| ᠨᠠᠷ᠎ᠡ ᠬᠤᠷ᠎ᠡ ᠲᠡᠩᠴᠡᠨ ᠴᠡᠴᠡᠭ ᠬᠤᠸᠠᠷ ᠲᠡᠯᠭᠡᠷᠡᠭᠰᠡᠨ ᠵᠤᠨ ᠤ ᠰᠡᠶᠢᠬᠠᠨ ᠡᠷᠡᠨ ᠳᠤ᠂ ᠭᠡᠤᠭᠡᠳ ᠨᠠᠰᠦᠨ | ᠤ ᠬᠦᠰᠡᠯ ᠪᠡᠶᠡᠷ ᠢᠶᠠᠷ ᠪᠢᠯᠬᠠᠭᠰᠠᠨ᠂ ᠬᠦᠰᠡᠯᠡᠩᠳᠦ ᠢᠷᠡᠭᠡᠳᠦᠢ ᠶᠢᠨ ᠵᠠᠯᠭᠠᠮᠵᠢ ᠬᠤᠶᠢᠴᠢᠰ ᠭᠡᠤᠭᠡᠳ ᠤᠨ ᠪᠡᠶᠡᠷ | ᠪᠤᠯᠬᠤ ︽6.1︾ ᠤ ᠲᠡᠯᠡᠭᠡᠢ ᠶᠢᠨ ᠭᠡᠤᠭᠡᠳ ᠤᠨ ᠪᠡᠶᠡᠷ ᠬᠦᠷᠴᠦ ᠢᠷᠡᠯ᠎ᠡ᠃ ᠤᠷᠴᠢᠮ ᠤᠨ ᠡᠳᠦᠷ ᠤᠳ ᠲᠤ᠂ | ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠡᠯ᠎ᠡ ᠭᠡᠤᠭᠡᠳ ᠤᠨ ᠴᠡᠴᠡᠷᠯᠢᠭ᠂ ᠪᠠᠭ᠎ᠠ ᠰᠤᠷᠭᠠᠭᠤᠯᠢ ᠨᠤᠭᠤᠳ | ᠡᠯᠪᠡᠭ ᠪᠠᠶᠠᠯᠢᠭ ᠠᠭᠤᠯᠭ᠎ᠠ ᠪᠠᠷ ︽6.1︾ ᠤ ᠭᠡᠤᠭᠡᠳ ᠤᠨ ᠪᠡᠶᠡᠷ ᠢᠶᠠᠨ ᠪᠡᠯᠭᠡᠯᠡᠪᠡ᠃ | ᠬᠤᠰᠢᠭᠤᠨ ᠤ ᠤᠳᠦᠷᠢᠳᠤᠯᠭ᠎ᠠ ᠲᠡᠯᠭᠡᠷᠴᠤᠭᠳᠦ᠂ ᠯᠢ ᠳ᠋ᠦᠡᠭ ᠯᠢᠨ᠂ ᠶᠠᠨ ᠸᠧᠢ᠂ ᠵᠤᠷᠢᠭᠳᠦ᠂ ᠵᠸᠦ ᠰᠢᠶᠠᠨ | ᠵᠢᠶᠦ᠋ᠨ᠂ ᠴᠢᠮᠡᠭ᠂ ᠰᠠᠭᠠᠯᠢᠴᠢᠨ᠂ ᠡᠯᠪᠡᠷᠢᠯᠳᠦ ᠵᠡᠷᠭᠡ ᠨᠦᠬᠦᠳ ᠲᠤᠭᠤᠶᠢᠯᠡᠭ ᠬᠤᠪᠢᠶᠠᠨ ᠰᠢᠯᠤᠭᠤᠨ ᠬᠦᠪᠡᠭᠡᠳᠦ | ᠴᠠᠭᠠᠨ ᠬᠤᠰᠢᠭᠤᠨ ᠤ ᠦᠨᠳᠦᠰᠦᠳᠡᠨ ᠤ ᠭᠡᠤᠭᠡᠳ ᠤᠨ ᠴᠡᠴᠡᠷᠯᠢᠭ᠂ ᠮᠢᠩᠭᠠᠳᠦ ᠪᠠᠭ᠎ᠠ ᠰᠤᠷᠭᠠᠭᠤᠯᠢ᠂ ᠰᠢᠯᠤᠭᠤᠨ | ᠬᠦᠪᠡᠭᠡᠳᠦ ᠴᠠᠭᠠᠨ ᠬᠤᠰᠢᠭᠤᠨ ᠤ ᠭᠡᠤᠭᠡᠳ ᠤᠨ ᠴᠡᠴᠡᠷᠯᠢᠭ᠂ ᠨᠢᠭᠡᠳᠦᠭᠡᠷ ᠪᠠᠭ᠎ᠠ ᠰᠤᠷᠭᠠᠭᠤᠯᠢ᠂ ᠬᠤᠶᠠᠳᠤᠭᠠᠷ | ᠪᠠᠭ᠎ᠠ ᠰᠤᠷᠭᠠᠭᠤᠯᠢ ᠬᠢᠭᠡᠳ ᠮᠤᠩᠭᠤᠯ ᠦᠨᠳᠦᠰᠦᠳᠡᠨ ᠤ ᠭᠡᠤᠭᠡᠳ ᠤᠨ ᠴᠡᠴᠡᠷᠯᠢᠭ ᠢᠶᠠᠷ ᠬᠦᠷᠴᠦ᠂ ᠦᠷᠭᠡᠨ ᠤᠯᠡᠨ | ᠪᠠᠭᠰᠢ ᠰᠤᠷᠤᠭᠴᠢ᠂ ᠭᠡᠷ ᠤᠨ ᠠᠬᠠᠮᠠᠳ ᠨᠠᠷ ᠲᠠᠢ ᠬᠠᠮᠳᠦ ᠪᠠᠷ ︽6.1︾ ᠤ ᠲᠡᠯᠡᠭᠡᠢ ᠶᠢᠨ ᠭᠡᠤᠭᠡᠳ ᠤᠨ ᠪᠠᠶᠠᠷ | ᠢ ᠪᠡᠶᠡᠷᠯᠠᠨ ᠪᠡᠯᠭᠡᠯᠡᠵᠡᠢ᠃ | | | | | | | | | | | | | | | | ᠪᠡᠶᠡᠷ ᠬᠦᠤᠷ ᠪᠢᠯᠬᠠᠭᠰᠠᠨ ᠰᠤᠷᠭᠠᠭᠤᠯᠢ ᠪᠠ ᠭᠡᠤᠭᠡᠳ ᠤᠨ ᠴᠡᠴᠡᠷᠯᠢᠭ ᠤᠨ ᠬᠦᠷᠢᠶᠠᠨ ᠤ ᠤᠷᠠᠨ ᠰᠠᠶᠢᠬᠠᠨ | ᠤ ᠲᠤᠭᠯᠠᠯᠳᠠ᠂ ᠢᠷᠡᠭᠤ ᠰᠠᠶᠢᠬᠠᠨ ᠲᠠᠭᠤᠤ ᠪᠦᠵᠢᠭ ᠨᠢ᠂ ᠭᠡᠤᠭᠡᠳ ᠪᠠᠭᠠᠴᠤᠳ ᠤᠨ ᠬᠦᠭᠡᠷᠦᠭᠦᠨ ᠴᠤᠪᠤᠭᠤ | ᠲᠦᠷᠢ ᠲᠦᠷᠬᠦ ᠪᠠ ᠤᠷᠤᠭᠰᠢ ᠲᠠᠪᠰᠢᠬᠤ ᠵᠤᠷᠢᠭ ᠰᠠᠨᠠᠭᠠᠨ ᠤ ᠡᠷᠴᠢ ᠬᠦᠴᠦ ᠶᠢ ᠬᠦᠢᠴᠡᠳ ᠲᠤᠰᠬᠠᠭᠰᠠᠨ | ᠮᠦᠷᠳᠡᠭᠡᠨ ᠭᠡᠷ ᠤᠨ ᠠᠬᠠᠮᠠᠳ ᠵᠢᠴᠢ ᠨᠡᠶᠢᠭᠡᠮ ᠤᠨ ᠡᠯ᠎ᠡ ᠡᠳᠡᠭᠡᠳ ᠤᠨ ᠬᠦᠮᠦᠰ ᠤᠨ ᠬᠠᠶᠢᠷ᠎ᠠ ᠬᠠᠯᠠᠮᠵᠢ ᠶᠢ | ᠢᠯᠡᠷᠡᠭᠦᠯᠦᠭᠰᠡᠨ ᠢᠶᠠᠷ ᠲᠤᠬᠠᠢ ᠶᠢᠨ ᠲᠠᠯᠠᠪᠤᠷ ᠲᠤ ᠪᠠᠶᠢᠭ᠎ᠠ ᠪᠠᠭᠰᠢ ᠰᠤᠷᠤᠭᠴᠢᠳ ᠪᠠ ᠭᠡᠷ ᠤᠨ ᠠᠬᠠᠮᠠᠳ ᠤᠨ | ᠬᠠᠯᠠᠭᠤᠨ ᠠᠯᠠᠭ᠎ᠠ ᠲᠠᠰᠢᠯᠳᠠ ᠪᠠ ᠤᠤᠬᠠᠶᠢᠯᠠᠯ ᠢ ᠤᠯᠵᠦ ᠪᠠᠶᠢᠯ᠎ᠡ᠃ | ᠭᠡᠤᠭᠡᠳ ᠤᠨ ᠪᠡᠶᠡᠷ ᠤᠨ ᠡᠳᠦᠷ᠂ ᠡᠯ᠎ᠡ ᠴᠡᠴᠡᠷᠯᠢᠭ ᠰᠤᠷᠭᠠᠭᠤᠯᠢ ᠨᠢ᠂ ᠰᠢᠯᠢᠳᠡᠭ ᠰᠤᠷᠤᠭᠴᠢ᠂ ᠰᠢᠯᠢᠳᠡᠭ | ᠭᠡᠤᠭᠡᠳ ᠵᠢᠴᠢ ᠭᠡᠰᠡᠭ ᠰᠢᠯᠢᠳᠡᠭ ᠭᠡᠷ ᠤᠨ ᠠᠬᠠᠮᠠᠳ ᠢ ᠰᠠᠶᠢᠰᠢᠶᠠᠨ ᠬᠦᠬᠢᠭᠦᠯᠪᠡ᠃ ᠪᠠᠭ᠎ᠠ ᠰᠤᠷᠭᠠᠭᠤᠯᠢ ᠨᠤᠭᠤᠳ | ᠨᠢ ᠪᠠᠭᠠᠴᠤᠳ ᠤᠨ ᠬᠤᠰᠢᠭᠤᠴᠢ ᠠᠩᠬᠢ ᠳᠤ ᠡᠯᠰᠡᠭᠳᠡᠭᠰᠡᠨ ᠰᠢᠨ᠎ᠡ ᠭᠡᠰᠢᠭᠦᠨ ᠢᠶᠠᠨ ᠡᠯᠰᠡᠬᠦ ᠶᠤᠰᠦᠯᠡᠯ | ᠶᠠᠪᠤᠭᠤᠯᠵᠡᠢ᠃ | ᠭᠡᠤᠭᠡᠳ ᠪᠠᠭᠠᠴᠦᠳ ᠪᠤᠯ ᠡᠭᠡ ᠤᠯᠦᠰ ᠤᠨ ᠢᠷᠡᠭᠡᠳᠦᠢ᠃ ᠤᠷᠴᠢᠮ ᠤᠨ ᠵᠢᠯ ᠰᠢᠯᠤᠭᠤᠨ ᠬᠦᠪᠡᠭᠡᠳᠦ | ᠴᠠᠭᠠᠨ ᠬᠤᠰᠢᠭᠤ ᠭᠡᠤᠭᠡᠳ ᠪᠠᠭᠠᠴᠤᠳ ᠤᠨ ᠠᠵᠢᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ᠂ ᠭᠡᠤᠭᠡᠳ | ᠪᠠᠭᠠᠴᠦᠳ ᠤᠨ ᠠᠵᠢᠯ ᠢ ᠪᠦᠬᠦ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠶᠢᠨ ᠪᠦᠬᠦ ᠲᠠᠯ᠎ᠠ ᠳᠤ | ᠤᠷᠤᠭᠤᠯᠦᠨ᠂ ᠲᠡᠳᠡᠨ ᠤ ᠡᠷᠡᠭᠦᠯ ᠢᠶᠠᠷ ᠦᠰᠦᠨ ᠪᠦᠢᠵᠢᠬᠤ ᠳᠤ ᠤᠬᠢ ᠰᠡᠶᠢᠨ ᠨᠦᠬᠦᠴᠡᠯ ᠢ ᠬᠠᠩᠭᠠᠵᠦ᠂ | ᠭᠡᠤᠭᠡᠳ ᠪᠠᠭᠠᠴᠦᠳ ᠤᠨ ᠦᠢᠯᠡᠰ ᠤᠨ ᠦᠷᠨᠢᠭᠦᠨ ᠬᠦᠭᠵᠢᠬᠦ ᠶᠢ ᠠᠬᠢᠭᠤᠯᠵᠦ ᠪᠠᠶᠢᠨ᠎ᠡ᠃ | | |