ᠮᠠᠯ ᠰᠢᠨᠡᠯᠡᠬᠦᠯᠬᠦ ᠶᠣᠰᠣᠨ
ᠨᠡᠶᠢᠲᠡᠯᠡᠭᠰᠡᠨ ᠴᠠᠭ᠄
2020/7/8
ᠠᠯᠢᠪᠠ ᠰᠢᠳᠦᠯᠭᠡ ᠪᠢᠰᠢᠷᠡᠯ ᠪᠠ ᠵᠠᠩ ᠣᠶᠢᠯᠨ ᠨᠢ ᠲᠣᠭᠳᠠᠭᠰᠠᠨ ᠬᠦᠷᠢᠶ᠎ᠡ ᠭᠡᠪᠴᠢᠶ᠎ᠠ ᠲᠠᠢ ᠪᠠᠶᠢᠳᠠᠭ᠃ ᠲᠡᠷᠨ ᠨᠢ ᠠᠷᠠᠳ  ᠤᠨ ᠠᠵᠤ ᠠᠬᠤᠢ᠂ ᠨᠡᠶᠢᠭᠡᠮ  ᠤᠨ ᠠᠮᠢᠳᠣᠷᠠᠯ  ᠤᠨ ᠲᠣᠮᠳᠠ ᠡᠷᠳᠡᠨ  ᠠᠴᠠ ᠣᠯᠠᠮᠵᠢᠯᠠᠭᠳᠠᠨ ᠢᠷᠡᠭᠰᠡᠨ ᠰᠢᠳᠦᠯᠭᠡ ᠪᠢᠰᠢᠷᠡᠯ  ᠤᠨ ᠥᠩᠭᠡ ᠰᠢᠨᠵᠢ ᠲᠠᠢ ᠦᠵᠡᠭᠳᠡᠯ ᠪᠣᠶᠣ ᠣᠶᠢᠯᠨ ᠠᠵᠢᠯᠯᠠᠭ᠎ᠠ  ᠪᠠᠷ ᠲᠠᠮᠵᠢᠭᠠᠳ ᠬᠦᠮᠣᠰ ᠎ ᠤᠨ ᠪᠣᠳᠠᠰ  ᠤᠨ ᠪᠠ ᠣᠶᠣᠨ  ᠤ ᠠᠮᠢᠳᠣᠷᠠᠯ  ᠳᠤ ᠴᠢᠬᠤᠯᠨ ᠨᠢᠭᠡᠨ ᠡᠯᠧᠮᠧᠨ᠋ᠲ ᠪᠣᠯᠣᠭᠰᠠᠭᠠᠷ ᠢᠷᠡᠵᠤ ᠪᠢᠯᠨ᠃︽ᠬᠤᠨᠢ ᠰᠢᠨᠡᠯᠡᠬᠦᠯᠬᠦ ᠶᠣᠰᠣᠨ︾᠎ ᠤ ᠵᠠᠩ ᠣᠶᠢᠯᠨᠨᠡᠬᠦᠳᠡᠯᠴᠢᠨ ᠮᠣᠩᠭᠤᠯᠴᠣᠳ  ᠤᠨ ᠣᠯᠠᠮᠵᠢᠯᠠᠯᠳᠦ ᠠᠵᠣ ᠠᠮᠢᠳᠣᠷᠠᠯ  ᠤᠨ ᠲᠣᠮᠳᠠ ᠬᠠᠪᠣᠷ  ᠤᠨ ᠣᠯᠠᠷᠢᠯ  ᠤᠨ ᠬᠠᠷᠠᠭᠴᠢᠨ ᠭᠠᠭ᠋ᠠᠢ ᠡᠳᠦᠷ  ᠢ ᠰᠣᠩᠭᠤᠵᠤ᠂ ᠬᠤᠨᠤᠭ ᠪᠣᠳᠠᠭ᠎ᠠ ᠠᠭᠰᠢᠭᠠᠵᠤ᠂ ᠲᠠᠪᠣᠰᠠᠩ᠂ ᠦᠩᠭᠦᠯᠴᠡᠭ ᠵᠡᠷᠭᠡ ᠎ ᠶᠢ ᠴᠢᠨᠠᠵᠤ᠂ ᠰᠠᠩ ᠲᠠᠯᠪᠢᠭᠠᠳ ᠬᠤᠴᠨ᠂ ᠣᠬᠤᠨ᠎ᠠ ᠣᠷᠣᠯᠳᠣᠭᠤᠯᠣᠨ ᠰᠢᠨᠡᠯᠡᠬᠦᠯᠳᠡᠭ ᠶᠣᠰᠣᠨ ᠨᠢ ᠰᠢᠳᠦᠯᠭᠡ ᠪᠢᠰᠢᠷᠡᠯ  ᠤᠨ ᠬᠤᠪᠢ  ᠳᠤ ᠠᠶᠠᠨᠳᠠᠭᠠᠨ ᠪᠣᠢ ᠪᠣᠯᠵᠤ ᠪᠥᠷᠢᠯᠳᠦᠭᠡᠳ ᠦᠶ᠎ᠡ ᠲᠠᠮᠵᠢᠨ  ᠣᠯᠠᠮᠵᠢᠯᠠᠭᠳᠠᠨ ᠣᠳᠠᠭᠠᠨ ᠣᠨ  ᠢ ᠡᠯᠡᠭᠡᠨ ᠭᠡᠪᠰᠢᠨ ᠲᠥᠷᠢᠮᠵᠢᠭᠰᠡᠨ ᠪᠠᠶᠢᠵᠠᠢ᠃ᠡᠨ᠋ᠨ ᠬᠦ ᠵᠠᠩ ᠣᠶᠢᠯᠨ  ᠶᠢᠨ ᠠᠵᠢᠯᠯᠠᠭ᠎ᠠ ᠨᠢ ᠣᠬᠤᠨ᠎ᠠ᠂ ᠬᠤᠴᠨ  ᠶᠢᠨ ᠬᠦᠵᠣᠬᠦᠨ  ᠳᠤ ᠬᠦᠭᠡ ᠪᠣᠶᠤ ᠴᠠᠭᠠᠨ ᠪᠥᠰ ᠣᠶᠠᠵᠤ᠂ ᠬᠠᠷ᠎ᠠ ᠴᠠᠭᠠᠨ ᠢᠯᠭᠠᠷᠠᠬᠤ ᠭᠠᠵᠠᠷ ᠲᠤ ᠬᠦᠳᠦᠯᠵᠣ ᠠᠪᠠᠴᠢᠭᠠᠳ ᠬᠤᠳᠠ ᠰᠦᠷᠦᠭ ᠣᠷᠤᠭᠤ ᠪᠣᠴᠠᠭᠠᠨ ᠬᠦᠶᠣᠯᠭᠡᠬᠦ ᠵᠢᠷᠣᠮ  ᠢᠶᠠᠷ ᠶᠠᠪᠣᠭᠳᠠᠳᠠᠭ ᠪᠠᠶᠢᠵᠠᠢ᠃ ᠰᠢᠯᠭᠠᠷᠠᠵᠤ ᠢᠷᠡᠭᠡᠳ ᠰᠦᠷᠦᠭ ᠲᠤ ᠨᠡᠶᠢᠯᠡᠭᠰᠡᠨ  ᠤ ᠲᠠᠷᠠᠭ᠎ᠠ ᠭᠡᠷ  ᠤᠨ ᠡᠵᠡᠭᠳᠡᠢ  ᠠᠴᠠ ᠠᠭᠰᠢᠭᠠᠭᠰᠠᠨ ᠪᠣᠳᠠᠭ᠎ᠠ  ᠪᠠᠷ ᠬᠤᠨᠢᠴᠢᠨ  ᠠᠴᠠ ᠡᠬᠢᠯᠡᠨ ᠪᠥᠬᠦᠳᠡ ᠬᠦᠮᠣᠰ ᠎ ᠢ ᠮᠢᠯᠢᠶᠡᠵᠤ᠂ ᠴᠢᠨᠠᠭᠰᠠᠨ ᠦᠩᠬᠦᠯᠴᠡᠭ᠂ ᠲᠠᠪᠣᠰᠠᠩ᠂ ᠠᠭᠰᠢᠭᠠᠭᠰᠠᠨ ᠪᠣᠳᠠᠭ᠎ᠠ  ᠶᠢ ᠬᠠᠮᠳᠦ  ᠪᠠᠷ ᠵᠣᠭᠤᠭᠯᠠᠵᠤ ᠨᠢᠭᠡᠨ ᠴᠠᠭ ᠪᠠᠶᠠᠰᠣᠯᠴᠠᠨ ᠬᠦᠭᠡᠷᠣᠯᠳᠦᠳᠡᠭ ᠪᠢᠯᠨ᠃ ᠮᠢᠯᠢᠶᠡᠯᠳᠡ  ᠪᠠᠨ ᠲᠡᠬᠦᠰᠴᠣ᠂ ᠪᠣᠳᠠᠭ᠎ᠠ  ᠪᠠᠨ ᠢᠳᠡᠵᠤ ᠪᠠᠷᠠᠮᠠᠭᠴᠨ ᠪᠥᠬᠦᠳᠡ  ᠪᠠᠷ ᠭᠠᠷᠴᠣ ᠬᠦᠷᠵᠡᠩ ᠬᠢᠰᠬᠢᠳᠡᠭ᠃ ᠭᠡᠬᠦ ᠳᠡᠭᠡᠨ ᠬᠤᠷᠤᠭᠠᠨ  ᠤ ᠲᠣᠮᠳᠠ ᠬᠠᠪᠢ  ᠳᠤ ᠲᠦᠷᠪᠡᠯᠵᠢᠨ ᠭᠡᠰᠡᠭ ᠦᠯᠡᠳᠡᠭᠡᠵᠤ᠂ ᠣᠬᠤᠨ᠎ᠠ᠂ ᠬᠤᠴᠨ  ᠶᠢᠨ ︽ᠲᠡᠪᠢᠰᠭᠡᠷ︾ ᠭᠡᠵᠤ ᠲᠤᠰᠬᠠᠢ ᠬᠡᠪᠳᠡᠷᠢ ᠦᠯᠡᠳᠡᠭᠡᠳᠡᠭ᠃ᠦᠯᠡᠳᠡᠭᠡᠭᠰᠡᠨ ᠲᠦᠷᠪᠡᠯᠵᠢᠨ ᠭᠡᠰᠡᠭ ᠲᠤ ᠬᠤᠳᠠ ᠣᠰᠣᠨ  ᠤ ᠭᠡᠣᠭᠡᠳ  ᠢᠶᠠᠷ ᠡᠳᠦᠷᠵᠢᠨ ᠱᠠᠭ᠎ᠠ ᠨᠠᠭᠠᠳᠣᠭᠤᠯᠳᠠᠭ ᠶᠠᠪᠣᠴᠨ  ᠶᠢ ᠵᠠᠪᠡᠯ ᠬᠦᠢᠴᠡᠳᠭᠡᠳᠡᠭ ᠪᠠᠶᠢᠵᠠᠢ᠃ᠡᠨ᠋ᠨ ᠬᠦ ᠣᠶᠢᠯᠨ ᠠᠵᠢᠯᠯᠠᠭ᠎ᠠ  ᠶᠢᠨ ᠳ᠋ᠦᠩ  ᠳᠤ ᠠᠶᠢᠯ ᠰᠠᠭᠠᠬᠠᠯᠳᠠ  ᠶᠢᠨ ᠡᠶᠡᠯᠳᠡᠭ ᠬᠠᠷᠢᠴᠠᠭ᠎ᠠ ᠣᠯᠠᠮ ᠨᠢᠭᠳᠠᠷᠠᠵᠤ᠂ ᠬᠦᠳᠡᠯᠮᠣᠷᠢ  ᠶᠢᠨ ᠵᠣᠷᠢᠭ ᠪᠠᠳᠠᠷᠠᠳᠠᠭ  ᠢᠶᠠᠷ ᠪᠠᠷᠠᠬᠤ ᠦᠭᠡᠢ ᠭᠡᠣᠭᠡᠳ ᠪᠠᠭᠠᠴᠣᠳ ᠲᠤ ᠮᠣᠩᠭᠤᠯ ᠵᠠᠩ ᠣᠶᠢᠯᠨ  ᠶᠢᠨ ᠬᠢᠴᠢᠶᠡᠯ ᠬᠦᠮᠣᠵᠢᠯ ᠪᠣᠯᠳᠠᠭ  ᠢ ᠶᠠᠭᠤᠨ ᠦᠬᠦᠯᠡᠬᠦ ᠪᠢᠯᠨ᠃ᠡᠷᠳᠡᠨ  ᠤ ᠪᠠᠶᠢᠭᠠᠯᠢᠯᠢᠭ ᠰᠢᠳᠦᠯᠭᠡ  ᠶᠢᠨ ᠨᠢᠭᠡ ᠭᠡᠯᠪᠡᠷᠢ ︽ᠬᠤᠨᠢ ᠰᠢᠨᠡᠯᠡᠬᠦᠯᠬᠦ ᠶᠣᠰᠣᠨ︾ ᠴᠠᠬᠠᠷ ᠨᠣᠳᠤᠭ ᠲᠤ ᠣᠨ ᠲᠤᠭᠠᠯᠠᠯ  ᠤᠨ ᠬᠤᠷᠢᠳᠣᠭᠠᠷ ᠵᠠᠭᠤᠨ  ᠤ ᠲᠣᠮᠳᠠᠴᠢ ᠪᠣᠶᠣ ᠰᠡᠬᠦᠯᠴᠢ ᠪᠣᠯᠳᠠᠯ᠎ᠠ ᠮᠠᠯᠴᠢᠳ  ᠤᠨ ᠠᠮᠢᠳᠣᠷᠠᠯ ᠎ ᠤᠨ ᠶᠠᠪᠣᠴᠨ  ᠳᠤ ᠥᠷᠬᠦᠯᠵᠢᠯᠡᠵᠤ ᠪᠠᠶᠢᠭᠰᠠᠨ ᠪᠣᠳᠠᠳᠦ ᠲᠡᠮᠳᠡᠭᠯᠡᠯ ᠪᠣᠢ᠃ ᠪᠠᠶᠡᠴᠢᠯᠡᠨ ᠲᠡᠮᠳᠡᠭᠯᠡᠵᠤ ᠲᠤᠷᠠᠰᠣᠮᠵᠢᠯᠡᠬᠤ  ᠠᠴᠠ —ᠠᠷᠪᠠᠨ ᠵᠢᠷᠭᠤᠳᠣᠭᠠᠷ ᠵᠢᠷᠠᠨ  ᠤ ᠬᠦᠭᠡ ᠯᠣᠣ ᠵᠢᠯ ᠣᠣᠯ  ᠤᠨ ᠬᠦᠪᠡᠭᠡᠳᠦ ᠴᠠᠭᠠᠨ ᠵᠢᠷᠭᠤᠭ᠎ᠠ ᠰᠣᠮᠣᠨ  ᠤ ᠮᠠᠯᠴᠢᠨ ᠠᠷᠠᠳ ᠣᠷᠢᠶᠠᠩᠬᠠᠨ ᠣᠶᠣᠨᠪᠢᠯᠢᠭ᠌  ᠤᠨ ᠬᠤᠳᠠ  ᠳᠤ ︽ᠬᠤᠨᠢ ᠰᠢᠨᠡᠯᠡᠬᠦᠯᠬᠦ︾ ᠵᠠᠩ ᠣᠶᠢᠯᠨ ᠵᠦᠢ ᠵᠢᠷᠣᠮ  ᠢᠶᠠᠷ ᠎ ᠢᠶᠠᠨ ᠶᠣᠰᠣᠴᠢᠯᠡᠨ ᠶᠠᠪᠣᠭᠳᠠᠭᠰᠠᠨ᠃ᠲᠣᠯᠠᠭᠠᠨ ᠲᠣᠩᠭᠠᠯᠠᠭ ᠥᠷᠯᠣᠭᠡ ᠪᠠᠶᠢᠭᠰᠠᠨ᠃ ᠠᠶᠢᠯ  ᠤᠨ ᠬᠤᠶᠠᠷ ᠠᠬ᠎ᠠ᠂ ᠢᠵᠢᠯ ᠵᠢᠰᠣᠮ  ᠤᠨ ᠬᠤᠶᠠᠷ ᠬᠠᠷ᠎ᠠ ᠲᠦᠷᠣᠬᠦᠨ ᠬᠤᠴᠨ ᠪᠠ ᠴᠠᠭᠠᠨ ᠲᠣᠶᠢᠮᠤᠭ ᠣᠬᠤᠨ᠎ᠠ  ᠶᠢᠨ ᠬᠦᠵᠣᠬᠦᠨ  ᠳᠤ ᠬᠦᠭᠡ ᠪᠥᠴᠨ ᠵᠠᠩᠬᠢᠳᠣᠴᠢᠬᠠᠭᠠᠳ ᠲᠡᠷᠨ ᠬᠤᠯᠨ ᠲᠡᠷᠡᠰᠣᠳᠦ ᠬᠤᠭᠤᠯᠠᠢ  ᠶᠢᠨ ᠡᠬᠢ ᠬᠦᠷᠳᠡᠯ᠎ᠡ ᠬᠦᠳᠦᠯᠵᠣ ᠶᠠᠪᠣᠭᠠᠳ ᠭᠡᠷ ᠵᠦᠭ  ᠢᠶᠠᠨ ᠪᠣᠴᠠᠭᠠᠨ ᠲᠠᠭᠤᠬᠤ  ᠳᠤ ᠲᠣᠶᠢᠮᠤᠭ ᠣᠬᠤᠨ᠎ᠠ ᠬᠠᠷᠢᠨ ᠬᠤᠴᠨ  ᠠᠴᠠ ᠠᠶᠣᠭᠰᠠᠨ ᠶᠣᠮ ᠤᠤ᠂ ᠡᠰᠡᠬᠦᠯ᠎ᠡ ᠣᠷᠣᠯᠳᠣᠭᠠᠨ  ᠤ ᠲᠡᠷᠢᠬᠦᠨ  ᠢ ᠲᠡᠮᠡᠴᠡᠶ᠎ᠡ ᠭᠡᠰᠡᠨ ᠶᠣᠮ ᠤᠤ᠂ ᠶᠠᠭᠤ ᠴᠣ᠋ ᠭᠡᠰᠡᠨ ᠬᠤᠳᠠ ᠵᠦᠭ  ᠢᠶᠠᠨ ᠲᠠᠭᠰᠢᠭᠰᠠᠭᠠᠷ ᠬᠦᠶᠣᠵᠤ ᠢᠷᠡᠭᠡᠳ ᠰᠦᠷᠦᠭ ᠲᠡᠭᠡᠨ ᠨᠡᠶᠢᠯᠡᠴᠢᠭᠡᠭᠡᠳ ᠬᠠᠮᠠᠷ ᠲᠣᠷᠬᠢᠨ ᠰᠣᠷᠳᠣᠭᠤᠯᠵᠤ ᠯᠨ ᠪᠠᠶᠢᠭᠰᠠᠨ ᠰᠢᠣ᠃ ᠬᠤᠶᠠᠷ ᠬᠤᠴᠨ ᠮᠥᠷᠣᠶᠢᠴᠡᠭᠡᠨ ᠲᠡᠮᠡᠴᠡᠭᠡᠨ  ᠢ ᠥᠯᠣ ᠬᠠᠶᠢᠬᠤᠷᠣᠨ᠂ ᠬᠤᠭᠤᠷᠣᠨᠳᠦ ᠪᠠᠨ ᠮᠥᠷᠬᠦᠯᠳᠦᠭᠰᠡᠭᠡᠷ ᠶᠠᠭᠠᠷᠠᠮ ᠦᠭᠡᠶᠢᠭᠡᠨ ᠢᠷᠡᠵᠤ ᠪᠢᠯᠨ᠃ᠬᠤᠨᠢᠴᠢᠨ ᠠᠪᠠᠭ᠎ᠠ  ᠠᠴᠠ ᠡᠬᠢᠯᠡᠵᠤ ᠪᠥᠬᠦᠳᠡ  ᠶᠢᠨ ᠮᠠᠩᠨᠠᠢ ᠲᠡᠭᠡᠷ᠎ᠡ ᠰᠢᠷ᠎ᠡ ᠲᠤᠰᠣ  ᠪᠠᠷ ᠮᠢᠯᠢᠶᠠᠭᠠᠳ᠂ ᠪᠣᠳᠠᠭᠠᠯᠠᠵᠤ ᠪᠠᠷᠠᠮᠠᠭᠴᠨ ᠬᠦᠷᠵᠡᠩ ᠬᠢᠰᠬᠢᠭᠰᠡᠨ᠃ ᠲᠣᠮᠣᠴᠣᠣᠯ  ᠤᠨ ᠬᠢᠰᠬᠢᠭᠰᠡᠨ ︽ᠪᠥᠳᠦᠬᠦᠨ ᠶᠣᠣᠲ᠋ᠠᠩ ᠰᠢᠣ︾ ᠭᠡᠰᠡᠨ ᠬᠦᠷᠵᠡᠩ  ᠢ ᠨᠢ ᠮᠠᠨ  ᠤ ᠠᠷᠪᠠᠭᠠᠳ ᠭᠡᠣᠭᠡᠳ ᠪᠣᠯᠢᠶᠡᠯᠴᠠᠭ᠎ᠠ ᠣᠷᠣᠯᠳᠤᠭ᠎ᠠ  ᠪᠠᠷ ᠵᠦᠭᠡᠭᠡᠵᠤ ᠪᠠᠷᠠᠭᠠᠳ᠂ ᠣᠬᠤᠨ᠎ᠠ ᠬᠤᠴᠠᠨ  ᠤ ᠬᠡᠪᠳᠡᠷᠢ ᠭᠡᠮᠡᠨ ᠲᠤᠰᠬᠠᠶᠢᠯᠠᠨ ᠦᠯᠡᠳᠡᠭᠡᠭᠰᠡᠨ ᠲᠦᠷᠪᠡᠯᠵᠢᠨ ᠭᠡᠰᠡᠭ ᠭᠠᠵᠠᠷ ᠲᠡᠭᠡᠷ᠎ᠡ ᠱᠠᠭ᠎ᠠ ᠰᠢᠬᠠᠳᠠᠨ ︵ᠲᠡᠬᠡᠬᠦᠷᠴᠡᠭᠡᠨ︶ ᠬᠠᠨᠳᠠᠯ᠎ᠠ ᠨᠠᠭᠠᠳᠣᠭᠰᠠᠨ ᠮᠠᠨᠢ ᠦᠨᠢᠳᠡ ᠮᠠᠷᠳᠠᠭᠳᠠᠰᠢ ᠦᠭᠡᠢ  ᠪᠠᠷ ᠭᠡᠣᠭᠡᠳ ᠣᠶᠣᠨ᠎ᠠ ᠲᠤᠷᠠᠰᠣᠮᠵᠢᠯᠠᠭᠳᠠᠨ ᠴᠢᠯᠠᠭᠤᠵᠢᠭᠰᠠᠨ ᠰᠠᠨ᠃︽ᠬᠤᠨᠢ ᠰᠢᠨᠡᠯᠬᠦᠯᠬᠦ ᠶᠣᠰᠣᠨ︾ ᠭᠡᠳᠣᠶᠢᠪᠡᠷ ᠬᠤᠷᠢᠳᠣᠭᠠᠷ ᠵᠠᠭᠤᠨ  ᠤ ᠲᠣᠮᠳᠠᠴᠢ ᠦᠶ᠎ᠡ ᠳᠠᠬᠢ ︽ᠠᠷᠪᠠᠨ ᠵᠢᠯ︾ ᠎ ᠤᠨ ᠲᠠᠯᠬᠢᠭᠳᠠᠯ  ᠠᠴᠠ ᠰᠡᠬᠦᠯᠡᠷ ᠲᠠᠬᠢᠵᠤ ᠶᠡᠷᠣ ᠰᠡᠷᠬᠦᠭᠡ ᠦᠭᠡᠢ ᠪᠣᠯᠪᠠᠴᠣ ᠬᠦᠷᠵᠡᠩ ᠬᠢᠰᠬᠢᠬᠦ ᠳᠡᠭᠡᠨ ᠲᠤᠰᠬᠠᠶᠢᠯᠠᠨ ᠣᠬᠤᠨ᠎ᠠ ᠬᠤᠴᠠᠨ  ᠤ ᠭᠡᠪᠳᠡᠰᠢ ᠭᠡᠮᠡᠨ ᠬᠤᠷᠤᠭᠠᠨ ᠪᠣᠯᠣᠩ  ᠳᠤ ᠲᠦᠷᠪᠡᠯᠵᠢᠨ ᠭᠡᠰᠡᠭ ᠦᠯᠡᠳᠡᠭᠡᠬᠦ ᠪᠠ ᠭᠡᠣᠭᠡᠳ  ᠤᠳ  ᠤᠨ ᠱᠠᠭ᠎ᠠ ᠨᠠᠭᠠᠳᠣᠮ  ᠤᠨ ᠲᠣᠭᠯᠠᠭᠠᠮ ᠵᠡᠷᠭᠡ ᠣᠶᠢᠯᠨ ᠠᠵᠢᠯᠯᠠᠭ᠎ᠠ ᠭᠡᠪ  ᠶᠣᠰᠣᠴᠢᠯᠠᠨ ᠥᠷᠬᠦᠯᠵᠢᠯᠡᠭᠰᠡᠭᠡᠷ ᠪᠣᠢ᠃ᠰᠣᠨᠳᠣᠷᠯᠡᠨ ᠲᠠᠭᠠᠯᠳᠣᠭᠤᠯᠬᠤ  ᠠᠴᠠ —ᠣᠨ ᠲᠤᠭᠠᠯᠠᠯ  ᠤᠨ 1978 ᠣᠨ  ᠳᠤ ᠮᠥᠨ ᠲᠤᠰ ᠬᠤᠳᠠᠨ  ᠤ ᠰᠢᠷᠠᠨᠣᠳ ᠲᠣᠭᠳᠠᠬᠤ  ᠶᠢᠨ ᠠᠷᠪᠠᠨ ᠬᠤᠶᠠᠷ ᠨᠠᠰᠣᠯᠠᠭᠰᠠᠨ ᠬᠤᠮᠪᠣᠭᠤᠷ ᠡᠪᠡᠷ ᠲᠠᠢ ᠴᠠᠭᠠᠨ ᠢᠮᠠᠭ᠎ᠠ ᠨᠢ ᠬᠠᠩᠰᠢᠨ  ᠤ ᠡᠳᠦᠷ ᠭᠤᠷᠪᠠᠨ ᠢᠰᠢᠭᠡ ᠢᠰᠢᠭᠡᠯᠡᠭᠰᠡᠨ ᠎ ᠳᠤ ᠲᠡᠭᠡᠳᠦᠰ  ᠠᠴᠠ ᠣᠯᠠᠮᠵᠢᠯᠠᠭᠳᠠᠭᠰᠠᠨ ᠵᠠᠩ ᠣᠶᠢᠯᠨ ᠪᠠᠷ ᠪᠡᠯᠭᠡᠰᠢᠶᠠᠨ ᠢᠷᠤᠭᠡᠵᠤ᠂ ᠬᠤᠳᠠ ᠣᠰᠣᠨ  ᠤ ᠵᠢᠷᠭᠤᠭᠠᠨ ᠭᠡᠣᠭᠡᠳ  ᠢ ᠵᠠᠭᠤᠭᠠᠳ ᠮᠧᠲᠷ  ᠤᠨ ᠬᠤᠯᠨ  ᠠᠴᠠ ᠬᠦᠶᠣᠯᠭᠡᠨ ᠣᠷᠣᠯᠳᠣᠭᠤᠯᠤᠨ ᠲᠡᠷᠢᠬᠦᠯᠡᠭᠰᠡᠨ  ᠳᠤ ᠨᠢᠭᠡ ᠢᠰᠢᠭᠡ  ᠶᠢ ᠨᠢ ᠱᠠᠩᠨᠠᠵᠤ ᠪᠢᠯᠨ᠃ ᠲᠤᠭᠳᠠᠬᠤ  ᠶᠢᠨ ᠬᠦᠪᠡᠬᠦᠨ ᠬᠦᠵᠣᠬᠦᠨ ᠳᠡᠭᠡᠨ ᠭᠬᠢᠪ ᠵᠠᠩᠬᠢᠳᠣᠭᠰᠠᠨ ᠴᠠᠭᠠᠨ ᠢᠰᠢᠭᠡ  ᠶᠢ ᠲᠡᠪᠡᠷᠢᠵᠣ ᠥᠬᠦᠭᠡᠷᠳᠡᠵᠤ ᠪᠠᠶᠢᠭᠰᠠᠨ᠃ᠡᠨ᠋ᠨ ᠬᠦ ᠣᠶᠢᠯᠨ  ᠶᠢ ᠮᠢᠨᠣ ᠪᠡᠶ᠎ᠡ ᠡᠷᠬᠢᠯᠡᠨ ᠬᠦᠢᠴᠡᠳᠭᠡᠭᠰᠡᠨ  ᠤ ᠲᠣᠯᠠᠳᠠ ᠲᠣᠪ ᠲᠣᠳᠣᠷᠬᠠᠢ ᠮᠡᠳᠡᠵᠤ ᠪᠠᠶᠢᠨᠠᠮ᠃ ᠡᠨ᠋ᠨ ᠨᠢ ︽ᠬᠤᠨᠢ ᠰᠢᠨᠡᠯᠡᠬᠦᠯᠬᠦ ᠶᠣᠰᠣᠨ︾ ᠎ ᠤ ᠨᠢᠭᠡᠨ ᠠᠭᠤᠯᠭ᠎ᠠ ᠭᠡᠯᠪᠡᠷᠢ ᠪᠠᠶᠢᠵᠤ ᠲᠠᠭᠠᠷᠠᠨ᠎ᠠ᠃ᠬᠤᠷᠢᠳᠣᠭᠠᠷ ᠵᠠᠭᠤᠨ  ᠤ ᠰᠢᠪᠳᠣᠷᠭᠠᠨ  ᠠᠴᠠ ᠬᠤᠶᠢᠰᠢ ᠮᠠᠯ  ᠤᠨ ᠣᠭᠰᠠᠭ᠎ᠠ ᠡᠬᠦᠯᠳᠡᠷ ᠣᠨᠳᠣᠣᠰᠢᠨ᠂ ᠪᠥᠳᠦᠴᠨ ᠲᠥᠷᠣᠴᠨ ᠨᠢ ᠡᠷᠡᠯᠢᠰᠵᠢᠨ ᠬᠤᠪᠢᠷᠠᠭᠰᠠᠨ  ᠠᠴᠠ ᠭᠤᠷᠪᠠᠯᠠᠬᠤ ᠪᠠᠶᠢᠳᠣᠭᠠᠢ ᠲᠠᠪᠤ ᠲᠣᠯᠤᠭ᠎ᠠ  ᠪᠠᠷ ᠲᠦᠯᠯᠡᠬᠦ ᠦᠵᠡᠭᠳᠡᠯ ᠵᠦᠩᠳᠡᠭᠡᠨ ᠪᠣᠯᠣᠭᠰᠠᠨ  ᠠᠴᠠ ᠪᠣᠭ ᠮᠠᠯ  ᠤᠨ ᠲᠦᠯ  ᠤᠨ ᠭᠤᠷᠪᠠᠯᠠᠬᠤ  ᠶᠢ ᠪᠡᠯᠭᠡᠰᠢᠶᠡᠬᠦ ᠣᠯᠠᠮᠵᠢᠯᠠᠯᠳᠦ ᠵᠠᠩ ᠣᠶᠢᠯᠨ ᠨᠢᠭᠡᠨᠳᠡ ᠲᠡᠣᠭᠡᠳᠦ ᠡᠬᠦᠷᠭᠡ  ᠪᠠᠨ ᠪᠡᠶᠡᠯᠡᠬᠦᠯᠵᠠᠢ᠃ ︵ᠬᠦᠢᠳ ᠣᠷᠢᠶᠠᠩᠬᠠᠨ ᠷᠠᠪᠳᠠᠨᠴᠢᠷᠢᠨ ᠭᠠᠷᠳᠠᠨ ᠪᠢᠴᠢᠪᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号