ᠴᠠᠭᠠᠨ ᠪᠤᠭᠳᠠ ᠶᠢᠨ ᠴᠡᠷᠢᠭ ᠤᠨ ᠳᠠᠶᠢᠴᠢᠨ ᠪᠠᠶᠢᠯᠳᠤᠭᠴᠢ ᠡᠪᠦᠭᠡ ᠪᠠᠨ | ᠳᠤᠷᠠᠰᠬᠤᠢ | — ᠤ᠂ ᠤᠶᠤᠨᠪᠢᠯᠢᠭ᠌ | ᠪᠥᠬᠦ ᠤᠯᠤᠰ ᠳᠠᠶᠠᠭᠠᠷ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠪᠠᠨ ᠳᠤᠷᠠᠰᠬᠠᠨ ᠲᠡᠮᠳᠡᠭᠯᠡᠵᠦ ᠪᠠᠶᠢᠬᠤ | ᠡᠷᠡᠨ ᠳᠤ ᠨᠠᠮ ᠤᠨ ᠲᠡᠤᠬᠡ ᠰᠤᠶᠤᠯ ᠤᠨ ᠲᠤᠬᠠᠢ ᠰᠢᠰᠲ᠋ᠧᠮ ᠲᠠᠢ᠂ ᠰᠢᠮᠡᠲᠠᠢ ᠰᠤᠷᠤᠯᠴᠠᠨ ᠰᠠᠭᠤᠬᠤ ᠳᠤ ᠪᠤᠳᠤᠯ | ᠰᠡᠳᠬᠢᠯ ᠳᠤ ᠥᠷᠯᠥᠭ ᠨᠠᠮ ᠤᠨ ᠤᠳᠤᠷᠢᠳᠤᠯᠭ᠎ᠠ ᠳᠤᠤᠷ᠎ᠠ ᠥᠯᠥᠭᠡᠢ ᠨᠤᠲᠤᠭ ᠤᠨ ᠴᠢᠯᠦᠭᠡᠯᠡᠯᠲᠡ ᠶᠢᠨ ᠦᠢᠯᠡᠰ | ᠲᠤ ᠲᠡᠮᠡᠴᠡᠵᠦ ᠶᠠᠪᠤᠭᠰᠠᠨ ᠴᠠᠭᠠᠨ ᠪᠤᠭᠳᠠ ᠶᠢᠨ ᠴᠡᠷᠢᠭ ᠤᠨ ᠬᠤᠪᠢᠰᠬᠠᠯᠲᠤ ᠳᠠᠶᠢᠴᠢᠳ ᠤᠨ ᠪᠠᠭᠠᠲᠤᠷ ᠲᠤᠤᠯᠢᠰ | ᠡᠷᠬᠡ ᠦᠭᠡᠢ ᠳᠤᠷᠠᠰᠤᠭᠳᠠᠬᠤ ᠶᠤᠮ᠃ ᠬᠠᠳᠠᠨ ᠭᠡᠷ ᠲᠤ ᠪᠠᠨ ᠬᠡᠳᠦᠶᠢᠨ ᠬᠠᠷᠢᠭᠠᠳ ᠬᠠᠶᠢᠷᠠᠲᠤ ᠨᠥᠬᠦᠳ ᠲᠠᠢ ᠪᠠᠨ | ᠵᠤᠭᠤᠭ ᠢᠶᠠᠨ ᠳᠡᠯᠭᠡᠵᠦ ᠰᠠᠭᠤᠭ᠎ᠠ ᠡᠪᠦᠭᠡ ᠶᠢᠨ ᠮᠢᠨᠢ ᠳᠦᠷᠢ ᠴᠤ ᠪᠠᠶᠢᠨ ᠪᠠᠶᠢᠨ ᠲᠤᠳᠤᠷᠠᠭᠠᠳ ᠪᠠᠶᠢᠬᠤ ᠶᠤᠮ᠃ | 1981 ᠤᠨ ᠤ ᠵᠤᠨ ᠨᠠᠮ᠎ᠠ ᠶᠢ ᠳᠣᠯᠣᠭᠠᠨ ᠨᠠᠰᠤ ᠲᠠᠢ ᠪᠠᠷᠢᠭᠠᠳᠠ ᠶᠢᠨ ᠰᠤᠷᠭᠠᠭᠤᠯᠢ ᠶᠢᠨ ᠨᠢᠭᠡᠳᠦᠭᠡᠷ ᠤᠨ ᠳᠤ | ᠰᠤᠷᠤᠯᠴᠠᠵᠤ ᠪᠠᠶᠢᠭᠰᠠᠨ ᠦᠶ᠎ᠡ ᠡᠪᠦᠭᠡ ᠮᠢᠨᠢ ᠨᠠᠰᠤ ᠪᠠᠷᠠᠭᠰᠠᠨ ᠪᠢᠯᠡ᠃ ᠶᠠᠭ ᠰᠠᠶᠢᠬᠠᠨ ᠬᠢᠴᠢᠶᠡᠯ ᠤᠷᠤᠵᠤ ᠪᠠᠶᠢᠬᠤ | ᠳᠤ ᠮᠠᠨ ᠤ ᠬᠤᠲᠠᠨ ᠤ ᠪᠦᠷᠢᠨ ᠭᠡᠭᠴᠢ ᠵᠠᠯᠠᠭᠤ ᠳᠤᠭᠤᠢ ᠲᠠᠢ ᠲᠠᠪᠬᠢᠭᠤᠯᠤᠨ ᠢᠷᠡᠵᠦ ᠪᠠᠭᠰᠢ ᠳᠤ ᠮᠡᠳᠡᠭᠳᠡᠭᠡᠳ | ᠨᠠᠮ᠎ᠠ ᠶᠢ ᠲᠡᠭᠡᠭᠡᠵᠦ ᠠᠪᠠᠴᠢᠭᠰᠠᠨ ᠢ ᠪᠦᠥᠷ ᠲᠦᠥᠷᠬᠡᠨ ᠴᠡᠭᠡᠵᠢᠯᠡᠵᠦ ᠪᠠᠶᠢᠨ᠎ᠠ᠃ ᠡᠪᠦᠭᠡ ᠶᠢ ᠬᠦᠳᠡᠭᠡᠯᠡᠭᠦᠯᠬᠦ ᠳᠤ | ᠬᠤᠯᠠ ᠤᠶᠢᠷ᠎ᠠ ᠶᠢᠨ ᠬᠤᠲᠠ ᠤᠰᠤᠨ ᠤ ᠬᠢᠨ ᠪᠥᠷ ᠴᠤᠭᠯᠠᠷᠠᠭᠰᠠᠨ ᠪᠤᠯᠤᠯᠲᠠᠢ᠂ ᠮᠠᠨ ᠤ ᠭᠠᠳᠠᠨ᠎ᠠ ᠦᠬᠡᠷ ᠲᠡᠷᠭᠡ᠂ | ᠮᠤᠷᠢᠨ ᠲᠡᠷᠭᠡ ᠴᠦᠷᠭᠦᠯᠡᠳᠡᠵᠦ᠂ ᠬᠦᠮᠦᠨ ᠤ ᠳᠠᠯᠠᠢ ᠪᠣᠯᠵᠠᠢ᠃ ᠥᠷᠯᠦᠭᠡᠬᠡᠨ ᠰᠤᠷᠭᠠᠭᠤᠯᠢ ᠳᠤ ᠶᠠᠪᠤᠬᠤ ᠳᠤ ᠯᠠ | ᠪᠤᠰᠤᠭ᠎ᠠ ᠦᠭᠡᠢ ᠪᠠᠶᠢᠭᠰᠠᠨ ᠡᠪᠦᠭᠡ ᠮᠢᠨᠢ ᠡᠶᠢᠮᠦ ᠲᠦᠷᠭᠡᠨ ᠪᠤᠷᠬᠠᠨ ᠪᠤᠯᠴᠢᠬᠠᠬᠤ ᠪᠠᠷ ᠨᠢ ᠪᠢ ᠢᠲᠡᠭᠡ ᠶᠠᠳᠠᠬᠤ | ᠪᠤᠯᠪᠠᠴᠤ ᠭᠠᠷᠤᠨ ᠤᠷᠤᠨ ᠴᠤᠪᠤᠷᠠᠯᠳᠤᠬᠤ ᠤᠯᠠᠨ ᠬᠥᠮᠥᠰ ᠢ ᠬᠠᠷᠠᠭᠠᠳ ᠡᠷᠬᠡ ᠦᠭᠡᠢ ᠮᠡᠯᠮᠡᠷᠡᠬᠦ ᠨᠢᠯᠪᠦᠰᠤ ᠪᠠᠨ | ᠬᠦᠴᠦᠯᠡᠨ ᠬᠤᠷᠢᠵᠤ ᠪᠠᠶᠢᠯ᠎ᠠ᠃ ᠮᠢᠨᠦ ᠤᠢ ᠲᠥᠢᠨ ᠳᠤ ᠡᠪᠦᠭᠡ ᠠᠪᠦ ᠮᠢᠨᠢ ᠦᠨᠳᠦᠷ ᠲᠤᠮᠤ ᠪᠡᠶ᠎ᠡ ᠲᠠᠢ᠂ | ᠮᠠᠷᠢᠶᠠᠯᠢᠭ ᠳᠥᠷᠪᠡᠯᠵᠢᠨ ᠴᠢᠷᠠᠢ ᠲᠠᠢ᠂ ᠶᠡᠭᠡ ᠯᠠᠭᠱᠢᠨ ᠪᠢᠯᠢᠭ ᠲᠠᠢ ᠬᠦᠮᠥᠨ ᠪᠠᠶᠢᠭᠰᠠᠨ᠃ ᠡᠪᠡᠳᠴᠢᠨ ᠲᠠᠢ ᠶᠢᠨ | ᠬᠠᠷᠠᠭ᠎ᠠ ᠪᠠᠷ ᠦᠷᠭᠦᠯᠵᠢ ᠬᠠᠨᠵᠤᠨ ᠳᠡᠭᠡᠷ᠎ᠡ ᠰᠠᠭᠤᠵᠤ ᠬᠡᠪᠲᠡᠵᠤ ᠪᠠᠶᠢᠳᠠᠭ ᠪᠥᠭᠡᠳ ᠭᠠᠷᠴᠤ ᠤᠷᠤᠬᠤ ᠳᠠᠭᠠᠨ | ᠲᠠᠶᠠᠭ ᠢᠶᠠᠨ ᠲᠤᠯᠬᠤ ᠶᠢᠨ ᠬᠠᠮᠲᠤ ᠡᠮᠡᠭᠡ ᠪᠠᠷ ᠲᠦᠰᠢᠭᠦᠯᠵᠤ ᠪᠠᠶᠢᠳᠠᠭ᠃ ᠬᠡᠪᠲᠡᠴᠢᠬᠡᠪᠡᠯ ᠥᠪᠡᠷᠲᠡᠭᠡᠨ ᠪᠤᠰᠴᠤ | ᠴᠢᠳᠠᠬᠤ ᠦᠭᠡᠢ᠂ ᠳᠡᠭᠦᠦ ᠪᠢᠳᠡ ᠬᠤᠶᠠᠷ ᠳᠠᠩᠳᠠ ᠲᠤᠯᠤᠭᠠᠢ ᠳᠤᠤᠷ᠎ᠠ ᠠᠴᠠ ᠨᠢ ᠡᠷᠭᠦᠵᠤ ᠬᠠᠮᠵᠢᠨ ᠪᠤᠰᠬᠠᠳᠠᠭ | ᠪᠤᠯᠬᠤᠷ ᠠᠭᠤᠯᠵᠠᠭᠰᠠᠨ ᠬᠥᠮᠦᠨ ᠪᠤᠯᠭᠠᠨ ᠳᠤ ᠮᠢᠨᠦ ᠬᠤᠶᠠᠷ ᠤᠮᠪᠤᠯ ᠨᠠᠮ᠎ᠠ ᠶᠢ ᠠᠰᠠᠷᠠᠵᠤ ᠪᠠᠶᠢᠨ᠎ᠠ ᠰᠢᠤ ᠭᠡᠵᠤ | ᠥᠬᠦᠭᠡᠷᠳᠡᠨ ᠶᠠᠷᠢᠳᠠᠭ ᠪᠢᠯᠡ᠃ | ᠡᠪᠦᠭᠡ ᠠᠪᠤ ᠶᠢᠨ ᠨᠡᠷ᠎ᠡ ᠨᠢ ᠮᠡᠨᠳᠦᠪᠠᠭᠠᠲᠤᠷ ᠭᠡᠳᠡᠭ᠃ 1914 ᠤᠨ ᠳᠤ ᠴᠠᠭᠠᠨ ᠬᠡᠷᠡᠮ ᠠᠴᠠ ᠬᠤᠶᠢᠰᠢᠬᠢ | ᠭᠥᠯᠦ ᠰᠢᠷ᠎ᠠ ᠬᠤᠨᠢᠴᠢᠨ ᠰᠦᠷᠥᠭ ᠤᠨ ᠪᠠᠷᠠᠭᠤᠨ ᠨᠤᠳᠤᠭ ︵ᠣᠳᠣᠬᠢ ᠾᠧᠪᠸᠢ ᠮᠣᠵᠢ ᠶᠢᠨ ᠱᠠᠩ ᠢ ᠰᠢᠶᠠᠨ ᠤ | ᠬᠢᠵᠠᠭᠠᠷ ᠲᠤ ᠪᠣᠢ︶ ᠲᠠᠬᠢ ᠠᠩᠭᠠᠯ ᠴᠠᠩᠭᠠᠯ ᠨᠠᠭᠤᠷ ᠤᠨ ᠬᠥᠪᠡᠭᠡᠨ ᠳᠤ ᠪᠤᠷᠤᠭᠥ᠋ᠯᠥᠭᠡ ᠶᠢᠨ ᠳᠥᠷᠪᠡᠳᠦᠭᠡᠷ | ᠬᠥᠪᠡᠭᠦᠨ ᠪᠤᠯᠵᠤ ᠲᠥᠷᠥᠵᠠᠢ᠃ ᠨᠠᠰᠣᠲᠠᠶᠢᠴᠣᠣᠨ ᠤᠨ ᠬᠠᠭᠤᠴᠢᠯᠠᠬᠤ ᠪᠠᠷ ᠲᠤᠬᠠᠢ ᠶᠢᠨ ᠦᠶ᠎ᠡ ᠳᠤ ︿︿ᠮᠢᠩᠭᠠᠨ | ᠬᠤᠨᠢ ᠲᠠᠢ᠂ ᠮᠢᠨᠳᠠᠰᠤᠨ ᠳᠡᠪᠡᠯ ᠲᠠᠢ ᠪᠤᠷᠤ ᠳ᠋ᠠ﹀﹀ ᠭᠡᠵᠤ ᠠᠯᠳᠠᠷᠰᠢᠵᠤ ᠪᠠᠶᠢᠭᠰᠠᠨ ᠢᠶᠠᠷ ᠦᠵᠡᠬᠦ ᠳᠤ ᠨᠡᠯᠢᠶᠡᠳ | ᠪᠠᠶᠠᠨ ᠴᠢᠨᠡᠭᠡᠯᠢᠭ ᠠᠶᠢᠯ ᠪᠠᠶᠢᠭᠰᠠᠨ ᠨᠢ ᠢᠯᠡᠷᠬᠡᠢ᠃ 1918 ᠤᠨ ᠤ ᠦᠶᠡᠰ ᠢᠶᠠᠷ ᠲᠤᠬᠠᠢ ᠶᠢᠨ ᠦᠶ᠎ᠡ ᠶᠢᠨ | ᠢᠷᠭᠡᠨ ᠤᠯᠤᠰ ᠤᠨ ᠭᠠᠵᠠᠷ ᠲᠦᠷᠢᠶᠡᠰᠦᠯᠡᠨ ᠠᠳᠠᠷ ᠬᠠᠭᠠᠯᠪᠦᠷᠢᠯᠠᠬᠤ ᠠᠯᠪᠠᠳᠠᠯᠭ᠎ᠠ ᠳᠤᠤᠷ᠎ᠠ ᠭᠦᠯᠦ ᠰᠢᠷ᠎ᠠ | ᠬᠤᠨᠢᠴᠢᠨ ᠰᠦᠷᠦᠭ ᠤᠨ ᠬᠢᠨ ᠠᠷᠭ᠎ᠠ ᠪᠣᠰᠣ ᠣᠣᠭᠠᠯ ᠨᠣᠳᠤᠭ ᠢᠶᠠᠨ ᠲᠠᠯᠪᠢᠵᠦ ᠦᠭᠭᠦᠨ ᠵᠡᠭᠦᠨᠰᠢ ᠭᠦᠯᠦ ᠴᠠᠭᠠᠨ | ᠬᠤᠰᠢᠭᠤᠨ ᠤ ᠭᠠᠵᠠᠷ ᠨᠡᠭᠦᠳᠡᠯᠯᠡᠵᠦ᠂ ᠡᠪᠦᠭᠡ ᠠᠪᠤ ᠶᠢᠨ ᠬᠢᠨ ᠴᠤ ᠨᠡᠭᠦᠳᠡᠯ ᠲᠠᠭᠠᠨ ᠬᠡᠳᠦᠨᠲᠡ ᠰᠢᠯᠵᠢᠵᠦ᠂ ᠰᠡᠭᠦᠯ | ᠳᠤᠨᠢ ᠨᠠᠢᠮᠠ ᠶᠢᠨ ᠠᠭᠤᠯᠠ ᠶᠢᠨ ᠡᠩᠭᠡᠷ ᠲᠠᠬᠢ ᠪᠠᠶᠠᠨᠪᠤᠯᠠᠭ ᠲᠤ ᠨᠤᠲᠤᠭᠰᠢᠨ ᠰᠠᠭᠤᠵᠠᠢ᠃ ᠠᠪᠤ ᠡᠵᠢ ᠠᠴᠠ ᠠᠬ᠎ᠠ | ᠳᠡᠭᠦᠥ ᠵᠢᠷᠭᠤᠭᠤᠯᠠ ᠪᠠᠶᠢᠵᠤ᠂ ᠭᠤᠷᠪᠠᠨ ᠬᠦᠦ ᠨᠢ ᠴᠡᠷᠢᠭ ᠲᠤ ᠶᠠᠪᠦᠵᠤ᠂ ᠴᠢᠯᠥᠭᠡᠯᠡᠬᠦ ᠳᠠᠶᠢᠨ ᠳᠤ ᠤᠷᠤᠯᠴᠠᠭᠰᠠᠨ | ᠪᠢᠯᠡ᠃ | ᠡᠪᠦᠭᠡ 1946 ᠤᠨ ᠤ ᠨᠠᠮᠤᠷ ᠠᠩᠬ᠎ᠠ ᠴᠠᠭᠠᠨ ᠪᠤᠭᠳᠠ ᠶᠢᠨ ᠴᠡᠷᠢᠭ ᠲᠤ ᠣᠷᠣᠵᠦ᠂ ᠰᠡᠭᠦᠯᠡᠷ ᠨᠢ ᠴᠠᠭᠠᠨ | ᠪᠣᠬᠳᠠ ᠶᠢᠨ ᠴᠡᠷᠢᠭ ᠢ ᠦᠪᠦᠷ ᠮᠣᠩᠭᠤᠯ ᠤᠨ ᠮᠣᠷᠢᠲᠦ ᠴᠡᠷᠢᠭ ᠤᠨ ᠳᠦᠷᠪᠡᠳᠦᠭᠡᠷ ᠰᠠᠯᠪᠣᠷᠢ ᠠᠩᠬᠢ ᠭᠡᠮᠡᠨ | ᠨᠡᠷᠡᠯᠡᠵᠦ ᠪᠠᠶᠢᠬᠰᠠᠨ ᠢᠶᠠᠨ ᠠᠷᠪᠠᠨ ᠨᠢᠭᠡᠳᠣᠭᠡᠷ ᠳ᠋ᠢᠸᠧᠽᠢ ᠪᠣᠯᠭᠠᠨ ᠦᠷᠭᠡᠳᠭᠡᠨ ᠪᠠᠶᠢᠭᠤᠯᠣᠬᠰᠠᠨ ᠶᠣᠮ᠃ ᠡᠪᠦᠭᠡ | ᠭᠤᠴᠢᠨ ᠨᠢᠭᠡᠳᠦᠭᠡᠷ ᠬᠤᠷᠢᠶᠠᠨ ᠤ ᠦᠬᠡᠷ ᠫᠤᠤ ᠶᠢᠨ ᠰᠠᠯᠠᠭᠠᠨ ᠳᠤ ᠲᠠᠰᠤᠭ ᠤᠨ ᠳᠠᠷᠤᠭ᠎ᠠ ᠪᠠᠶᠢᠪᠠ᠃ ᠦᠬᠡᠷ ᠫᠤᠤ | ᠬᠠᠷᠪᠤᠬᠤ ᠳᠠᠭᠠᠨ ᠶᠡᠭᠡ ᠮᠡᠷᠭᠡᠵᠢᠯ ᠲᠠᠢ ᠭᠡᠵᠤ ᠶᠠᠷᠢᠭᠳᠠᠳᠠᠭ᠃ ᠲᠤᠬᠠᠢ ᠶᠢᠨ ᠦᠶ᠎ᠡ ᠶᠢᠨ ᠳ᠋ᠢᠸᠧᠽᠢ ᠶᠢᠨ ᠳᠠᠷᠤᠭ᠎ᠠ | ᠨᠢ ᠦᠯᠵᠡᠶᠢᠸ᠋ᠴᠢᠷ᠂ ᠬᠤᠷᠢᠶᠠᠨ ᠳᠠᠷᠤᠭ᠎ᠠ ᠨᠢ ᠲᠡᠭᠦᠰ ᠭᠡᠭᠴᠢ ᠬᠥᠮᠦᠨ ᠪᠠᠶᠢᠭᠰᠠᠨ᠃ ᠴᠡᠷᠢᠭ ᠲᠤ ᠪᠠᠶᠢᠬᠤ ᠳᠠᠭᠠᠨ | ︿︿ᠬᠤᠸᠠᠳᠧ ᠶᠢ ᠴᠢᠯᠦᠭᠡᠯᠡᠬᠦ ᠳᠠᠶᠢᠨ﹀﹀᠂ ︿︿ᠬᠤᠷᠭᠤ ᠰᠥᠮ᠎ᠡ ᠶᠢᠨ ᠳᠠᠶᠢᠨ﹀﹀᠂ ︿︿ᠲᠤᠭᠤᠭᠠᠲᠤ ᠰᠦᠮ᠎ᠡ ᠶᠢᠨ | ᠳᠠᠶᠢᠨ﹀﹀᠂ ︿︿ᠲᠡᠮᠡᠭᠡᠲᠦ ᠬᠠᠶᠢᠷᠬᠠᠨ ᠤ ᠳᠠᠶᠢᠨ﹀﹀᠂ ︿︿ᠨᠠᠢᠮᠠ ᠶᠢᠨ ᠠᠭᠤᠯᠠ ᠶᠢᠨ ᠪᠠᠶᠢᠯᠳᠤᠭᠠᠨ﹀﹀᠂ ︿︿ | ᠪᠤᠤᠴᠠᠩ ᠢ ᠴᠢᠯᠦᠭᠡᠯᠡᠬᠦ ᠳᠠᠶᠢᠨ﹀﹀ ᠵᠡᠷᠭᠡ ᠴᠠᠬᠠᠷ ᠤᠷᠤᠨ ᠢ ᠴᠢᠯᠦᠭᠡᠯᠡᠬᠦ ᠳᠠᠶᠢᠨ ᠲᠤᠯᠤᠯᠳᠥᠭᠠᠨ ᠳᠤ ᠲᠠᠪᠢ ᠭᠠᠷᠤᠢ | ᠤᠳᠠᠭ᠎ᠠ ᠤᠷᠤᠯᠴᠠᠵᠤ᠂ ᠭᠤᠷᠪᠠᠳᠤᠭᠠᠷ ᠳᠡᠰ ᠤᠨ ᠭᠠᠪᠢᠶ᠎ᠠ ᠪᠠᠶᠢᠭᠤᠯᠵᠤ ᠦᠩᠭᠡᠷᠡᠭᠰᠡᠨ ᠪᠢᠯᠡ᠃ ︿︿ᠪᠤᠤᠴᠠᠩ ᠢ | ᠴᠢᠯᠦᠭᠡᠯᠡᠬᠦ ᠳᠠᠶᠢᠨ﹀﹀ ᠳᠤ ᠨᠢᠭᠡᠨ ᠪᠠᠶᠢᠯᠳᠤᠭᠴᠢ ᠶᠠᠭᠠᠷᠠᠵᠤ ᠰᠠᠨᠳᠤᠷᠬᠤ ᠳᠠᠭᠠᠨ ᠦᠬᠡᠷ ᠫᠤᠤ ᠶᠢᠨ ᠰᠤᠮᠤ ᠪᠠᠨ | ᠲᠤᠩᠭᠤᠷᠤᠭᠤᠯᠵᠤ ᠬᠢᠭᠰᠡᠨ ᠠᠴᠠ ᠲᠤᠲᠤᠷ᠎ᠠ ᠪᠠᠨ ᠳᠡᠯᠪᠡᠷᠡᠵᠦ᠂ ᠳᠡᠷᠭᠡᠳᠡ ᠨᠢ ᠳᠠᠶᠢᠨ ᠵᠢᠯᠤᠭᠤᠳᠴᠤ ᠪᠠᠶᠢᠭᠰᠠᠨ | ᠬᠤᠷᠢᠶᠠᠨ ᠳᠠᠷᠤᠭ᠎ᠠ ᠲᠡᠭᠦᠰ ᠨᠢ ᠵᠠᠪᠰᠢᠶᠠᠨ ᠪᠤᠰᠤ ᠪᠡᠶ᠎ᠡ ᠦᠷᠡᠭᠳᠡᠯ᠎ᠡ ᠭᠡᠵᠦ ᠥᠪᠡᠷᠲᠡᠭᠡᠨ ᠶᠠᠷᠢᠵᠤ ᠪᠠᠶᠢᠭᠰᠠᠨ᠃ | ᠮᠢᠨᠦ ᠡᠮᠡᠭᠡ ᠡᠵᠢ ᠪᠤᠯ ᠡᠪᠦᠭᠡ ᠲᠠᠢ ᠨᠠᠰᠦ ᠴᠢᠴᠠᠤ᠂ ᠡᠷᠳᠡᠨᠢᠨᠠᠪᠴᠢ ᠭᠡᠳᠡᠭ᠃ ᠮᠥᠨᠴᠤ ᠭᠥᠯᠦ ᠰᠢᠷ᠎ᠠ ᠬᠤᠨᠢᠴᠢᠨ | ᠰᠥᠷᠥᠭ ᠤᠨ ᠪᠠᠷᠠᠭᠤᠨ ᠨᠤᠲᠤᠭ ᠲᠤ ᠰᠠᠮᠳᠠᠨ ᠭᠠᠯᠠᠢ ᠶᠢᠨ ᠭᠡᠳᠡᠭ ᠠᠶᠢᠯ ᠳᠤ ᠠᠬ᠎ᠠ ᠦᠬᠢᠨ ᠲᠡᠭᠦᠦ ᠬᠤᠶᠠᠭᠤᠯᠨ | ᠲᠥᠷᠥᠵᠦ᠂ ᠲᠠᠬᠢᠨ ᠵᠡᠭᠦᠨᠰᠢ ᠨᠡᠭᠦᠳᠡᠯᠯᠡᠵᠦ ᠢᠷᠡᠭᠰᠡᠨ ᠠᠶᠢᠯ ᠪᠤᠯᠬᠤ ᠶᠤᠮ᠃ ᠡᠮᠡᠭᠡ ᠶᠢᠨ ᠠᠬ᠎ᠠ ᠫᠤᠩᠰᠤᠭᠨᠢᠮᠠ | ᠰᠡᠭᠦᠯ ᠳᠤᠨᠢ ᠴᠠᠬᠠᠷ ᠠᠶᠢᠮᠠᠭ ᠤᠨ ᠮᠢᠩᠭᠠᠨ ᠬᠤᠰᠢᠭᠤᠨ ᠤ ᠳᠤᠯᠤᠭ᠎ᠠ ᠰᠤᠮᠤ ᠶᠢᠨ ᠵᠠᠩᠭᠢ ᠪᠣᠯᠵᠠᠢ᠃ ᠡᠮᠡᠭᠡ | ᠠᠷᠪᠠᠨ ᠳᠤᠯᠤᠭᠠᠲᠠᠢ ᠡᠪᠦᠭᠡ ᠳᠤ ᠮᠤᠷᠳᠠᠵᠤ ᠢᠷᠡᠭᠰᠡᠨ ᠠᠴᠠ ᠴᠢᠯᠦᠭᠡᠯᠡᠭᠳᠡᠬᠦ ᠪᠤᠯᠲᠠᠯ᠎ᠠ ᠲᠤᠬᠠᠢ ᠶᠢᠨ ᠦᠶ᠎ᠡ ᠶᠢᠨ | ᠴᠠᠬᠠᠷ ᠨᠤᠲᠤᠭ ᠤᠨ ᠮᠠᠯᠴᠢᠨ ᠪᠦᠰᠡᠭᠦᠶᠢᠴᠥᠥᠯ ᠲᠠᠢ ᠠᠳᠠᠯᠢ ᠪᠠᠷ ᠳᠠᠶᠢᠨ ᠲᠤᠯᠤᠯᠳᠤᠭᠠᠨ ᠤ ᠤᠷᠤᠭ᠎ᠠ ᠪᠤᠰᠬᠠᠭ᠎ᠠ | ᠤᠨ ᠵᠢᠯ ᠤᠳ ᠲᠤ ᠬᠦᠴᠢᠷ ᠪᠡᠷᠬᠡ ᠶᠢ ᠲᠤᠭᠤᠯᠤᠨ ᠬᠠᠲᠠᠭᠤᠵᠢᠯᠲᠠᠢ ᠠᠮᠢᠳᠤᠷᠠᠵᠤ ᠢᠷᠡᠭᠰᠡᠨ ᠶᠤᠮ᠃ ᠬᠡᠳᠦᠶᠢᠪᠡᠷ | ᠲᠤᠰᠬᠠᠢ ᠰᠤᠷᠭᠠᠭᠤᠯᠢ ᠰᠤᠷᠲᠠᠯ ᠤᠨ ᠮᠥᠷ ᠢ ᠬᠦᠬᠡᠭᠡᠭᠰᠡᠨ ᠦᠭᠡᠢ ᠪᠤᠯᠪᠡᠴᠤ ᠠᠵᠠᠢ ᠶᠢᠨ ᠢᠶᠠᠨ ᠨᠥᠯᠥᠭᠡ ᠪᠠᠷ ᠭᠡᠷ | ᠤᠨ ᠪᠠᠭᠰᠢ ᠪᠠᠷ ᠪᠢᠴᠢᠭ ᠵᠢᠭᠠᠯᠭᠠᠵᠤ᠂ ᠰᠤᠶᠤᠯ ᠲᠡᠦᠬᠡ ᠲᠠᠢ ᠤᠶᠢᠷᠠᠳᠴᠤ ᠥᠰᠥᠭᠰᠡᠨ ᠢᠶᠠᠷ ᠤᠯᠠᠨ ᠰᠠᠶᠢᠬᠠᠨ | ᠦᠯᠢᠭᠡᠷ ᠲᠤᠤᠯᠢᠰ ᠮᠡᠳᠡᠳᠡᠭ ᠬᠦᠮᠥᠨ ᠪᠤᠯᠵᠠᠢ᠃ ᠳᠡᠭᠦᠦ ᠪᠢᠳᠡ ᠬᠤᠶᠠᠷ ᠪᠠᠭ᠎ᠠ ᠳᠠᠭᠠᠨ ᠡᠮᠡᠭᠡ ᠶᠢᠨ ᠬᠤᠶᠠᠷ ᠲᠠᠯ᠎ᠠ | ᠳᠤ ᠡᠷᠬᠡᠯᠡᠨ ᠬᠡᠪᠲᠡᠭᠡᠳ ᠰᠥᠨᠢ ᠪᠦᠷᠢ ᠠᠷᠠᠳ ᠤᠨ ᠠᠮᠠᠨ ᠦᠯᠢᠭᠡᠷ᠂ ᠤᠨᠢᠰᠤᠭ᠎ᠠ ᠬᠤᠯᠪᠤᠭ᠎ᠠ ᠶᠢ ᠨᠢ | ᠰᠤᠨᠤᠰᠤᠭᠰᠠᠭᠠᠷ ᠠᠮᠲᠠᠲᠤ ᠨᠤᠶᠢᠷᠤᠨ ᠳᠤ ᠪᠠᠨ ᠤᠷᠤᠳᠠᠭ ᠪᠠᠶᠢᠯ᠎ᠠ᠃ ᠴᠤᠬᠤᠮ ᠬᠡᠳᠦᠢ ᠴᠤ ᠦᠯᠢᠭᠡᠷ | ᠴᠡᠭᠡᠵᠢᠯᠡᠭᠰᠡᠨ ᠴᠡᠭᠡᠵᠢ ᠰᠠᠶᠢᠲᠠᠢ ᠨᠠᠰᠤᠲᠠᠨ ᠪᠠᠶᠢᠭᠰᠠᠨ ᠢ ᠪᠤᠤ ᠮᠡᠳᠡ᠂ ᠶᠤᠰᠤᠲᠠᠢ ᠠᠯᠢ ᠨᠢᠭᠡᠨ ᠵᠤᠬᠢᠶᠠᠯ ᠳᠤ | ᠭᠠᠷᠳᠠᠭ ︿︿ᠤᠯᠠᠯᠵᠠᠨ ᠳᠤᠯᠠᠯᠵᠠᠭᠰᠠᠨ ᠨᠢ ᠲᠤᠯᠭ᠎ᠠ ᠶᠢᠨ ᠮᠢᠨᠢ ᠭᠠᠯ᠂ ᠤᠨᠳᠤᠷᠤᠨ ᠤᠷᠤᠰᠤᠭᠰᠠᠨ ᠨᠢ ᠡᠮᠡᠭᠡ ᠶᠢᠨ | ᠮᠢᠨᠢ ᠦᠯᠢᠭᠡᠷ﹀﹀ ᠭᠡᠰᠡᠨ ᠬᠡᠯᠡᠯᠭᠡ ᠲᠠᠢ ᠶᠠᠪ ᠴᠠᠪ ᠨᠡᠶᠢᠴᠡᠵᠦ ᠪᠠᠶᠢᠨ᠎ᠠ᠃ ᠡᠮᠡᠭᠡ ᠶᠢᠨ ᠴᠢᠯᠦᠭᠡᠯᠡᠬᠦ ᠳᠠᠶᠢᠨ ᠤ ᠦᠶ᠎ᠡ | ᠳᠤ ᠡᠪᠦᠭᠡ ᠶᠢ ᠠᠪᠤᠷᠠᠭᠰᠠᠨ ᠦᠯᠢᠭᠡᠷ ᠢ ᠪᠢ ᠴᠡᠭᠡᠵᠢᠯᠡᠵᠦ ᠪᠠᠶᠢᠨ᠎ᠠ᠃ ᠨᠢᠭᠡ ᠤᠳᠠᠭ᠎ᠠ ᠡᠪᠦᠭᠡ ᠪᠠᠶᠢᠯᠳᠤᠭᠠᠨ ᠢᠶᠠᠨ | ᠳᠠᠭᠤᠰᠬᠠᠭᠠᠳ ᠬᠡᠳᠦᠨ ᠡᠳᠦᠷ ᠤᠨ ᠠᠮᠠᠷᠠᠯᠲᠠ ᠪᠠᠷ ᠬᠥᠳᠡᠭᠡ ᠭᠡᠷ ᠲᠡᠭᠡᠨ ᠬᠠᠷᠢᠵᠤ ᠢᠷᠡᠭᠡᠳ ᠪᠠᠶᠢᠪᠠ᠃ ᠴᠡᠷᠢᠭ | ᠤᠨ ᠬᠥᠮᠥᠨ ᠪᠤᠯᠬᠤᠷ ᠪᠥᠭᠡᠰᠦᠳᠡᠵᠦ ᠬᠢᠭᠤᠷᠰᠤᠳᠠᠭᠰᠠᠨ ᠬᠤᠪᠴᠠᠰᠦ ᠪᠠᠨ ᠲᠠᠶᠢᠯᠵᠤ ᠰᠦᠨᠢ ᠶᠢᠨ ᠰᠡᠯᠡᠭᠦᠨ ᠳᠤ | ᠡᠮᠡᠭᠡ ᠪᠠᠷ ᠤᠭᠢᠶᠠᠯᠭᠠᠭᠠᠳ ᠡᠪᠡᠰᠦᠨ ᠬᠤᠷᠤᠭᠠᠨ ᠤ ᠬᠤᠷᠢᠶᠠᠯᠳᠠᠳᠠᠢ ᠡᠪᠡᠰᠦᠨ ᠳᠡᠭᠡᠷ᠎ᠡ ᠳᠡᠯᠭᠡᠨ ᠬᠠᠲᠠᠭᠠᠭᠰᠠᠨ | ᠪᠢᠯᠡ᠃ ᠦᠦᠷ ᠢᠶᠠᠷ ᠭᠡᠨᠡᠳᠲᠡ ᠭᠤᠮᠢᠨᠳᠠᠩ ᠤᠨ ᠦᠯᠡᠳᠡᠭᠳᠡᠯ ᠳᠡᠭᠡᠷᠡᠮ ᠬᠤᠲᠠᠨ ᠳᠤ ᠳᠠᠭᠠᠷᠢᠨ ᠤᠷᠤᠵᠤ | ᠨᠡᠩᠵᠢᠯᠲᠡ ᠬᠢᠬᠦ ᠳᠤ ᠡᠮᠡᠭᠡ ᠰᠥᠨᠢᠵᠢᠯᠢᠨ ᠴᠢᠮᠡᠭᠡ ᠴᠢᠩᠨᠠᠨ ᠰᠡᠷᠭᠡᠭ ᠬᠡᠪᠲᠡᠵᠦ ᠪᠠᠶᠢᠭᠰᠠᠨ ᠪᠤᠯᠬᠤᠷ ᠠᠮᠵᠢᠨ | ᠪᠤᠰᠴᠤ ᠡᠪᠦᠭᠡ ᠶᠢᠨ ᠰᠢᠷ᠎ᠠ ᠦᠩᠭᠡᠲᠦ ᠴᠡᠷᠢᠭ ᠤᠨ ᠬᠤᠪᠴᠠᠰᠦ ᠶᠢ ᠡᠪᠡᠰᠤᠨ ᠳᠤᠤᠷ᠎ᠠ ᠪᠤᠯᠠᠵᠤ᠂ ᠡᠪᠦᠭᠡ ᠶᠢ | ᠨᠢᠴᠦᠭᠦᠨ ᠢᠶᠠᠷ ᠬᠠᠨᠵᠤᠨ ᠳᠡᠭᠡᠷ᠎ᠡ ᠡᠪᠡᠳᠴᠢᠨ ᠲᠠᠢ ᠬᠦᠮᠥᠨ ᠪᠤᠯᠭᠠᠨ ᠤᠪᠯᠠᠭᠤᠯᠤᠨ ᠬᠡᠪᠲᠡᠭᠦᠯᠵᠦ ᠠᠪᠦᠷᠠᠯᠠ ᠭᠡᠳᠡᠭ | ᠃ ᠭᠤᠴᠢᠨ ᠬᠡᠳᠤᠨ ᠵᠢᠯ ᠤᠨ ᠳᠠᠷᠠᠭ᠎ᠠ ᠪᠢᠳᠡᠨ ᠳᠤ ᠶᠠᠷᠢᠵᠤ ᠪᠠᠶᠢᠬᠤ ᠳᠠᠭᠠᠨ ᠴᠤ ︿︿ᠪᠤᠷᠬᠠᠨ ᠡ᠂ ᠮᠢᠨᠦ | ᠠᠶᠤᠭᠰᠠᠨ ᠢ ᠶᠠᠷᠢᠬᠤ ᠶᠢᠨ ᠭᠠᠵᠠᠷ ᠦᠭᠡᠢ᠂ ᠳᠥᠩᠭᠡᠵᠦ ᠯᠡ ᠠᠮᠵᠢᠯ᠎ᠠ ᠰᠢᠤ᠃ ᠪᠠᠷᠢᠭᠳᠠᠭᠰᠠᠨ ᠪᠤᠯ ᠴᠤ ᠪᠦᠬᠦ ᠭᠡᠷ | ᠢᠶᠠᠷ ᠢᠶᠠᠨ ᠠᠮᠢ ᠦᠭᠡᠢ ᠪᠤᠯᠵᠠᠢ﹀﹀ ᠭᠡᠵᠦ ᠮᠠᠩᠨᠠᠢ ᠳᠠᠭᠠᠨ ᠵᠠᠯᠪᠠᠷᠢᠵᠤ ᠪᠠᠶᠢᠯ᠎ᠠ᠃ | 1946 ᠣᠨ ᠠᠴᠠ 1949 ᠣᠨ ᠬᠦᠷᠳᠡᠯᠡᠬᠢ ᠭᠤᠷᠪᠠᠨ ᠵᠢᠯ ᠳᠤ ᠭᠤᠮᠢᠨᠳᠠᠩ ᠤᠨ ᠲᠡᠷᠰᠯᠡᠭᠦᠴᠣᠣᠨ ᠣᠷᠣᠨ | ᠨᠣᠳᠤᠭ ᠤᠨ ᠲᠡᠷᠰᠯᠡᠭᠦᠦ ᠲᠡᠭᠡᠲᠦ ᠲᠠᠪᠬᠤᠷᠭᠠᠳᠠᠨ ᠲᠠᠢ ᠰᠦᠯᠪᠡᠭᠡᠯᠳᠦᠨ ᠴᠠᠬᠠᠷ ᠨᠣᠳᠤᠭ ᠢ ᠳᠣᠯᠤᠭ᠎ᠠ ᠣᠳᠠᠭ᠎ᠠ | ᠲᠣᠪᠳᠣᠯᠵᠦ᠂ ᠠᠷᠠᠳ ᠤᠨ ᠬᠤᠪᠢᠰᠬᠠᠯ ᠢ ᠣᠰᠠᠳᠬᠠᠬᠤ ᠪᠠᠷ ᠣᠷᠣᠯᠳᠣᠬᠰᠠᠨ ᠪᠢᠯᠡ᠃ 1947 ᠤᠨ ᠤ ᠡᠪᠦᠯ | ᠦᠪᠦᠷ ᠮᠣᠩᠭᠤᠯ ᠤᠨ ᠮᠣᠷᠢᠲᠦ ᠴᠡᠷᠢᠭ ᠤᠨ ᠠᠷᠪᠠᠨ ᠨᠢᠭᠡᠳᠣᠭᠡᠷ ᠳ᠋ᠢᠸᠧᠽᠢ᠂ ᠠᠷᠪᠠᠨ ᠵᠢᠷᠭᠤᠳᠣᠭᠠᠷ ᠳ᠋ᠢᠸᠧᠽᠢ ᠨᠢ | ᠭᠤᠮᠢᠨᠳᠠᠩ ᠤᠨ ᠴᠡᠷᠢᠭ ᠲᠠᠢ ᠨᠠᠢᠮᠠ ᠶᠢᠨ ᠠᠭᠤᠯᠠᠨ ᠳᠤ ᠲᠠᠪᠤᠳᠠᠬᠢ ᠤᠳᠠᠭᠠᠨ ᠤ ᠪᠠᠶᠢᠯᠳᠤᠭᠠᠨ ᠪᠣᠯᠵᠦ᠂ ᠮᠣᠷᠢᠲᠦ | ᠴᠡᠷᠢᠭ ᠤᠨ ᠮᠢᠩᠭ᠎ᠠ ᠬᠦᠷᠬᠦ ᠦᠭᠡᠢ ᠪᠠᠶᠢᠯᠳᠤᠭᠴᠢᠳ ᠭᠤᠮᠢᠨᠳᠠᠩ ᠤᠨ 60 ᠭᠠᠷᠤᠢ ᠮᠠᠰᠢᠨ ᠲᠠᠢ 1800 ᠭᠠᠷᠤᠢ | ᠴᠡᠷᠢᠭ ᠤᠨ ᠳᠠᠭᠠᠷᠢᠯᠲᠠ ᠶᠢ ᠪᠤᠲᠠᠷᠠᠲᠠᠯ᠎ᠠ ᠴᠤᠬᠢᠵᠤ ᠲᠡᠤᠬᠡᠨ ᠳᠤ ᠠᠯᠳᠠᠷᠰᠢᠭᠰᠠᠨ ᠪᠢᠯᠡ᠃ ᠡᠮᠡᠭᠡ ᠶᠢᠨ ᠬᠡᠯᠡᠬᠦ ᠪᠠᠷ | ᠲᠡᠷᠡ ᠲᠣᠯᠣᠯᠳᠣᠭᠠᠨ ᠳᠤ ᠮᠠᠯᠴᠢᠳ ᠠᠶᠤᠭᠠᠳ ᠰᠦᠨᠢ ᠳᠡᠭᠡᠨ ᠬᠠᠨᠵᠤᠨ ᠳᠤᠤᠷ᠎ᠠ ᠪᠠᠨ ᠬᠡᠪᠲᠡᠵᠦ ᠪᠠᠶᠢᠭᠰᠠᠨ ᠭᠡᠳᠡᠭ | ᠃ ᠬᠤᠲᠠᠨ ᠠᠴᠠ ᠬᠤᠶᠢᠰᠢ ᠲᠠᠪᠤᠨ ᠭᠠᠵᠠᠷ ᠤᠨ ᠵᠠᠶᠢᠲᠠᠢ ᠰᠦᠨᠳᠡᠷᠯᠡᠵᠦ ᠪᠠᠶᠢᠳᠠᠭ ᠠᠪᠳᠠᠷᠠᠲᠤ ᠶᠢᠨ ᠠᠭᠤᠯᠠ ᠶᠢᠨ | ᠠᠷᠤ ᠬᠤᠷᠮᠤᠢ ᠠᠴᠠ ᠠᠭᠤᠯᠠᠨ ᠣᠷᠣᠢ ᠵᠦᠭ ᠭᠠᠯᠯᠠᠭ᠎ᠠ ᠳᠠᠶᠢᠰᠤᠨ ᠤ ᠦᠬᠡᠷ ᠫᠤᠤ ᠶᠢᠨ ᠰᠤᠮᠤ ᠨᠤᠭᠤᠳ ᠴᠠᠰᠦ | ᠰᠢᠭᠤᠷᠭᠠᠨ ᠳᠤ ᠬᠠᠷᠠᠯᠲᠠ ᠪᠠᠨ ᠤᠨᠤᠬᠤ ᠦᠭᠡᠢ ᠶᠡᠭᠡ ᠲᠡᠭᠡᠭᠦᠷ ᠢᠰᠭᠡᠷᠤᠨ ᠦᠩᠭᠡᠷᠡᠵᠦ᠂ ᠬᠡᠴᠢᠨᠡᠨ ᠭᠠᠵᠠᠷ ᠤᠨ | ᠡᠮᠦᠨᠡᠬᠢ ᠲᠠᠶᠢᠵᠢ ᠶᠢᠨ ᠤᠩᠭᠤᠨ ᠬᠠᠪᠢ ᠪᠠᠷ ᠳᠡᠯᠪᠡᠷᠡᠬᠦ ᠳᠤ ᠬᠦᠴᠦᠲᠦ ᠳᠤᠷᠭᠢᠶᠠᠨ ᠳᠤ ᠨᠢ ᠰᠢᠪᠠᠷ ᠪᠠᠶᠢᠰᠢᠩ ᠤᠨ | ᠴᠤᠩᠬᠤᠨ ᠰᠢᠯ ᠱᠠᠵᠢᠬᠢᠨᠠᠨ ᠲᠣᠣᠭᠠᠷᠣᠬᠰᠠᠭᠠᠷ ᠬᠠᠭᠠᠷᠠᠳᠠᠭ ᠪᠠᠶᠢᠭᠰᠠᠨ ᠭᠡᠵᠦ ᠶᠠᠷᠢᠳᠠᠭ᠃ ᠶᠡᠭᠡ ᠫᠤᠤ ᠶᠢᠨ | ᠰᠤᠮᠤᠨ ᠳᠤ ᠤᠩᠬᠢᠯᠠᠭᠳᠠᠭᠰᠠᠨ ᠬᠤᠩᠬᠤᠷ ᠲᠤ ᠪᠤᠷᠤᠭᠠᠨ ᠤ ᠤᠰᠤ ᠲᠤᠭᠳᠠᠵᠤ ᠨᠠᠭᠤᠷ ᠪᠤᠯᠤᠨ ᠨᠡᠯᠦᠶᠢᠬᠦ ᠪᠠᠷ | ᠮᠠᠯᠴᠢᠳ ᠬᠤᠵᠢᠮ ᠨᠢ ︿︿ᠲᠠᠶᠢᠵᠢ ᠶᠢᠨ ᠤᠩᠭᠤᠨ ᠤ ᠨᠠᠭᠤᠷ﹀﹀ ᠭᠡᠵᠦ ᠨᠡᠷᠡᠯᠡᠬᠦ ᠪᠤᠯᠤᠭᠰᠠᠨ ᠪᠢᠯᠡ᠃ ᠨᠠᠶᠠᠭᠠᠳ | ᠤᠨ ᠤ ᠦᠶᠡᠰ ᠢᠶᠠᠷ ᠪᠢᠳᠡᠨ ᠤ ᠦᠶ᠎ᠡ ᠶᠢᠨ ᠬᠡᠤᠬᠡᠳ ᠤᠳ ᠤᠯᠠᠭᠠᠨ᠎ᠠ ᠳᠤᠯᠤᠨᠤ ᠲᠡᠭᠦᠬᠦ ᠪᠠᠷ ᠠᠭᠤᠯᠠᠨ ᠳᠤ | ᠭᠠᠷᠬᠤ ᠳᠤ ᠴᠤ ᠫᠤᠤ ᠶᠢᠨ ᠰᠤᠮᠤᠨ ᠤ ᠬᠤᠭᠤᠰᠤᠨ ᠬᠤᠩᠬᠢᠶ᠎ᠠ ᠪᠠᠶᠢᠨ ᠪᠠᠶᠢᠨ ᠲᠠᠭᠠᠷᠠᠯᠳᠤᠳᠠᠭ ᠪᠠᠶᠢᠭᠰᠠᠨ᠃ ᠨᠡᠩ | ᠴᠤ ᠰᠢᠲᠠᠵᠦ ᠦᠯᠡᠳᠡᠭᠰᠡᠨ ᠬᠠᠶᠢᠯᠠᠰᠤᠨ ᠮᠤᠳᠤᠨ ᠤ ᠪᠤᠯᠤᠤ ᠶᠢ ᠮᠠᠯᠴᠢᠳ ᠲᠡᠭᠦᠨ ᠠᠪᠴᠢᠷᠠᠵᠤ ᠬᠤᠷᠢᠮ ᠨᠠᠶᠢᠷ ᠤᠨ | ᠪᠥᠬᠦᠯᠢ ᠴᠢᠨᠠᠬᠤ ᠪᠠᠷ ᠲᠥᠯᠡᠭᠡᠨ ᠤ ᠤᠷᠤᠨ ᠳᠤ ᠵᠠᠷᠤᠳᠠᠭ ᠪᠠᠶᠢᠪᠠ᠃ ᠬᠠᠶᠢᠯᠠᠰᠤᠨ ᠮᠤᠳᠤᠨ ᠤ ᠪᠤᠯᠤᠤ ᠶᠢᠨ | ᠰᠢᠲᠠᠯᠲᠠ ᠭᠡᠭᠴᠢ ᠪᠤᠯᠤᠳ ᠬᠠᠶᠢᠯᠤᠭᠤᠯᠬᠤ ᠵᠤᠤᠬᠠᠨ ᠤ ᠭᠠᠯ ᠮᠡᠲᠦ ᠴᠢᠰ ᠤᠯᠠᠭᠠᠨ ᠪᠠᠶᠢᠵᠤ᠂ ᠲᠤᠩ | ᠳᠠᠭᠠᠭᠠᠴᠠᠲᠠᠢ ᠨᠤᠴᠤᠳᠠᠭ ᠪᠢᠯᠡ᠃ ᠡᠭᠦᠪᠡᠷ ᠦᠵᠡᠬᠦ ᠳᠤ ᠲᠡᠷᠡ ᠦᠶ᠎ᠡ ᠳᠤ ᠨᠠᠢᠮᠠ ᠶᠢᠨ ᠠᠭᠤᠯᠠᠨ ᠳᠤ ᠬᠢᠷᠢ ᠵᠡᠷᠭᠡ | ᠲᠤᠯᠤᠯᠳᠤᠭᠠᠨ ᠪᠤᠯᠵᠤ ᠪᠠᠶᠢᠭᠰᠠᠨ ᠢ ᠭᠦᠢᠴᠡᠳ ᠨᠤᠲᠠᠯᠠᠵᠤ ᠪᠤᠯᠬᠤ ᠰᠠᠨ᠃ | 1948 ᠤᠨ ᠳᠤ ᠡᠪᠦᠭᠡ ᠠᠪᠦ ᠴᠡᠷᠢᠭ ᠠᠩᠭᠢ ᠠᠴᠠ ᠲᠤᠰᠢᠶᠠᠭᠰᠠᠨ ᠰᠢᠨ᠎ᠠ ᠴᠡᠷᠢᠭ ᠡᠯᠰᠡᠬᠦ ᠡᠭᠦᠷᠭᠡ ᠶᠢ | ᠬᠦᠯᠢᠶᠡᠵᠦ ᠨᠤᠲᠤᠭ ᠲᠤ ᠪᠠᠨ ᠢᠷᠡᠵᠦ᠂ ᠨᠡᠯᠢᠶᠡᠳ ᠲᠤᠭᠠᠨ ᠤ ᠴᠡᠷᠢᠭ ᠡᠯᠰᠡᠵᠦ᠂ ᠵᠤᠬᠢᠶᠠᠨ ᠪᠠᠶᠢᠭᠤᠯᠤᠯᠲᠠ ᠶᠢᠨ | ᠡᠭᠦᠷᠭᠡ ᠶᠢ ᠰᠠᠶᠢᠨ ᠪᠡᠶᠡᠯᠡᠭᠦᠯᠥᠭᠰᠡᠨ ᠪᠢᠯᠡ᠃ 1949 ᠣᠨ ᠠᠴᠠ ᠬᠤᠶᠢᠰᠢ ᠳᠠᠶᠢᠨ ᠲᠤᠯᠤᠯᠳᠤᠭᠠᠨ ᠦᠨᠳᠦᠰᠦᠨ | ᠳᠡᠭᠡᠨ ᠳᠠᠭᠤᠰᠴᠤ᠂ ᠴᠡᠷᠢᠭ ᠠᠩᠭᠢ ᠳᠡᠭᠡᠷ᠎ᠡ ︿︿ᠭᠤᠷᠪᠠ ᠶᠢ ᠡᠰᠡᠷᠭᠦᠴᠡᠬᠦ﹀﹀᠂ ︿︿ᠲᠠᠪᠤ ᠶᠢ ᠡᠰᠡᠷᠭᠦᠴᠡᠬᠦ﹀﹀ | ᠬᠥᠳᠡᠯᠭᠡᠭᠡᠨ ᠰᠢᠷᠦᠭᠦᠨ ᠶᠠᠪᠤᠭᠳᠠᠵᠤ᠂ ᠴᠡᠭᠴᠡᠯᠡᠯᠲᠡ ᠬᠢᠬᠦ ᠳᠤ ᠡᠪᠦᠭᠡ ᠠᠪᠦ ᠢᠳᠡᠪᠬᠢᠲᠠᠢ ᠤᠷᠤᠯᠴᠠᠵᠦ᠂ ᠬᠠᠲᠠᠭᠤ | ᠴᠢᠩᠭ᠎ᠠ ᠰᠢᠯᠭᠠᠯᠲᠠ ᠶᠢ ᠲᠤᠭᠤᠯᠵᠤ ᠭᠠᠷᠤᠭᠰᠠᠨ ᠭᠡᠵᠦ ᠶᠠᠷᠢᠳᠠᠭ᠃ 1953 ᠤᠨ ᠳᠤ ᠴᠡᠷᠢᠭ ᠠᠴᠠ ᠪᠠᠨ | ᠬᠠᠯᠠᠭᠳᠠᠵᠤ ᠤᠷᠤᠨ ᠨᠤᠲᠤᠭ ᠲᠠᠭᠠᠨ ᠪᠤᠴᠠᠵᠤ ᠮᠢᠩᠭᠠᠨ ᠲᠠᠶᠢᠪᠤᠰᠧ ᠬᠤᠯᠪᠤᠭᠠᠲᠤ ᠬᠤᠰᠢᠭᠤᠨ ᠤ ᠲᠤᠲᠤᠭᠠᠳᠤ ᠶᠢ | ᠬᠠᠮᠠᠭᠠᠯᠠᠬᠤ ᠬᠤᠷᠢᠶᠠᠨ ᠳᠤ ᠢᠷᠡᠵᠦ ︿︿ᠵᠠᠯᠢᠬᠠᠢ ᠶᠢ ᠰᠡᠷᠭᠡᠶᠢᠯᠡᠵᠦ᠂ ᠠᠮᠤᠷ ᠢ ᠬᠠᠮᠠᠭᠠᠯᠠᠬᠤ﹀﹀ ᠰᠠᠯᠠᠭᠠᠨ ᠳᠤ | ᠠᠵᠢᠯᠯᠠᠪᠠ᠃ ᠬᠤᠰᠢᠭᠤ ᠶᠠᠮᠤᠨ ᠨᠢ ᠤᠳᠤᠬᠢ ᠰᠢᠯᠤᠭᠤᠨ ᠬᠥᠬᠡ ᠬᠤᠰᠢᠭᠤᠨ ᠤ ᠬᠠᠳᠠᠨ ᠬᠤᠰᠢᠭᠤ ᠳᠤ | ᠪᠠᠶᠢᠷᠢᠯᠠᠵᠦ᠂ ᠬᠤᠰᠢᠭᠤ ᠳᠠᠷᠤᠭ᠎ᠠ ᠨᠢ ᠴᠤᠭᠵᠢᠪᠬᠤᠯᠠᠩ᠂ ᠲᠤᠲᠤᠭᠠᠳᠤ ᠶᠢ ᠬᠠᠮᠠᠭᠠᠯᠠᠬᠤ ᠬᠤᠷᠢᠶᠠᠨ ᠳᠠᠷᠤᠭ᠎ᠠ ᠨᠢ | ᠴᠢᠳᠠᠷᠪᠠᠯ ᠭᠡᠰᠡᠨ ᠬᠥᠮᠥᠨ ᠪᠠᠶᠢᠪᠠ᠃ ᠲᠣᠬᠠᠢ ᠶᠢᠨ ᠦᠶ᠎ᠡ ᠳᠤ ᠡᠪᠦᠭᠡ ᠳᠤ ᠤᠯᠭᠤᠭᠰᠠᠨ ︿︿ᠬᠤᠪᠢᠰᠬᠠᠯ ᠤᠨ | ᠡᠰᠡᠷᠭᠦᠴᠦᠳ ᠢ ᠳᠠᠷᠤᠩᠭᠤᠶᠢᠯᠠᠬᠤ ᠬᠥᠳᠡᠯᠭᠡᠭᠡᠨ﹀﹀ ᠤ ᠳᠤᠮᠳᠠ ᠵᠠᠯᠢᠬᠠᠢ ᠶᠢ ᠰᠡᠷᠭᠡᠶᠢᠯᠡᠵᠦ ᠠᠮᠤᠷ ᠢ ᠬᠠᠮᠠᠭᠠᠯᠠᠬᠤ | ᠠᠵᠢᠯ ᠳᠤ ᠤᠨᠴᠠ ᠪᠥᠳᠥᠮᠵᠢ ᠭᠠᠷᠭᠠᠭᠰᠠᠨ ᠲᠤᠯᠠ ᠤᠨᠴᠠᠭᠠᠶᠢᠯᠠᠨ ᠬᠥᠬᠢᠭᠦᠯᠪᠡ ᠭᠡᠰᠡᠨ ᠬᠤᠰᠢᠭᠤ ᠳᠠᠷᠤᠭ᠎ᠠ᠂ | ᠲᠤᠲᠤᠭᠠᠳᠤ ᠶᠢ ᠬᠠᠮᠠᠭᠠᠯᠠᠬᠤ ᠬᠤᠷᠢᠶᠠᠨ ᠳᠠᠷᠤᠭ᠎ᠠ ᠶᠢᠨ ᠨᠡᠷ᠎ᠡ ᠶᠢᠨ ᠲᠠᠮᠠᠭ᠎ᠠ ᠲᠠᠢ ᠬᠤᠶᠠᠷ ᠦᠨᠡᠮᠯᠡᠯ ᠢ ᠪᠢᠳᠡ ᠤᠳᠤ | ᠪᠤᠯᠳᠠᠯ᠎ᠠ ᠬᠠᠳᠠᠭᠠᠯᠠᠭᠰᠠᠭᠠᠷ ᠪᠠᠶᠢᠨ᠎ᠠ᠃ 1956 ᠤᠨ ᠳᠤ ᠡᠪᠦᠭᠡ ᠠᠮᠤᠷ ᠢ ᠬᠠᠮᠠᠭᠠᠯᠠᠭᠴᠢ ᠶᠢᠨ ᠠᠵᠢᠯ ᠢᠶᠠᠨ | ᠴᠢᠯᠦᠭᠡᠯᠡᠵᠦ ᠬᠥᠳᠡᠭᠡ ᠨᠤᠲᠤᠭ ᠲᠠᠭᠠᠨ ᠪᠠᠭ ᠤᠨ ᠳᠠᠷᠤᠭ᠎ᠠ᠂ ᠬᠠᠪᠰᠤᠷᠤᠯ ᠬᠤᠷᠰᠢᠶᠠᠵᠢᠯ ᠤᠨ ᠳᠠᠷᠤᠭ᠎ᠠ᠂ | ᠲᠠᠷᠢᠶᠠᠯᠠᠬᠤ ᠶᠡᠭᠡ ᠪᠠᠷᠢᠭᠠᠳᠠ ᠶᠢᠨ ᠳᠠᠷᠤᠭ᠎ᠠ ᠪᠠᠷ ᠤᠯᠠᠨ ᠵᠢᠯ ᠠᠵᠢᠯᠯᠠᠭᠰᠠᠨ ᠪᠥᠭᠡᠳ ᠠᠶᠢᠮᠠᠭ᠂ ᠬᠤᠰᠢᠭᠤᠨ ᠤ | ᠬᠥᠳᠡᠯᠮᠦᠷᠢ ᠶᠢᠨ ᠵᠢᠱᠢᠶᠡᠴᠢ ᠪᠠᠷ ᠬᠡᠳᠦᠨ ᠤᠳᠠᠭ᠎ᠠ ᠰᠤᠩᠭᠤᠭᠳᠠᠵᠤ ᠂ ᠬᠤᠷᠠᠯ ᠴᠤᠭᠯᠠᠭᠠᠨ ᠳᠤ ᠵᠠᠯᠭᠠᠭ᠎ᠠ | ᠶᠠᠪᠤᠳᠠᠭ ᠪᠠᠶᠢᠪᠠ᠃ ᠠᠷᠪᠠᠨ ᠵᠢᠯ ᠤᠨ ᠰᠠᠮᠠᠭᠤᠷᠠᠯ ᠳᠣᠮᠳᠠ ᠡᠪᠦᠭᠡ ᠳᠤ ︿︿ᠬᠥᠷᠥᠩᠭᠡᠲᠦ ᠶᠤᠰᠤᠨ ᠤ ᠵᠠᠮ ᠢᠶᠠᠷ | ᠵᠠᠮᠨᠠᠭᠴᠢ ᠡᠷᠬᠡ ᠪᠠᠷᠢᠭᠴᠢ﹀﹀᠂ ︿︿ᠥᠪᠥᠷ ᠠᠷᠠᠳ ᠤᠨ ᠨᠠᠮ﹀﹀ ᠵᠡᠷᠭᠡ ᠬᠢᠯᠢᠰ ᠬᠡᠷᠡᠭ ᠨᠥᠮᠥᠷᠦᠭᠦᠯᠦᠨ ᠲᠡᠮᠡᠴᠡᠪᠡ᠃ | ᠭᠡᠪᠡᠴᠦ ᠡᠪᠦᠭᠡ ᠠᠪᠦ ᠪᠠᠶᠢᠯᠳᠤᠭᠴᠢ ᠭᠠᠷᠤᠯ ᠲᠠᠢ ᠬᠠᠳᠠᠨ ᠵᠤᠷᠢᠭᠲᠤ ᠬᠥᠮᠥᠨ ᠪᠠᠶᠢᠭᠰᠠᠨ ᠪᠤᠯᠬᠤᠷ ᠮᠠᠤ | ᠲᠡᠷᠢᠭᠦᠯᠡᠭᠴᠢ ᠶᠢᠨ ᠦᠭᠡ ᠶᠢᠨ ᠲᠡᠭᠦᠪᠦᠷᠢ᠂ ᠴᠢᠯᠦᠭᠡᠯᠡᠬᠦ ᠳᠠᠶᠢᠨ ᠤ ᠭᠠᠪᠢᠶᠠᠨ ᠲᠡᠮᠳᠡᠭ᠂ ᠬᠤᠸᠠᠪᠸᠢ ᠤᠷᠤᠨ ᠢ | ᠴᠢᠯᠦᠭᠡᠯᠡᠭᠰᠡᠨ ᠳᠤᠷᠠᠰᠬᠠᠯ ᠤᠨ ᠲᠡᠮᠳᠡᠭ ᠢᠶᠠᠨ ᠴᠢᠩᠭ᠎ᠠ ᠠᠳᠬᠤᠵᠤ᠂ ᠤᠷᠪᠠᠯᠭ᠎ᠠ ᠭᠠᠷᠭᠠᠭᠴᠢᠳ ᠲᠠᠢ ᠡᠷᠡᠰ | ᠲᠡᠮᠡᠴᠡᠵᠦ ᠪᠠᠭ᠋ᠠᠨ ᠬᠠᠯᠠ ᠲᠠᠮᠦ ᠠᠮᠰᠠᠭᠰᠠᠨ ᠴᠤ ᠶᠡᠷᠦ ᠪᠠᠭᠤᠵᠤ ᠥᠭᠭᠦᠭᠰᠡᠨ ᠦᠭᠡᠢ ᠭᠡᠳᠡᠭ᠃ ᠬᠤᠵᠢᠮ ᠨᠢ ᠬᠢᠯᠢᠰ | ᠢ ᠨᠢ ᠴᠠᠭᠠᠳᠬᠠᠵᠤ ᠤᠤᠯ ᠲᠤᠰᠢᠶᠠᠯ ᠢ ᠨᠢ ᠰᠡᠷᠭᠦᠭᠡᠵᠦ᠂ ᠴᠥᠭᠡᠪᠦᠷᠢ ᠬᠡᠳᠦᠨ ᠵᠢᠯ ᠠᠵᠢᠯᠯᠠᠭᠠᠳ ᠡᠪᠡᠳᠴᠢᠨ ᠤ | ᠰᠢᠯᠲᠠᠭᠠᠨ ᠢᠶᠠᠷ ᠠᠵᠢᠯ ᠢᠶᠠᠨ ᠴᠢᠯᠦᠭᠡᠯᠡᠭᠰᠡᠨ ᠪᠢᠯᠡ᠃ | ᠡᠪᠦᠭᠡ ᠠᠪᠤ ᠪᠤᠯ ᠶᠡᠷᠦ ᠨᠢ ᠲᠥᠪ ᠭᠤᠤᠯᠴᠢ᠂ ᠡᠷᠡᠰ ᠲᠠᠰᠤ᠂ ᠬᠤᠪᠢ ᠪᠠᠨ ᠪᠤᠳᠤᠬᠤ ᠦᠭᠡᠢ᠂ ᠵᠤᠬᠢᠶᠠᠨ | ᠪᠠᠶᠢᠭᠤᠯᠤᠯᠳᠠ ᠳᠤ ᠡᠶᠢᠮᠦ ᠲᠡᠶᠢᠮᠦ ᠠᠯᠪᠠ ᠲᠤᠯᠭᠠᠬᠤ ᠳᠤᠷ᠎ᠠ ᠦᠭᠡᠢ᠂ ᠪᠤᠰᠤᠳ ᠤᠨ ᠬᠦᠴᠢᠷ ᠵᠤᠪᠠᠭᠤᠷᠢ ᠶᠢ | ᠣᠶᠢᠯᠠᠭᠠᠳᠠᠭ ᠬᠥᠮᠥᠨ ᠪᠠᠶᠢᠭᠰᠠᠨ ᠪᠤᠯᠬᠤᠷ᠂ ᠨᠤᠲᠤᠭ ᠤᠰᠤᠨ ᠳᠠᠭᠠᠨ ᠠᠯᠳᠠᠷ ᠬᠦᠨᠳᠦᠲᠠᠢ ᠪᠠᠶᠢᠵᠤ᠂ ᠮᠠᠯᠴᠢᠳ ︿︿ | ᠡᠩᠡ ᠭᠥᠭᠧ ︵ᠠᠬ᠎ᠠ︶﹀﹀ ᠭᠡᠵᠦ ᠲᠤᠲᠤᠨᠤᠴᠢᠯᠠᠨ ᠳᠠᠭᠤᠳᠠᠳᠠᠭ᠃ ᠮᠠᠨ ᠤ ᠭᠡᠷ ᠬᠤᠲᠠᠨ ᠤ ᠬᠠᠮᠤᠭ ᠪᠠᠷᠠᠭᠤᠨ | ᠵᠠᠬ᠎ᠠ ᠳᠤ ᠰᠠᠭᠤᠳᠠᠭ ᠪᠤᠯᠬᠤᠷ ᠬᠡᠤᠬᠡᠳ ᠤᠳ ᠡᠪᠦᠭᠡ ᠶᠢ ᠪᠠᠰᠠ ︿︿ᠪᠠᠷᠠᠭᠤᠨ ᠠᠪᠦ﹀﹀ ᠭᠡᠵᠤ ᠬᠦᠨᠳᠦᠯᠡᠳᠡᠭ᠃ | ᠡᠮᠡᠭᠡ ᠡᠵᠢ ᠨᠡᠷᠡᠲᠠᠢ ᠡᠬᠡ ᠪᠠᠷᠢᠶᠠᠴᠢ ᠪᠠᠶᠢᠭᠰᠠᠨ ᠢᠶᠠᠷ ᠤᠶᠢᠷ᠎ᠠ ᠬᠠᠪᠢ ᠶᠢᠨ ᠤᠯᠠᠨ ᠬᠡᠤᠬᠡᠳ ᠤᠨ ︿︿ᠬᠦᠢᠰᠦ | ᠮᠥᠮᠥ﹀﹀ ᠪᠤᠯᠤᠭᠰᠠᠨ ᠶᠤᠮ᠃ ᠵᠢᠯ ᠴᠠᠭᠠᠨ ᠰᠠᠷ᠎ᠠ ︿︿ᠬᠦᠢᠰᠦ ᠮᠥᠮᠥ﹀﹀᠂ ︿︿ᠪᠠᠷᠠᠭᠤᠨ ᠠᠪᠦ﹀﹀ ᠪᠠᠨ ᠡᠷᠭᠢᠵᠦ | ᠦᠵᠡᠬᠦ ᠪᠠᠷ ᠮᠠᠨ ᠤ ᠳᠤ ᠭᠡᠶᠢᠴᠢᠨ ᠬᠠᠷ᠎ᠠ ᠤᠯᠠᠨ ᠴᠤᠪᠤᠷᠠᠯᠳᠤᠳᠠᠭ ᠪᠠᠶᠢᠪᠠ᠃ ᠪᠢᠳᠠ ᠠᠶᠢᠯ ᠤᠨ ᠬᠡᠤᠬᠡᠳ ᠲᠠᠢ | ᠨᠠᠭᠠᠳᠴᠤ ᠬᠠᠶᠠ ᠬᠡᠷᠡᠭ ᠤᠷᠰᠢᠭ ᠲᠠᠲᠠᠳᠠᠭ ᠪᠤᠯᠪᠠᠴᠤ ᠡᠪᠦᠭᠡ ᠮᠢᠨᠢ ᠠᠵᠠᠢ ᠡᠮᠧ ᠶᠢᠨ ᠪᠢᠳᠡᠨ ᠳᠤ ᠭᠠᠷ ᠬᠦᠷᠬᠦ ᠶᠢ | ᠵᠥᠪᠰᠢᠶᠡᠷᠡᠳᠡᠭ ᠦᠭᠡᠢ᠃ ᠲᠡᠷᠡ᠄ ︿︿ᠬᠡᠤᠬᠡᠳ ᠠᠯᠢᠶ᠎ᠠ ᠪᠤᠯ ᠲᠠᠷᠢᠬᠢ ᠰᠡᠷᠭᠦᠯᠡᠩ ᠪᠠᠶᠢᠳᠠᠭ᠂ ᠰᠢᠭᠦᠮᠵᠢᠯᠡᠵᠦ | ᠰᠤᠷᠭᠠᠵᠤ ᠪᠤᠯᠤᠨ᠎ᠠ᠂ ᠡᠯᠳᠡᠵᠦ ᠪᠤᠯᠬᠤ ᠦᠭᠡᠢ᠃ ᠨᠠᠮ᠎ᠠ ᠶᠢ ᠮᠤᠷᠢᠯᠠᠭᠰᠠᠨ ᠬᠤᠶᠢᠨ᠎ᠠ ᠲᠠᠨᠠᠷ ᠶᠠᠭᠠᠬᠢᠬᠤ ᠪᠠᠨ | ᠥᠪᠡᠷᠰᠡᠳ ᠢᠶᠠᠨ ᠮᠡᠳᠡ﹀﹀ ᠭᠡᠳ ᠥᠮᠥᠭᠡᠷᠡᠳᠡᠭ᠃ ᠪᠢᠳᠡ ᠴᠤ ᠬᠠᠨᠵᠤᠨ ᠳᠡᠭᠡᠷ᠎ᠡ ᠰᠠᠭᠤᠭ᠎ᠠ ᠡᠪᠦᠭᠡ ᠶᠢᠨ ᠬᠠᠨᠠᠭᠠᠷ | ᠨᠢᠷᠤᠭᠠᠨ ᠤ ᠠᠷᠤ ᠳᠤ ᠨᠢᠭᠤᠭᠳᠠᠵᠤ᠂ ᠬᠡᠴᠢᠨᠡᠨ ᠴᠤ ᠤᠳᠠᠭ᠎ᠠ ᠤᠯᠬᠤ ᠶᠤᠰᠦᠲᠠᠢ ᠠᠯᠠᠭᠠᠨ ᠪᠤᠤᠪᠤ ᠶᠢᠨ ᠰᠢᠳᠬᠡᠯ | ᠠᠴᠠ ᠵᠠᠶᠢᠯᠠᠵᠤ ᠭᠠᠷᠤᠭᠰᠠᠨ ᠢ ᠪᠤᠤ ᠮᠡᠳᠠ᠃ ᠶᠠᠭᠤ ᠴᠤ ᠭᠡᠰᠡᠨ ᠡᠪᠦᠭᠡ ᠡᠮᠡᠭᠡ ᠶᠢᠨ ᠬᠠᠯᠠᠭᠤᠨ ᠡᠩᠬᠦᠷᠡᠶᠢᠯᠡᠯ | ᠳᠤᠤᠷ᠎ᠠ ᠪᠠᠭ᠎ᠠ ᠰᠠᠭ᠎ᠠ ᠡᠷᠬᠡ ᠲᠠᠩᠬᠢ ᠥᠰᠥᠭᠰᠡᠨ ᠪᠤᠯᠪᠠᠴᠤ ᠲᠡᠳᠡᠨ ᠤ ᠪᠢᠳᠡᠨ ᠳᠤ ᠥᠭᠭᠦᠭᠰᠡᠨ ᠬᠠᠶᠢᠷ᠎ᠠ ᠬᠠᠯᠠᠮᠵᠢ᠂ | ᠥᠮᠥᠭ ᠲᠦᠰᠢᠭ᠂ ᠰᠤᠷᠭᠠᠨ ᠬᠥᠮᠥᠵᠢᠯ ᠨᠢ ᠬᠠᠷᠠᠬᠠᠨ ᠪᠠᠭ᠎ᠠ ᠶᠢᠨ ᠤᠢ ᠲᠥᠢᠨ ᠳᠤ ᠮᠠᠷᠲᠠᠭᠳᠠᠰᠢ ᠦᠭᠡᠢ | ᠬᠠᠲᠠᠩᠰᠢᠭᠰᠠᠨ ᠪᠠᠶᠢᠨᠠᠮ᠃ | ᠮᠢᠨᠦ ᠠᠵᠢᠯᠯᠠᠵᠦ ᠠᠮᠢᠳᠤᠷᠠᠵᠤ ᠪᠠᠶᠢᠬᠤ ᠬᠤᠰᠢᠭᠤᠨ ᠲᠥᠪ ᠪᠠᠯᠭᠠᠰᠤᠨ ᠠᠴᠠ ᠵᠡᠭᠦᠨ ᠡᠮᠦᠨᠡᠰᠢ ᠬᠤᠷᠢᠭᠠᠳ ᠭᠠᠵᠠᠷ | ᠤᠨ ᠳᠡᠷᠲᠡᠭᠡ ᠨᠠᠢᠮᠠ ᠶᠢᠨ ᠠᠭᠤᠯᠠ ᠴᠡᠩᠬᠡᠷᠯᠡᠨ ᠵᠡᠷᠭᠡᠯᠭᠡᠨᠳᠡᠵᠦ ᠬᠠᠷᠠᠭᠳᠠᠳᠠᠭ᠃ ᠬᠡᠳᠦᠶᠢᠪᠡᠷ ᠲᠡᠭᠷᠢ ᠠᠭᠤᠯᠠ ᠰᠢᠭ᠋ | ᠮᠥᠩᠬᠡ ᠴᠠᠰᠤᠲᠤ ᠤᠷᠭᠢᠯ ᠦᠭᠡᠢ ᠴᠤ ᠲᠥᠮᠡᠨ ᠤᠯᠠᠨ ᠤ ᠰᠡᠳᠬᠢᠯ ᠳᠤ ᠠᠷᠢᠭᠤᠨ ᠲᠠᠷᠬᠠᠨ ᠪᠠᠶᠢᠷᠢ ᠰᠠᠭᠤᠷᠢ ᠲᠠᠢ | ᠪᠠᠶᠢᠵᠤ᠂ ᠲᠡᠤᠬᠡ ᠰᠤᠶᠤᠯ᠂ ᠳᠠᠭᠤᠤ ᠰᠢᠯᠥᠭ ᠲᠤ ᠤᠯᠠᠨᠲᠠ ᠲᠡᠮᠳᠡᠭᠯᠡᠭᠳᠡᠭᠰᠡᠨ ᠨᠢ ᠡᠬᠡ ᠤᠷᠤᠨ᠂ ᠠᠷᠠᠳ ᠲᠥᠮᠡᠨ | ᠤ ᠡᠷᠬᠡ ᠴᠢᠯᠦᠭᠡᠨ ᠤ ᠲᠡᠮᠡᠴᠡᠯ ᠤᠨ ᠰᠢᠳᠤᠷᠭᠤ ᠳᠠᠶᠢᠨ ᠡᠭᠦᠰᠴᠤ ᠦᠩᠭᠡᠷᠡᠭᠰᠡᠨ ᠲᠠᠢ ᠰᠢᠭᠤᠳ ᠬᠤᠯᠪᠤᠭ᠎ᠠ ᠲᠠᠢ | ᠶᠤᠮᠰᠠᠨ᠃ ᠡᠳᠡᠭᠡᠷ ᠤᠯᠠᠨ ᠳᠠᠶᠢᠴᠢᠳ ᠤᠨ ᠨᠢᠭᠡ ᠪᠤᠯᠬᠤ ᠡᠪᠦᠭᠡ ᠮᠢᠨᠢ ᠴᠤ ᠨᠠᠢᠮᠠ ᠶᠢᠨ ᠠᠭᠤᠯᠠ ᠶᠢᠨ ᠢᠶᠠᠨ | ᠬᠠᠳᠠ ᠠᠰᠬ᠎ᠠ᠂ ᠬᠥᠷᠥᠰᠦ ᠰᠢᠷᠤᠢ ᠳᠤ ᠨᠢ ᠬᠠᠯᠠᠭᠤᠨ ᠮᠥᠷ ᠢᠶᠠᠨ ᠲᠠᠮᠠᠭᠠᠯᠠᠵᠦ ᠶᠠᠪᠤᠭᠰᠠᠨ ᠢ ᠪᠤᠳᠤᠬᠤᠯᠠᠷ ᠥᠪᠡᠷ | ᠤᠨ ᠡᠷᠬᠡ ᠦᠭᠡᠢ ᠤᠮᠤᠭᠰᠢᠨ᠎ᠠ᠂ ᠴᠠᠬᠠᠷ ᠬᠠᠨ ᠤ ᠪᠤᠭᠤᠷᠤᠯ ᠰᠠᠷᠢᠳᠠᠭ ᠴᠤ ᠰᠥᠰᠥᠭ ᠪᠢᠰᠢᠷᠡᠯ ᠢ ᠲᠥᠷᠥᠭᠦᠯᠵᠦ᠂ | ᠰᠡᠳᠬᠢᠯ ᠵᠢᠷᠦᠬᠡᠨ ᠳᠤ ᠨᠡᠯᠡᠶᠢᠵᠦ ᠢᠷᠡᠨ᠎ᠡ᠃ ᠡᠪᠦᠭᠡ ᠶᠢᠨ ᠮᠢᠨᠢ ᠢᠷᠠᠭᠤ ᠠᠯᠳᠠᠷᠲᠤ ᠦᠢᠯᠡᠰ ᠪᠢᠳᠡᠨ ᠤ | ᠬᠤᠶᠢᠰᠢᠲᠠ ᠶᠢᠨ ᠵᠠᠮ ᠳᠤ ᠴᠠᠮᠬᠠᠭ ᠪᠤᠯᠤᠨ ᠭᠡᠷᠡᠯᠲᠦᠵᠦ᠂ ᠠᠵᠤ ᠠᠮᠢᠳᠤᠷᠠᠯ ᠤᠨ ᠲᠤᠷᠭᠠᠨ ᠵᠢᠯᠤᠭᠤ ᠶᠢ ᠡᠭᠦᠷᠢᠲᠡ | ᠵᠠᠯᠠᠵᠦ ᠶᠠᠪᠤᠬᠤ ᠨᠢ ᠵᠠᠶᠢᠯᠠᠰᠢ ᠦᠭᠡᠢ ᠶᠤᠮ᠃ | | | |