ᠰᠢᠯᠤᠭᠤᠨ ᠬᠦᠪᠡᠭᠡᠳᠦ ᠴᠠᠭᠠᠨ ᠬᠤᠰᠢᠭᠤ  ᠡᠯᠪᠡᠭ ᠪᠡᠶᠠᠯᠢᠭ ᠠᠭᠤᠯᠭ᠎ᠠ ᠪᠠᠷ ︽ᠵᠢᠷᠭᠤᠭᠠᠨ ᠰᠠᠷ᠎ᠡ ᠶᠢᠨ ᠨᠢᠭᠡᠨ︾᠎ ᠤ ᠲᠠᠯᠡᠭᠡᠢ ᠶᠢᠨ ᠭᠡᠤᠭᠡᠳ ᠤᠨ ᠪᠡᠶᠡᠷ ᠢ ᠪᠡᠯᠭᠡᠯᠡᠪᠡ
ᠨᠡᠶᠢᠲᠡᠯᠡᠭᠰᠡᠨ ᠴᠠᠭ᠄
2019-06-03
            ᠨᠠᠷᠡ ᠬᠤᠷ᠎ᠡ ᠲᠡᠩᠴᠡᠨ ᠴᠡᠴᠡᠭ ᠬᠤᠸᠠᠷ ᠲᠡᠯᠭᠡᠷᠡᠭᠰᠡᠨ ᠵᠤᠨ ᠤ ᠰᠡᠶᠢᠬᠠᠨ ᠡᠷᠡᠨ ᠳᠤ᠂ ᠭᠡᠤᠭᠡᠳ ᠨᠠᠰᠦᠨ ᠎ ᠤ ᠬᠦᠰᠡᠯ ᠪᠡᠶᠡᠷ ᠢᠶᠠᠷ ᠪᠢᠯᠬᠠᠭᠰᠠᠨ᠂ ᠬᠦᠰᠡᠯᠡᠩᠳᠦ ᠢᠷᠡᠭᠡᠳᠦᠢ ᠶᠢᠨ ᠵᠠᠯᠭᠠᠮᠵᠢ ᠬᠤᠶᠢᠴᠢᠰ ᠭᠡᠤᠭᠡᠳ ᠤᠨ ᠪᠡᠶᠡᠷ ᠪᠤᠯᠬᠤ ︽6.1︾᠎ ᠤ ᠲᠡᠯᠡᠭᠡᠢ ᠶᠢᠨ ᠭᠡᠤᠭᠡᠳ ᠤᠨ ᠪᠡᠶᠡᠷ ᠬᠦᠷᠴᠦ ᠢᠷᠡᠯ᠎ᠡ᠃ ᠤᠷᠴᠢᠮ ᠤᠨ ᠡᠳᠦᠷ ᠤᠳ ᠲᠤ᠂ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠡᠯ᠎ᠡ ᠭᠡᠤᠭᠡᠳ ᠤᠨ ᠴᠡᠴᠡᠷᠯᠢᠭ᠂ ᠪᠠᠭ᠎ᠠ ᠰᠤᠷᠭᠠᠭᠤᠯᠢ ᠨᠤᠭᠤᠳ ᠡᠯᠪᠡᠭ ᠪᠠᠶᠠᠯᠢᠭ ᠠᠭᠤᠯᠭ᠎ᠠ ᠪᠠᠷ ︽6.1︾᠎ ᠤ ᠭᠡᠤᠭᠡᠳ ᠤᠨ ᠪᠡᠶᠡᠷ ᠢᠶᠠᠨ ᠪᠡᠯᠭᠡᠯᠡᠪᠡ᠃      ᠬᠤᠰᠢᠭᠤᠨ ᠤ ᠤᠳᠦᠷᠢᠳᠤᠯᠭ᠎ᠠ ᠲᠡᠯᠭᠡᠷᠴᠤᠭᠳᠦ᠂ ᠯᠢ ᠳ᠋ᠦᠡᠭ ᠯᠢᠨ᠂ ᠶᠠᠨ ᠸᠧᠢ᠂ ᠵᠤᠷᠢᠭᠳᠦ᠂ ᠵᠸᠦ ᠰᠢᠶᠠᠨ ᠵᠢᠶᠦ᠋ᠨ᠂ ᠴᠢᠮᠡᠭ᠂ ᠰᠠᠭᠠᠯᠢᠴᠢᠨ᠂ ᠡᠯᠪᠡᠷᠢᠯᠳᠦ ᠵᠡᠷᠭᠡ ᠨᠦᠬᠦᠳ ᠲᠤᠭᠤᠶᠢᠯᠡᠭ ᠬᠤᠪᠢᠶᠠᠨ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠦᠨᠳᠦᠰᠦᠳᠡᠨ ᠤ ᠭᠡᠤᠭᠡᠳ ᠤᠨ ᠴᠡᠴᠡᠷᠯᠢᠭ᠂ ᠮᠢᠩᠭᠠᠳᠦ ᠪᠠᠭ᠎ᠠ ᠰᠤᠷᠭᠠᠭᠤᠯᠢ᠂ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠭᠡᠤᠭᠡᠳ ᠤᠨ ᠴᠡᠴᠡᠷᠯᠢᠭ᠂ ᠨᠢᠭᠡᠳᠦᠭᠡᠷ ᠪᠠᠭ᠎ᠠ ᠰᠤᠷᠭᠠᠭᠤᠯᠢ᠂ ᠬᠤᠶᠠᠳᠤᠭᠠᠷ ᠪᠠᠭ᠎ᠠ ᠰᠤᠷᠭᠠᠭᠤᠯᠢ ᠬᠢᠭᠡᠳ ᠮᠤᠩᠭᠤᠯ ᠦᠨᠳᠦᠰᠦᠳᠡᠨ ᠤ ᠭᠡᠤᠭᠡᠳ ᠤᠨ ᠴᠡᠴᠡᠷᠯᠢᠭ ᠢᠶᠠᠷ ᠬᠦᠷᠴᠦ᠂ ᠦᠷᠭᠡᠨ ᠤᠯᠡᠨ ᠪᠠᠭᠰᠢ ᠰᠤᠷᠤᠭᠴᠢ᠂ ᠭᠡᠷ ᠤᠨ ᠠᠬᠠᠮᠠᠳ ᠨᠠᠷ ᠲᠠᠢ ᠬᠠᠮᠳᠦ  ᠎ ᠪᠠᠷ ︽6.1︾᠎ ᠤ ᠲᠡᠯᠡᠭᠡᠢ ᠶᠢᠨ ᠭᠡᠤᠭᠡᠳ ᠤᠨ ᠪᠠᠶᠠᠷ ᠎ ᠢ ᠪᠡᠶᠡᠷᠯᠠᠨ ᠪᠡᠯᠭᠡᠯᠡᠵᠡᠢ᠃                    
          ᠪᠡᠶᠡᠷ ᠬᠦᠤᠷ ᠪᠢᠯᠬᠠᠭᠰᠠᠨ ᠰᠤᠷᠭᠠᠭᠤᠯᠢ ᠪᠠ ᠭᠡᠤᠭᠡᠳ ᠤᠨ ᠴᠡᠴᠡᠷᠯᠢᠭ ᠤᠨ ᠬᠦᠷᠢᠶᠠᠨ ᠤ ᠤᠷᠠᠨ ᠰᠠᠶᠢᠬᠠᠨ ᠎ ᠤ ᠲᠤᠭᠯᠠᠯᠳᠠ᠂ ᠢᠷᠡᠭᠤ ᠰᠠᠶᠢᠬᠠᠨ ᠲᠠᠭᠤᠤ ᠪᠦᠵᠢᠭ ᠨᠢ᠂ ᠭᠡᠤᠭᠡᠳ ᠪᠠᠭᠠᠴᠤᠳ ᠤᠨ ᠬᠦᠭᠡᠷᠦᠭᠦᠨ ᠴᠤᠪᠤᠭᠤ ᠲᠦᠷᠢ ᠲᠦᠷᠬᠦ ᠪᠠ ᠤᠷᠤᠭᠰᠢ ᠲᠠᠪᠰᠢᠬᠤ ᠵᠤᠷᠢᠭ ᠰᠠᠨᠠᠭᠠᠨ ᠤ ᠡᠷᠴᠢ ᠬᠦᠴᠦ ᠶᠢ ᠬᠦᠢᠴᠡᠳ ᠲᠤᠰᠬᠠᠭᠰᠠᠨ ᠮᠦᠷᠳᠡᠭᠡᠨ ᠭᠡᠷ ᠤᠨ ᠠᠬᠠᠮᠠᠳ ᠵᠢᠴᠢ ᠨᠡᠶᠢᠭᠡᠮ ᠤᠨ ᠡᠯ᠎ᠡ ᠡᠳᠡᠭᠡᠳ ᠤᠨ ᠬᠦᠮᠦᠰ ᠤᠨ ᠬᠠᠶᠢᠷ᠎ᠠ ᠬᠠᠯᠠᠮᠵᠢ ᠶᠢ ᠢᠯᠡᠷᠡᠭᠦᠯᠦᠭᠰᠡᠨ ᠢᠶᠠᠷ ᠲᠤᠬᠠᠢ ᠶᠢᠨ ᠲᠠᠯᠠᠪᠤᠷ ᠲᠤ ᠪᠠᠶᠢᠭ᠎ᠠ ᠪᠠᠭᠰᠢ ᠰᠤᠷᠤᠭᠴᠢᠳ ᠪᠠ ᠭᠡᠷ ᠤᠨ ᠠᠬᠠᠮᠠᠳ ᠤᠨ ᠬᠠᠯᠠᠭᠤᠨ ᠠᠯᠠᠭ᠎ᠠ ᠲᠠᠰᠢᠯᠳᠠ ᠪᠠ ᠤᠤᠬᠠᠶᠢᠯᠠᠯ ᠢ ᠤᠯᠵᠦ ᠪᠠᠶᠢᠯ᠎ᠡ᠃       ᠭᠡᠤᠭᠡᠳ ᠤᠨ ᠪᠡᠶᠡᠷ ᠤᠨ ᠡᠳᠦᠷ᠂ ᠡᠯ᠎ᠡ ᠴᠡᠴᠡᠷᠯᠢᠭ ᠰᠤᠷᠭᠠᠭᠤᠯᠢ ᠨᠢ᠂ ᠰᠢᠯᠢᠳᠡᠭ ᠰᠤᠷᠤᠭᠴᠢ᠂ ᠰᠢᠯᠢᠳᠡᠭ ᠭᠡᠤᠭᠡᠳ ᠵᠢᠴᠢ ᠭᠡᠰᠡᠭ ᠰᠢᠯᠢᠳᠡᠭ ᠭᠡᠷ ᠤᠨ ᠠᠬᠠᠮᠠᠳ ᠢ ᠰᠠᠶᠢᠰᠢᠶᠠᠨ ᠬᠦᠬᠢᠭᠦᠯᠪᠡ᠃ ᠪᠠᠭ᠎ᠠ ᠰᠤᠷᠭᠠᠭᠤᠯᠢ ᠨᠤᠭᠤᠳ ᠎ ᠨᠢ ᠪᠠᠭᠠᠴᠤᠳ ᠤᠨ ᠬᠤᠰᠢᠭᠤᠴᠢ ᠠᠩᠬᠢ ᠳᠤ ᠡᠯᠰᠡᠭᠳᠡᠭᠰᠡᠨ ᠰᠢᠨ᠎ᠡ ᠭᠡᠰᠢᠭᠦᠨ ᠢᠶᠠᠨ ᠡᠯᠰᠡᠬᠦ ᠶᠤᠰᠦᠯᠡᠯ ᠶᠠᠪᠤᠭᠤᠯᠵᠡᠢ᠃       ᠭᠡᠤᠭᠡᠳ ᠪᠠᠭᠠᠴᠦᠳ ᠪᠤᠯ ᠡᠭᠡ ᠤᠯᠦᠰ ᠤᠨ ᠢᠷᠡᠭᠡᠳᠦᠢ᠃ ᠤᠷᠴᠢᠮ ᠤᠨ ᠵᠢᠯ ᠰᠢᠯᠤᠭᠤᠨ ᠬᠦᠪᠡᠭᠡᠳᠦ ᠴᠠᠭᠠᠨ ᠬᠤᠰᠢᠭᠤ ᠭᠡᠤᠭᠡᠳ ᠪᠠᠭᠠᠴᠤᠳ ᠤᠨ ᠠᠵᠢᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ᠂ ᠭᠡᠤᠭᠡᠳ ᠪᠠᠭᠠᠴᠦᠳ ᠤᠨ ᠠᠵᠢᠯ ᠢ ᠪᠦᠬᠦ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠶᠢᠨ ᠪᠦᠬᠦ ᠲᠠᠯ᠎ᠠ ᠳᠤ ᠤᠷᠤᠭᠤᠯᠦᠨ᠂ ᠲᠡᠳᠡᠨ ᠤ ᠡᠷᠡᠭᠦᠯ ᠢᠶᠠᠷ ᠦᠰᠦᠨ ᠪᠦᠢᠵᠢᠬᠤ ᠳᠤ ᠤᠬᠢ ᠰᠡᠶᠢᠨ ᠨᠦᠬᠦᠴᠡᠯ ᠢ ᠬᠠᠩᠭᠠᠵᠦ᠂ ᠭᠡᠤᠭᠡᠳ ᠪᠠᠭᠠᠴᠦᠳ ᠤᠨ ᠦᠢᠯᠡᠰ ᠤᠨ ᠦᠷᠨᠢᠭᠦᠨ ᠬᠦᠭᠵᠢᠬᠦ ᠶᠢ ᠠᠬᠢᠭᠤᠯᠵᠦ ᠪᠠᠶᠢᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号