ᠰᠢᠯᠤᠭᠤᠨ ᠴᠠᠭᠠᠨ ᠵᠠᠰᠠᠭ ᠠᠯᠪᠡᠨ ᠲᠠᠷᠬᠠᠭᠠᠭᠰᠠᠨ ︵2019︶ 77 ᠲᠤᠭᠠᠳᠦ ᠰᠢᠯᠤᠭᠤᠨ ᠬᠦᠪᠡᠭᠡᠳᠦ  ᠴᠠᠭᠠᠨ ᠬᠤᠰᠢᠭᠤᠨ ᠤ ᠠᠷᠠᠳ ᠤᠨ ᠵᠠᠰᠠᠭ ᠤᠨ ᠤᠷᠳᠦᠨ ᠤ ᠠᠯᠪᠡᠨ ᠭᠡᠷ ᠤᠨ︽ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠢ ᠬᠢᠨᠠᠨ ᠵᠦᠪᠰᠢᠶᠡᠷᠡᠭᠦ  ᠬᠠᠮᠢᠶᠠᠷᠤᠯᠳᠠ  ᠶᠢᠨ ᠠᠷᠭ᠎ᠠ ︾ ᠶᠢ  ᠲᠠᠷᠤᠮᠠᠯᠯᠠᠨ  ᠲᠠᠷᠬᠠᠭᠠᠬᠤ
ᠨᠡᠶᠢᠲᠡᠯᠡᠭᠰᠡᠨ ᠴᠠᠭ᠄
2019/8/22
ᠰᠢᠯᠤᠭᠤᠨ ᠬᠦᠪᠡᠭᠡᠳᠦ  ᠴᠠᠭᠠᠨ ᠬᠤᠰᠢᠭᠤᠨ ᠤ ᠠᠷᠠᠳ ᠤᠨ ᠵᠠᠰᠠᠭ ᠤᠨ ᠤᠷᠳᠦᠨ ᠤ ᠠᠯᠪᠡᠨ ᠭᠡᠷ ᠤᠨ︽ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠢ ᠬᠢᠨᠠᠨ ᠵᠦᠪᠰᠢᠶᠡᠷᠡᠭᠦ  ᠬᠠᠮᠢᠶᠠᠷᠤᠯᠳᠠ   ᠶᠢᠨ ᠠᠷᠭ᠎ᠠ  ︾ ᠶᠢ  ᠲᠠᠷᠤᠮᠠᠯᠯᠠᠨ  ᠲᠠᠷᠬᠠᠭᠠᠬᠤ ᠮᠡᠳᠡᠭᠳᠡᠯᠡᠯ᠎ᠡ ᠰᠤᠮᠤ ᠪᠠᠯᠭᠠᠰᠦᠨ ᠤ ᠠᠷᠠᠳ ᠤᠨ ᠵᠠᠰᠠᠭ ᠤᠨ ᠤᠷᠳᠦᠨ᠂ ᠡᠯ᠎ᠡ ᠬᠤᠯᠪᠤᠭᠳᠠᠯ ᠪᠦᠭᠦᠢ ᠪᠠᠶᠢᠭᠤᠯᠭ᠎ᠠ᠄ ᠪᠦᠬᠦ ᠬᠤᠰᠢᠭᠤᠨ ᠤ ᠵᠤᠭᠠᠴᠠᠯ ᠤᠨ ᠵᠠᠬ᠎ᠠ ᠲᠡᠯᠭᠡᠭᠦᠷ ᠢ ᠤᠯᠠᠮ ᠲᠦᠷᠢᠮᠵᠢᠭᠦᠯᠵᠦ᠂ ᠵᠤᠭᠠᠴᠠᠯ ᠤᠨ ᠬᠠᠮᠢᠶᠠᠷᠤᠯᠳᠠ  ᠶᠢᠨ ᠲᠦᠪᠰᠢᠨ ᠢ ᠲᠡᠭᠡᠭᠰᠢᠯᠡᠭᠦᠯᠬᠦ ᠶᠢᠨ ᠲᠦᠯᠦᠭᠡ᠂ ᠤᠳᠦ ︽ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠢ ᠬᠢᠨᠠᠨ ᠵᠦᠪᠰᠢᠶᠡᠷᠡᠬᠦ ᠬᠠᠮᠢᠶᠠᠷᠤᠯᠳᠠ ᠶᠢᠨ ᠠᠷᠭ᠎ᠠ︾ ᠶᠢ ᠲᠠᠨᠠᠷ ᠲᠤ ᠲᠠᠷᠤᠮᠠᠯᠯᠠᠨ ᠲᠠᠷᠬᠠᠭᠠᠯ᠎ᠡ᠂ ᠪᠤᠳᠡᠳᠡᠢ ᠲᠠᠢ ᠪᠠᠨ ᠤᠶᠠᠯᠳᠤᠭᠤᠯᠦᠨ ᠨᠠᠷᠢᠨ ᠬᠢᠨᠠᠮᠠᠭᠠᠢ ᠬᠡᠷᠡᠭᠵᠢᠭᠦᠯᠳᠦᠭᠡᠢ᠃     ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠠᠷᠠᠳ ᠤᠨ ᠵᠠᠰᠠᠭ ᠤᠨ ᠤᠷᠳᠦᠨ ᠤ ᠠᠯᠪᠡᠨ ᠭᠡᠷ                                    2019 ᠤᠨ ᠤ 8 ᠰᠠᠷ᠎ᠡ ᠶᠢᠨ 22 ᠤ ᠡᠳᠦᠷ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠢ ᠬᠢᠨᠠᠨ ᠵᠦᠪᠰᠢᠶᠡᠷᠡᠬᠦ ᠬᠠᠮᠢᠶᠠᠷᠤᠯᠳᠠ ᠶᠢᠨ ᠠᠷᠭ᠎ᠠ ᠨᠢᠭᠡᠳᠦᠭᠡᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠡᠵᠡᠩᠨᠡᠨ ᠬᠠᠮᠢᠶᠠᠷᠤᠯᠳᠠ ᠶᠢ ᠲᠦᠷᠢᠮᠵᠢᠭᠦᠯᠦᠨ᠂ ᠲᠡᠳᠡᠨ ᠤ ᠦᠢᠯᠡᠴᠢᠯᠡᠭᠡᠨ ᠤ ᠴᠢᠨᠠᠷ ᠢ ᠲᠡᠭᠡᠭᠰᠢᠯᠡᠭᠦᠯᠵᠦ᠂ ᠮᠠᠯᠴᠢᠨ ᠠᠶᠢᠯ ᠤᠨ ︵ᠲᠠᠷᠢᠶᠠᠴᠢᠨ ᠠᠶᠢᠯ ᠤᠨ ᠪᠠᠶᠠᠰᠦᠯ︶ ᠲᠤᠭᠳᠠᠭᠤᠨ᠂ ᠡᠮᠬᠢ ᠲᠢᠭᠯᠢᠮ ᠲᠠᠢ᠂ ᠡᠷᠡᠭᠦᠯ ᠢᠶᠠᠷ ᠬᠦᠭᠵᠢᠬᠦ ᠶᠢ ᠠᠬᠢᠭᠤᠯᠬᠤ ᠶᠢᠨ ᠲᠤᠰᠠᠳᠠ᠂ ᠬᠤᠯᠪᠤᠭᠳᠠᠯ ᠪᠦᠭᠦᠢ ᠬᠠᠤᠯᠢ ᠲᠦᠷᠢᠮ ᠢ ᠦᠨᠳᠦᠰᠦᠯᠡᠨ᠂ ᠪᠤᠳᠡᠳᠡᠢ ᠲᠠᠢ ᠤᠶᠠᠯᠳᠤᠭᠤᠯᠦᠨ ᠲᠤᠰ ᠬᠠᠮᠢᠶᠠᠷᠤᠯᠳᠠ ᠶᠢᠨ ᠠᠷᠭ᠎ᠠ ᠶᠢ ᠲᠤᠭᠳᠠᠭᠠᠪᠠ᠃ ᠬᠤᠶᠠᠳᠤᠭᠠᠷ ᠵᠦᠢᠯ     ᠲᠤᠰ ᠠᠷᠭ᠎ᠠ ᠳᠤ ᠨᠠᠷᠠᠯᠠᠵᠦ ᠪᠠᠶᠢᠭ᠎ᠠ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠪᠤᠯ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠵᠤᠭᠠᠴᠠᠯ ᠢ ᠬᠦᠭᠵᠢᠭᠦᠯᠬᠦ ᠲᠦᠯᠦᠪᠯᠡᠭᠡ ᠶᠢᠨ ᠤᠷᠦᠨ ᠲᠤᠭᠤᠷᠢᠭ ᠲᠤ ᠡᠷᠬᠢᠯᠡᠭᠰᠡᠨ ᠲᠠᠯ᠎ᠠ ᠨᠤᠳᠤᠭ ᠤᠨ ᠠᠮᠢ ᠠᠬᠤᠢ ᠶᠢᠨ ᠦᠵᠡᠮᠵᠢ᠂ ᠠᠷᠠᠳ ᠤᠨ ᠵᠡᠩ ᠰᠤᠶᠤᠯ᠂ ᠦᠢᠯᠡᠳᠪᠤᠷᠢᠯᠡᠯ ᠠᠮᠢᠳᠦᠷᠡᠯ ᠵᠡᠷᠭᠡ ᠡᠯᠧᠨ᠋ᠮᠧᠲ ᠳᠤ ᠰᠠᠭᠤᠷᠢᠯᠠᠨ᠂ ᠵᠤᠴᠢᠳ ᠲᠤ ᠦᠵᠡᠮᠵᠢ ᠪᠠᠶᠢᠳᠠᠯ᠂ ᠵᠤᠭ᠎ᠠ ᠴᠠᠩᠭᠡᠯ᠂ ᠰᠤᠯᠨ ᠰᠡᠯᠡᠭᠦᠴᠡᠯ᠂ ᠪᠠᠶ᠎ᠡ ᠪᠠᠷ ᠮᠡᠳᠡᠷᠡᠬᠦ᠂ ᠰᠠᠭᠤᠵᠦ ᠬᠤᠨᠤᠭᠯᠠᠬᠤ᠂ ᠢᠳᠡᠵᠦ ᠤᠤᠭᠤᠬᠤ᠂ ᠪᠤᠳᠡᠰ ᠬᠤᠳᠠᠯᠳᠦᠨ ᠠᠪᠬᠤ ᠵᠡᠷᠭᠡ ᠶᠢ ᠬᠠᠩᠭᠠᠭᠰᠠᠨ ᠵᠤᠭᠠᠴᠠᠯ ᠤᠨ ᠦᠢᠯᠡᠴᠢᠯᠡᠭᠡᠨ ᠤ ᠠᠵᠢᠯᠯᠠᠭ᠎ᠠ ᠶᠢ ᠵᠢᠭᠠᠵᠦ ᠪᠤᠢ᠃ ᠭᠤᠷᠪᠠᠳᠤᠭᠠᠷ ᠵᠦᠢᠯ     ᠰᠤᠶᠤᠯ ᠵᠤᠭᠠᠴᠠᠯ ᠤᠨ ᠦᠢᠯᠡᠰ ᠤᠨ ᠬᠦᠭᠵᠢᠯᠳᠡ ᠪᠤᠯ ᠮᠠᠨ ᠤ ᠬᠤᠰᠢᠭᠤᠨ ᠤ ᠠᠵᠤ ᠦᠢᠯᠡᠰ ᠤᠨ ᠪᠦᠳᠦᠴᠨ ᠶᠢ ᠲᠤᠬᠢᠷᠠᠭᠤᠯᠬᠤ ᠪᠤᠰᠤᠳᠴᠢ ᠬᠡᠷᠡᠭᠴᠡᠭᠡ ᠪᠤᠯᠬᠤᠷ᠂ ᠮᠠᠯ ᠠᠵᠤ ᠠᠬᠤᠢ ᠲᠠᠷᠢᠶᠡᠯᠡᠩ ᠤᠨ ᠬᠦᠭᠵᠢᠯᠳᠡ ᠶᠢᠨ ᠭᠡᠯᠪᠡᠷᠢ ᠶᠢ ᠬᠤᠪᠢᠷᠠᠭᠤᠯᠬᠤ᠂ ᠪᠦᠬᠦ ᠤᠷᠦᠨ ᠭᠡᠪᠴᠢᠶᠠᠵᠢᠯ ᠤᠨ ᠵᠤᠭᠠᠴᠠᠯ ᠵᠢᠴᠢ ᠲᠦᠷᠪᠡᠨ ᠤᠯᠡᠷᠢᠯ ᠤᠨ ᠵᠤᠭᠠᠴᠯ ᠢ ᠬᠦᠭᠵᠢᠭᠦᠯᠬᠦ᠂ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠬᠦ᠂ ᠠᠵᠢᠯ ᠤᠯᠭᠤᠯᠳᠠ ᠶᠢ ᠦᠷᠭᠡᠳᠭᠡᠬᠦ᠂ ᠶᠠᠳᠠᠭᠤ ᠠᠴᠠ ᠠᠩᠬᠢᠵᠢᠷᠠᠭᠤᠯᠦᠨ ᠴᠢᠨᠠᠭᠡᠯᠢᠭᠵᠢᠭᠦᠯᠬᠦ ᠶᠢ ᠠᠬᠢᠭᠤᠯᠬᠤ ᠳᠤ ᠴᠢᠬᠤᠯᠨ ᠶᠡᠭᠡ ᠠᠴᠢ ᠬᠤᠯᠪᠤᠭᠳᠠᠯ ᠲᠠᠢ ᠶᠤᠮ᠃ ᠲᠦᠷᠪᠡᠳᠦᠭᠡᠷ ᠵᠦᠢᠯ     ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠬᠢᠯᠢ ᠲᠤᠳᠤᠷᠠᠬᠢ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠢ ᠡᠵᠡᠩᠨᠡᠬᠦ ᠪᠤᠳᠡᠳᠦ ᠴᠤᠭᠴᠨ ᠨᠢ ᠡᠷᠭᠡᠪᠰᠢ ᠲᠤᠰ ᠠᠷᠭ᠎ᠠ ᠶᠢ ᠵᠢᠷᠦᠮᠯᠠᠬᠤ ᠬᠡᠷᠡᠭᠳᠡᠢ᠃ ᠮᠠᠨ ᠤ ᠬᠤᠰᠢᠭᠤᠨ ᠤ ᠭᠡᠪᠴᠢᠶᠡᠨ ᠳᠤ ᠨᠢᠭᠡᠨᠳᠠ ᠪᠠᠶᠢᠭᠤᠯᠦᠭ᠌ᠰᠠᠨ᠂ ᠰᠢᠨ᠎ᠡ ᠪᠠᠷ ᠪᠠᠶᠢᠭᠤᠯᠤᠭᠰᠠᠨ᠂ ᠦᠷᠭᠡᠳᠭᠡᠨ ᠪᠠᠶᠢᠭᠤᠯᠦᠭ᠌ᠰᠠᠨ᠂ ᠦᠭᠡᠷᠡᠴᠢᠯᠡᠨ ᠪᠠᠶᠢᠭᠤᠯᠤᠭᠰᠠᠨ ᠲᠤᠰ ᠠᠷᠭ᠎ᠠ ᠶᠢᠨ ᠲᠦᠷᠦᠯ ᠵᠦᠢᠯ ᠲᠠᠢ ᠠᠳᠠᠯᠢᠪᠳᠦᠷ ᠵᠤᠭᠠᠴᠠᠯ ᠤᠨ ᠴᠢᠭ ᠤᠨ ᠬᠠᠮᠢᠶᠠᠷᠤᠯᠳᠠ ᠶᠢ ᠴᠤ ᠲᠤᠰ ᠠᠷᠭ᠎ᠠ ᠶᠢ ᠯᠠᠪᠯᠠᠯᠳᠠ ᠪᠤᠯᠭᠠᠨ ᠬᠡᠷᠡᠭᠵᠢᠭᠦᠯᠦᠨ᠎ᠡ᠃ ᠲᠠᠪᠤᠳᠤᠭᠠᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠰᠤᠮᠤ ᠪᠠᠯᠭᠠᠰᠦᠨ ᠤ ︽ᠬᠠᠷᠢᠶᠠᠨ ᠤ ᠭᠠᠵᠠᠷ ᠤᠨ ᠬᠠᠮᠢᠶᠠᠷᠤᠯᠳᠠ︾ ᠶᠢ ᠬᠡᠷᠡᠭᠵᠢᠭᠦᠯᠵᠦ᠂ ᠬᠤᠰᠢᠭᠤᠨ ᠤ ᠵᠤᠭᠠᠴᠠᠯ ᠤᠨ ᠵᠠᠰᠠᠭ ᠤᠨ ᠵᠠᠬᠢᠷᠭᠠᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠬᠠᠮᠢᠶᠠᠷᠤᠯᠳᠠ ᠶᠢ ᠬᠦᠯᠢᠶᠡᠨ᠎ᠡ᠃ ᠰᠤᠶᠤᠯ ᠲᠡᠮᠢᠷ ᠵᠤᠭᠠᠴᠠᠯ ᠷᠠᠳᠢᠤ᠋ ᠲᠧᠯᠸᠢᠰ ᠲᠤᠪᠴᠢᠶ᠎ᠡ᠂ ᠲᠤᠳᠤᠭᠠᠳᠦ ᠶᠢ ᠬᠠᠮᠠᠭᠠᠯᠠᠬᠤ ᠲᠤᠪᠴᠢᠶ᠎ᠡ᠂ ᠵᠠᠮ ᠬᠠᠷᠢᠯᠴᠠᠭᠠᠨ ᠤ ᠲᠤᠪᠴᠢᠶ᠎ᠡ᠂ ᠠᠵᠤ ᠦᠢᠯᠡᠳᠪᠤᠷᠢ ᠰᠤᠷᠠᠭ ᠵᠠᠩᠬᠢ ᠶᠢᠨ ᠲᠤᠪᠴᠢᠶ᠎ᠠ᠂ ᠪᠠᠴᠢᠮ ᠪᠠᠶᠢᠳᠠᠯ ᠤᠨ ᠬᠠᠮᠢᠶᠠᠷᠤᠯᠳᠠ ᠶᠢᠨ ᠲᠤᠪᠴᠢᠶ᠎ᠡ᠂ ᠤᠢ ᠰᠢᠭᠤᠢ ᠨᠤᠳᠤᠭ ᠪᠡᠯᠴᠢᠭᠡᠷ ᠤᠨ ᠲᠤᠪᠴᠢᠶ᠎ᠡ᠂ ᠪᠠᠶᠢᠭᠠᠯᠢ ᠶᠢᠨ ᠡᠭᠢ ᠪᠡᠶᠠᠯᠢᠭ ᠤᠨ ᠲᠤᠪᠴᠢᠶ᠎ᠡ᠂ ᠠᠮᠢ ᠠᠬᠤᠢ ᠤᠷᠴᠢᠨ ᠲᠤᠭᠤᠷᠢᠨ ᠤ ᠬᠤᠪᠢᠶᠡᠷᠢ ᠲᠤᠪᠴᠢᠶ᠎ᠡ᠂ ᠤᠷᠤᠨ ᠰᠠᠭᠤᠴᠨ ᠶᠢᠨ ᠪᠦᠳᠦᠭᠡᠨ ᠪᠠᠶᠢᠭᠤᠯᠦᠯᠳᠠ  ᠶᠢᠨ ᠲᠤᠪᠴᠢᠶ᠎ᠡ ᠵᠡᠷᠭᠡ ᠡᠭᠦᠷᠭᠡ ᠴᠢᠳᠠᠪᠬᠢ ᠰᠠᠯᠠᠭ᠎ᠠ ᠮᠦᠴᠢᠷ ᠵᠢᠴᠢ ᠰᠤᠮᠤ ᠪᠠᠯᠭᠠᠰᠦᠨ ᠤ ᠠᠷᠠᠳ ᠤᠨ ᠵᠠᠰᠠᠭ ᠤᠨ ᠤᠷᠳᠦᠨ ᠨᠢ ︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠦᠨ ᠤ ᠠᠷᠠᠳ ᠤᠨ ᠵᠠᠰᠠᠭ ᠤᠨ ᠤᠷᠳᠦᠨ ᠤ ᠠᠯᠪᠡᠨ ᠲᠢᠩᠬᠢᠮ ᠤᠨ ᠵᠤᠭᠠᠴᠠᠯ ᠤᠨ ᠵᠠᠬ᠎ᠠ ᠲᠡᠯᠭᠡᠭᠦᠷ ᠤᠨ ᠶᠠᠷᠤᠩᠬᠡᠶᠢᠯᠡᠭᠰᠡᠨ ᠬᠢᠨᠠᠨ ᠬᠠᠮᠢᠶᠠᠷᠤᠯᠳᠠ ᠶᠢ ᠴᠢᠩᠭᠠᠳᠬᠠᠬᠤ ᠰᠠᠨᠠᠯ︾  ︿ᠦᠪᠤᠷ ᠵᠠᠰᠠᠭ ᠠᠯᠪᠠᠨ ᠲᠠᠷᠬᠠᠭᠠᠭᠰᠠᠨ ︵2016︶ 104 ᠲᠤᠭᠠᠳᠦ﹀ ᠶᠢᠨ ᠱᠠᠭᠠᠷᠳᠠᠯᠭ᠎ᠠ ᠶᠢ ᠵᠢᠷᠦᠮᠯᠠᠨ᠂ ᠵᠤᠭᠠᠴᠠᠯ ᠤᠨ ᠵᠠᠰᠠᠭ ᠵᠠᠬᠢᠷᠭᠠᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠲᠠᠢ ᠬᠠᠮᠳᠤᠪᠡᠷ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠦᠢᠯᠡᠴᠢᠯᠡᠭᠡᠨ ᠤ ᠬᠠᠮᠢᠶᠠᠷᠤᠯᠳᠠ ᠶᠢᠨ ᠠᠵᠢᠯ ᠢ ᠰᠡᠶᠢᠳᠦᠷ ᠬᠢᠬᠦ ᠬᠡᠷᠡᠭᠳᠡᠢ᠃ ᠵᠢᠷᠭᠤᠳᠤᠭᠠᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠡᠵᠡᠩᠨᠡᠯᠳᠡ ᠶᠢ ᠡᠷᠬᠢᠯᠠᠵᠦ ᠪᠠᠶᠢᠭ᠎ᠠ ᠬᠦᠮᠦᠰ ᠡᠷᠭᠡᠪᠰᠢ ᠬᠤᠯᠪᠤᠭᠳᠠᠯ ᠪᠦᠭᠦᠢ ᠲᠤᠭᠳᠠᠭᠠᠯ ᠤᠨ ᠲᠡᠰ  ᠲᠠᠷᠠᠭᠠᠯᠠᠯ ᠢᠶᠠᠷ ᠬᠠᠮᠢᠶ᠎ᠠ ᠪᠦᠭᠦᠢ ᠰᠠᠯᠠᠭ᠎ᠠ ᠮᠦᠴᠢᠷ ᠤᠨ ᠵᠦᠪᠰᠢᠶᠡᠷᠡᠯ ᠢ ᠤᠯᠬᠤ ᠬᠡᠷᠡᠭᠳᠡᠢ᠃ ᠡᠵᠡᠩᠨᠡᠯᠳᠡ ᠶᠢᠨ ᠠᠵᠢᠯᠯᠠᠭ᠎ᠠ ᠲᠤᠮᠳᠠ ᠡᠷᠭᠡᠪᠰᠢ ᠬᠠᠤᠯᠢ ᠪᠠᠷ ᠡᠵᠡᠩᠨᠡᠬᠦ᠂ ᠭᠤᠤᠯᠴᠢ ᠪᠠᠷ ᠦᠷᠢᠰᠦᠯᠳᠦᠬᠦ᠂ ᠢᠳᠡᠭᠡᠯ ᠢ ᠡᠷᠬᠢᠮᠯᠡᠬᠦ ᠶᠢ ᠪᠠᠷᠢᠮᠳᠠᠯᠠᠨ᠂ ᠪᠤᠷᠤᠯᠠᠭᠤᠯᠬᠤ ᠲᠠᠸᠠᠷ ᠪᠤᠯᠦᠨ ᠦᠢᠯᠡᠴᠢᠯᠡᠭᠡᠨ ᠤ ᠰᠦᠢᠳᠭᠡᠯ ᠬᠤᠷᠢᠶᠠᠬᠤ ᠳᠠᠭᠠᠨ ᠡᠷᠭᠡᠪᠰᠢ ᠢᠯᠨ ᠦᠨ᠎ᠡ ᠬᠠᠩᠰᠢ ᠶᠢᠨ ᠢᠯᠡᠳᠭᠡᠮᠵᠢ ᠬᠠᠳᠠᠵᠦ᠂ ᠪᠤᠳᠡᠰ ᠪᠠ ᠦᠨ᠎ᠡ ᠬᠠᠩᠰᠢ ᠨᠢ ᠲᠤᠬᠢᠷᠠᠮᠵᠢᠳᠠᠢ ᠪᠠᠶᠢᠬᠤ ᠬᠡᠷᠡᠭᠳᠡᠢ᠃ ᠤᠬᠠᠮᠰᠠᠷ ᠠᠴᠠ ᠪᠠᠨ ᠲᠦᠷᠦ ᠶᠢᠨ ᠪᠤᠳᠤᠯᠭ᠎ᠠ ᠬᠠᠤᠯᠢ ᠲᠦᠷᠢᠮ ᠢ ᠰᠡᠬᠢᠵᠦ᠂ ᠬᠤᠯᠪᠤᠭᠳᠠᠯ ᠪᠦᠭᠦᠢ ᠰᠠᠯᠠᠭ᠎ᠠ ᠮᠦᠴᠢᠷ ᠤᠨ ᠬᠢᠨᠠᠯᠳᠠ ᠪᠠᠶᠢᠴᠠᠭᠠᠯᠳᠠ ᠶᠢ ᠬᠦᠯᠢᠶᠡᠬᠦ ᠬᠡᠷᠡᠭᠳᠡᠢ᠃ ᠲᠤᠯᠤᠳᠤᠭᠠᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ  ᠡᠷᠡᠮᠡᠯᠵᠡᠯᠡᠨ ᠮᠡᠳᠡᠭᠦᠯᠬᠦ ᠨᠦᠬᠦᠴᠡᠯ ᠪᠤᠯᠦᠨ ᠬᠢᠨᠠᠨ ᠵᠦᠪᠰᠢᠶᠡᠷᠡᠬᠦ ᠲᠡᠰ ᠲᠠᠷᠠᠭᠠᠯᠠᠯ᠃ ︵ᠨᠢᠭᠡ︶ ᠡᠷᠡᠮᠡᠯᠵᠡᠯᠡᠨ ᠮᠡᠳᠡᠭᠦᠯᠬᠦ ᠨᠦᠬᠦᠴᠡᠯ᠄⒈ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠡᠷᠭᠡᠪᠰᠢ ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠲᠠᠯ᠎ᠠ ᠨᠤᠳᠤᠭ ᠤᠨ ᠬᠠᠤᠯᠢ︾᠂ ︽ᠪᠦᠬᠦᠳᠡ ᠨᠠᠶᠢᠷᠠᠮᠳᠠᠬᠤ ᠲᠤᠮᠳᠠᠳᠦ ᠠᠷᠠᠳ ᠤᠯᠤᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠤ ᠲᠦᠷᠢᠮ  ︾᠂ ︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠦᠨᠳᠦᠰᠦᠨ ᠲᠠᠯ᠎ᠠ ᠨᠤᠳᠤᠭ ᠤᠨ ᠬᠠᠮᠢᠶᠠᠷᠤᠯᠳᠠ ᠶᠢᠨ ᠲᠦᠷᠢᠮ︾ ᠵᠡᠷᠭᠡ ᠬᠠᠮᠢᠶ᠎ᠠ ᠪᠦᠭᠦᠢ ᠬᠠᠤᠯᠢ ᠴᠠᠭᠠᠵᠨ ᠬᠠᠤᠯᠢ ᠲᠦᠷᠢᠮ ᠢ ᠵᠢᠷᠦᠮᠯᠠᠨ ᠬᠡᠷᠡᠭᠵᠢᠭᠦᠯᠵᠦ᠂ ᠪᠦᠬᠦ ᠬᠤᠰᠢᠭᠤᠨ ᠤ ᠬᠤᠳᠠ ᠬᠦᠳᠡᠭᠡ ᠶᠢᠨ ᠬᠦᠭᠵᠢᠯᠳᠡ  ᠶᠢᠨ ᠶᠡᠷᠤᠩᠬᠡᠢ ᠴᠤᠭᠴᠨ ᠶᠢᠨ ᠲᠦᠯᠦᠪᠵᠢᠭᠦᠯᠭᠡ᠂ ᠵᠤᠭᠠᠴᠠᠯ ᠤᠨ ᠬᠦᠭᠵᠢᠯᠳᠡ ᠶᠢᠨ ᠲᠦᠯᠦᠪᠵᠢᠭᠦᠯᠭᠡ ᠳᠤ ᠲᠤᠬᠢᠷᠠᠬᠤ ᠬᠡᠷᠡᠭᠳᠡᠢ᠃⒉ ᠮᠠᠯᠴᠢᠨ ᠠᠶᠢᠯ ᠤᠨ ᠡᠵᠡᠩᠨᠡᠯᠳᠡ ᠶᠢᠨ ᠭᠡᠪᠴᠢᠶ᠋ᠶ᠎ᠡ ᠶᠢ 10 ᠮᠤᠩᠭᠤᠯ ᠭᠡᠷ ᠠᠴᠠ ᠲᠡᠭᠡᠭᠰᠢ ︵10 ᠪᠠᠭᠳᠠᠨ᠎ᠡ︶ ᠪᠠᠶᠢᠵᠦ᠂ ᠢᠳᠡᠭᠡᠨ ᠤᠮᠳᠠᠭᠠᠨ ᠤ ᠦᠢᠯᠡᠴᠢᠯᠡᠭᠡ ᠶᠢ ᠬᠠᠩᠭᠠᠬᠤ ᠶᠢᠨ ᠬᠠᠮᠳᠦ᠂ ᠨᠠᠭᠠᠳᠦ ᠵᠠᠬ᠎ᠠ ᠳᠠᠭᠠᠨ ᠬᠤᠨᠤᠵᠦ ᠰᠠᠭᠤᠬᠤ᠂ ᠵᠤᠭ᠎ᠠ ᠴᠠᠩᠭᠡᠯ ᠤᠨ ᠲᠦᠷᠦᠯ ᠵᠦᠢᠯ 1 ᠪᠠᠶᠢᠵᠦ᠂ ᠤᠰᠦ ᠪᠠᠷ ᠰᠦᠷᠴᠢᠬᠦ ᠵᠤᠷᠯᠦᠩ᠂ ᠪᠤᠬᠢᠷᠳᠦᠯ ᠤᠰᠦ ᠶᠢ ᠴᠡᠪᠡᠷᠯᠡᠬᠦ ᠬᠤᠩᠬᠢᠯ ᠪᠤᠯᠦᠨ 20 ᠲᠡᠭᠰᠢ ᠲᠦᠷᠪᠡᠯᠵᠢᠨ ᠮᠧᠲᠷ ᠠᠴᠠ ᠲᠡᠭᠡᠭᠰᠢᠬᠢ ᠲᠠᠯᠠᠪᠠᠢ ᠪᠦᠭᠦᠢ ᠬᠤᠭᠤᠯᠡᠨ ᠭᠡᠷ ᠲᠠᠢ ᠪᠠᠶᠢᠬᠤ︔ ᠡᠵᠡᠩᠨᠡᠯᠳᠡ ᠶᠢᠨ ᠭᠡᠪᠴᠢᠶ᠎ᠠ ᠨᠢ 10 ᠮᠤᠩᠭᠤᠯ ᠭᠡᠷ ᠠᠴᠠ ᠲᠤᠷᠤᠭᠰᠢ ᠪᠤᠯ᠂ ᠵᠠᠷᠴᠢᠮ ᠲᠡᠭᠡᠷ᠎ᠡ ᠪᠠᠨ ᠵᠦᠪᠰᠢᠶᠡᠷᠡᠯ ᠦᠭᠬᠦ ᠦᠭᠡᠢ᠃ ᠮᠠᠯᠴᠢᠨ ᠠᠶᠢᠯ ᠤᠨ ᠮᠤᠩᠭᠤᠯ ᠭᠡᠷ ᠨᠢ ᠡᠷᠭᠡᠪᠰᠢ ᠭᠠᠵᠠᠷ  ᠠᠴᠠ 30 ᠰᠠᠨᠲ᠋ᠢᠮᠧᠲᠷ ᠡᠷᠭᠦᠭᠳᠡᠭᠰᠡᠨ ᠱᠦᠢᠨᠢ ᠶᠢᠨ ᠰᠠᠭᠤᠷᠢ ᠲᠠᠢ ᠪᠦᠭᠡᠳ ᠮᠠᠯᠴᠢᠨ ᠠᠶᠢᠯ ᠨᠢ ᠲᠤᠭᠳᠠᠭᠰᠠᠨ ᠬᠤᠭᠤᠴᠠᠭᠠᠨ ᠳᠤ ᠪᠠᠭᠤᠯᠭᠠᠵᠦ ᠪᠤᠯᠬᠤ ᠪᠠᠶᠢᠬᠤ ᠬᠡᠷᠡᠭᠳᠡᠢ᠂ ᠲᠤᠭᠳᠠᠭᠰᠠᠨ ᠬᠤᠭᠤᠴᠠᠭᠠᠨ ᠳᠤ ᠪᠠᠭᠤᠯᠭᠠᠵᠦ ᠪᠤᠯᠬᠤ ᠦᠭᠡᠢ ᠪᠤᠯ ᠰᠤᠶᠤᠯ ᠵᠤᠭᠠᠴᠠᠯ ᠷᠠᠳᠢᠤ᠋ ᠲᠧᠯᠸᠢᠰ ᠲᠤᠪᠴᠢᠶ᠎ᠠ ᠲᠦᠷᠦᠭᠦᠯᠦᠨ ᠠᠮᠢ ᠠᠬᠤᠢ ᠶᠢ ᠬᠠᠮᠠᠭᠠᠯᠠᠬᠤ᠂ ᠪᠠᠶᠢᠭᠠᠯᠢ ᠶᠢᠨ ᠡᠭᠢ ᠪᠠᠶᠠᠯᠢᠭ᠂ ᠤᠢ ᠰᠢᠭᠤᠢ ᠨᠤᠳᠤᠭ ᠪᠡᠯᠴᠢᠭᠡᠷ᠂ ᠲᠤᠳᠤᠭᠠᠳᠦ ᠶᠢ ᠬᠠᠮᠠᠭᠠᠯᠠᠬᠤ᠂ ᠭᠠᠯ ᠤᠨᠳᠠᠷᠠᠭᠠᠬᠤ᠂ ᠵᠠᠬ᠎ᠠ ᠲᠡᠯᠭᠡᠭᠦᠷ ᠢ ᠬᠢᠨᠠᠨ ᠬᠠᠮᠢᠶᠠᠷᠬᠤ ᠰᠠᠯᠠᠭ᠎ᠠ ᠮᠦᠴᠢᠷ ᠲᠠᠢ ᠬᠤᠯᠪᠤᠭᠠᠯᠠᠨ ᠠᠯᠪᠡᠳᠡᠨ ᠪᠠᠭᠤᠯᠭᠠᠬᠤ ᠬᠡᠷᠡᠭᠳᠡᠢ᠃⒊ ᠲᠠᠷᠢᠶᠠᠴᠢᠨ ᠠᠶᠢᠯ ᠤᠨ ᠪᠠᠶᠠᠰᠦᠯ ᠨᠢ ᠦᠵᠡᠮᠵᠢ᠂ ᠵᠤᠭ᠎ᠠ ᠴᠠᠩᠭᠡᠯ᠂ ᠰᠡᠯᠡᠭᠦᠴᠡᠯ ᠵᠤᠭᠠᠴᠠᠯ᠂ ᠪᠠᠶ᠎ᠠ ᠪᠠᠷ ᠮᠡᠳᠡᠷᠡᠬᠦ᠂ ᠬᠤᠨᠤᠭᠯᠠᠬᠤ᠂ ᠢᠳᠡᠭᠡᠨ ᠤᠮᠳᠠᠭᠠᠨ᠂ ᠪᠤᠳᠡᠰ ᠬᠤᠳᠠᠯᠳᠦᠨ ᠠᠪᠬᠤ ᠵᠡᠷᠭᠡ ᠬᠡᠷᠡᠭᠴᠡᠭᠡ ᠳᠤ ᠵᠤᠬᠢᠴᠠᠬᠤ ᠪᠦᠭᠦᠢ ᠡᠵᠡᠩᠨᠡᠯᠳᠡ ᠶᠢ ᠬᠢᠨ᠎ᠡ᠃⒋ ᠰᠢᠨ᠎ᠡ ᠪᠠᠷ ᠪᠠᠶᠢᠭᠤᠯᠤᠭᠰᠠᠨ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠪᠠᠶᠢᠷᠢᠰᠢᠭᠤᠯᠤᠯᠳᠠ  ᠶᠢ ᠵᠠᠷᠴᠢᠮ ᠲᠡᠭᠡᠷ᠎ᠡ ᠪᠠᠨ ᠤᠯᠤᠰ ᠮᠤᠵᠢ ᠶᠢᠨ ᠵᠠᠮ ᠠᠴᠠ 1 ᠺᠢᠯᠤᠮᠧᠲᠷ ᠤᠨ ᠵᠠᠢ ᠲᠠᠢ ᠪᠠᠶᠢᠵᠦ᠂ ᠵᠤᠭᠠᠴᠠᠯ ᠤᠨ ᠵᠠᠰᠠᠮᠠᠯ ᠵᠠᠮ ᠪᠤᠯᠦᠨ ᠰᠢᠶᠡᠩ ᠲᠤᠰᠬᠤᠨ ᠤ ᠵᠠᠮ ᠢ ᠲᠠᠭᠠᠭᠰᠠᠨ ᠪᠠᠶᠢᠵᠦ᠂ ᠪᠦᠬᠦ ᠬᠤᠰᠢᠭᠤᠨ ᠤ ᠵᠤᠭᠠᠴᠠᠯ ᠤᠨ ᠲᠦᠯᠦᠪᠵᠢᠭᠦᠯᠭᠡ ᠪᠠ ᠨᠠᠷᠢᠨ ᠲᠦᠷᠢᠮ ᠢ ᠵᠢᠷᠦᠮᠯᠠᠨ ᠬᠡᠷᠡᠭᠵᠢᠭᠦᠯᠦᠭᠰᠡᠨ ᠪᠠᠶᠢᠬᠤ ᠬᠡᠷᠡᠭᠳᠡᠢ᠃⒌ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠵᠤᠭᠠᠴᠠᠯ ᠦᠢᠯᠡᠴᠢᠯᠡᠭᠡᠨ ᠤ ᠲᠤᠨᠤᠭ ᠲᠦᠭᠦᠭᠡᠷᠦᠮᠵᠢ᠂ ᠠᠮᠤᠷ ᠲᠦᠪᠰᠢᠨ ᠤ ᠲᠦᠭᠦᠭᠡᠷᠦᠮᠵᠢ ᠵᠢᠴᠢ ᠢᠳᠡᠭᠡᠨ ᠤᠮᠳᠠᠭᠠᠨ ᠤ ᠤᠷᠴᠢᠨ ᠲᠤᠭᠤᠷᠢᠨ᠂ ᠬᠤᠭ ᠯᠤᠪᠰᠢ ᠢ ᠰᠶᠢᠳᠪᠤᠷᠢᠯᠡᠬᠦ᠂ ᠪᠤᠬᠢᠷᠳᠦᠯ ᠤᠰᠦ ᠪᠤᠯᠦᠨ ᠲᠤᠰᠦ ᠤᠳᠤᠭ᠎ᠠ ᠶᠢ ᠭᠠᠳᠠᠭᠰᠢᠯᠠᠭᠤᠯᠬᠤ ᠲᠠᠯ᠎ᠠ ᠪᠠᠷ ᠴᠦᠮ ᠡᠷᠡᠭᠦᠯ ᠬᠠᠮᠠᠭᠠᠯᠠᠯ᠂ ᠤᠷᠴᠢᠨ ᠲᠤᠭᠤᠷᠢᠨ ᠢ ᠬᠠᠮᠠᠭᠠᠯᠠᠬᠤ᠂ ᠭᠠᠯ ᠤᠨᠳᠠᠷᠠᠭᠠᠬᠤ ᠵᠡᠷᠭᠡ ᠠᠮᠤᠷ ᠲᠦᠪᠰᠢᠨ ᠤ ᠬᠤᠯᠪᠤᠭᠳᠠᠯ ᠪᠦᠭᠦᠢ ᠲᠤᠭᠳᠠᠭᠠᠯ ᠳᠤ ᠨᠡᠶᠢᠴᠡᠭᠰᠡᠨ ᠪᠠᠶᠢᠬᠤ ᠬᠡᠷᠡᠭᠳᠡᠢ᠃⒍ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠠᠮᠢᠳᠦᠷᠠᠯ ᠤᠨ ᠤᠤᠭᠤᠬᠤ ᠤᠰᠦ ᠨᠢ ᠴᠡᠪᠡᠷ ᠪᠠᠶᠢᠵᠦ᠂ ᠤᠯᠤᠰ ᠤᠨ ᠤᠤᠭᠤᠬᠤ ᠤᠰᠦᠨ ᠤ ᠠᠷᠢᠭᠤᠨ ᠴᠡᠪᠡᠷ ᠤᠨ ᠪᠠᠷᠢᠮᠵᠢᠶᠠᠨ ᠳᠤ ᠨᠡᠶᠢᠴᠡᠬᠦ ᠬᠡᠷᠡᠭᠳᠡᠢ᠃⒎ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠠᠶᠤᠯ ᠲᠦᠭᠰᠢᠭᠦᠷᠢ ᠡᠭᠦᠰᠬᠦ ᠪᠤᠯᠤᠮᠵᠢ ᠲᠠᠢ ᠵᠤᠭᠠᠴᠠᠯ ᠤᠨ ᠠᠵᠢᠯᠯᠠᠭᠠᠨ ᠤ ᠤᠷᠤᠨ ᠲᠤᠭᠤᠷᠢᠭ ᠪᠠ ᠲᠦᠷᠦᠯ ᠵᠦᠢᠯ ᠪᠠᠶᠢᠪᠠᠯ ᠡᠷᠭᠡᠪᠰᠢ ᠰᠡᠷᠡᠮᠵᠢᠯᠡᠭᠦᠯᠬᠦ ᠢᠯᠡᠳᠭᠡᠮᠵᠢ ᠵᠤᠬᠢᠶᠠᠬᠤ ᠶᠢᠨ ᠬᠠᠮᠳᠦ ᠴᠢᠬᠤᠯᠨ ᠪᠦᠭᠦᠢ ᠬᠠᠮᠠᠭᠠᠯᠠᠬᠤ ᠠᠷᠭ᠎ᠠ ᠬᠡᠮᠵᠢᠶ᠎ᠡ ᠠᠪᠤᠭᠰᠠᠨ ᠪᠠᠶᠢᠬᠤ ᠬᠡᠷᠡᠭᠳᠡᠢ ⒏ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠪᠠᠶᠢᠭᠠᠯᠢᠭ ᠲᠡᠷᠭᠡ ᠵᠤᠭᠰᠤᠭᠠᠬᠤ ᠲᠠᠯᠠᠪᠦᠷ ᠪᠠᠶᠢᠭᠤᠯᠬᠤ ᠴᠢᠬᠤᠯᠠᠳᠠᠢ ᠪᠤᠯ᠂ ᠲᠡᠷᠭᠡ ᠵᠤᠭᠰᠤᠭᠠᠬᠤ ᠲᠠᠯᠠᠪᠤᠷ ᠤᠨ ᠲᠠᠯᠠᠪᠠᠢ ᠨᠢ ᠬᠦᠯᠢᠶᠡᠨ ᠠᠪᠬᠤ ᠵᠤᠴᠢᠳ ᠤᠨ ᠲᠤᠭ᠎ᠠ ᠬᠡᠮᠵᠢᠶ᠎ᠡ ᠲᠠᠢ ᠵᠤᠬᠢᠴᠠᠯᠳᠤᠬᠤ ᠬᠡᠷᠡᠭᠳᠡᠢ᠃ ︵ᠬᠤᠶᠡᠷ︶ ᠬᠢᠨᠠᠨ ᠵᠦᠪᠰᠢᠶᠡᠷᠡᠬᠦ ᠲᠡᠰ ᠲᠡᠷᠠᠭᠠᠯᠠᠯ᠄ ᠡᠷᠡᠮᠡᠯᠵᠡᠯᠡᠨ ᠮᠡᠳᠡᠭᠦᠯᠬᠦ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠦᠪᠡᠷ ᠤᠨ ᠨᠡᠷᠡᠶᠢᠳᠦᠯ᠂ ᠡᠵᠡᠩᠨᠡᠯᠳᠡ ᠶᠢᠨ ᠬᠦᠷᠢᠶ᠎ᠡ ᠭᠡᠪᠴᠢᠶ᠎ᠡ᠂ ᠦᠢᠯᠡᠴᠢᠯᠡᠬᠦ ᠠᠭᠤᠯᠭ᠎ᠠ᠂ ᠵᠤᠭ᠎ᠠ ᠴᠡᠩᠭᠡᠯ ᠤᠨ ᠲᠦᠷᠦᠯ ᠵᠦᠢᠯ ᠤᠨ ᠨᠡᠷ᠎ᠡ᠂ ᠪᠦᠳᠦᠭᠡᠨ ᠪᠠᠶᠢᠭᠤᠯᠬᠤ ᠲᠦᠯᠦᠪᠯᠡᠭᠡ ᠵᠢᠴᠢ ᠲᠠᠯᠠᠪᠠᠢ ᠪᠠᠶᠢᠷᠢᠰᠢᠯ ᠬᠢᠭᠡᠳ ᠦᠷ᠎ᠡ ᠳ᠋ᠦᠡᠭ ᠶᠢᠨ ᠵᠢᠷᠤᠭ ︵ᠭᠤᠤᠯ ᠪᠤᠯᠬᠤ ᠵᠠᠮ ᠪᠠ ᠭᠤᠤᠯ ᠭᠤᠷᠤᠬ᠎ᠠ᠂ ᠤᠰᠦ ᠲᠤᠭᠤᠷᠢᠭ ᠤᠨ ᠵᠠᠢ ᠶᠢ ᠲᠤᠳᠤᠷᠠᠬᠠᠶᠢᠯᠠᠨ᠎ᠡ︶᠂ ᠮᠤᠩᠭᠤᠯ ᠭᠡᠷ ᠤᠨ ᠲᠤᠭ᠎ᠠ ᠬᠡᠮᠵᠢᠶ᠎ᠠ᠂ ᠬᠤᠭᠤᠯᠡᠨ ᠭᠡᠷ ᠤᠨ ᠲᠠᠯᠠᠪᠠᠢ᠂ ᠵᠤᠷᠯᠦᠩ ᠤᠨ ᠲᠦᠷᠦᠯ ᠵᠢᠴᠢ ᠪᠠᠶᠢᠷᠢᠰᠢᠯ ᠵᠡᠷᠭᠡ ᠲᠤᠭ᠎ᠠ ᠨᠤᠷᠮ᠎ᠡ ᠶᠢ ᠬᠠᠩᠭᠠᠨ᠎ᠡ᠃⒈ ᠡᠷᠡᠮᠡᠯᠵᠡᠯᠡᠬᠦ ᠬᠦᠮᠦᠨ ᠨᠢ ᠭᠠᠴᠠᠭ᠎ᠠ᠂ ᠰᠤᠮᠤ ᠪᠠᠯᠭᠠᠰᠦᠨ ᠳᠠᠭᠠᠨ ᠡᠷᠡᠮᠡᠯᠵᠡᠯᠡᠨ ᠢᠶᠠᠨ ᠲᠡᠪᠰᠢᠭᠦᠯᠦᠨ᠎ᠡ︔⒉ ᠰᠤᠮᠤ ᠪᠠᠯᠭᠠᠰᠦ ᠨᠢ ᠭᠠᠴᠠᠭ᠎ᠠ ᠲᠤᠰᠬᠤᠨ ᠤ ᠬᠤᠯᠪᠤᠭᠳᠠᠯ ᠪᠦᠭᠦᠢ ᠲᠤᠭᠳᠠᠭᠠᠯ ᠵᠢᠴᠢ ᠲᠤᠬᠠᠢ ᠶᠢᠨ ᠭᠠᠵᠠᠷ ᠤᠷᠤᠨ ᠤ ᠪᠤᠳᠡᠳᠦ ᠪᠠᠶᠢᠳᠠᠯ ᠢ ᠨᠢ ᠦᠨᠳᠦᠰᠦᠯᠡᠨ᠂ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠲᠦᠯᠦᠪᠯᠡᠭᠰᠡᠨ ᠲᠠᠯᠠᠪᠠᠢ ᠶᠢᠨ ᠪᠠᠶᠢᠷᠢᠰᠢᠯ ᠦᠷ᠎ᠡ ᠳ᠋ᠦᠡᠭ ᠤᠨ ᠵᠢᠷᠤᠭ ᠵᠢᠴᠢ ᠤᠷᠤᠨ ᠪᠠᠶᠢᠷᠢᠰᠢᠯ ᠢ ᠠᠩᠬ᠎ᠠ ᠠᠯᠬᠤᠮ ᠬᠢᠨᠠᠵᠦ᠂ ᠠᠩᠬ᠎ᠠ ᠠᠯᠬᠤᠮ ᠶᠢᠨ ᠬᠢᠨᠠᠨ ᠪᠠᠳᠤᠯᠠᠯᠳᠠ ᠪᠠᠨ ᠰᠤᠶᠤᠯ ᠲᠠᠮᠢᠷ ᠵᠤᠭᠠᠴᠠᠯ ᠷᠠᠳᠢᠤ᠋  ᠲᠧᠯᠸᠢᠰ ᠲᠤᠪᠴᠢᠶᠠᠨ ᠳᠤ ᠮᠡᠳᠡᠭᠦᠯᠦᠨ᠎ᠡ᠃⒊ ᠰᠤᠶᠤᠯ ᠲᠠᠮᠢᠷ ᠵᠤᠭᠠᠴᠠᠯ ᠷᠠᠳᠢᠤ᠋ ᠲᠧᠯᠸᠢᠰ ᠲᠤᠪᠴᠢᠶ᠎ᠡ ᠨᠢ ᠡᠷᠡᠮᠡᠯᠵᠡᠯᠡᠨ ᠮᠡᠳᠡᠭᠦᠯᠦᠭᠰᠡᠨ ᠮᠠᠲ᠋ᠧᠷᠢᠶᠠᠯ ᠢ ᠭᠠᠷᠳᠠᠭᠰᠠᠨ ᠤ ᠲᠠᠷᠠᠭ᠎ᠠ᠂ ᠠᠮᠢ ᠠᠬᠤᠢ ᠶᠢ ᠬᠠᠮᠠᠭᠠᠯᠠᠬᠤ᠂ ᠤᠢ ᠰᠢᠭᠤᠢ ᠨᠤᠳᠤᠭ ᠪᠡᠯᠴᠢᠭᠡᠷ᠂ ᠪᠠᠶᠢᠭᠠᠯᠢ ᠶᠢᠨ ᠡᠬᠢ ᠪᠠᠶᠠᠯᠢᠭ᠂ ᠵᠠᠬ᠎ᠠ ᠲᠡᠯᠭᠡᠭᠦᠷ ᠢ ᠬᠢᠨᠠᠨ ᠬᠠᠮᠢᠶᠠᠷᠬᠤ ᠵᠡᠷᠭᠡ ᠡᠭᠦᠷᠭᠡ ᠴᠢᠳᠠᠪᠬᠢ ᠰᠠᠯᠠᠭ᠎ᠠ ᠮᠦᠴᠢᠷ ᠲᠠᠢ ᠬᠠᠮᠵᠢᠯᠴᠡᠨ ᠡᠷᠡᠮᠡᠯᠵᠡᠯᠡᠨ ᠮᠡᠳᠡᠭᠦᠯᠦᠭᠰᠡᠨ ᠮᠠᠲ᠋ᠧᠷᠢᠶᠠᠯ ᠢ ᠬᠢᠨᠠᠨ ᠬᠠᠷᠭᠤᠭᠤᠯᠵᠦ ︵ᠨᠠᠷᠢᠨ ᠤᠴᠢᠷ ᠤᠨ ᠲᠠᠭᠠᠯᠳᠦᠯ ᠬᠦᠰᠦᠨᠤᠭ᠌︶᠂ ᠬᠢᠨᠠᠨ ᠬᠠᠷᠭᠤᠭᠤᠯᠵᠦ ᠪᠠᠳᠤᠯᠠᠭᠰᠠᠨ ᠤ ᠲᠠᠷᠠᠭ᠎ᠠ ᠰᠠᠶ᠋ᠢ ᠬᠤᠯᠪᠤᠭᠳᠠᠯ ᠪᠦᠭᠦᠢ ᠭᠡᠷᠡᠴᠢ ᠪᠠᠳᠤᠯᠠᠪᠤᠷᠢ ᠶᠢᠨ ᠭᠠᠷᠳᠠᠮ ᠢ ᠬᠢᠵᠦ ᠪᠤᠯᠦᠨ᠎ᠡ᠃ ᠨᠠᠢᠮᠠᠳᠤᠭᠠᠷ ᠵᠦᠢᠯ     ᠰᠠᠯᠠᠭ᠎ᠠ ᠮᠦᠴᠢᠷ ᠤᠨ ᠡᠭᠦᠷᠭᠡ ᠲᠤᠰᠢᠶᠠᠯ ᠢ ᠲᠤᠳᠤᠷᠬᠠᠶᠢᠯᠠᠨ᠎ᠡ᠃ ︵ᠨᠢᠭᠡ︶ ᠰᠤᠶᠤᠯ ᠲᠡᠮᠢᠷ ᠵᠤᠭᠠᠴᠠᠯ ᠷᠠᠳᠢᠤ᠋ ᠲᠧᠯᠸᠢᠰ ᠲᠤᠪᠴᠢᠶ᠎ᠠ᠄ ᠵᠤᠭᠠᠴᠠᠯ ᠤᠨ ᠲᠦᠷᠦᠯ ᠵᠦᠢᠯ ᠢ ᠶᠡᠷᠦᠩᠬᠡᠶᠢᠯᠡᠨ ᠬᠢᠨᠠᠨ ᠵᠦᠪᠰᠢᠶᠡᠷᠡᠬᠦ᠂ ᠬᠢᠨᠠᠨ ᠬᠠᠮᠢᠶᠠᠷᠬᠤ ᠠᠵᠢᠯ ᠢ ᠵᠤᠬᠢᠶᠠᠨ ᠪᠠᠶᠢᠭᠤᠯᠦᠨ ᠬᠡᠷᠡᠭᠵᠢᠭᠦᠯᠬᠦ᠂ ᠬᠤᠯᠪᠤᠭ᠎ᠠ ᠠᠪᠬᠤ᠂ ᠱᠠᠭᠠᠷᠳᠠᠨ ᠪᠠᠶᠢᠴᠠᠭᠠᠵᠦ ᠰᠶᠢᠳᠪᠤᠷᠢᠯᠡᠬᠦ ᠵᠡᠷᠭᠡ ᠠᠵᠢᠯ ᠢ ᠲᠦᠷᠦᠬᠦᠯᠦᠨ ᠬᠠᠷᠢᠭᠤᠴᠠᠵᠦ ᠵᠤᠬᠢᠴᠠᠭᠤᠯᠦᠨ᠎ᠡ᠃ ᠵᠤᠭᠠᠴᠠᠯ ᠤᠨ ᠵᠠᠬ᠎ᠠ ᠲᠡᠯᠭᠡᠭᠦᠷ ᠤᠨ ᠶᠡᠷᠤᠩᠬᠡᠶᠢᠯᠡᠭᠰᠡᠨ ᠬᠢᠨᠠᠨ ᠬᠠᠮᠢᠶᠠᠷᠤᠯᠳᠠ ᠲᠤᠮᠳᠠᠬᠢ ᠭᠤᠤᠯᠳᠠᠯᠭ᠎ᠠ ᠲᠠᠢ ᠠᠰᠠᠭᠤᠳᠠᠯ᠂ ᠭᠤᠤᠯᠳᠠᠯᠭ᠎ᠠ ᠲᠠᠢ ᠬᠡᠷᠡᠭ ᠵᠡᠷᠭᠡ ᠶᠢ ᠱᠠᠭᠠᠷᠳᠠᠨ ᠪᠠᠶᠢᠴᠠᠭᠠᠵᠦ ᠰᠶᠢᠳᠪᠤᠷᠢᠯᠡᠨ᠎ᠡ︔ ᠬᠤᠯᠪᠤᠭᠳᠠᠯ ᠪᠦᠭᠦᠢ ᠰᠠᠯᠠᠭ᠎ᠠ ᠮᠦᠴᠢᠷ ᠢ ᠵᠤᠬᠢᠶᠠᠨ ᠪᠠᠶᠢᠭᠤᠯᠦᠨ ᠵᠤᠭᠠᠴᠠᠯ ᠤᠨ ᠵᠠᠬ᠎ᠠ ᠲᠡᠯᠭᠡᠭᠦᠷ ᠲᠤ ᠶᠡᠷᠤᠩᠬᠡᠶᠢᠯᠡᠭᠰᠡᠨ ᠬᠠᠤᠯᠢ ᠬᠡᠷᠡᠭᠵᠢᠭᠦᠯᠦᠯᠳ ᠶᠢᠨ ᠪᠠᠶᠢᠴᠠᠭᠠᠬᠤ ᠲᠤᠭᠤᠶᠢᠯᠡᠩ ᠢ ᠪᠠᠶᠢᠭᠤᠯᠵᠦ᠂ ᠲᠤᠭᠳᠠᠮᠠᠯ ᠬᠤᠭᠤᠴᠠᠭ᠎ᠠ ᠲᠠᠢ ᠪᠤᠶᠤ ᠲᠤᠭᠳᠠᠮᠠᠯ ᠪᠤᠰᠤ ᠬᠤᠭᠤᠴᠠᠭ᠎ᠠ ᠲᠠᠢ ᠪᠠᠷ ᠵᠤᠭᠠᠴᠠᠯ ᠤᠨ ᠵᠠᠬ᠎ᠠ ᠲᠡᠯᠭᠡᠭᠦᠷ ᠢ ᠴᠡᠭᠴᠡᠯᠡᠨ ᠵᠠᠰᠠᠭᠰᠠᠨ ᠠᠵᠢᠯ ᠤᠨ ᠪᠠᠶᠢᠳᠠᠯ ᠳᠤ ᠢᠯᠨ ᠪᠤᠶᠤ ᠨᠢᠭᠤᠴᠨ ᠰᠤᠷᠪᠤᠯᠵᠢᠯᠠᠭ᠎ᠠ᠂ ᠪᠠᠶᠢᠴᠠᠭᠠᠨ ᠵᠢᠯᠤᠭᠤᠳᠬᠤ᠂ ᠱᠠᠭᠠᠷᠳᠠᠨ ᠪᠠᠶᠢᠴᠠᠭᠠᠵᠦ ᠰᠶᠢᠳᠪᠦᠷᠢᠯᠡᠬᠦ ᠠᠵᠢᠯ ᠢ ᠦᠷᠨᠢᠭᠦᠯᠦᠨ᠎ᠡ︔ ᠲᠤᠰ ᠰᠢᠰᠲ᠋ᠧᠮ ᠤᠨ ᠵᠤᠭᠠᠴᠠᠯ ᠤᠨ ᠬᠤᠷᠢᠶ᠎ᠠ ᠵᠢᠴᠢ ᠵᠡᠮᠴᠢᠯᠠᠭᠴᠢ ᠶᠢᠨ ᠡᠯ᠎ᠡ ᠲᠦᠷᠦᠯ ᠤᠨ ᠬᠠᠤᠯᠢ ᠲᠦᠷᠢᠮ ᠠᠴᠠ ᠵᠦᠷᠢᠴᠡᠭᠰᠡᠨ ᠠᠵᠢᠯᠯᠠᠭ᠎ᠠ ᠶᠢ ᠪᠠᠶᠢᠴᠠᠭᠠᠨ ᠰᠶᠢᠳᠪᠤᠷᠢᠯᠡᠬᠦ ᠠᠵᠢᠯ ᠢ ᠵᠢᠭᠠᠨ ᠵᠢᠯᠤᠭᠤᠳᠤᠨ᠎ᠡ︔ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠲᠡᠤᠭᠡᠨ ᠲᠤᠷᠠᠰᠬᠠᠯᠳᠦ ᠵᠦᠢᠯᠡᠰ᠂ ᠦᠯᠡᠳᠡᠭᠳᠡᠯ ᠪᠠᠭᠤᠷᠢ ᠶᠢ ᠬᠠᠮᠠᠭᠠᠯᠠᠬᠤ ᠵᠡᠷᠭᠡ ᠲᠠᠯ᠎ᠠ ᠶᠢᠨ ᠬᠢᠨᠠᠨ ᠵᠦᠪᠰᠢᠶᠡᠷᠡᠭᠦ᠂ ᠬᠢᠨᠠᠨ ᠬᠠᠮᠢᠶᠠᠷᠬᠤ ᠠᠵᠢᠯ ᠢ ᠬᠠᠷᠢᠭᠤᠴᠠᠨ᠎ᠡ︔ ᠵᠤᠭᠠᠴᠠᠯ ᠤᠨ ᠲᠤᠭᠯᠠᠯᠳᠠ᠂ ᠰᠤᠶᠤᠯ ᠤᠷᠠᠯᠢᠭ ᠶᠢᠨ ᠲᠠᠯᠠᠪᠤᠷ ᠤᠨ ᠰᠤᠶᠤᠯ ᠤᠨ ᠡᠵᠡᠩᠨᠡᠯᠳᠡ ᠶᠢᠨ ᠠᠵᠢᠯᠯᠠᠭ᠎ᠠ ᠵᠡᠷᠭᠡ ᠲᠠᠯ᠎ᠠ ᠶᠢᠨ ᠵᠠᠷᠭᠤ ᠶᠢ ᠰᠶᠢᠳᠪᠤᠷᠢᠯᠡᠬᠦ ᠪᠡ ᠭᠡᠷᠡᠭ ᠢ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ᠃ ︵ᠬᠤᠶᠡᠷ︶ ᠲᠤᠳᠤᠭᠠᠳᠦ ᠶᠢ ᠬᠠᠮᠠᠭᠠᠯᠠᠬᠤ ᠲᠤᠪᠴᠢᠶ᠎ᠡ᠄ ᠵᠤᠭᠠᠴᠠᠯ ᠤᠨ ᠦᠵᠡᠮᠵᠢ ᠶᠢᠨ ᠤᠷᠤᠨ᠂ ᠵᠤᠭᠠᠴᠠᠯ ᠤᠨ ᠵᠠᠮ ᠬᠠᠷᠢᠯᠴᠠᠭᠠᠨ ᠤ ᠦᠷᠳᠡᠭᠡ ᠴᠢᠭ ᠵᠡᠷᠭᠡ ᠤᠷᠤᠨ ᠲᠤᠭᠤᠷᠢᠭ ᠲᠠᠬᠢ ᠵᠤᠭᠠᠴᠠᠭᠰᠡᠳ ᠤᠨ ᠡᠷᠭᠡ ᠠᠰᠢᠭ ᠲᠤ ᠬᠠᠯᠳᠠᠭᠰᠠᠨ ᠶᠠᠯᠠᠳᠦ ᠪᠦᠯᠦᠭ ᠲᠤ ᠬᠠᠤᠯᠢ ᠪᠠᠷ ᠴᠢᠩᠭ᠎ᠠ ᠴᠤᠬᠢᠯᠳᠠ ᠦᠭᠴᠦ᠂ ᠠᠯᠪᠡᠳᠡᠨ ᠪᠤᠷᠤᠯᠠᠭᠤᠯᠭ᠎ᠠ ᠬᠢᠯᠬᠡᠬᠦ᠂ ᠬᠢᠬᠠᠨ ᠠᠪᠬᠤ ᠵᠡᠷᠭᠡ ᠬᠠᠤᠯᠢ ᠶᠢ ᠵᠦᠷᠢᠴᠡᠭᠰᠡᠨ ᠶᠠᠯᠠᠳᠦ ᠠᠵᠢᠯᠯᠠᠭ᠎ᠠ ᠳᠤ ᠬᠠᠤᠯᠢ ᠪᠠᠷ ᠴᠤᠬᠢᠯᠳᠠ ᠦᠭᠭᠦᠨ᠎ᠡ︔ ᠵᠤᠭᠠᠴᠠᠯ ᠤᠨ ᠵᠠᠬ᠎ᠠ ᠲᠡᠯᠭᠡᠬᠦᠷ ᠤᠨ ᠴᠡᠭᠴᠡᠯᠡᠨ ᠵᠠᠰᠠᠬᠤ ᠲᠤᠮᠳᠠᠬᠢ ᠬᠦᠴᠦᠷᠭᠡᠭᠯᠡᠯ ᠢᠶᠠᠷ ᠬᠠᠤᠯᠢ ᠶᠢ ᠡᠰᠡᠷᠭᠦᠴᠡᠬᠦ ᠠᠵᠢᠯᠯᠠᠭ᠎ᠠ ᠳᠤ ᠬᠦᠴᠦᠳᠡᠢ ᠴᠤᠬᠢᠯᠳᠠ ᠦᠭᠬᠦ ᠶᠢ ᠬᠠᠷᠢᠭᠤᠴᠠᠨ᠎ᠡ︔ ᠡᠯ᠎ᠡ ᠵᠤᠭᠠᠴᠠᠯ ᠤᠨ ᠡᠵᠡᠩᠨᠡᠯᠳᠡ ᠶᠢᠨ ᠲᠠᠯᠠᠪᠤᠷ ᠤᠨ ᠠᠮᠤᠷ ᠲᠦᠪᠰᠢᠨ ᠤ ᠡᠮᠬᠢ ᠲᠢᠭᠯᠢᠮ ᠢ ᠵᠠᠰᠠᠨ ᠬᠢᠨᠠᠨ ᠬᠠᠮᠢᠶᠠᠷᠬᠤ ᠶᠢ ᠬᠠᠷᠢᠭᠤᠴᠠᠨ᠎ᠡ︔ ᠵᠤᠭᠠᠴᠠᠯ ᠤᠨ ᠦᠵᠡᠮᠵᠢ ᠶᠢᠨ ᠤᠷᠦᠨ ᠤ ᠦᠢᠷ᠎ᠡ ᠬᠠᠪᠢ ᠶᠢᠨ ᠵᠠᠮ ᠬᠠᠷᠢᠯᠴᠠᠭᠠᠨ ᠤ ᠡᠮᠬᠢ ᠲᠢᠭᠯᠢᠮ ᠢ ᠴᠢᠩᠭᠠᠳᠬᠠᠨ᠂ ᠵᠤᠭᠠᠴᠠᠯ ᠤᠨ ᠲᠡᠷᠭᠡ ᠲᠠᠭᠠᠭᠠᠵᠦ ᠠᠪᠬᠤ᠂ ᠵᠤᠴᠢᠳ ᠶᠢᠨ ᠵᠦᠭᠡᠭᠡᠪᠦᠷᠢᠯᠡᠬᠦ ᠲᠡᠷᠭᠡ ᠵᠢᠴᠢ ᠲᠡᠭᠦᠨ ᠳᠤ ᠬᠠᠷᠢᠶᠠᠯᠠᠭᠳᠠᠬᠤ ᠠᠵᠤ ᠠᠬᠤᠶᠢᠯᠡᠯ ᠬᠢᠭᠡᠳ ᠵᠢᠯᠤᠭᠤᠴᠢ ᠶᠢᠨ ᠡᠳᠦᠷ ᠲᠤᠳᠤᠮ ᠤᠨ ᠵᠠᠮ ᠬᠠᠷᠢᠯᠴᠠᠭᠠᠨ ᠤ ᠠᠮᠤᠷ ᠲᠦᠪᠰᠢᠨ ᠢ ᠬᠢᠨᠠᠨ ᠬᠠᠮᠢᠶᠠᠷᠬᠤ ᠶᠢ ᠴᠢᠩᠭᠠᠳᠬᠠᠨ᠂ ᠵᠤᠭᠠᠴᠠᠯ ᠤᠨ ᠵᠤᠴᠢᠳ ᠢ ᠵᠦᠭᠡᠭᠡᠪᠦᠷᠢᠯᠡᠬᠦ ᠲᠡᠷᠭᠡᠨ ᠤ ᠬᠤᠷᠳᠤᠴᠨ ᠠᠴᠠ ᠭᠡᠳᠦᠷᠡᠬᠦ᠂ ᠵᠤᠴᠢᠳ ᠤᠨ ᠲᠤᠭ᠎ᠠ ᠬᠡᠳᠦᠷᠡᠬᠦ᠂ ᠶᠠᠳᠠᠷᠠᠭᠰᠠᠨ ᠤ ᠲᠠᠷᠠᠭ᠎ᠠ ᠲᠡᠷᠭᠡ ᠵᠢᠯᠤᠭᠤᠳᠬᠤ ᠵᠡᠷᠭᠡ ᠵᠠᠮ ᠬᠠᠷᠢᠯᠴᠠᠭᠠᠨ ᠤ ᠬᠠᠤᠯᠢ ᠶᠢ ᠵᠦᠷᠢᠴᠡᠭᠰᠡᠨ ᠠᠵᠢᠯᠯᠠᠭ᠎ᠠ  ᠶᠢ ᠬᠠᠤᠯᠢ ᠪᠷ ᠪᠠᠶᠢᠴᠠᠭᠠᠨ ᠰᠶᠢᠳᠪᠤᠷᠢᠯᠡᠨ᠎ᠡ︔ ᠬᠤᠯᠪᠤᠭᠳᠠᠯ ᠪᠦᠭᠦᠢ ᠰᠠᠯᠠᠭ᠎ᠠ ᠮᠦᠴᠢᠷ ᠲᠠᠢ ᠬᠠᠮᠳᠤᠷᠠᠨ ︽ᠬᠠᠷ᠎ᠡ ᠪᠠᠭᠤᠳᠠᠯ︾᠂ ︽ᠬᠠᠷ᠎ᠡ ᠲᠡᠷᠭᠡ︾᠂ ︽ᠬᠠᠷ᠎ᠡ ᠵᠠᠮᠴᠢᠯᠠᠭᠴᠢ︾᠂ ︽ᠬᠠᠷ᠎ᠡ ᠬᠤᠷᠢᠶ᠎ᠠ︾ ᠶᠢ ᠴᠡᠪᠡᠷᠯᠡᠨ ᠴᠡᠭᠴᠡᠯᠡᠬᠦ ᠠᠵᠢᠯ ᠢ ᠢᠳᠡᠪᠬᠢᠳᠡᠢ ᠦᠷᠨᠢᠭᠦᠯᠦᠨ᠎ᠡ᠃ ︵ᠭᠤᠷᠪᠠ︶ ᠵᠠᠬ᠎ᠠ ᠲᠡᠯᠭᠡᠭᠦᠷ ᠢ ᠬᠢᠨᠠᠨ ᠬᠠᠮᠢᠶᠠᠷᠬᠤ ᠲᠤᠪᠴᠢᠶ᠎ᠡ᠄ ᠵᠤᠭᠠᠴᠠᠯ ᠤᠨ ᠵᠠᠬ᠎ᠠ ᠲᠡᠯᠭᠡᠭᠦᠷ ᠲᠤ ᠬᠤᠯᠪᠤᠭᠳᠠᠬᠤ ᠵᠠᠬ᠎ᠠ ᠲᠠᠯᠭᠡᠭᠦᠷ ᠤᠨ ᠬᠢᠨᠠᠨ ᠬᠠᠮᠢᠶᠠᠷᠤᠯᠳᠠ ᠶᠢᠨ ᠲᠠᠯ᠎ᠠ ᠪᠠᠷ ᠬᠢ ᠬᠢᠨᠠᠨ ᠵᠦᠪᠰᠢᠶᠡᠷᠡᠬᠦ᠂ ᠬᠢᠨᠠᠨ ᠬᠠᠮᠢᠶᠠᠷᠬᠤ ᠠᠵᠢᠯ ᠢ ᠬᠠᠷᠢᠭᠤᠴᠠᠨ᠎ᠡ᠃ ᠵᠤᠭᠠᠴᠠᠯ ᠤᠨ ᠵᠠᠬ᠎ᠠ ᠲᠡᠯᠭᠡᠭᠦᠷ ᠲᠠᠬᠢ ᠬᠤᠳᠠᠯ ᠬᠠᠭᠤᠷᠮᠠᠭ ᠵᠠᠷ᠂ ᠬᠤᠳᠠᠯ ᠬᠠᠭᠤᠷᠮᠠᠭ ᠪᠤᠶᠤ ᠪᠤᠰᠤᠳ ᠢ ᠪᠤᠷᠤᠭᠤ ᠪᠠᠷ ᠲᠠᠭᠠᠭᠤᠯᠬᠤ ᠤᠬᠠᠭᠤᠯᠭ᠎ᠠ᠂ ᠬᠠᠭᠤᠷᠮᠠᠭ ᠮᠠᠭᠤ ᠲᠠᠸᠠᠷ ᠪᠤᠷᠤᠯᠠᠭᠤᠯᠬᠤ᠂ ᠭᠡᠷ᠎ᠡ ᠶᠢᠨ ᠭᠡᠯᠪᠡᠷᠢ ᠪᠠᠷ ᠬᠡᠷᠡᠭᠯᠡᠭᠴᠢᠳ ᠤᠨ ᠬᠠᠤᠯᠢ ᠶᠤᠰᠦᠨ ᠤ ᠡᠷᠭᠡ ᠠᠰᠢᠭ ᠲᠤ ᠬᠠᠯᠳᠠᠬᠤ᠂ ᠭᠠᠭᠴᠠᠭᠠᠷ ᠡᠵᠡᠷᠭᠡᠬᠦ᠂ ᠬᠤᠳᠠᠯᠳᠤᠭᠠᠨ ᠤ ᠬᠠᠭ᠋ᠤᠤᠯᠢ ᠲᠦᠯᠬᠢᠬᠦ ᠵᠡᠷᠭᠡ ᠲᠦᠪ ᠪᠤᠰᠦ ᠦᠷᠢᠰᠦᠯᠳᠦᠭᠡᠨ ᠵᠢᠴᠢ ᠪᠤᠰᠤᠳ ᠵᠦᠢᠯ  ᠤᠨ ᠬᠠᠤᠯᠢ ᠴᠠᠭᠠᠵᠨ ᠬᠠᠤᠯᠢ ᠲᠦᠷᠢᠮ ᠢ ᠵᠦᠷᠢᠴᠡᠭᠰᠡᠨ ᠠᠵᠢᠯᠯᠠᠭ᠎ᠠ ᠶᠢ ᠬᠠᠤᠯᠢ ᠪᠠᠷ ᠪᠠᠶᠢᠴᠠᠭᠠᠵᠦ ᠰᠶᠢᠳᠪᠤᠷᠢᠯᠡᠨ᠎ᠡ ︔ ᠵᠤᠭᠠᠴᠠᠯ ᠤᠨ ᠵᠠᠬ᠎ᠠ ᠲᠡᠯᠭᠡᠭᠦᠷ ᠤᠨ ᠪᠤᠳᠡᠰ ᠬᠤᠳᠠᠯᠳᠦᠨ ᠠᠪᠬᠤ ᠴᠢᠭ ᠤᠨ ᠬᠡᠮᠵᠢᠭᠦᠷ ᠤᠨ ᠪᠠᠭᠠᠵᠢ ᠵᠢᠴᠢ ᠲᠦᠷᠢᠶᠡᠰᠦᠨ ᠲᠡᠷᠭᠡᠨ ᠤ ᠦᠨ᠎ᠡ ᠬᠠᠩᠰᠢ ᠶᠢ ᠢᠯᠡᠳᠭᠡᠬᠦ ᠲᠦᠭᠦᠭᠡᠷᠦᠮᠵᠢ ᠵᠡᠷᠭᠡ ᠬᠡᠮᠵᠢᠭᠦᠷ ᠤᠨ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢ ᠵᠠᠷᠭᠤᠯᠳᠤᠭᠰᠠᠨ ᠤᠴᠢᠷ ᠪᠠ ᠬᠡᠷᠡᠭ ᠢ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ ︔ ᠵᠤᠭᠠᠴᠠᠯ ᠤᠨ ᠠᠵᠤ ᠠᠬᠤᠶᠢᠯᠡᠯ ᠬᠤᠳᠠᠯ ᠬᠠᠭᠤᠷᠮᠠᠭ ᠮᠠᠭᠤ ᠵᠤᠭᠠᠴᠠᠯ ᠤᠨ ᠲᠠᠸᠠᠷ ᠢ ᠦᠢᠯᠡᠳᠪᠤᠷᠢᠯᠡᠨ ᠪᠤᠷᠤᠯᠠᠭᠤᠯᠬᠤ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢ ᠪᠠᠶᠢᠴᠠᠭᠠᠨ ᠰᠶᠢᠳᠪᠤᠷᠢᠯᠡᠨ᠎ᠡ︔ ᠵᠤᠭᠠᠴᠠᠯ ᠤᠨ ᠦᠵᠡᠮᠵᠢ ᠶᠢᠨ ᠤᠷᠤᠨ ᠴᠢᠭ ᠤᠨ ᠵᠤᠴᠢᠳ ᠢ ᠵᠦᠭᠡᠭᠡᠪᠦᠷᠢᠯᠡᠬᠦ ᠲᠡᠭᠦᠵᠢᠩ ᠵᠠᠮ᠂ ᠲᠤᠮᠤ ᠭᠡᠯᠪᠡᠷᠢ ᠶᠢᠨ ᠵᠤᠭ᠎ᠠ ᠴᠠᠩᠭᠡᠯ ᠤᠨ ᠲᠤᠨᠤᠭ ᠲᠦᠭᠦᠭᠡᠷᠦᠮᠵᠢ᠂ ᠴᠠᠬᠢᠯᠭᠠᠨ ᠱᠠᠳᠦ᠂ ᠬᠦᠸ᠋ᠯᠳᠦ᠂ ᠲᠠᠷᠦᠯᠳᠠᠳᠦ ᠪᠠᠭᠠᠵᠢ ᠲᠦᠭᠦᠭᠡᠷᠦᠮᠵᠢ ᠵᠡᠷᠭᠡ ᠤᠨᠴᠨ ᠲᠦᠷᠦᠯ ᠤᠨ ᠲᠦᠭᠦᠭᠡᠷᠦᠮᠵᠢ ᠶᠢ ᠬᠢᠨᠠᠨ ᠬᠠᠮᠢᠶᠠᠷᠬᠤ ᠠᠵᠢᠯ ᠢ ᠬᠠᠷᠢᠭᠤᠴᠠᠨ᠎ᠡ︔ ᠵᠤᠭᠠᠴᠠᠯ ᠤᠨ ᠵᠠᠬ᠎ᠠ ᠲᠡᠯᠭᠡᠭᠦᠷ ᠤᠨ ᠦᠨ᠎ᠡ ᠬᠠᠩᠰᠢ ᠶᠢ ᠬᠢᠨᠠᠨ ᠬᠠᠮᠢᠶᠠᠷᠬᠤ ᠶᠢ ᠬᠠᠷᠢᠭᠤᠴᠠᠨ᠎ᠡ︔ ᠵᠤᠭᠠᠴᠠᠯ ᠤᠨ ᠵᠠᠬ᠎ᠠ ᠲᠡᠯᠭᠡᠭᠦᠷ  ᠤᠨ ᠵᠠᠬᠢᠳᠡᠯ ᠰᠤᠷᠪᠤᠯᠵᠢᠯᠠᠭ᠎ᠠ᠂ ᠵᠠᠷᠭᠤ᠂ ᠯᠠᠪᠯᠡᠨ ᠠᠰᠠᠭᠤᠬᠤ᠂ ᠢᠯᠡᠴᠢᠯᠡᠨ ᠮᠡᠳᠡᠭᠦᠯᠬᠦ ᠵᠢᠴᠢ ᠦᠨ᠎ᠡ ᠬᠠᠩᠰᠢ ᠶᠢᠨ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢᠨ ᠭᠡᠷᠡᠭ ᠢ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ︔ ᠵᠤᠭᠠᠴᠠᠯ  ᠤᠨ ᠦᠵᠡᠮᠵᠢ ᠶᠢᠨ ᠤᠷᠤᠨ᠂ ᠵᠤᠭᠠᠴᠠᠭᠰᠡᠳ ᠤᠨ ᠲᠦᠪᠯᠡᠷᠡᠩᠭᠦᠢ ᠪᠠ ᠲᠠᠷᠬᠠᠢ ᠪᠠᠶᠢᠬᠤ ᠭᠠᠵᠠᠷ᠂ ᠵᠤᠭᠠᠴᠠᠯ ᠤᠨ ᠬᠠᠮᠢᠶ᠎ᠠ ᠲᠠᠢ ᠲᠠᠯᠠᠪᠤᠷ ᠤᠨ ᠢᠳᠡᠭᠡᠨ ᠤ ᠵᠦᠢᠯᠡᠰ ᠤᠨ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢᠨ ᠵᠠᠷᠭᠤ ᠶᠢ ᠰᠶᠢᠳᠪᠦᠷᠢᠯᠡᠬᠦ ᠪᠠ ᠭᠡᠷᠡᠭ ᠢ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ︔ ᠵᠤᠭᠠᠴᠠᠯ ᠤᠨ ᠪᠦᠯᠭᠦᠮ ᠢ ᠬᠦᠯᠢᠶᠡᠨ ᠠᠪᠴᠦ ᠬᠤᠭᠤᠯᠨ ᠤᠮᠳᠠᠭᠠᠨ ᠤ ᠦᠢᠯᠡᠴᠢᠯᠡᠭᠡ ᠶᠢ ᠬᠠᠩᠭᠠᠵᠦ ᠪᠦᠭᠦᠢ ᠪᠠᠶᠢᠭᠤᠯᠭ᠎ᠠ ᠶᠢᠨ ᠢᠳᠡᠭᠡᠨ ᠤ ᠵᠦᠢᠯᠡᠰ ᠤᠨ ᠠᠮᠤᠷ ᠲᠦᠪᠰᠢᠨ ᠤ ᠭᠡᠮ ᠰᠤᠭᠤᠭ ᠢ ᠪᠠᠶᠢᠴᠠᠭᠠᠬᠤ ᠪᠠ ᠬᠢᠨᠠᠨ ᠱᠠᠭᠠᠷᠳᠠᠵᠦ ᠪᠠᠶᠢᠴᠠᠭᠠᠬᠤ ᠠᠵᠢᠯ ᠢ ᠬᠠᠷᠢᠭᠤᠴᠠᠨ᠎ᠡ︔ ᠵᠤᠭᠠᠴᠠᠯ ᠤᠨ ᠢᠳᠡᠭᠡᠨ ᠤᠮᠳᠠᠭᠠᠨ ᠤ ᠪᠠᠶᠢᠭᠤᠯᠭ᠎ᠠ ᠳᠤ ᠢᠳᠡᠭᠡᠨ ᠤᠮᠳᠠᠭᠠᠨ ᠤ ᠦᠢᠯᠡᠴᠢᠯᠡᠭᠡᠨ  ᠤ ᠵᠦᠪᠰᠢᠶᠡᠷᠡᠯ ᠤᠯᠭᠤᠬᠤ ᠶᠢ ᠬᠡᠷᠡᠭᠵᠢᠭᠦᠯᠦᠨ᠎ᠡ︔ ᠵᠤᠭᠠᠴᠠᠯ ᠤᠨ ᠦᠵᠡᠮᠵᠢ ᠶᠢᠨ ᠤᠷᠦᠨ᠂ ᠪᠠᠭᠤᠳᠠᠯ ᠤᠨ ᠢᠳᠡᠭᠡᠨ ᠤ ᠵᠦᠢᠯᠡᠰ ᠤᠨ ᠠᠮᠤᠷ ᠲᠦᠪᠰᠢᠨ ᠤ ᠬᠢᠨᠠᠨ ᠬᠠᠮᠢᠶᠠᠷᠤᠯᠳᠠ ᠶᠢ ᠬᠠᠷᠢᠭᠤᠴᠠᠨ᠎ᠡ᠃ ︵ᠲᠦᠷᠪᠡ︶ ᠵᠠᠮ ᠬᠠᠷᠢᠯᠴᠠᠭ᠎ᠠ ᠵᠦᠭᠡᠭᠡᠪᠦᠷᠢ ᠶᠢᠨ ᠲᠤᠪᠴᠢᠶ᠎ᠡ᠄ ᠵᠠᠮ ᠵᠦᠭᠡᠭᠡᠪᠤᠷᠢ ᠶᠢᠨ ᠡᠵᠡᠩᠨᠡᠯᠳᠡ ᠶᠢᠨ ᠵᠦᠪᠰᠢᠶᠡᠷᠡᠯ ᠦᠭᠡᠢ ᠲᠤᠷ᠎ᠡ ᠪᠠᠷ ᠢᠶᠠᠨ ᠵᠤᠭᠠᠴᠠᠯ ᠤᠨ ᠵᠤᠴᠢᠳ ᠢ ᠵᠦᠭᠡᠭᠡᠪᠦᠷᠢᠯᠡᠬᠦ ᠬᠠᠤᠯᠢ ᠠᠴᠠ ᠵᠦᠷᠢᠴᠡᠭᠰᠡᠨ ᠠᠵᠢᠯᠯᠠᠭ᠎ᠠ ᠳᠤ ᠴᠤᠬᠢᠯᠳᠠ ᠦᠭᠴᠦ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ︔ ᠲᠤᠰ ᠰᠠᠯᠠᠭ᠎ᠠ ᠮᠦᠴᠢᠷ  ᠤᠨ ᠢᠶᠠᠨ ᠵᠠᠰᠠᠮᠠᠯ ᠵᠠᠮ ᠢ ᠠᠷᠠᠴᠢᠯᠠᠨ ᠬᠠᠮᠢᠶᠠᠷᠴᠦ ᠪᠠᠶᠢᠭ᠎ᠠ ᠵᠠᠮ ᠱᠤᠭᠤᠮ ᠤᠨ ᠭᠡᠪᠴᠢᠶᠡᠨ ᠲᠤᠳᠤᠷᠡᠬᠢ ᠬᠠᠤᠯᠢ ᠪᠠᠷ ᠪᠠᠶᠢᠭᠤᠯᠤᠭᠰᠠᠨ ᠦᠵᠡᠮᠵᠢ ᠶᠢᠨ ᠤᠷᠤᠨ᠂ ᠦᠵᠡᠮᠵᠢ ᠶᠢᠨ ᠴᠢᠭ ᠤᠨ ᠵᠢᠭᠠᠯᠳᠠ ᠢᠯᠡᠷᠭᠡᠶᠢᠯᠡᠯ ᠨᠢ ᠬᠠᠯᠠᠭᠯᠠᠭᠳᠠᠭᠰᠠᠨ ᠵᠠᠷᠭᠤ ᠢ ᠰᠶᠢᠳᠪᠤᠷᠢᠯᠡᠬᠦ ᠶᠢ ᠬᠠᠷᠢᠭᠤᠴᠡᠨ᠎ᠡ︔ ᠵᠤᠭᠠᠴᠠᠯ ᠤᠨ ᠰᠠᠯᠠᠭ᠎ᠠ ᠮᠦᠴᠢᠷ ᠲᠠᠢ ᠬᠠᠮᠳᠤᠷᠠᠨ ᠵᠠᠮ ᠵᠤᠭᠠᠴᠠᠯ  ᠤᠨ ᠵᠦᠭᠡᠭᠡᠪᠤᠷᠢ ᠶᠢᠨ ᠵᠠᠬ᠎ᠠ ᠲᠡᠯᠭᠡᠭᠦᠷ ᠤᠨ ᠡᠮᠬᠢ ᠲᠢᠭᠯᠢᠮ ᠢ ᠴᠡᠭᠴᠡᠯᠡᠨ ᠵᠠᠰᠠᠵᠦ᠂ ᠬᠦᠷᠢᠶ᠎ᠡ ᠭᠡᠪᠴᠢᠶ᠎ᠡ ᠠᠴᠠ ᠭᠡᠳᠦᠷᠡᠭᠦᠯᠦᠨ ᠵᠤᠭᠠᠴᠠᠯ ᠤᠨ ᠵᠤᠴᠢᠳ ᠢ ᠵᠦᠭᠡᠭᠡᠪᠤᠷᠢᠯᠡᠬᠦ ᠡᠵᠡᠩᠨᠡᠯᠳᠡ ᠶᠢᠨ ᠠᠵᠢᠯᠯᠠᠭ᠎ᠠ ᠳᠤ ᠴᠤᠬᠢᠯᠳᠠ ᠦᠭᠬᠦ᠂ ᠵᠤᠭᠠᠴᠠᠯ ᠤᠨ ᠬᠤᠷᠢᠶ᠎ᠠ ᠨᠢ ᠲᠤᠭᠳᠠᠭᠠᠯ ᠢ ᠵᠦᠷᠢᠴᠡᠨ ᠲᠦᠷᠢᠶᠡᠰᠦᠨ ᠲᠡᠷᠭᠡ ᠲᠠᠭᠠᠭᠠᠴᠢᠯᠠᠨ ᠠᠪᠴᠦ ᠵᠤᠭᠠᠴᠠᠭᠰᠡᠳ  ᠢ ᠵᠦᠭᠡᠭᠡᠪᠦᠷᠢᠯᠡᠬᠦ ᠡᠵᠡᠩᠨᠡᠯᠳᠡ ᠬᠢᠬᠦ ᠠᠵᠢᠯᠯᠠᠭ᠎ᠠ ᠶᠢ ᠪᠠᠶᠢᠴᠠᠭᠠᠨ ᠰᠶᠢᠳᠪᠤᠷᠢᠯᠡᠬᠦ᠂ ᠵᠤᠭᠠᠴᠠᠭᠰᠠᠳ ᠢ ᠵᠦᠭᠡᠭᠡᠪᠦᠷᠢᠯᠡᠬᠦ ᠡᠵᠡᠩᠨᠡᠭᠴᠢ ᠪᠤᠯᠦᠨ ᠵᠤᠭᠠᠴᠠᠯ ᠢ ᠡᠵᠡᠩᠨᠡᠭᠴᠢ ᠨᠢ ᠵᠤᠭᠠᠴᠠᠯ ᠤᠨ ᠭᠡᠷ᠎ᠡ ᠲᠤᠭᠳᠠᠬᠤ ᠦᠭᠡᠢ ᠪᠠᠶᠢᠬᠤ ᠠᠵᠢᠯᠯᠠᠭ᠎ᠠ ᠶᠢ ᠪᠠᠶᠢᠴᠠᠭᠠᠨ ᠰᠶᠢᠳᠪᠤᠷᠢᠯᠡᠬᠦ ᠵᠡᠷᠭᠡ ᠶᠢ ᠬᠠᠷᠢᠭᠤᠴᠠᠨ᠎ᠡ︔ ᠲᠦᠷᠢᠶᠡᠰᠦᠨ ᠲᠡᠷᠭᠡᠨ ᠤ ᠡᠵᠡᠩᠨᠡᠨ ᠬᠠᠮᠢᠶᠠᠷᠤᠯᠳᠠ ᠶᠢ ᠴᠢᠩᠭᠠᠳᠬᠠᠵᠦ᠂ ᠲᠦᠷᠢᠶᠡᠰᠦᠨ ᠲᠡᠷᠭᠡᠨ ᠤ ᠠᠴᠢᠶᠠᠯᠠᠬᠤ ᠶᠢ ᠲᠡᠪᠴᠢᠬᠦ᠂ ᠵᠤᠴᠢᠳ ᠢ ᠬᠠᠶᠠᠬᠤ᠂ ᠵᠤᠷᠢᠭᠤᠳᠠ ᠲᠤᠭᠤᠷᠢᠵᠦ ᠶᠠᠪᠤᠬᠤ᠂ ᠲᠤᠷ᠎ᠡ ᠪᠠᠷ ᠢᠶᠠᠨ ᠦᠨ᠎ᠡ ᠬᠠᠩᠰᠢ ᠶᠢ ᠦᠰᠭᠡᠬᠦ ᠵᠡᠷᠭᠡ ᠠᠵᠢᠯᠯᠠᠭ᠎ᠠ ᠶᠢ ᠶᠡᠭᠡᠪᠡᠷ ᠵᠠᠰᠠᠨ ᠴᠡᠭᠴᠡᠯᠡᠨ᠎ᠡ᠃ ︵ᠲᠠᠪᠤ︶ ᠠᠵᠤ ᠦᠢᠯᠡᠳᠪᠤᠷᠢ ᠰᠤᠷᠠᠭ ᠵᠠᠩᠬᠢ ᠶᠢᠨ ᠲᠤᠪᠴᠢᠶ᠎ᠡ᠄ ︵ᠬᠤᠳᠠᠯᠳᠤᠭᠠᠨ ᠤ ᠶᠠᠪᠤᠳᠠᠯ ᠤᠨ ᠲᠤᠪᠴᠢᠶ᠎ᠡ︶ ᠠᠷᠠᠯᠵᠢᠶ᠎ᠠ ᠬᠤᠳᠠᠯᠳᠤᠭᠠᠨ ᠤ ᠦᠢᠯᠡᠴᠢᠯᠡᠭᠡᠨ ᠤ ᠦᠢᠯᠡᠰ ︵ᠢᠳᠡᠭᠡ ᠤᠮᠳᠠᠭᠠᠨ ᠬᠤᠨᠤᠭᠯᠠᠬᠤ ᠦᠢᠯᠡᠰ ᠪᠠᠭᠳᠠᠨ᠎ᠠ︶ ᠤᠨ ᠠᠵᠢᠯ ᠲᠦᠷᠦᠯ ᠤᠨ ᠬᠠᠮᠢᠶᠠᠷᠤᠯᠳᠠ ᠶᠢᠨ ᠠᠵᠢᠯ ᠢ ᠡᠭᠦᠷᠭᠡᠯᠡᠨ᠎ᠡ︔ ᠡᠭᠦᠷᠭᠡ ᠲᠤᠰᠢᠶᠠᠯ ᠤᠨ ᠭᠡᠪᠴᠢᠶᠡᠨ ᠲᠤᠳᠤᠷᠠᠬᠢ ᠵᠤᠭᠠᠴᠠᠯ ᠤᠨ ᠪᠦᠯᠭᠦᠮ ᠢ ᠬᠦᠯᠢᠶᠡᠨ ᠠᠪᠬᠤ ᠢᠳᠡᠭᠡᠨ ᠤᠮᠳᠠᠭᠠᠨ᠂ ᠬᠤᠨᠤᠭ ᠪᠠᠭᠤᠳᠠᠯ ᠤᠨ ᠦᠢᠯᠡᠴᠢᠯᠡᠭᠡᠨ ᠤ ᠪᠠᠶᠢᠭᠤᠯᠭ᠎ᠠ ᠶᠢᠨ ᠡᠯ᠎ᠡ ᠵᠦᠢᠯ ᠤᠨ ᠵᠠᠷᠭᠤ ᠬᠡᠷᠡᠭ ᠢ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ᠃ ︵ᠵᠢᠷᠭᠤᠭ᠎ᠠ︶ ᠪᠠᠴᠢᠮ ᠪᠠᠶᠢᠳᠠᠯ ᠤᠨ ᠬᠠᠮᠢᠶᠠᠷᠤᠯᠳᠠ ᠶᠢᠨ ᠲᠤᠪᠴᠢᠶ᠎ᠡ᠄ ᠡᠯ᠎ᠡ ᠵᠤᠭᠠᠴᠠᠯ ᠤᠨ ᠡᠵᠡᠩᠨᠡᠯᠳᠡ ᠶᠢᠨ ᠤᠷᠦᠨ ᠲᠠᠯᠠᠪᠤᠷ ᠤᠨ ᠠᠶᠤᠯᠭᠦᠢ ᠦᠢᠯᠡᠳᠪᠤᠷᠢᠯᠡᠯ ᠵᠢᠴᠢ ᠭᠠᠯ ᠤᠨᠳᠠᠷᠠᠭᠠᠬᠤ ᠠᠮᠤᠷ ᠲᠦᠪᠰᠢᠨ ᠤ ᠬᠢᠨᠠᠨ ᠬᠠᠮᠢᠶᠠᠷᠤᠯᠳᠠ ᠶᠢ ᠬᠠᠷᠢᠭᠤᠴᠠᠨ᠎ᠡ︔ ᠬᠠᠤᠯᠢ ᠪᠠᠷ ᠵᠤᠭᠠᠴᠠᠯ ᠤᠨ ᠠᠵᠤ ᠠᠬᠤᠶᠢᠯᠡᠯ ᠪᠤᠶᠤ ᠵᠤᠭᠠᠴᠠᠯ ᠤᠨ ᠦᠢᠯᠡᠳᠪᠤᠷᠢᠯᠡᠯ ᠡᠵᠡᠩᠨᠡᠯᠳᠡ ᠲᠤᠮᠳᠠ ᠡᠭᠦᠰᠬᠦ ᠦᠢᠯᠡᠳᠪᠤᠷᠢᠯᠡᠯ ᠤᠨ ᠠᠮᠤᠷ ᠲᠦᠪᠰᠢᠨ ᠤ ᠠᠳᠡᠯ ᠭᠡᠷᠡᠭ ᠢ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ᠃ ︵ᠲᠤᠯᠤᠭ᠎ᠠ︶ ᠤᠢ ᠰᠢᠭᠤᠢ ᠨᠤᠳᠤᠭ ᠪᠡᠯᠴᠢᠭᠡᠷ ᠤᠨ ᠲᠤᠪᠴᠢᠶ᠎ᠡ᠄ ᠵᠤᠭᠠᠴᠠᠯ ᠤᠨ ᠵᠠᠬ᠎ᠠ ᠲᠡᠯᠭᠡᠭᠦᠷ ᠨᠢ ᠤᠢ ᠰᠢᠭᠤᠢ᠂ ᠨᠤᠳᠤᠭ ᠪᠡᠯᠴᠢᠭᠡᠷ ᠤᠨ ᠬᠢᠨᠠᠨ ᠵᠦᠪᠰᠢᠶᠡᠷᠡᠬᠦ ᠳᠤ ᠬᠤᠯᠪᠤᠭᠳᠠᠬᠤ᠂ ᠬᠢᠨᠠᠨ ᠬᠠᠮᠢᠶᠠᠷᠬᠤ ᠠᠵᠢᠯ ᠢ ᠬᠠᠷᠢᠭᠤᠴᠠᠬᠤ ᠶᠢᠨ ᠬᠠᠮᠳᠦ ᠨᠤᠳᠤᠭ ᠪᠡᠯᠴᠢᠭᠡᠷ ᠢ ᠲᠠᠳᠠᠪᠦᠷᠢᠯᠡᠨ ᠡᠵᠡᠯᠡᠨ ᠬᠡᠷᠡᠭᠯᠡᠬᠦ ᠭᠠᠷ ᠬᠦᠢᠴᠡᠳᠭᠡᠯ ᠬᠢᠬᠦ ᠶᠢ ᠬᠠᠷᠢᠭᠤᠴᠠᠨ᠎ᠡ︔ ᠵᠤᠭᠠᠴᠠᠯ ᠤᠨ ᠦᠵᠡᠮᠵᠢ ᠶᠢᠨ ᠤᠷᠤᠨ ᠬᠠᠤᠯᠢ ᠶᠢ ᠵᠦᠷᠢᠴᠡᠵᠦ ᠭᠠᠵᠡᠷ ᠡᠵᠡᠯᠡᠬᠦ᠂ ᠤᠢ ᠰᠢᠭᠤᠢ  ᠶᠢᠨ ᠭᠠᠵᠠᠷ ︵ᠨᠤᠭᠤ ᠭᠠᠵᠠᠷ︶᠂ ᠪᠡᠯᠴᠢᠭᠡᠷ᠂ ᠤᠢ ᠮᠤᠳᠦ ᠶᠢ ᠡᠪᠳᠡᠨ ᠰᠦᠢᠳᠭᠡᠬᠦ᠂ ᠵᠤᠭᠠᠴᠠᠯ ᠤᠨ ᠠᠵᠤ ᠠᠬᠤᠶᠢᠯᠠᠯ ᠪᠤᠶᠤ ᠲᠤᠰ ᠦᠢᠯᠡᠰ ᠢ ᠡᠷᠬᠢᠯᠡᠵᠦ ᠪᠠᠶᠢᠭ᠎ᠠ ᠬᠦᠮᠦᠰ ᠬᠠᠤᠯᠢ ᠪᠤᠰᠤ ᠪᠠᠷ ᠭᠡᠭᠡᠷ᠎ᠡ ᠶᠢᠨ ᠵᠡᠷᠯᠢᠭ ᠠᠮᠢᠳᠡᠳ  ᠢ ᠰᠠᠷᠢᠭᠠᠯᠠᠨ ᠬᠤᠳᠠᠯᠳᠤᠬᠤ ᠵᠡᠷᠭᠡ ᠤᠢ ᠰᠢᠭᠤᠢ᠂ ᠨᠤᠳᠤᠭ ᠪᠡᠯᠴᠢᠭᠡᠷ ᠢ ᠡᠪᠳᠡᠨ ᠰᠦᠢᠳᠭᠡᠭᠰᠡᠨ ᠠᠰᠠᠭᠤᠳᠠᠯ ᠢ ᠴᠡᠭᠴᠡᠯᠡᠨ ᠵᠠᠰᠠᠬᠤ ᠶᠢ ᠬᠠᠷᠢᠭᠤᠴᠠᠨ᠎ᠡ᠃ ︵ᠨᠠᠢᠮᠨ︶ ᠪᠠᠶᠢᠭᠠᠯᠢ ᠶᠢᠨ ᠡᠬᠢ ᠪᠡᠶᠠᠯᠢᠭ ᠤᠨ ᠲᠤᠪᠴᠢᠶ᠎ᠡ᠄ ᠵᠤᠭᠠᠴᠠᠯ ᠤᠨ ᠦᠢᠯᠡᠰ ᠢ ᠬᠦᠭᠵᠢᠭᠦᠯᠬᠦ ᠳᠤ ᠬᠡᠷᠡᠭᠯᠡᠬᠦ ᠭᠠᠵᠠᠷ ᠤᠨ ᠪᠠᠳᠤᠯᠠᠭ᠎ᠠ ᠶᠢ ᠬᠠᠷᠢᠭᠤᠴᠠᠵᠦ᠂ ᠬᠤᠯᠪᠤᠭᠳᠡᠯ ᠪᠦᠭᠦᠢ ᠲᠦᠯᠦᠪᠵᠢᠭᠦᠯᠭᠡ ᠳᠤ ᠨᠡᠶᠢᠴᠡᠭᠰᠡᠨ ᠵᠤᠭᠠᠴᠠᠯ ᠤᠨ ᠲᠦᠷᠦᠯ ᠵᠦᠢᠯ ᠢ ᠪᠦᠳᠦᠭᠡᠨ ᠪᠠᠶᠢᠭᠤᠯᠬᠤ ᠴᠠᠭ ᠤᠨ ᠲᠡᠰ ᠲᠠᠷᠠᠭᠠᠯᠠᠯ ᠢᠶᠠᠷ ᠰᠢᠨ᠎ᠡ ᠪᠠᠷ ᠨᠡᠮᠡᠵᠦ ᠪᠦᠳᠦᠭᠡᠨ ᠪᠠᠶᠢᠭᠤᠯᠬᠤ ᠳᠤ ᠬᠡᠷᠡᠭᠯᠡᠬᠦ ᠭᠠᠵᠠᠷ ᠤᠨ ᠲᠦᠯᠦᠪᠯᠡᠭᠰᠡᠨ ᠬᠦᠢᠴᠡᠳᠭᠡᠯ ᠲᠤᠭ᠎ᠠ ᠶᠢ ᠴᠠᠭ ᠲᠤᠨᠢ ᠲᠤᠬᠢᠷᠠᠭᠤᠯᠵᠦ᠂ ᠭᠠᠵᠠᠷ ᠰᠢᠷᠦᠢ ᠶᠢ ᠰᠢᠯᠵᠢᠭᠦᠯᠦᠨ ᠬᠡᠷᠡᠭᠯᠡᠬᠦ᠂ ᠲᠠᠳᠠᠪᠤᠷᠢᠯᠡᠨ ᠬᠤᠷᠢᠶᠠᠬᠤ ᠪᠤᠶᠤ ᠪᠤᠴᠠᠭᠠᠨ ᠬᠤᠷᠢᠶᠠᠬᠤ ᠭᠠᠷᠳᠠᠮ ᠢ ᠬᠠᠤᠯᠢ ᠶᠤᠰᠤᠭᠠᠷ ᠰᠶᠢᠳᠪᠤᠷᠢᠯᠡᠬᠦ ᠶᠢ ᠬᠠᠷᠢᠭᠤᠴᠠᠨ᠎ᠡ᠃ ︵ᠶᠢᠰᠦ︶ ᠠᠮᠢ ᠠᠬᠤᠢ ᠤᠷᠴᠢᠨ ᠲᠤᠭᠤᠷᠢᠨ ᠢ ᠬᠠᠮᠠᠭᠠᠯᠠᠬᠤ ᠲᠤᠪᠴᠢᠶ᠎ᠡ᠄ ᠠᠮᠢ ᠠᠬᠤᠢ ᠤᠷᠴᠢᠨ ᠲᠤᠭᠤᠷᠢᠨ ᠢ ᠬᠠᠮᠠᠭᠠᠯᠠᠬᠤ ᠬᠤᠪᠢᠶᠠᠷᠢ ᠲᠤᠪᠴᠢᠶ᠎ᠡ ᠨᠢ ᠵᠤᠭᠠᠴᠠᠯ ᠤᠨ ᠲᠦᠷᠦᠯ ᠵᠦᠢᠯ ᠤᠨ ᠤᠷᠴᠢᠨ ᠲᠤᠭᠤᠷᠢᠨ ᠢ ᠨᠦᠯᠦᠭᠡᠯᠡᠬᠦ ᠦᠨᠡᠯᠡᠯᠳᠡ ᠶᠢᠨ ᠪᠢᠴᠢᠭ ᠮᠠᠲ᠋ᠧᠷᠢᠶᠠᠯ ᠢ ᠬᠢᠨᠡᠨ ᠵᠦᠪᠰᠢᠶᠡᠷᠡᠬᠦ ᠠᠵᠢᠯ ᠢ ᠬᠠᠷᠢᠭᠤᠴᠠᠵᠦ᠂ ᠤᠷᠴᠢᠨ ᠲᠤᠭᠤᠷᠢᠨ ᠢ ᠬᠠᠮᠠᠭᠠᠯᠠᠬᠤ ᠬᠠᠮᠢᠶ᠎ᠡ ᠪᠦᠭᠦᠢ ᠬᠠᠤᠯᠢ ᠴᠠᠭᠠᠵᠨ ᠬᠠᠤᠯᠢ ᠲᠦᠷᠢᠮ ᠵᠢᠴᠢ ᠱᠠᠭᠠᠷᠳᠠᠯᠭ᠎ᠠ ᠳᠤ ᠨᠡᠶᠢᠴᠡᠬᠦ ᠵᠤᠭᠠᠴᠠᠯ ᠤᠨ ᠲᠦᠷᠦᠯ ᠵᠦᠢᠯ ᠳᠤ ᠬᠠᠤᠯᠢ ᠪᠠᠷ ᠤᠷᠴᠢᠨ ᠲᠤᠭᠤᠷᠢᠨ ᠢ ᠨᠦᠯᠦᠭᠡᠯᠡᠬᠦ ᠦᠨᠡᠯᠡᠯᠳᠡ ᠶᠢᠨ ᠭᠠᠷᠳᠠᠮ ᠬᠢᠵᠦ ᠦᠭᠭᠦᠨ᠎ᠡ᠃ ᠵᠤᠭᠠᠴᠠᠯ ᠤᠨ ᠲᠦᠷᠦᠯ ᠵᠦᠢᠯ ᠤᠨ ᠤᠷᠴᠢᠨ ᠲᠤᠭᠤᠷᠢᠨ ᠢ ᠨᠦᠯᠦᠭᠡᠯᠡᠬᠦ ᠦᠨᠡᠯᠡᠯᠳᠡ ᠶᠢᠨ ᠭᠠᠷᠳᠠᠮ ᠢ ᠬᠦᠢᠴᠡᠳᠭᠡᠭᠰᠡᠨ ᠪᠠᠶᠢᠳᠠᠯ ᠵᠢᠴᠢ ᠡᠳᠦᠷ ᠲᠤᠳᠤᠮ ᠤᠨ ᠪᠤᠬᠢᠷᠳᠦᠯ ᠪᠤᠳᠡᠰ ᠢ ᠭᠠᠳᠠᠭᠰᠢᠯᠠᠭᠤᠯᠬᠤ ᠪᠠᠶᠢᠳᠡᠯ ᠳᠤ ᠬᠢᠨᠠᠯᠳᠠ ᠲᠠᠯᠪᠢᠵᠦ ᠪᠠᠶᠢᠴᠠᠭᠠᠬᠤ ᠶᠢ ᠬᠠᠷᠢᠭᠤᠴᠠᠨ᠎ᠡ᠃ ︵ᠠᠷᠪᠡ︶ ᠤᠷᠤᠨ ᠰᠠᠭᠤᠴᠨ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠰᠠᠯᠠᠭ᠎ᠠ ᠮᠦᠴᠢᠷ ᠵᠢᠴᠢ ᠰᠤᠮᠤ ᠪᠠᠯᠭᠠᠰᠦᠨ ᠤ ᠠᠷᠠᠳ ᠤᠨ ᠵᠠᠰᠠᠭ ᠤᠨ ᠤᠷᠳᠦᠨ᠄ ᠭᠤᠤᠯᠳᠠᠯᠭ᠎ᠠ ᠲᠠᠢ ᠦᠵᠡᠮᠵᠢ ᠶᠢᠨ ᠤᠷᠦᠨ᠂ ᠦᠵᠡᠮᠵᠢ  ᠶᠢᠨ ᠴᠢᠭ ᠶᠢᠨ ᠬᠠᠵᠠᠭᠤ ᠬᠠᠪᠢ ᠵᠢᠴᠢ ᠵᠠᠮ ᠲᠠᠭᠠᠤ ᠳᠠᠬᠢ ᠲᠤᠷ᠎ᠡ ᠪᠠᠷ ᠢᠶᠠᠨ ᠪᠤᠰᠬᠠᠭᠰᠠᠨ ᠪᠠ ᠪᠠᠶᠢᠭᠤᠯᠤᠭᠰᠠᠨ ᠵᠦᠢᠯᠡᠰ ᠤᠨ ᠲᠤᠬᠠᠢ ᠵᠠᠷᠭᠤ ᠶᠢ ᠰᠶᠢᠳᠪᠤᠷᠢᠯᠡᠬᠦ ᠪᠠ ᠬᠡᠷᠡᠭ ᠢ ᠪᠠᠶᠢᠴᠠᠭᠠᠨ ᠰᠶᠢᠳᠪᠦᠷᠢᠯᠡᠨ᠎ᠡ᠃ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ᠂ ᠱᠠᠰᠢᠨ ᠰᠤᠷᠳᠠᠬᠤᠨ᠂ ᠲᠠᠷᠢᠶᠡᠯᠡᠩ ᠮᠠᠯ ᠠᠵᠤ ᠠᠬᠤᠢ ᠰᠢᠨᠵᠢᠯᠡᠬᠦ ᠮᠡᠷᠭᠡᠵᠢᠯ᠂ ᠤᠰᠦᠨ ᠠᠰᠢᠭᠯᠠᠯᠳᠠ᠂ ᠡᠷᠡᠭᠦᠯ ᠬᠠᠮᠠᠭᠠᠯᠠᠯ ᠵᠡᠷᠭᠡ ᠪᠤᠰᠤᠳ ᠬᠠᠮᠢᠶ᠎ᠠ ᠪᠦᠭᠦᠢ ᠰᠠᠯᠠᠭ᠎ᠠ ᠮᠦᠴᠢᠷ ᠨᠢ ᠲᠤᠰ ᠰᠠᠯᠠᠭ᠎ᠠ ᠮᠦᠴᠢᠷ  ᠤᠨ ᠡᠭᠦᠷᠭᠡ ᠲᠤᠰᠢᠶᠡᠯ ᠤᠨ ᠭᠡᠪᠴᠢᠶ᠎ᠡ ᠬᠢᠭᠡᠳ ᠬᠠᠮᠢᠶᠠᠷᠤᠯᠳᠠ ᠶᠢᠨ ᠬᠠᠷᠢᠶᠠᠨ ᠳᠠᠬᠢ ᠬᠤᠯᠪᠤᠭᠳᠠᠯ ᠪᠦᠭᠦᠢ ᠠᠰᠠᠭᠤᠳᠠᠯ ᠤᠨ ᠲᠤᠬᠠᠢ ᠵᠠᠷᠭᠤ ᠶᠢ ᠰᠶᠢᠳᠪᠤᠷᠢᠯᠡᠬᠦ ᠪᠠ ᠬᠡᠷᠡᠭ ᠢ ᠪᠠᠶᠢᠴᠠᠭᠠᠨ ᠰᠶᠢᠳᠪᠤᠷᠢᠯᠡᠬᠦ ᠶᠢ ᠬᠠᠷᠢᠭᠤᠴᠠᠨ᠎ᠡ᠃ ᠶᠢᠰᠦᠳᠦᠭᠡᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠡᠵᠡᠨᠳᠡᠨ ᠨᠢ ᠵᠤᠬᠢᠬᠤ ᠬᠡᠮᠵᠢᠶᠡᠨ ᠤ ᠵᠤᠭᠠᠴᠠᠭᠰᠠᠳ ᠢ ᠵᠤᠴᠢᠯᠠᠬᠤ ᠪᠠ ᠦᠢᠯᠡᠴᠢᠯᠡᠬᠦ ᠶᠡᠷᠤ ᠶᠢᠨ ᠮᠡᠳᠡᠯᠭᠡ  ᠮᠡᠷᠭᠡᠵᠢᠯ ᠲᠠᠢ ᠪᠠᠶᠢᠵᠦ᠂ ᠵᠢᠯ ᠪᠦᠷᠢ ᠨᠢᠭᠡ ᠤᠳᠠᠭᠠᠨ ᠤ ᠠᠵᠢᠯ ᠲᠦᠷᠦᠯ ᠤᠨ ᠮᠡᠷᠭᠡᠵᠢᠯ ᠤᠨ ᠪᠤᠯᠪᠠᠰᠤᠷᠠᠯ ᠳᠤ ᠤᠷᠤᠯᠴᠠᠬᠤ ᠬᠡᠷᠡᠭᠳᠡᠢ᠃ ᠠᠵᠢᠯᠳᠠᠳ ᠨᠢ ᠠᠵᠢᠯ ᠤᠯᠭᠤᠯᠳᠠ ᠶᠢᠨ ᠰᠠᠯᠠᠭ᠎ᠠ ᠮᠦᠴᠢᠷ ᠤᠨ ᠮᠡᠷᠭᠡᠵᠢᠯ ᠤᠨ ᠪᠤᠯᠪᠠᠰᠤᠷᠠᠯ ᠪᠠ ᠡᠷᠡᠭᠦᠯ ᠴᠢᠬᠢᠷᠠᠭ  ᠤᠨ ᠪᠠᠶ᠎ᠠ ᠶᠢᠨ ᠪᠠᠶᠢᠴᠠᠭᠠᠯᠳᠠ ᠳᠤ ᠤᠷᠤᠯᠴᠠᠵᠦ᠂ ᠦᠷ᠎ᠡ ᠪᠦᠳᠦᠮᠵᠢᠳᠡᠢ ᠬᠢᠷᠢ ᠲᠡᠭᠴᠡᠭᠰᠡᠨ ᠦᠨᠡᠮᠯᠡᠯ ᠪᠠᠷ ᠠᠵᠢᠯ  ᠤᠨ ᠪᠠᠶᠢᠷᠢᠨ ᠳᠤ ᠭᠠᠷᠬᠤ ᠬᠡᠷᠡᠭᠳᠡᠢ᠃ᠠᠷᠪᠠᠳᠤᠭᠠᠷ ᠵᠦᠢᠯ    ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠫᠠᠶᠢᠰᠨ ᠢᠯᠡᠷᠭᠡᠶᠢᠯᠡᠯ ᠢ ᠮᠤᠩᠭᠤᠯ ᠬᠢᠳᠡᠳ ᠦᠰᠦᠭ ᠢᠶᠠᠷ ᠢᠯᠡᠳᠭᠡᠵᠦ᠂ ᠬᠤᠰᠢᠭᠤᠨ ᠤ ᠦᠨᠳᠦᠰᠦᠳᠡᠨ ᠤ ᠭᠡᠷᠡᠭ ᠡᠷᠬᠢᠯᠡᠬᠦ ᠵᠦᠪᠯᠡᠯ ᠠᠴᠠ ᠨᠢᠭᠡᠳᠦᠯᠳᠡᠢ ᠮᠤᠩᠭᠤᠯᠴᠢᠯᠡᠨ᠂ ᠵᠤᠭᠠᠴᠠᠯ ᠤᠨ ᠰᠠᠯᠠᠭ᠎ᠠ ᠮᠦᠴᠢᠷ ᠠᠴᠠ ᠬᠢᠨᠠᠨ ᠵᠦᠪᠰᠢᠶᠡᠷᠡᠬᠦᠯᠵᠦ ᠬᠡᠷᠡᠭᠯᠡᠬᠦ ᠬᠡᠷᠡᠭᠳᠡᠢ᠃ ᠫᠠᠶᠢᠰᠨ ᠢᠯᠡᠷᠭᠡᠶᠢᠯᠡᠯ ᠪᠤᠯᠦᠨ ᠢᠯᠡᠳᠭᠡᠮᠵᠢ ᠫᠠᠶᠢᠰᠡᠨ ᠳᠤ ᠦᠨᠳᠦᠰᠦᠳᠡᠨ ᠤ ᠤᠨᠴᠠᠯᠢᠭ ᠢ ᠲᠤᠪᠦᠶᠢᠯᠭᠠᠨ᠂ ᠦᠵᠡᠬᠦ ᠳᠤ ᠴᠡᠪᠡᠷ ᠭᠤᠶᠤ ᠪᠠᠶᠢᠬᠤ ᠶᠢ ᠱᠠᠭᠠᠷᠳᠠᠨ᠎ᠡ᠃ᠠᠷᠪᠠᠨ ᠨᠢᠭᠡᠳᠦᠭᠡᠷ ᠵᠦᠢᠯ    ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠤᠷᠤᠨ ᠨᠤᠳᠤᠭ ᠤᠨ ᠤᠨᠴᠠᠯᠢᠭ ᠪᠤᠯᠦᠨ ᠮᠤᠩᠭᠤᠯ ᠰᠤᠶᠤᠯ ᠤᠨ ᠤᠨᠴᠠᠯᠢᠭ ᠢ ᠲᠤᠪᠦᠶᠢᠯᠭᠠᠨ᠂ ᠬᠠᠵᠠᠭᠤ ᠬᠠᠪᠢ ᠶᠢᠨ ᠠᠮᠢ ᠠᠬᠤᠢ ᠶᠢᠨ ᠤᠷᠴᠢᠨ ᠲᠤᠭᠤᠷᠢᠨ ᠲᠠᠢ ᠵᠤᠬᠢᠴᠠᠯᠳᠤᠭᠰᠠᠨ ᠪᠠᠶᠢᠬᠤ ᠬᠡᠷᠡᠭᠳᠡᠢ᠃ ᠦᠩᠭᠡᠳᠦ ᠲᠤᠭ ᠲᠠᠯᠪᠠᠭ᠎ᠠ ᠡᠯᠭᠦᠬᠦ ᠪᠠ ᠡᠯᠳᠡᠪ ᠦᠩᠭᠡ ᠶᠢᠨ ᠮᠤᠩᠭᠤᠯ ᠭᠡᠷ ᠪᠠᠶᠢᠯᠭᠠᠵᠦ ᠪᠤᠯᠬᠤ ᠦᠭᠡᠢ᠂ ᠵᠠᠷᠴᠢᠮ ᠲᠡᠭᠡᠷ᠎ᠡ ᠪᠠᠨ ᠤᠯᠠᠮᠵᠢᠯᠠᠯᠳᠦ ᠢᠰᠡᠭᠡᠢ ᠪᠦᠷᠢᠶᠠᠰᠦ ᠲᠤᠭᠤᠷᠠᠭ᠎ᠠ ᠶᠢ ᠬᠡᠷᠡᠭᠯᠡᠨ᠎ᠡ᠃ᠠᠷᠪᠠᠨ ᠬᠤᠶᠠᠳᠤᠭᠠᠷ ᠵᠦᠢᠯ    ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠬᠠᠷᠠᠭᠠᠨ ᠳᠤ ᠢᠯᠨ ᠭᠠᠵᠠᠷ ᠲᠤ ᠵᠠᠬ᠎ᠠ ᠲᠡᠯᠭᠡᠭᠦᠷ ᠤᠨ ᠬᠢᠨᠠᠯᠳᠠ ᠲᠠᠯᠪᠢᠬᠤ᠂ ︵ᠦᠨ᠎ᠡ ᠬᠠᠩᠰᠢ︶᠂ ᠡᠷᠡᠭᠦᠯ ᠬᠠᠮᠠᠭᠠᠯᠠᠯ᠂ ᠵᠤᠭᠠᠴᠠᠯ ᠵᠡᠷᠭᠡ ᠰᠠᠯᠠᠭ᠎ᠠ ᠮᠦᠴᠢᠷ ᠤᠨ ᠬᠢᠨᠠᠯᠳᠠ ᠲᠠᠯᠪᠢᠬᠤ ᠪᠠ ᠵᠠᠷᠭᠤ ︵ᠭᠤᠶᠤᠴᠢᠯᠡᠯ︶᠂ ︵ᠯᠠᠪᠯᠠᠬᠤ︶ ᠶᠢᠨ ᠤᠳᠠᠰᠦ ᠶᠢ ᠲᠤᠬᠢᠷᠠᠭᠤᠯᠦᠨ᠂ ᠤᠬᠠᠮᠰᠠᠷ ᠠᠴᠠ ᠪᠠᠨ ᠵᠤᠭᠠᠴᠠᠭᠰᠡᠳ ᠤᠨ ᠬᠢᠨᠠᠯᠳᠠ ᠶᠢ ᠬᠦᠯᠢᠶᠡᠨ᠎ᠡ᠃ᠠᠷᠪᠠᠨ ᠭᠤᠷᠪᠠᠳᠤᠭᠠᠷ ᠵᠦᠢᠯ   ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠵᠤᠭᠠᠴᠠᠯ ᠤᠨ ᠭᠠᠵᠠᠷ ᠨᠢ ᠮᠤᠷᠢ ᠤᠨᠤᠬᠤ᠂ ᠲᠡᠮᠡᠭᠡ ᠤᠨᠤᠬᠤ᠂ ᠦᠭᠡᠷ ᠲᠡᠷᠭᠡ ᠵᠡᠷᠭᠡ ᠵᠤᠭᠠᠴᠠᠯ ᠤᠨ ᠲᠦᠷᠦᠯ ᠵᠦᠢᠯ ᠢ ᠦᠷᠨᠢᠭᠦᠯᠬᠦ ᠳᠡᠭᠡᠨ ᠡᠷᠭᠡᠪᠰᠢ ᠦᠨᠳᠦᠰᠦᠳᠡᠨ ᠤ ᠤᠯᠠᠮᠵᠢᠯᠠᠯᠳᠦ ᠮᠤᠷᠢᠨ ᠤ ᠨᠤᠭᠳᠦ ᠬᠠᠵᠠᠭᠠᠷ᠂ ᠡᠮᠡᠭᠡᠯ ᠵᠡᠷᠭᠡ ᠪᠠᠭᠠᠵᠢ ᠶᠢ ᠬᠡᠷᠡᠭᠯᠡᠵᠦ᠂ ︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠦᠨ ᠤ ᠮᠤᠷᠢ ᠤᠨᠤᠬᠤ ︵ᠲᠡᠮᠡᠭᠡ ᠤᠨᠤᠬᠤ︶ ᠵᠤᠭᠠᠴᠠᠯ ᠤᠨ ᠠᠵᠢᠯᠯᠠᠭᠠᠨ ᠤ ᠡᠵᠡᠩᠨᠡᠯᠳᠡ ᠶᠢᠨ ᠲᠦᠷᠦᠯ ᠵᠦᠢᠯ ᠤᠨ ᠲᠠᠩᠰᠠᠯᠠᠬᠤ ᠬᠠᠮᠢᠶᠠᠷᠤᠯᠳᠠ ᠶᠢᠨ ᠠᠷᠭ᠎ᠠ ᠶᠢᠨ ︵ᠲᠤᠷᠰᠢᠨ ᠬᠡᠷᠡᠭᠵᠢᠭᠦᠯᠬᠦ︶ ᠲᠤᠭᠳᠠᠭᠠᠯ︾  ︿ᠦᠪᠤᠷ ᠵᠤᠭᠠᠴᠠᠯ ᠠᠯᠪᠡᠨ ︵2015︶ 102 ᠲᠤᠭᠠᠳᠦ﹀ ᠳᠤ ᠨᠡᠶᠢᠴᠡᠭᠰᠡᠨ ᠪᠠᠶᠢᠵᠦ᠂ ᠵᠤᠭᠠᠴᠠᠯ ᠤᠨ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠲᠤ ᠲᠠᠩᠰᠡᠯᠡᠭᠤᠯᠦᠨ᠂ ᠮᠤᠷᠢ᠂ ᠲᠡᠮᠡᠭᠡ ᠵᠡᠷᠭᠡ ᠠᠮᠢᠳᠠᠨ ᠤ ᠬᠢᠵᠢᠭ ᠢ ᠪᠠᠶᠢᠴᠠᠭᠠᠭᠰᠠᠨ ᠵᠦᠪᠰᠢᠶᠡᠷᠡᠯ ᠲᠠᠢ ᠮᠦᠷᠳᠡᠭᠡᠨ ᠠᠮᠤᠷ ᠢ ᠬᠠᠮᠠᠭᠠᠯᠠᠭᠴᠢ ᠲᠤᠬᠢᠷᠠᠭᠤᠯᠦᠨ᠂ ᠵᠤᠭᠠᠴᠠᠭᠰᠠᠳ ᠢ ᠲᠠᠭᠠᠳᠬᠠᠯ ᠳᠤ ᠤᠷᠤᠭᠤᠯᠦᠭ᠌ᠰᠠᠨ ᠪᠠᠶᠢᠬᠤ ᠬᠡᠷᠡᠭᠳᠡᠢ᠃ ᠠᠷᠪᠠᠨ ᠲᠦᠷᠪᠡᠳᠤᠭᠡᠷ ᠵᠦᠢᠯ    ᠪᠦᠬᠦ ᠬᠤᠰᠢᠭᠤᠨ ᠤ ᠭᠡᠪᠴᠢᠶᠡᠨ ᠲᠤᠳᠤᠷ᠎ᠡ ᠪᠡᠯᠴᠢᠭᠡᠷ ᠲᠡᠭᠡᠷ᠎ᠡ ᠡᠯᠡᠰᠦᠨ ᠳᠤ ᠤᠨᠤᠬᠤ ᠮᠤᠲ᠋ᠤᠷ᠂ ᠲᠠᠯ᠎ᠠ ᠨᠤᠳᠤᠭ ᠤᠨ ᠦᠵᠡᠮᠵᠢ ᠶᠢ ᠰᠤᠨᠢᠷᠬᠠᠬᠤ ᠲᠡᠷᠭᠡ ︵ᠺᠠ ᠳ᠋ᠢᠩ ᠲᠡᠷᠭᠡ︶ ᠵᠢᠴᠢ ᠪᠤᠰᠤᠳ ᠬᠢᠯᠪᠠᠷᠬᠠᠨ ᠨᠤᠳᠤᠭ ᠪᠡᠯᠴᠢᠭᠡᠷ ᠤᠨ ᠠᠮᠢ ᠠᠬᠤᠢ ᠶᠢ ᠡᠪᠳᠡᠯᠡᠬᠦ ᠵᠤᠭ᠎ᠠ ᠴᠠᠩᠭᠡᠯ ᠤᠨ ᠲᠦᠷᠦᠯ ᠵᠦᠢᠯ ᠦᠷᠨᠢᠭᠦᠯᠬᠦ ᠶᠢ ᠴᠠᠭᠠᠵᠡᠯᠡᠨ᠎ᠡ᠃ ᠡᠯᠡᠰᠦᠨ ᠭᠠᠵᠠᠷ ᠤᠨ ᠺᠠ ᠳ᠋ᠢᠩ ᠲᠡᠷᠭᠡᠨ ᠤ ᠲᠦᠷᠦᠯ ᠵᠦᠢᠯ ᠢ ᠡᠷᠬᠢᠯᠡᠬᠦ ᠳᠤ ᠡᠷᠭᠡᠪᠰᠢ ᠠᠮᠢ ᠠᠬᠤᠢ ᠶᠢᠨ ᠰᠠᠯᠠᠭ᠎ᠠ ᠮᠦᠴᠢᠷ ᠢᠶᠠᠷ ᠵᠦᠪᠰᠢᠶᠡᠷᠡᠭᠦᠯᠬᠦ ᠬᠡᠷᠡᠭᠳᠡᠢ᠃ ᠤᠰᠦᠨ ᠲᠡᠭᠡᠷᠡᠬᠢ ᠵᠤᠭ᠎ᠠ ᠲᠤᠭᠯᠠᠭᠠᠮ ᠤᠨ ᠵᠦᠢᠯ ᠬᠢᠭᠡᠳ ᠨᠢᠰᠭᠡᠯ ᠤᠨ ᠲᠦᠷᠦᠯ ᠵᠦᠢᠯ ᠳᠤ ᠡᠷᠭᠡᠪᠰᠢ ᠵᠦᠪᠰᠢᠶᠡᠷᠡᠯ ᠤᠨ ᠭᠠᠷᠳᠠᠮ ᠪᠦᠷᠢᠨ ᠪᠠᠶᠢᠵᠦ᠂ ᠵᠠᠬ᠎ᠠ ᠲᠡᠯᠭᠡᠭᠦᠷ ᠤᠨ ᠬᠢᠨᠠᠨ ᠬᠠᠮᠢᠶᠠᠷᠤᠯᠳᠠ ᠶᠢᠨ ᠰᠠᠯᠠᠭ᠎ᠠ ᠮᠦᠴᠢᠷ ᠠᠴᠠ ᠬᠢᠨᠠᠨ ᠬᠡᠮᠵᠢᠵᠦ ᠬᠢᠷᠢ ᠲᠡᠩᠴᠡᠨ᠂ ᠲᠠᠭᠠᠳᠬᠠᠯ  ᠳᠤ ᠤᠷᠤᠭᠤᠯᠤᠭᠰᠠᠨ ᠤ ᠬᠤᠶᠢᠨ᠎ᠡ ᠡᠵᠡᠩᠨᠡᠯᠳᠡ ᠬᠢᠵᠦ ᠪᠤᠯᠦᠨ᠎ᠡ᠃ ᠠᠷᠪᠠᠨ ᠲᠠᠪᠤᠳᠤᠭᠠᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠤᠳᠤᠨ ᠲᠡᠰ ᠤᠨ ᠶᠠᠰᠦ ᠴᠢᠨᠠᠷ ᠤᠨ ᠲᠡᠰ ᠵᠡᠷᠭᠡ ᠶᠢᠨ ᠦᠨᠡᠯᠡᠯᠳᠡ ᠬᠢᠬᠦ ᠬᠠᠮᠢᠶᠠᠷᠤᠯᠳᠠ ᠶᠢ ᠬᠡᠷᠡᠭᠵᠢᠭᠦᠯᠵᠦ᠂ ︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠦᠨ ᠤ ᠰᠢᠶᠡᠩ ᠲᠤᠰᠬᠤᠨ ᠤ ᠵᠤᠭᠠᠴᠠᠯ ᠤᠨ ᠬᠦᠯᠢᠶᠡᠨ ᠵᠤᠴᠢᠯᠠᠬᠤ ᠡᠷᠤᠭᠡ ᠶᠢᠨ ᠲᠡᠰ ᠬᠤᠪᠢᠶᠠᠬᠤ ᠪᠤᠯᠦᠨ ᠦᠨᠡᠯᠡᠯᠳᠡ ᠬᠢᠬᠦ ᠪᠠᠷᠢᠮᠵᠢᠶ᠎ᠠ ︵ᠲᠤᠷᠰᠢᠨ ᠬᠡᠷᠡᠭᠵᠢᠭᠦᠯᠬᠦ︶︾ ᠶᠢ ᠬᠡᠷᠡᠭᠵᠢᠭᠦᠯᠬᠦ ᠶᠢᠨ ᠬᠠᠮᠳᠦ᠂ ᠵᠢᠯ ᠤᠨ ᠬᠢᠨᠠᠨ ᠬᠠᠷᠭᠤᠭᠤᠯᠬᠤ ᠲᠦᠷᠢᠮ ᠢ ᠴᠢᠩᠭ᠎ᠠ ᠬᠡᠷᠡᠭᠵᠢᠭᠦᠯᠦᠨ᠎ᠡ᠃ ᠰᠤᠮᠤ ᠪᠠᠯᠭᠠᠰᠦ᠂ ᠭᠠᠴᠠᠭ᠎ᠠ ᠲᠤᠰᠬᠤᠨ ᠪᠤᠯᠦᠨ ᠵᠤᠭᠠᠴᠠᠯ ᠤᠨ ᠬᠠᠮᠢᠶᠠᠷᠤᠯᠳᠠ ᠶᠢᠨ ᠡᠭᠦᠷᠭᠡ ᠴᠢᠳᠠᠪᠬᠢ ᠰᠠᠯᠠᠭ᠎ᠠ ᠮᠦᠴᠢᠷ ᠨᠢ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠳᠤ ᠬᠢᠨᠠᠯᠳᠠ ᠲᠠᠯᠪᠢᠬᠤ ᠪᠠᠶᠢᠴᠠᠭᠠᠬᠤ ᠶᠢ ᠴᠢᠩᠭᠠᠳᠬᠠᠨ᠂ ᠦᠢᠯᠡᠴᠢᠯᠡᠬᠦ ᠶᠠᠰᠦ ᠴᠢᠨᠠᠷ ᠨᠢ ᠪᠠᠷᠢᠮᠵᠢᠶᠠᠨ ᠳᠤ ᠬᠦᠷᠬᠦ ᠦᠭᠡᠢ ᠪᠤᠯ ᠲᠡᠭᠦᠨ ᠢ ᠴᠠᠭ ᠬᠢᠵᠠᠭᠠᠷᠯᠠᠨ ᠵᠠᠰᠠᠨ ᠵᠠᠯᠠᠷᠠᠭᠤᠯᠠᠭᠤᠯᠵᠦ᠂ ᠬᠤᠭᠤᠴᠠᠭ᠎ᠠ ᠨᠢ ᠭᠡᠳᠦᠷᠡᠭᠡᠳ ᠪᠠᠰᠨ ᠵᠠᠰᠠᠨ ᠰᠡᠶᠢᠵᠢᠷᠠᠭᠤᠯᠬᠤ ᠦᠭᠡᠢ ᠪᠤᠯ ᠬᠠᠮᠢᠶ᠎ᠠ ᠪᠦᠬᠦᠢ ᠪᠠᠶᠢᠭᠤᠯᠭ᠎ᠠ ᠲᠠᠢ ᠬᠠᠮᠳᠤᠷᠠᠨ ᠲᠡᠭᠦᠨ ᠤ ᠡᠵᠡᠩᠨᠡᠯᠳᠡ ᠶᠢᠨ ᠬᠢᠷᠢ ᠭᠡᠮ ᠢ ᠨᠢ ᠬᠦᠴᠦᠨ ᠦᠭᠡᠢ ᠪᠤᠯᠭᠠᠨ᠎ᠡ᠃ ᠠᠷᠪᠡᠨ ᠵᠢᠷᠭᠤᠳᠤᠭᠠᠷ ᠵᠦᠢᠯ     ᠵᠤᠭᠠᠴᠠᠯ ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠨᠢ ᠵᠢᠯ ᠪᠦᠷᠢ ᠶᠡᠷᠤᠩᠬᠡᠶᠢᠯᠡᠨ ᠰᠢᠯᠭᠠᠨ ᠦᠨᠡᠯᠡᠭᠰᠡᠨ ᠦᠷ᠎ᠡ ᠳ᠋ᠦᠡᠭ ᠢ ᠦᠨᠳᠦᠰᠦᠯᠡᠨ᠂ ᠤᠳᠦᠨ ᠲᠡᠰ ᠤᠨ ᠮᠠᠯᠴᠢᠨ ᠠᠶᠢᠯ ᠢ ᠦᠨᠡᠯᠡᠨ ᠲᠤᠭᠳᠠᠭᠠᠬᠤ ᠶᠢᠨ ᠬᠠᠮᠳᠦ ᠬᠠᠷᠢᠴᠠᠩᠭᠤᠢ ᠦᠢᠯᠡᠴᠢᠯᠡᠭᠡᠨ ᠤ ᠶᠠᠰᠦ ᠴᠢᠨᠠᠷ ᠤᠨ ᠲᠡᠰ ᠤᠨ ᠫᠠᠶᠢᠰᠨ ᠢᠯᠡᠷᠭᠡᠶᠢᠯᠡᠯ ᠤᠯᠭᠤᠨ᠎ᠡ᠃ ᠦᠨᠡᠯᠡᠵᠦ ᠲᠤᠭᠳᠠᠭᠠᠭᠳᠠᠭᠰᠠᠨ ᠡᠵᠡᠩᠨᠡᠭᠴᠢ ᠶᠢ ᠦᠢᠯᠡᠴᠢᠯᠡᠭᠡᠨ ᠤ ᠡᠵᠡᠩᠨᠡᠯᠳᠡ ᠶᠢᠨ ᠠᠵᠢᠯᠯᠠᠭ᠎ᠠ ᠬᠢᠭᠡᠳ ᠨᠡᠷ᠎ᠡ ᠲᠡᠮᠳᠡᠭᠳᠦ ᠶᠢᠨ ᠤᠬᠠᠭᠤᠯᠭ᠎ᠠ ᠲᠤᠮᠳᠠ ᠲᠡᠭᠦᠨ ᠤ ᠢᠷᠠᠭᠤ ᠠᠯᠳᠠᠷ ᠢ ᠬᠡᠷᠡᠭᠯᠡᠬᠦ ᠶᠢᠨ ᠬᠠᠮᠳᠦ ᠲᠡᠭᠦᠨ ᠳᠤ ᠦᠪᠡᠷᠳᠡᠭᠡᠨ ᠵᠠᠰᠠᠬᠤ ᠤᠷᠤᠨ᠂ ᠠᠶᠢᠮᠠᠭ ᠵᠢᠴᠢ ᠬᠤᠰᠢᠭᠤᠨ ᠤ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠢ ᠲᠡᠳᠭᠦᠬᠦ ᠱᠠᠩᠨᠠᠬᠤ ᠲᠦᠷᠦ ᠶᠢᠨ ᠪᠤᠳᠤᠯᠭ᠎ᠠ ᠶᠢ ᠤᠷᠢᠳᠠᠪᠡᠷ ᠬᠦᠷᠳᠡᠭᠡᠨ᠎ᠡ᠃ ᠠᠷᠪᠠᠨ ᠲᠤᠯᠤᠳᠤᠭᠠᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠳᠤ ᠬᠦᠳᠡᠯᠤᠩᠭᠦᠢ ᠬᠠᠮᠢᠶᠠᠷᠤᠯᠳᠠ ᠶᠢ ᠬᠡᠷᠡᠭᠵᠢᠭᠦᠯᠦᠨ᠂ ︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ  ᠤᠨ ᠤᠷᠳᠦᠨ ᠤ ᠠᠯᠪᠡᠨ ᠲᠢᠩᠬᠢᠮ ᠤᠨ ᠵᠤᠭᠠᠴᠠᠯ ᠤᠨ ᠵᠠᠬ᠎ᠠ ᠲᠡᠯᠭᠡᠭᠦᠷ ᠤᠨ ᠶᠡᠷᠤᠩᠬᠡᠶᠢᠯᠡᠭᠰᠡᠨ ᠬᠢᠨᠠᠯᠳᠠ ᠬᠠᠮᠢᠶᠠᠷᠤᠯᠳᠠ ᠶᠢ ᠴᠢᠩᠭᠠᠳᠬᠠᠬᠤ ᠰᠠᠨᠠᠯ︾ ᠢ ᠵᠢᠷᠦᠮᠯᠠᠨ᠂ ᠵᠤᠭᠠᠴᠠᠯ ᠤᠨ ᠵᠠᠬ᠎ᠠ ᠲᠡᠯᠭᠡᠭᠦᠷ ᠤᠨ ᠡᠯ᠎ᠡ ᠡᠭᠦᠷᠭᠡ ᠴᠢᠳᠠᠪᠬᠢ ᠰᠠᠯᠠᠭ᠎ᠠ ᠮᠦᠴᠢᠷ ᠶᠢᠨ ᠬᠢᠨᠠᠯᠳᠠ ᠬᠠᠮᠢᠶᠠᠷᠤᠯᠳᠠ ᠬᠠᠷᠢᠭᠤᠴᠠᠯᠭ᠎ᠠ ᠶᠢ ᠬᠠᠤᠯᠢ ᠪᠠᠷ ᠨᠠᠶᠢᠳᠠᠪᠤᠷᠢᠵᠢᠭᠤᠯᠦᠨ᠎ᠡ ᠃ ᠰᠤᠮᠤ ᠪᠠᠯᠭᠠᠰᠦ ᠨᠢ ᠮᠠᠯᠴᠢᠨ ᠠᠶᠢᠯ ᠤᠨ ᠲᠠᠩᠰᠨ ᠡᠪᠭᠡᠮᠡᠯ ᠢ ᠪᠠᠶᠢᠭᠤᠯᠦᠨ ᠪᠦᠷᠢᠨᠰᠢᠭᠦᠯᠵᠦ᠂ ᠬᠢᠨᠠᠯᠳᠠ ᠬᠠᠮᠢᠶᠠᠷᠤᠯᠳᠠ ᠪᠠᠨ ᠴᠢᠩᠭᠠᠳᠬᠠᠬᠤ ᠬᠡᠷᠡᠭᠳᠡᠢ᠃ ᠡᠯ᠎ᠡ ᠲᠤᠬᠠᠶᠢᠯᠠᠭᠰᠠᠨ ᠠᠵᠢᠯ ᠤᠨ ᠰᠠᠯᠠᠭ᠎ᠠ ᠮᠦᠴᠢᠷ ᠨᠢ ᠵᠤᠭᠠᠴᠠᠯ  ᠤᠨ ᠦᠢᠯᠡᠴᠢᠯᠡᠭᠡᠨ ᠤ ᠶᠠᠰᠦ ᠴᠢᠨᠠᠷ ᠢ ᠵᠠᠭᠠᠯᠳᠤᠬᠤ ᠪᠠᠶᠢᠭᠤᠯᠤᠮᠵᠢ ᠪᠠ ᠵᠠᠭᠠᠯᠳᠤᠬᠤ ᠤᠳᠡᠰᠦ ᠪᠠᠶᠢᠭᠤᠯᠦᠨ ᠲᠤᠬᠢᠷᠠᠭᠤᠯᠵᠦ᠂ ᠵᠤᠭᠠᠴᠠᠭᠰᠡᠳ ᠤᠨ ᠵᠠᠷᠭᠤ ᠶᠢ ᠴᠠᠭ ᠲᠤᠨᠢ ᠬᠦᠯᠢᠶᠡᠨ ᠠᠪᠴᠦ ᠰᠶᠢᠳᠪᠤᠷᠢᠯᠡᠬᠦ ᠬᠡᠷᠡᠭᠳᠡᠢ᠃ ᠠᠷᠪᠡᠨ ᠨᠠᠢᠮᠠᠳᠤᠭᠠᠷ ᠵᠦᠢᠯ    ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠤᠨ ᠡᠵᠡᠩᠨᠡᠯᠳᠡ ᠶᠢ ᠪᠦᠷᠢᠳᠭᠡᠨ ᠪᠠᠶᠢᠴᠠᠭᠠᠬᠤ ᠲᠦᠷᠢᠮ ᠬᠢᠭᠡᠳ ᠦᠢᠯᠡᠴᠢᠯᠡᠭᠡᠨ ᠤ ᠶᠠᠰᠦ ᠴᠢᠨᠠᠷ ᠢ ᠢᠯᠨ ᠨᠡᠶᠢᠳᠡᠯᠡᠬᠦ ᠲᠦᠷᠢᠮ ᠢ ᠪᠠᠶᠢᠭᠤᠯᠦᠨ᠎ᠡ᠃ ᠬᠤᠰᠢᠭᠤᠨ ᠤ ᠵᠤᠭᠠᠴᠠᠯ ᠤᠨ ᠵᠠᠰᠠᠭ ᠵᠠᠬᠢᠷᠭᠠᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠨᠢ ᠡᠯ᠎ᠡ ᠲᠦᠷᠦᠯ ᠤᠨ ᠵᠠᠭᠤᠴᠢᠯᠠᠭᠤᠷ ᠢᠶᠠᠷ ᠲᠡᠮᠵᠢᠨ ᠲᠤᠤᠷᠡᠬᠢ ᠭᠡᠳᠦᠨ ᠵᠦᠢᠯ ᠢ ᠨᠡᠶᠢᠭᠡᠮ ᠲᠤ ᠢᠯᠨ ᠪᠠᠷ ᠨᠡᠶᠢᠳᠡᠯᠡᠨ᠎ᠡ ︵ᠨᠢᠭᠡ︶ ᠦᠢᠯᠡᠴᠢᠯᠡᠭᠡᠨ ᠤᠨ ᠶᠠᠰᠦ ᠴᠢᠨᠠᠷ ᠤᠨ ᠪᠠᠶᠢᠳᠠᠯ᠃ ︵ᠬᠤᠶᠡᠷ︶ ᠢᠳᠡᠭᠡᠯ ᠲᠠᠢ ᠡᠵᠡᠩᠨᠡᠵᠦ ᠦᠢᠯᠡᠴᠢᠯᠡᠬᠦ ᠠᠮᠠᠯᠳᠦᠯ᠃ ︵ᠭᠤᠷᠪᠠ︶ ᠵᠤᠭᠠᠴᠠᠯ ᠤᠨ ᠦᠢᠯᠡᠴᠢᠯᠡᠭᠡᠨ ᠤ ᠶᠠᠰᠦ ᠴᠢᠨᠠᠷ ᠤᠨ ᠲᠡᠰ ᠵᠡᠷᠭᠡ ᠶᠢ ᠦᠨᠡᠯᠡᠨ ᠲᠤᠭᠳᠠᠭᠠᠬᠤ ᠵᠢᠴᠢ ᠲᠡᠰ ᠦᠰᠭᠡᠭᠰᠡᠨ᠂ ᠲᠡᠰ ᠪᠠᠭᠤᠷᠠᠭᠤᠯᠤᠭᠰᠠᠨ ᠪᠠᠶᠢᠳᠠᠯ᠃ᠠᠷᠪᠠ ᠶᠢᠰᠦᠳᠦᠭᠡᠷ ᠵᠦᠢᠯ    ᠤᠯᠡᠨ ᠨᠡᠶᠢᠳᠡ ᠶᠢᠨ ᠭᠡᠨᠡᠳᠳᠡ ᠶᠢᠨ ᠭᠡᠷᠡᠭ ᠡᠭᠦᠰᠪᠡᠯ᠂ ᠡᠵᠡᠩᠨᠡᠭᠴᠢ ᠨᠢ ᠲᠠᠷᠦᠢ ᠲᠦᠷᠭᠡᠨ ᠪᠦᠳᠦᠮᠵᠢᠳᠡᠢ ᠠᠷᠭ᠎ᠠ ᠬᠡᠮᠵᠢᠶ᠎ᠡ ᠠᠪᠴᠦ᠂ ᠪᠠᠴᠢᠮ ᠪᠠᠶᠢᠳᠠᠯ ᠢ ᠠᠷᠭᠠᠴᠠᠭᠠᠨ ᠰᠶᠢᠳᠪᠦᠷᠢᠯᠡᠬᠦ ᠶᠢ ᠬᠡᠷᠡᠭᠵᠢᠭᠦᠯᠬᠦ ᠶᠢᠨ ᠬᠠᠮᠳᠦ ᠤᠯᠤᠰ ᠤᠨ ᠬᠤᠯᠪᠤᠭᠳᠠᠯ ᠪᠦᠭᠦᠢ ᠲᠤᠭᠳᠠᠭᠠᠯ ᠢᠶᠠᠷ ᠪᠠᠶᠢᠳᠠᠯ ᠢ ᠦᠨᠡᠨ ᠮᠦᠨ ᠢᠶᠠᠷ ᠨᠢ ᠲᠡᠭᠡᠭᠰᠢ ᠮᠡᠳᠡᠭᠦᠯᠬᠦ ᠬᠡᠷᠡᠭᠳᠡᠢ᠃ᠬᠤᠷᠢᠳᠦᠭᠠᠷ ᠵᠦᠢᠯ     ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠨᠢ ᠤᠯᠤᠰ ᠤᠨ ᠬᠤᠯᠪᠤᠭᠳᠠᠯ ᠪᠦᠭᠦᠢ ᠬᠠᠤᠯᠢ ᠴᠠᠭᠠᠵᠨ ᠬᠠᠤᠯᠢ ᠲᠦᠷᠢᠮ ᠢ ᠵᠢᠷᠦᠮᠯᠠᠬᠤ ᠲᠠᠯ᠎ᠠ ᠪᠠᠷ ᠠᠮᠠᠯᠳᠦᠯ ᠬᠢᠵᠦ᠂ ᠵᠤᠭᠠᠴᠠᠯ ᠤᠨ ᠬᠡᠷᠡᠭᠯᠡᠭᠴᠢᠳ ᠤᠨ ᠬᠠᠤᠯᠢ ᠶᠤᠰᠦᠨ ᠤ ᠡᠷᠭᠡ ᠠᠰᠢᠭ ᠢ ᠬᠠᠮᠠᠭᠠᠯᠠᠬᠤ ᠶᠢᠨ ᠬᠠᠮᠳᠦ ᠡᠯ᠎ᠡ ᠵᠠᠰᠠᠭ ᠵᠠᠬᠢᠷᠭᠠᠨ ᠤ ᠡᠭᠦᠷᠭᠡ ᠴᠢᠳᠠᠪᠬᠢ ᠪᠠᠶᠢᠭᠤᠯᠭ᠎ᠠ ᠶᠢᠨ ᠬᠢᠨᠠᠯᠳᠠ ᠬᠠᠮᠢᠶᠠᠷᠤᠯᠳᠠ ᠶᠢ ᠤᠬᠠᠮᠰᠠᠷ ᠠᠴᠠ ᠪᠠᠨ ᠬᠦᠯᠢᠶᠡᠬᠦ ᠬᠡᠷᠡᠭᠳᠡᠢ᠃ ᠬᠤᠷᠢᠨ ᠨᠢᠭᠡᠳᠦᠭᠡᠷ ᠵᠦᠢᠯ    ᠵᠤᠭᠠᠴᠠᠯ ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠬᠢᠭᠡᠳ ᠬᠠᠮᠢᠶ᠎ᠠ ᠪᠦᠭᠦᠢ ᠲᠤᠬᠠᠶᠢᠯᠠᠭᠰᠠᠨ ᠠᠵᠢᠯ ᠤᠨ ᠰᠠᠯᠠᠭ᠎ᠠ ᠮᠦᠴᠢᠷ ᠨᠢ ᠵᠢᠯ ᠪᠦᠷᠢ ᠨᠢᠭᠡ ᠤᠳᠠᠭᠠᠨ ᠤ ᠵᠤᠭᠠᠴᠠᠯ ᠤᠨ ᠵᠠᠬ᠎ᠠ ᠲᠡᠯᠭᠡᠭᠦᠷ  ᠤᠨ ᠡᠵᠡᠩᠨᠡᠯᠳᠡ ᠶᠢᠨ ᠲᠠᠯᠠᠪᠤᠷ ᠲᠤ ᠤᠨ ᠤ ᠪᠠᠶᠢᠴᠠᠭᠠᠯᠳᠠ ᠬᠢᠬᠦ ᠶᠢ ᠵᠤᠬᠢᠶᠠᠨ ᠪᠠᠶᠢᠭᠤᠯᠵᠦ ᠦᠷᠨᠢᠭᠦᠯᠬᠦ ᠬᠡᠷᠡᠭᠳᠡᠢ᠃ ᠬᠤᠷᠢᠨ  ᠬᠤᠶᠠᠳᠤᠭᠠᠷ ᠵᠦᠢᠯ     ᠲᠤᠰ ᠲᠤᠭᠳᠠᠭᠠᠯ ᠢ ᠨᠡᠶᠢᠳᠡᠯᠡᠭᠰᠡᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠃ ᠲᠠᠭᠠᠯᠳᠦᠯ ᠵᠦᠢᠯ᠄ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠮᠠᠯᠴᠢᠨ ᠠᠶᠢᠯ ︵ᠲᠠᠷᠢᠶᠠᠴᠢᠨ ᠠᠶᠢᠯ ᠤᠨ ᠪᠠᠶᠠᠰᠦᠯ︶ ᠢ ᠡᠷᠡᠮᠡᠯᠵᠡᠯᠡᠨ ᠡᠷᠬᠢᠯᠡᠬᠦ ᠲᠡᠰ ᠲᠠᠷᠠᠭᠠᠯᠠᠯ ᠤᠨ ᠬᠦᠰᠦᠨᠤᠭ᠌
 
ᠢᠷᠡᠯᠲᠡ᠄ ᠰᠢᠯᠣᠭᠤᠨ ᠬᠦᠪᠡᠭᠡᠲᠦ ᠴᠠᠭᠠᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号