ᠶᠡᠭᠡ ᠰᠤᠷᠭᠠᠭᠤᠯᠢ ᠳᠤ ᠨᠡᠷ᠎ᠡ ᠮᠡᠳᠡᠭᠦᠯᠬᠦ ᠳᠤ ᠪᠠᠨ ᠡᠳᠡᠭᠡᠷ ᠤᠨᠠᠭᠤᠯᠢ ᠠᠴᠠ ᠰᠡᠷᠭᠡᠶᠢᠯᠡᠭᠡᠷᠡᠢ
ᠨᠡᠶᠢᠲᠡᠯᠡᠭᠰᠡᠨ ᠴᠠᠭ᠄
2020/8/21
ᠮᠡᠳᠡᠭᠦᠯᠬᠦ ᠬᠡᠷᠡᠭᠲᠡᠶ᠃ ︵ᠰᠤᠷᠪᠤᠯᠵᠢᠯᠡᠭᠴᠦ ᠵᠠᠩ ᠼᠦᠩ︶
  ︽ᠣᠨᠴᠠᠭᠠᠶ ᠣᠷᠣᠨ ᠲᠤᠭ᠎ᠠ︾ ᠭᠡᠲᠡᠭ ᠢ ᠪᠢᠲᠡᠬᠢ ᠦᠨᠡᠮᠰᠢ        【ᠬᠡᠷᠡᠭ ᠤᠨ ᠵᠢᠱᠢᠶ᠎ᠡ】ᠵᠠᠩ ᠣᠪᠣᠭᠲᠤ
ᠶᠠᠮᠠᠷ ᠨᠢᠭᠡᠨ  ᠲᠣᠬᠢᠶᠠᠯᠳᠤᠯ ᠢᠶᠠᠷ  ᠯᠢ  ᠣᠪᠣᠭᠲᠤ ᠲᠠᠢ  ᠲᠠᠨᠢᠯᠴᠠᠭᠠᠳᠲᠡᠭᠦᠨ ᠳᠤ ᠥᠪᠡᠷ ᠤᠨ ᠬᠡᠤᠬᠡᠳ ᠤᠨ ᠢᠶᠠᠨ
 ᠳᠡᠭᠡᠳᠦ  ᠰᠤᠷᠭᠠᠭᠤᠯᠢ ᠳᠤ  ᠰᠢᠯᠭᠠᠭᠤᠯᠬᠤ  ᠲᠤᠬᠠᠶ  ᠳᠤᠷᠠᠳᠤᠭᠰᠠᠨ ᠳᠤ᠂  ᠯᠢᠣᠪᠣᠭᠲᠤ ᠥᠪᠡᠷ ᠢ ᠪᠠᠨ
ᠤᠯᠤᠰ ᠤᠨ ᠨᠢᠭᠡᠨ ᠶᠠᠮᠤᠨ ᠵᠥᠪᠯᠡᠯ ᠳᠤ ᠠᠵᠢᠯᠯᠠᠵᠤ ᠥᠩᠭᠡᠷᠡᠭᠰᠡᠨ᠂ ᠲᠡᠷᠡ ᠮᠥᠷᠲᠡᠭᠡᠨ ᠨᠢᠭᠡᠨ ᠶᠡᠭᠡᠳᠡᠭᠡᠳᠦ
ᠰᠤᠷᠭᠠᠭᠤᠯᠢ ᠳᠤ ᠲᠠᠨᠢᠯ ᠬᠥᠮᠦᠨ ᠲᠠᠢ᠂ ᠲᠣᠰ ᠳᠡᠭᠡᠳᠦ ᠰᠤᠷᠭᠠᠭᠤᠯᠢ ᠶᠢᠨ ᠰᠤᠷᠤᠭᠴᠢ  ᠡᠯᠰᠡᠬᠦ  ︽ᠣᠨᠴᠠᠭᠠᠶ  
ᠣᠷᠣᠨᠲᠤᠭ᠎ᠠ︾ ᠶᠢ ᠣᠯᠵᠤ ᠲᠠᠶᠢᠯᠤᠨ᠎ᠠ ᠭᠡᠵᠦ ᠬᠤᠳᠠᠯ ᠶᠠᠷᠢᠵᠠᠢ᠃ ᠯᠢ ᠣᠪᠣᠭᠲᠤ 40 ᠲᠦᠮᠡᠨ ᠲᠥᠭᠦᠷᠢᠭ  
ᠵᠠᠷᠤᠴᠠᠭᠤᠯᠪᠠᠯ  ᠳᠠᠷᠤᠢ︽ᠤᠨᠴᠠᠭᠠᠢ ᠣᠷᠣᠨ ᠲᠤᠭ᠎ᠠ︾ ᠶᠢ ᠣᠯᠵᠤ ᠪᠣᠯᠤᠨ᠎ᠠ ᠭᠡᠵᠦ ᠬᠡᠯᠡᠭᠰᠡᠨ ᠪᠥᠭᠡᠳ ︽ᠬᠡᠷᠡᠭ
ᠪᠦᠲᠦᠬᠦ  ᠦᠭᠡᠢ  ᠪᠣᠯ  ᠮᠦᠩᠭᠦ ᠶᠢᠴᠢᠨᠢ ᠲᠡᠷᠡ ᠶᠣᠰᠣᠭᠠᠷ ᠨᠢ ᠪᠤᠴᠠᠭᠠᠨ᠎ᠠ︾  ᠭᠡᠵᠡᠢ᠃  ᠵᠠᠩ  ᠣᠪᠣᠭᠲᠤ  
ᠦᠨᠡᠮᠰᠢᠭᠡᠳ  ᠯᠢ  ᠣᠪᠣᠭᠲᠤ ᠳᠤ  40  ᠲᠦᠮᠡᠨᠲᠥᠭᠦᠷᠢᠭ ᠤᠨ  ᠵᠣᠭᠤᠰ  ᠰᠢᠯᠵᠢᠭᠦᠯᠦᠨ  ᠥᠭᠴᠡᠶ᠃  
ᠳᠠᠷᠠᠭ᠎ᠠ ᠨᠢ  ᠵᠠᠩ  ᠣᠪᠣᠭᠲᠤ ᠶᠢᠨ  ᠬᠡᠦᠬᠡᠳ ᠨᠢ  ᠶᠡᠭᠡ   ᠳᠡᠭᠡᠳᠦᠰᠤᠷᠭᠠᠭᠤᠯᠢ ᠳᠤ  ᠡᠯᠰᠡᠭᠳᠡᠭᠰᠡᠨ  
ᠮᠡᠳᠡᠭᠳᠡᠯ ᠤᠨ  ᠪᠢᠴᠢᠭ  ᠣᠯᠤᠭᠰᠠᠨ   ᠦᠭᠡᠢ   ᠪᠣᠯᠬᠤᠷ᠂   ᠵᠠᠩ   ᠣᠪᠣᠭᠲᠤ   ᠰᠠᠶ᠋ᠢᠮᠡᠬᠡᠯᠡᠭᠳᠡᠭᠰᠡᠨ ᠢᠶᠠᠨ
ᠮᠡᠳᠡᠭᠡᠳ ᠴᠠᠭᠳᠠᠭ᠎ᠠ ᠳᠤ ᠬᠡᠷᠡᠭ ᠮᠡᠳᠡᠭᠦᠯᠪᠡ᠃ ᠡᠴᠦᠰ ᠲᠡᠭᠡᠨ ᠯᠢ ᠣᠪᠣᠭᠲᠤ ᠬᠤᠳᠠᠯ ᠬᠡᠯᠡᠵᠦ ᠬᠠᠭᠤᠷᠤᠨᠮᠡᠬᠡᠯᠡᠭᠰᠡᠨ
ᠶᠠᠯ᠎ᠠ ᠪᠠᠷ ᠬᠤᠶᠠᠷ ᠵᠢᠯ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠢ ᠬᠤᠷᠢᠬᠤ ᠪᠠᠷ ᠰᠢᠳᠬᠡᠭᠳᠡᠵᠡᠶ᠃        
【ᠬᠠᠥᠯᠢ  ᠶᠠᠷᠢᠬᠤ】᠄  ᠰᠢᠭᠦᠬᠦ  ᠲᠤᠰᠢᠶᠠᠯᠲᠠᠨ  ᠰᠠᠨᠠᠭᠤᠯᠤᠭᠰᠠᠨ   ᠨᠢ᠂  ᠣᠯᠠᠩᠬᠢ   ᠲᠣᠭᠠᠨ ᠤ  
ᠳᠡᠭᠡᠳᠦᠰᠤᠷᠭᠠᠭᠤᠯᠢ ᠳᠤ ᠰᠣᠷᠣᠭᠴᠢ ᠡᠯᠰᠡᠬᠦ ᠨᠢᠭᠡᠳᠦᠯᠲᠡᠶ ᠰᠢᠯᠭᠠᠯᠲᠠ ᠶᠢᠨ ᠰᠣᠷᠣᠭᠴᠢ ᠡᠯᠰᠡᠬᠦ ᠮᠡᠬᠡᠯᠡᠯ ᠤᠨ ᠡᠲᠡᠭᠡᠳ ᠴᠥᠮ ᠪᠡᠶ᠎ᠡ ᠶᠢᠨᠭᠠᠷᠤᠯ ᠢᠶᠠᠨ ᠬᠤᠳᠠᠯ ᠢᠶᠠᠷ ᠵᠣᠬᠢᠶᠠᠬᠤ ᠪᠤᠶᠤ  ᠴᠢᠳᠠᠪᠤᠷᠢ ᠪᠠᠨ  ᠶᠡᠬᠡᠰᠬᠡᠵᠦ᠂  ᠥᠪᠡᠷ ᠢ ᠪᠠᠨ  ᠪᠤᠶᠤ  ᠵᠠᠪᠰᠠᠷ ᠤᠨ  ᠬᠥᠮᠦᠰ ᠢ︽ᠴᠢᠳᠠᠪᠤᠷᠢᠲᠠᠨ︾ ᠪᠣᠯᠭᠠᠨ ᠬᠠᠭᠤᠷᠮᠠᠭᠯᠠᠳᠠᠭ᠂  ᠶᠡᠷᠦ ᠳᠡᠭᠡᠨ  ︽ᠨᠢᠭᠡᠴᠢ︾ ᠳᠠᠬᠢ  ᠪᠣᠳᠠᠲᠠᠶ  ᠲᠤᠰᠢᠶᠠᠯ ᠢᠶᠠᠨ  ᠵᠠᠳᠠᠷᠠᠭᠤᠯᠬᠤᠦᠭᠡᠢ᠂
ᠡᠰᠡᠬᠦᠯ᠎ᠡ ᠬᠢᠨᠠᠨ ᠬᠠᠷᠭᠤᠭᠤᠯᠬᠤ ᠶᠢᠨ ᠠᠷᠭ᠎ᠠ ᠦᠭᠡᠢ ᠲᠤᠰᠢᠶᠠᠯ ᠢ ᠵᠠᠳᠠᠷᠠᠭᠤᠯᠤᠨ ᠰᠣᠨᠣᠰᠬᠠᠵᠤ᠂ ᠨᠠᠶᠢᠳᠠᠭᠴᠢ  ᠪᠣᠯᠤᠨᠨᠠᠶᠢᠳᠠᠯᠭ᠎ᠠ ᠬᠦᠯᠢᠶᠡᠭᠴᠢ ᠪᠤᠶᠤ ᠵᠠᠪᠰᠠᠷ ᠤᠨ ᠬᠥᠮᠦᠨ ᠤ ᠬᠤᠭᠤᠷᠣᠨᠳᠣᠬᠢ ᠮᠡᠳᠡᠭᠡ ᠵᠠᠩᠭᠢ ᠶᠢᠨ ᠲᠡᠭᠰᠢ ᠬᠡᠮ  ᠦᠭᠡᠢ  ᠪᠠᠶᠢᠳᠠᠯ ᠢᠠᠰᠢᠭᠯᠠᠨ ᠮᠡᠬᠡᠯᠡᠯ ᠶᠠᠪᠤᠭᠤᠯᠳᠠᠭ᠃        ᠶᠠᠯᠠᠲᠤ ᠡᠲᠡᠭᠡᠳ ᠦᠷᠭᠦᠯᠵᠢ  ︽ᠳᠣᠲᠣᠭᠠᠳᠤ ᠳᠠᠭᠠᠨ  ᠰᠤᠷᠤᠭᠴᠢ  ᠡᠯᠰᠡᠬᠦ︾  ︽ᠣᠨᠴᠠᠭᠠᠢ  ᠣᠷᠣᠨ  ᠲᠤᠭ᠎ᠠ︾︽ᠨᠥᠬᠦᠵᠦ ᠡᠯᠰᠡᠬᠦ︾ ᠵᠡᠷᠭᠡ ᠮᠡᠬᠡᠯᠡᠯ ᠢ ᠠᠰᠢᠭᠯᠠᠵᠤ᠂ ᠲᠤᠬᠠᠶᠢᠯᠠᠪᠠᠯ ᠵᠠᠷᠢᠮ ᠶᠡᠭᠡ ᠳᠡᠭᠡᠳᠦ ᠰᠤᠷᠭᠠᠭᠤᠯᠢ  ᠣᠷᠣᠨ  ᠲᠤᠭ᠎ᠠ ᠪᠠᠨᠳᠦᠭᠦᠷᠲᠡᠯ᠎ᠡ ᠡᠯᠰᠡᠭᠰᠡᠨ ᠥᠬᠡᠶ᠂ ᠮᠦᠩᠭᠦ ᠵᠠᠷᠤᠬᠤ ᠪᠠᠷ ᠳᠡᠮᠵᠢᠨ  ᠰᠢᠯᠭᠠᠭᠤᠯᠤᠭᠴᠢ ᠳᠤ  ᠣᠨᠴᠠᠭᠠᠶ  ᠣᠷᠣᠨ  ᠲᠤᠭ᠎ᠠ  ᠪᠤᠶᠤᠨᠥᠬᠦᠨ ᠡᠯᠰᠡᠬᠦ ᠣᠷᠣᠨ ᠲᠤᠭ᠎ᠠ ᠣᠯᠭᠤᠵᠤ ᠪᠣᠯᠤᠨ᠎ᠠ ᠭᠡᠵᠦ ᠮᠡᠬᠡᠯᠡᠳᠡᠭ᠃ ᠦᠨᠡᠨ ᠳᠡᠭᠡᠨ ᠳᠡᠭᠡᠳᠦ ᠰᠤᠷᠭᠠᠭᠤᠯᠢ ᠳᠤ ᠰᠣᠷᠣᠭᠴᠢᠡᠯᠰᠡᠬᠦ ᠨᠢᠭᠡᠳᠦᠯᠲᠡᠶ ᠰᠢᠯᠭᠠᠯᠲᠠ ᠶᠢᠨ ᠰᠣᠷᠣᠭᠴᠢ  ᠡᠯᠰᠡᠬᠦ  ᠰᠢᠰᠲ᠋ᠧᠮ ᠳᠤ  ᠪᠥᠬᠦ  ᠤᠯᠤᠰ ᠤᠨ  ᠨᠢᠭᠡᠳᠦᠯᠲᠡᠶ  ᠭᠡᠷᠡᠴᠢᠯᠡᠯ ᠤᠨᠨᠢᠭᠤᠴᠠᠯᠠᠬᠤ
ᠰᠢᠰᠲ᠋ᠧᠮ ᠪᠠ ᠬᠢᠨᠠᠯᠲᠠ ᠲᠠᠯᠪᠢᠬᠤ ᠲᠣᠭᠲᠠᠴᠠ ᠪᠠᠶᠢᠨ᠎ᠠ᠂ ᠵᠣᠭᠤᠰ ᠵᠠᠷᠤᠪᠠᠯ ᠰᠠᠶᠢᠨ ᠶᠡᠭᠡ ᠰᠤᠷᠭᠠᠭᠤᠯᠢ᠂  ᠰᠠᠶᠢᠨᠲᠤᠰᠬᠠᠶ ᠮᠡᠷᠭᠡᠵᠢᠯ ᠰᠠᠶᠢᠨ ᠪᠤᠶᠤ ᠬᠤᠪᠢ ᠬᠦᠷᠦᠯᠴᠡᠬᠦ ᠥᠬᠡᠶ ᠴᠦ ᠶᠡᠭᠡ ᠰᠤᠷᠭᠠᠭᠤᠯᠢ ᠳᠤ ᠣᠷᠣᠵᠤ ᠪᠣᠯᠤᠨ᠎ᠠ ᠭᠡᠬᠦ  ᠮᠡᠲᠦ   ᠨᠢᠪᠦᠷ ᠬᠥᠮᠦᠨ ᠢ ᠮᠡᠬᠡᠯᠡᠬᠦ ᠠᠷᠭ᠎ᠠ ᠪᠠᠰᠢᠷ ᠮᠦᠨ᠃        ︽ᠬᠠᠮᠲᠤᠷᠠᠨ ᠰᠤᠷᠭᠠᠭᠤᠯᠢ ᠡᠷᠬᠢᠯᠡᠬᠦ︾  ᠭᠡᠲᠡᠭ ᠢ ᠢᠯᠭᠠᠨ ᠲᠤᠲᠤᠯᠠ        【ᠬᠡᠷᠡᠭ ᠤᠨ ᠵᠢᠱᠢᠶ᠎ᠡ】᠄ ᠰᠢᠶᠧ ᠣᠪᠣᠭᠲᠤ ᠶᠢᠨ ᠡᠷᠬᠢᠯᠡᠭᠰᠡᠨ ᠰᠤᠷᠭᠠᠨ ᠬᠥᠮᠦᠵᠢᠯ ᠤᠨ  ᠪᠣᠯᠪᠠᠰᠤᠷᠠᠭᠤᠯᠤᠯ ᠤᠨᠪᠠᠶᠢᠭᠤᠯᠤᠮᠵᠢ  ᠤᠤᠯ   ᠨᠢ  ᠨᠢᠭᠡᠨ  ᠶᠡᠭᠡ  ᠳᠡᠭᠡᠳᠦ  ᠰᠤᠷᠭᠠᠭᠤᠯᠢ ᠲᠠᠢ  ᠬᠠᠮᠲᠤᠷᠠᠨ  ᠪᠣᠯᠪᠠᠰᠤᠷᠠᠯ ᠤᠨ  ᠠᠩᠭᠢ   ᠡᠷᠬᠢᠯᠡᠵᠦᠥᠩᠭᠡᠷᠡᠵᠡᠢ᠂ ᠲᠡᠭᠦᠨ ᠤ ᠰᠤᠷᠤᠭᠴᠢᠳ ᠨᠢ ᠰᠤᠷᠭᠠᠭᠤᠯᠢ ᠶᠢᠨ  ᠬᠦᠷᠢᠶᠡᠨ ᠳᠤ  ᠣᠷᠣᠵᠤ  ᠬᠢᠴᠢᠶᠡᠯ  ᠰᠣᠨᠣᠰᠴᠤ  ᠪᠣᠯᠤᠨ᠎ᠠ᠃ᠰᠢᠶᠧ ᠣᠪᠣᠭᠲᠤ ᠲᠡᠭᠦᠨ ᠢ ᠬᠠᠪᠰᠤᠷᠤᠨ ᠨᠢᠭᠡ ᠰᠤᠷᠤᠭᠴᠢ  ᠡᠯᠰᠡᠪᠡᠯ  5000  ᠲᠥᠭᠦᠷᠢᠭ  ᠬᠠᠷᠠᠮᠵᠢ  ᠥᠭᠬᠦ ᠪᠠᠷ  ᠰᠢᠩᠣᠪᠣᠭᠲᠤ ᠶᠢ ᠡᠷᠢᠵᠦ ᠬᠠᠪᠰᠤᠷᠠᠭᠤᠯᠤᠨ ᠰᠤᠷᠤᠭᠴᠢ
ᠡᠯᠰᠡᠭᠦᠯᠪᠡ᠃ ᠰᠢᠩ ᠣᠪᠣᠭᠲᠤ  ᠲᠤᠰ  ᠬᠡᠷᠡᠭ ᠲᠤ  ︽ᠬᠤᠳᠠᠯᠳᠤᠭᠠᠨ ᠤᠲᠣᠬᠢᠶᠠᠯ︾ ᠶᠡᠭᠡ ᠪᠠᠶᠢᠬᠤ ᠶᠢ ᠦᠵᠡᠭᠡᠳ᠂ ᠦᠪᠡᠷ ᠢ ᠪᠠᠨ  ᠲᠣᠰ  ᠶᠡᠭᠡ  ᠳᠡᠭᠡᠳᠦ  ᠰᠤᠷᠭᠠᠭᠤᠯᠢ ᠶᠢᠨ  ᠳᠡᠳ᠋  ᠵᠠᠬᠢᠷᠤᠯ ᠤᠨᠲᠤᠰᠠᠯᠠᠭᠴᠢ ᠮᠥᠨ᠂ ᠳᠡᠭᠡᠳᠦ ᠰᠤᠷᠭᠠᠭᠤᠯᠢ ᠳᠤ ᠰᠢᠯᠭᠠᠭᠤᠯᠤᠭᠴᠢ ᠶᠢ ᠬᠠᠪᠰᠤᠷᠤᠨ ᠲᠤᠰ  ᠰᠤᠷᠭᠠᠭᠤᠯᠢ ᠳᠤ  ᠣᠷᠤᠭᠤᠯᠬᠤ ᠶᠢᠨᠬᠠᠮᠲᠤ ᠵᠢᠩᠬᠢᠨᠢ ᠰᠤᠷᠤᠯᠭ᠎ᠠ ᠶᠢᠨ ᠨᠠᠮᠲᠠᠷ ᠪᠠ ᠡᠷᠳᠡᠮ ᠤᠨ  ᠴᠣᠯᠠ  ᠣᠯᠭᠤᠵᠤ  ᠴᠢᠳᠠᠨ᠎ᠠ  ᠭᠡᠵᠦ  ᠭᠠᠲᠠᠬᠰᠢ   ᠪᠠᠨ  ᠬᠤᠳᠠᠯᠶᠠᠷᠢᠵᠠᠢ᠃ ᠪᠠᠢ ᠣᠪᠣᠭᠲᠤ ᠳᠡᠭᠡᠳᠦ ᠰᠤᠷᠭᠠᠭᠤᠯᠢ ᠳᠤ ᠰᠤᠷᠤᠭᠴᠢ ᠡᠯᠰᠡᠬᠦ  ᠰᠢᠯᠭᠠᠯᠲᠠ ᠶᠢᠨ  ᠬᠢᠷᠢ  ᠪᠦᠲᠦᠮᠵᠢ ᠨᠢ  ᠬᠠᠩᠭᠠᠮᠵᠢᠦᠭᠡᠢ ᠪᠣᠯᠬᠤᠷ ᠰᠢᠩ ᠣᠪᠣᠭᠲᠤ ᠳᠤ 30 ᠲᠦᠮᠡᠨ ᠲᠥᠭᠦᠷᠢᠭ ᠤᠨ ᠲᠠᠯᠠᠷᠬᠠᠯ ᠤᠨ  ᠮᠥᠩᠭᠦ  ᠥᠭᠪᠡ᠃  ᠰᠡᠭᠦᠯᠡᠷ ᠨᠢ  ᠪᠠᠶᠣᠪᠣᠭᠲᠤ ᠲᠤᠰ ᠳᠡᠭᠡᠳᠦ ᠰᠤᠷᠭᠠᠭᠤᠯᠢ ᠶᠢᠨ ︽ᠰᠤᠷᠤᠭᠴᠢ ᠡᠯᠰᠡᠬᠦ ᠮᠡᠳᠡᠭᠳᠡᠯ ᠤᠨ  ᠪᠢᠴᠢᠭ︾ ᠢ  ᠣᠯᠣᠭᠰᠠᠨ  ᠪᠣᠯᠪᠠᠴᠤ᠂  4ᠵᠢᠯ ᠤᠨ ᠳᠠᠷᠠᠭ᠎ᠠ ᠲᠣᠭᠲᠠᠭᠰᠠᠨ ᠴᠠᠭ ᠲᠠᠭᠠᠨ ᠲᠡᠭᠦᠰᠬᠦ ᠦᠨᠡᠮᠯᠡᠯ ᠪᠠ ᠡᠷᠳᠡᠮ ᠤᠨ  ᠴᠣᠯᠠ ᠶᠢᠨ  
ᠦᠨᠡᠮᠯᠡᠯ ᠢᠶᠠᠨ  ᠣᠯᠤᠭᠰᠠᠨᠦᠭᠡᠢ᠂ ᠰᠤᠷᠭᠠᠭᠤᠯᠢ ᠶᠢᠨ ᠬᠠᠷᠢᠶ᠎ᠠ ᠨᠢ ᠴᠦ ᠲᠤᠰ ᠳᠡᠭᠡᠳᠦ ᠰᠤᠷᠭᠠᠭᠤᠯᠢ ᠳᠤ ᠪᠠᠶᠢᠬᠤ ᠦᠭᠡᠢ ᠶᠢ ᠣᠯᠵᠤ ᠮᠡᠳᠡᠪᠡ᠂ ᠢᠩᠭᠢᠭᠡᠳᠲᠡᠷᠡ ᠰᠠᠶ᠋ᠢ ᠴᠠᠭᠳᠠᠭ᠎ᠠ ᠳᠤ ᠮᠡᠳᠡᠭᠦᠯᠵᠡᠶ᠃ ᠤᠤᠯ ᠨᠢ ᠰᠢᠩ ᠣᠪᠣᠭᠲᠤ ᠡᠶᠢᠮᠦᠷᠬᠦᠦ  ᠬᠡᠯᠪᠡᠷᠢ ᠪᠠᠷ  7  ᠬᠥᠮᠦᠨ ᠢ  ᠮᠡᠬᠡᠯᠡᠵᠦᠨᠡᠶᠢᠲᠡ 220 ᠲᠦᠮᠡᠨ ᠲᠥᠭᠦᠷᠢᠭ ᠮᠡᠬᠡᠯᠡᠭᠰᠡᠨ ᠪᠠᠶᠢᠨ᠎ᠠ᠃ ᠡᠴᠦᠰ ᠲᠡᠭᠡᠨ ᠰᠢᠩ ᠣᠪᠣᠭᠲᠤ ᠮᠡᠬᠡᠯᠡᠭᠰᠡᠨ  ᠶᠠᠯ᠎ᠠ ᠪᠠᠷ  ᠠᠷᠪᠠᠨᠵᠢᠯ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠢ ᠬᠤᠷᠢᠬᠤ ᠪᠠᠷ ᠰᠢᠳᠬᠡᠭᠳᠡᠪᠡ᠃        【ᠬᠠᠥᠯᠢ ᠶᠠᠷᠢᠬᠤ】᠄ ᠪᠣᠳᠠᠲᠤ ᠠᠮᠢᠳᠤᠷᠠᠯ ᠳᠤ᠂ ᠵᠠᠷᠢᠮ ᠪᠣᠯᠪᠠᠰᠤᠷᠠᠯ ᠤᠨ ᠪᠠᠶᠢᠭᠤᠯᠤᠮᠵᠢ ᠪᠣᠯᠤᠨ ᠶᠡᠭᠡ  ᠳᠡᠭᠡᠳᠦᠰᠤᠷᠭᠠᠭᠤᠯᠢ ᠶᠢᠨ ᠬᠤᠭᠤᠷᠣᠨᠳᠣ ᠵᠢᠭᠠᠨ ᠰᠤᠷᠭᠠᠯᠲᠠ ᠶᠢᠨ ᠲᠠᠯᠠᠪᠤᠷ ᠢ ᠵᠢᠭᠡᠯᠡᠨ ᠬᠡᠷᠡᠭᠯᠡᠬᠦ᠂ ᠰᠤᠷᠭᠠᠭᠤᠯᠢ ᠶᠢᠨ ᠬᠢᠴᠢᠶᠡᠯ ᠢ ᠰᠤᠯᠠᠰᠣᠨᠣᠰᠬᠤ ᠵᠡᠷᠭᠡ ᠬᠡᠯᠪᠡᠷᠢ ᠪᠠᠷ ᠳᠠᠮᠵᠢᠭᠤᠯᠤᠨ ᠳᠥᠭᠦᠮ ᠨᠥᠬᠦᠴᠡᠯ ᠪᠦᠷᠢᠯᠳᠦᠭᠦᠯᠵᠦ᠂ ᠳᠠᠬᠢᠨ ᠶᠡᠭᠡ ᠳᠡᠭᠡᠳᠦ  ᠰᠤᠷᠭᠠᠭᠤᠯᠢ ᠲᠠᠢ︽ᠬᠠᠮᠲᠤᠷᠠᠨ ᠰᠤᠷᠭᠠᠭᠤᠯᠢ ᠡᠷᠬᠢᠯᠡᠬᠦ︾ ᠨᠡᠷ᠎ᠡ ᠪᠠᠷ ᠵᠣᠷᠢᠭᠤᠳᠠ
ᠥᠰᠬᠡᠭᠡᠨ ᠲᠥᠰᠬᠡᠭᠡᠨ ᠲᠠᠢ᠂ ᠬᠤᠳᠠᠯ ᠬᠠᠭᠤᠷᠮᠠᠭ ᠤᠬᠠᠭᠤᠯᠭ᠎ᠠᠬᠢᠵᠦ᠂ ᠲᠡᠭᠦᠰᠬᠦ ᠦᠶ᠎ᠡ ᠳᠤ ᠠᠳᠠᠯᠢᠬᠠᠨ ᠡᠷᠳᠡᠮ ᠤᠨ ᠴᠣᠯᠠ ᠶᠢᠨ ᠦᠨᠡᠮᠯᠡᠯ᠂ ᠲᠡᠭᠦᠰᠬᠦ ᠦᠨᠡᠮᠯᠡᠯ ᠣᠯᠭᠤᠨ᠎ᠠ ᠭᠡᠵᠦ᠂  ᠬᠤᠣᠷᠠᠮᠰᠠᠭᠰᠠᠳ ᠲᠤ ᠬᠤᠳᠠᠯ ᠬᠠᠭᠤᠷᠮᠠᠭ ᠰᠣᠷᠣᠭᠴᠢ ᠡᠯᠰᠡᠬᠦ  ᠰᠠᠭᠤᠭᠳᠠᠴᠠ  ᠣᠯᠭᠤᠳᠠᠭ᠃  ᠡᠳᠡᠭᠡᠷ  ᠪᠣᠯ  ᠴᠥᠮ  ᠮᠡᠬᠡᠯᠡᠯ ᠳᠤᠬᠠᠪᠰᠤᠷᠤᠮᠵᠢ ᠪᠣᠯᠣᠭᠰᠠᠨ ᠠᠵᠢᠯᠯᠠᠭ᠎ᠠ ᠮᠥᠨ᠂ ᠴᠥᠮ ᠬᠠᠤᠯᠢ ᠪᠤᠰᠤ ᠪᠠᠷ ᠡᠵᠡᠮᠰᠢᠬᠦ ᠪᠠᠷ ᠵᠣᠷᠢᠯᠭ᠎ᠠ ᠪᠣᠯᠭᠠᠵᠤ ᠵᠣᠭᠤᠰ  ᠮᠥᠩᠭᠦᠮᠡᠬᠡᠯᠡᠨ ᠠᠪᠤᠭᠰᠠᠨ ᠶᠠᠪᠤᠳᠠᠯ ᠮᠥᠨ᠃ ᠰᠢᠯᠭᠠᠭᠤᠯᠤᠭᠴᠢ ᠪᠠ ᠭᠡᠷ ᠤᠨ ᠠᠬᠠᠮᠠᠳ ︽ᠬᠠᠮᠲᠤᠷᠠᠨ ᠰᠤᠷᠭᠠᠭᠤᠯᠢ ᠡᠷᠬᠢᠯᠡᠬᠦ︾ ᠰᠢᠨᠵᠢᠴᠢᠨᠠᠷ ᠢ ᠵᠢᠩᠬᠢᠨᠢ ᠠᠷᠭ᠎ᠠ ᠵᠠᠮ ᠢᠶᠠᠷ ᠣᠶᠢᠯᠠᠭᠠᠵᠤ᠂ ᠨᠥᠭᠦᠭᠡ ᠡᠲᠡᠭᠡᠳ ᠤᠨ ᠢᠶᠠᠨ ᠨᠢᠭᠡ ᠯᠡ ᠲᠠᠯ᠎ᠠ ᠶᠢᠨ  ᠶᠠᠷᠢᠶ᠎ᠠ ᠶᠢ  ᠠᠮᠠᠷᠬᠠᠨᠢᠲᠡᠭᠡᠵᠦ ᠪᠣᠯᠬᠤ ᠦᠭᠡᠢ᠂ ᠢᠷᠡᠯᠲᠡ ᠨᠢ ᠲᠣᠳᠣᠷᠬᠠᠢ ᠦᠭᠡᠢ ᠰᠤᠷᠭᠠᠭᠤᠯᠢ ᠳᠤ ᠡᠯᠰᠡᠬᠦ ᠮᠡᠳᠡᠭᠳᠡᠯ ᠤᠨ ᠪᠢᠴᠢᠭ ᠢ ᠣᠯᠤᠭᠰᠠᠨ ᠤᠳᠠᠷᠠᠭ᠎ᠠ ᠨᠠᠷᠢᠨ ᠬᠢᠨᠠᠮᠠᠭᠠᠶ ᠢᠯᠭᠠᠨ ᠲᠠᠨᠢᠵᠤ᠂ ᠮᠡᠬᠡᠯᠡᠭᠳᠡᠭᠰᠡᠨ ᠢ ᠪᠠᠨ  ᠣᠯᠵᠤ  ᠮᠡᠳᠡᠪᠡᠯ  ᠴᠠᠭ  ᠲᠤᠬᠠᠶ ᠳᠤᠨᠢ
 ᠴᠠᠭᠳᠠᠭ᠎ᠠ ᠳ᠋᠊
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号