ᠰᠢᠯᠣᠭᠤᠨ ᠬᠦᠪᠡᠭᠡᠳᠣ ᠴᠠᠭᠠᠨ ᠬᠤᠰᠢᠭᠤᠨ ᠤ ᠵᠣᠬᠢᠶᠠᠯᠴᠢ ᠨᠠᠶᠢᠷᠠᠭᠤᠯᠣᠭᠴᠢᠳ ᠨᠢ ᠳᠡᠯᠡᠭᠡᠢ ᠶᠢᠨ ᠢᠷᠠᠭᠤ ᠨᠠᠶᠢᠷᠠᠭ ᠤᠨ ᠡᠳᠣᠷ ᠢ ᠪᠡᠯᠭᠡᠯᠡᠬᠦ ᠠᠵᠢᠯᠯᠠᠭ᠎ᠠ ᠦᠷᠨᠢᠬᠦᠯᠦᠭᠰᠡᠨ ᠪᠠᠶᠢᠨ᠎ᠠ
ᠨᠡᠶᠢᠲᠡᠯᠡᠭᠰᠡᠨ ᠴᠠᠭ᠄
2017/6/22

   3.19 ᠤ ᠡᠳᠣᠷ᠂ ᠰᠢᠯᠣᠭᠤᠨ ᠬᠦᠪᠡᠭᠡᠳᠣ ᠴᠠᠭᠠᠨ ᠬᠤᠰᠢᠭᠤᠨ ᠤ ︽ᠳᠣᠷᠭᠠᠨ ᠴᠠᠬᠠᠷ  ︾ ᠰᠡᠳᠬᠦᠯ ᠤᠨ

ᠨᠠᠶᠢᠷᠠᠭᠤᠯᠣᠭᠴᠢ ᠪᠠ ᠵᠣᠬᠢᠶᠠᠯᠴᠢᠳ ᠨᠢ ᠣᠯᠠᠭᠠᠨᠴᠠᠪ ᠬᠤᠳᠠ ᠶᠢᠨ ︽ᠴᠠᠯᠡᠬᠡᠷ ᠳᠠᠯ᠎ᠠ︾ ᠰᠡᠳᠬᠦᠯ ᠤᠨ ᠬᠢᠨ ᠢ

ᠣᠷᠢᠨ ᠵᠠᠯᠠᠵᠦ᠂ ᠳᠣᠷᠰᠢᠯᠭ᠎ᠠ ᠰᠣᠯᠢᠯᠴᠠᠬᠤ ᠠᠵᠢᠯᠯᠠᠭ᠎ᠠ ᠦᠷᠨᠢᠬᠦᠯᠵᠦ᠂ ᠳᠡᠯᠡᠭᠡᠢ ᠶᠢᠨ ᠢᠷᠠᠭᠤ ᠨᠠᠶᠢᠷᠠᠭ ᠤᠨ ᠡᠳᠣᠷ

 ᠢᠶᠠᠨ ᠬᠠᠮᠳᠣ ᠳᠤ ᠪᠠᠨ ᠪᠡᠯᠭᠡᠯᠡᠭᠰᠡᠨ ᠪᠠᠶᠢᠨ᠎ᠠ᠃

     ︽ᠴᠡᠯᠡᠬᠡᠷ ᠳᠠᠯ᠎ᠠ︾ ᠰᠡᠳᠬᠦᠯ ᠪᠣᠯ ᠣᠯᠣᠰ ᠠᠴᠠ ᠵᠦᠪᠰᠢᠶᠡᠷᠡᠭᠰᠡᠨ  ᠪᠦᠬᠦ ᠣᠯᠣᠰ ᠤᠨ ᠬᠡᠪᠴᠢᠶᠡᠨ ᠳᠤ

ᠨᠡᠷ᠎ᠡ ᠨᠦᠯᠦᠬᠡ ᠲᠠᠢ  ᠣᠯᠠᠷᠢᠯ ᠤᠨ ᠰᠡᠳᠬᠦᠯ ᠪᠠᠶᠢᠵᠦ᠂ ᠠᠯᠳᠠᠷᠳᠣ ᠵᠣᠬᠢᠶᠠᠯᠴᠢ ᠮᠠᠨᠳᠣᠮᠣᠢ ᠣᠯᠠᠨ ᠵᠢᠯ ᠶᠡᠷᠦᠩᠭᠡᠢ

ᠨᠠᠶᠢᠷᠠᠭᠤᠯᠣᠭᠴᠢ ᠶᠢᠨ ᠠᠵᠢᠯ ᠢ ᠬᠠᠷᠢᠭᠤᠴᠠᠵᠦ ᠪᠠᠶᠢᠵᠠᠢ᠃ ᠬᠤᠷᠠᠯ ᠳᠡᠭᠡᠷ᠎ᠡ ᠮᠠᠨᠳᠣᠮᠣᠢ ᠠᠴᠠ ︽ᠴᠡᠯᠡᠬᠡᠷ ᠳᠠᠯ᠎ᠠ  ︾

ᠰᠡᠳᠬᠦᠯ ᠤᠨ ᠶᠠᠪᠣᠵᠦ ᠢᠷᠡᠭᠰᠡᠨ ᠳᠡᠣᠭᠡᠨ ᠣᠯᠠ ᠮᠦᠷ ᠪᠠ ᠬᠤᠵᠢᠮ ᠢᠷᠡᠭᠡᠳᠦᠢ ᠶᠢᠨ ᠳᠣᠬᠠᠢ ᠳᠣᠪᠴᠢ

ᠳᠠᠶᠢᠯᠪᠣᠷᠢᠯᠠᠯᠳᠠ ᠬᠢᠪᠠ᠂ ᠳᠠᠷᠠᠭ᠎ᠠ ᠨᠢ ᠮᠠᠨᠳᠣᠮᠣᠢ ᠠᠴᠠ ︽ᠮᠤᠩᠭᠤᠯ ᠰᠤᠶᠤᠯ ᠳᠤᠷᠭᠠᠨ ᠴᠠᠬᠠᠷ︾ ᠬᠡᠮᠡᠬᠦ ᠦᠰᠦᠨ

ᠪᠢᠷ ᠤᠨ ᠪᠢᠴᠢᠯᠬᠡ   ᠪᠠᠨ ︽ᠳᠣᠷᠭᠠᠨ ᠴᠠᠬᠠᠷ︾  ᠰᠡᠳᠬᠦᠯ ᠤᠨ ᠬᠢᠨ ᠳᠤ ᠪᠡᠯᠬᠡᠯᠡᠵᠡᠢ᠃ ᠳᠣᠷᠭᠠᠨ ᠴᠠᠬᠠᠷ

ᠰᠡᠳᠬᠦᠯ ᠨᠢ ᠰᠢᠯᠣᠭᠤᠨ ᠬᠦᠪᠡᠭᠡᠳᠣ ᠴᠠᠭᠠᠨ ᠬᠤᠰᠢᠭᠤᠨ ᠤ  ᠳᠣᠳᠣᠭᠠᠳᠣ ᠰᠡᠳᠬᠦᠯ ᠪᠠᠶᠢᠵᠦ᠂ ᠭᠤᠣᠯᠳᠠᠭᠤ

ᠬᠤᠰᠢᠭᠤ ᠨᠣᠳᠤᠭ ᠤᠨ ᠢᠶᠠᠨ ᠵᠣᠬᠢᠶᠠᠯᠴᠢ ᠰᠢᠯᠦᠭᠴᠢᠳ ᠤᠨ ᠣᠷᠠᠨ ᠪᠦᠳᠦᠭᠡᠯ ᠢ ᠨᠡᠶᠢᠳᠡᠯᠡᠬᠦ ᠪᠠᠷ ᠭᠤᠣᠯᠳᠠᠳᠠᠭ᠃

ᠬᠤᠶᠠᠷ ᠰᠡᠳᠬᠦᠯ ᠤᠨ ᠬᠢᠨ ᠨᠢ ᠦᠪᠡᠷ ᠦᠪᠡᠷ ᠤᠨ ᠳᠠᠪᠠᠭᠤᠯᠢᠭ ᠳᠠᠯ᠎ᠠ ᠪᠠ ᠳᠣᠳᠠᠭᠳᠠᠯ ᠲᠠᠢ ᠳᠠᠯ᠎ᠠ ᠪᠠᠨ

ᠶᠠᠷᠢᠯᠴᠠᠨ ᠰᠣᠳᠣᠯᠬᠤ ᠶᠢᠨ ᠬᠠᠮᠳᠣ ᠬᠠᠷᠢᠯᠴᠠᠨ ᠳᠣᠰᠠᠯᠠᠯᠴᠠᠵᠦ ᠬᠠᠮᠳᠣᠪᠠᠷ ᠳᠠᠪᠰᠢᠬᠤ ᠬᠤᠶᠢᠰᠢᠳᠠ ᠶᠢᠨ ᠬᠠᠷᠠᠯᠳᠠ

 ᠪᠠᠨ ᠳᠣᠭᠳᠠᠭᠠᠭᠰᠠᠨ ᠪᠠᠶᠢᠨ᠎ᠠ᠃

    ᠨᠡᠷᠡᠳᠦ ᠵᠣᠬᠢᠶᠠᠯᠴᠢ ᠮᠠᠨᠳᠣᠮᠠᠢ ᠠᠴᠠ ᠬᠤᠰᠢᠭᠤ ᠱᠠᠳᠣ ᠨᠢ ᠡᠶᠢᠮᠦ ᠨᠢᠬᠡ ᠰᠡᠳᠬᠦᠯ ᠡᠷᠬᠢᠯᠡᠭᠡᠳ ᠠᠯᠪᠠᠨ ᠳᠠᠯ᠎ᠠ

 ᠠᠴᠠ ᠵᠣᠪᠰᠢᠶᠡᠷᠡᠬᠦᠯᠵᠦ ᠵᠢᠯ ᠲᠤ ᠬᠤᠶᠠᠷ ᠣᠳᠠᠭ᠎ᠠ ᠬᠢᠬᠦ ᠪᠣᠯ ᠶᠡᠭᠡ ᠰᠠᠶᠢᠨ ᠣᠴᠢᠷ᠂ ᠮᠢᠨᠦ ᠳᠣᠷᠰᠢᠯᠭ᠎ᠠ ᠠᠴᠠ

ᠦᠵᠡᠪᠡᠯ ᠨᠢᠬᠡ ᠦᠨᠳᠦᠰᠦᠳᠡᠨ ᠤ ᠰᠣᠶᠣᠯ᠂ ᠢᠯᠠᠩᠭᠤᠶ᠎ᠠ ᠣᠷᠠᠨ ᠵᠣᠬᠢᠶᠠᠯ ᠪᠣᠯ ᠨᠢᠬᠡ ᠦᠨᠳᠦᠰᠦᠳᠡᠨ ᠤ ᠬᠢᠷᠢ

ᠲᠦᠪᠰᠢᠨ ᠬᠤᠪᠢ ᠵᠠᠶᠠᠭ᠎ᠠ ᠲᠠᠢ ᠬᠤᠯᠪᠣᠭ᠎ᠠ ᠲᠠᠢ᠂ ᠬᠡᠷᠪᠡ ᠰᠣᠶᠣᠯ ᠣᠷᠠᠯᠢᠭ ᠨᠢ ᠬᠦᠭᠵᠢᠬᠦ ᠦᠬᠡᠢ ᠪᠣᠯ ᠡᠴᠦᠰ

 ᠲᠤ ᠪᠠᠨ ᠶᠠᠮᠠᠷ ᠴᠤ ᠬᠦᠰᠡᠯ ᠡᠷᠡᠮᠡᠯᠵᠢᠯᠠᠯ ᠦᠬᠡᠢ ᠪᠣᠯᠣᠨ᠎ᠠ᠂ ᠬᠡᠪᠡᠴᠦ ᠣᠳᠣ ᠨᠡᠶᠢᠬᠡᠮ ᠬᠦᠭᠵᠢᠵᠦ ᠪᠠᠶᠢᠪᠠᠴᠦ

ᠮᠠᠯᠵᠢᠬᠤ ᠣᠷᠣᠨ ᠳᠤ ᠠᠪᠴᠦ ᠬᠡᠯᠡᠪᠡᠯ ᠨᠣᠳᠤᠭ ᠢᠪᠴᠣᠣᠷᠠᠵᠦ᠂ ᠦᠬᠡ ᠬᠡᠯᠡ ᠨᠢ ᠶᠠᠳᠠᠭᠤᠷᠠᠵᠦ ᠦᠩᠭᠡᠷᠡᠭᠰᠡᠨ

 ᠲᠠᠢ ᠬᠠᠷᠢᠴᠠᠭᠤᠯᠬᠤ ᠶᠢᠨ ᠠᠷᠭ᠎ᠠ ᠦᠬᠡᠢ ᠪᠣᠯᠵᠠᠢ᠂ ᠡᠶᠢᠮᠦ ᠨᠢᠬᠡ ᠰᠢᠯᠵᠢᠯᠳᠡ ᠶᠢᠨ ᠱᠠᠳᠣ ᠦᠶ᠎ᠡ ᠳᠤ ᠦᠪᠡᠷ ᠤᠨ

ᠰᠣᠶᠣᠯ ᠣᠷᠠᠯᠢᠭ ᠢᠶᠠᠨ ᠳᠡᠭᠡᠷ᠎ᠡ ᠨᠢᠬᠡ ᠱᠠᠳᠣᠨ ᠳᠤ ᠡᠷᠬᠦᠵᠦ ᠭᠠᠷᠭᠠᠬᠤ ᠦᠬᠡᠢ ᠪᠣᠯ ᠡᠴᠣᠰ ᠲᠤ ᠪᠠᠨ ᠶᠠᠭᠤ ᠴᠤ

ᠪᠢᠰᠢ ᠪᠣᠯᠣᠨ᠎ᠠ᠂ ᠢᠯᠠᠩᠭᠤᠶ᠎ᠠ ᠦᠨᠳᠦᠰᠦᠳᠡᠨ ᠤ ᠦᠪᠡᠷᠳᠡᠭᠡᠨ ᠵᠠᠰᠠᠬᠤ ᠲᠦᠷᠦ ᠶᠢᠨ ᠪᠣᠳᠣᠯᠭ᠎ᠠ ᠡᠨᠡ ᠳᠠᠯ᠎ᠠ ᠪᠠᠷ

ᠪᠦᠷ ᠳᠣᠷᠠᠳᠴᠦ ᠪᠠᠶᠢᠨ᠎ᠠ᠂ ᠡᠬᠦᠨ ᠢ ᠪᠣᠳᠠᠳᠠᠢ ᠬᠡᠷᠡᠭᠵᠢᠬᠦᠯᠬᠦ ᠳᠤ ᠨᠢᠬᠡ ᠪᠦᠯᠦᠭ ᠬᠦᠮᠦᠰ ᠴᠢᠷᠮᠠᠶᠢᠬᠤ ᠬᠡᠷᠡᠭᠳᠡᠢ

ᠭᠡᠵᠠᠢ᠃

    ᠳᠠᠷᠠᠭ᠎ᠠ ᠨᠢ ᠠᠵᠢᠯᠯᠠᠭᠠᠨ ᠳᠤ ᠣᠷᠣᠯᠴᠠᠭᠰᠠᠨ ᠬᠠᠮᠳᠣ ᠣᠯᠠᠨ ᠠᠴᠠ  ᠮᠠᠨ ᠤ ᠬᠤᠰᠢᠭᠤᠨ ᠤ ᠮᠢᠩᠭᠠᠳᠣ

ᠰᠣᠶᠣᠯ ᠰᠢᠨᠵᠢᠯᠡᠬᠡᠨ ᠤ ᠳᠦᠪ᠂ ᠮᠣᠩᠭᠤᠯ ᠣᠳᠬ᠎ᠠ ᠣᠷᠠᠯᠢᠭ ᠤᠨ ᠭᠠᠷᠮᠠᠭᠠᠢ ᠵᠢᠳᠬᠦᠯᠳᠡᠨ ︽ᠦᠨᠢᠷ ᠴᠡᠴᠡᠭ︾

ᠰᠡᠳᠬᠦᠯ ᠤᠨ ᠡᠬᠦᠰᠬᠡᠨ ᠪᠠᠶᠢᠭᠤᠯᠣᠭᠴᠢ ᠢᠳᠰᠢᠨ ᠤ ᠬᠦᠰᠢᠶ᠎ᠡ᠂ ᠴᠠᠭᠠᠨ ᠰᠦᠯᠳᠡ᠂ ᠪᠦᠷᠢᠳᠦ ᠶᠢᠨ ᠰᠦᠮ᠎ᠡ

ᠵᠡᠷᠭᠡ ᠳᠡᠣᠭᠡ ᠰᠣᠶᠣᠯ ᠤᠨ ᠳᠣᠷᠠᠰᠬᠠᠯ ᠤᠨ ᠭᠠᠵᠠᠷ ᠢᠶᠠᠷ ᠳᠣᠭᠤᠷᠢᠨ ᠳᠡᠯᠡᠭᠡᠢ ᠶᠢᠨ ᠢᠷᠠᠭᠤ ᠨᠠᠶᠢᠷᠠᠭ ᠤᠨ ᠡᠳᠣᠷ

 ᠢᠶᠠᠨ ᠣᠳᠬ᠎ᠠ ᠠᠭᠤᠯᠭ᠎ᠠ ᠲᠠᠢ ᠪᠠᠷ ᠪᠡᠯᠭᠡᠯᠡᠭᠰᠡᠨ ᠪᠠᠶᠢᠨ᠎ᠠ᠃

    ᠣᠶᠢᠯᠭᠠᠭᠰᠠᠨ ᠢᠶᠠᠷ᠂ ᠮᠠᠨ ᠤ ᠬᠤᠰᠢᠭᠤ ᠨᠢ ᠦᠨᠳᠦᠰᠦᠳᠡᠨ ᠤᠨ ᠰᠣᠶᠣᠯ ᠤᠨ ᠬᠦᠴᠦᠷᠭᠡᠭ ᠣᠷᠣᠨ ᠢ

ᠪᠠᠶᠢᠭᠤᠯᠬᠤ ᠲᠦᠷᠦ ᠶᠢᠨ ᠪᠣᠳᠣᠯᠭ᠎ᠠ ᠲᠠᠢ ᠣᠶᠠᠯᠳᠣᠭᠤᠯᠵᠦ᠂ ᠣᠷᠠᠯᠢᠭ ᠰᠣᠶᠣᠯ ᠤᠨ ᠳᠠᠯ᠎ᠠ ᠶᠢᠨ ᠬᠦᠭᠵᠢᠯᠳᠡ ᠶᠢ

ᠶᠡᠭᠡ ᠬᠦᠴᠦᠨ ᠢᠶᠠᠷ ᠳᠦᠯᠬᠢᠨ ᠠᠬᠢᠭᠤᠯᠵᠦ ᠪᠠᠶᠢᠭ᠎ᠠ ᠶᠣᠮ᠃ ᠨᠢᠳᠣᠨᠣᠨ ᠵᠢᠯ   ᠠᠴᠠ ᠣᠭ ᠤᠨ  ︽ ᠳᠣᠷᠭᠠᠨ

ᠴᠠᠬᠠᠷ  ︾ ᠰᠡᠳᠬᠦᠯ ᠢ ᠬᠤᠰᠢᠭᠤ ᠳᠣᠳᠣᠭᠠᠳᠣ ᠳ᠋ᠣᠭᠠᠷ ᠤᠨ ᠰᠡᠳᠬᠦᠯ ᠪᠣᠯᠭᠠᠵᠦ᠂ ᠵᠢᠯ ᠳᠤ ᠬᠤᠶᠠᠷ ᠣᠳᠠᠭ᠎ᠠ

ᠬᠡᠪᠯᠡᠬᠦ ᠶᠢᠨ ᠳᠠᠭᠠᠣ ᠳᠤ ︽ᠴᠠᠬᠠᠷ ᠬᠡᠪᠰᠢ︾ ᠨᠡᠷᠡᠮᠵᠢᠳᠦ ᠣᠳᠬ᠎ᠠ ᠵᠣᠬᠢᠶᠠᠯ ᠤᠨ ᠱᠠᠩᠨᠠᠯ ᠪᠠ ᠣᠷᠠᠨ ᠵᠣᠬᠢᠶᠠᠯ ᠤᠨ

ᠱᠠᠩᠨᠠᠯᠳᠣ ᠣᠷᠣᠯᠳᠣᠭᠠᠨ ᠢ ᠬᠤᠶᠠᠷ ᠵᠢᠯ ᠳᠤ ᠨᠢᠬᠡ ᠣᠳᠠᠭ᠎ᠠ ᠡᠷᠬᠢᠯᠡᠨ᠂ ᠪᠦᠬᠦ ᠬᠤᠰᠢᠭᠤᠨ ᠤ ᠵᠣᠬᠢᠶᠠᠯᠴᠢ

ᠨᠠᠶᠢᠷᠠᠭᠴᠢᠳ ᠤᠨ ᠢᠳᠡᠪᠬᠢᠵᠢᠯ ᠢ ᠳᠠᠶᠢᠴᠢᠯᠠᠵᠦ᠂ ᠪᠦᠬᠦ ᠬᠤᠰᠢᠭᠤᠨ ᠤ ᠣᠳᠬ᠎ᠠ ᠣᠷᠠᠯᠢᠭ ᠤᠨ ᠠᠵᠢᠯ ᠤᠨ

ᠬᠦᠭᠵᠢᠯᠳᠡ ᠶᠢ ᠠᠬᠢᠭᠤᠯᠣᠭᠰᠠᠨ ᠪᠠᠶᠢᠨ᠎ᠠ᠃

 
ᠢᠷᠡᠯᠲᠡ᠄ ᠬᠤᠰᠢᠭᠤ ᠷᠠᠳᠢᠤ᠋ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号