ᠵᠠᠰᠠᠭ ᠤᠨ ᠣᠷᠳᠣᠨ ᠤ ᠪᠠᠶᠢᠭᠤᠯᠣᠮᠵᠢ ᠶᠢᠨ ᠳᠠᠨᠢᠯᠴᠠᠭᠤᠯᠭ᠎ᠠ——ᠬᠤᠰᠢᠭᠤ ᠳᠣᠳᠣᠭᠠᠳᠣ ᠶᠢ ᠬᠠᠮᠠᠭᠠᠯᠠᠬᠤ ᠳᠣᠪᠴᠢᠶ᠎ᠠ
ᠨᠡᠶᠢᠲᠡᠯᠡᠭᠰᠡᠨ ᠴᠠᠭ᠄
2017/9/19
         ᠰᠢᠯᠣᠭᠤᠨ ᠬᠦᠪᠡᠭᠡᠳᠦ ᠴᠠᠭᠠᠨ ᠬᠤᠰᠢᠭᠤᠨ ᠤ  ᠲᠤᠳᠤᠭᠠᠳᠦ ᠶᠢ ᠬᠠᠮᠠᠭᠠᠯᠠᠬᠤ ᠳᠣᠪᠴᠢᠶ᠎ᠠ    ᠳᠡᠭᠡᠳᠦ ᠱᠠᠳᠣᠨ ᠤ ᠲᠤᠳᠤᠭᠠᠳᠦ ᠶᠢ ᠬᠠᠮᠠᠭᠠᠯᠠᠬᠤ ᠠᠵᠢᠯ ᠤᠨ ᠴᠢᠭᠯᠡᠯᠳᠡ᠂ ᠲᠦᠷᠦ ᠶᠢᠨ ᠪᠤᠳᠤᠯᠭ᠎ᠠ ᠶᠢ ᠳᠣᠣᠱᠯᠠᠭᠤᠯᠣᠨ ᠬᠡᠷᠡᠭᠵᠢᠬᠦᠯᠵᠦ᠂ ᠲᠤᠳᠤᠭᠠᠳᠦ ᠶᠢ ᠬᠠᠮᠠᠭᠠᠯᠠᠬᠤ ᠠᠵᠢᠯ ᠤᠨ ᠭᠤᠤᠯᠳᠠᠯᠭ᠎ᠠ ᠲᠠᠢ ᠤᠶᠠᠯᠳᠤᠭᠤᠯᠵᠦ᠂ ᠠᠵᠢᠯ ᠤᠨ ᠭᠤᠤᠯᠳᠠᠯᠭ᠎ᠠ ᠪᠤᠯᠤᠨ ᠵᠢᠯ ᠤᠨ ᠲᠦᠯᠦᠪᠯᠡᠭᠡ ᠪᠠᠨ ᠲᠤᠭᠳᠠᠭᠠᠨ᠎ᠠ᠃ ᠪᠦᠬᠦ ᠬᠤᠰᠢᠭᠤᠨ ᠤ ᠠᠮᠣᠷ ᠲᠤᠭᠳᠠᠭᠤᠨ ᠢ ᠨᠦᠯᠦᠭᠡᠯᠡᠵᠦ᠂ ᠤᠯᠤᠰ ᠤᠨ  ᠠᠮᠤᠷ ᠲᠦᠪᠰᠢᠨ ᠪᠤᠯᠤᠨ ᠪᠦᠬᠦ ᠬᠤᠰᠢᠭᠤᠨ ᠤ ᠨᠡᠶᠢᠭᠡᠮ ᠨᠡᠶᠢᠳᠡ ᠶᠢᠨ ᠠᠮᠤᠷ  ᠢ ᠬᠠᠮᠠᠭᠠᠯᠠᠬᠤ ᠪᠠᠶᠢᠳᠠᠯ ᠢ  ᠵᠠᠳᠠᠯᠤᠨ ᠰᠢᠨᠵᠢᠯᠡᠵᠦ᠂ ᠵᠦᠢ ᠵᠣᠬᠢᠰᠳᠠᠢ ᠠᠷᠭ᠎ᠠ ᠬᠡᠮᠵᠢᠶ᠎ᠡ ᠶᠢ ᠲᠤᠭᠳᠠᠭᠠᠨ᠎ᠠ᠃ ᠬᠡᠷᠡᠭ ᠲᠠᠩᠨᠠᠬᠤ ᠠᠵᠢᠯ ᠢ ᠵᠤᠬᠢᠶᠠᠨ ᠪᠠᠶᠢᠭᠤᠯᠤᠨ ᠵᠢᠯᠤᠭᠤᠳᠴᠦ᠂ ᠪᠦᠬᠦ ᠬᠤᠰᠢᠭᠤᠨ ᠤ ᠬᠦᠨᠳᠦ ᠶᠡᠭᠡ ᠨᠦᠯᠦᠭᠡ ᠲᠠᠢ ᠬᠡᠷᠡᠭ᠂ ᠠᠮᠤᠷ  ᠢ ᠬᠠᠮᠠᠭᠠᠯᠠᠬᠤ ᠠᠵᠢᠯ  ᠢ ᠵᠤᠬᠢᠴᠠᠭᠤᠯᠤᠨ ᠰᠢᠢᠳᠪᠤᠷᠢᠯᠡᠨ᠎ᠡ᠃ ᠠᠮᠤᠷ  ᠢ ᠬᠠᠮᠠᠭᠠᠯᠠᠬᠤ᠂ ᠡᠷᠦᠭᠡ ᠠᠮᠠ ᠶᠢᠨ ᠶᠠᠪᠤᠳᠠᠯ᠂ ᠬᠢᠯᠢ ᠪᠠᠷ ᠨᠡᠪᠳᠡᠷᠡᠬᠦ᠂ ᠵᠠᠮ ᠬᠠᠷᠢᠯᠴᠠᠭᠠᠨ ᠤ ᠠᠮᠤᠷ ᠲᠦᠪᠰᠢᠨ ᠤ ᠬᠠᠮᠢᠶᠠᠷᠤᠯᠳᠠ  ᠶᠢ ᠬᠠᠤᠯᠢ ᠶᠤᠰᠤᠭᠠᠷ ᠶᠠᠪᠤᠭᠳᠠᠭᠤᠯᠤᠨ᠎ᠠ᠃ ᠨᠡᠶᠢᠳᠡ ᠶᠢᠨ ᠮᠡᠳᠡᠭᠡ ᠵᠠᠩᠬᠢ ᠶᠢᠨ ᠰᠦᠯᠵᠢᠶ᠎ᠡ ᠶᠢᠨ ᠠᠮᠤᠷ ᠲᠦᠪᠰᠢᠨ ᠤ ᠬᠢᠨᠠᠨ ᠪᠠᠶᠢᠴᠠᠭᠠᠬᠤ ᠠᠵᠢᠯ ᠢ ᠵᠢᠯᠤᠭᠤᠳᠤᠨ ᠪᠠᠶᠢᠴᠠᠭᠠᠨ᠎ᠠ᠂ ᠨᠠᠮ ᠵᠠᠰᠠᠭ ᠤᠨ ᠪᠠᠶᠢᠭᠤᠯᠤᠯᠭ᠎ᠠ᠂ ᠨᠡᠶᠢᠭᠡᠮ ᠤᠨ ᠪᠦᠯᠬᠦᠮ᠂ ᠠᠵᠦ ᠠᠬᠤᠶᠢᠯᠠᠯ ᠤᠨ ᠪᠠᠶᠢᠭᠤᠯᠤᠯᠭ᠎ᠠ ᠪᠠ ᠭᠤᠤᠯᠳᠠᠯᠭ᠎ᠠ ᠲᠠᠢ ᠪᠦᠳᠦᠭᠡᠨ ᠪᠠᠶᠢᠭᠤᠯᠤᠯᠳᠠ  ᠶᠢᠨ ᠢᠨᠵᠧᠨᠧᠷᠢᠩ  ᠤᠨ ᠠᠮᠤᠷ ᠢ ᠬᠠᠮᠠᠭᠠᠯᠠᠬᠤ  ᠠᠵᠢᠯ ᠵᠢᠴᠢ ᠤᠯᠠᠨ ᠲᠦᠮᠡᠨᠴᠢ ᠠᠮᠤᠷ ᠢ ᠬᠠᠮᠠᠭᠠᠯᠠᠬᠤ ᠵᠤᠬᠢᠶᠠᠨ ᠪᠠᠶᠢᠭᠤᠯᠤᠯᠳᠠ ᠶᠢᠨ ᠠᠮᠣᠷ ᠢ ᠬᠠᠮᠠᠭᠠᠯᠠᠬᠤ ᠰᠡᠷᠬᠡᠶᠢᠯᠡᠯᠳᠡ ᠶᠢᠨ ᠠᠵᠢᠯ ᠢ ᠬᠢᠨᠠᠨ ᠵᠢᠯᠤᠭᠤᠳᠤᠨ᠎ᠠ᠂ ᠬᠢᠨᠠᠨ ᠬᠠᠮᠢᠶᠠᠷᠬᠤ ᠲᠠᠯᠠᠪᠤᠷ ᠤᠨ ᠬᠠᠮᠢᠶᠠᠷᠤᠯᠳᠠ ᠪᠤᠯᠤᠨ ᠪᠠᠶᠢᠭᠤᠯᠤᠯᠳᠠ ᠶᠢᠨ ᠠᠵᠢᠯ ᠢ ᠬᠢᠨᠠᠨ ᠵᠢᠯᠤᠭᠤᠳᠤᠨ᠎ᠠ᠂ ᠳᠣᠳᠣᠭᠠᠳᠣ ᠶᠢ ᠬᠠᠮᠠᠭᠠᠯᠠᠬᠤ ᠬᠠᠤᠯᠢ ᠴᠠᠭᠠᠵᠠ ᠶᠢᠨ ᠪᠦᠳᠦᠭᠡᠨ ᠪᠠᠶᠢᠭᠤᠯᠣᠯᠳᠠ ᠪᠠ ᠬᠠᠤᠯᠢ ᠲᠦᠷᠢᠮ ᠢ ᠬᠡᠷᠡᠭᠵᠢᠬᠦᠯᠬᠦ ᠠᠵᠢᠯ ᠢ ᠬᠢᠨᠠᠨ ᠵᠢᠯᠤᠭᠤᠳᠤᠨ᠎ᠠ  ᠃  ᠭᠠᠯ ᠰᠡᠷᠬᠡᠶᠢᠯᠡᠵᠦ᠂ ᠳᠣᠶᠢᠮᠡᠷ ᠤᠨᠳᠠᠷᠭᠠᠬᠤ ᠠᠵᠢᠯ ᠢ ᠬᠢᠨᠠᠨ ᠵᠢᠯᠤᠭᠤᠳᠤᠨ᠎ᠠ᠃  ᠬᠤᠰᠢᠭᠤᠨ ᠤ ᠲᠤᠳᠤᠭᠠᠳᠦ ᠶᠢ ᠬᠠᠮᠠᠭᠠᠯᠠᠬᠤ ᠡᠩᠨᠡᠭᠡᠨ ᠤ ᠪᠦᠳᠦᠭᠡᠨ ᠪᠠᠶᠢᠭᠤᠯᠣᠯᠳᠠ ᠶᠢ ᠬᠠᠷᠢᠭᠤᠴᠠᠬᠤ᠂ ᠲᠤᠭᠳᠠᠭᠰᠠᠨ ᠡᠷᠭᠡ ᠮᠡᠳᠡᠯ ᠤᠨ ᠬᠡᠪᠴᠢᠶ᠎ᠡ ᠪᠠᠷ ᠺᠠᠳ᠋ᠷ ᠢ ᠬᠠᠮᠢᠶᠠᠷᠤᠨ᠎ᠠ︔ ᠬᠤᠰᠢᠭᠤᠨ ᠤ ᠲᠤᠳᠤᠭᠠᠳᠦ ᠶᠢ ᠬᠠᠮᠠᠭᠠᠯᠠᠬᠤ ᠪᠠᠶᠢᠭᠤᠯᠤᠯᠭ᠎ᠠ ᠶᠢᠨ ᠠᠵᠢᠯᠳᠠᠨ ᠤ ᠪᠤᠯᠪᠠᠰᠤᠷᠠᠯ᠂ ᠲᠤᠳᠤᠭᠠᠳᠦ ᠶᠢ ᠬᠠᠮᠠᠭᠠᠯᠠᠬᠤ ᠬᠦᠮᠦᠵᠢᠯ ᠪᠠ ᠲᠤᠳᠤᠭᠠᠳᠦ ᠶᠢ ᠬᠠᠮᠠᠭᠠᠯᠠᠬᠤ ᠤᠬᠠᠭᠤᠯᠭ᠎ᠠ ᠶᠢᠨ ᠠᠵᠢᠯ  ᠢ ᠲᠤᠭᠳᠠᠭᠠᠨ᠂ ᠲᠤᠤᠱᠯᠠᠭᠤᠯᠤᠭᠰᠠᠨ ᠪᠠᠶᠢᠳᠠᠯ  ᠳᠤ ᠬᠢᠨᠠᠯᠳᠠ ᠲᠠᠯᠪᠢᠨ᠎ᠠ᠃ ᠲᠤᠳᠤᠭᠠᠳᠦ ᠶᠢ ᠬᠠᠮᠠᠭᠠᠯᠠᠬᠤ ᠡᠩᠨᠡᠭᠡᠨ ᠤ ᠬᠠᠤᠯᠢ ᠲᠦᠷᠢᠮ ᠢ ᠵᠦᠷᠢᠴᠡᠭᠰᠡᠨ ᠬᠡᠷᠡᠭ ᠢ ᠰᠢᠢᠳᠪᠤᠷᠢᠯᠡᠨ  ᠬᠢᠨᠠᠨ  ᠱᠠᠭᠠᠷᠳᠠᠨ᠎ᠠ︔ ᠲᠤᠳᠤᠭᠠᠳᠦ ᠶᠢ ᠬᠠᠮᠠᠭᠠᠬᠤ ᠪᠠᠶᠢᠭᠤᠯᠤᠯᠭ᠎ᠠ ᠶᠢᠨ ᠬᠢᠨᠠᠨ ᠪᠠᠶᠢᠴᠠᠭᠠᠬᠤ ᠠᠵᠢᠯ ᠢ ᠵᠢᠯᠤᠭᠤᠳᠤᠨ ᠪᠠᠶᠢᠭᠤᠯᠤᠨ᠎ᠠ︔  ᠲᠤᠳᠤᠭᠠᠳᠦ ᠶᠢ ᠬᠠᠮᠠᠭᠠᠯᠠᠬᠤ ᠲᠤᠨᠤᠭᠯᠠᠯ ᠤᠨ ᠲᠦᠯᠦᠪᠵᠢᠬᠦᠯᠭᠡ ᠪᠠ ᠬᠡᠷᠡᠭᠵᠢᠬᠦᠯᠦᠭᠰᠡᠨ ᠪᠠᠶᠢᠳᠠᠯ ᠢ ᠬᠠᠷᠢᠭᠤᠴᠠᠨ᠎ᠠ︔  ᠲᠤᠳᠤᠭᠠᠳᠦ ᠶᠢ ᠬᠠᠮᠠᠭᠠᠯᠠᠬᠤ ᠬᠠᠷᠢᠯᠴᠠᠬᠤ ᠪᠠ ᠮᠡᠳᠡᠭᠡ ᠵᠠᠩᠬᠢ   ᠶᠢᠨ ᠠᠵᠢᠯ ᠢ ᠬᠠᠷᠢᠭᠤᠴᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号