠢᠨ ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠳᠤ ᠬᠠᠷᠢᠭᠤ ᠵᠠᠭᠢᠳᠠᠯ ᠢᠯᠠᠭᠡᠭᠰᠡᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠬᠦᠨᠵᠡᠭᠡᠢ ᠳᠤᠭᠤᠰᠢᠯᠠᠭᠤᠯᠤᠨ ᠨᠠᠶᠢᠳᠠᠪᠦᠷᠢᠵᠢᠭᠤᠯᠤᠨ᠂ ᠰᠢᠯᠢ ᠶᠢᠨ ᠭᠤᠤᠯ ᠠᠶᠢᠮᠠᠭ ᠤᠨ ᠰᠢᠯᠢᠳᠡᠭ ᠵᠦᠴᠦᠭᠡ《ᠳᠡᠮᠡᠭᠡᠨ ᠨᠤᠳᠤᠭ ᠤᠨ ᠰᠢᠨ᠎ᠡ ᠤᠯᠠᠮᠵᠢᠯᠠᠯ》ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠮᠢᠩᠭᠠᠲᠦ ᠰᠢᠨᠵᠢᠯᠡᠭᠡ ᠮᠡᠷᠭᠡᠵᠢᠯ ᠤᠨ ᠰᠤᠶᠤᠯ ᠤᠨ ᠳᠦᠪ ᠳᠤ ᠠᠮᠵᠢᠯᠳᠠ ᠲᠠᠢ ᠳᠤᠭᠯᠠᠪᠠ᠃ 300 ᠭᠠᠷᠦᠢ ᠭᠦᠮᠦᠨ ᠳᠤᠰ ᠤᠳᠠᠭᠠᠨ ᠤ ᠳᠤᠭᠯᠠᠯᠳᠠ ᠶᠢ ᠦᠵᠡᠭᠰᠡᠨ ᠪᠠᠶᠢᠨ᠎ᠠ᠃    
            《ᠳᠡᠮᠡᠭᠡᠨ ᠨᠤᠳᠤᠭ ᠤᠨ ᠰᠢᠨ᠎ᠡ ᠤᠯᠠᠮᠵᠢᠯᠠᠯ》ᠪᠤᠯ ᠠᠷᠪᠠᠨ ᠬᠤᠶᠠᠳᠤᠭᠠᠷ ᠬᠤᠭᠤᠴᠠᠭᠠᠨ ᠤ ᠳᠤᠮᠳᠠᠳᠦ ᠤᠯᠤᠰ· ᠦᠪᠦᠷ ᠮᠤᠩᠭᠤᠯ ᠶᠢᠨ ᠳᠠᠯ᠎ᠠ ᠨᠤᠳᠤᠭ ᠤᠨ ᠰᠤᠶᠤᠯ ᠤᠨ ᠨᠠᠶᠢᠷ ᠲᠠᠬᠢ 8 ᠰᠢᠯᠢᠳᠡᠭ ᠵᠦᠴᠦᠭᠡ ᠶᠢᠨ ᠨᠢᠭᠡ ᠨᠢ ᠪᠠᠶᠢᠵᠦ᠂ ᠳᠤᠰ ᠵᠦᠴᠦᠭᠡ ᠨᠢ ᠳᠡᠭᠡᠷ᠎ᠡ ᠵᠠᠭᠤᠨ ᠤ ᠰᠡᠭᠦᠯᠴᠢ ᠶᠢᠨ ᠦᠶ᠎ᠡ ᠶᠢᠨ ᠰᠦᠨᠢᠳ ᠨᠤᠳᠤᠭ ᠶᠢᠨ ᠮᠠᠯᠴᠢᠨ  ᠦᠨᠦᠴᠢᠨ ᠪᠤᠳᠤᠭᠤ ᠶᠢ ᠪᠦᠬᠦ ᠰᠡᠳᠬᠢᠯ ᠪᠠᠷ ᠢᠶᠠᠨ ᠠᠷᠠᠴᠢᠯᠠᠨ ᠳᠡᠵᠢᠭᠡᠭᠰᠡᠨ ᠠᠭᠤᠯᠭ᠎ᠠ ᠢᠶᠠᠷ ᠭᠤᠤᠯ ᠰᠡᠳᠦᠪ ᠪᠤᠯᠭᠠᠨ᠂ ᠰᠦᠨᠢᠳ ᠶᠢᠨ ᠳᠡᠮᠡᠭᠡᠨ ᠰᠤᠶᠤᠯ ᠶᠢᠨ ᠠᠭᠤᠯᠤᠭᠳᠠᠬᠤᠨ ᠢ ᠭᠦᠨᠵᠡᠭᠡᠢ ᠠᠭᠤᠳᠠᠯᠬᠤ ᠪᠠᠷ ᠳᠠᠮᠵᠢᠵᠦ᠂ ᠳᠡᠮᠡᠭᠡ ᠪᠤᠯᠤᠨ ᠭᠦᠮᠤᠨ ᠤ ᠬᠤᠭᠤᠷᠤᠨᠳᠠᠬᠢ ᠦᠯᠢᠭᠡᠷ ᠪᠠᠷ ᠳᠡᠮᠵᠢᠨ ᠳᠠᠯ᠎ᠠ ᠨᠤᠳᠤᠭ ᠶᠢᠨ ᠠᠷᠠᠳ ᠳᠦᠮᠡᠨ ᠤ ᠠᠮᠢ ᠠᠬᠤᠢ ᠤᠷᠴᠢᠨ ᠳᠤᠭᠤᠷᠢᠨ ᠶᠢ ᠬᠠᠮᠠᠭᠠᠯᠠᠬᠤ᠂ ᠨᠡᠶᠢᠭᠡᠮ ᠵᠢᠷᠤᠮᠳᠦ ᠰᠢᠨ᠎ᠡ ᠮᠠᠯᠵᠢᠬᠤ ᠤᠷᠤᠨ ᠶᠢ ᠪᠦᠳᠦᠭᠡᠨ ᠪᠠᠶᠢᠭᠤᠯᠬᠤ ᠭᠠᠯ ᠬᠠᠯᠠᠭᠤᠨ ᠠᠮᠢᠳᠤᠷᠠᠯ ᠶᠢ ᠳᠤᠰᠬᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号