ᠴᠠᠬᠠᠷᠴᠣᠳ᠂ ᠨᠡᠶᠢᠳᠡ ᠮᠤᠩᠭᠤᠯᠴᠤᠳ ᠲᠠᠢ ᠠᠳᠠᠯᠢ ᠪᠠᠷ ᠲᠡᠪᠡᠯ ᠭᠤᠳᠤᠯ ᠡᠮᠤᠰᠴᠦ ᠪᠦᠰᠨ ᠪᠦᠰᠡᠯᠡᠨ᠂ ᠮᠠᠯᠠᠭᠠᠢ | ᠡᠮᠣᠰᠴᠣ᠂ ᠠᠯᠴᠢᠭᠤᠷ ᠤᠷᠢᠶᠠᠭᠠᠳ᠂ ᠠᠯᠳᠠ ᠮᠦᠡᠭᠬᠦ᠂ ᠡᠷᠳᠡᠨᠢ ᠶᠢᠨ ᠴᠢᠯᠠᠭᠤᠨ ᠵᠡᠭᠦᠳᠡᠯ ᠵᠢᠮᠰᠡᠭ ᠡᠳ᠋ᠯᠡᠵᠤ | ᠶᠠᠪᠤᠳᠠᠭ ᠵᠠᠩᠰᠢᠯ ᠲᠠᠢ᠃ ᠴᠠᠬᠠᠷ ᠮᠠᠶ᠋ᠢᠭ ᠤᠨ ᠬᠤᠪᠴᠡᠰᠦ ᠬᠤᠨᠠᠷ ᠬᠢᠭᠡᠳ ᠵᠡᠬᠦᠳᠡᠯ ᠵᠠᠰᠠᠯ ᠵᠢᠮᠰᠡᠭ ᠨᠢ ᠭᠠᠵᠠᠷ | ᠨᠤᠳᠤᠭ ᠤᠨ ᠢᠶᠠᠨ ᠪᠠᠶᠢᠭᠠᠯᠢ ᠤᠷᠴᠢᠨ᠂ ᠠᠭᠤᠷ ᠠᠮᠢᠰᠬᠤᠯ ᠤᠨ ᠨᠦᠭᠦᠴᠡᠯ ᠪᠠ ᠨᠡᠭᠦᠳᠡᠯ ᠮᠠᠯᠵᠢᠯ ᠤᠨ ᠬᠡᠷᠡᠭᠴᠡᠭᠡ | ᠲᠠᠢ ᠶᠠᠪ ᠴᠡᠪ ᠵᠤᠬᠢᠴᠠᠵᠦ᠂ ᠪᠦᠰᠡᠳᠡᠢ ᠬᠦᠮᠦᠨ ᠳᠤ ᠰᠦᠷ ᠵᠢᠪᠬᠤᠭ᠎ᠠ ᠨᠡᠮᠡᠭᠳᠡᠭᠦᠯᠦᠨ ᠪᠦᠰᠡᠭᠦᠢ ᠬᠦᠮᠦᠨ ᠳᠤ | ᠴᠢᠮᠡᠭ ᠦᠵᠡᠰᠭᠦᠯᠡᠩ ᠪᠦᠷᠢᠳᠤᠭᠦᠯᠦᠭᠰᠡᠨ ᠢᠶᠠᠷ ᠢᠶᠠᠨ ᠲᠠᠶᠡᠩ ᠳᠤ ᠠᠯᠳᠠᠷᠰᠢᠵᠡᠢ᠃ ᠴᠠᠬᠠᠷᠴᠤᠳ ᠶᠡᠷᠣ ᠨᠢ | ᠬᠤᠪᠴᠡᠰᠦ ᠬᠤᠨᠠᠷ ᠢᠶᠠᠨ ᠬᠡᠵᠢᠶᠠᠳᠡ ᠴᠡᠪᠡᠷ ᠲᠡᠭᠰᠢ ᠡᠮᠤᠰᠴᠦ᠂ ᠮᠠᠯᠠᠭᠠᠢ ᠪᠠᠨ ᠬᠠᠵᠠᠭᠠᠢ ᠲᠠᠯᠪᠢᠬᠤ᠂ ᠡᠩᠭᠡᠷ | ᠲᠤᠪᠴᠢ ᠪᠠᠨ ᠰᠤᠯᠨ ᠵᠠᠳᠠᠭᠠᠢ ᠤᠷᠬᠢᠬᠤ᠂ ᠪᠦᠰᠨ ᠪᠠᠨ ᠤᠨᠵᠢᠩ ᠰᠠᠨᠵᠢᠩ ᠪᠦᠰᠡᠯᠡᠬᠦ᠂ ᠭᠤᠳᠤᠯ ᠢᠶᠠᠨ ᠮᠠᠶᠢᠵᠢᠬᠢ | ᠬᠢᠰᠬᠢᠬᠦ᠂ ᠵᠡᠭᠦᠳᠡᠯ ᠵᠢᠮᠰᠡᠭ ᠢᠶᠠᠨ ᠬᠠᠰᠢ ᠶᠠᠰᠢ ᠵᠡᠭᠦᠬᠦ ᠵᠡᠷᠭᠡ ᠶᠢ ᠲᠠᠩᠬᠠᠢ ᠰᠤᠷᠳᠡᠯ ᠬᠡᠵᠦ ᠵᠢᠭᠰᠢᠨ᠂ ᠨᠡᠩ ᠴᠤ | ᠭᠡᠵᠢᠭᠡ ᠦᠰᠦ ᠪᠠᠨ ᠰᠤᠯᠨ ᠲᠠᠯᠪᠢᠬᠤ᠂ ᠪᠠᠶ᠎ᠡ ᠴᠤᠭᠴᠨ ᠶᠢᠨ ᠴᠢᠬᠢᠷᠠᠭ ᠦᠵᠡᠰᠭᠦᠯᠡᠩ ᠢᠶᠠᠨ ᠢᠯᠨ ᠭᠠᠶᠢᠬᠠᠭᠤᠯᠬᠤ | ᠶᠢ ᠲᠠᠰᠦ ᠴᠡᠭᠡᠷᠯᠡᠳᠡᠭ᠃ | ᠲᠡᠪᠡᠯ ᠪᠠ ᠲᠡᠷᠯᠢᠭ | ᠲᠡᠪᠡᠯ ᠪᠠ ᠲᠡᠷᠯᠢᠭ ᠢ ᠪᠦᠰ ᠲᠤᠷᠭ᠎ᠠ᠂ ᠴᠢᠰᠴᠡᠤ᠂ ᠦᠭᠡᠳᠡᠩ᠂ ᠮᠡᠩᠨᠤᠭ ᠪᠤᠶᠤ ᠬᠤᠨᠢ ᠬᠤᠷᠠᠭᠠᠨ ᠤ ᠠᠷᠠᠰᠦ | ᠵᠡᠷᠭᠡ ᠪᠠᠷ ᠡᠰᠭᠡᠵᠦ ᠤᠶᠤᠭᠠᠳ᠂ ᠬᠠᠪᠤᠷ ᠵᠤᠨ ᠤ ᠡᠮᠤᠰᠭᠡᠯ ᠢ ᠨᠢ ︽ᠲᠡᠷᠯᠢᠭ︾ ᠭᠡᠵᠦ᠂ ᠨᠠᠮᠤᠷ ᠡᠪᠤᠯ ᠤᠨ | ᠡᠮᠤᠰᠭᠡᠯ ᠢ ᠨᠢ ︽ᠲᠡᠪᠡᠯ︾ ᠭᠡᠵᠦ ᠨᠡᠷᠡᠯᠡᠳᠡᠭ᠃ ᠲᠡᠷᠯᠢᠭ ᠢ ᠪᠦᠰ ᠪᠤᠶᠤ ᠲᠤᠷᠭ᠎ᠠ ᠪᠠᠷ ᠲᠤᠳᠤᠷ ᠲᠠᠢ ᠡᠰᠡᠬᠦ ᠪᠠᠷ | ᠨᠢ ︽ᠲᠡᠩ ᠲᠡᠷᠯᠢᠭ︾᠂ ︽ᠲᠠᠪᠬᠤᠷ ᠲᠡᠷᠯᠢᠭ︾ ᠭᠡᠵᠦ ᠢᠯᠭᠠᠨ᠂ ᠲᠡᠪᠡᠯ ᠢ ᠬᠡᠷᠡᠭᠯᠡᠭᠰᠡᠨ ᠮᠠᠲ᠋ᠧᠷᠢᠶᠠᠯ ᠤᠨ ᠬᠢᠨᠢ | ᠲᠦᠷᠦᠯ ᠵᠦᠢᠯ ᠢᠶᠠᠷ ᠬᠦᠪᠤᠡᠭ ᠲᠡᠪᠡᠯ᠂ ᠨᠡᠭᠡᠢ ᠲᠡᠪᠡᠯ᠂ ᠵᠤᠪᠴᠠᠭ᠎ᠠ᠂ ᠬᠤᠷᠠᠭᠠᠨ ᠲᠡᠪᠡᠯ ᠭᠡᠵᠦ ᠢᠯᠭᠠᠨ᠎ᠠ᠃ | ᠴᠠᠬᠠᠷ ᠮᠠᠶ᠋ᠢᠭ ᠤᠨ ᠲᠡᠪᠡᠯ ᠲᠡᠷᠯᠢᠭ ᠨᠢ ᠨᠡᠶᠢᠳᠡᠮ ᠳᠡᠭᠡᠨ ᠪᠤᠰᠤᠭ᠎ᠠ ᠵᠠᠭᠠᠮ᠎ᠠ᠂ ᠤᠨᠤᠭᠤ᠂ ᠲᠤᠳᠤᠭᠠᠳᠦ ᠡᠩᠭᠡᠷ ᠲᠠᠢ | ᠂ ᠬᠤᠶᠠᠷ ᠪᠤᠶᠤ ᠭᠤᠷᠪᠠ ᠪᠠᠷ ᠡᠮᠵᠢᠭᠰᠡᠨ ᠪᠠᠶᠢᠳᠠᠭ᠃ ᠲᠡᠪᠡᠯ ᠲᠡᠷᠯᠢᠭ ᠢ ᠡᠮᠵᠢᠬᠦ ᠳᠡᠭᠡᠨ ᠮᠠᠯᠳᠠᠭᠠᠷᠢ᠂ ᠵᠠᠭᠠᠮ᠎ᠠ᠂ | ᠡᠩᠭᠡᠷ᠂ ᠬᠠᠨᠴᠤᠢ᠂ ᠤᠨᠤᠭᠤ ᠶᠢᠨ ᠬᠢᠨᠢ ᠬᠦᠪᠡᠭᠡ ᠶᠢ ᠦᠡᠭᠭᠡ ᠢᠯᠭᠠᠷᠠᠭᠰᠠᠨ ᠬᠤᠷᠭᠤᠢ ᠲᠤᠷᠭᠠᠨ ᠡᠮᠵᠢᠶᠡᠷᠢ ᠪᠠᠷ | ᠡᠮᠵᠢᠵᠤ᠂ ᠲᠤᠤᠵᠨ ᠲᠠᠷᠤᠭᠤᠯᠬᠤ ᠪᠤᠶᠤ ᠦᠯᠵᠡᠢ ᠤᠳᠡᠰᠦ᠂ ᠤᠭᠠᠯᠵᠨ ᠬᠤᠸᠠᠷ ᠬᠠᠳᠬᠤᠨ ᠤᠷᠠᠯᠠᠭᠰᠠᠨ ᠴᠤ | ᠪᠠᠶᠢᠳᠠᠭ᠃ ᠪᠦᠰᠡᠳᠡᠢ ᠬᠦᠮᠦᠨ ᠤ ᠲᠡᠪᠡᠯ ᠲᠡᠷᠯᠢᠭ ᠢ ᠰᠤᠭᠤ ᠬᠦᠷᠳᠡᠯ᠎ᠡ ᠡᠮᠵᠢᠶᠡᠷᠢᠯᠡᠵᠦ᠂ ᠪᠦᠰᠡᠭᠦᠢ ᠬᠦᠮᠦᠨ ᠤ ᠬᠢ | ᠶᠢ ᠰᠤᠮᠤ ᠲᠤᠵᠢ ᠳᠤ ᠨᠢ ᠡᠮᠵᠢᠶᠡᠷᠢᠯᠡᠳᠡᠭ ᠶᠤᠰᠤ ᠲᠠᠢ᠃ ᠵᠠᠷᠢᠮ ᠭᠠᠵᠠᠷ ᠲᠡᠪᠡᠯ ᠲᠡᠷᠯᠢᠭ ᠤᠨ ᠢᠶᠠᠨ ᠬᠠᠨᠴᠤᠢ ᠶᠢᠨ | ᠬᠠᠷᠢᠳᠦᠨ ᠬᠡᠰᠡᠭ ᠲᠤ ᠬᠤᠷᠭᠤᠢ ᠲᠤᠷᠭ᠎ᠠ ᠠᠯᠬᠠᠯᠠᠨ᠂ ᠲᠤᠤᠵᠨ ᠲᠠᠷᠤᠭᠤᠯᠵᠦ ᠴᠢᠮᠠᠨ ᠤᠶᠤᠭᠰᠠᠨ ᠴᠤ ᠪᠠᠶᠢᠳᠠᠭ᠃ | ᠡᠭᠦᠨ ᠢ ︽ᠪᠡᠯᠴᠢᠩ ᠤᠶᠤᠬᠤ︾ ᠭᠡᠳᠡᠭ᠃ ᠲᠡᠪᠡᠯ ᠲᠡᠷᠯᠢᠭ ᠲᠤ ᠡᠮᠵᠢᠶᠠᠷᠢ ᠶᠢᠨ ᠬᠢᠨᠢ ᠬᠤᠷᠭᠤᠢ ᠲᠤᠷᠭ᠎ᠠ ᠪᠠᠷ | ᠲᠤᠪᠴᠢ ᠵᠡᠩᠬᠢᠳᠴᠦ ᠬᠠᠳᠠᠬᠤ ᠪᠤᠶᠤ ᠲᠠᠷᠬᠠᠨ ᠤ ᠦᠢᠯᠡᠳᠦᠭᠰᠡᠨ ᠬᠦᠭᠡᠭᠡᠮᠡᠯ ᠮᠦᠡᠭᠭᠦᠨ ᠲᠤᠪᠴᠢ᠂ ᠰᠠᠶᠢᠯᠪᠤᠷᠢ ᠲᠠᠢ | ᠮᠦᠡᠭᠬᠦ ᠪᠤᠶᠤ ᠭᠠᠤᠯᠢᠨ ᠲᠤᠪᠴᠢ᠂ ᠮᠦᠡᠭᠭᠦᠨ ᠴᠢᠭᠳᠠ ᠲᠤᠪᠴᠢ᠂ ᠰᠢᠬᠢᠳᠭᠡᠭᠡ ᠲᠠᠢ ᠮᠦᠡᠭᠭᠦᠨ ᠲᠤᠪᠴᠢ᠂ ᠰᠠᠨᠵᠢ | ᠲᠠᠢ ᠱᠢᠷᠦᠨ ᠲᠤᠪᠴᠢ ᠨᠤᠭᠤᠳ ᠠᠴᠠ ᠰᠤᠩᠭᠤᠨ ᠬᠡᠷᠡᠭᠯᠡᠳᠡᠭ ᠪᠠᠶᠢᠨ᠎ᠠ᠃ ᠲᠤᠪᠴᠢ ᠰᠢᠯᠪᠢ ᠬᠠᠳᠠᠬᠤ ᠳᠠᠭᠠᠨ | ᠭᠡᠳᠦᠨ ᠡᠮᠵᠢᠶᠠᠷᠢ ᠲᠠᠢ ᠪᠤᠯ ᠲᠡᠳᠦᠢ ᠲᠤᠭᠠᠨ ᠤ ᠲᠤᠪᠴᠢ ᠰᠢᠯᠪᠢ ᠶᠢ ᠵᠠᠭᠠᠮ᠎ᠠ᠂ ᠡᠩᠭᠡᠷ᠂ ᠰᠤᠭᠤ᠂ ᠤᠨᠤᠭᠤ ᠳᠤ | ᠵᠡᠷᠭᠡᠴᠡᠭᠦᠯᠦᠨ ᠬᠠᠳᠠᠳᠠᠭ᠃ ᠮᠠᠯ ᠠᠵᠤ ᠠᠬᠤᠢ ᠶᠢᠨ ᠠᠵᠤ ᠬᠦᠳᠡᠯᠮᠤᠷᠢ ᠪᠠ ᠨᠡᠭᠦᠳᠡᠯ ᠪᠠᠭᠤᠳᠠᠯ ᠤᠨ ᠬᠡᠷᠡᠭᠴᠡᠭᠡᠨ | ᠠᠴᠠ ᠪᠦᠰᠡᠳᠡᠢ ᠬᠦᠮᠦᠨ ᠤ ᠲᠡᠪᠡᠯ ᠲᠡᠷᠯᠢᠭ ᠢ ᠵᠠᠪᠠᠯ ᠪᠡᠶ᠎ᠡ ᠠᠴᠠ ᠨᠢ ᠠᠭᠤᠵᠢᠮ ᠤᠷᠳᠤ ᠣᠶᠣᠳᠠᠭ᠃ ᠲᠡᠷᠡ ᠨᠢ | ᠮᠠᠯ ᠬᠠᠷ᠎ᠡ ᠲᠠᠢ ᠨᠤᠴᠤᠯᠳᠤᠬᠤ ᠳᠤ ᠡᠪᠳᠡᠢ᠂ ᠡᠮᠤᠰᠤᠭᠡᠳ ᠶᠠᠪᠤᠪᠡᠯ ᠬᠤᠪᠴᠠᠰᠦ᠂ ᠨᠦᠮᠦᠷᠢᠭᠡᠳ ᠬᠡᠪᠳᠡᠪᠡᠯ | ᠬᠤᠴᠢᠯᠭ᠎ᠠ ᠪᠤᠯᠳᠠᠭ᠃ | ᠴᠠᠬᠠᠷ ᠮᠠᠶ᠋ᠢᠭ ᠤᠨ ᠲᠡᠪᠡᠯ ᠤᠨ ᠲᠦᠷᠦᠯ ᠵᠦᠢᠯ ᠤᠯᠠᠨ᠂ ᠬᠤᠪᠢ ᠬᠤᠪᠢ ᠶᠢᠨ ᠤᠨᠴᠠᠯᠢᠭ ᠲᠠᠢ ᠪᠠᠶᠢᠳᠠᠭ᠃ ᠲᠡᠪᠡᠯ | ᠤᠨ ᠭᠠᠳᠠᠷ ᠲᠤᠳᠤᠷ ᠤᠨ ᠵᠠᠪᠰᠠᠷ ᠬᠦᠪᠤᠡᠭ ᠵᠤᠯᠠᠵᠦ ᠲᠠᠯᠪᠢᠨ ᠲᠤᠵᠢ ᠬᠠᠪᠠᠵᠦ ᠤᠶᠤᠭᠰᠠᠨ ᠢ ᠬᠦᠪᠤᠡᠭ ᠲᠡᠪᠡᠯ | ᠭᠡᠳᠡᠭ᠃ ᠬᠦᠪᠤᠡᠭ ᠲᠠᠪᠡᠯ ᠤᠨ ᠬᠠᠪᠠᠭᠠᠰᠦ ᠶᠢᠨ ᠵᠠᠢ ᠨᠢ ᠲᠠᠷᠢ ᠵᠢᠭᠳᠡ᠂ ᠬᠠᠳᠬᠤᠭᠰᠠᠨ ᠨᠢᠳᠦ ᠨᠢ ᠦᠢᠷ᠎ᠡ | ᠲᠡᠩᠴᠡᠭᠦᠤ᠂ ᠤᠳᠠᠰᠦᠨ ᠳᠤ ᠨᠢ ᠬᠦᠪᠤᠡᠭ ᠲᠠᠭᠠᠭᠰᠠᠨ ᠦᠭᠡᠢ ᠪᠠᠶᠢᠪᠡᠯ ᠤᠷᠠᠨ ᠤᠶᠤᠳᠠᠯ ᠳᠤ ᠲᠤᠭᠠᠴᠠᠭᠳᠠᠨ᠎ᠠ᠃ | ᠢᠳᠡᠭᠡᠯᠡᠵᠦ ᠡᠯᠳᠡᠭᠰᠡᠨ ᠡᠪᠤᠯ ᠤᠨ ᠬᠤᠨᠢᠨ ᠠᠷᠠᠰᠦ ᠪᠠᠷ ᠡᠰᠭᠡᠵᠦ ᠤᠶᠤᠭᠰᠠᠨ ᠲᠡᠪᠡᠯ ᠢ ︽ᠨᠡᠭᠡᠢ ᠲᠡᠪᠡᠯ︾ ᠪᠤᠶᠤ | ︽ᠦᠡᠭᠭᠡ ᠴᠠᠭᠠᠨ ᠲᠡᠪᠡᠯ︾ ᠭᠡᠵᠦ᠂ ᠵᠤᠨ ᠨᠠᠮᠤᠷ ᠤᠨ ᠬᠤᠨᠢᠨ ᠠᠷᠠᠰᠦ ᠪᠠᠷ ᠤᠶᠤᠭᠰᠠᠨ ᠢ ᠨᠢ ︽ᠦᠵᠣᠬᠦᠷᠰᠡᠭ | ᠲᠡᠪᠡᠯ︾ ᠭᠡᠳᠡᠭ᠃ ᠠᠷᠠᠰᠦᠨ ᠲᠡᠪᠡᠯ ᠤᠶᠤᠬᠤ ᠳᠠᠭᠠᠨ ᠡᠩᠭᠡᠷ᠂ ᠬᠤᠷᠮᠤᠢ᠂ ᠬᠠᠨᠴᠦᠢ᠂ ᠮᠠᠯᠳᠠᠭᠠᠷᠢ ᠶᠢᠨ ᠬᠢᠨᠢ | ᠬᠦᠪᠡᠭᠡ ᠶᠢ ᠬᠤᠷᠤᠭᠤ ᠦᠷᠭᠡᠨ ᠲᠡᠰᠡᠮᠠ ︵ᠦᠰᠦ ᠶᠢ ᠨᠢ ᠬᠠᠶᠢᠴᠢᠯᠠᠭᠰᠠᠨ ᠬᠦᠳᠦᠰᠣ︶ ᠪᠠᠷ ᠲᠡᠰᠡᠮᠡᠳᠡᠵᠦ | ᠤᠶᠤᠬᠤ ᠪᠤᠶᠤ ᠬᠠᠷ᠎ᠠ ᠪᠦᠰ᠂ ᠦᠭᠡᠳᠡᠩ᠂ ᠬᠠᠷ᠎ᠠ ᠬᠤᠷᠭᠤᠢ ᠪᠠᠷ ᠬᠦᠪᠡᠭᠡᠯᠡᠨ᠂ ᠢᠷᠮᠡᠭ ᠢᠶᠠᠷ ᠨᠢ ᠬᠤᠷᠠᠭᠠᠨ | ᠠᠷᠠᠰᠦᠨ ᠤ ᠦᠰᠦ ᠶᠢ ᠪᠤᠯᠳᠠᠶᠢᠯᠭᠠᠨ ᠤᠶᠤᠭᠰᠠᠨ ᠪᠠᠶᠢᠳᠠᠭ᠃ ᠦᠡᠭᠭᠡ ᠴᠠᠭᠠᠨ ᠲᠡᠪᠡᠯ ᠢᠶᠠᠨ ᠬᠤᠷᠤᠬᠠᠶᠢᠳᠦᠬᠤ | ᠦᠭᠡᠢ᠂ ᠭᠬᠢᠷᠳᠦᠬᠦ ᠦᠭᠡᠢ᠂ ᠴᠢᠬᠢᠭ ᠨᠦᠢᠳᠡᠨ ᠳᠤ ᠲᠡᠪᠳᠤᠬᠦ ᠦᠭᠡᠢ ᠪᠤᠯᠭᠠᠬᠤ ᠶᠢᠨ ᠲᠤᠰᠡᠳᠡ ᠡᠯᠳᠡᠭᠰᠡᠨ ᠠᠷᠠᠰᠦ | ᠪᠠᠨ ᠤᠳᠤᠵᠦ ᠰᠢᠷᠠᠯᠠᠭᠤᠯᠤᠭᠠᠳ ᠤᠶᠤᠳᠠᠭ ᠴᠤ ᠪᠤᠢ᠃ ᠡᠭᠦᠨ ᠢ ︽ᠤᠳᠤᠮᠠᠯ ᠠᠷᠠᠰᠦᠨ ᠲᠡᠪᠡᠯ︾ ᠭᠡᠳᠡᠭ᠃ | ᠠᠷᠠᠰᠦᠨ ᠲᠡᠪᠡᠯ ᠳᠡᠭᠡᠨ ᠪᠦᠰ ᠭᠠᠳᠠᠷ ᠲᠠᠳᠠᠭᠰᠠᠨ ᠢ ᠨᠢ ︽ᠵᠤᠪᠴᠠᠭ᠎ᠠ︾ ᠭᠡᠳᠡᠭ᠃ ᠭᠤᠤᠯᠳᠠᠭᠤ ᠤᠳᠠᠭᠠᠨ | ᠡᠮᠤᠰᠴᠦ ᠡᠳ᠋ᠯᠡᠭᠰᠡᠨ ᠠᠴᠠ ᠬᠦᠷᠦᠰᠦ ᠨᠢ ᠨᠢᠮᠭᠡᠷᠡᠵᠦ ᠦᠡᠭᠭᠡ ᠦᠭᠡᠢ ᠪᠤᠯᠤᠭᠰᠠᠨ ᠪᠤᠶᠤ ᠦᠰᠦ ᠨᠢ ᠰᠠᠭᠤᠵᠦ | ᠢᠯᠴᠢ ᠪᠠᠷ ᠪᠠᠷᠤᠭᠳᠠᠢ ᠪᠤᠯᠤᠭᠰᠠᠨ ᠦᠡᠭᠭᠡ ᠴᠠᠭᠠᠨ ᠲᠡᠪᠡᠯ ᠢᠶᠠᠨ ᠭᠠᠳᠠᠷᠯᠠᠵᠦ ᠡᠮᠤᠰᠳᠡᠭ᠃ ᠵᠤᠪᠴᠠᠭ᠎ᠠ ᠤᠶᠤᠬᠤ | ᠠᠴᠠ ᠡᠮᠤᠨ᠎ᠠ ᠬᠠᠭᠤᠴᠢᠨ ᠲᠡᠪᠡᠯ ᠤᠨ ᠢᠶᠠᠨ ᠠᠪᠴᠢᠵᠦ ᠠᠳᠤᠷᠢᠭᠰᠠᠨ ᠭᠠᠵᠠᠷ ᠢ ᠪᠠᠭ᠎ᠠ ᠴᠢᠬᠢᠭᠳᠡᠭᠦᠯᠦᠨ ᠬᠦᠨᠳᠦ | ᠢᠯᠡᠤᠷ ᠢᠶᠠᠷ ᠢᠯᠡᠤᠷᠳᠡᠵᠦ ᠲᠠᠨᠠᠶᠢᠯᠭᠡᠪᠡᠯ ᠭᠠᠳᠠᠷ ᠲᠤᠳᠤᠷ ᠨᠢ ᠨᠠᠶᠢᠯᠠᠮᠵᠢ ᠰᠠᠶᠢᠳᠡᠢ ᠪᠤᠯᠳᠠᠭ᠃ ᠰᠡᠩᠰᠡᠨ ᠬᠤᠷᠠᠭᠠᠨ | ᠠᠷᠠᠰᠦ ᠪᠤᠶᠤ ᠨᠠᠷᠢᠨ ᠬᠤᠷᠠᠭᠠᠨ ᠠᠷᠠᠰᠦ ᠪᠠᠷ ᠡᠰᠭᠡᠵᠦ ᠤᠶᠤᠭᠰᠠᠨ ᠲᠡᠪᠡᠯ ᠢ ︽ᠬᠤᠷᠠᠭᠠᠨ ᠲᠡᠪᠡᠯ︾ ᠪᠤᠶᠤ ︽ | ᠰᠡᠩᠰᠡᠨ ᠵᠤᠪᠴᠠᠭ᠎ᠠ︾ ᠭᠡᠳᠡᠭ᠃ ᠬᠤᠷᠠᠭᠠᠨ ᠠᠷᠠᠰᠦ ᠶᠢ ᠡᠰᠭᠡᠵᠦ ᠵᠦᠢᠬᠦ ᠳᠡᠭᠡᠨ ᠠᠷᠠᠰᠦ ᠵᠠᠭᠤᠷ᠎ᠠ ᠶᠢᠨ ᠦᠰᠦ ᠶᠢ | ᠡᠪᠳᠡᠢ ᠲᠠᠭᠠᠷᠠᠭᠤᠯᠤᠨ ᠨᠢᠭᠡᠨ ᠴᠤᠭᠴᠨ ᠮᠡᠳᠦ ᠠᠪᠴᠠᠯᠳᠤᠭᠤᠯᠬᠤ ᠨᠢ ᠤᠶᠤᠳᠠᠯᠴᠢᠨ ᠤ ᠤᠷᠠᠨ ᠮᠡᠷᠭᠡᠰᠢᠯ ᠶᠤᠮ᠃ | ᠰᠡᠩᠰᠡᠨ ᠲᠡᠪᠡᠯ ᠳᠤ ᠲᠤᠷᠭ᠎ᠠ ᠴᠢᠰᠴᠡᠤ ᠪᠠᠷ ᠭᠠᠳᠠᠷ ᠲᠠᠳᠠᠵᠦ ᠭᠡ᠂ ᠶᠤᠰᠤᠨ ᠳᠤ ᠡᠮᠤᠰᠴᠦ ᠶᠠᠪᠤᠳᠠᠭ᠃ ᠭᠠᠳᠠᠷ | ᠨᠢ ᠬᠠᠭᠤᠴᠢᠷᠠᠪᠠᠯ ᠰᠢᠨ᠎ᠡ ᠪᠠᠷ ᠰᠤᠯᠢᠳᠠᠭ᠃ | ᠤᠤᠵᠢ᠂ ᠬᠠᠨᠵᠢᠶᠠᠷᠢ᠂ ᠬᠦᠷᠮ᠎ᠠ | ᠴᠠᠬᠠᠷ ᠲᠤ ᠬᠤᠷᠢᠮᠯᠠᠭᠰᠠᠨ ᠬᠦᠮᠦᠨ ᠯᠨ ᠲᠡᠪᠡᠯ ᠲᠡᠷᠯᠢᠭ ᠤᠨ ᠢᠶᠠᠨ ᠲᠡᠭᠡᠭᠦᠷ ᠤᠤᠵᠢ ᠬᠠᠨᠵᠢᠶᠠᠷ᠂ ᠬᠦᠷᠮ᠎ᠠ | ᠡᠮᠤᠰᠳᠡᠭ ᠶᠤᠰᠦ ᠲᠠᠢ᠃ ᠴᠠᠬᠠᠷ ᠮᠠᠶ᠋ᠢᠭ ᠤᠨ ᠤᠤᠵᠢ ᠨᠢ ᠵᠠᠭᠠᠮ᠎ᠠ᠂ ᠬᠠᠨᠴᠦᠢ ᠦᠭᠡᠢ᠂ ᠡᠭᠴᠨ ᠡᠩᠭᠡᠷ᠂ ᠤᠷᠳᠤ | ᠬᠤᠷᠮᠤᠢ ᠲᠠᠢ᠂ ᠬᠤᠶᠠᠷ ᠲᠡᠰᠢᠶ᠎ᠡ ᠬᠢᠭᠡᠳ ᠨᠢᠷᠤᠭᠤᠨ ᠭᠤᠤᠯ ᠪᠦᠰᠡᠯᠡᠭᠦᠷ ᠠᠴᠠ ᠲᠤᠷᠤᠭᠰᠢ ᠤᠨᠤᠭᠤ ᠲᠠᠢ᠂ ᠲᠡᠪᠡᠯ | ᠲᠠᠢ ᠪᠠᠨ ᠦᠡᠭᠭᠡ ᠢᠯᠭᠠᠷᠠᠭᠰᠠᠨ ᠲᠤᠷᠭ᠎ᠠ᠂ ᠴᠢᠰᠴᠡᠤ ᠪᠠᠷ ᠤᠶᠤᠵᠦ᠂ ᠡᠩᠭᠡᠷ᠂ ᠬᠤᠷᠮᠤᠢ᠂ ᠮᠠᠯᠳᠠᠭᠠᠷᠢ ᠶᠢ ᠲᠤᠵᠢ | ᠳᠤ ᠨᠢ ᠦᠷᠭᠡᠨ ᠬᠤᠷᠭᠤᠢ ᠲᠤᠷᠭ᠎ᠠ ᠪᠠᠷ ᠬᠦᠪᠡᠭᠡᠯᠡᠵᠦ᠂ ᠲᠤᠳᠤᠷ ᠲᠠᠯ᠎ᠠ ᠳᠤ ᠨᠢ ᠠᠯᠳᠠ ᠮᠦᠡᠭᠭᠦᠨ ᠤᠳᠠᠰᠦᠨ | ᠲᠤᠤᠵᠨ ᠬᠤᠤᠰᠯᠠᠭᠤᠯᠤᠨ ᠲᠠᠷᠤᠬᠤ ᠪᠤᠶᠤ ᠬᠤᠷᠮᠤᠢ ᠶᠢᠨ ᠦᠨᠴᠦᠭ ᠲᠤ ᠭᠡ ᠤᠭᠠᠯᠵᠨ᠂ ᠦᠯᠵᠡᠢ ᠤᠳᠠᠰᠦ | ᠴᠢᠮᠡᠭᠯᠡᠵᠤ ᠤᠶᠤᠭᠠᠳ᠂ ᠬᠤᠭᠤᠯᠠᠢ ᠠᠴᠠ ᠪᠦᠰᠡᠯᠡᠭᠦᠷ ᠬᠦᠷᠳᠡᠯ᠎ᠠ ᠲᠠᠪᠤᠨ ᠲᠤᠪᠴᠢ ᠰᠢᠯᠪᠢ ᠬᠠᠳᠠᠳᠠᠭ᠃ ᠬᠡᠤᠭᠡᠨ | ᠮᠤᠷᠳᠡᠵᠦ ᠪᠡᠷᠢ ᠪᠤᠯᠪᠠᠯ ᠤᠤᠵᠢ ᠡᠮᠤᠰᠦᠨᠡ᠃ ᠬᠠᠨᠵᠢᠶᠠᠷ ᠨᠢ ᠮᠦᠨ ᠵᠠᠭᠠᠮ᠎ᠠ ᠬᠠᠨᠴᠦᠢ ᠦᠭᠡᠢ᠂ ᠡᠭᠴᠨ ᠪᠤᠶᠤ | ᠲᠤᠭᠤᠯ ᠡᠩᠭᠡᠷ᠂ ᠤᠭᠳᠤᠷ ᠬᠤᠷᠮᠤᠢ᠂ ᠲᠡᠰᠢᠶᠠᠨ ᠳᠠᠭᠠᠨ ᠤᠨᠤᠭᠤ ᠲᠠᠢ᠃ ᠦᠪᠴᠢ ᠳᠤ ᠨᠢ ᠬᠤᠷᠭᠤᠢ ᠪᠠᠷ | ᠬᠦᠪᠡᠭᠡᠯᠡᠨ ᠲᠤᠤᠵᠨ ᠲᠠᠷᠤᠭᠤᠯᠵᠦ ᠲᠤᠪᠴᠢ ᠰᠢᠯᠪᠢ ᠬᠠᠳᠠᠭᠰᠠᠨ ᠪᠠᠶᠢᠳᠠᠭ᠃ ᠬᠠᠨᠵᠢᠶᠠᠷ ᠢ ᠬᠤᠷᠢᠮᠯᠠᠭᠰᠠᠨ | ᠡᠷᠡᠭᠳᠡᠢ ᠡᠮᠡᠭᠳᠡᠢ ᠠᠯᠢᠨ ᠴᠤ ᠪᠦᠷ ᠡᠮᠤᠰᠴᠦ ᠪᠤᠯᠤᠨ᠎ᠠ᠃ ᠬᠦᠷᠮ᠎ᠡ ᠶᠢ ᠬᠤᠷᠢᠮᠯᠠᠭᠰᠠᠨ ᠡᠷᠡᠭᠳᠡᠶᠢᠴᠦᠳ ᠯᠨ | ᠡᠳ᠋ᠯᠡᠳᠡᠭ᠃ ᠭᠤᠤᠯᠳᠠᠭᠤ ᠬᠠᠷ᠎ᠡ ᠦᠡᠭᠭᠡ ᠶᠢᠨ ᠲᠤᠷᠭ᠎ᠠ ᠪᠠᠷ ᠤᠶᠤᠳᠠᠭ ᠪᠦᠭᠡᠳ ᠡᠮᠵᠢᠶᠡᠷᠢᠯᠡᠬᠦ ᠦᠭᠡᠢ ᠪᠤᠶᠤ ᠶᠡᠭᠡ | ᠪᠡᠶ᠎ᠡ ᠶᠢᠨ ᠬᠢᠨᠢ ᠪᠠᠷᠠᠭ᠎ᠠ ᠪᠠᠷ ᠲᠡᠩ ᠡᠮᠵᠢᠶᠠᠷᠢᠯᠡᠭᠰᠡᠨ ᠴᠣ᠋ ᠪᠠᠶᠢᠳᠠᠭ᠃ ᠪᠤᠰᠤᠭ᠎ᠠ ᠵᠠᠭᠠᠮ᠎ᠠ᠂ ᠤᠷᠳᠤ ᠬᠠᠨᠴᠦᠢ᠂ | ᠪᠠᠷᠠᠭᠤᠨᠰᠢ ᠵᠦᠷᠢᠭᠰᠡᠨ ᠡᠩᠭᠡᠷ ᠲᠠᠢ᠂ ᠬᠤᠷᠮᠤᠢ ᠨᠢ ᠪᠦᠰᠨ ᠠᠴᠠ ᠲᠤᠷᠤᠭᠰᠢ᠂ ᠲᠠᠰᠢᠶᠠᠨ ᠳᠠᠭᠠᠨ ᠤᠨᠤᠭᠤ ᠲᠠᠢ᠃ | ᠬᠦᠷᠮ᠎ᠠ ᠨᠢ ᠲᠡᠪᠡᠯ ᠲᠡᠷᠯᠢᠭ ᠤᠨ ᠭᠠᠳᠠᠭᠤᠷ ᠲᠠᠪᠬᠤᠷᠯᠠᠵᠦ ᠡᠮᠤᠰᠳᠡᠭ ᠪᠣᠯᠬᠤᠷ ᠡᠯᠪᠡᠭ ᠠ᠊ ᠭᠤᠵᠢᠮ ᠤᠶᠤᠵᠦ᠂ | ᠲᠤᠪᠴᠢ ᠰᠢᠯᠪᠢ ᠬᠠᠳᠠᠳᠠᠭ ᠪᠦᠭᠡᠳ ᠲᠠᠪᠬᠤᠷ᠂ ᠬᠦᠪᠤᠡᠭ ᠲᠤᠯᠢᠶᠠᠯᠭᠠᠭᠰᠠᠨ᠂ ᠬᠤᠷᠠᠭᠠᠨ ᠲᠤᠳᠤᠷ ᠲᠠᠢ ᠭᠡᠵᠦ | ᠢᠯᠭᠠᠳᠠᠭ ᠪᠠᠶᠢᠵᠡᠢ᠃ | ᠭᠤᠶᠠᠪᠴᠢ ᠬᠢᠭᠡᠳ ᠨᠢᠳᠤᠷᠭ᠎ᠠ | ᠭᠤᠶᠠᠪᠴᠢ ᠨᠢ ᠦᠮᠤᠳᠦᠨ ᠤ ᠭᠠᠳᠠᠭᠤᠷ ᠲᠠᠪᠬᠤᠷᠯᠠᠨ ᠡᠮᠤᠰᠬᠦ ᠳᠤ ᠲᠤᠬᠢᠷᠠᠭᠤᠯᠤᠭᠰᠠᠨ ᠡᠳ᠋ᠯᠡᠭᠡᠨ᠂ ᠭᠤᠶ᠎ᠠ ᠳᠠᠭᠠᠨ | ᠣᠭᠯᠠᠭᠠᠳ ᠲᠠᠯᠠᠢ ᠠᠴᠠ ᠪᠠᠨ ᠤᠭᠤᠰᠤᠷᠯᠠᠨ ᠵᠡᠭᠦᠳᠡᠭ᠃ ᠭᠤᠶᠠᠪᠴᠢ ᠶᠢᠨ ᠡᠮᠤᠨ᠎ᠡ ᠲᠠᠯ᠎ᠠ ᠨᠢ ᠠᠷᠤ ᠲᠠᠯ᠎ᠠ ᠠᠴᠠ | ᠪᠠᠨ ᠦᠨᠳᠦᠷ᠂ ᠲᠡᠭᠡᠷ᠎ᠡ ᠲᠠᠯ᠎ᠠ ᠳᠤ ᠨᠢ ᠭᠤᠷᠪᠠᠯᠵᠢᠨ ᠭᠡᠯᠪᠡᠷᠢ ᠶᠢᠨ ᠮᠣᠬᠤᠭᠤ ᠬᠤᠰᠢᠭᠤ ᠭᠠᠷᠭᠠᠨ ᠣᠭᠤᠰᠣᠷ | ᠬᠠᠳᠠᠭᠠᠳ ᠡᠪᠣᠳᠦᠭ ᠲᠡᠭᠡᠷ᠎ᠡ ᠨᠢ ᠭᠡ ᠤᠭᠠᠯᠵᠨ ᠲᠠᠢ ᠲᠠᠪ ᠭᠠᠷᠭᠠᠵᠦ᠂ ᠲᠡᠭᠡᠳᠦ ᠲᠤᠤᠷᠠᠳᠦ ᠬᠦᠪᠡᠭᠡ ᠶᠢ ᠨᠢ | ᠬᠤᠷᠭᠤᠢ ᠲᠤᠷᠭ᠎ᠠ ᠪᠠᠷ ᠡᠮᠵᠢᠵᠦ ᠤᠶᠤᠭᠰᠠᠨ ᠪᠠᠶᠢᠳᠠᠭ᠃ ᠭᠤᠶᠠᠪᠴᠢ ᠶᠢ ᠪᠦᠰ ᠲᠤᠷᠭ᠎ᠠ ᠪᠠᠷ ᠲᠠᠪᠬᠤᠷ᠂ | ᠬᠦᠪᠤᠩᠳᠡᠢ ᠤᠶᠤᠬᠤ ᠪᠤᠶᠤ ᠠᠷᠠᠰᠦ ᠪᠠᠷ ᠴᠤ ᠤᠶᠤᠳᠠᠭ᠃ ᠲᠠᠷᠨ ᠨᠢ ᠡᠳ᠋ ᠪᠠᠷᠠᠭ᠎ᠠ ᠳᠤ ᠭᠠᠮᠳᠡᠢ᠂ ᠤᠶᠤᠵᠦ ᠬᠢᠬᠦ | ᠳᠤ ᠲᠦᠭᠦᠮ᠂ ᠡᠮᠤᠰᠴᠦ ᠶᠠᠪᠤᠬᠤ ᠳᠤ ᠬᠦᠡᠭᠭᠡᠨ ᠮᠦᠷᠳᠡᠭᠡᠨ ᠲᠤᠯᠠᠭᠠᠨ ᠡᠳ᠋ᠯᠡᠭᠡᠨ ᠶᠤᠮ᠃ ᠭᠤᠶᠠᠪᠴᠢ ᠨᠢ | ᠤᠯᠠᠷᠢᠵᠦ ᠬᠤᠪᠢᠷᠠᠭᠰᠠᠭᠠᠷ ᠡᠳᠦᠭᠡ ᠪᠤᠯᠬᠤ ᠳᠤ ᠪᠥᠭᠡ ᠬᠦᠮᠦᠨ ᠤ ᠲᠤᠰᠬᠠᠢ ᠭᠤᠶᠤᠯᠠᠯ ᠵᠠᠰᠠᠯ ᠪᠤᠯᠵᠡᠢ᠃ | ᠨᠢᠳᠤᠷᠭ᠎ᠠ ᠪᠤᠯ ᠮᠤᠷᠢᠨ ᠲᠤᠭᠤᠷᠠᠢ ᠶᠢᠨ ᠬᠡᠯᠪᠡᠷᠢ ᠶᠢ ᠲᠠᠭᠤᠷᠢᠶᠠᠵᠦ ᠤᠶᠤᠭᠰᠠᠨ ᠲᠡᠪᠡᠯ ᠲᠡᠷᠯᠢᠭ ᠤᠨ ᠬᠠᠨᠴᠦᠢ ᠶᠢᠨ | ᠵᠠᠯᠭᠠᠭᠠᠰᠦ ᠪᠤᠯᠤᠨ᠎ᠠ᠃ ᠨᠢᠳᠤᠷᠭ᠎ᠠ ᠶᠢ ᠲᠡᠪᠡᠯ ᠲᠡᠷᠯᠢᠭ ᠤᠨ ᠦᠡᠭᠭᠡ ᠳᠤ ᠵᠤᠬᠢᠴᠠᠭᠰᠠᠨ ᠪᠦᠰ ᠲᠤᠷᠭ᠎ᠠ ᠶᠢ | ᠰᠤᠩᠭᠤᠨ᠂ ᠬᠠᠨᠴᠦᠢ ᠶᠢᠨ ᠦᠵᠦᠭᠦᠷ ᠲᠠᠢ ᠵᠠᠯᠭᠠᠵᠦ ᠤᠶᠤᠬᠤ ᠪᠤᠶᠤ ᠰᠠᠯᠤᠩᠬᠢ ᠤᠶᠤᠭᠰᠠᠨ ᠴᠤ ᠪᠠᠶᠢᠳᠠᠭ᠃ | ᠰᠡᠯᠣᠩᠭᠢ ᠣᠶᠣᠭᠰᠠᠨ ᠪᠠᠨ ︽ᠬᠠᠨᠴᠣᠪᠴᠢ︾ ᠭᠡᠳᠡᠭ᠃ ᠨᠢᠳᠦᠷᠭ᠎ᠠ ᠶᠢᠨ ᠲᠤᠭᠤᠷᠠᠢ ᠬᠡᠯᠪᠡᠷᠢ ᠲᠠᠢ ᠭᠡᠰᠡᠭ ᠢ ︽ | ᠠᠯᠠᠭ᠎ᠠ︾ ᠭᠡᠵᠦ᠂ ᠬᠠᠨᠴᠦᠢ ᠲᠠᠢ ᠵᠠᠯᠭᠠᠭᠰᠠᠨ ᠭᠡᠰᠡᠭ ᠢ ︽ᠤᠮᠤᠭ︾ ᠭᠡᠨ᠎ᠡ᠃ ᠨᠢᠳᠤᠷᠭ᠎ᠠ ᠤᠶᠤᠬᠤ ᠳᠠᠭᠠᠨ | ᠤᠮᠤᠭ ᠢ ᠨᠢ ᠡᠮᠵᠢᠶᠠᠷᠢᠯᠡᠵᠦ᠂ ᠠᠯᠠᠭ᠎ᠠ ᠶᠢ ᠨᠢ ᠬᠤᠷᠠᠭᠠᠨ ᠠᠷᠠᠰᠦ ᠪᠤᠶᠤ ᠦᠨᠡᠭᠡᠨ ᠠᠷᠠᠰᠦ ᠪᠠᠷ ᠲᠤᠳᠤᠷᠯᠠᠭᠠᠳ᠂ | ᠪᠦᠰᠡᠭᠦᠢ᠂ ᠵᠠᠯᠠᠭᠤ ᠬᠦᠮᠦᠨ ᠤ ᠬᠢ ᠶᠢ ᠴᠤᠮᠪᠤᠭᠤᠷ ᠪᠠᠭ᠎ᠠ ᠬᠡᠯᠪᠡᠷᠢ ᠲᠠᠢ᠂ ᠨᠡᠰᠦᠳᠡᠶᠢᠴᠤᠳ ᠤᠨ ᠬᠢ ᠶᠢ ᠦᠷᠭᠡᠨ | ᠲᠠᠯᠪᠢᠭᠤ ᠬᠡᠯᠪᠡᠷᠢ ᠲᠠᠢ ᠤᠶᠤᠳᠠᠭ᠃ ᠲᠡᠪᠡᠯ ᠲᠡᠷᠯᠢᠭ ᠤᠨ ᠨᠢᠳᠦᠷᠭ᠎ᠠ ᠶᠢ ᠶᠡᠷᠦ ᠴᠠᠭ ᠲᠡᠭᠡᠭᠰᠢ ᠡᠷᠬᠢᠭᠦᠯᠵᠦ᠂ | ᠭᠤᠶᠤᠯᠠᠯ ᠴᠢᠮᠡᠭᠯᠡᠯ ᠤᠨ ᠡᠳ᠋ᠯᠡᠭᠡᠨ ᠪᠤᠯᠭᠠᠨ᠂ ᠬᠦᠷ ᠬᠦᠢᠳᠡᠨ ᠳᠤ ᠮᠤᠷᠢ ᠤᠨᠤᠭ᠎ᠠ ᠲᠠᠢ ᠶᠠᠪᠤᠬᠤ ᠳᠠᠭᠠᠨ ᠨᠢᠳᠤᠷᠭ᠎ᠠ | ᠪᠠᠨ ᠪᠠᠭᠤᠯᠭᠠᠵᠦ᠂ ᠭᠠᠷ ᠬᠤᠷᠤᠭᠤ ᠪᠠᠨ ᠬᠠᠮᠠᠭᠠᠯᠠᠵᠦ ᠶᠠᠪᠤᠳᠠᠭ᠃ ᠴᠠᠬᠠᠷ ᠲᠤ ᠨᠡᠰᠦᠳᠡᠡ ᠲᠤᠮᠤᠭᠠᠳᠠᠨ ᠳᠤ | ᠵᠣᠯᠭᠠᠵᠤ ᠰᠢᠨᠡᠯᠡᠬᠦ᠂ ᠨᠤᠶᠠᠨᠳᠡᠨ ᠭᠡᠭᠡᠨ ᠳᠤ ᠰᠦᠬᠦᠳᠴᠣ ᠪᠠᠷᠠᠭᠠᠯᠠᠬᠤ᠂ ᠤᠪᠤᠭ᠎ᠠ ᠰᠦᠯᠳᠡ ᠳᠤ ᠰᠦᠵᠦᠭᠯᠡᠨ | ᠮᠦᠷᠭᠦᠬᠦ ᠳᠡᠭᠡᠨ ᠵᠠᠪᠡᠯ ᠨᠢᠳᠦᠷᠭ᠎ᠠ ᠪᠠᠨ ᠪᠠᠭᠤᠯᠭᠠᠳᠠᠭ ᠵᠡᠩᠰᠢᠯ ᠲᠠᠢ᠃ | ᠲᠠᠬᠤ ᠪᠠ ᠬᠡᠪᠡᠨᠡᠭ | ᠲᠠᠬᠤ ᠭᠡᠳᠡᠭ ᠨᠢ ᠡᠪᠤᠯ ᠴᠠᠭ ᠲᠠᠪᠡᠯ ᠤᠨ ᠭᠠᠳᠠᠭᠤᠷ ᠲᠠᠪᠬᠤᠷᠯᠠᠨ ᠡᠮᠤᠰᠳᠡᠭ ᠡᠭᠴᠨ ᠡᠩᠭᠡᠷ ᠲᠠᠢ ᠠᠷᠠᠰᠦᠨ | ᠬᠤᠪᠴᠠᠰᠦ ᠶᠢ ᠬᠡᠯᠡᠨ᠎ᠡ᠃ ᠲᠡᠷᠨ ᠨᠢ ᠡᠯᠪᠡᠭ ᠠᠭᠤᠵᠢᠮ ᠮᠦᠷᠳᠡᠭᠡᠨ ᠤᠷᠳᠦ᠂ ᠲᠡᠪᠡᠯ ᠤᠨ ᠬᠤᠷᠮᠤᠢ ᠠᠴᠠ | ᠶᠡᠯᠢᠭᠦᠢ ᠪᠤᠭᠤᠨᠢᠬᠠᠨ ᠪᠠᠶᠢᠳᠠᠭ᠃ ᠡᠮᠤᠰᠬᠦ ᠳᠤ ᠬᠦᠡᠭᠭᠡᠨ᠂ ᠦᠰᠦᠨ ᠳᠤ ᠨᠢ ᠠᠮᠠᠷᠬᠠᠨ ᠲᠤᠭᠤᠰᠦ ᠰᠢᠷᠢᠬᠦ ᠦᠭᠡᠢ | ᠶᠢ ᠪᠤᠳᠤᠵᠦ᠂ ᠢᠮᠡᠭᠠᠨ ᠠᠷᠠᠰᠦ ᠪᠠᠷ ᠲᠠᠬᠤ ᠤᠶᠤᠬᠤ ᠨᠢ ᠠᠷᠪᠢᠨ᠃ ᠲᠠᠬᠤ ᠳᠤ ᠲᠤᠪᠴᠢ ᠰᠢᠯᠪᠢ ᠬᠠᠳᠠᠳᠠᠭ | ᠦᠭᠡᠢ᠂ ᠦᠷᠭᠡᠨ ᠪᠦᠴᠨ ᠪᠤᠶᠤ ᠲᠡᠰᠡᠮᠠ ᠬᠠᠳᠠᠨ ᠤᠶᠠᠵᠦ ᠵᠠᠩᠬᠢᠳᠳᠣᠳᠠᠭ᠃ ᠲᠠᠬᠤ ᠶᠢ ᠭᠤᠤᠯᠳᠠᠭᠤ ᠬᠦᠷ | ᠬᠦᠢᠳᠡᠨ ᠳᠤ ᠠᠶᠠᠨ ᠵᠢᠩ ᠬᠦᠭᠡᠭᠡᠬᠦ᠂ ᠠᠩ ᠬᠦᠷᠦᠭᠡ ᠬᠢᠬᠦ᠂ ᠡᠷᠢᠯ ᠰᠤᠷᠠᠭ ᠢᠶᠠᠷ ᠮᠤᠷᠳᠠᠬᠤ ᠵᠡᠷᠭᠡ ᠠᠵᠢᠯ ᠳᠤ | ᠡᠮᠤᠰᠴᠦ᠂ ᠴᠢᠬᠢᠭ ᠨᠦᠢᠳᠡᠨ ᠳᠤ ᠦᠰᠦ ᠶᠢ ᠨᠢ ᠭᠠᠳᠠᠭᠰᠢ ᠬᠠᠷᠠᠭᠤᠯᠤᠨᠡᠮᠤᠰᠪᠡᠯ ᠨᠠᠪᠰᠢᠭ ᠴᠠᠰᠣ ᠠᠮᠠᠷᠬᠠᠨ | ᠰᠦᠭᠦᠷᠡᠵᠦ᠂ ᠬᠦᠷᠦᠰᠦ ᠨᠢ ᠨᠤᠷᠠᠵᠦ ᠴᠢᠬᠢᠭᠳᠡᠬᠦ ᠦᠭᠡᠢ ᠪᠠᠶᠢᠳᠠᠭ᠃ | ᠤᠷᠢᠳᠦ ᠭᠡᠭᠡᠷ᠎ᠡ ᠭᠠᠳᠠᠨ᠎ᠠ ᠮᠠᠯ ᠬᠠᠷᠢᠭᠤᠯᠬᠤ ᠳᠠᠭᠠᠨ ᠨᠠᠮᠤᠷ ᠤᠨ ᠬᠦᠢᠳᠡᠨ ᠪᠤᠷᠤᠭᠠᠨ ᠳᠤ ᠬᠠᠯᠠᠭᠪᠴᠢ ᠪᠤᠯᠭᠠᠬᠤ | ᠶᠢᠨ ᠲᠤᠰᠠᠳᠠ ᠪᠤᠷᠤ ᠦᠡᠭᠭᠡ ᠶᠢᠨ ᠨᠢᠮᠭᠡᠨ ᠢᠰᠡᠭᠡᠢ ᠪᠠᠷ ᠪᠤᠭᠤᠨᠢᠪᠳᠤᠷ ᠬᠤᠷᠮᠤᠢ᠂ ᠬᠠᠨᠴᠦᠢ ᠦᠭᠡᠢ᠂ ᠦᠷᠭᠦᠯᠵᠢ | ᠮᠠᠯᠠᠭᠠᠢ ᠲᠠᠢ ᠨᠦᠮᠦᠷᠭᠡ ᠤᠶᠤᠵᠦ ᠬᠡᠷᠡᠭᠯᠡᠳᠡᠭ ᠪᠠᠶᠢᠵᠡᠢ᠃ ᠡᠭᠦᠨ ᠢ ︽ᠭᠡᠪᠡᠨᠡᠭ︾ ᠭᠡᠳᠡᠭ᠃ ᠤᠨ ᠤᠳᠠᠭᠰᠠᠨ | ᠭᠡᠪᠡᠨᠡᠭ ᠨᠢ ᠤᠰᠤ ᠲᠤᠭᠤᠰᠦᠨ ᠳᠤ ᠬᠦᠨᠳᠤᠷᠠᠵᠦ ᠬᠡᠷᠡᠭᠯᠡᠬᠦ ᠳᠤ ᠲᠦᠭᠦᠮ ᠦᠭᠡᠢ ᠪᠤᠯᠳᠠᠭ ᠠᠴᠠ ᠪᠤᠷᠤᠭᠠᠨ ᠤ | ᠴᠤᠪᠠ ᠨᠠᠶᠢᠳᠡᠮ ᠲᠡᠯᠭᠡᠷᠡᠬᠦ ᠶᠢ ᠲᠠᠭᠠᠯᠳᠦᠨ ᠠᠶᠠᠨᠳᠠᠭᠠᠨ ᠤᠷᠬᠢᠭᠳᠠᠵᠡᠢ᠃ | ᠪᠦᠰᠨ | ᠪᠦᠰᠨ ᠨᠢ ᠲᠡᠪᠡᠯ ᠲᠡᠷᠯᠢᠭ ᠤᠨ ᠵᠠᠰᠠᠯ ᠴᠢᠮᠡᠭᠯᠡᠯ᠂ ᠮᠤᠷᠢ ᠤᠨᠤᠭᠠᠨ ᠲᠡᠭᠡᠷ᠎ᠡ ᠶᠠᠪᠤᠬᠤ ᠳᠤ ᠰᠡᠯᠬᠢ ᠵᠢᠪᠡᠷ ᠨᠡᠪᠳᠡᠷᠡᠬᠦ | ᠦᠭᠡᠢ᠂ ᠪᠡᠶ᠎ᠡ ᠴᠤᠯᠤ ᠵᠠᠶᠢᠯᠤᠭᠳᠠᠬᠤ ᠦᠭᠡᠢ ᠵᠡᠷᠭᠡ ᠤᠯᠠᠨ ᠦᠢᠯᠡᠳᠦᠯ ᠲᠠᠢ᠃ ᠪᠦᠰᠨ ᠰᠤᠩᠭᠤᠬᠤ ᠳᠠᠭᠠᠨ | ᠡᠷᠡᠭᠳᠡᠢ ᠡᠮᠡᠭᠳᠡᠢ ᠶᠢᠨ ᠢᠯᠭᠠᠯ᠂ ᠨᠠᠰᠦᠨ ᠤ ᠪᠠᠶᠢᠳᠡᠯ ᠢᠶᠠᠷ ᠤᠷᠳᠤ ᠦᠷᠭᠡᠨ ᠤ ᠬᠡᠮᠵᠢᠶ᠎ᠡ᠂ ᠦᠡᠭᠭᠡ ᠵᠤᠬᠢᠴᠡᠯ ᠨᠢ | ᠲᠤᠬᠢᠷᠠᠭᠰᠠᠨ ᠴᠢᠰᠴᠡᠤ᠂ ᠲᠤᠷᠳᠤᠩ ᠢ ᠰᠢᠯᠢᠨ ᠰᠣᠩᠭᠤᠳᠠᠭ᠃ ᠪᠦᠰᠡᠳᠡᠢ ᠬᠦᠮᠦᠨ ᠤ ᠪᠦᠰᠨ ᠶᠢᠨ ᠤᠷᠳᠤ ᠨᠢ | ᠠᠷᠪᠠᠨ ᠨᠠᠢᠮᠠᠨ ᠲᠤᠬᠤᠢ᠂ ᠪᠦᠰᠡᠭᠦᠢ ᠬᠦᠮᠦᠨ᠂ ᠬᠡᠤᠭᠡᠳ ᠪᠠ ᠨᠠᠰᠦᠳᠡᠶᠢᠴᠤᠤᠯ ᠤᠨ ᠪᠦᠰᠨ ᠶᠢᠨ ᠤᠷᠳᠤ ᠨᠢ | ᠠᠷᠪᠡᠨ ᠬᠤᠶᠠᠷ ᠠᠴᠠ ᠠᠷᠪᠡᠨ ᠲᠠᠪᠤᠨ ᠲᠤᠬᠤᠢ ᠪᠠᠶᠢᠳᠠᠭ᠃ ᠵᠠᠯᠠᠭᠤᠴᠤᠳ ᠤᠨ ᠪᠦᠰᠨ ᠨᠢ ᠬᠤᠷᠴᠨ ᠦᠡᠭᠭᠡ ᠶᠢᠨ | ᠂ ᠨᠡᠰᠦᠳᠡᠶᠢᠴᠤᠳ ᠤᠨ ᠪᠦᠰᠨ ᠨᠢ ᠲᠠᠷᠤᠤ ᠦᠡᠭᠭᠡ ᠶᠢᠨ ᠪᠠᠶᠢᠳᠠᠭ᠃ ᠪᠦᠰᠡᠯᠡᠭᠦᠷ ᠤᠨ ᠡᠮᠤᠨ᠎ᠡ ᠠᠴᠠ ᠬᠤᠶᠢᠰᠢ | ᠪᠠᠷᠠᠭᠤᠨ ᠭᠠᠷ ᠲᠠᠭᠠᠵᠦ ᠴᠢᠩᠭᠠᠬᠠᠨ ᠤᠷᠢᠶᠠᠵᠦ ᠪᠦᠰᠡᠯᠡᠨ᠂ ᠪᠦᠰᠡᠨ ᠤ ᠦᠵᠦᠭᠦᠷ ᠢ ᠲᠡᠰᠢᠶᠠᠨ ᠳᠠᠭᠠᠨ | ᠤᠨᠵᠢᠭᠤᠯᠳᠠᠭ ᠴᠤ ᠪᠤᠢ᠃ ᠪᠦᠰᠡᠳᠡᠶᠢᠴᠤᠳ ᠨᠢ ᠲᠡᠪᠡᠯ ᠲᠡᠷᠯᠢᠭ ᠢᠶᠠᠨ ᠬᠦᠭᠡᠷᠭᠡᠵᠦ ᠪᠦᠰᠡᠯᠡᠳᠡᠭ ᠵᠡᠩᠰᠢᠯ ᠲᠠᠢ᠃ | ᠪᠦᠰᠡᠨ ᠳᠤ ᠴᠢᠰᠴᠡᠤ᠂ ᠲᠤᠷᠳᠤᠩ ᠪᠠᠶᠢᠬᠤ ᠠᠴᠠ ᠭᠠᠳᠠᠨ᠎ᠠ ᠠᠷᠠᠰᠦ ᠰᠢᠷᠢᠨ ᠪᠦᠰᠨ ᠴᠤ ᠪᠤᠢ᠃ ᠲᠡᠷᠨ ᠨᠢ | ᠠᠯᠠᠭ᠎ᠠ ᠲᠠᠷᠤᠮ᠎ᠠ ᠦᠷᠭᠡᠨ ᠰᠢᠷᠢᠨ ᠲᠡᠭᠡᠷ᠎ᠡ ᠮᠦᠡᠭᠬᠦ᠂ ᠭᠠᠤᠯᠢ᠂ ᠬᠦᠷᠡᠯ ᠢᠶᠠᠷ ᠴᠢᠳᠬᠤᠭᠰᠠᠨ ᠡᠯᠳᠡᠪ ᠶᠠᠩᠵᠦ ᠶᠢᠨ | ᠴᠢᠮᠡᠭᠯᠡᠯ ᠬᠠᠳᠠᠵᠦ᠂ ᠬᠤᠶᠠᠷ ᠦᠵᠤᠭᠦᠷ ᠲᠤ ᠨᠢ ᠭᠤᠷᠬᠢ ᠪᠤᠶᠤ ᠲᠡᠭᠡᠭ ᠲᠠᠢ ᠬᠢᠭᠰᠡᠨ ᠪᠠᠶᠢᠳᠠᠭ᠃ | ᠴᠠᠬᠠᠷᠴᠤᠳ ᠶᠠᠷᠦ ᠠᠴᠠ ᠪᠦᠰᠨ ᠶᠢ ᠡᠶ᠎ᠡ ᠨᠠᠶᠢᠷ᠂ ᠡᠪ ᠪᠦᠯᠭᠦᠮᠳᠡᠯ ᠤᠨ ᠪᠡᠯᠭᠡ ᠲᠡᠮᠳᠡᠭ ᠪᠤᠯᠭᠠᠨ ︽ᠪᠦᠳᠦᠬᠦ | ᠲᠦᠷᠦ ᠶᠢᠨ ᠪᠦᠰᠨ︾ ᠭᠡᠵᠦ ᠡᠷᠬᠢᠮᠯᠡᠳᠡᠭ ᠠᠴᠠ ᠪᠦᠰᠨ ᠪᠠᠨ ᠲᠡᠶᠢᠯᠵᠦ ᠲᠠᠯᠪᠢᠬᠤ ᠳᠠᠭᠠᠨ ᠰᠤᠯᠨ ᠵᠠᠳᠠᠭᠠᠢ | ᠬᠠᠶᠠᠬᠤ ᠶᠢ ᠴᠡᠭᠡᠷᠯᠡᠵᠦ᠂ ᠬᠡᠵᠢᠶᠡᠳᠠ ᠤᠷᠢᠶᠠᠵᠦ ᠡᠪᠭᠡᠭᠡᠳ ᠣᠷᠣ ᠲᠡᠷᠡ ᠶᠢᠨ ᠢᠶᠠᠨ ᠲᠡᠭᠡᠳᠦ ᠲᠠᠯ᠎ᠠ ᠳᠤ | ᠲᠠᠯᠪᠢᠳᠠᠭ ᠪᠥᠭᠡᠳ ᠭᠠᠳᠠᠭᠰᠢ ᠭᠠᠷᠪᠠᠯ ᠪᠥᠰᠨ ᠪᠠᠨ ᠡᠪᠭᠡᠵᠤ ᠲᠡᠷᠡ ᠪᠤᠯᠭᠠᠳᠠᠭ᠃ ᠪᠦᠰᠨ ᠶᠢ ᠪᠤᠰᠤᠳ ᠲᠠᠢ | ᠰᠤᠯᠢᠳᠠᠭ ᠦᠭᠡᠢ᠃ ᠪᠠᠳᠤ ᠢᠳᠡᠭᠡᠯᠴᠡᠭᠰᠡᠨ ᠠᠨᠳᠠ ᠨᠦᠬᠦᠷ ᠲᠠᠢ ᠪᠠᠨ ᠲᠡᠭᠷᠢ ᠳᠤ ᠮᠦᠷᠭᠦᠵᠦ᠂ ᠠᠬ᠎ᠠ ᠲᠡᠭᠦᠤ | ᠪᠠᠷᠢᠯᠳᠤᠪᠠᠯ ᠰᠠᠶ᠋ᠢ ᠬᠠᠷᠢᠯᠴᠠᠨ ᠪᠦᠰᠨ ᠪᠠᠨ ᠰᠤᠯᠢᠵᠦ ᠪᠦᠰᠡᠯᠡᠳᠡᠭ ᠶᠤᠰᠦ ᠲᠠᠢ᠃ | ᠮᠠᠯᠠᠭᠠᠢ ᠬᠢᠭᠡᠳ ᠠᠯᠴᠢᠭᠤᠷ | ᠮᠠᠯᠠᠭᠠᠢ ᠨᠢ ᠮᠤᠩᠭᠤᠯ ᠬᠤᠪᠴᠠᠰᠦ ᠵᠠᠰᠠᠯ ᠤᠨ ᠴᠢᠬᠤᠯᠨ ᠪᠦᠷᠢᠯᠳᠤᠭᠦᠨ᠂ ᠨᠡᠷᠡᠶᠢᠳᠦᠯ ᠪᠤᠯᠤᠨ ᠶᠡᠩᠵᠦ ᠮᠠᠶ᠋ᠢᠭ ᠨᠢ | ᠬᠤᠪᠢ ᠬᠤᠪᠢᠨ ᠤ ᠤᠨᠴᠠᠯᠢᠭ ᠲᠠᠢ ᠪᠠᠶᠢᠳᠠᠭ᠃ ᠴᠠᠬᠠᠷ ᠲᠤ ᠭᠤᠤᠯᠳᠠᠭᠤ ᠲᠤᠭᠤᠷᠴᠤᠭ ᠮᠠᠯᠠᠭᠠᠢ᠂ ᠲᠤᠭᠤᠢ | ᠮᠠᠯᠠᠭᠠᠢ᠂ ᠦᠨᠡᠭᠡᠨ ᠮᠠᠯᠠᠭᠠᠢ᠂ ᠵᠠᠯᠭᠠᠳᠦ ᠮᠠᠯᠠᠭᠠᠢ ᠵᠡᠷᠭᠡ ᠶᠢ ᠨᠡᠶᠢᠳᠡᠮ ᠡᠮᠣᠰᠴᠣ ᠡᠳ᠋ᠯᠡᠳᠡᠭ ᠪᠠᠶᠢᠵᠡᠢ᠃ | ᠲᠤᠭᠤᠷᠴᠤᠭ ᠮᠠᠯᠠᠭᠠᠢ ᠨᠢ ᠲᠦᠷᠪᠡᠨ ᠭᠡᠰᠡᠭ ᠭᠤᠷᠪᠠᠯᠵᠢᠨ ᠡᠰᠭᠡᠭᠰᠡᠨ ᠪᠦᠰ ᠢ ᠵᠦᠢᠵᠦ ᠤᠶᠤᠨ᠂ ᠬᠠᠷ᠎ᠠ ᠪᠤᠶᠤ | ᠬᠦᠷᠡᠩ ᠲᠤᠷᠭ᠎ᠠ ᠪᠠᠷ ᠭᠠᠳᠠᠷᠯᠠᠭᠰᠠᠨ ᠬᠠᠳᠠᠭᠤ ᠪᠦᠮᠪᠤᠭᠡᠷ ᠤᠷᠤᠢ ᠲᠠᠢ ᠮᠠᠯᠠᠭᠠᠢ ᠪᠢᠯᠨ᠃ ᠲᠤᠤᠷ᠎ᠠ ᠬᠦᠪᠡᠭᠡ ᠳᠤ | ᠨᠢ ᠭᠤᠷᠪᠠᠨ ᠬᠤᠷᠤᠭᠤ ᠦᠷᠭᠡᠨ ᠬᠤᠷᠭᠤᠢ ᠪᠠᠷ ᠡᠮᠵᠢᠨ ᠠᠯᠳᠠ ᠮᠦᠡᠭᠭᠦᠨ ᠲᠤᠤᠵᠨ ᠲᠠᠷᠤᠭᠤᠯᠵᠦ ᠴᠢᠮᠡᠭᠡᠳ᠂ | ᠤᠷᠤᠢ ᠳᠤ ᠨᠢ ᠤᠯᠠᠭᠠᠨ ᠰᠠᠮᠫᠠᠨ ᠬᠠᠳᠠᠭᠠᠳ᠂ ᠪᠦᠰᠡᠳᠡᠶᠢᠴᠤᠳ ᠪᠠ ᠴᠢᠪᠠᠭᠠᠨᠴᠨ ᠡᠮᠤᠰᠳᠡᠭ᠃ ᠡᠪᠤᠯ ᠴᠠᠭ | ᠡᠪᠤᠭᠡᠳ ᠨᠢᠮᠭᠡᠨ ᠬᠠᠷ᠎ᠠ ᠢᠰᠡᠭᠡᠢ ᠪᠠᠷ ᠬᠢᠭᠰᠡᠨ ᠬᠠᠪᠴᠢᠭ ᠤᠷᠤᠢ ᠲᠠᠢ ᠲᠤᠭᠤᠷᠴᠤᠭ ᠡᠳ᠋ᠯᠠᠵᠦ ᠡᠮᠣᠰᠳᠡᠭ᠃ ᠲᠡᠷᠨ | ᠨᠢ ᠲᠦᠷᠪᠡᠨ ᠲᠠᠯ᠎ᠠ ᠳᠠᠭᠠᠨ ᠲᠠᠯ᠎ᠠ ᠵᠤᠤᠪᠠᠨᠭ᠌ ᠬᠡᠯᠪᠡᠷᠢ ᠶᠢᠨ ᠰᠠᠷᠠᠪᠴᠢ ᠲᠠᠢ᠂ ᠰᠠᠷᠠᠪᠴᠢᠨ ᠳᠤ ᠨᠢ ᠦᠨᠡᠭᠡ ᠪᠤᠶᠤ | ᠬᠠᠷ᠎ᠠ ᠬᠤᠷᠠᠭᠠᠨ ᠠᠷᠠᠰᠦ ᠬᠠᠳᠠᠭᠠᠳ᠂ ᠶᠠᠷᠦ ᠴᠠᠭ ᠲᠤᠳᠤᠭᠰᠢ ᠨᠤᠭᠤᠯᠤᠨ ᠭᠠᠳᠠᠭᠰᠢ ᠭᠠᠷᠪᠡᠯ ᠪᠠᠭᠤᠯᠭᠠᠵᠦ | ᠪᠤᠯᠳᠠᠭ᠃ ᠲᠤᠭᠤᠢ ᠮᠠᠯᠠᠭᠠᠢ ᠨᠢ ᠬᠠᠳᠠᠭᠤ ᠪᠦᠮᠪᠦᠭᠡᠷ ᠤᠷᠤᠢ ᠲᠠᠢ᠂ ᠲᠡᠭᠡᠭᠰᠢ ᠡᠷᠬᠢᠭᠦᠯᠦᠭᠰᠡᠨ ᠲᠤᠭᠤᠢ ᠰᠠᠷᠠᠪᠴᠢ | ᠲᠠᠢ᠂ ᠪᠠᠰᠨ ︽ᠲᠤᠭᠤᠷᠢᠭᠤᠯ ᠮᠠᠯᠠᠭᠠᠢ︾ ᠴᠣ᠋ ᠭᠡᠳᠡᠭ᠃ ᠲᠤᠭᠤᠢ ᠮᠠᠯᠠᠭᠠᠢ ᠶᠢᠨ ᠤᠷᠤᠢ ᠶᠢ ᠤᠯᠠᠭᠠᠨ ᠬᠦᠷᠡᠩ | ᠲᠤᠷᠭ᠎ᠠ ᠪᠠᠷ ᠭᠠᠳᠠᠷᠯᠠᠵᠦ᠂ ᠠᠯᠳᠠ ᠮᠦᠡᠭᠭᠦᠨ ᠲᠤᠤᠵᠨ ᠪᠠᠷ ᠲᠡᠪ ᠭᠠᠷᠭᠠᠨ ᠴᠢᠮᠡᠭᠯᠡᠭᠡᠳ᠂ ᠤᠯᠠᠭᠠᠨ ᠰᠠᠮᠫᠠᠨ | ᠬᠠᠳᠠᠵᠦ᠂ ᠤᠯᠠᠭᠠᠨ ᠲᠤᠷᠭᠠᠨ ᠵᠠᠯᠠᠭ᠎ᠠ ᠪᠤᠯᠤᠨ ᠪᠦᠴᠨ ᠲᠠᠢ ᠤᠶᠤᠭᠰᠠᠨ ᠪᠠᠶᠢᠳᠠᠭ᠃ ᠲᠤᠭᠤᠢ ᠮᠠᠯᠠᠭᠠᠢ ᠶᠢᠨ | ᠰᠠᠷᠠᠪᠴᠢ ᠶᠢ ᠤᠶᠤᠬᠤ ᠳᠠᠭᠠᠨ ᠵᠤᠨ ᠤ ᠮᠠᠯᠠᠭᠠᠢ ᠪᠤᠯ ᠬᠠᠷ᠎ᠠ ᠦᠡᠭᠭᠡ ᠶᠢᠨ ᠦᠭᠡᠳᠡᠩ ᠪᠤᠶᠤ ᠬᠢᠯᠢᠩ ᠢᠶᠠᠷ | ᠭᠠᠳᠠᠷᠯᠠᠨ᠎ᠠ᠃ ᠡᠪᠤᠯ ᠤᠨ ᠮᠠᠯᠠᠭᠠᠢ ᠶᠢ ᠪᠤᠯᠠᠭ᠎ᠠ᠂ ᠬᠠᠯᠢᠭᠤ᠂ ᠮᠢᠨᠵᠢ ᠵᠡᠷᠭᠡ ᠴᠤᠬᠠᠭ ᠠᠮᠢᠳᠡᠨ ᠤ ᠠᠷᠠᠰᠦ ᠪᠤᠶᠤ | ᠦᠨᠡᠭᠡᠨ ᠱᠠᠬᠠᠷ᠂ ᠨᠢᠯᠬ᠎ᠠ ᠲᠤᠭᠤᠯ᠂ ᠬᠠᠷ᠎ᠠ ᠬᠤᠷᠠᠭ᠎ᠠ᠂ ᠢᠰᠢᠭᠡᠨ ᠤ ᠠᠷᠠᠰᠦ ᠪᠠᠷ ᠭᠠᠳᠠᠷᠯᠠᠨ ᠪᠦᠴᠠᠯᠡᠪᠴᠢ | ᠬᠠᠳᠠᠳᠠᠭ᠃ ᠲᠤᠭᠤᠢ ᠮᠠᠯᠠᠭᠠᠢ ᠶᠢ ᠶᠡᠭᠡᠰ ᠨᠤᠶᠡᠳ ᠡᠮᠤᠰᠬᠦ ᠳᠡᠭᠡᠨ ᠵᠡᠷᠭᠡ ᠲᠡᠰ ᠢᠶᠠᠨ ᠬᠠᠷᠠᠭᠤᠯᠤᠭᠰᠠᠨ ᠵᠢᠩᠰᠨ | ᠵᠡᠭᠦᠳᠡᠭ ᠪᠠᠶᠢᠵᠡᠢ᠃ ᠦᠨᠡᠭᠡᠨ ᠮᠠᠯᠠᠭᠠᠢ ᠶᠢ ᠪᠠᠰᠨ ︽ᠬᠦᠪᠡᠭᠡ ᠴᠠᠭᠠᠨ ᠮᠠᠯᠠᠭᠠᠢ︾ ᠭᠡᠵᠦ ᠨᠡᠷᠡᠯᠠᠨᠠ᠃ ᠲᠡᠷᠨ ᠨᠢ | ᠭᠤᠨᠵᠤᠭᠤᠷ ᠤᠷᠤᠢ ᠲᠠᠢ᠂ ᠠᠷᠤ ᠭᠡᠰᠡᠭ ᠨᠢ ᠰᠢᠯᠢᠨ ᠬᠦᠵᠦᠭᠦᠤ ᠠᠴᠠ ᠲᠤᠷᠤᠭᠰᠢ ᠵᠠᠭᠠᠮ᠎ᠠ ᠲᠠᠷᠤᠵᠦ᠂ ᠮᠡᠩᠨᠠᠢ | ᠲᠤᠮᠳᠠ ᠨᠢ ᠲᠡᠭᠡᠭᠰᠢ ᠡᠷᠬᠢᠭᠦᠯᠵᠦ ᠪᠤᠯᠬᠤ ᠰᠠᠷᠠᠪᠴᠢ ᠲᠠᠢ ᠪᠦᠭᠡᠳ ᠲᠡᠭᠦᠨ ᠲᠠᠢ ᠦᠷᠭᠦᠯᠵᠢ ᠪᠡᠶ᠎ᠡ ᠬᠠᠴᠠᠷ ᠲᠠᠷᠤᠨ | ᠪᠠᠭᠤᠭᠰᠠᠨ ᠦᠷᠭᠡᠨ ᠴᠢᠬᠢ ᠲᠠᠢ ᠪᠠᠶᠢᠳᠠᠭ᠃ ᠦᠨᠡᠭᠡᠨ ᠮᠠᠯᠠᠭᠠᠢ ᠶᠢᠨ ᠭᠠᠳᠠᠷ ᠢ ᠭᠤᠤᠯᠳᠠᠭᠤ ᠴᠡᠩᠭᠡᠷ ᠬᠦᠭᠡ | ᠲᠤᠷᠭ᠎ᠠ ᠪᠠᠷ ᠤᠶᠤᠵᠦ᠂ ᠲᠤᠳᠤᠷ ᠨᠢ ᠬᠦᠪᠤᠡᠭ ᠲᠠᠯᠪᠢᠵᠦ ᠬᠠᠪᠠᠭᠠᠳ᠂ ᠤᠷᠤᠢ ᠲᠡᠭᠡᠷ᠎ᠡ ᠨᠢ ᠤᠯᠠᠭᠠᠨ ᠲᠤᠷᠭᠠᠨ | ᠬᠤᠤᠰ ᠪᠦᠴᠨ ᠶᠢ ᠰᠠᠮᠫᠠᠨ ᠤ ᠬᠠᠮᠳᠦ ᠬᠠᠳᠠᠭᠰᠠᠨ ᠪᠠᠶᠢᠳᠠᠭ᠃ ᠰᠠᠷᠠᠪᠴᠢ ᠬᠢᠭᠡᠳ ᠴᠢᠬᠢ ᠶᠢ ᠨᠢ ᠦᠨᠡᠭᠡᠨ ᠠᠷᠠᠰᠦ | ᠪᠤᠶᠤ ᠴᠠᠭᠠᠨ ᠬᠤᠷᠠᠭᠠᠨ ᠠᠷᠠᠰᠦ ᠪᠠᠷ ᠲᠤᠳᠤᠷᠯᠠᠨ ᠡᠷᠡᠤ ᠶᠢᠨ ᠪᠦᠴᠡᠯᠠᠪᠴᠢ ᠬᠠᠳᠠᠳᠠᠭ᠃ ᠦᠨᠡᠭᠡᠨ ᠮᠠᠯᠠᠭᠠᠢ ᠶᠢ | ᠡᠮᠤᠰᠬᠦ ᠳᠡᠭᠡᠨ ᠰᠠᠷᠠᠪᠴᠢ ᠶᠢ ᠨᠢ ᠲᠡᠭᠡᠭᠰᠢ ᠡᠷᠬᠢᠭᠦᠯᠪᠡᠯ ᠬᠤᠶᠠᠷ ᠴᠢᠬᠢᠨ ᠤ ᠬᠢᠨᠢ ᠬᠦᠪᠡᠭᠡ ᠲᠠᠭᠠᠨ ᠡᠷᠬᠢᠭᠡᠳ᠂ | ᠦᠰᠦ ᠨᠢ ᠭᠠᠳᠠᠭᠰᠢ ᠬᠠᠷᠠᠨ ᠨᠡᠩ ᠭᠤᠶᠤᠮᠰᠤᠭ ᠬᠠᠷᠠᠭᠳᠠᠳᠠᠭ᠃ ᠵᠠᠯᠠᠭᠠᠳᠦ ᠮᠠᠯᠠᠭᠠᠢ ᠪᠤᠯ ᠪᠠᠷᠢ ᠬᠦᠮᠦᠨ ᠤ | ᠲᠦᠷᠦ ᠶᠤᠰᠦᠨ ᠤ ᠮᠠᠯᠠᠭᠠᠢ ᠶᠤᠮ᠃ ᠶᠡᠩᠵᠦ ᠬᠡᠯᠪᠡᠷᠢ ᠨᠢ ᠲᠤᠭᠤᠢ ᠮᠠᠯᠠᠭᠠᠢ ᠲᠠᠢ ᠠᠳᠠᠯᠢᠪᠳᠤᠷ ᠪᠤᠯᠪᠠᠴᠦ ᠤᠷᠤᠢ | ᠨᠢ ᠲᠤᠭᠤᠢ ᠮᠠᠯᠠᠭᠠᠢ ᠠᠴᠠ ᠲᠤᠯᠢ ᠦᠨᠳᠦᠷ᠂ ᠰᠠᠷᠠᠪᠴᠢ ᠨᠢ ᠶᠠᠯᠢᠭᠦᠷ ᠴᠤᠮᠪᠤᠭᠤᠷ᠂ ᠪᠤᠯᠠᠭ᠎ᠠ᠂ ᠬᠠᠯᠢᠭᠤ ᠵᠡᠷᠭᠡ | ᠠᠮᠢᠳᠡᠨ ᠤ ᠠᠷᠠᠰᠦ ᠪᠠᠷ ᠭᠠᠳᠠᠷ ᠲᠠᠳᠠᠭᠰᠠᠨ ᠪᠠᠶᠢᠳᠠᠭ᠃ ᠵᠠᠯᠠᠭᠠᠳᠦ ᠮᠠᠯᠠᠭᠠᠢ ᠶᠢᠨ ᠤᠷᠤᠢ ᠲᠡᠭᠡᠷ᠎ᠡ ᠮᠦᠡᠭᠭᠦᠨ | ᠤᠳᠠᠰᠦ ᠪᠠᠷ ᠬᠡᠯᠬᠢᠭᠰᠡᠨ ᠱᠢᠷᠦᠨ ᠲᠣᠪᠴᠢ ᠶᠢ ᠤᠯᠠᠭᠠᠨ ᠵᠠᠯᠠᠭ᠎ᠠ᠂ ᠤᠯᠠᠭᠠᠨ ᠲᠤᠷᠭᠠᠨ ᠬᠤᠤᠰ ᠪᠦᠴᠨ ᠶᠢᠨ | ᠬᠠᠮᠳᠦ ᠬᠠᠳᠠᠭᠰᠠᠨ ᠪᠠᠶᠢᠳᠠᠭ᠃ ᠤᠯᠠᠭᠠᠨ ᠲᠤᠷᠭᠠᠨ ᠪᠦᠴᠨ ᠨᠢ ᠲᠡᠯᠤ ᠮᠦᠷᠦ ᠬᠦᠷᠤᠭ᠍ᠰᠡᠨ ᠤᠷᠳᠤ᠂ ᠲᠡᠭᠡᠷ᠎ᠡ ᠨᠢ | ᠠᠯᠳᠠ ᠮᠦᠡᠭᠭᠦᠨ ᠤᠳᠠᠰᠤ ᠪᠠᠷ ᠦᠯᠵᠡᠢ ᠵᠡᠩᠬᠢᠶᠡ ᠵᠡᠷᠭᠡ ᠭᠡ ᠤᠭᠠᠯᠵᠨ ᠬᠠᠳᠬᠤᠭᠰᠠᠨ ᠴᠤ ᠪᠠᠶᠢᠳᠠᠭ᠃ ᠵᠠᠯᠠᠭᠠᠳᠦ | ᠮᠠᠯᠠᠭᠠᠢ ᠶᠢ ᠵᠠᠯᠠᠭ᠎ᠠ ᠲᠠᠢ ᠨᠢ ᠦᠡᠭᠭᠡ ᠢᠵᠢᠯᠰᠢᠭᠦᠯᠦᠨ ᠤᠯᠠᠭᠠᠨ ᠲᠤᠷᠭ᠎ᠠ ᠪᠠᠷ ᠭᠠᠳᠠᠷᠯᠠᠵᠦ᠂ ᠡᠷᠡᠤ ᠶᠢᠨ | ᠪᠦᠴᠡᠯᠠᠪᠴᠢ ᠬᠠᠳᠠᠳᠠᠭ᠃ ᠡᠪᠤᠯ ᠴᠠᠭ ᠵᠠᠯᠠᠭᠠᠳᠦ ᠮᠠᠯᠠᠭᠠᠢ ᠲᠠᠢ ᠪᠠᠨ ᠵᠡᠷᠭᠡᠴᠡᠭᠦᠯᠦᠨ ᠵᠠᠳᠠᠭᠠᠢ ᠤᠷᠤᠢ ᠲᠠᠢ | ᠬᠤᠯᠤᠭᠤᠪᠴᠢ ᠡᠮᠣᠰᠴᠣ᠂ ᠴᠢᠬᠢ ᠬᠦᠵᠦᠬᠦᠤ ᠪᠠᠨ ᠬᠠᠮᠠᠭᠠᠯᠠᠳᠠᠭ ᠪᠠᠶᠢᠵᠠᠢ᠃ ᠲᠡᠷᠨ ᠨᠢ ᠮᠠᠯᠠᠭᠠᠢ ᠪᠢᠰᠢ᠂ ᠵᠦᠪᠭᠡᠨ | ᠴᠢᠰᠴᠡᠤ ᠲᠤᠷᠭᠠᠨ ᠭᠠᠳᠠᠷ᠂ ᠬᠤᠷᠠᠭᠠᠨ ᠲᠤᠳᠤᠷ ᠲᠠᠢ ᠪᠤᠶᠤ ᠬᠦᠪᠤᠩᠳᠡᠢ ᠴᠢᠬᠢᠭᠳᠡᠢ ᠲᠡᠳᠦᠢ ᠪᠢᠯᠨ᠃ | ᠡᠭᠦᠨ ᠠᠴᠠ ᠭᠠᠳᠠᠨ᠎ᠠ ᠴᠠᠬᠠᠷᠴᠤᠳ ᠶᠠᠷᠦ ᠶᠢᠨ ᠠᠵᠢᠯ ᠠᠮᠢᠳᠦᠷᠡᠯ ᠤᠨ ᠲᠤᠮᠳᠠ ᠪᠠᠨ ᠲᠡᠶᠢᠯᠤᠩᠬᠢ ᠨᠢ ᠠᠯᠴᠢᠭᠤᠷ | ᠤᠷᠢᠶᠠᠳᠠᠭ ᠵᠡᠩᠰᠢᠯ ᠲᠠᠢ᠃ ᠪᠦᠰᠡᠳᠠᠶᠢᠴᠣᠳ ᠨᠢ ᠠᠷᠪᠠᠭᠠᠳ ᠲᠤᠬᠤᠢ ᠤᠷᠳᠤ ᠴᠠᠭᠠᠨ᠂ ᠪᠤᠷᠤ᠂ ᠬᠦᠭᠡ ᠵᠡᠷᠭᠡ | ᠦᠡᠭᠭᠡ ᠶᠢᠨ ᠨᠢᠮᠭᠡᠨ ᠶᠤᠷᠤᠭ ᠢᠶᠠᠷ ᠲᠤᠯᠤᠭᠠᠢ ᠪᠠᠨ ᠴᠠᠭᠠᠷᠢᠯᠠᠨ ᠤᠷᠢᠶᠠᠵᠦ᠂ ᠡᠮᠨᠢᠭ ᠲᠤᠭᠰᠢᠨ ᠲᠠᠢ ᠨᠤᠴᠤᠯᠳᠤᠬᠤ | ᠳᠠᠭᠠᠨ ᠰᠢᠨ᠋ᠨ ᠲᠡᠷᠢᠬᠢ ᠪᠠᠨ ᠬᠠᠮᠠᠭᠠᠯᠠᠨ᠂ ᠬᠦᠷ ᠬᠦᠢᠳᠡᠨ ᠳᠤ ᠴᠢᠬᠢ ᠪᠠᠨ ᠲᠠᠷᠤᠵᠦ ᠬᠦᠵᠦᠭᠦᠤ ᠪᠠᠨ ᠤᠷᠢᠶᠠᠨ | ᠶᠠᠪᠤᠳᠠᠭ ᠪᠠᠶᠢᠵᠡᠢ᠃ ᠪᠦᠰᠡᠭᠦᠢ ᠬᠦᠮᠦᠨ ᠤ ᠠᠯᠴᠢᠭᠤᠷ ᠨᠢ ᠪᠦᠰᠡᠳᠠᠶᠢᠴᠤᠳ ᠤᠨ ᠬᠢ ᠠᠴᠠ ᠪᠤᠭᠤᠨᠢᠬᠠᠨ | ᠮᠦᠷᠳᠡᠭᠡᠨ ᠨᠠᠰᠦᠨ ᠤ ᠪᠠᠨ ᠪᠠᠶᠢᠳᠡᠯ ᠳᠤ ᠲᠤᠬᠢᠷᠠᠭᠰᠠᠨ ᠦᠡᠭᠭᠡ ᠪᠦᠷᠢ ᠶᠢᠨ ᠲᠤᠷᠳᠤᠩ ᠠᠯᠴᠢᠭᠤᠷ ᠤᠷᠢᠶᠠᠵᠦ᠂ | ᠦᠰᠦ ᠭᠡᠵᠢᠭᠡ ᠪᠠᠨ ᠲᠠᠷᠤᠵᠦ ᠪᠤᠭᠤᠳᠠᠭ ᠪᠠᠶᠢᠵᠡᠢ᠃ ᠤᠷᠤᠯᠳᠤᠭᠠᠨ ᠮᠤᠷᠢ ᠵᠠᠶᠢᠳᠠᠯᠠᠬᠤ ᠬᠡᠣᠭᠡᠳ ᠶᠠᠭᠠᠨ᠂ | ᠨᠤᠭᠤᠭᠠᠨ ᠲᠤᠷᠳᠤᠩ ᠠᠯᠴᠢᠭᠤᠷ ᠢᠶᠠᠷ ᠲᠤᠯᠤᠭᠠᠢ ᠪᠠᠨ ᠤᠷᠢᠶᠠᠨ᠂ ᠬᠤᠶᠠᠷ ᠦᠵᠦᠭᠦᠷ ᠢ ᠨᠢ ᠰᠢᠨ᠋ᠨ ᠳᠠᠭᠠᠨ | ᠵᠡᠩᠬᠢᠳᠴᠦ ᠤᠨᠵᠢᠭᠤᠯᠤᠭᠰᠠᠨ ᠪᠠᠶᠢᠳᠠᠭ᠃ | ᠭᠤᠳᠤᠯ | ᠴᠠᠬᠠᠷ ᠮᠠᠶ᠋ᠢᠭ ᠤᠨ ᠭᠤᠳᠤᠯ ᠢ ᠪᠤᠯᠢᠭᠠᠷᠢ ᠭᠤᠳᠤᠯ ᠪᠠ ᠪᠦᠰ ᠭᠤᠳᠤᠯ ᠭᠡᠵᠦ ᠬᠤᠶᠠᠷ ᠲᠦᠷᠦᠯ ᠬᠤᠪᠢᠶᠠᠨ᠎ᠠ᠃ | ᠡᠰᠭᠡᠵᠦ ᠤᠶᠤᠬᠤ ᠳᠠᠭᠠᠨ ᠵᠤᠯᠤᠭ᠂ ᠲᠦᠷᠡᠢ᠂ ᠵᠤᠤᠵᠡᠢ᠂ ᠤᠯᠨ᠂ ᠬᠠᠪᠴᠢᠶᠠᠷᠢ᠂ ᠡᠮᠵᠢᠶᠡᠷᠢ ᠭᠡᠵᠦ ᠢᠯᠭᠠᠨ᠎ᠠ᠃ | ᠦᠭᠡᠷ ᠤᠨ ᠠᠷᠠᠰᠦᠨ ᠪᠤᠯᠢᠭᠠᠷᠢ ᠪᠠᠷ ᠭᠤᠤᠯᠳᠠᠭᠤ ᠡᠭᠡᠳᠡᠩ ᠭᠤᠳᠤᠯ᠂ ᠱᠦᠪᠤᠭᠡᠷ ᠬᠤᠨᠭ᠍ᠰᠢᠶᠠᠷ ᠲᠠᠢ ᠭᠤᠳᠤᠯ᠂ | ᠮᠤᠬᠤᠭᠤ ᠬᠠᠮᠠᠷ ᠲᠠᠢ ᠭᠤᠳᠤᠯ ᠤᠶᠤᠳᠠᠭ ᠪᠦᠭᠡᠳ ᠪᠤᠯᠢᠭᠠᠷᠢᠨ ᠭᠤᠳᠤᠯ ᠳᠠᠭᠠᠨ ᠴᠠᠪᠤᠭ ᠤᠨ ᠪᠦᠰ ᠢᠶᠠᠷ ᠭᠤᠷᠪᠠ | ᠠᠴᠠ ᠲᠠᠪᠤᠨ ᠲᠠᠪᠬᠤᠷ ᠨᠠᠭᠠᠵᠦ᠂ ᠦᠯᠮᠠᠢ ᠦᠰᠦᠭᠡᠢ ᠳᠤ ᠨᠢ ᠪᠤᠯᠢᠭᠠᠷᠢ ᠲᠠᠯᠪᠢᠨ ᠤᠯᠤᠰᠦᠨ ᠤᠳᠠᠰᠤ ᠪᠠᠷ ᠲᠤᠵᠢ | ᠰᠢᠷᠢᠭᠰᠡᠨ ᠬᠠᠳᠠᠭᠤ ᠮᠦᠷᠳᠡᠭᠡᠨ ᠪᠦᠭᠡ ᠤᠯᠨ ᠲᠠᠭᠠᠷᠠᠭᠤᠯᠵᠦ᠂ ᠭᠤᠳᠤᠯ ᠤᠨ ᠡᠮᠤᠨ᠎ᠡ ᠬᠤᠶᠢᠳᠦ ᠠᠭᠤᠯᠵᠠᠷ ᠬᠢᠭᠡᠳ | ᠲᠦᠷᠡᠢ ᠵᠤᠯᠤᠭ᠂ ᠵᠤᠯᠤᠭ ᠤᠯᠨ ᠶᠢᠨ ᠵᠠᠪᠰᠠᠷ ᠲᠤ ᠪᠦᠷ ᠨᠤᠭᠤᠭᠠᠨ ᠰᠠᠷᠢᠰᠦ ᠪᠠᠷ ᠬᠠᠪᠴᠢᠶᠠᠷᠢ ᠲᠠᠢ ᠣᠶᠤᠵᠤ | ᠲᠦᠷᠠᠢ ᠶᠢᠨ ᠲᠡᠭᠡᠳᠦ ᠶᠢ ᠨᠢ ᠨᠣᠭᠤᠭᠠᠨ ᠰᠠᠷᠢᠰᠣ ᠪᠣᠶᠤ ᠨᠢᠮᠭᠡᠨ ᠪᠣᠯᠢᠭᠠᠷᠢ ᠪᠠᠷ ᠡᠮᠵᠢᠶᠠᠷᠢᠯᠡᠳᠡᠭ᠃ ᠪᠤᠯᠢᠭᠠᠷᠢᠨ | ᠭᠤᠳᠤᠯ ᠢ ᠡᠮᠤᠰᠬᠦ ᠳᠡᠭᠡᠨ ᠲᠤᠯᠠᠭᠠᠨ ᠴᠠᠭ ᠲᠤ ᠪᠤᠯ ᠲᠦᠷᠪᠡᠯᠵᠢᠨ ᠪᠥᠰ ᠬᠦᠯ ᠤᠨ ᠣᠷᠢᠶᠠᠯᠳᠠ ᠵᠠᠷᠣᠬᠤ ᠪᠣᠶᠤ | ᠲᠠᠪᠬᠤᠷ ᠣᠶᠢᠮᠣᠰᠣ ᠡᠮᠣᠰᠴᠣ᠂ ᠬᠦᠢᠳᠡᠨ ᠴᠠᠭ ᠲᠤ ᠪᠣᠯ ᠬᠦᠪᠣᠩᠳᠠᠢ ᠪᠣᠶᠣ ᠢᠰᠡᠭᠡᠢ ᠣᠶᠢᠮᠣᠰᠣ ᠡᠮᠣᠰᠣᠭᠡᠳ᠂ | ᠣᠶᠢᠮᠣᠰᠣᠨ ᠲᠦᠷᠡᠢ ᠪᠠᠨ ᠭᠤᠳᠣᠯ ᠠᠴᠠ ᠲᠡᠭᠡᠰᠢ ᠭᠤᠷᠪᠠᠨ ᠬᠤᠷᠤᠭᠤ ᠬᠢᠷᠢᠳᠠᠢ ᠭᠠᠷᠭᠠᠵᠤ᠂ ᠬᠤᠷᠭᠤᠢ ᠲᠣᠷᠭ᠎ᠠ | ᠪᠠᠷ ᠠᠯᠠᠭᠯᠠᠨ ᠬᠦᠪᠡᠭᠡᠯᠡᠵᠤ ᠭᠤᠶᠣᠯᠠᠭᠰᠠᠨ ᠪᠠᠶᠢᠳᠠᠭ᠃ ᠵᠠᠷᠢᠮ ᠭᠠᠵᠠᠷ ᠲᠤ ᠭᠤᠶᠣᠯᠠᠵᠤ ᠴᠢᠮᠡᠭᠯᠡᠭᠰᠡᠨ ᠲᠤᠰᠬᠠᠢ | ᠲᠦᠷᠡᠶᠢᠪᠴᠢ ᠲᠠᠢ᠃ ᠨᠠᠷᠢᠨ ᠰᠣᠷ ᠢᠶᠠᠷ ᠭᠤᠳᠣᠯ ᠢᠶᠠᠨ ᠨᠣᠭᠳᠣᠯᠠᠵᠤ ᠡᠮᠣᠰᠳᠡᠭ ᠴᠣ᠋ ᠪᠣᠢ᠃ ᠪᠥᠰ ᠭᠤᠳᠣᠯ ᠨᠢ | ᠵᠣᠵᠠᠭᠠᠨ ᠨᠠᠭᠠᠭᠰᠠᠨ ᠴᠠᠪᠣᠭ ᠤᠨ ᠪᠥᠰ ᠢᠶᠠᠷ ᠵᠣᠯᠤᠭ ᠲᠦᠷᠡᠢ ᠶᠢ ᠨᠢ ᠡᠰᠭᠡᠨ ᠬᠠᠷ᠎ᠠ ᠪᠥᠰ ᠪᠣᠶᠤ ᠥᠭᠡᠳᠡᠩ | ᠢᠶᠠᠷ ᠭᠠᠳᠠᠷᠯᠠᠵᠤ᠂ ᠲᠡᠭᠡᠷ᠎ᠡ ᠨᠢ ᠬᠤᠸᠠᠷ ᠬᠠᠳᠬᠤᠨ ᠣᠭᠠᠯᠵᠨ ᠰᠢᠷᠢᠵᠤ ᠣᠶᠣᠭᠠᠳ ︽ᠥᠭᠡᠳᠡᠩ ᠭᠤᠳᠣᠯ︾ | ᠪᠣᠶᠤ ︽ᠰᠢᠷᠢᠮᠠᠯ ᠭᠤᠳᠣᠯ︾ ᠭᠡᠵᠤ ᠨᠡᠷᠡᠯᠡᠳᠡᠭ᠃ ᠪᠥᠰ ᠭᠤᠳᠣᠯ ᠢ ᠭᠤᠣᠯᠳᠠᠭᠤ ᠪᠥᠰᠡᠬᠦᠢ ᠬᠦᠮᠣᠨ ᠡᠮᠣᠰᠳᠡᠭ | ᠲᠣᠯᠨ ᠣᠯᠨ ᠶᠢ ᠨᠢ ᠵᠦᠭᠡᠯᠡᠨ ᠮᠥᠷᠳᠡᠭᠡᠨ ᠬᠦᠩᠭᠡᠨ ᠬᠢᠳᠡᠭ ᠪᠠᠶᠢᠵᠠᠢ᠃ | ᠰᠡᠬᠦᠯᠳᠡᠵᠤ ᠢᠷᠡᠭᠡᠳ ᠰᠡᠪᠬᠢᠨ ᠭᠤᠳᠣᠯ ᠪᠠ ᠢᠰᠡᠭᠡᠢ ᠭᠤᠳᠣᠯ ᠭᠡᠵᠤ ᠭᠠᠷᠴᠣ ᠢᠷᠡᠭᠰᠡᠨ ᠢ ᠠᠳᠡ ᠦᠬᠦᠯᠡᠬᠦ | ᠦᠭᠡᠢ᠃ | ᠭᠡᠳᠡ᠂ ᠬᠢᠳᠤᠭ᠎ᠠ᠂ ᠲᠣᠣᠬᠠᠢ | ᠴᠠᠬᠠᠷ ᠤᠨ ᠪᠦᠰᠡᠳᠠᠶᠢᠴᠣᠳ ᠵᠡᠬᠦᠨ ᠪᠠᠷᠠᠭᠤᠨ ᠲᠠᠰᠢᠶᠠᠨ ᠳᠠᠭᠠᠨ ᠭᠡᠳᠡ ᠬᠢᠳᠤᠭ᠎ᠠ ᠬᠤᠣᠰᠯᠠᠭᠤᠯᠣᠨ ᠵᠡᠬᠦᠵᠣ | ᠶᠠᠪᠣᠳᠠᠭ ᠵᠠᠩᠰᠢᠯ ᠲᠠᠢ᠃ ᠲᠡᠷᠨ ᠨᠢ ᠡᠷ᠎ᠡ ᠬᠦᠮᠣᠨ ᠳᠤ ᠴᠢᠮᠡᠭ ᠰᠦᠷ ᠨᠡᠮᠡᠬᠦ ᠮᠥᠷᠳᠡᠭᠡᠨ ᠠᠰ ᠠᠰ ᠤᠨ | ᠬᠡᠷᠡᠭᠴᠡᠭᠡ ᠲᠠᠢ ᠪᠠᠶᠢᠳᠠᠭ᠃ ᠴᠠᠬᠠᠷ ᠮᠠᠶ᠋ᠢᠭ ᠤᠨ ᠬᠢᠳᠤᠭ᠎ᠠ ᠨᠢ ᠡᠭᠴᠨ ᠪᠠᠷᠢᠭᠤᠯ᠂ ᠮᠥᠩᠬᠦᠨ ᠬᠤᠢ ᠲᠠᠢ ᠪᠥᠭᠡᠳ | ᠶᠠᠰᠣᠨ ᠰᠠᠪᠬ᠎ᠠ ᠵᠡᠷᠭᠡᠴᠡᠬᠦᠯᠣᠨ ᠰᠠᠪᠠᠯᠠᠵᠤ᠂ ᠬᠤᠢ ᠶᠢᠨ ᠣᠷᠳᠦ ᠨᠢ ᠵᠢᠷᠭᠤᠭ᠎ᠠ ᠠᠴᠠ ᠨᠠᠢᠮᠠᠨ ᠢᠮᠠᠬᠤ᠂ ᠪᠠᠷᠢᠭᠤᠯ | ᠤᠨ ᠣᠷᠳᠦ ᠨᠢ ᠭᠤᠷᠪᠠᠨ ᠢᠮᠠᠬᠤ ᠬᠢᠷᠢᠳᠠᠢ᠃ ᠬᠢᠳᠣᠭᠠᠨ ᠪᠠᠷᠢᠭᠤᠯ ᠬᠢᠭᠡᠳ ᠬᠤᠢ ᠶᠢ ᠽᠠᠨᠳᠠᠨ ᠮᠣᠳᠦ ᠪᠣᠶᠤ | ᠣᠭᠤᠨᠣ ᠶᠢᠨ ᠡᠪᠡᠷ ᠢᠶᠠᠷ ᠦᠢᠯᠡᠳᠴᠣ᠂ ᠭᠠᠳᠠᠭᠤᠷ ᠨᠢ ᠭᠡ ᠰᠠᠶᠢᠯᠪᠣᠷᠢ ᠲᠠᠢ ᠮᠥᠩᠬᠦ ᠪᠠᠷ ᠪᠥᠷᠢᠭᠡᠳ᠂ ᠵᠢᠵᠢᠭ | ᠰᠢᠬᠢᠳᠭᠡᠭᠡ ᠰᠠᠭᠤᠯᠭᠠᠭᠰᠠᠨ ᠴᠣ᠋ ᠪᠣᠢ᠃ ᠬᠢᠳᠤᠭ᠎ᠠ ᠶᠢ ᠣᠬᠢ ᠴᠢᠨᠠᠷ ᠤᠨ ᠪᠣᠯᠣᠳ ᠢᠶᠠᠷ ᠲᠡᠪᠳᠠᠵᠤ ᠦᠢᠯᠡᠳᠣᠨ᠂ | ᠰᠠᠪᠬ᠎ᠠ ᠶᠢ ᠨᠢ ᠵᠠᠭᠠᠨ ᠤ ᠰᠣᠶᠤᠭ᠎ᠠ ᠪᠣᠶᠤ ᠲᠡᠮᠡᠭᠡᠨ ᠰᠢᠯᠪᠢ ᠶᠢᠨ ᠶᠠᠰᠣ ᠪᠠᠷ ᠨᠠᠷᠢᠯᠢᠭ ᠣᠶᠢᠯᠡᠳᠴᠣ | ᠲᠣᠯᠣᠭᠠᠢ ᠳᠤ ᠨᠢ ᠠᠪᠰᠠᠷᠬᠠᠨ ᠮᠥᠩᠬᠦᠨ ᠲᠤᠭ ᠣᠭᠯᠠᠭᠰᠠᠨ ᠪᠠᠶᠢᠳᠠᠭ᠃ ᠬᠤᠢ ᠶᠢᠨ ᠲᠣᠯᠣᠭᠠᠢ ᠳᠤ ᠯᠣᠣ ᠶᠢᠨ | ᠲᠣᠯᠣᠭᠠᠢ ᠰᠠᠶᠢᠯᠪᠣᠷᠢᠯᠡᠭᠰᠡᠨ ᠮᠥᠩᠬᠦᠨ ᠰᠠᠨᠵᠢ ᠲᠠᠢ ᠪᠥᠭᠡᠳ ᠲᠡᠬᠦᠨ ᠠᠴᠠ ᠮᠥᠩᠬᠦᠨ ᠬᠢᠨᠵᠢ ᠪᠣᠶᠤ ᠮᠢᠨᠳᠠᠰᠣᠨ | ᠣᠳᠠᠰᠣ ᠪᠠᠷ ᠠᠯᠠᠭᠯᠠᠵᠤ ᠬᠦᠷᠦᠭᠰᠡᠨ ᠣᠭᠤᠰᠣᠷ ᠢᠶᠠᠷ ᠬᠤᠯᠪᠣᠵᠤ᠂ ᠵᠢᠵᠢᠭ ᠮᠥᠩᠬᠦᠨ ᠲᠤᠶᠢᠭ᠂ ᠮᠥᠩᠬᠦᠨ | ᠵᠣᠭᠤᠰ ᠪᠣᠶᠤ ᠲᠤᠮᠤ ᠰᠢᠬᠢᠳᠭᠡᠭᠡ ᠲᠠᠢ ᠪᠠᠯ ᠢᠶᠠᠷ ᠲᠡᠭᠡᠭ ᠪᠣᠯᠭᠠᠨ᠂ ᠪᠠᠷᠠᠭᠤᠨ ᠲᠠᠰᠢᠶᠠᠨ ᠳᠠᠬᠢ ᠲᠤᠤᠬᠠᠢ ᠠᠴᠠ | ᠪᠠᠨ ᠵᠡᠬᠦᠳᠡᠭ᠃ ᠬᠢᠳᠤᠭ᠎ᠠ ᠨᠢ ᠠᠩ ᠬᠦᠷᠤᠭᠡ ᠬᠢᠬᠦ᠂ ᠢᠳᠡᠰᠢ ᠵᠠᠷᠣᠬᠤ᠂ ᠣᠷᠭ᠎ᠠ ᠵᠠᠰᠠᠵᠤ᠂ ᠴᠢᠳᠣᠷ ᠰᠡᠯᠪᠢᠬᠦ᠂ | ᠡᠮᠡᠭᠡᠯ ᠬᠠᠵᠠᠭᠠᠷ ᠰᠣᠷᠯᠠᠬᠤ᠂ ᠠᠷᠢᠶᠠᠳᠠᠨ ᠲᠤᠭᠰᠢᠳ ᠠᠴᠠ ᠪᠡᠶ᠎ᠡ ᠪᠠᠨ ᠬᠠᠮᠠᠭᠠᠯᠠᠬᠤ ᠵᠡᠷᠭᠡ ᠣᠯᠠᠨ ᠬᠡᠷᠡᠭᠴᠡᠭᠡ | ᠲᠠᠢ ᠪᠥᠭᠡᠳ ᠶᠡᠷᠣ ᠶᠢᠨ ᠴᠠᠭ ᠬᠤᠢ ᠠᠴᠠ ᠨᠢ ᠰᠠᠯᠭᠠᠵᠤ ᠲᠠᠯᠪᠢᠳᠠᠭ ᠦᠭᠡᠢ᠃ | ᠭᠡᠳᠡ ᠨᠢ ᠬᠠᠪᠢᠷᠭᠠᠨ ᠰᠠᠷᠠᠨ ᠭᠡᠯᠪᠡᠷᠢ ᠶᠢᠨ ᠭᠠᠩ ᠰᠠᠶᠢᠳᠠᠢ ᠲᠠᠯ ᠲᠡᠮᠣᠷ ᠢ ᠬᠠᠪᠳᠠᠭᠠᠢ ᠲᠦᠷᠪᠡᠯᠵᠢᠨ ᠭᠡᠯᠪᠡᠷᠢ | ᠶᠢᠨ ᠪᠣᠯᠢᠭᠠᠷᠢᠨ ᠲᠤᠭᠳᠣᠢ ᠳᠤ ᠡᠮᠬᠦᠬᠦᠯᠣᠨ ᠰᠠᠭᠤᠯᠭᠠᠵᠤ᠂ ᠢᠷᠮᠡᠭ ᠬᠦᠪᠡᠭᠡ ᠶᠢ ᠨᠢ ᠨᠢᠮᠭᠡᠨ ᠲᠠᠪᠳᠠᠭᠰᠠᠨ | ᠮᠥᠩᠬᠦ᠂ ᠭᠠᠣᠯᠢ ᠪᠠᠷ ᠴᠢᠮᠬᠢᠵᠤ ᠪᠠᠬᠢᠯᠡᠭᠡᠳ᠂ ᠥᠨᠴᠥᠭ ᠪᠣᠯᠣᠩ ᠳᠤ ᠨᠢ ᠣᠭᠠᠯᠵᠨ ᠰᠠᠶᠢᠯᠪᠣᠷᠢ ᠲᠠᠢ ᠮᠥᠩᠬᠦ | ᠪᠠᠷ ᠴᠢᠮᠡᠭᠰᠡᠨ ᠪᠠᠶᠢᠳᠠᠭ᠃ ᠪᠣᠯᠢᠭᠠᠷᠢᠨ ᠲᠣᠭᠳᠣᠢ ᠳᠠᠭᠠᠨ ᠴᠠᠬᠢᠭᠤᠷ ᠴᠢᠯᠠᠭᠤ ᠪᠠ ᠣᠯᠨ ᠡᠪᠡᠰᠣ ᠪᠠᠶᠢᠩᠭᠤ | ᠰᠠᠪᠠᠯᠠᠨ᠂ ᠴᠠᠬᠢᠭᠤᠷ ᠲᠡᠭᠡᠷ᠎ᠡ ᠣᠯᠨ ᠡᠪᠡᠰᠣ ᠪᠠᠨ ᠲᠠᠯᠪᠢᠭᠠᠳ ᠭᠡᠳᠡ ᠪᠠᠷ ᠬᠠᠪᠢᠷᠣᠨ ᠴᠣᠬᠢᠪᠠᠯ᠂ ᠦᠰᠦᠷᠦᠭᠰᠡᠨ | ᠣᠴᠢ ᠳᠤ ᠨᠢ ᠣᠯᠨ ᠡᠪᠡᠰᠣ ᠣᠩᠭᠤᠰᠳᠠᠭ ᠪᠠᠶᠢᠨ᠎ᠠ᠃ ᠡᠬᠦᠨ ᠢᠶᠠᠷ ᠲᠠᠮᠠᠬᠢ ᠨᠡᠷᠡᠬᠦ ᠪᠣᠶᠤ ᠭᠠᠯ ᠨᠣᠴᠣᠭᠠᠳᠠᠭ᠃ | ᠭᠡᠳᠡ ᠶᠢᠨ ᠲᠡᠭᠡᠳᠦ ᠲᠠᠯ᠎ᠠ ᠳᠤ ᠮᠥᠩᠬᠦᠨ ᠰᠠᠨᠵᠢ ᠲᠠᠢ᠃ ᠲᠡᠬᠦᠨ ᠠᠴᠠ ᠮᠥᠩᠬᠦᠨ ᠬᠢᠨᠵᠢ ᠪᠣᠶᠤ ᠰᠦᠯᠵᠢᠮᠠᠯ | ᠮᠢᠨᠳᠠᠰᠣᠨ ᠣᠭᠤᠰᠣᠷ ᠬᠤᠯᠪᠣᠵᠤ᠂ ᠦᠵᠣᠬᠦᠷ ᠲᠠᠬᠢ ᠮᠥᠩᠬᠦᠨ ᠲᠤᠶᠢᠭ᠂ ᠮᠥᠩᠬᠦᠨ ᠪᠠᠯ᠂ ᠭᠠᠩᠰᠠᠨ | ᠲᠤᠭᠰᠢᠭᠤᠷ ᠵᠡᠷᠭᠡ ᠲᠡᠭᠡᠭ ᠢᠶᠠᠷ ᠨᠢ ᠵᠡᠬᠦᠨ ᠲᠠᠰᠢᠶᠠᠨ ᠳᠠᠬᠢ ᠲᠣᠣᠬᠠᠢ ᠠᠴᠠ ᠵᠡᠬᠦᠳᠡᠭ᠃ | ᠲᠣᠣᠬᠠᠢ ᠭᠡᠳᠡᠭ ᠨᠢ ᠮᠥᠩᠬᠦ ᠪᠠᠷ ᠴᠢᠳᠬᠤᠵᠤ ᠲᠡᠪᠳᠠᠭᠰᠠᠨ ᠲᠤᠭᠤᠷ ᠤᠨ ᠭᠡᠯᠪᠡᠷᠢ ᠲᠠᠢ ᠬᠠᠪᠳᠠᠰᠣ᠃ ᠲᠡᠭᠡᠳᠦ | ᠪᠡᠶ᠎ᠡ ᠳᠤ ᠨᠢ ᠲᠣᠮᠣ ᠱᠢᠷᠣᠨ ᠰᠢᠬᠢᠳᠭᠡᠭᠡ ᠰᠠᠭᠤᠯᠭᠠᠵᠤ᠂ ᠭᠡ ᠣᠭᠠᠯᠵᠠᠨ ᠰᠠᠶᠢᠯᠪᠣᠷᠢ ᠲᠤᠭᠤᠷᠢᠭᠤᠯᠣᠨ ᠴᠢᠮᠡᠭᠡᠳ᠂ | ᠲᠤᠤᠷᠠᠳᠦ ᠪᠡᠶ᠎ᠡ ᠳᠤ ᠨᠢ ᠭᠡᠳᠡ ᠬᠢᠳᠣᠭᠠᠨ ᠤ ᠣᠭᠤᠰᠣᠷ ᠤᠨ ᠲᠡᠭᠡᠭ ᠢ ᠰᠦᠪᠡᠯᠡᠬᠦ ᠲᠠᠯ᠎ᠠ ᠰᠠᠷᠠᠨ ᠭᠡᠯᠪᠡᠷᠢ ᠶᠢᠨ | ᠨᠦᠭᠡ ᠲᠠᠢ ᠪᠠᠶᠢᠳᠠᠭ᠃ ᠲᠤᠤᠬᠠᠢ ᠳᠤ ᠥᠷᠭᠡᠨ ᠪᠣᠯᠢᠭᠠᠷᠢ ᠭᠤᠭᠴᠤᠭ᠎ᠠ ᠬᠢᠵᠤ᠂ ᠪᠦᠰᠨ ᠠᠴᠠ ᠪᠠᠨ | ᠭᠤᠭᠴᠣᠭᠠᠯᠠᠨ ᠵᠡᠬᠦᠳᠡᠭ ᠪᠥᠭᠡᠳ ᠵᠠᠪᠠᠯ ᠬᠤᠣᠰ ᠢᠶᠠᠷ ᠨᠢ ᠡᠳ᠋ᠯᠡᠬᠦ ᠶᠣᠰᠣ ᠲᠠᠢ᠃ | ᠬᠡᠳᠡ ᠬᠢᠳᠤᠭ᠎ᠠ ᠪᠠ ᠲᠣᠣᠬᠠᠢ ᠶᠢ ᠵᠡᠬᠦᠬᠦ ᠦᠭᠡᠢ ᠦᠶ᠎ᠡ ᠳᠡᠭᠡᠨ ᠬᠠᠨ᠎ᠠ ᠶᠢᠨ ᠲᠣᠯᠣᠭᠠᠢ ᠠᠴᠠ ᠡᠯᠬᠦᠬᠦ ᠪᠣᠶᠣ | ᠠᠪᠳᠠᠷ᠎ᠠ ᠱᠦᠬᠦᠢ ᠳᠡᠭᠡᠨ ᠬᠤᠷᠢᠶᠠᠵᠤ᠂ ᠬᠠᠮᠢᠶ᠎ᠠ ᠦᠭᠡᠢ ᠬᠠᠶᠠᠬᠤ ᠶᠢ ᠣᠨᠴᠨ ᠴᠡᠭᠡᠷᠯᠡᠨ᠎ᠠ᠃ | ᠬᠠᠳᠠᠭ᠂ ᠬᠦᠬᠦᠷ᠂ ᠰᠣᠶᠢᠯᠠᠩ | ᠬᠠᠳᠠᠭ᠂ ᠬᠦᠬᠦᠷ ᠨᠢ ᠲᠤᠰᠬᠠᠶᠢᠯᠠᠨ ᠵᠣᠯᠭᠠᠯᠳᠠ ᠠᠭᠤᠯᠵᠠᠯᠳᠠ ᠳᠤ ᠵᠣᠷᠢᠭᠤᠯᠣᠭᠰᠠᠨ ᠬᠦᠨᠳᠦᠳᠭᠡᠯ ᠶᠣᠰᠣᠨ ᠤ | ᠡᠳ᠋ᠯᠡᠭᠡᠨ᠃ ᠵᠢᠯ ᠴᠠᠭᠠᠨ ᠰᠠᠷ᠎ᠠ᠂ ᠬᠤᠷᠢᠮ ᠨᠠᠶᠢᠷ᠂ ᠶᠡᠭᠡᠰ ᠨᠣᠶᠠᠳ ᠲᠠᠢ ᠪᠠᠷᠠᠭᠠᠯᠠᠬᠤ ᠳᠤ ᠯᠨ ᠬᠡᠷᠡᠭᠯᠡᠳᠡᠭ ᠪᠠᠶᠢᠵᠠᠢ | ᠃ ᠴᠠᠬᠠᠷ ᠲᠤ ᠭᠤᠣᠯᠳᠠᠭᠤ ᠲᠠᠪᠤ ᠠᠴᠠ ᠵᠢᠷᠭᠤᠭᠠᠨ ᠲᠣᠬᠤᠢ ᠣᠷᠳᠦ ᠴᠠᠩᠭᠡᠷ ᠪᠣᠶᠤ ᠴᠠᠭᠠᠨ ᠥᠩᠭᠡ ᠶᠢᠨ | ᠲᠤᠷᠭᠠᠨ ᠬᠠᠳᠠᠭ ᠢ ᠨᠡᠶᠢᠳᠡᠮ ᠬᠡᠷᠡᠭᠯᠡᠳᠡᠭ᠃ ᠶᠠᠰᠣ ᠴᠢᠨᠠᠷ ᠪᠠ ᠬᠢᠴᠨ ᠣᠷ᠎ᠠ ᠪᠠᠷ ᠨᠢ ︽ᠲᠡᠰᠢ ᠬᠠᠳᠠᠭ︾᠂ ︽ | ᠸᠠᠩᠳᠠᠨ ᠬᠠᠳᠠᠭ︾᠂ ︽ᠠᠶᠣᠰᠢ ᠬᠠᠳᠠᠭ︾ ᠭᠡᠵᠤ ᠢᠯᠭᠠᠵᠤ ᠨᠡᠷᠡᠯᠡᠳᠡᠭ᠃ ᠬᠠᠳᠠᠭ ᠢᠶᠠᠨ ᠨᠣᠭᠤᠯᠣᠭᠠᠰᠣ | ᠣᠷᠤᠭᠤᠯᠣᠯ ᠦᠭᠡᠢ ᠡᠪᠭᠡᠭᠡᠳ ᠡᠪᠣᠷᠯᠡᠵᠤ ᠶᠠᠪᠣᠬᠤ ᠪᠣᠶᠣ ᠪᠦᠰᠡᠳᠠᠶᠢᠴᠣᠳ ᠨᠢ ᠰᠣᠶᠢᠯᠠᠩ ᠤᠨ ᠬᠠᠮᠳᠦ ᠵᠠᠬᠦᠨ | ᠲᠠᠯ᠎ᠠ ᠶᠢᠨ ᠪᠦᠰᠡᠨ ᠳᠡᠭᠡᠨ ᠬᠠᠪᠴᠢᠭᠤᠯᠵᠤ᠂ ᠪᠦᠰᠡᠬᠦᠶᠢᠴᠣᠳ ᠨᠢ ᠬᠠᠪᠳᠠᠭ᠎ᠠ ᠲᠠᠢ ᠪᠠᠨ ᠵᠡᠷᠭᠡᠴᠡᠬᠦᠯᠣᠨ ᠡᠩᠭᠡᠷ | ᠲᠡᠭᠡᠨ ᠵᠡᠬᠦᠳᠡᠭ᠃ ᠵᠣᠯᠭᠠᠯᠳᠠ ᠬᠢᠬᠦ ᠳᠡᠭᠡᠨ ᠠᠬᠠᠮᠠᠳ ᠲᠣᠮᠣᠭᠠᠳᠠᠨ ᠢᠶᠠᠨ ᠵᠡᠪᠠᠯ ᠰᠠᠭᠠᠳᠠᠭᠤᠯᠵᠤ᠂ ᠬᠠᠳᠠᠭ ᠢᠶᠠᠨ | ᠲᠡᠯᠭᠡᠵᠤ ᠠᠯᠠᠭᠠᠨ ᠲᠡᠭᠡᠷ᠎ᠡ ᠨᠢ ᠲᠠᠯᠪᠢᠭᠰᠠᠨ ᠤ ᠲᠠᠷᠠᠭ᠎ᠠ ᠬᠤᠶᠢᠰᠢ ᠣᠬᠤᠷᠢᠨ ᠬᠤᠷᠮᠣᠢ ᠲᠡᠪᠢᠰᠴᠣ ᠮᠥᠷᠬᠦᠭᠡᠳ | ᠠᠮᠣᠷ ᠠᠶᠢᠯᠠᠳᠬᠠᠳᠠᠭ᠃ ᠦᠶ᠎ᠡ ᠬᠤᠷᠠᠭ ᠬᠦᠮᠣᠰ ᠵᠣᠯᠭᠠᠬᠤ ᠳᠠᠭᠠᠨ ᠬᠤᠶᠠᠭᠤᠯᠨ ᠨᠢᠭᠤᠷᠯᠠᠨ ᠵᠣᠭᠰᠣᠵᠤ | ᠪᠠᠶᠢᠭᠠᠳ ᠬᠠᠳᠠᠭ ᠵᠦᠷᠢᠬᠦᠯᠣᠨ ᠮᠡᠨᠳᠦ ᠮᠡᠳᠡᠯᠴᠡᠳᠡᠭ᠃ ᠪᠡᠯᠡᠭ ᠬᠦᠷᠭᠡᠬᠦ ᠳᠤ ᠬᠠᠳᠠᠭ ᠲᠠᠢ ᠪᠠᠷᠢᠪᠠᠯ ᠬᠦᠨᠳᠦ | ᠶᠤᠰᠣᠨ ᠳᠤ ᠲᠤᠭᠠᠴᠢᠭᠳᠠᠨ᠎ᠠ᠃ ᠬᠦᠬᠦᠷ ᠨᠢ ᠬᠠᠰ᠂ ᠮᠠᠨᠣ᠂ ᠣᠭ᠍ᠶᠣ ᠵᠡᠷᠭᠡ ᠡᠷᠳᠡᠨᠢ ᠶᠢᠨ ᠴᠢᠯᠠᠭᠤ ᠪᠠᠷ | ᠰᠠᠶᠢᠯᠵᠤ ᠦᠢᠯᠡᠳᠦᠭᠰᠡᠨ ᠬᠠᠪᠳᠠᠭᠠᠢ ᠪᠥᠮᠪᠣᠷᠭᠡᠨ ᠭᠡᠯᠪᠡᠷᠢ ᠲᠠᠢ ᠬᠠᠮᠠᠷ ᠲᠠᠮᠠᠬᠢᠨ ᠤ ᠰᠠᠪᠠ ᠶᠣᠮ᠃ ᠭᠡ ᠰᠠᠶᠢᠯᠪᠣᠷᠢ | ᠪᠠ ᠶᠡᠭᠡ ᠪᠠᠭ᠎ᠠ ᠨᠢ ᠠᠳᠠᠯᠢ ᠦᠭᠡᠢ ᠪᠠᠶᠢᠳᠠᠭ᠃ ᠬᠦᠬᠦᠷ ᠤᠨ ᠲᠣᠯᠣᠭᠠᠢ ᠳᠤ ᠮᠥᠩᠬᠦᠨ ᠲᠠᠪᠠᠭ ᠲᠠᠢ ᠪᠥᠭᠡᠳ | ᠲᠡᠭᠡᠷ᠎ᠡ ᠨᠢ ᠨᠣᠮᠢᠨ ᠲᠡᠪᠢᠰᠭᠡᠷ ᠲᠠᠢ ᠱᠢᠷᠣᠨ ᠰᠢᠬᠢᠳᠭᠡᠭᠡ ᠰᠠᠭᠤᠯᠭᠠᠵᠤ᠂ ᠵᠠᠭᠠᠨ ᠤ ᠰᠣᠶᠤᠭ᠎ᠠ ᠪᠣᠶᠤ ᠮᠥᠩᠬᠦ ᠪᠠᠷ | ᠦᠢᠯᠡᠳᠦᠭᠰᠡᠨ ᠵᠢᠵᠢᠭ ᠠᠪᠰᠠᠷᠬᠠᠨ ᠬᠠᠯᠪᠠᠭ᠎ᠠ ᠶᠢ ᠨᠢᠭᠡ ᠴᠣᠭᠴᠨ ᠪᠣᠯᠭᠠᠨ ᠣᠭᠰᠠᠷᠠᠭᠰᠠᠨ ᠪᠠᠶᠢᠳᠠᠭ᠃ ᠴᠠᠬᠠᠷ | ᠤᠨ ᠵᠠᠩᠰᠢᠯ ᠢᠶᠠᠷ᠂ ᠯᠠᠮᠨ ᠬᠦᠮᠣᠨ ᠯᠨ ᠬᠠᠮᠠᠷ ᠲᠠᠮᠠᠬᠢ ᠲᠠᠳᠠᠳᠠᠭ ᠲᠣᠯᠨ ᠬᠦᠬᠦᠷ ᠨᠢ ᠵᠣᠯᠭᠠᠵᠤ ᠮᠠᠨᠳᠣᠴᠢᠯᠡᠬᠦ | ᠬᠡᠷᠡᠭᠰᠡᠯ ᠪᠣᠯᠣᠨ ᠣᠯᠠᠷᠢᠵᠠᠢ᠃ ᠭᠡᠪᠡᠴᠣ ᠪᠡᠯᠭᠡ ᠶᠢ ᠪᠣᠳᠣᠨ ᠬᠦᠬᠦᠷ ᠲᠡᠭᠡᠨ ᠭᠡᠵᠢᠶᠡᠳᠡ ᠲᠠᠮᠠᠬᠢ ᠲᠠᠢ ᠪᠠᠶᠢᠳᠠᠭ᠃ | ᠪᠦᠰᠡᠳᠠᠶᠢᠴᠣᠳ ᠨᠢ ᠰᠣᠶᠢᠯᠠᠩ ᠳᠠᠭᠠᠨ ᠬᠢᠵᠤ ᠵᠡᠬᠦᠨ ᠲᠠᠯ᠎ᠠ ᠶᠢᠨ ᠪᠦᠰᠡᠨ ᠠᠴᠠ ᠪᠠᠨ ᠬᠠᠨᠳᠣᠷᠣᠨ᠂ | ᠪᠦᠰᠡᠬᠦᠶᠢᠴᠣᠳ ᠨᠢ ᠪᠠᠰᠡᠷᠡᠭ ᠴᠡᠮᠴᠡᠭᠡᠷ ᠬᠦᠬᠦᠷ ᠤᠨ ᠬᠠᠪᠳᠠᠭ᠎ᠠ ᠳᠠᠭᠠᠨ ᠬᠢᠵᠤ ᠵᠡᠬᠦᠨ ᠡᠭᠡᠮ ᠤᠨ ᠣᠣᠵᠢᠨ | ᠲᠣᠪᠴᠢ ᠠᠴᠠ ᠪᠠᠨ ᠵᠡᠬᠦᠳᠡᠭ᠃ ᠬᠠᠳᠠᠭ ᠲᠠᠢ ᠵᠣᠯᠭᠠᠭᠰᠠᠨ ᠤ ᠲᠠᠷᠠᠭ᠎ᠠ ᠥᠪᠡᠷ ᠤᠨ ᠬᠦᠬᠦᠷ ᠢᠶᠠᠨ ᠠᠬᠠᠮᠠᠳ | ᠲᠣᠮᠣᠭᠠᠳᠠᠨ ᠤ ᠪᠠᠷᠠᠭᠤᠨ ᠭᠠᠷ ᠲᠤ ᠠᠳᠬᠤᠭᠤᠯᠣᠭᠠᠳ᠂ ᠠᠬᠠᠮᠠᠳ ᠤᠨ ᠢᠶᠠᠨ ᠬᠦᠬᠦᠷ ᠢ ᠵᠥᠷᠢᠬᠦᠯᠣᠨ ᠠᠪᠴᠣ | ᠮᠠᠨᠳᠣᠴᠢᠯᠡᠳᠡᠭ᠃ ᠦᠶ᠎ᠡ ᠬᠤᠷᠠᠭ ᠤᠨ ᠬᠦᠮᠣᠰ ᠠᠯᠠᠭᠠᠨ ᠲᠣᠳᠣᠷ᠎ᠠ ᠪᠠᠨ ᠵᠥᠷᠢᠬᠦᠯᠳᠡᠭ ᠵᠠᠩᠰᠢᠯ ᠲᠠᠢ᠃ | ᠬᠦᠬᠦᠷ ᠤᠨ ᠰᠣᠶᠢᠯᠠᠩ ᠢ ᠪᠠᠰᠨ ︽ᠲᠠᠯᠢᠶᠠᠷ︾ ᠭᠡᠳᠡᠭ᠃ ᠲᠡᠷᠨ ᠨᠢ ᠲᠣᠷᠭ᠎ᠠ ᠪᠠᠷ ᠣᠶᠣᠭᠰᠠᠨ ᠲᠤᠬᠤᠢ | ᠣᠷᠳᠦ᠂ ᠲᠦᠷᠪᠡᠨ ᠢᠮᠠᠬᠤ ᠥᠷᠭᠡᠨ᠂ ᠭᠤᠣᠯ ᠳᠠᠭᠠᠨ ᠠᠮᠨ ᠲᠠᠢ ᠣᠭᠤᠳᠠ ᠪᠢᠯᠨ᠃ ᠬᠤᠶᠠᠷ ᠬᠦᠪᠡᠭᠡ ᠶᠢ ᠨᠢ | ᠬᠤᠷᠭᠤᠢ ᠲᠣᠣᠵᠨ ᠪᠠᠷ ᠬᠠᠯᠵᠠᠯᠠᠨ᠂ ᠭᠠᠳᠠᠷ ᠲᠦᠷᠪᠡᠨ ᠪᠣᠯᠣᠩ ᠳᠤ ᠨᠢ ᠠᠷᠰᠯᠠᠨ᠂ ᠪᠠᠷᠰ ᠯᠣᠣ᠂ ᠭᠠᠷᠣᠳᠢ | ᠲᠦᠷᠪᠡᠨ ᠬᠦᠴᠣᠳᠠᠨ ᠣᠷᠠᠯᠠᠨ ᠬᠠᠳᠬᠤᠵᠤ᠂ ᠲᠣᠳᠣᠷ ᠲᠦᠷᠪᠡᠨ ᠪᠣᠯᠣᠩ ᠳᠤ ᠨᠢ ᠲᠦᠷᠪᠡᠨ ᠴᠠᠭ ᠤᠨ | ᠡᠷᠬᠢᠯᠳᠡ ᠶᠢᠨ ᠨᠠᠪᠴᠢᠰ ᠬᠠᠳᠬᠤᠭᠰᠠᠨ ᠪᠠᠶᠢᠳᠠᠭ᠃ ᠨᠠᠰᠣᠳᠠᠢ ᠬᠦᠮᠣᠨ ᠬᠦᠭᠡ᠂ ᠬᠠᠷ᠎ᠠ᠂ ᠬᠦᠷᠡᠩ ᠥᠩᠭᠡ ᠶᠢᠨ | ᠰᠣᠶᠢᠯᠠᠩ ᠵᠡᠬᠦᠳᠡᠭ᠃ ᠵᠠᠯᠠᠭᠤᠴᠣᠳ ᠴᠠᠩᠭᠡᠷ᠂ ᠨᠣᠭᠤᠭᠠᠨ᠂ ᠶᠠᠭᠠᠨ᠂ ᠣᠯᠠᠪᠢᠷ ᠵᠡᠷᠭᠡ ᠥᠩᠭᠡ ᠶᠢᠨ ᠬᠢ ᠶᠢ | ᠵᠡᠬᠦᠭᠡᠳ᠂ ᠯᠠᠮᠨ ᠬᠤᠸᠠᠷᠠᠭ ᠬᠦᠮᠣᠨ ᠰᠠᠶ᠋ᠢ ᠣᠯᠠᠭᠠᠨ᠂ ᠰᠢᠷ᠎ᠠ ᠥᠩᠭᠡ ᠶᠢᠨ ᠬᠢ ᠶᠢ ᠡᠳ᠋ᠯᠡᠳᠡᠭ᠃ | ᠪᠦᠰᠡᠬᠦᠶᠢᠴᠣᠳ ᠶᠡᠷᠣ ᠠᠴᠠ ᠲᠠᠬᠢᠶᠠᠨ ᠥᠨᠳᠡᠭᠡᠨ ᠴᠢᠨᠡᠭᠡ ᠵᠢᠵᠢᠭ ᠬᠦᠬᠦᠷ ᠡᠳ᠋ᠯᠡᠳᠡᠭ ᠠᠴᠠ ᠲᠡᠳᠡᠨ ᠳᠤ | ᠰᠣᠶᠢᠯᠠᠩ ᠬᠡᠷᠡᠭ ᠦᠭᠡᠢ᠃ ᠵᠦᠪᠭᠡᠨ ᠴᠡᠴᠡᠭ ᠨᠠᠪᠴᠢ ᠬᠠᠳᠬᠤᠭᠰᠠᠨ ᠲᠤᠭᠤᠷᠢᠭ ᠪᠣᠶᠤ ᠲᠤᠭᠤᠷ ᠤᠨ ᠭᠡᠯᠪᠡᠷᠢ | ᠲᠠᠢ ᠲᠤᠷᠭᠠᠨ ᠬᠠᠪᠳᠠᠭ᠎ᠠ ᠬᠡᠷᠡᠭᠯᠡᠳᠡᠭ᠃ ᠴᠠᠬᠠᠷ ᠲᠤ ᠭᠡᠷᠯᠡᠭᠡᠳᠣᠢ ᠬᠦᠣ᠂ ᠬᠠᠷᠢᠯᠠᠭᠠᠳᠣᠢ ᠭᠡᠣᠭᠡᠨ ᠵᠢᠴᠢ ᠭᠡᠣᠭᠡᠳ | ᠬᠠᠳᠠᠭ ᠬᠦᠬᠦᠷ ᠲᠠᠢ ᠵᠣᠯᠭᠠᠬᠤ ᠡᠷᠭᠡ ᠦᠭᠡᠢ ᠲᠣᠯᠨ ᠰᠣᠶᠢᠯᠠᠩ ᠪᠣᠶᠤ ᠬᠠᠪᠳᠠᠭ᠎ᠠ ᠴᠣ᠋ ᠵᠡᠬᠦᠳᠡᠭ ᠦᠭᠡᠢ᠃ | ᠳ᠋ᠠᠢ᠂ ᠰᠢᠯᠪᠢ᠂ ᠲᠠᠭᠠᠷᠴᠤᠭ | ᠳ᠋ᠠᠢ ︵ᠭᠠᠩᠰᠨ︶ ᠨᠢ ᠲᠠᠮᠠᠬᠢ ᠲᠠᠳᠠᠬᠤ ᠲᠤᠰᠬᠠᠢ ᠬᠡᠷᠡᠭᠰᠡᠯ᠃ ᠰᠣᠷᠤᠭᠤᠯ ᠰᠢᠯᠪᠢ᠂ ᠲᠠᠮᠠᠬᠢ ᠨᠡᠷᠡᠬᠦ ᠲᠣᠯᠣᠭᠠᠢ | ᠬᠢᠭᠡᠳ ᠰᠢᠯᠪᠢ ᠲᠣᠯᠣᠭᠠᠢ ᠶᠢ ᠬᠤᠯᠪᠣᠭᠰᠠᠨ ᠭᠠᠩᠰᠨ ᠮᠣᠳᠦ ᠪᠠᠷ ᠪᠥᠷᠢᠯᠳᠣᠵᠠᠢ᠃ ᠳ᠋ᠠᠢ ᠶᠢᠨ ᠰᠢᠯᠪᠢ ᠨᠢ | ᠭᠤᠣᠯᠳᠠᠭᠤ ᠬᠠᠰ᠂ ᠣᠭ᠍ᠶᠣ᠂ ᠮᠠᠨᠤ ᠵᠡᠷᠭᠡ ᠡᠷᠳᠡᠨᠢ ᠶᠢᠨ ᠴᠢᠯᠠᠭᠤ ᠪᠠᠷ ᠨᠠᠷᠢᠯᠢᠭ ᠦᠢᠯᠡᠳᠦᠭᠰᠡᠨ ᠰᠣᠷᠤᠭᠤᠯ | ᠪᠠᠶᠢᠳᠠᠭ᠃ ᠲᠡᠬᠦᠨ ᠳᠡᠭᠡᠨ ᠨᠠᠷᠢᠨ ᠪᠥᠳᠦᠬᠦᠨ᠂ ᠣᠷᠳᠦ ᠪᠣᠭᠤᠨᠢ ᠨᠢ ᠶᠠᠭ ᠲᠡᠩᠴᠡᠯᠳᠦᠭᠰᠡᠨ ᠮᠥᠩᠬᠦ᠂ ᠭᠠᠣᠯᠢ | ᠪᠣᠶᠤ ᠲᠡᠮᠣᠷ ᠲᠣᠯᠣᠭᠠᠢ ᠶᠢ ᠲᠠᠷᠬᠠᠨ ᠢᠶᠠᠷ ᠴᠣᠬᠢᠭᠤᠯᠵᠤ ᠡᠳ᠋ᠯᠡᠳᠡᠭ᠃ | ᠴᠠᠬᠠᠷ ᠮᠠᠶ᠋ᠢᠭ ᠤᠨ ᠮᠥᠩᠬᠦᠨ ᠲᠣᠯᠣᠭᠠᠢ ᠨᠢ ᠬᠦᠵᠣᠬᠦᠨ ᠳᠤ ᠨᠢ ᠲᠠᠯ ᠰᠠᠭᠤᠯᠭᠠᠵᠤ ᠭᠠᠩᠨᠠᠭᠰᠠᠨ᠂ ᠴᠢᠮᠣᠭᠡᠨ ᠳᠤ | ᠨᠢ ᠭᠡ ᠣᠭᠠᠯᠵᠨ ᠨᠡᠪᠳᠡ ᠰᠡᠶᠢᠯᠦᠭᠰᠡᠨ ᠠᠮᠢᠳᠦ ᠪᠠᠯ ᠲᠠᠢ ᠪᠥᠭᠡᠳ ᠲᠤᠭᠰᠢᠭᠤᠷ ᠲᠡᠭᠡᠷ᠎ᠡ ᠨᠢ ᠨᠢᠮᠭᠡᠭᠡᠨ ᠭᠠᠣᠯᠢ᠂ | ᠵᠠᠰ᠂ ᠲᠡᠮᠣᠷ ᠭᠤᠷᠪᠠ ᠶᠢ ᠠᠯᠠᠭᠯᠠᠨ ᠰᠠᠭᠤᠯᠭᠠᠭᠰᠠᠨ ᠪᠠᠶᠢᠳᠠᠭ᠃ ᠭᠠᠣᠯᠢ ᠪᠣᠶᠤ ᠲᠡᠮᠣᠷ ᠲᠣᠯᠣᠭᠠᠢ ᠶᠢᠨ ᠶᠠᠩᠵᠤ | ᠭᠡᠯᠪᠡᠷᠢ᠂ ᠬᠢᠴᠨ ᠣᠷ᠎ᠠ ᠨᠢ ᠮᠥᠩᠬᠦᠨ ᠲᠣᠯᠣᠭᠠᠢ ᠲᠠᠢ ᠠᠳᠠᠯᠢᠬᠠᠨ ᠪᠣᠯᠪᠠᠴᠣ ᠪᠡᠶ᠎ᠡ ᠶᠢ ᠨᠢ ᠭᠠᠣᠯᠢ ᠪᠣᠶᠣ ᠲᠡᠮᠣᠷ | ᠢᠶᠠᠷ ᠴᠣᠬᠢᠵᠤ᠂ ᠲᠠᠯ ᠬᠢᠭᠡᠳ ᠪᠡᠯ ᠢ ᠨᠢ ᠬᠠᠷᠢᠨ ᠵᠡᠰ ᠢᠶᠠᠷ ᠠᠯᠠᠭᠯᠠᠭᠤᠯᠣᠨ ᠭᠠᠷᠭᠠᠭᠰᠠᠨ ᠪᠠᠶᠢᠳᠠᠭ᠃ | ᠭᠠᠩᠰᠨ ᠮᠣᠳᠦ ᠨᠢ ᠭᠠᠳᠠᠭᠤᠷ ᠢᠶᠠᠨ ᠬᠦᠷᠡᠩ ᠡᠷᠢᠶᠠᠨ ᠰᠢᠷᠢ ᠲᠠᠢ᠃ ᠨᠠᠷᠢᠨ ᠪᠥᠳᠦᠬᠦᠨ ᠣᠷᠳᠦ ᠪᠣᠭᠤᠨᠢ ᠶᠢ | ᠨᠢ ᠰᠢᠯᠪᠢ ᠲᠣᠯᠣᠭᠠᠢ ᠲᠠᠢ ᠪᠠᠨ ᠲᠠᠩᠴᠡᠬᠦᠯᠣᠨ᠂ ᠬᠤᠶᠠᠷ ᠦᠵᠣᠬᠦᠷ ᠲᠤ ᠨᠢ ᠮᠥᠩᠬᠦ ᠪᠣᠶᠤ ᠭᠠᠣᠯᠢᠨ ᠪᠥᠭᠡᠵᠢ | ᠣᠭᠯᠠᠨ ᠴᠢᠮᠡᠳᠡᠭ ᠴᠣ᠋ ᠪᠣᠢ᠃ ᠨᠢᠭᠡ ᠰᠠᠶᠢᠨ ᠳ᠋ᠠᠢ ᠨᠢ ᠭᠡᠳᠦᠨ ᠮᠣᠷᠢᠨ ᠤ ᠦᠨ᠎ᠡ ᠲᠠᠭᠠᠭᠠᠳᠠᠭ ᠲᠣᠯᠨ ᠦᠷᠬᠦᠯᠵᠢ | ᠬᠢᠮᠭᠠᠳᠠᠨ ᠲᠤᠷᠭᠠᠨ ᠲᠤᠭᠳᠣᠢ ᠳᠤ ᠬᠢᠭᠡᠳ ᠪᠦᠰᠡᠨ ᠳᠡᠭᠡᠨ ᠰᠣᠶᠢᠷᠠᠬᠤ ᠪᠣᠶᠤ ᠭᠤᠳᠣᠯ ᠤᠨ ᠲᠦᠷᠠᠢ ᠳᠡᠭᠡᠨ | ᠲᠦᠷᠠᠶᠢᠯᠠᠵᠤ ᠶᠠᠪᠣᠳᠠᠭ ᠪᠠᠶᠢᠵᠠᠢ᠃ ᠴᠠᠬᠠᠷ ᠤᠨ ᠵᠠᠩᠰᠢᠯ ᠢᠶᠠᠷ ᠬᠠᠷᠠᠴᠣᠣᠯ ᠨᠢ ᠳ᠋ᠡᠢ ᠲᠠᠮᠠᠬᠢ ᠡᠳ᠋ᠯᠡᠵᠤ᠂ ᠯᠠᠮᠨ ᠪᠠ | ᠬᠤᠷᠢᠮᠯᠠᠭᠠᠳᠣᠢ ᠬᠦᠮᠣᠨ ᠲᠠᠮᠠᠬᠢ ᠲᠠᠳᠠᠬᠤ ᠶᠢ ᠴᠡᠭᠡᠷᠯᠡᠳᠡᠭ᠃ ᠠᠬᠠᠮᠠᠳ ᠲᠣᠮᠣᠭᠠᠳᠠᠨ ᠤ ᠲᠡᠷᠭᠡᠳᠡ ᠲᠠᠮᠠᠬᠢ | ᠲᠠᠳᠠᠬᠤ ᠳᠠᠭᠠᠨ ᠨᠡᠷᠡᠭᠰᠡᠨ ᠲᠡᠮᠡᠭᠢ ᠪᠠᠨ ᠣᠷᠢᠳᠡ ᠪᠠᠷ ᠠᠬᠠᠮᠠᠳ ᠳᠠᠭᠠᠨ ᠪᠠᠷᠢᠵᠣ ᠠᠮᠰᠠᠭᠤᠯᠳᠠᠭ ᠶᠣᠰᠣ ᠲᠠᠢ᠃ | ᠲᠠᠮᠠᠬᠢᠨ ᠲᠠᠭᠠᠷᠴᠤᠭ ᠢ ᠥᠩᠭᠡ ᠶᠢᠨ ᠲᠤᠷᠭ᠎ᠠ ᠪᠠᠷ ᠣᠶᠣᠵᠣ᠂ ᠬᠤᠷᠭᠤᠢ ᠲᠣᠣᠵᠨ ᠪᠠᠷ ᠬᠠᠯᠵᠠᠯᠠᠬᠤ ᠪᠣᠶᠣ | ᠵᠡᠬᠦᠣ ᠣᠷᠢᠶᠠᠨ ᠴᠡᠴᠡᠭ ᠨᠠᠪᠴᠢᠰ ᠬᠠᠳᠬᠤᠭᠰᠠᠨ ᠬᠠᠪᠳᠠᠭᠠᠢ ᠣᠷᠳᠣᠯᠵᠢᠨ ᠣᠭᠤᠳᠠ ᠪᠠᠶᠢᠳᠠᠭ᠃ ᠠᠮᠠᠰᠠᠷ ᠤᠨ | ᠭᠡᠰᠡᠭ ᠢ ᠨᠢ ᠲᠣᠯᠢ ᠬᠤᠮᠢᠵᠤ ᠨᠠᠷᠢᠰᠬᠠᠭᠠᠨ᠂ ᠣᠭ᠍ᠶᠣ᠂ ᠱᠢᠷᠣᠨ ᠰᠢᠬᠢᠳᠭᠡᠭᠡ ᠲᠠᠢ ᠬᠤᠣᠰ ᠮᠥᠩᠬᠦᠨ ᠪᠡᠯ ᠢᠶᠠᠷ | ᠬᠠᠪᠴᠢᠨ ᠣᠶᠣᠵᠤ᠂ ᠲᠡᠬᠦᠨ ᠠᠴᠠ ᠮᠥᠩᠬᠦᠨ ᠬᠢᠨᠵᠢ ᠲᠠᠢ ᠲᠤᠭᠰᠢᠭᠤᠷ ᠲᠤᠭᠤᠭ᠎ᠠ᠂ ᠳ᠋ᠠᠢ ᠶᠢᠨ ᠰᠡᠳᠭᠡᠬᠦᠷ | ᠬᠤᠯᠪᠣᠭᠠᠳ᠂ ᠵᠡᠬᠦᠨ ᠲᠠᠰᠢᠶᠠᠨ ᠳᠠᠭᠠᠨ ᠵᠡᠬᠦᠵᠤ ᠶᠠᠪᠣᠳᠠᠭ᠃ ᠴᠠᠬᠠᠷ ᠤᠨ ᠣᠳᠣᠮᠰᠢᠯ ᠳᠤ ᠭᠡᠣᠭᠡᠨᠴᠣᠳ ᠥᠪᠡᠷ | ᠤᠨ ᠲᠤᠭᠤᠭᠰᠠᠨ ᠵᠠᠯᠠᠭᠤ ᠳᠠᠭᠠᠨ ᠣᠷᠠᠯᠠᠨ ᠣᠶᠣᠭᠰᠠᠨ ᠲᠠᠮᠠᠬᠢᠨ ᠲᠠᠭᠠᠷᠴᠤᠭ ᠢᠶᠠᠨ ᠪᠡᠯᠡᠭᠯᠡᠵᠤ ᠬᠠᠶᠢᠷ᠎ᠠ | ᠰᠡᠳᠬᠢᠯᠭᠡ ᠪᠠᠨ ᠲᠠᠮᠵᠢᠭᠤᠯᠣᠨ ᠢᠯᠡᠳᠭᠡᠳᠡᠭ ᠪᠥᠭᠡᠳ ᠬᠤᠭᠤᠰᠣᠨ ᠰᠠᠪᠠ ᠪᠡᠯᠭᠡ ᠦᠭᠡᠢ ᠭᠡᠮᠡᠨ ᠲᠠᠭᠠᠷᠴᠤᠭ | ᠲᠠᠭᠠᠨ ᠲᠠᠮᠠᠬᠢ ᠬᠢᠬᠦ ᠪᠣᠶᠣ ᠬᠦᠵᠢ ᠬᠤᠭᠤᠯᠣᠨ ᠬᠢᠭᠡᠳ ᠬᠦᠷᠭᠡᠳᠡᠭ ᠵᠠᠩᠰᠢᠯ ᠲᠠᠢ᠃ | ᠡᠭᠡᠮᠥᠭ᠂ ᠪᠥᠭᠡᠵᠢ᠂ ᠰᠣᠨᠳᠣᠷ | ᠡᠭᠡᠮᠥᠭ᠂ ᠪᠥᠭᠡᠵᠢ᠂ ᠰᠣᠨᠳᠣᠷ ᠢ ᠴᠠᠬᠠᠷ ᠲᠤ ᠭᠤᠣᠯᠳᠠᠭᠤ ᠪᠦᠰᠡᠬᠦᠢ ᠬᠦᠮᠣᠨ ᠵᠡᠬᠦᠵᠣ ᠡᠳ᠋ᠯᠡᠨ᠎ᠠ᠃ | ᠪᠦᠰᠡᠳᠠᠶᠢᠴᠣᠳ ᠵᠡᠬᠦᠬᠦ ᠨᠢ ᠴᠥᠭᠡᠪᠳᠣᠷ᠃ ᠴᠠᠬᠠᠷ ᠤᠨ ᠦᠬᠢᠳ ᠪᠠᠭ᠎ᠠ ᠨᠠᠰᠣᠨ ᠠᠴᠠ ᠪᠠᠨ ᠴᠢᠬᠢ ᠪᠠᠨ | ᠴᠣᠭᠤᠯᠣᠨ᠂ ᠭᠡᠣᠭᠡᠨᠴᠣᠳ ᠭᠤᠣᠯᠳᠠᠭᠤ ᠰᠣᠪᠣᠳ ᠤᠨ ᠡᠭᠡᠮᠥᠭ ᠵᠡᠬᠦᠵᠣ᠂ ᠪᠡᠷᠢ ᠪᠣᠯᠣᠭᠰᠠᠨ ᠬᠤᠶᠢᠨ᠎ᠠ ᠠᠯᠳᠠ | ᠮᠥᠩᠬᠦᠨ ᠡᠭᠡᠮᠥᠭ ᠵᠡᠬᠦᠵᠤ ᠡᠳ᠋ᠯᠡᠳᠡᠭ ᠶᠣᠰᠣ ᠲᠠᠢ᠃ ᠰᠣᠪᠣᠳ ᠤᠨ ᠡᠭᠡᠮᠤᠭ᠌ ᠨᠢ ᠤᠭ᠍ᠶᠤ᠂ ᠱᠢᠷᠦᠨ ᠰᠢᠭᠡᠳᠭᠡᠭᠡ | ᠲᠠᠢ ᠮᠦᠩᠭᠦᠨ ᠲᠡᠭᠡᠭᠡ ᠶᠢᠨ ᠲᠤᠤᠷ᠎ᠠ ᠰᠤᠪᠤᠳ ᠤᠨ ᠬᠡᠯᠬᠢᠶ᠎ᠠ ᠪᠦᠭᠳᠤᠷᠢᠵᠦ ᠤᠨᠵᠢᠭᠤᠯᠬᠤ ᠪᠤᠶᠤ ᠰᠤᠪᠤᠳ ᠤᠨ | ᠬᠡᠯᠬᠢᠶ᠎ᠡ ᠳᠡᠭᠡᠨ ᠤᠭ᠍ᠶᠤ᠂ ᠱᠢᠷᠦᠨ ᠬᠦᠯ ᠬᠢᠵᠤ ᠤᠨᠵᠢᠭᠤᠯᠤᠭᠰᠠᠨ ᠴᠣ᠋ ᠪᠠᠶᠢᠳᠠᠭ᠃ ᠮᠦᠩᠭᠦᠨ ᠡᠭᠡᠮᠤᠭ᠌ ᠲᠤ | ᠭᠤᠤᠯᠳᠠᠭᠤ ᠤᠭ᠍ᠶᠤ᠂ ᠱᠢᠷᠦᠨ ᠰᠢᠬᠢᠳᠭᠡᠭᠡ ᠲᠠᠢ ᠬᠠᠪᠳᠠᠭᠠᠢ ᠭᠠᠷᠠᠬᠠᠨ ᠡᠭᠡᠮᠤᠭ᠌᠂ ᠬᠦᠯᠢᠭᠡᠷ ᠪᠦᠭᠡᠷᠡᠩᠭᠡᠢ ᠭᠠᠷᠠᠬᠠᠨ | ᠡᠭᠡᠮᠤᠭ᠌᠂ ᠤᠭ᠍ᠶᠤ᠂ ᠱᠢᠷᠦᠨ ᠰᠢᠬᠢᠳᠭᠡᠭᠡ ᠠᠴᠠ ᠲᠤᠪᠴᠢ ᠶᠢᠨ ᠴᠢᠨᠡᠭᠡ ᠮᠦᠩᠭᠦᠨ ᠪᠦᠮᠪᠦᠭᠡ ᠬᠤᠯᠪᠤᠵᠦ ᠬᠤᠷᠤᠬᠠᠢ | ᠱᠢᠷᠦ ᠪᠤᠶᠤ ᠰᠣᠪᠣᠳ ᠤᠨ ᠬᠡᠯᠬᠢᠶ᠎ᠡ ᠤᠨᠵᠢᠭᠤᠯᠤᠭᠰᠠᠨ ᠳ᠋ᠧᠩᠯᠣ ᠡᠭᠡᠮᠥᠭ ᠵᠡᠷᠭᠡ ᠪᠠᠶᠢᠳᠠᠭ᠃ ᠠᠯᠳᠠᠨ ᠡᠭᠡᠮᠥᠭ ᠨᠢ | ᠭᠤᠣᠯᠳᠠᠭᠤ ᠭᠠᠷᠠᠬᠠᠨ ᠡᠭᠡᠮᠥᠭ ᠪᠠᠶᠢᠳᠠᠭ᠃ ᠴᠥᠭᠡᠪᠣᠷᠢ ᠭᠠᠷᠠᠬᠠᠨ ᠡᠭᠡᠮᠥᠭ ᠳᠡᠭᠡᠨ ᠰᠣᠪᠣᠳ ᠢᠶᠠᠷ ᠬᠦᠯ ᠬᠢᠵᠤ | ᠣᠨᠵᠢᠭᠤᠯᠣᠭᠰᠠᠨ ᠴᠣ᠋ ᠪᠣᠢ᠃ ᠵᠠᠷᠢᠮ ᠪᠦᠰᠡᠳᠠᠶᠢᠴᠣᠳ ᠨᠢ ᠪᠠᠷᠴᠢᠳ ᠲᠣᠣᠬᠠᠷ ᠢ ᠵᠠᠶᠢᠯᠠᠭᠤᠯᠣᠨᠠ ᠭᠡᠮᠡᠨ | ᠥᠷᠤᠭᠡᠰᠣᠨ ᠴᠢᠬᠢᠨ ᠳᠡᠭᠡᠨ ᠭᠠᠷᠠᠬᠠᠨ ᠡᠭᠡᠮᠥᠭ ᠵᠡᠬᠦᠳᠡᠭ ᠴᠣ᠋ ᠪᠣᠢ᠃ | ᠪᠥᠭᠡᠵᠢ ᠨᠢ ᠭᠤᠣᠯᠳᠠᠭᠤ ᠠᠯᠳᠠ ᠮᠥᠩᠬᠦᠨ ᠪᠥᠭᠡᠵᠢ ᠪᠠᠶᠢᠳᠠᠭ᠃ ᠴᠠᠬᠠᠷ ᠲᠤ ᠡᠷᠡᠭᠳᠡᠢ ᠡᠮᠡᠭᠳᠡᠶᠢᠴᠣᠳ ᠪᠥᠷ | ᠪᠥᠭᠡᠵᠢ ᠵᠡᠬᠦᠵᠣ ᠪᠣᠯᠳᠠᠭ᠃ ᠠᠯᠳᠠᠨ ᠪᠥᠭᠡᠵᠢ ᠨᠢ ᠬᠦᠯᠢᠭᠡᠷ ᠪᠣᠶᠣ ᠬᠤᠣᠰ ᠭᠠᠷᠭᠠᠭᠰᠠᠨ ᠲᠠᠯ᠎ᠠ ᠪᠥᠭᠡᠷᠡᠩᠭᠡᠢ | ᠭᠡᠯᠪᠡᠷᠢ ᠲᠠᠢ ᠪᠠᠶᠢᠳᠠᠭ᠃ ᠮᠥᠩᠬᠦᠨ ᠪᠥᠭᠡᠵᠢ ᠨᠢ ᠰᠠᠶᠢᠯᠣᠮᠠᠯ ᠭᠡ ᠲᠠᠢ ᠪᠣᠶᠤ ᠬᠦᠭᠡᠭᠡᠮᠠᠯ ᠬᠤᠸᠠᠷ ᠲᠠᠢ᠂ ᠣᠭ᠍ᠶᠣ | ᠱᠢᠷᠣᠨ ᠰᠢᠬᠢᠳᠭᠡᠭᠡ ᠰᠠᠭᠤᠯᠭᠠᠭᠰᠠᠨ ᠪᠠᠶᠢᠳᠠᠭ᠃ ᠦᠬᠢᠳ ᠪᠡᠷᠢᠶᠡᠳ ᠢᠳᠡᠮ ᠬᠤᠷᠤᠭᠤᠨ ᠳᠠᠭᠠᠨ ᠵᠡᠬᠦᠬᠦ ᠪᠣᠶᠤ | ᠡᠷᠡᠭᠡᠢ᠂ ᠲᠣᠮᠳᠠ᠂ ᠰᠢᠭᠡᠵᠢ ᠬᠤᠷᠤᠭᠤᠨ ᠳᠠᠭᠠᠨ ᠬᠤᠣᠰᠯᠠᠭᠤᠯᠣᠨ ᠵᠡᠬᠦᠭᠰᠡᠨ ᠴᠣ᠋ ᠪᠠᠶᠢᠳᠠᠭ᠃ ᠪᠦᠰᠡᠳᠠᠶᠢᠴᠣᠳ | ᠵᠦᠪᠭᠡᠨ ᠢᠳᠡᠮ ᠬᠤᠷᠣᠭᠤᠨ ᠳᠠᠭᠠᠨ ᠲᠣᠮᠣᠬᠠᠨ ᠬᠢᠴᠨ ᠲᠠᠢ ᠠᠯᠳᠠᠨ ᠪᠥᠭᠡᠵᠢ ᠪᠣᠶᠣ ᠰᠢᠬᠢᠳᠭᠡᠭᠡ ᠰᠠᠭᠤᠯᠭᠠᠭᠰᠠᠨ | ᠮᠥᠩᠬᠦᠨ ᠪᠥᠭᠡᠵᠢ ᠵᠡᠬᠦᠳᠡᠭ᠃ ᠵᠠᠷᠢᠮ ᠨᠢ ᠡᠷᠡᠭᠡᠢ ᠬᠤᠷᠤᠭᠤᠨ ᠳᠠᠭᠠᠨ ᠵᠡᠬᠦᠳᠡᠭ ᠨᠢ ᠨᠣᠮᠣ ᠰᠣᠮᠣᠨ ᠤ | ᠡᠷᠡᠭᠡᠶᠢᠪᠴᠢ ᠵᠡᠬᠦᠳᠡᠭ ᠵᠠᠩᠰᠢᠯ ᠠᠴᠠ ᠢᠷᠡᠯᠳᠡ ᠲᠠᠢ᠃ | ᠰᠣᠨᠳᠣᠷ ᠨᠢ ᠱᠢᠷᠣ᠂ ᠰᠣᠪᠣᠳ ᠢ ᠮᠢᠨᠳᠠᠰᠣᠨ ᠣᠳᠠᠰᠣ ᠪᠠᠷ ᠭᠡᠯᠬᠢᠭᠰᠡᠨ᠂ ᠣᠭ᠍ᠶᠣ᠂ ᠱᠢᠷᠣᠨ ᠰᠢᠬᠢᠳᠭᠡᠭᠡ ᠲᠠᠢ | ᠵᠢᠵᠢᠭ ᠮᠥᠩᠬᠦᠨ ᠪᠠᠯ ᠢ ᠨᠠᠷᠢᠬᠠᠨ ᠮᠥᠩᠬᠦᠨ ᠬᠢᠨᠵᠢ ᠪᠠᠷ ᠬᠤᠯᠪᠣᠭᠰᠠᠨ ᠪᠠᠶᠢᠳᠠᠭ᠃ ᠭᠤᠣᠯᠳᠠᠭᠤ ᠭᠡᠣᠭᠡᠨᠴᠣᠳ | ᠬᠦᠵᠣᠬᠦᠨ ᠳᠡᠭᠡᠨ ᠵᠡᠬᠦᠳᠡᠭ᠃ ᠴᠠᠬᠠᠷ ᠲᠤ ᠭᠡᠣᠭᠡᠳ ᠢᠶᠠᠨ ᠪᠥᠭᠡᠵᠢᠬᠦᠯᠣᠨ ᠥᠰᠭᠡᠬᠦ ᠶᠢᠨ ᠲᠤᠰᠠᠳᠠ ᠮᠥᠩᠬᠦᠨ | ᠬᠢᠨᠵᠢ ᠲᠠᠢ ᠮᠥᠩᠬᠦᠨ ᠱᠠᠭ᠎ᠠ ᠪᠣᠶᠤ ᠣᠨᠢᠰᠣ ᠬᠦᠵᠣᠬᠦᠨ ᠳᠤ ᠨᠢ ᠵᠡᠬᠦᠯᠭᠡᠳᠡᠭ ᠪᠥᠭᠡᠳ ᠡᠷ᠎ᠡ ᠶᠢᠨ ᠴᠡᠭᠡᠯ ᠳᠤ | ᠬᠦᠷᠬᠦᠯᠡᠷ ᠨᠢ ᠭᠠᠢ ᠪᠠᠷᠴᠢᠳ ᠵᠠᠶᠢᠯᠠᠨ᠎ᠠ ᠭᠡᠮᠡᠨ ᠮᠥᠩᠬᠦᠨ ᠭᠤᠣ ᠲᠠᠢ ᠪᠣᠷᠬᠠᠨ ᠪᠣᠶᠤ ᠲᠡᠭᠷᠢ ᠶᠢᠨ ᠰᠣᠮᠣ ᠵᠡᠷᠭᠡ | ᠵᠡᠬᠦᠯᠭᠡᠳᠡᠭ ᠵᠠᠩᠰᠢᠯ ᠲᠠᠢ᠃ | ᠰᠢᠬᠠᠯᠭ᠎ᠠ᠂ ᠲᠠᠳᠠᠭᠤᠷ᠂ ᠰᠣᠶᠢᠭᠡ | ᠰᠢᠬᠠᠯᠭ᠎ᠠ᠂ ᠲᠠᠳᠠᠭᠤᠷ᠂ ᠰᠣᠶᠢᠭᠡ ᠨᠢ ᠭᠡᠣᠭᠡᠨ ᠮᠣᠷᠳᠠᠵᠤ ᠪᠡᠷᠢ ᠪᠣᠯᠣᠭᠰᠠᠨ ᠢ ᠪᠡᠯᠭᠡᠳᠡᠨ ᠬᠠᠷᠠᠭᠤᠯᠣᠭᠰᠠᠨ | ᠲᠣᠯᠣᠭᠠᠢ ᠶᠢᠨ ᠵᠡᠬᠦᠳᠡᠯ ᠪᠣᠯᠣᠨ᠎ᠠ᠃ ᠭᠡᠣᠭᠡᠨ ᠬᠦᠮᠣᠨ ᠠᠶᠢᠯ ᠳᠤ ᠮᠣᠷᠳᠠᠵᠤ ᠣᠴᠢᠭᠠᠳ ᠡᠩ ᠲᠡᠷᠢᠬᠦᠨ ᠳᠤ | ᠬᠦᠢᠴᠡᠳᠭᠡᠬᠦ ᠶᠣᠰᠣ ᠨᠢ ᠭᠡᠵᠢᠭᠡ ᠪᠠᠨ ᠬᠠᠭᠠᠯᠠᠭᠤᠯᠵᠤ ᠬᠦᠷᠤᠭᠡᠳ᠂ ᠰᠢᠬᠠᠯᠭ᠎ᠠ ᠵᠡᠬᠦᠬᠦ ᠶᠠᠪᠣᠳᠠᠯ ᠪᠠᠶᠢᠵᠠᠢ᠃ | ᠴᠠᠬᠠᠷ ᠮᠠᠶ᠋ᠢᠭ ᠤᠨ ᠰᠢᠬᠠᠯᠭ᠎ᠠ ᠨᠢ ᠨᠢᠭᠤᠷᠣᠨᠲ᠋ᠠᠯᠠ ᠳᠠᠭᠠᠨ ᠱᠢᠷᠣᠨ ᠰᠢᠬᠢᠳᠭᠡᠭᠡ ᠰᠠᠭᠤᠯᠭᠠᠨ ᠭᠡ ᠣᠭᠠᠯᠵᠨ | ᠰᠦᠯᠵᠢᠭᠰᠡᠨ ᠣᠷᠳᠦ ᠲᠦᠷᠪᠡᠯᠵᠢᠨ ᠭᠡᠯᠪᠡᠷᠢ ᠲᠠᠢ ᠬᠤᠣᠰ ᠮᠥᠩᠬᠦᠨ ᠲᠣᠭᠳᠣᠢ ᠪᠠᠶᠢᠳᠠᠭ᠃ ᠲᠠᠯ᠎ᠠ ᠠᠴᠠ ᠨᠢ | ᠨᠡᠭᠡᠭᠡᠵᠤ ᠬᠠᠭᠠᠬᠤ ᠨᠣᠭᠤᠰᠣ ᠲᠠᠢ ᠬᠢᠬᠦ ᠪᠣᠶᠤ ᠪᠢᠳᠡᠬᠦᠣ ᠭᠠᠩᠨᠠᠭᠰᠠᠨ ᠴᠣ᠋ ᠪᠣᠢ᠃ ᠪᠦᠰᠡᠬᠦᠶᠢᠴᠣᠣᠯ ᠬᠤᠶᠠᠷ ᠲᠡᠰᠢ | ᠬᠠᠭᠠᠯᠵᠤ ᠰᠠᠯᠭᠠᠭᠰᠠᠨ ᠦᠰᠣᠨ ᠤ ᠪᠠᠨ ᠣᠭ ᠲᠤ ᠰᠢᠬᠠᠯᠭ᠎ᠠ ᠪᠠᠨ ᠣᠭᠯᠠᠵᠤ ᠲᠣᠣᠷ᠎ᠠ ᠠᠴᠠ ᠨᠢ ᠰᠢᠬᠠᠭᠤᠷ | ᠢᠶᠠᠷ ᠰᠢᠬᠠᠭᠠᠳ᠂ ᠬᠤᠶᠠᠷ ᠰᠠᠯᠠᠭ᠎ᠠ ᠭᠡᠵᠢᠭᠡ ᠬᠦᠷᠣᠳᠡᠭ᠃ ᠬᠦᠷᠣᠮᠠᠯ ᠭᠡᠵᠢᠭᠡ ᠪᠠᠨ ᠰᠢᠬᠠᠭᠤᠷ ᠲᠠᠭᠠᠨ ᠣᠷᠢᠶᠠᠵᠤ | ᠦᠵᠣᠬᠦᠷ ᠢ ᠨᠢ ᠮᠥᠩᠬᠦᠨ ᠬᠠᠳᠬᠤᠭᠤᠷ ᠢᠶᠠᠷ ᠰᠢᠬᠠᠯᠭ᠎ᠠ ᠠᠴᠠ ᠪᠠᠨ ᠡᠯᠬᠦᠬᠦ ᠪᠣᠶᠤ ᠱᠢᠷᠣ ᠰᠣᠪᠣᠳ ᠢᠶᠠᠷ | ᠬᠠᠨᠠᠴᠢᠯᠠᠨ ᠭᠡᠯᠬᠢᠭᠰᠡᠨ ᠦᠰᠣᠨ ᠲᠣᠣᠷ ᠲᠠᠭᠠᠨ ᠬᠢᠵᠤ ᠣᠨᠵᠢᠭᠤᠯᠣᠭᠰᠠᠨ ᠪᠠᠶᠢᠳᠠᠭ᠃ | ᠲᠠᠳᠠᠭᠤᠷ ᠨᠢ ᠲᠣᠯᠣᠭᠠᠢ ᠶᠢᠨ ᠲᠣᠭᠤᠷᠢᠭ ᠤᠨ ᠭᠡᠮᠵᠢᠶ᠎ᠡ ᠪᠠᠷ ᠣᠶᠣᠭᠰᠠᠨ ᠢᠮᠠᠬᠤ ᠥᠷᠭᠡᠨ ᠬᠠᠷ᠎ᠠ ᠲᠤᠷᠭᠠᠨ | ᠴᠠᠭᠠᠷᠢᠭ ᠪᠠᠶᠢᠳᠠᠭ᠃ ᠬᠠᠳᠠᠮᠠᠯ ᠬᠢᠭᠡᠳ ᠮᠠᠩᠨᠠᠢ ᠶᠢᠨ ᠲᠤᠰᠢᠯᠢ᠂ ᠰᠢᠨ᠋ᠨ ᠶᠢᠨ ᠲᠠᠷᠣᠪᠴᠢ᠂ ᠬᠠᠴᠠᠷ ᠤᠨ | ᠣᠨᠵᠢᠯᠭ᠎ᠠ᠂ ᠰᠢᠯᠢ ᠲᠣᠣᠷ ᠵᠡᠷᠭᠡ ᠪᠠᠷ ᠪᠥᠷᠢᠯᠳᠣᠨᠠ᠃ ᠬᠠᠳᠠᠮᠠᠯ ᠨᠢ ᠪᠥᠰ ᠴᠠᠭᠠᠷᠢᠭ ᠲᠡᠭᠡᠷ᠎ᠡ ᠡᠩᠨᠡᠬᠦᠯᠣᠨ | ᠬᠠᠳᠠᠭᠰᠠᠨ ᠱᠢᠷᠣᠨ ᠰᠢᠬᠢᠳᠭᠡᠭᠡ ᠲᠠᠢ ᠠᠳᠠᠯᠢ ᠪᠣᠰᠣ ᠭᠡᠯᠪᠡᠷᠢ ᠶᠢᠨ ᠮᠥᠩᠬᠦᠨ ᠲᠣᠪᠬᠤᠭᠤᠷ ᠤᠳ ᠪᠠᠶᠢᠳᠠᠭ᠃ | ᠮᠠᠩᠨᠠᠢ ᠶᠢᠨ ᠭᠤᠣᠯ ᠳᠤ ᠬᠠᠳᠠᠭᠰᠠᠨ ᠲᠣᠮᠣᠬᠠᠨ ᠱᠢᠷᠣ ᠲᠠᠢ ᠵᠢᠷᠤᠭᠡᠨ ᠭᠡᠯᠪᠡᠷᠢ ᠶᠢᠨ ᠲᠣᠪᠬᠤᠭᠤᠷ ᠢ ︽ | ᠴᠢᠨᠳᠠᠮᠣᠨᠢ︾ ᠭᠡᠵᠤ᠂ ᠬᠤᠶᠠᠷ ᠲᠠᠯ᠎ᠠ ᠪᠠᠷ ᠨᠢ ᠨᠢᠭᠡᠨ ᠵᠢᠭᠳᠡ ᠱᠢᠷᠣ ᠲᠠᠢ ᠲᠤᠭᠤᠷᠢᠭ ᠲᠦᠷᠪᠡᠯᠵᠢᠨ ᠭᠡᠯᠪᠡᠷᠢ ᠶᠢᠨ | ᠲᠣᠪᠬᠤᠭᠤᠷ ᠤᠳ ᠢ ᠰᠣᠯᠪᠢᠴᠠᠭᠤᠯᠣᠨ ᠬᠠᠳᠠᠭᠰᠠᠨ ᠪᠠᠶᠢᠳᠠᠭ᠃ ᠴᠢᠨᠳᠠᠮᠣᠨᠢ ᠶᠢᠨ ᠲᠣᠭᠤᠣᠷ᠂ ᠲᠠᠳᠠᠭᠤᠷ ᠲᠠᠢ | ᠵᠠᠯᠭᠠᠯᠳᠣᠭᠰᠠᠨ ︽ᠮᠠᠩᠨᠠᠢ ᠶᠢᠨ ᠲᠣᠰᠢᠯᠢ︾ ᠭᠡᠵᠤ ᠱᠢᠷᠣᠨ ᠬᠦᠯ ᠲᠠᠢ ᠰᠣᠪᠣᠳ ᠤᠨ ᠣᠨᠵᠢᠯᠭ᠎ᠠ ᠨᠤᠭᠤᠳ ᠨᠢ | ᠶᠠᠭ ᠰᠠᠶᠢᠬᠠᠨ ᠮᠠᠩᠨᠠᠢ ᠶᠢᠨ ᠭᠡᠰᠡᠭ ᠢ ᠬᠠᠯᠬᠠᠯᠠᠭᠰᠠᠨ ᠪᠠᠶᠢᠳᠠᠭ᠃ ᠲᠤᠰᠢᠯᠢ ᠠᠴᠠ ᠠᠷᠣᠨᠰᠢ ᠬᠠᠳᠠᠮᠠᠯ ᠠᠴᠠ | ᠬᠤᠯᠪᠣᠭᠰᠠᠨ ᠱᠢᠷᠣᠨ ᠰᠢᠬᠢᠳᠭᠡᠭᠡ ᠲᠠᠢ ᠲᠠᠯ᠎ᠠ ᠰᠠᠷᠠᠨ ᠭᠡᠯᠪᠡᠷᠢ ᠶᠢᠨ ᠬᠤᠣᠰ ᠮᠥᠩᠬᠦᠨ ᠪᠡᠯ ᠢ ︽ᠰᠢᠨ᠋ᠨ ᠶᠢᠨ | ᠲᠠᠷᠣᠪᠴᠢ︾ ᠭᠡᠨ᠎ᠡ᠃ ᠲᠠᠷᠣᠪᠴᠢ ᠶᠢᠨ ᠲᠣᠣᠷ᠎ᠠ ᠲᠠᠯ᠎ᠠ ᠳᠠᠬᠢ ᠵᠢᠷᠭᠤᠭᠠᠨ ᠰᠠᠨᠵᠢ ᠠᠴᠠ ᠱᠢᠷᠣᠨ ᠬᠦᠯ ᠲᠠᠢ | ᠰᠣᠪᠣᠳ ᠤᠨ ᠣᠨᠵᠢᠯᠭ᠎ᠠ ᠪᠣᠶᠤ ᠣᠭ᠍ᠶᠣᠨ ᠬᠦᠯ ᠲᠠᠢ ᠱᠢᠷᠣᠨ ᠣᠨᠵᠢᠯᠭ᠎ᠠ ᠬᠤᠯᠪᠣᠭᠠᠳ᠂ ᠬᠠᠴᠠᠷ ᠬᠠᠯᠬᠠᠯᠠᠨ | ᠪᠠᠭᠤᠵᠤ ᠮᠥᠷᠣ ᠱᠦᠷᠬᠦᠭᠡᠯᠴᠡᠭᠰᠡᠨ ᠢ ᠨᠢ ︽ᠬᠠᠴᠠᠷ ᠤᠨ ᠣᠨᠵᠢᠯᠭ᠎ᠠ︾ ᠭᠡᠳᠡᠭ᠃ ᠴᠢᠬᠢᠨ ᠠᠴᠠ ᠠᠷᠣᠨᠰᠢ | ᠲᠣᠬᠤᠨ ᠳᠠᠬᠢ ᠬᠠᠳᠠᠮᠠᠯ ᠠᠴᠠ ᠬᠤᠯᠪᠣᠭᠰᠠᠨ ᠢ ︽ᠰᠢᠯᠢ ᠲᠣᠣᠷ︾ ᠭᠡᠨ᠎ᠡ᠃ ᠲᠡᠬᠦᠨ ᠢ ᠬᠤᠷᠣᠬᠠᠢ ᠱᠢᠷᠣ ᠪᠠᠷ | ᠬᠠᠨᠠᠴᠢᠯᠠᠨ ᠭᠡᠯᠬᠢᠬᠦ ᠪᠣᠶᠤ ᠣᠭ᠍ᠶᠣ᠂ ᠣᠨᠳᠣᠷᠭ᠎ᠠ᠂ ᠲᠠᠨ᠎ᠠ ᠵᠡᠷᠭᠡ ᠶᠢ ᠠᠯᠠᠭᠯᠠᠭᠤᠯᠣᠨ ᠭᠡᠯᠬᠢᠭᠡᠳ᠂ ᠣᠨᠵᠢᠯᠭ᠎ᠠ | ᠶᠢᠨ ᠬᠦᠯ ᠨᠢ ᠪᠣᠰᠣᠳ ᠣᠨᠵᠢᠯᠭ᠎ᠠ ᠠᠴᠠ ᠪᠠᠨ ᠲᠣᠮᠣ ᠪᠠᠶᠢᠳᠠᠭ᠃ ᠰᠢᠯᠢ ᠲᠣᠣᠷ ᠨᠢ ᠪᠠᠷᠤᠭ ᠲᠣᠯᠤᠭ᠎ᠠ ᠨᠠᠢᠮᠠᠨ | ᠢᠮᠠᠬᠤ ᠥᠷᠭᠡᠨ᠂ ᠲᠤᠬᠤᠢ ᠢᠯᠡᠬᠦᠣ ᠣᠷᠳᠦ ᠲᠣᠯᠨ ᠰᠢᠯᠢ ᠬᠦᠵᠣᠬᠦᠣ ᠶᠢ ᠪᠥᠷᠬᠦᠨ ᠪᠠᠭᠤᠭᠠᠳ᠂ ᠲᠠᠯᠣ ᠨᠢᠷᠣᠭᠤ | ᠲᠠᠭᠠᠣ ᠣᠨᠵᠢᠯᠴᠠᠳᠠᠭ ᠠᠵᠠᠢ᠃ | ᠴᠠᠬᠠᠷ ᠮᠠᠶ᠋ᠢᠭ ᠤᠨ ᠰᠣᠶᠢᠭᠡ ᠨᠢ ᠲᠠᠩᠨᠡᠬᠦᠷᠭᠡ ᠭᠡᠯᠬᠢᠶᠡᠷᠢ᠂ ᠬᠤᠯᠪᠣᠭ᠎ᠠ᠂ ᠬᠠᠨᠳᠠᠷᠭᠠ ᠵᠡᠷᠭᠡ ᠪᠠᠷ ᠪᠥᠷᠢᠯᠳᠣᠨᠠ᠃ | ᠵᠣᠯᠠᠢ ᠠᠴᠠ ᠬᠤᠶᠠᠷ ᠴᠢᠬᠢ ᠶᠢ ᠲᠠᠷᠣᠨ ᠪᠠᠭᠤᠵᠤ᠂ ᠡᠭᠡᠮ ᠴᠡᠭᠡᠵᠢ ᠶᠢ ᠴᠢᠮᠡᠭᠰᠡᠨ ᠪᠠᠶᠢᠳᠠᠭ᠃ ᠵᠣᠯᠠᠢ ᠲᠡᠭᠡᠷ᠎ᠡ | ᠪᠠᠨ ᠲᠡᠩᠨᠡᠬᠦᠯᠣᠨ᠂ ᠲᠠᠯᠪᠢᠬᠤ ᠳᠤ ᠵᠣᠷᠢᠭᠤᠯᠣᠭᠰᠠᠨ ᠣᠭ᠍ᠶᠣ ᠱᠢᠷᠣ᠂ ᠰᠣᠪᠣᠳ ᠤᠨ ᠬᠠᠳᠠᠮᠠᠯ ᠲᠠᠢ ᠢᠮᠠᠬᠤ | ᠥᠷᠭᠡᠨ ᠬᠠᠷ᠎ᠠ ᠲᠤᠷᠭᠠᠨ ᠪᠥᠴᠨ ᠶᠢ ︽ᠰᠣᠶᠢᠭᠡᠨ ᠲᠡᠩᠨᠡᠬᠦᠷᠭᠡ︾ ᠭᠡᠵᠤ᠂ ᠪᠥᠴᠡᠨ ᠤ ᠬᠤᠶᠠᠷ ᠦᠵᠣᠬᠦᠷ ᠲᠠᠬᠢ | ᠰᠠᠨᠵᠢ ᠠᠴᠠ ᠡᠯᠬᠦᠵᠣ ᠬᠤᠯᠪᠣᠭᠰᠠᠨ᠂ ᠬᠤᠭᠤᠷᠣᠨᠳᠦ ᠪᠠᠨ ᠲᠠᠩᠭᠡᠯᠢᠭ ᠭᠡᠰᠢᠬᠦᠣ ᠲᠠᠢ ᠮᠥᠩᠬᠦᠨ ᠨᠣᠭᠤᠰᠣ | ᠨᠤᠭᠤᠳ ᠢ ︽ᠰᠣᠶᠢᠭᠡᠨ ᠭᠡᠯᠬᠢᠶᠡᠷᠢ︾ ᠭᠡᠳᠡᠭ᠃ ᠨᠢᠭᠡ ᠲᠠᠯ᠎ᠠ ᠶᠢᠨ ᠭᠡᠯᠬᠢᠶᠡᠷᠢ ᠳᠤ ᠭᠤᠷᠪᠠ ᠠᠴᠠ ᠲᠠᠪᠣᠨ | ᠨᠣᠭᠤᠰᠣ ᠲᠠᠢ᠃ ᠲᠡᠭᠡᠷ᠎ᠡ ᠠᠴᠠ ᠲᠤᠷᠤᠭᠰᠢ ᠲᠣᠮᠣᠷᠠᠳᠠᠭ ᠪᠥᠭᠡᠳ ᠬᠠᠮᠤᠭ ᠲᠡᠭᠡᠷ᠎ᠡ ᠨᠢ ᠲᠠᠯ᠎ᠠ ᠲᠤᠭᠤᠢ ᠭᠡᠯᠪᠡᠷᠢ | ᠲᠠᠢ ᠨᠣᠭᠤᠰᠣ ᠪᠠᠶᠢᠳᠠᠭ᠃ ᠨᠡᠷᠨ ᠰᠠᠷᠠᠨ ᠭᠡᠯᠪᠡᠷᠢ ᠶᠢᠨ ᠬᠤᠶᠠᠷ ᠱᠢᠷᠣᠨ ᠰᠢᠬᠢᠳᠭᠡᠭᠡ ᠰᠠᠭᠤᠯᠭᠠᠨ᠂ ᠲᠡᠬᠦᠨ | ᠠᠴᠠ ᠲᠤᠷᠤᠭᠰᠢ ᠪᠦᠷ ᠨᠢᠵᠡᠭᠡᠳ ᠰᠢᠬᠢᠳᠭᠡᠭᠡ ᠲᠠᠢ ᠲᠦᠷᠪᠡᠯᠵᠢᠨ ᠨᠣᠭᠤᠰᠣ ᠪᠠᠶᠢᠳᠠᠭ᠃ ᠱᠢᠷᠣ ᠨᠢ ᠬᠠᠷᠢᠨ | ᠨᠢᠭᠡᠨ ᠠᠴᠠ ᠨᠢᠭᠡ ᠲᠣᠮᠣᠷᠠᠭᠤᠨ ᠪᠣᠯᠳᠠᠭ᠃ ᠬᠠᠮᠤᠭ ᠤᠨ ᠲᠣᠣᠷᠠᠬᠢ ᠲᠣᠮᠣ ᠨᠣᠭᠤᠰᠣ ᠶᠢ ︽ᠰᠣᠶᠢᠭᠡᠨ ᠮᠥᠷᠣ︾ | ᠭᠡᠨ᠎ᠡ᠃ ᠲᠡᠬᠦᠨ ᠠᠴᠠ ᠮᠥᠩᠬᠦᠨ ᠬᠠᠮᠬ᠎ᠠ ᠲᠢ ᠱᠢᠷᠣᠨ ᠬᠦᠯ ᠣᠨᠵᠢᠭᠰᠠᠨ ᠪᠠᠶᠢᠳᠠᠭ᠃ ᠣᠷᠳᠦ ᠪᠣᠭᠤᠨᠢ ᠨᠢ | ᠠᠳᠠᠯᠢ ᠦᠭᠡᠢ ᠭᠤᠷᠪᠠᠨ ᠰᠠᠯᠠᠭ᠎ᠠ ᠱᠢᠷᠣ᠂ ᠰᠣᠪᠣᠳ ᠤᠨ ᠭᠡᠯᠬᠢᠶ᠎ᠡ ᠶᠢᠨ ᠬᠤᠶᠠᠷ ᠦᠵᠣᠬᠦᠷ ᠢ ᠰᠣᠶᠢᠭᠡᠨ ᠮᠥᠷᠣ | ᠳᠤ ᠡᠯᠬᠦᠨ᠂ ᠲᠤᠷᠤᠭᠰᠢ ᠨᠣᠮᠣᠨ ᠭᠡᠯᠪᠡᠷᠢᠳᠠᠢ ᠬᠦᠨᠳᠣᠷᠣᠨ ᠪᠠᠭᠤᠯᠭᠠᠭᠰᠠᠨ ᠢ ︽ᠰᠣᠶᠢᠭᠡᠨ ᠬᠤᠯᠪᠣᠭ᠎ᠠ︾ ᠭᠡᠨ᠎ᠡ᠃ | ᠬᠤᠯᠪᠣᠭ᠎ᠠ ᠶᠢᠨ ᠰᠠᠯᠠᠭ᠎ᠠ ᠪᠦᠷᠢ ᠶᠢᠨ ᠭᠤᠣᠯ ᠲᠣᠮᠳᠠ ᠲᠣᠮᠣᠬᠠᠨ ᠪᠥᠮᠪᠣᠷᠭᠡᠨ ᠣᠭ᠍ᠶᠣ ᠱᠢᠷᠣ ᠰᠦᠪᠡᠯᠡᠭᠡᠳ ︽ | ᠰᠣᠶᠢᠭᠡᠨ ᠵᠢᠩᠰᠨ︾ ᠭᠡᠵᠤ ᠨᠡᠷᠡᠯᠡᠳᠡᠭ᠃ ᠬᠦᠳᠡᠯᠵᠤ ᠪᠥᠬᠦᠶᠢᠬᠦ ᠦᠶ᠎ᠡ ᠳᠤ ᠰᠣᠶᠢᠭᠡᠨ ᠬᠤᠶᠠᠷ ᠭᠡᠯᠬᠢᠶᠡᠷᠢ ᠨᠢ | ᠭᠠᠩᠬᠤᠵᠤ ᠰᠠᠵᠢᠯᠠᠬᠤ ᠶᠢ ᠪᠣᠯᠭᠤᠮᠵᠢᠯᠠᠨ᠂ ᠱᠢᠷᠣ᠂ ᠰᠣᠪᠣᠳ ᠤᠨ ᠭᠡᠯᠬᠢᠶ᠎ᠡ ᠪᠣᠶᠤ ᠨᠠᠷᠢᠨ ᠮᠥᠩᠬᠦᠨ ᠬᠢᠨᠵᠢ ᠶᠢ | ᠰᠣᠶᠢᠭᠡᠨ ᠮᠥᠷᠣ ᠠᠴᠠ ᠬᠤᠯᠪᠣᠵᠤ᠂ ᠬᠦᠵᠣᠬᠦᠨ ᠳᠡᠭᠡᠨ ᠰᠣᠶᠢᠳᠠᠭ᠃ ᠡᠬᠦᠨ ᠢ ︽ᠰᠣᠶᠢᠭᠡᠨ ᠬᠠᠨᠳᠠᠷᠭᠠ︾ | ᠭᠡᠨ᠎ᠠ᠃ ᠰᠣᠶᠢᠭᠡ ᠲᠠᠳᠠᠭᠤᠷ ᠨᠢ ᠬᠤᠪᠣᠷ ᠡᠷᠳᠡᠨᠢ ᠶᠢᠨ ᠵᠣᠶᠢᠯᠡᠰ ᠢᠶᠠᠷ ᠪᠥᠷᠢᠯᠳᠦᠭᠰᠡᠨ ᠬᠦᠨᠳᠦ ᠨᠦᠰᠡᠷ ᠵᠡᠬᠦᠳᠡᠯ | ᠪᠣᠯᠬᠤᠷ ᠬᠠᠶᠢᠷᠠᠯᠠᠵᠤ ᠬᠢᠮᠠᠭᠠᠳᠠᠬᠤ ᠴᠢᠬᠤᠯᠨ ᠲᠠᠢ ᠪᠥᠭᠡᠳ ᠭᠡᠷ ᠭᠠᠳᠠᠨ᠎ᠠ ᠶᠢᠨ ᠠᠵᠢᠯ ᠳᠤ ᠲᠦᠬᠦᠮ ᠦᠭᠡᠢ | ᠪᠠᠶᠢᠳᠠᠭ ᠠᠴᠠ ᠵᠢᠯ ᠴᠠᠭᠠᠨ ᠰᠠᠷ᠎ᠠ᠂ ᠬᠤᠷᠢᠮ ᠨᠠᠶᠢᠷ ᠵᠡᠷᠭᠡ ᠬᠦᠨᠳᠦ ᠶᠣᠰᠣᠨ ᠤ ᠵᠠᠩ ᠣᠶᠢᠯᠨ ᠶᠢ ᠬᠦᠢᠴᠡᠳᠭᠡᠬᠦ | ᠳᠤ ᠰᠠᠶ᠋ᠢ ᠲᠣᠯᠣᠭᠠᠢ ᠶᠢᠨ ᠵᠡᠬᠦᠳᠡᠯ ᠢᠶᠠᠨ ᠪᠥᠷᠢᠨ ᠬᠦᠢᠴᠠᠳ ᠵᠡᠬᠦᠳᠡᠭ᠃ ᠶᠠᠷᠣ ᠶᠢᠨ ᠴᠠᠭ ᠨᠠᠷᠢᠨ ᠲᠠᠳᠠᠭᠤᠷ᠂ | ᠰᠢᠬᠠᠯᠭ᠎ᠠ ᠯᠨ ᠵᠡᠬᠦᠳᠡᠭ ᠪᠠᠶᠢᠵᠠᠢ᠃ ᠨᠠᠷᠢᠨ ᠲᠠᠳᠠᠭᠤᠷ ᠨᠢ ᠮᠠᠩᠨᠠᠢ ᠰᠢᠨ᠋ᠨ ᠶᠢ ᠲᠠᠷᠣᠬᠤ ᠭᠡᠮᠵᠢᠶ᠎ᠡ ᠲᠠᠢ ᠢᠮᠠᠬᠤ | ᠥᠷᠭᠡᠨ ᠬᠠᠷ᠎ᠠ ᠪᠥᠰ ᠲᠡᠭᠡᠷ᠎ᠡ ᠴᠥᠭᠡᠪᠣᠷᠢ ᠱᠢᠷᠣ ᠰᠣᠪᠣᠳ ᠬᠠᠳᠠᠭᠰᠠᠨ ᠪᠥᠴᠨ ᠶᠢ ᠣᠳᠠᠰᠣᠨ ᠣᠶᠠᠭ᠎ᠠ ᠪᠠᠷ | ᠲᠣᠯᠣᠭᠠᠢ ᠳᠠᠭᠠᠨ ᠵᠠᠩᠬᠢᠳᠳᠣᠳᠠᠭ᠃ | ᠡᠬᠦᠨ ᠠᠴᠠ ᠭᠠᠳᠠᠨ᠎ᠠ ᠪᠦᠰᠡᠬᠦᠶᠢᠴᠣᠳ ᠤᠨ ᠵᠡᠬᠦᠳᠡᠯ ᠵᠢᠮᠰᠡᠭ ᠲᠤ ᠡᠩᠭᠡᠷ ᠤᠨ ᠭᠤᠷᠪᠠᠨ ᠵᠡᠬᠦᠳᠡᠯ᠂ | ᠲᠠᠰᠢᠶᠠᠨ ᠤ ᠬᠤᠶᠠᠷ ᠪᠠᠯ᠂ ᠭᠠᠷ ᠤᠨ ᠪᠠᠭᠤᠪᠴᠢ ᠵᠡᠷᠭᠡ ᠪᠠᠶᠢᠳᠠᠭ᠃ ᠪᠦᠰᠡᠳᠠᠶᠢᠴᠣᠳ ᠤᠨ ᠡᠳ᠋ᠯᠡᠯ ᠴᠢᠮᠡᠭ ᠲᠤ | ᠠᠶᠠᠭᠠᠨ ᠣᠭᠤᠳᠠ᠂ ᠭᠤᠶᠠᠨ ᠲᠠᠷᠣᠪᠴᠢ᠂ ᠬᠢᠮᠰᠨ᠂ ᠰᠢᠬᠢᠵᠢᠯᠡᠬᠦᠷ ᠤᠨ ᠭᠡᠯᠬᠢᠶ᠎ᠡ ᠵᠡᠷᠭᠡ ᠪᠠᠶᠢᠳᠠᠭ᠃ ᠡᠳᠡᠭᠡᠷ | ᠡᠳ᠋ᠯᠡᠭᠡᠨ ᠤ ᠬᠢᠴᠨ᠂ ᠭᠡᠯᠪᠡᠷᠢ ᠶᠠᠩᠵᠤ᠂ ᠣᠷ᠎ᠠ ᠲᠠᠷᠬ᠎ᠠ ᠨᠢ ᠲᠡᠭᠡᠷ᠎ᠡ ᠲᠣᠷᠠᠳᠣᠭᠰᠠᠨ ᠵᠣᠶᠢᠯᠡᠰ ᠲᠠᠢ ᠠᠳᠠᠯᠢᠪᠳᠣᠷ | ᠲᠣᠯᠨ ᠠᠳᠡ ᠨᠠᠷᠢᠨ ᠲᠣᠭᠠᠴᠢᠬᠤ ᠦᠭᠡᠢ᠃ | ᠶᠡᠷᠣ ᠨᠢ ᠮᠣᠩᠭᠤᠯᠴᠣᠳ ᠪᠡᠶ᠎ᠡ ᠳᠡᠭᠡᠨ ᠠᠯᠳᠠ᠂ ᠮᠥᠩᠬᠦ᠂ ᠡᠷᠳᠡᠨᠢ ᠶᠢᠨ ᠴᠢᠯᠠᠭᠤ᠂ ᠬᠤᠪᠣᠷ ᠠᠮᠢᠳᠡᠨ ᠤ | ᠠᠷᠠᠰᠣ᠂ ᠲᠣᠷᠭ᠎ᠠ ᠮᠠᠩᠨᠤᠭ ᠡᠳ᠋ᠯᠡᠵᠤ ᠶᠠᠪᠣᠬᠤ ᠪᠠᠷ ᠪᠠᠷᠠᠬᠤ ᠦᠭᠡᠢ ᠮᠠᠯ ᠣᠨᠤᠭ᠎ᠠ ᠪᠠᠨ ᠬᠦᠷᠳᠡᠯ᠎ᠡ ᠮᠥᠩᠬᠦᠨ | ᠵᠢᠮᠰᠡᠭ᠂ ᠲᠤᠷᠭ᠎ᠠ ᠲᠣᠷᠳᠣᠩ ᠢᠶᠠᠷ ᠴᠢᠮᠡᠵᠤ ᠭᠤᠶᠣᠯᠠᠳᠠᠭ ᠢᠶᠠᠷ ᠢᠶᠠᠨ ᠲᠡᠯᠡᠭᠡᠢ ᠲᠠᠶᠠᠩ ᠳᠤ ᠭᠠᠶᠢᠬᠠᠳᠠᠵᠤ | ᠪᠢᠰᠢᠷᠡᠭᠳᠡᠨ᠂ ᠲᠡᠣᠭᠡ ᠬᠠᠭᠤᠴᠢ ᠶᠢ ᠰᠢᠨᠵᠢᠯᠡᠨ ᠰᠣᠳᠣᠯᠣᠭᠴᠢᠳ ᠤᠨ ᠣᠷᠮ᠎ᠠ ᠰᠣᠨᠢᠷᠬᠠᠯ ᠢ ᠲᠠᠳᠠᠭᠰᠠᠭᠠᠷ | ᠪᠠᠶᠢᠨ᠎ᠠ᠃ | ᠡᠰᠢᠯᠡᠭᠰᠡᠨ ᠨᠣᠮ᠄ | ᠰᠠᠮᠫᠠᠯᠳᠣᠩᠷᠣᠪ ᠤᠨ ︽ᠴᠠᠬᠠᠷ ᠤᠨ ᠰᠣᠶᠣᠯ ᠲᠡᠣᠭᠡ ᠶᠢᠨ ᠰᠢᠵᠢᠷ ᠬᠠᠭᠤᠳᠠᠰᠣ︾ ︵ᠥᠪᠣᠷ ᠮᠣᠩᠭᠤᠯ ᠤᠨ | ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠭᠡᠪᠯᠡᠯ ᠤᠨ ᠬᠤᠷᠢᠶ᠎ᠠ᠂2008 ᠣᠨ ᠤ5 ᠰᠠᠷ᠎ᠠ︶ | ︽ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠰᠣᠶᠣᠯ ᠲᠡᠣᠭᠡ ᠶᠢᠨ ᠮᠠᠲ᠋ᠧᠷᠢᠶᠠᠯ︾ ︵ᠬᠤᠶᠠᠳᠣᠭᠠᠷ | ᠲᠣᠪᠬᠢᠮᠠᠯ︶᠂ ︵ᠲᠣᠳᠣᠭᠠᠳᠦ ᠬᠡᠪᠯᠡᠯ᠂ 1986 ᠣᠨ︶ |