ᠰᠢᠯᠣᠭᠤᠨ ᠬᠦᠪᠡᠭᠡᠳᠣ ᠴᠠᠭᠠᠨ ᠬᠤᠰᠢᠭᠤ ︽6.5︾ ᠤ ᠣᠷᠴᠢᠨ ᠳᠣᠭᠤᠷᠢᠨ ᠤ ᠡᠳᠣᠷ ᠤᠨ ᠳᠦᠪᠯᠡᠷᠡᠬᠦᠯᠦᠨ ᠣᠬᠠᠭᠤᠯᠣᠨ ᠰᠣᠷᠣᠯᠴᠠᠬᠤ ᠠᠵᠢᠯᠯᠠᠭ᠎ᠠ ᠦᠷᠨᠢᠬᠦᠯᠪᠠ
ᠨᠡᠶᠢᠲᠡᠯᠡᠭᠰᠡᠨ ᠴᠠᠭ᠄
2017/6/22
   6.5 ᠤ ᠡᠳᠣᠷ  ᠂ ᠰᠢᠯᠣᠭᠤᠨ ᠬᠦᠪᠡᠭᠡᠳᠣ ᠴᠠᠭᠠᠨ ᠬᠤᠰᠢᠭᠤᠨ ᠤ ᠣᠷᠴᠢᠨ ᠳᠣᠭᠤᠷᠢᠨ ᠤ ᠬᠠᠮᠠᠭᠠᠯᠠᠯᠳᠠ ᠶᠢᠨ ᠳᠣᠪᠴᠢᠶ᠎ᠡ ᠨᠢ ᠮᠢᠩᠭᠠᠨᠳᠣ ᠪᠠᠯᠭᠠᠰᠣᠨ ᠤ ᠡᠮᠦᠨ᠎ᠡ ᠠᠭᠤᠯᠠᠨ ᠳᠤ ᠠᠭᠤᠯᠠ ᠠᠪᠠᠷᠢᠵᠦ ᠬᠤᠭ ᠨᠣᠪᠰᠢ ᠴᠡᠪᠡᠷᠯᠡᠬᠦ ᠣᠷᠴᠢᠨ ᠳᠣᠭᠤᠷᠢᠨ ᠢ ᠬᠠᠮᠠᠭᠠᠯᠠᠬᠤ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃     ᠠᠵᠢᠯᠯᠠᠭᠠᠨ ᠳᠤ᠂ ᠣᠷᠴᠢᠨ ᠳᠣᠭᠤᠷᠢᠨ ᠤ ᠬᠠᠮᠠᠭᠠᠯᠠᠯᠳᠠ ᠶᠢᠨ ᠳᠣᠪᠴᠢᠶᠡᠨ ᠤ ᠠᠵᠢᠯᠳᠠᠳ ᠨᠢ ᠣᠷᠴᠢᠨ ᠳᠣᠭᠤᠷᠢᠨ ᠢ ᠬᠠᠮᠠᠭᠠᠯᠠᠬᠤ ᠰᠠᠨᠠᠭᠠᠴᠢᠯᠭ᠎ᠠ ᠶᠢᠨ ᠪᠢᠴᠢᠭ ᠢ ᠣᠩᠰᠢᠨ ᠳᠣᠰ ᠣᠳᠠᠭᠠᠨ ᠤ ᠠᠵᠢᠯᠯᠠᠭᠠᠨ ᠤ ᠵᠣᠷᠢᠯᠭ᠎ᠠ ᠵᠢᠴᠢ ᠠᠩᠬᠠᠷᠬᠤ ᠵᠦᠢᠯ ᠳᠦᠷᠢᠮ ᠳᠣᠭᠳᠠᠭᠠᠯ ᠢ ᠣᠯᠠᠨ ᠳᠤ ᠳᠠᠨᠢᠯᠴᠠᠭᠤᠯᠵᠦ᠂ ᠬᠦᠷᠦᠯᠴᠡᠨ ᠢᠷᠡᠭᠰᠡᠨ ᠰᠠᠶᠢᠨ ᠳᠣᠷᠠᠳᠠᠳ ᠨᠢ ᠠᠭᠤᠯᠠ ᠠᠪᠠᠷᠢᠨ ᠬᠤᠭ ᠨᠣᠪᠰᠢ ᠴᠡᠪᠡᠷᠯᠡᠬᠦ ᠠᠵᠢᠯᠯᠠᠭ᠎ᠠ ᠪᠠᠨ ᠡᠬᠢᠯᠡᠬᠦᠯᠪᠡ᠃ ᠰᠠᠶᠢᠨ ᠳᠣᠷᠠᠳᠠᠳ  ᠨᠢ ᠠᠭᠤᠯᠠ ᠠᠪᠠᠷᠢᠬᠤ ᠶᠢᠨ ᠳᠠᠭᠠᠣ ᠳᠤ ᠬᠤᠭ ᠨᠣᠪᠰᠢ ᠶᠢ ᠴᠡᠪᠡᠷᠯᠡᠵᠦ᠂ ᠡᠨᠡᠬᠦ ᠠᠵᠢᠯᠯᠠᠭ᠎ᠠ ᠪᠠᠷ ᠢᠶᠠᠨ ᠨᠡᠩ ᠣᠯᠠᠨ ᠬᠦᠮᠦᠰ ᠣᠷᠴᠢᠨ ᠳᠣᠭᠤᠷᠢᠨ ᠤ ᠬᠠᠮᠠᠭᠠᠯᠠᠯᠳᠠ ᠳᠤ ᠰᠠᠶᠢᠨ ᠳᠣᠷ᠎ᠠ ᠠᠴᠠ ᠪᠠᠨ ᠣᠷᠣᠯᠴᠠᠬᠤ ᠶᠢ ᠣᠷᠢᠶᠠᠯᠠᠭᠰᠠᠨ ᠪᠠᠶᠢᠨ᠎ᠠ᠃ ᠡᠬᠦᠨ ᠤ ᠬᠠᠮᠳᠣ ᠪᠠᠰᠠ ᠣᠷᠴᠢᠨ ᠳᠣᠭᠤᠷᠢᠨ ᠤ ᠬᠠᠮᠠᠭᠠᠯᠠᠯᠳᠠ ᠶᠢᠨ ᠳᠣᠪᠴᠢᠶᠡᠨ ᠤ ᠠᠵᠢᠯᠳᠠᠳ ᠨᠢ ᠵᠬ᠎ᠠ ᠵᠡᠬᠡᠯᠢ ᠶᠢᠨ ᠭᠤᠣᠯ ᠪᠣᠯᠬᠤ ᠭᠠᠵᠠᠷ ᠲᠤ ᠬᠦᠨᠳᠡᠯᠡᠨ ᠡᠯᠬᠦᠭᠡᠰᠦ ᠡᠯᠬᠦᠬᠦ᠂ ᠬᠤᠰᠢᠭᠤ ᠲᠧᠯᠸᠢᠰ ᠬᠤᠷᠢᠶ᠎ᠠ᠂ ᠸᠧᠴᠠᠲ ᠶᠢᠨ ᠣᠯᠠᠨ ᠨᠡᠶᠢᠳᠡ ᠶᠢᠨ ᠳᠠᠪᠴᠠᠩ ᠵᠢᠴᠢ ᠭᠠᠳᠠᠭᠰᠢ ᠣᠬᠠᠭᠤᠯᠬᠤ ᠰᠦᠯᠵᠢᠶ᠎ᠡ ᠵᠡᠷᠭᠡ ᠪᠠᠷ ᠣᠷᠴᠢᠨ ᠳᠣᠭᠤᠷᠢᠨ ᠢ ᠬᠠᠮᠠᠭᠠᠯᠠᠬᠤ ᠬᠠᠣᠯᠢ ᠴᠠᠭᠠᠵᠠ ᠳᠦᠷᠢᠮ ᠳᠣᠭᠳᠠᠭᠠᠯ ᠢ ᠨᠡᠶᠢᠳᠡᠯᠡᠭᠰᠡᠨ ᠪᠠᠶᠢᠨ᠎ᠠ᠃    ᠡᠨᠡᠬᠦ ᠠᠵᠢᠯᠯᠠᠭᠠᠨ ᠳᠤ ᠨᠡᠶᠢᠳᠡ 150 ᠵᠠᠬ᠎ᠠ ᠴᠠᠮᠴᠠ᠂ 500 ᠭᠠᠷᠣᠢ ᠣᠬᠠᠭᠤᠯᠬᠤ ᠭᠠᠷ ᠳᠡᠪᠳᠡᠷ᠂ 1000 ᠭᠠᠷᠣᠢ ᠣᠷᠴᠢᠨ ᠳᠣᠭᠤᠷᠢᠨ ᠢ ᠬᠠᠨᠮᠭᠠᠯᠠᠬᠤ ᠣᠭᠤᠳᠠ᠂ 70 ᠭᠠᠷᠣᠢ ᠣᠷᠴᠢᠨ ᠳᠣᠭᠤᠷᠢᠨ ᠢ ᠬᠠᠮᠠᠭᠠᠯᠠᠬᠤ ᠡᠳ᠋ ᠪᠣᠳᠠᠰ ᠳᠠᠷᠬᠠᠭᠠᠵᠦ᠂ ᠣᠷᠴᠢᠨ ᠳᠣᠭᠤᠷᠢᠨ ᠤ ᠬᠠᠨᠮᠭᠠᠯᠠᠯᠳᠠ ᠶᠢᠨ ᠳᠣᠪᠴᠢᠶᠡᠨ ᠤ ᠠᠵᠢᠯᠳᠠᠳ᠂ ᠠᠵᠣ ᠠᠬᠤᠶᠢᠯᠠᠯ᠂ ᠨᠡᠶᠢᠬᠡᠮ ᠳᠣᠭᠤᠷᠢᠭ᠂ ᠣᠷᠴᠢᠨ ᠳᠣᠭᠤᠷᠢᠨ ᠢ ᠬᠠᠮᠠᠭᠠᠯᠠᠬᠤ ᠰᠠᠶᠢᠨ ᠳᠣᠷᠠᠳᠠᠳ ᠪᠠ ᠳᠣᠭᠤᠢ ᠳᠡᠷᠭᠡᠨ ᠤ ᠰᠠᠶᠢᠨ ᠳᠣᠷᠠᠳᠠᠳ ᠠᠵᠢᠯᠯᠠᠭᠠᠨ ᠳᠤ ᠣᠷᠣᠯᠴᠠᠭᠰᠠᠨ ᠪᠠᠶᠢᠨ᠎ᠠ᠃
 
ᠢᠷᠡᠯᠲᠡ᠄ ᠬᠤᠰᠢᠭᠤ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号