ᠬᠤᠷᠠᠭ᠎ᠠ ᠲᠤᠭᠤᠯ ᠲᠤᠭᠯᠠᠯᠳᠤᠭᠰᠠᠨ ᠬᠦᠳᠡᠭᠡ ᠠᠶᠢᠯ ᠤᠨ ᠪᠠᠶᠠᠰᠤᠯ
ᠨᠡᠶᠢᠲᠡᠯᠡᠭᠰᠡᠨ ᠴᠠᠭ᠄
2021/2/26
    ᠬᠤᠷᠠᠭ᠎ᠠ ᠲᠤᠭᠤᠯ ᠲᠤᠭᠯᠠᠯᠳᠤᠭᠰᠠᠨ ᠬᠦᠳᠡᠭᠡ ᠠᠶᠢᠯ ᠤᠨ ᠪᠠᠶᠠᠰᠤᠯ     ᠴᠠᠭᠠᠨ ᠰᠠᠷ᠎ᠠ ᠶᠢᠨ ᠠᠷᠪᠠᠳ ᠢᠶᠠᠷ ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠪᠤᠯᠠᠭᠠᠨᠳᠤᠬᠤᠢ ᠰᠤᠮᠤᠨ ᠤ ᠲᠤᠯᠢᠨᠪᠤᠯᠠᠭ ᠭᠠᠴᠠᠭᠠᠨ ᠤ ᠮᠠᠯᠴᠢᠨ ᠵᠠᠯᠠᠭᠤ ᠪᠢᠯᠢᠭᠪᠡᠳᠦ ᠶᠢᠨ ᠬᠢᠨ ᠳᠤ ᠬᠦᠷᠬᠦ ᠳᠤ ᠪᠠᠷᠠᠭᠤᠨ ᠲᠠᠯ᠎ᠠ ᠶᠢᠨ ᠲᠤᠯᠠᠭᠠᠨ ᠫᠸᠡᠭ ᠤᠨ ᠡᠩᠬᠡᠷ ᠲᠤ ᠰᠢᠷ᠎ᠠ ᠠᠯᠠᠭ ᠵᠢᠷᠭᠤᠭᠠᠨ ᠲᠤᠭᠤᠯ ᠲᠤᠭᠯᠠᠵᠦ᠂ ᠵᠠᠬᠦᠨ ᠲᠠᠯ᠎ᠠ ᠶᠢᠨ ᠰᠠᠷᠠᠪᠴᠢᠨ ᠬᠠᠰᠢᠶᠠᠨ ᠳᠤ ᠵᠢᠰᠥᠮ ᠨᠢᠬᠡᠳᠡᠢ ᠬᠤᠷᠠᠭ᠎ᠠ ᠨᠤᠭᠤᠳ ᠲᠤᠭᠯᠠᠯᠳᠤᠵᠦ ᠬᠠᠷᠠᠭ᠎ᠠ ᠪᠠᠶᠠᠰᠬᠠᠵᠦ ᠠᠩᠬᠠᠷᠤᠯ ᠢ ᠲᠠᠳᠠᠨ᠎ᠠ᠃   ᠲᠦᠯ ᠮᠠᠯ᠂ ᠠᠮᠢᠳᠤᠷᠠᠯ ᠠᠬᠤᠢ ᠶᠢᠨ ᠬᠢᠨᠢ ᠲᠤᠬᠠᠢ ᠤᠶᠢᠯᠠᠭᠠᠬᠤ ᠳᠤ ᠪᠢᠯᠢᠭᠪᠡᠳᠦ᠄ ︽ᠤᠳᠤ ᠴᠦᠬᠡᠪᠤᠷ ᠬᠡᠳᠥᠨ ᠵᠤᠰᠠᠭ ᠲᠦᠯᠥᠬᠡ ᠯᠠ ᠦᠯᠡᠳᠡᠵᠦ ᠪᠠᠶᠢᠬᠤ ᠠᠴᠠ ᠬᠤᠨᠢ ᠦᠨᠳᠤᠰᠥᠨ ᠳᠤ ᠪᠠᠨ ᠬᠤᠷᠠᠭᠠᠯᠠᠵᠦ ᠪᠠᠷᠠᠭᠠᠳ ᠲᠦᠯ ᠪᠦᠷ ᠡᠪᠡᠰᠦ ᠪᠤᠷᠳᠤᠭ᠎ᠠ ᠳᠤ ᠤᠷᠤᠴᠢᠬᠠᠭᠰᠠᠨ᠃ ᠨᠢᠳᠤᠨᠤᠨ ᠤ 12 ᠰᠠᠷ᠎ᠠ ᠠᠴᠠ ᠥᠨᠥᠳᠥᠷ ᠪᠤᠯᠳᠠᠯ᠎ᠠ 6 ᠦᠨᠢᠶ᠎ᠡ ᠲᠤᠭᠤᠯᠯᠠᠭᠠᠳ ᠪᠠᠶᠢᠨ᠎ᠠ᠃ ᠨᠢᠳᠤᠨᠤᠨ ᠨᠠᠮᠤᠷ ᠮᠠᠨ ᠤ ᠬᠢ ᠡᠪᠥᠯᠵᠢᠬᠦᠯᠵᠦ ᠬᠠᠪᠤᠷᠵᠢᠭᠤᠯᠬᠤ ᠮᠠᠯ ᠲᠤᠮᠳᠠᠴᠢ ᠳᠤ 500 ᠺᠢᠯᠥᠭᠷᠠᠮ ᠡᠪᠡᠰᠦ᠂ 30 ᠺᠢᠯᠥᠭᠷᠠᠮ ᠪᠤᠷᠳᠤᠭ᠎ᠠ ᠪᠡᠯᠡᠳᠬᠡᠵᠦ᠂ ᠤᠳᠤ ᠶᠠᠭ ᠬᠠᠭᠠᠰᠯᠠᠵᠦ ᠪᠠᠶᠢᠨ᠎ᠠ᠃ ᠥᠡᠭᠬᠡᠷᠡᠬᠦ ᠡᠪᠥᠯ ᠴᠦ ᠪᠠᠰᠠ ᠮᠦᠨ ᠬᠡᠴᠡᠬᠦᠦ ᠬᠦᠢᠳᠡᠨ ᠴᠢᠩᠭ᠎ᠠ ᠡᠪᠥᠯ ᠥᠡᠭᠬᠡᠷᠡᠯ᠎ᠡ ᠰᠢᠤ᠃ ᠤᠤᠯ ᠢᠶᠠᠨ ᠪᠤᠳᠤᠪᠠᠯ ᠤᠳᠤ ᠴᠢᠨᠢ ᠪᠤᠷᠳᠤᠭ᠎ᠠ ᠡᠪᠡᠰᠦ᠂ ᠫᠸᠡᠭ ᠬᠤᠷᠤᠭ᠎ᠠ ᠬᠡᠳ ᠠᠯᠢ ᠴᠦ ᠲᠠᠯ᠎ᠠ ᠪᠠᠷ ᠪᠠᠷᠳᠠᠮ ᠪᠡᠯᠡᠳᠬᠡᠯ ᠲᠠᠢ ᠪᠤᠯᠴᠢᠬᠠᠭᠰᠠᠨ ᠪᠤᠯᠬᠤᠷ ᠪᠠᠭ᠎ᠠ ᠰᠠᠭ᠎ᠠ ᠵᠤᠳ ᠭᠠᠮᠰᠢᠭ ᠢ ᠲᠤᠭᠤᠬᠤ ᠴᠦ ᠦᠬᠡᠢ ᠲᠤᠭᠤᠯᠬᠤ ᠪᠤᠯᠪᠠ ᠃ ᠡᠨᠡ ᠵᠢᠯ ᠪᠠᠰᠠ ᠴᠦ ᠮᠠᠯ ᠠᠵᠦ ᠠᠬᠤᠢ ᠶᠢᠨ ᠡᠯᠪᠡᠭ ᠬᠤᠷᠢᠶᠠᠯᠳᠠ ᠤᠯᠬᠤ ᠵᠢᠯ ᠬᠡᠵᠦ ᠪᠠᠷᠳᠠᠮ ᠬᠡᠯᠡᠵᠦ ᠪᠤᠯᠤᠮᠠᠷ ᠪᠠᠶᠢᠨ᠎ᠠ︾ ᠬᠡᠵᠦ ᠨᠢᠷᠤᠭᠤ ᠬᠡᠳᠡᠬᠡᠷ᠂ ᠢᠨᠢᠶᠡᠳᠦ ᠪᠠᠶᠠᠰᠤᠯ ᠲᠠᠢ ᠶᠠᠷᠢᠨ᠎ᠠ ᠪᠢᠯᠡ᠃   ᠡᠳᠡᠨ ᠤ ᠬᠢᠨ ᠴᠦ ᠮᠦᠨ ᠲᠤᠯᠢᠨᠪᠤᠯᠠᠭ ᠨᠤᠳᠤᠭ ᠲᠤ ᠪᠠᠨ ᠠᠵᠢᠯᠴᠢ ᠬᠦᠳᠡᠯᠮᠥᠷᠢᠴᠢ ᠠᠶᠢᠯ᠂ ᠡᠷᠡᠮᠡᠯᠵᠡᠯ ᠬᠦᠰᠡᠯ ᠲᠠᠢ ᠪᠠᠶᠠᠵᠢᠨ ᠴᠢᠨᠡᠭᠡᠯᠢᠭᠵᠢᠵᠤ ᠶᠠᠪᠤᠭ᠎ᠠ ᠡᠷᠥᠬᠡ ᠶᠢᠨ ᠨᠢᠬᠡ ᠶᠤᠮ᠃ ᠪᠢᠯᠢᠭᠪᠡᠳᠦ ᠬᠡᠷᠬᠡᠢ ᠮᠦᠡᠭᠬᠦᠨᠬᠤᠸᠠᠷ ᠲᠠᠢ ᠪᠠᠨ ᠬᠤᠶᠠᠭᠤᠯᠠ ᠠᠵᠢᠯ ᠬᠦᠳᠡᠯᠮᠥᠷᠢ ᠬᠡᠪᠡᠯ ᠠᠮᠢ ᠪᠠᠨ ᠴᠦᠯᠡᠨ ᠠᠵᠢᠯᠯᠠᠵᠦ᠂ ᠠᠳᠤᠭᠤ ᠮᠠᠯ ᠢᠶᠠᠨ ᠬᠡᠪᠡᠯ ᠠᠯᠠᠭ ᠨᠢᠳᠤᠨ ᠤ ᠪᠠᠨ ᠴᠡᠴᠡᠬᠡᠢ ᠮᠡᠳᠦ ᠬᠠᠶᠢᠷᠠᠯᠠᠨ ᠠᠷᠠᠴᠢᠯᠠᠵᠦ᠂ ᠨᠠᠷᠠ ᠰᠠᠷᠠ ᠲᠠᠢ ᠵᠡᠷᠬᠡᠴᠡᠨ ᠨᠠᠷᠢᠨ ᠨᠢᠮᠪᠠᠢ ᠪᠤᠳᠤᠵᠦ ᠲᠦᠯᠥᠪᠯᠡᠨ ᠵᠤᠷᠢᠭ ᠰᠠᠮᠪᠠᠭ᠎ᠠ ᠲᠠᠢ ᠠᠵᠢᠯᠯᠠᠳᠠᠭ ᠠᠴᠠ ᠠᠵᠢᠯ ᠦᠢᠯᠡᠰ ᠨᠢ ᠤᠨ ᠤᠨ ᠦᠷ᠎ᠡ ᠪᠦᠳᠥᠮᠵᠢᠳᠡᠢ᠂ ᠠᠳᠤᠭᠤ ᠮᠠᠯ ᠨᠢ ᠵᠢᠯ ᠵᠢᠯ ᠥᠬᠡᠳᠡ ᠥᠰᠥᠯᠳᠡ ᠲᠠᠢ ᠪᠠᠶᠢᠳᠠᠭ᠃ ᠤᠳᠤ ᠡᠳᠡᠨ ᠤ ᠬᠢᠨ 230 ᠪᠤᠭ ᠮᠠᠯ᠂ 26 ᠪᠤᠳᠠ ᠮᠠᠯ ᠲᠠᠢ ᠪᠠᠶᠢᠵᠦ᠂ ᠵᠢᠯ ᠳᠤ ᠪᠠᠨ 100 ᠪᠤᠭ ᠮᠠᠯ᠂ ᠠᠷᠪᠠᠭᠠᠳ ᠪᠤᠳᠠ ᠮᠠᠯ ᠬᠤᠳᠠᠯᠳᠤᠳᠠᠭ ᠲᠤᠯᠠ ᠤᠶᠢᠷ᠎ᠠ ᠶᠢᠨ ᠵᠢᠯ ᠤᠨ ᠮᠠᠯᠵᠢᠯ ᠤᠨ ᠤᠷᠤᠯᠭ᠎ᠠ ᠨᠢ ᠳᠡᠭᠰᠢᠳᠭᠡᠭᠡᠳ 12 ᠲᠦᠮᠡᠨ ᠲᠦᠬᠦᠷᠢᠭ ᠲᠤ ᠬᠦᠷᠴᠦ ᠪᠠᠶᠢᠨ᠎ᠠ᠃ ᠬᠤᠶᠠᠷ ᠬᠡᠤᠬᠡᠨ ᠨᠢ ᠬᠤᠰᠢᠭᠤᠨ ᠤ ᠪᠠᠨ ᠮᠤᠩᠭᠤᠯ ᠲᠤᠮᠳᠠᠳᠦ ᠰᠤᠷᠭᠠᠭᠤᠯᠢ ᠶᠢᠨ ᠠᠩᠬ᠎ᠠ ᠨᠢᠬᠡ᠂ ᠮᠤᠩᠭᠤᠯ ᠴᠡᠴᠡᠷᠯᠢᠭ ᠤᠨ ᠶᠡᠭᠡ ᠠᠩᠬᠢ ᠳᠤ ᠰᠤᠷᠤᠯᠴᠠᠵᠦ᠂ ᠲᠦᠷᠪᠡᠨ ᠠᠮᠠ ᠪᠦᠯᠢ ᠶᠢᠨ ᠬᠦᠮᠥᠨ ᠪᠦᠷᠢ ᠶᠢᠨ ᠵᠢᠯ ᠤᠨ ᠲᠤᠮᠳᠠᠴᠢ ᠤᠷᠤᠯᠭ᠎ᠠ ᠨᠢ 1.8 ᠲᠦᠮᠡᠨ ᠲᠦᠬᠦᠷᠢᠭ ᠲᠤ ᠬᠦᠷᠴᠦ᠂ ᠴᠢᠷᠮᠠᠶᠢᠯᠭ᠎ᠠ ᠵᠢᠳᠬᠦᠯ ᠢᠶᠠᠷ ᠢᠶᠠᠨ ᠴᠢᠨᠡᠬᠡᠯᠢᠭ ᠠᠮᠢᠳᠤᠷᠠᠯ ᠢ ᠡᠳ᠋ᠯᠡᠵᠦ ᠬᠦᠰᠡᠯ ᠮᠦᠷᠥᠬᠡᠳᠥᠯ ᠢᠶᠠᠨ ᠲᠡᠷᠬᠡᠯᠰᠢᠬᠦᠯᠵᠦ ᠶᠠᠪᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号