ᠯᠤᠪᠰᠠᠩᠴᠦ᠋ᠯᠳᠦᠮ ᠶᠢᠨ  ᠪᠦᠳᠦᠭᠡᠯ ᠠᠴᠠ
ᠨᠡᠶᠢᠲᠡᠯᠡᠭᠰᠡᠨ ᠴᠠᠭ᠄
2020/7/9
 ᠦᠨᠳᠤᠷ ᠶᠡᠭᠡ ᠵᠡᠷᠭᠡ ᠶᠢ ᠬᠦᠰᠡᠬᠦ ᠶᠢ ᠢᠳᠬᠠᠬᠤ ᠶᠢᠨ ᠳᠠᠭᠤᠯᠠᠯ         — ᠯᠤᠪᠰᠠᠩᠴᠦ᠋ᠯᠳᠦᠮ ᠵᠤᠬᠢᠶᠠᠪᠠ ᠡᠭᠡᠨᠡᠭᠳᠡ ᠴᠢ ᠪᠠᠷ ᠦᠨᠡᠭᠡᠷ ᠨᠢᠭᠡᠨ ᠶᠡᠭᠡ ᠵᠡᠷᠭᠡ ᠶᠢ ᠤᠯᠰᠤᠭᠠᠢ ᠬᠡᠮᠡᠨ ᠬᠦᠰᠡᠪᠡᠰᠦ ᠡᠶᠡᠯᠳᠡᠭ ᠢᠶᠠᠷ ᠰᠠᠶᠢᠮᠰᠤᠷᠠᠨ ᠶᠤᠰᠤ ᠪᠠᠨ ᠵᠠᠰᠠᠬᠤ ᠪᠠ ᠬᠠᠭᠤᠷᠠᠵᠦ ᠮᠡᠭᠡᠯᠡᠬᠦ ᠳᠡᠷᠢᠬᠦᠳᠡᠨ ᠬᠠᠭᠤᠷᠮᠠᠭ ᠠᠷᠭ᠎ᠠ ᠶᠢ ᠳᠡᠪᠴᠢᠭᠡᠳ ᠡᠳᠦᠷ ᠪᠦᠷᠢ ᠰᠤᠳᠤᠷ ᠦᠵᠡᠬᠦ ᠪᠠ ᠠᠮᠠᠨ ᠤ ᠤᠡᠭᠰᠢᠯᠭ᠎ᠠ ᠪᠤᠶᠠᠨ ᠤ ᠪᠠᠷᠢᠯᠳᠤᠯᠭ᠎ᠠ ᠶᠢᠨ ᠵᠦᠢᠯ ᠨᠦᠭᠦᠳ ᠢ ᠡᠭᠡᠨᠡᠭᠳᠡ ᠦᠷᠬᠦᠯᠵᠢᠳᠠ ᠦᠪᠡᠷ ᠴᠢᠳᠠᠯ ᠯᠤᠭ᠎ᠠ ᠪᠠᠨ ᠨᠡᠶᠢᠯᠡᠬᠦᠯᠵᠦ ᠰᠢᠮᠳᠠᠨ ᠦᠢᠯᠡᠳᠦᠭᠳᠦᠨ᠃ ᠦᠪᠡᠷ ᠤᠨ ᠪᠤᠶᠠᠨ ᠤ ᠴᠢᠭᠤᠯᠭᠠᠨ ᠪᠦᠷᠢᠳᠦᠭᠰᠡᠨ ᠤ ᠬᠦᠴᠦ ᠪᠠᠷ ᠦᠨᠡᠭᠡᠷ ᠳᠡᠭᠡᠳᠦ ᠰᠠᠶᠢᠨ ᠪᠯᠠᠮ᠎ᠠ ᠶᠢᠨ ᠬᠤᠳᠤᠭ ᠢ ᠤᠯᠬᠤ ᠪᠦᠭᠡᠳ ᠦᠵᠡᠭᠰᠡᠨ ᠡᠯᠡ ᠤᠯᠠᠨ ᠠᠷᠠᠳ ᠪᠠᠷ ᠦᠨᠡᠨ ᠢᠶᠠᠷ ᠠᠭᠴᠢ ᠬᠡᠮᠡᠨ ᠮᠡᠳᠡᠵᠦ ᠦᠪᠡᠰᠦᠪᠡᠨ ᠶᠠᠷᠢᠭ ᠲᠠᠭᠠᠨ ᠤᠯᠠᠨ᠎ᠠ ᠳᠠᠬᠢᠭᠳᠠᠬᠤ ᠶᠢᠨ ᠤᠷᠤᠨ ᠪᠤᠯᠬᠤ ᠪᠤᠯᠤᠶᠤ᠃ ᠰᠢᠳᠦᠭᠡᠨ ᠰᠦᠮ᠎ᠡ ᠬᠡᠶᠢᠳ ᠬᠤᠸᠠᠷᠠᠭ ᠯᠤᠭ᠎ᠠ ᠰᠡᠯᠳᠡ ᠤᠯᠠᠨ᠎ᠠ ᠰᠢᠳᠤᠷᠭᠤ ᠪᠠᠷ ᠳᠤᠰᠠᠯᠠᠮᠤᠢ ᠬᠡᠮᠡᠭᠴᠢ ᠬᠡᠷᠬᠢᠮ ᠵᠡᠷᠭᠡ ᠳᠡᠬᠦᠨᠢ ᠰᠢᠮᠳᠠᠵᠦ ᠪᠤᠯᠢᠶᠠᠨ ᠠᠪᠤᠪᠠᠰᠤ ᠦᠯᠡᠮᠵᠢ ᠰᠠᠶᠢᠨ ᠬᠡᠮᠡᠭᠴᠢ ᠳᠡᠬᠦᠨᠢ ᠰᠢᠷ᠎ᠠ ᠰᠢᠪᠠᠭᠤᠨ ᠤ ᠢᠨᠢᠶᠠᠳᠤ ᠯᠤᠭ᠎ᠠ ᠠᠳᠠᠯᠢ ᠮᠠᠭᠤ ᠢᠷᠸ᠎ᠠ ᠬᠡᠮᠡᠨ ᠰᠠᠨᠠᠭᠳᠠᠬᠤᠨ᠃ ᠪᠠᠯᠮᠠᠳ ᠳᠡᠨᠡᠭ ᠤᠳ ᠤᠨ ᠨᠢᠳᠤᠨ᠎ᠠ ᠦᠵᠡᠪᠡᠰᠦ ᠦᠵᠡᠰᠬᠦᠯᠠᠩ ᠲᠠᠢ ᠪᠦᠭᠡᠳ ᠪᠠᠰᠠ ᠬᠦ ᠰᠤᠨᠤᠰᠪᠠᠰᠤ ᠢᠷᠠᠭᠤ ᠮᠡᠳᠦ ᠶᠢᠨ ᠰᠢᠷᠡᠭᠡ ᠳᠡᠪᠢᠰᠭᠡᠷ ᠳᠡᠷᠡ ᠠᠨᠤ ᠪᠠᠶᠢᠭᠰᠠᠭᠠᠷ ᠳᠠᠷᠤᠢ ᠲᠠᠭᠠᠨ ᠦᠪᠡᠷ ᠤᠨ ᠡᠷᠭᠡ ᠠᠴᠠ ᠬᠠᠭᠠᠴᠠᠭᠠᠳ ᠪᠠᠭᠤᠷᠠᠵᠦ ᠠᠯᠤᠰ ᠲᠠᠭᠠᠨ ᠭᠠᠵᠠᠷ ᠳᠤᠤᠷ᠎ᠠ ᠤᠨᠠᠬᠤ ᠶᠢᠨ ᠰᠢᠯᠳᠠᠭᠠᠨ ᠪᠤᠢ᠃ ᠶᠡᠷᠤ ᠤᠯᠠᠨ ᠠᠷᠠᠳ ᠯᠤᠭ᠎ᠠ ᠳᠠᠰᠤᠯᠴᠠᠨ ᠬᠠᠨᠢᠯᠠᠨ ᠦᠭᠡᠬᠦᠶ᠎ᠠ ᠶᠡᠷᠤ ᠤᠯᠠᠨ ᠤ ᠦᠢᠯᠡ ᠶᠢ ᠦᠢᠯᠡᠳᠦᠨ ᠦᠯᠦ ᠴᠢᠳᠠᠬᠤ ᠪᠦᠭᠡᠳ ᠶᠡᠷᠤ ᠬᠡᠷᠪᠡ ᠤᠯᠠᠨ ᠯᠤᠭ᠎ᠠ ᠵᠤᠬᠢᠯᠳᠤᠨ ᠤᠳᠬᠤ ᠶᠢ ᠦᠢᠯᠡᠳᠪᠡᠰᠦ ᠶᠡᠷᠤ ᠨᠤᠮ ᠠᠴᠠ ᠠᠯᠭᠠᠰᠠᠯ ᠦᠭᠡᠢ ᠶᠠᠪᠤᠬᠤ ᠠᠨᠤ ᠨᠡᠩ ᠮᠠᠰᠢ ᠪᠡᠷᠭᠡ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号