ᠨᠢᠬᠡᠳᠦᠬᠡᠷ ᠪᠦᠯᠦᠭ ᠤᠨ ᠬᠤᠶᠠᠳᠤᠭᠠᠷ ᠭᠡᠰᠡᠭ ᠲᠣᠮᠳᠠᠳᠦ ᠢᠷᠭᠡᠨ ᠣᠯᠣᠰ ᠤᠨ ᠦᠶ᠎ᠡ ᠳᠠᠬᠢ ᠰᠣᠷᠭᠠᠨ ᠬᠦᠮᠣᠵᠢᠯ ᠤᠨ ᠪᠠᠶᠢᠳᠠᠯ
ᠨᠡᠶᠢᠲᠡᠯᠡᠭᠰᠡᠨ ᠴᠠᠭ᠄
2022/11/29
ᠬᠤᠶᠠᠳᠤᠭᠠᠷ ᠭᠡᠰᠡᠭ ᠲᠣᠮᠳᠠᠳᠦ ᠢᠷᠭᠡᠨ ᠣᠯᠣᠰ ᠤᠨ ᠦᠶ᠎ᠡ ᠳᠠᠬᠢ ᠰᠣᠷᠭᠠᠨ ᠬᠦᠮᠣᠵᠢᠯ ᠤᠨ ᠪᠠᠶᠢᠳᠠᠯ

     ᠮᠠᠨᠵᠣ ᠴᠢᠩ ᠣᠯᠣᠰ ᠤᠨ ᠦᠶ᠎ᠡ ᠳᠤ ᠴᠠᠬᠠᠷ ᠨᠣᠳᠤᠭ ᠲᠤ ᠰᠢᠷ᠎ᠡ ᠶᠢᠨ ᠱᠠᠰᠢᠨ ᠶᠡᠭᠡ ᠪᠠᠷ ᠲᠡᠯᠭᠡᠷᠡᠨ ᠯᠠᠮᠨ

ᠬᠤᠸᠠᠷᠠᠭ ᠣᠯᠠᠰᠢᠷᠠᠭᠠᠳ ᠴᠠᠬᠠᠷ ᠮᠣᠩᠭᠤᠯᠴᠣᠳ ᠤᠨ ᠭᠤᠷᠪᠠᠨ ᠤ ᠨᠢᠭᠡ ᠶᠢ ᠡᠵᠡᠯᠡᠬᠦ ᠳᠤ ᠬᠦᠷᠴᠣ᠂ ᠰᠦᠮ᠎ᠡ

ᠭᠡᠶᠢᠳ ᠰᠣᠮᠣ ᠪᠦᠷᠢ  ᠳᠤ ᠪᠠᠶᠢᠭᠤᠯᠣᠭᠳᠠᠵᠠᠢ᠃ ᠭᠡᠪᠡᠴᠣ ᠢᠷᠭᠡᠨ ᠤ ᠰᠣᠷᠭᠠᠭᠤᠯᠢ ᠪᠠᠶᠢᠭ᠎ᠠ ᠦᠭᠡᠢ᠃ ᠮᠠᠯᠴᠢᠨ

ᠠᠷᠠᠳ ᠪᠢᠴᠢᠭ ᠰᠣᠶᠣᠯ ᠦᠭᠡᠢ᠂ ᠪᠢᠴᠢᠭ ᠮᠡᠳᠡᠳᠡᠭ ᠨᠢ ᠵᠦᠪᠭᠡᠨ ᠴᠥᠭᠡᠨ ᠲᠤᠭᠠᠨ ᠤ ᠪᠠᠶᠠᠳ ᠨᠣᠶᠠᠳ ᠯᠠᠮᠨ

ᠭᠡᠷᠭᠡᠮᠳᠡᠨ ᠯᠨ ᠪᠠᠶᠢᠯ᠎ᠠ᠃

     ᠲᠣᠮᠳᠠᠳᠦ ᠢᠷᠭᠡᠨ ᠣᠯᠣᠰ ᠤᠨ ᠡᠬᠢᠨ ᠤ ᠦᠶ᠎ᠡ ᠠᠴᠠ ᠰᠠᠶ᠋ᠢ ᠡᠯ᠎ᠡ ᠬᠤᠰᠢᠭᠤᠨ ᠳᠤ ᠠᠷᠠᠳ ᠤᠨ ᠠᠯᠪᠠᠨ ᠤ

ᠰᠣᠷᠭᠠᠭᠤᠯᠢ ᠶᠢ ᠡᠬᠢᠯᠡᠨ ᠪᠠᠶᠢᠭᠤᠯᠵᠤ᠂ ᠮᠠᠯᠴᠢᠳ ᠤᠨ ᠭᠡᠣᠭᠡᠳ ᠰᠠᠶ᠋ᠢ ᠰᠣᠷᠭᠠᠭᠤᠯᠢ ᠶᠢᠨ ᠪᠣᠱᠤᠭ᠎ᠠ ᠶᠢ ᠠᠯᠬᠤᠪᠠ᠃

ᠲᠣᠮᠳᠠᠳᠦ ᠢᠷᠭᠡᠨ ᠣᠯᠣᠰ ᠤᠨ ᠦᠶ᠎ᠡ ᠳᠤ ᠮᠤᠩᠭᠤᠯ ᠦᠨᠳᠦᠰᠣᠳᠡᠨ ᠤ ᠰᠣᠶᠣᠯ ᠰᠣᠷᠭᠠᠨ ᠬᠦᠮᠣᠵᠢᠯ ᠢ ᠡᠷᠬᠢᠮᠯᠡᠵᠤ

ᠬᠦᠭᠵᠢᠬᠦᠯᠬᠦ ᠪᠠᠷ ᠴᠢᠷᠮᠠᠶᠢᠭᠰᠠᠨ ᠬᠦᠮᠣᠨ ᠪᠣᠯ ᠲᠡᠮᠴᠦᠭᠳᠣᠩᠷᠣᠪ ᠪᠢᠯᠨ᠃ ᠲᠡᠷᠨ ᠣᠣᠯ ᠤᠨ ᠴᠠᠬᠠᠷ ᠴᠢᠭᠤᠯᠭᠠᠨ ᠳᠤ

ᠵᠠᠩᠪᠸᠢ  ᠶᠢᠨ ᠡᠷᠳᠡᠮᠰᠣᠶᠣᠯᠳᠦ ᠲᠣᠮᠳᠠᠳᠦ ᠰᠣᠷᠭᠠᠭᠤᠯᠢ ᠶᠢ ᠪᠠᠶᠢᠭᠤᠯᠬᠤ ᠠᠴᠠ ᠡᠬᠢᠯᠡᠨ ᠴᠠᠭᠠᠰᠢᠳᠡ ᠬᠤᠰᠢᠭᠤ᠂

ᠰᠣᠮᠣ ᠬᠦᠷᠳᠡᠯ᠎ᠡ ᠰᠣᠷᠭᠠᠭᠤᠯᠢ ᠪᠠᠶᠢᠭᠤᠯᠣᠨ ᠮᠠᠯᠴᠢᠳ ᠤᠨ ᠦᠷ᠎ᠡ ᠭᠡᠣᠭᠡᠳ ᠢ ᠦᠰᠦᠭ ᠪᠢᠴᠢᠭ᠂ ᠡᠷᠳᠡᠮ ᠮᠡᠳᠡᠯᠭᠡ

ᠰᠣᠷᠴᠣ ᠡᠵᠡᠮᠰᠢᠬᠦ  ᠳᠤ ᠬᠦᠳᠦᠯᠣᠨ ᠨᠡᠯᠢᠶᠡᠳ ᠲᠣᠭᠠᠨ ᠤ ᠪᠢᠴᠢᠭ ᠡᠷᠳᠡᠮ ᠲᠠᠢ ᠰᠡᠭᠡᠭᠡᠳᠡᠨ ᠢ ᠬᠦᠮᠣᠵᠢᠬᠦᠯᠣᠨ

ᠭᠠᠷᠭᠠᠬᠤ ᠪᠠᠷ ᠴᠢᠷᠮᠠᠶᠢᠭᠰᠠᠨ ᠶᠠᠪᠣᠳᠠᠯ ᠪᠣᠯ ᠴᠢᠩ ᠣᠯᠣᠰ ᠤᠨ ᠨᠣᠶᠠᠷᠬᠠᠭᠴᠢᠳ ᠤᠨ ᠮᠣᠩᠭᠤᠯᠴᠣᠳ ᠢ

ᠪᠠᠯᠠᠶᠢᠷᠠᠭᠤᠯᠣᠨ ᠲᠠᠭᠤᠰᠬᠠᠬᠤ ᠪᠣᠯᠣᠨ ᠶᠡᠭᠡ ᠬᠢᠳᠡᠳᠴᠢᠯᠠᠬᠤ ᠦᠨᠳᠦᠰᠣᠳᠡᠨ ᠤ ᠲᠡᠷᠰᠡᠯᠡᠬᠦᠣ ᠪᠣᠳᠣᠯᠭ᠎ᠠ ᠶᠢᠨ ᠡᠰᠡᠷᠬᠦ

ᠠᠪᠣᠭᠰᠠᠨ ᠲᠣᠶᠢᠯ ᠤᠨ ᠴᠢᠬᠤᠯᠨ ᠮᠡᠷᠭᠡᠨ ᠪᠣᠳᠣᠯᠭ᠎ᠠ ᠪᠣᠯᠣᠨ᠎ᠠ᠃

     ᠲᠣᠮᠳᠠᠳᠦ ᠢᠷᠭᠡᠨ ᠣᠯᠣᠰ ᠤᠨ ᠭᠤᠷᠪᠠᠳᠣᠭᠠᠷ ᠣᠨ ︵1914 ᠣᠨ︶᠎ ᠠᠴᠠ ᠴᠠᠬᠠᠷ ᠣᠷᠣᠨ ᠳᠤ ᠠᠯᠪᠠᠨ

᠎ ᠤ ᠰᠣᠷᠭᠠᠭᠤᠯᠢ ᠪᠠᠶᠢᠭᠤᠯᠣᠭᠳᠠᠵᠤ ᠡᠬᠢᠯᠡᠪᠡ᠃ ᠠᠷᠪᠢᠨ ᠬᠤᠶᠠᠷ ᠬᠤᠰᠢᠭᠤ ᠰᠦᠷᠦᠭ ᠪᠦᠷᠢ ᠳᠤ ᠨᠢᠭᠡ ᠰᠠᠭᠤᠷᠢ

ᠠᠩᠬ᠎ᠠ ᠵᠡᠷᠭᠡ ᠎ ᠶᠢᠨ ᠪᠠᠭ᠎ᠠ ᠰᠣᠷᠭᠠᠭᠤᠯᠢ ᠲᠠᠢ ᠪᠣᠯᠵᠠᠢ᠃

     ᠬᠦᠯᠣ ᠴᠠᠭᠠᠨ ᠬᠤᠰᠢᠭᠤᠨ ᠤ ︽ᠢᠷᠭᠡᠨ ᠣᠯᠣᠰ ᠤᠨ ᠪᠠᠭ᠎ᠠ ᠰᠣᠷᠭᠠᠭᠤᠯᠢ︾᠎ ᠨᠢ ᠬᠤᠰᠢᠭᠤ ᠶᠠᠮᠣᠨ ᠬᠠᠨ᠎ᠠ

ᠬᠠᠳᠠ ᠶᠢᠨ ᠰᠦᠮ᠎ᠡ ᠲᠡᠭᠡᠷ᠎ᠡ ᠪᠠᠶᠢᠭᠤᠯᠣᠭᠳᠠᠵᠠᠢ᠃ ᠰᠣᠷᠭᠠᠭᠤᠯᠢ ᠳᠤ ᠨᠢᠭᠡᠭᠡᠨ ᠬᠢᠳᠡᠳ ᠪᠠᠭᠰᠢ ᠲᠠᠢ᠃ ᠲᠡᠷᠨ ᠪᠠᠷ

ᠪᠥᠬᠦ ᠰᠣᠷᠭᠠᠭᠤᠯᠢ ᠶᠢ ᠬᠠᠮᠢᠶᠠᠷᠬᠤ ᠪᠠ ᠵᠢᠭᠠᠨ ᠰᠣᠷᠭᠠᠬᠤ ᠠᠵᠢᠯ ᠢ ᠬᠠᠷᠢᠭᠤᠴᠠᠳᠠᠭ᠃ ᠰᠣᠮᠣ ᠪᠦᠷᠢ ᠠᠴᠠ

ᠬᠤᠶᠠᠷ ᠠᠴᠠ ᠭᠤᠷᠪᠠᠨ ᠡᠷᠡᠭᠳᠡᠢ ᠰᠣᠷᠣᠭᠴᠢ ᠢᠷᠡᠳᠡᠭ ᠪᠠᠶᠢᠯ᠎ᠠ᠃ ᠰᠣᠷᠤᠭᠴᠢ ᠶᠢᠨ ᠢᠳᠡᠰᠢ ᠬᠦᠨᠡᠰᠣᠨ ᠳᠤ ᠬᠦᠮᠣᠨ

ᠪᠦᠷᠢ ᠠᠴᠠ 18 ᠵᠢᠩ ᠢᠳᠡᠯᠭᠡ᠂ ᠲᠠᠯ᠎ᠠ ᠴᠠᠢ ᠥᠭᠳᠡᠭ ᠪᠢᠯᠨ᠃ ᠡᠳᠡᠭᠡᠷ ᠢ ᠬᠠᠮᠢᠶᠠᠷᠣᠭᠴᠢ ᠨᠢ ᠨᠢᠭᠡ ᠮᠣᠩᠭᠤᠯ

ᠬᠦᠮᠣᠨ᠂ ᠪᠠᠰᠨ ᠨᠢᠭᠡᠨ ᠮᠣᠩᠭᠤᠯ ᠲᠣᠭᠤᠭᠠᠴᠢ ᠲᠠᠢ ᠪᠢᠯᠨ᠃ ᠠᠩᠬ᠎ᠠ ᠪᠠᠭ᠎ᠠ ᠶᠢᠨ ᠠᠩᠬᠢ ᠪᠠᠨ ᠲᠡᠬᠦᠰᠪᠡᠯ

ᠬᠦᠪᠡᠭᠡᠳᠦ ᠴᠠᠭᠠᠨ ᠬᠤᠰᠢᠭᠤᠨ ᠳᠤ ᠪᠠᠶᠢᠭᠰᠠᠨ ᠪᠥᠷᠢᠨ ᠪᠠᠭ᠎ᠠ ᠰᠣᠷᠭᠠᠭᠤᠯᠢ ᠳᠤ ᠣᠴᠢᠳᠠᠭ᠃ ᠪᠥᠷᠢᠨ ᠪᠠᠭ᠎ᠠ

ᠰᠣᠷᠭᠠᠭᠤᠯᠢ ᠪᠠᠨ ᠲᠡᠬᠦᠰᠪᠡᠯ ᠵᠠᠷᠢᠮ ᠨᠢ ᠠᠵᠢᠯ ᠳᠤ ᠭᠠᠷᠳᠠᠭ ᠪᠣᠶᠣ ᠭᠡᠷ ᠲᠡᠭᠡᠨ ᠬᠠᠷᠢᠳᠠᠭ᠃ ᠵᠠᠷᠢᠮ

ᠰᠣᠷᠤᠭᠴᠢ ᠶᠢᠨ ᠭᠡᠷ ᠤᠨ ᠠᠮᠢᠳᠣᠷᠠᠯ ᠭᠠᠶᠢᠭᠤᠢ ᠰᠢᠭ᠋ ᠪᠣᠯ ᠮᠥᠩᠬᠦ ᠭᠠᠷᠭᠠᠵᠣ ᠵᠠᠩᠪᠸᠢ ᠶᠢᠨ ᠮᠣᠩᠭᠤᠯ

ᠵᠠᠯᠠᠭᠤᠰ ᠤᠨ ᠰᠣᠷᠭᠠᠭᠤᠯᠢ ᠲᠠᠷᠣᠢ ︽ᠴᠠᠬᠠᠷ ᠴᠢᠭᠤᠯᠭᠠᠨ ᠤ ᠡᠷᠳᠡᠮᠰᠣᠶᠣᠯᠳᠦ ᠮᠣᠩᠭᠤᠯ ᠲᠣᠮᠳᠠᠳᠦ ᠰᠣᠷᠭᠠᠭᠤᠯᠢ︾

ᠵᠡᠷᠭᠡ ᠳᠤ ᠣᠴᠢᠵᠣ ᠰᠣᠷᠣᠯᠴᠠᠬᠤ ᠪᠣᠶᠣ ᠴᠢᠭᠤᠯᠣᠯᠳᠦ ᠬᠠᠭᠠᠯᠭ᠎ᠠ ᠳᠤ ᠣᠴᠢᠵᠣ ᠪᠠᠭᠰᠢ  ᠶᠢᠨ ᠰᠣᠷᠭᠠᠭᠤᠯᠢ ᠳᠤ

ᠣᠷᠤᠳᠠᠭ ᠴᠣ᠋ ᠪᠣᠢ᠃ ᠡᠨ᠋ᠨ ᠮᠡᠳᠦ ᠪᠠᠷ ᠭᠡᠳᠦᠨ ᠬᠤᠭᠤᠴᠠᠭ᠎ᠠ ᠪᠣᠯᠵᠤ ᠪᠠᠶᠢᠳᠠᠯ᠎ᠠ ᠶᠠᠫᠣᠨ ᠣᠷᠣᠵᠤ ᠢᠷᠡᠭᠰᠡᠨ ᠳᠤ

ᠬᠢᠳᠠᠳ ᠪᠠᠭᠰᠢ ᠨᠢ ᠶᠠᠪᠣᠵᠤ᠂ ᠲᠠᠬᠢᠭᠠᠳ ᠬᠤᠰᠢᠭᠤᠨ ᠠᠴᠠ ᠥᠪᠡᠷᠳᠡᠭᠡᠨ ᠡᠷᠬᠢᠯᠡᠵᠤ᠂ ᠮᠣᠩᠭᠤᠯ ᠪᠠᠭᠰᠢ ᠲᠠᠯᠪᠢᠵᠣ

᠂ ᠪᠠᠰᠨ ᠰᠣᠷᠤᠭᠴᠢ ᠶᠢᠨ ᠬᠦᠨᠡᠰᠣ ᠶᠢ ᠰᠢᠭᠤᠳ ᠬᠤᠰᠢᠭᠤᠨ ᠠᠴᠠ ᠰᠢᠢᠳᠪᠣᠷᠢᠯᠡᠬᠦ ᠪᠣᠯᠵᠠᠢ᠃ ᠰᠣᠷᠭᠠᠭᠤᠯᠢ ᠳᠤ

ᠨᠢᠭᠡ ᠵᠠᠭᠤ ᠲᠠᠪᠢᠨ ᠴᠢᠩ ᠲᠦᠷᠢᠶᠡᠰᠣᠨ ᠲᠡᠷᠢᠶ᠎ᠠ ᠬᠤᠪᠢᠳᠠᠨ ᠥᠭᠴᠠᠢ᠃ ᠠᠩᠬᠠᠳᠤᠭᠠᠷ ᠬᠤᠭᠤᠴᠠᠭᠠᠨ ᠤ

ᠰᠣᠷᠭᠠᠭᠤᠯᠢ  ᠶᠢᠨ ᠲᠠᠷᠤᠭ᠎ᠠ ᠨᠢ ᠡᠩᠭᠡᠳᠡᠯᠭᠡᠷ᠂ ᠰᠣᠷᠭᠠᠭᠴᠢ ᠨᠢ ᠬᠠᠳᠠᠨᠪᠠᠭᠠᠳᠣᠷ᠂ ᠬᠤᠭᠤᠯᠨ ᠣᠮᠳᠠ ᠶᠢ

ᠬᠠᠮᠢᠶᠠᠷᠣᠭᠴᠢ ᠨᠢ ᠰᠣᠳᠨᠠᠮᠳᠣᠷᠵᠢ ᠪᠠᠶᠢᠪᠠ᠃ ᠲᠠᠷᠠᠭ᠎ᠠ ᠬᠤᠭᠤᠴᠠᠭ᠎ᠠ ᠨᠢ ᠪᠣᠶᠠᠨᠳᠠᠯᠠᠢ᠂ ᠬᠠᠳᠠᠨᠪᠠᠭᠠᠳᠣᠷ᠂

ᠽᠠᠶᠢᠫᠣᠩᠭ᠎ᠠ ᠨᠠᠷ ᠢᠷᠡᠵᠤ ᠴᠢᠯᠣᠭᠡᠯᠡᠭᠳᠡᠬᠦ ᠬᠦᠷᠳᠡᠯ᠎ᠡ ᠠᠵᠢᠯᠯᠠᠵᠤ ᠪᠠᠶᠢᠪᠠ᠃

     ᠢᠷᠭᠡᠨ ᠣᠯᠣᠰ ᠤᠨ ᠶᠢᠰᠣᠳᠦᠭᠡᠷ ᠣᠨ ︵1920 ᠣᠨ︶ ᠎ ᠳᠤ ᠴᠠᠬᠠᠷ ᠲᠤᠰᠬᠠᠢ ᠣᠷᠣᠨ ᠤ ᠵᠡᠬᠦᠨ

ᠭᠠᠷ ᠤᠨ ᠲᠦᠷᠪᠡᠨ ᠬᠤᠰᠢᠭᠤ — ᠬᠦᠯᠣ ᠬᠦᠭᠡ᠂ ᠬᠦᠪᠡᠭᠡᠳᠦ ᠴᠠᠭᠠᠨ᠂ ᠬᠦᠯᠣ ᠴᠠᠭᠠᠨ᠂ ᠬᠦᠪᠡᠭᠡᠳᠦ ᠰᠢᠷ᠎ᠡ

᠎ ᠶᠢᠨ ᠠᠩᠬᠠᠳᠠᠭᠴᠢ ᠲᠡᠭᠡᠳᠦ ᠵᠡᠷᠭᠡ ᠶᠢᠨ ᠪᠠᠭ᠎ᠠ ᠰᠣᠷᠭᠠᠭᠤᠯᠢ ᠲᠣᠬᠠᠶᠢᠯᠠᠪᠠᠯ ᠴᠠᠬᠠᠷ ᠮᠣᠵᠢ ᠶᠢᠨ ᠨᠠᠢᠮᠠᠨ

ᠬᠤᠰᠢᠭᠤᠨ ᠤ ᠲᠡᠭᠡᠳᠦ ᠵᠡᠷᠭᠡ ᠶᠢᠨ ᠨᠢᠭᠡᠳᠦᠭᠡᠷ ᠪᠠᠭ᠎ᠠ ᠰᠣᠷᠭᠠᠭᠤᠯᠢ ᠶᠢ ᠬᠦᠪᠡᠭᠡᠳᠦ ᠴᠠᠭᠠᠨ ᠬᠤᠰᠢᠭᠤᠨ ᠤ ᠶᠠᠮᠣᠨ

ᠲᠡᠭᠡᠷ᠎ᠡ ᠪᠠᠶᠢᠭᠤᠯᠵᠠᠢ᠃ ᠰᠣᠷᠭᠠᠭᠤᠯᠢ ᠪᠠᠶᠢᠭᠤᠯᠣᠭᠰᠠᠨ ᠡᠬᠢᠨ ᠤ ᠦᠶ᠎ᠡ ᠳᠡᠭᠡᠨ ᠭᠤᠣᠯ ᠨᠢ ᠬᠢᠳᠡᠳ ᠰᠢᠶᠠᠨᠱᠧᠩ

ᠵᠠᠯᠠᠵᠤ ᠰᠣᠷᠤᠭᠴᠢᠳ ᠲᠤ ᠴᠢᠭᠤᠯᠣᠯᠳᠦ ᠬᠠᠭᠠᠯᠭ᠎ᠠ ᠳᠠᠬᠢ ︽ᠭᠡᠷᠡᠯᠳᠦ ᠪᠢᠴᠢᠭ ᠤᠨ ᠬᠤᠷᠢᠶ᠎ᠠ︾᠎ ᠠᠴᠠ ᠬᠡᠪᠯᠡᠨ

ᠲᠠᠷᠬᠠᠭᠠᠭᠰᠠᠨ ︽ᠪᠣᠭᠳᠠ ᠶᠢᠨ ᠰᠣᠷᠭᠠᠯ ᠢ ᠰᠠᠩᠭᠡᠷᠡᠬᠦᠯᠣᠨ ᠪᠠᠳᠠᠷᠠᠭᠤᠯᠣᠭᠰᠠᠨ ᠪᠢᠴᠢᠭ ᠤᠨ ᠠᠷᠪᠠᠨ ᠵᠢᠷᠭᠤᠭᠠᠨ

ᠪᠥᠯᠥᠭ︾᠂ ︽ᠭᠤᠷᠪᠠᠨ ᠦᠰᠦᠭᠳᠦ ᠨᠣᠮ︾᠂ ︽ᠲᠦᠷᠪᠡᠨ ᠪᠢᠴᠢᠭ︾᠂ ︽ᠲᠠᠪᠣᠨ ᠨᠣᠮ︾ ᠵᠡᠷᠭᠡ ᠨᠣᠮ ᠢ

ᠬᠢᠳᠡᠳ ᠢᠶᠠᠷ ᠵᠢᠭᠠᠳᠠᠭ ᠪᠠᠶᠢᠵᠠᠢ᠃

    1930 ᠣᠨ  ᠤ ᠰᠡᠬᠦᠯᠴᠢ ᠪᠠᠷ ᠬᠤᠰᠢᠭᠤ ᠨᠤᠭᠤᠳ ᠤᠨ ᠰᠣᠷᠭᠠᠭᠤᠯᠢ ᠨᠢ ︽ᠭᠡᠯᠨ ᠪᠢᠴᠢᠭ︾ ︵ᠴᠠᠭᠠᠨ

ᠲᠣᠯᠣᠭᠠᠢ︶᠂ ︽ᠲᠤᠭ᠎ᠠ ᠪᠣᠳᠣᠯᠭ᠎ᠠ︾᠎ ᠶᠢ ᠮᠣᠩᠭᠤᠯ ᠭᠡᠯᠨ ᠪᠠᠷ ᠵᠢᠭᠠᠬᠤ ᠪᠣᠯᠣᠭᠰᠠᠠ ᠮᠥᠷᠳᠡᠭᠡᠨ ᠵᠦᠪᠭᠡᠨ

ᠡᠷᠡᠭᠳᠡᠢ ᠰᠣᠷᠤᠭᠴᠢ ᠡᠯᠰᠡᠳᠡᠭ  ᠠᠴᠠ  ᠪᠠᠨ ᠬᠤᠪᠢᠷᠠᠭᠠᠳ ᠭᠡᠣᠭᠡᠨ ᠰᠣᠷᠤᠭᠴᠢ ᠴᠣ᠋ ᠡᠯᠰᠡᠬᠦ ᠪᠣᠯᠵᠠᠢ᠃

    ᠮᠢᠩᠭᠠᠨ ᠬᠤᠰᠢᠭᠤ ᠨᠢ ᠢᠷᠭᠡᠨ ᠣᠯᠣᠰ ᠤᠨ ᠲᠠᠪᠣᠳᠣᠭᠠᠷ ᠣᠨ ︵1916 ᠣᠨ︶᠎ ᠤ ᠣᠷᠴᠢᠮ ᠢᠶᠠᠷ

ᠣᠳᠦ ᠶᠢᠨ ᠰᠢᠯᠣᠭᠤᠨ ᠬᠦᠭᠡ ᠬᠤᠰᠢᠭᠤᠨ ᠤ ᠬᠠᠳᠠᠨ ᠬᠤᠰᠢᠭᠤ ᠰᠦᠮ᠎ᠡ ᠶᠢᠨ ᠪᠠᠷᠠᠭᠤᠨ ᠲᠣᠣᠷ᠎ᠠ ︽ᠴᠠᠬᠠᠷ

ᠮᠣᠵᠢ ᠶᠢᠨ ᠦᠭᠡᠷ ᠬᠤᠨᠢᠨ ᠰᠦᠷᠦᠭ ᠤᠨ ᠲᠣᠭᠳᠠᠮ ᠵᠡᠷᠭᠡ ᠶᠢᠨ ᠪᠠᠭ᠎ᠠ ᠰᠣᠷᠭᠠᠭᠤᠯᠢ︾ ᠪᠠᠶᠢᠭᠤᠯᠵᠤ ᠰᠦᠷᠦᠭ

ᠬᠤᠰᠢᠭᠤᠳ ᠤᠨ ᠰᠣᠷᠭᠠᠭᠤᠯᠢ ᠪᠣᠯᠭᠠᠵᠠᠢ᠃ ᠡᠬᠢᠨ ᠳᠡᠭᠡᠨ ᠴᠣᠯ ᠬᠢᠳᠡᠳ ᠢᠶᠠᠷ ᠬᠢᠴᠢᠶᠡᠯᠯᠡᠳᠡᠭ ᠪᠥᠭᠡᠳ ᠬᠠᠮᠤᠭ

ᠲᠦᠷᠣᠬᠦᠨ ᠤ ᠠᠩᠬᠢ ᠨᠢ ᠲᠦᠴᠢ ᠭᠠᠷᠣᠢ ᠰᠣᠷᠤᠭᠴᠢ ᠲᠠᠢ ᠪᠠᠶᠢᠵᠠᠢ᠃ ᠢᠷᠭᠡᠨ ᠣᠯᠣᠰ ᠤᠨ ᠶᠢᠰᠣᠳᠦᠭᠡᠷ ᠣᠨ ᠤ

ᠣᠷᠴᠢᠮ ᠢᠶᠠᠷ ᠠᠩᠬᠠᠳᠠᠭᠴᠢ ᠠᠩᠬᠢ ᠨᠢ ᠰᠣᠷᠤᠯᠭ᠎ᠠ ᠲᠡᠬᠦᠰᠴᠠᠢ᠃ ᠡᠨ᠋ᠨ ᠠᠩᠬᠢ ᠠᠴᠠ ᠰᠡᠬᠦᠯ ᠤᠨ ᠦᠶ᠎ᠡ ᠳᠤ

ᠴᠠᠬᠠᠷ ᠨᠣᠳᠤᠭ ᠢᠶᠠᠷ ᠨᠡᠯᠢᠶᠡᠳ ᠨᠥᠯᠣᠭᠡ ᠲᠠᠢ ᠬᠦᠮᠣᠰ ᠭᠠᠷᠣᠭᠰᠠᠨ ᠪᠠᠶᠢᠨ᠎ᠠ᠃ ᠡᠬᠦᠨ ᠳᠤ ᠣᠶᠣᠨᠪᠢᠯᠢᠭ᠌᠂

ᠷᠢᠭ᠍ᠵᠢᠨᠱᠣᠩᠨᠣ᠂ ᠨᠢᠮᠬᠤᠳᠽᠠᠷ᠂ ᠲᠣᠷᠵᠢᠶᠦ᠋ᠩᠷᠣᠩ᠂ ᠫᠣᠩᠰᠣᠭᠷᠢᠨᠴᠢᠨ ᠵᠡᠷᠭᠡ ᠬᠦᠮᠣᠰ ᠢ ᠲᠤᠷᠠᠳᠴᠣ ᠪᠣᠯᠣᠨ᠎ᠠ᠃

1929 ᠣᠨ ᠳᠤ ᠴᠣᠭ᠋ᠧᠴᠢᠷ ᠰᠣᠷᠭᠠᠭᠤᠯᠢ ᠶᠢᠨ ᠵᠠᠬᠢᠷᠣᠯ ᠪᠣᠯᠵᠤ᠂ ᠮᠣᠩᠭᠤᠯ ᠣᠯᠣᠰ ᠠᠴᠠ ᠪᠣᠴᠠᠨ ᠢᠷᠡᠭᠰᠡᠨ

ᠲᠤᠰ ᠰᠣᠷᠭᠠᠭᠤᠯᠢ ᠶᠢᠨ ᠣᠣᠭᠠᠨ ᠰᠣᠷᠤᠭᠴᠢ ᠣᠶᠣᠨᠪᠢᠯᠢᠭ᠌ ᠢ ᠪᠠᠭᠰᠢ ᠪᠠᠷ ᠵᠠᠯᠠᠭᠰᠠᠨ ᠪᠠᠶᠢᠨ᠎ᠠ᠃ ᠣᠶᠣᠨᠪᠢᠯᠢᠭ᠌

ᠪᠠᠭᠰᠢ ᠥᠪᠡᠷ ᠢᠶᠠᠨ ᠴᠠᠭᠠᠨ ᠲᠣᠯᠣᠭᠠᠢ ᠨᠠᠶᠢᠷᠠᠭᠤᠯᠣᠨ ᠪᠢᠴᠢᠵᠣ᠂ ᠰᠣᠷᠤᠭᠴᠢᠳ ᠲᠠᠭᠠᠨ ᠲᠦᠷᠣᠯᠬᠢ ᠮᠣᠩᠭᠤᠯ

ᠭᠡᠯᠨ ᠪᠠᠷ ᠢᠶᠠᠨ ᠬᠢᠴᠢᠶᠡᠯᠯᠡᠳᠡᠭ ᠪᠠᠶᠢᠵᠠᠢ᠃ ᠢᠩᠬᠢᠭᠡᠳ ᠣᠶᠢᠷ᠎ᠠ ᠣᠷᠴᠢᠮ ᠤᠨ ᠬᠦᠮᠣᠰ ᠲᠤ ︽ᠣᠶᠣᠨᠪᠢᠯᠢᠭ᠌ ᠤᠨ

ᠴᠠᠭᠠᠨ ᠲᠣᠯᠣᠭᠠᠢ︾ ᠭᠡᠵᠤ ᠨᠡᠷ᠎ᠡ ᠠᠯᠳᠠᠷᠰᠢᠭᠰᠠᠨ ᠪᠢᠯᠨ᠃

     1942 ᠣᠨ ᠳᠤ ᠮᠢᠩᠭᠠᠨ ᠬᠤᠰᠢᠭᠤ ᠶᠠᠮᠣᠨ ᠤ ᠠᠷᠠᠳ ᠤᠨ ᠵᠠᠰᠠᠭ ᠤᠨ ᠰᠠᠯᠠᠭᠠᠨ ᠲᠠᠷᠤᠭ᠎ᠠ ᠪᠠᠶᠢᠭᠰᠠᠨ

ᠲᠤᠷᠵᠢᠶᠦ᠋ᠩᠷᠣᠩ ᠰᠣᠷᠭᠠᠭᠤᠯᠢ ᠶᠢᠨ ᠵᠠᠬᠢᠷᠣᠯ ᠤᠨ ᠠᠵᠢᠯ  ᠢ 1945 ᠣᠨ ᠬᠦᠷᠳᠡᠯ᠎ᠠ ᠬᠠᠪᠰᠣᠷᠭᠠᠨ ᠬᠠᠷᠢᠭᠤᠴᠠᠪᠠ

᠃ ᠡᠨ᠋ᠨ ᠦᠶ᠎ᠡ  ᠳᠤ ᠶᠠᠩᠵᠠᠪ᠂ ᠯᠾᠠᠮᠣᠵᠠᠪ᠂ ᠲᠠᠰᠢᠴᠢᠷᠢᠨ᠂ ᠵᠣᠮᠴᠣᠣ᠂ ᠣᠶᠣᠨᠰᠡᠴᠡᠨ᠂ ᠰᠠᠮᠪᠠ᠂ ᠰᠣᠨᠢᠨᠪᠠᠶᠠᠷ᠂

ᠮᠥᠩᠭᠡ ᠵᠡᠷᠭᠡ ᠬᠦᠮᠣᠰ ᠪᠠᠭᠰᠢᠯᠠᠵᠤ ᠪᠠᠶᠢᠵᠠᠢ᠃

     1930 ᠣᠨ ᠤ ᠦᠶ᠎ᠡ ᠳᠤ ᠴᠠᠬᠠᠷ ᠴᠢᠭᠤᠯᠭᠠᠨ ᠲᠠᠷᠤᠭ᠎ᠠ ᠵᠣᠳᠪᠠᠵᠠᠪ ᠵᠡᠷᠭᠡ ᠨᠢᠭᠡ ᠪᠥᠯᠥᠭ ᠰᠡᠭᠡᠭᠡᠷᠡᠭᠰᠡᠨ

ᠠᠮᠪᠠᠰ ᠨᠣᠶᠠᠳ ᠵᠦᠪᠳᠡᠯᠴᠡᠨ᠂ ᠮᠣᠩᠭᠤᠯᠴᠣᠳ ᠤᠨ ᠢᠶᠠᠨ ᠰᠣᠶᠣᠯ ᠮᠡᠳᠡᠯᠭᠡ ᠶᠢ ᠲᠡᠭᠡᠭᠰᠢᠯᠡᠬᠦᠯᠵᠣ᠂ ᠲᠡᠯᠡᠭᠡᠢ

ᠳ᠋ᠠᠬᠢᠨ ᠤ ᠲᠠᠪᠰᠢᠭᠰᠠᠨ ᠦᠨᠳᠦᠰᠣᠳᠡᠨ ᠯᠦᠭᠡ ᠮᠥᠷᠣ ᠵᠡᠷᠭᠡᠴᠡᠨ ᠣᠷᠤᠭᠰᠢᠯᠠᠬᠤ ᠵᠠᠮ ᠮᠥᠷ ᠬᠠᠶᠢᠬᠤ ᠶᠢᠨ ᠲᠥᠯᠣᠭᠡ

ᠨᠢᠭᠡ ᠰᠠᠭᠤᠷᠢ ᠰᠣᠷᠭᠠᠭᠤᠯᠢ ᠪᠠᠶᠢᠭᠤᠯᠬᠤ ᠪᠠᠴᠢᠮ ᠬᠡᠷᠡᠭᠴᠡᠭᠡ ᠶᠢ ᠲᠤᠬᠠᠢ ᠶᠢᠨ ᠦᠶᠡᠰ ᠤᠨ ᠬᠠᠭᠤᠷᠮᠠᠭ ︽

ᠮᠣᠩᠭᠤᠯ ᠤᠨ ᠥᠪᠡᠰᠣᠪᠡᠨ ᠵᠠᠰᠠᠬᠤ ᠬᠠᠮᠳᠣᠷᠠᠭᠰᠠᠨ ᠵᠠᠰᠠᠭ ᠤᠨ ᠭᠠᠵᠠᠷ︾᠎ ᠤᠨ ︽ᠲᠡᠷᠢᠬᠦᠨ ᠨᠣᠶᠠᠨ︾

ᠲᠡᠮᠴᠦᠭᠳᠣᠩᠷᠣᠪ ᠲᠤ ᠮᠡᠳᠡᠬᠦᠯᠣᠨ ᠵᠦᠪᠰᠢᠶᠡᠷᠡᠯ ᠣᠯᠣᠭᠠᠳ 1936 ᠣᠨ ᠳᠤ ᠴᠠᠬᠠᠷ ᠮᠣᠩᠭᠤᠯᠴᠣᠳ ᠤᠨ

ᠲᠡᠣᠭᠡᠨ ᠲᠣᠮᠣᠭᠳᠦ ᠨᠣᠳᠤᠭ ᠬᠠᠷ᠎ᠠ ᠪᠠᠯᠭᠠᠰᠣ — ᠵᠠᠩᠪᠸᠢ ᠰᠢᠶᠠᠨ  ᠳᠤ ︽ᠴᠠᠬᠠᠷ ᠴᠢᠭᠤᠯᠭᠠᠨ ᠤ ᠮᠣᠩᠭᠤᠯ ᠢ

ᠮᠠᠨᠳᠣᠭᠤᠯᠬᠤ ᠠᠵᠢᠯ ᠤᠨ ᠲᠣᠮᠳᠠᠳᠦ ᠰᠣᠷᠭᠠᠭᠤᠯᠢ︾᠎ ᠶᠢ ᠠᠩᠬ᠎ᠠ ᠡᠬᠦᠰᠭᠡᠨ ᠪᠠᠶᠢᠭᠤᠯᠵᠤ᠂ ᠭᠡᠳᠦᠨ ᠵᠢᠯ ᠤᠨ

ᠲᠠᠷᠠᠭ᠎ᠠ ︽ᠴᠠᠬᠠᠷ ᠴᠢᠭᠤᠯᠭᠠᠨ ᠤ ᠵᠠᠩᠪᠸᠢ ᠳᠠᠬᠢ ᠮᠣᠩᠭᠤᠯ ᠢ ᠮᠠᠨᠳᠣᠭᠤᠯᠬᠤ ᠡᠷᠳᠡᠮᠰᠣᠶᠣᠯᠳᠦ ᠲᠣᠮᠳᠠᠳᠦ

ᠰᠣᠷᠭᠠᠭᠤᠯᠢ︾ ᠭᠡᠵᠤ ᠥᠭᠡᠷᠡᠴᠢᠯᠡᠨ ᠨᠡᠷᠡᠯᠡᠵᠠᠢ᠃ ᠡᠨ᠋ᠨ ᠰᠣᠷᠭᠠᠭᠤᠯᠢ ᠶᠢ ︽ᠵᠠᠩᠪᠸᠢ  ᠶᠢᠨ ᠵᠠᠯᠠᠭᠤᠰ ᠤᠨ

ᠰᠣᠷᠭᠠᠭᠤᠯᠢ︾ ᠴᠤ ᠭᠡᠳᠡᠭ᠃ ᠲᠤᠰ ᠰᠣᠷᠭᠠᠭᠤᠯᠢ 1936 — 1945 ᠣᠨ ᠬᠦᠷᠳᠡᠯ᠎ᠡ ᠶᠢᠰᠣᠨ ᠵᠢᠯ ᠳᠤ

ᠨᠡᠶᠢᠳᠡ ᠬᠤᠷᠢᠨ ᠭᠡᠳᠦᠨ ᠬᠤᠭᠤᠴᠠᠭ᠎ᠠ ᠶᠢᠨ ᠠᠩᠬᠢ ᠡᠷᠬᠢᠯᠡᠭᠡᠳ ᠵᠢᠷᠭᠤᠭᠠᠨ ᠵᠠᠭᠤ ᠭᠠᠷᠣᠢ ᠰᠣᠷᠤᠭᠴᠢᠳ ᠢ

ᠰᠣᠷᠤᠯᠴᠠᠭᠤᠯᠣᠨ ᠲᠡᠬᠦᠰᠭᠡᠵᠠᠢ᠃ ᠲᠤᠰ ᠰᠣᠷᠭᠠᠭᠤᠯᠢ ᠠᠴᠠ ᠲᠡᠬᠦᠰᠦᠭᠰᠡᠨ ᠰᠣᠷᠤᠭᠴᠢᠳ ᠤᠨ ᠣᠬᠢ ᠰᠢᠯᠢᠳᠡᠭ

ᠰᠣᠷᠤᠯᠭᠠᠳᠠᠨ ᠨᠠᠷ ᠶᠠᠫᠣᠨ ᠣᠯᠣᠰ ᠪᠠ ᠬᠠᠭᠤᠷᠮᠠᠭ ︽ᠮᠠᠨᠵᠣ ᠣᠯᠣᠰ︾᠎ ᠤᠨ ᠶᠡᠭᠡ ᠲᠡᠭᠡᠳᠦ ᠰᠣᠷᠭᠠᠭᠤᠯᠢ ᠳᠤ

ᠬᠦᠷᠭᠡᠭᠳᠡᠨ ᠣᠴᠢᠵᠣ ᠠᠯᠪᠠᠨ ᠵᠠᠷᠣᠳᠠᠯ ᠢᠶᠠᠷ ᠰᠣᠷᠤᠯᠴᠠᠳᠠᠭ ᠪᠠᠶᠢᠪᠠ᠃ ᠡᠳᠡᠭᠡᠷ ᠤᠨ ᠲᠣᠳᠣᠷ᠎ᠠ  ᠠᠴᠠ ᠨᠡᠷ᠎ᠡ

ᠠᠯᠳᠠᠷᠰᠢᠭᠰᠠᠨ ᠰᠠᠶᠢᠴᠣᠩᠭ᠎ᠠ᠂ ᠬᠠᠩᠬᠢᠨ ᠭᠤᠮᠪᠣᠵᠠᠪ ᠵᠡᠷᠭᠡ ᠶᠢᠨ ᠡᠷᠳᠡᠮᠳᠡᠨ ᠴᠣᠯᠭᠤᠷᠠᠨ ᠭᠠᠷᠤᠭᠰᠠᠨ ᠨᠢ ᠲᠤᠰ

ᠰᠣᠷᠭᠠᠭᠤᠯᠢ ᠶᠢᠨ ᠣᠮᠣᠭᠰᠢᠯ ᠶᠣᠮ᠃

     ᠲᠤᠰ ᠰᠣᠷᠭᠠᠭᠤᠯᠢ ᠨᠢ 1939 ᠣᠨ ᠠᠴᠠ ᠦᠬᠢᠳ ᠤᠨ ᠠᠩᠬᠢ ᠪᠠᠶᠢᠭᠤᠯᠵᠠᠢ᠃ ᠰᠡᠬᠦᠯ ᠳᠤ ᠨᠢ ᠴᠠᠭ

ᠲᠦᠷᠣ ᠶᠢᠨ ᠣᠶᠢᠮᠡᠭᠡᠨ ᠠᠴᠠ 1944 ᠣᠨ ᠤ ᠨᠠᠮᠣᠷ ᠦᠬᠢᠳ ᠤᠨ ᠠᠩᠬᠢ ᠨᠢ ᠮᠢᠩᠭᠠᠨ ᠬᠤᠰᠢᠭᠤᠨ ᠤ ᠲᠤᠶ᠋ᠢᠩ

ᠬᠠᠶᠢᠷᠬᠠᠨ ᠤ ᠡᠩᠭᠡᠷ ᠲᠤ ᠨᠡᠬᠦᠨ ᠢᠷᠡᠵᠠᠢ᠃ 1945 ᠣᠨ ᠳᠤ ᠬᠦᠪᠡᠬᠦᠳ ᠤᠨ ᠠᠩᠬᠢ ᠴᠣ᠋ ᠮᠥᠨ ᠨᠡᠬᠦᠵᠣ

ᠢᠷᠡᠵᠠᠢ᠃

     ᠴᠠᠬᠠᠷ ᠴᠢᠭᠤᠯᠭᠠᠨ ᠤ ᠡᠷᠳᠡᠮᠰᠣᠶᠣᠯᠳᠦ ᠮᠣᠩᠭᠤᠯ ᠲᠣᠮᠳᠠᠳᠦ ᠰᠣᠷᠭᠠᠭᠤᠯᠢ ᠶᠢᠨ ᠵᠠᠬᠢᠷᠣᠯ ᠪᠠᠶᠢᠭᠰᠠᠨ ᠲᠠᠪᠣᠨ

ᠬᠦᠮᠣᠨ ᠤ ᠲᠣᠳᠣᠷ᠎ᠠ ᠠᠴᠠ ᠬᠦᠪᠡᠭᠡᠳᠦ ᠴᠠᠭᠠᠨ ᠬᠤᠰᠢᠭᠤᠨ  ᠤ ᠡᠷᠭᠡᠰᠠᠶᠢᠨ 1944 — 1945 ᠣᠨ

ᠬᠦᠷᠳᠡᠯ᠎ᠠ ᠵᠠᠬᠢᠷᠣᠯ ᠪᠠᠶᠢᠵᠠᠢ᠃ ᠰᠣᠷᠭᠠᠭᠤᠯᠢ ᠶᠢᠨ 26 ᠪᠠᠭᠰᠢ ᠶᠢᠨ ᠲᠣᠳᠣᠷ᠎ᠠ ᠬᠦᠯᠣ ᠴᠠᠭᠠᠨ᠂ ᠨᠣᠳᠤᠭ ᠲᠠᠢ

ᠠᠭᠳᠣᠩᠭ᠎ᠠ᠂ ᠰᠣᠳᠨᠠᠮᠵᠠᠰᠣ᠂ ᠲᠣᠷᠵᠢᠫᠠᠯᠮ᠎ᠠ᠂ ᠸᠴᠢᠷ᠂ ᠰᠣᠳᠨᠠᠮᠵᠣᠮᠴᠣᠣ᠂ ᠭᠠᠯᠰᠠᠩ ︵ᠦᠬᠢᠳ ᠤᠨ ᠠᠩᠬᠢ

᠎ ᠶᠢᠨ︶᠂ ᠣᠳᠬᠠᠨ ︵ᠡᠮᠡᠭᠳᠡᠢ᠂ ᠦᠬᠢᠳ ᠤᠨ ᠠᠩᠬᠢ ᠶᠢᠨ︶ ᠵᠡᠷᠭᠡ ᠪᠠᠭᠰᠢ ᠨᠠᠷ ᠪᠠᠶᠢᠭᠰᠠᠨ᠃

     ᠪᠥᠷᠢᠨ ᠪᠣᠰᠣ ᠪᠥᠷᠢᠳᠭᠡᠯ ᠢ ᠦᠨᠳᠦᠰᠣᠯᠡᠪᠡᠯ ᠬᠦᠯᠣ ᠴᠠᠭᠠᠨ᠂ ᠬᠦᠪᠡᠭᠡᠳᠦ ᠴᠠᠭᠠᠨ ᠬᠤᠰᠢᠭᠤᠨ ᠠᠴᠠ

ᠰᠣᠷᠤᠯᠴᠠᠵᠣ ᠪᠠᠶᠢᠭᠰᠠᠨ ᠨᠡᠶᠢᠳᠡ 81 ᠰᠣᠷᠤᠭᠴᠢ᠃ ᠡᠬᠦᠨ  ᠳᠤ ᠡᠷᠡᠭᠳᠡᠢ 63᠂ ᠡᠮᠡᠭᠳᠡᠢ 18 ᠪᠠᠶᠢᠵᠠᠢ᠃

ᠮᠢᠩᠭᠠᠨ ᠬᠤᠰᠢᠭᠤᠨ  ᠤ 85 ᠰᠣᠷᠤᠭᠴᠢ᠃ ᠡᠬᠦᠨ ᠳᠤ ᠡᠷᠡᠭᠳᠡᠢ 58᠂ ᠡᠮᠡᠭᠳᠡᠢ 27 ᠰᠣᠷᠤᠭᠴᠢ ᠪᠠᠶᠢᠵᠠᠢ᠃

ᠡᠳᠡᠭᠡᠷ ᠬᠦᠮᠣᠰ ᠰᠢᠨ᠎ᠡ ᠰᠣᠶᠣᠯ ᠰᠣᠷᠭᠠᠨ ᠬᠦᠮᠣᠵᠢᠯ ᠬᠦᠷᠳᠡᠭᠰᠡᠨ ᠠᠴᠠ ᠰᠢᠨ᠎ᠡ ᠣᠷᠤᠰᠬᠠᠯ᠂ ᠰᠢᠨ᠎ᠡ ᠦᠵᠡᠯ

ᠰᠠᠨᠠᠭ᠎ᠠ ᠶᠢ ᠮᠠᠰᠢ ᠲᠦᠷᠭᠡᠨ ᠢᠶᠠᠷ ᠬᠦᠯᠢᠶᠡᠨ ᠠᠪᠴᠣ᠂ ᠬᠤᠪᠢᠰᠬᠠᠯ ᠤᠨ ᠵᠠᠮ  ᠢᠶᠠᠷ ᠡᠷᠡᠰ ᠵᠠᠮᠨᠠᠨ᠂ ᠡᠪ ᠬᠠᠮᠳᠦ

ᠨᠠᠮ ᠤᠨ ᠣᠳᠣᠷᠢᠳᠣᠯᠭ᠎ᠠ ᠲᠣᠣᠷ᠎ᠠ ᠴᠠᠬᠠᠷ ᠨᠣᠳᠤᠭ ᠤᠨ ᠴᠢᠯᠣᠭᠡᠯᠡᠯᠳᠡ ᠶᠢᠨ ᠦᠢᠯᠡᠰ ᠲᠠᠷᠡᠴᠢᠯᠡᠨ ᠥᠪᠣᠷ ᠮᠣᠩᠭᠤᠯ

᠎ ᠤᠨ ᠴᠢᠯᠣᠭᠡᠯᠡᠯᠳᠡ ᠪᠣᠯᠣᠨ ᠪᠥᠳᠦᠭᠡᠨ ᠪᠠᠶᠢᠭᠤᠯᠣᠯᠳᠠ  ᠶᠢᠨ ᠦᠢᠯᠡᠰ ᠤᠨ ᠲᠣᠮᠳᠠ ᠬᠦᠮᠦᠵᠢᠭᠳᠡᠨ ᠪᠣᠶᠢᠵᠢᠵᠣ ᠡᠯ᠎ᠡ

ᠹᠷᠤᠨᠲ ᠲᠡᠭᠡᠷᠡᠬᠢ ᠨᠢᠷᠤᠭᠤᠪᠴᠢ ᠬᠦᠴᠣᠨ ᠪᠣᠯᠵᠠᠢ᠃

     ᠡᠳᠡᠭᠡᠷ ᠤᠨ ᠲᠣᠳᠣᠷ᠎ᠠ ᠠᠴᠠ 31 ᠬᠦᠮᠣᠨ ᠢ ᠠᠳᠡ ᠨᠡᠷ᠎ᠡ ᠲᠤᠷᠠᠳᠣᠨ‌‍ᠲ᠋ᠠᠨᠢᠯᠴᠠᠭᠤᠯᠣᠶ᠎ᠠ᠃ ᠰᠣᠳᠨᠠᠮᠵᠣᠮᠴᠣ᠂

ᠫᠣᠩᠰᠣᠭᠴᠣᠬᠸ᠎ᠠ᠂ ᠰᠡᠷᠠᠩᠸᠠᠶᠢᠵᠠᠪ᠂ ᠯᠾᠠᠰᠦ᠋ᠷᠣᠩ᠂ ᠰᠠᠶ᠋ᠢᠩᠠᠣᠶᠢᠷᠣᠪ᠂ ᠫᠡᠷᠠᠩᠯᠠᠶᠢᠵᠠᠮᠰᠣ᠂ ᠬᠦᠷᠡᠯ᠂ ᠫᠧᠯᠵᠠᠢ᠂

ᠪᠠᠳᠦ᠂ ᠲᠡᠮᠣᠷᠪᠣᠯᠣᠳ᠂ ᠮᠥᠩᠭᠡᠳᠡᠮᠣᠷ᠂ ᠲᠠᠸ᠋ᠨ᠂ ᠠᠭᠳᠣᠩᠭ᠎ᠠ ᠵᠡᠷᠭᠡ ᠬᠦᠮᠣᠰ ᠤᠨ ᠨᠠᠮᠳᠠᠷ ᠠᠷᠣ ᠳᠤ ᠬᠢ ︽

ᠨᠡᠷᠡᠳᠦ ᠬᠦᠮᠣᠰ︾᠎ ᠲᠤ ᠨᠠᠮᠳᠠᠷᠯᠠᠭᠳᠠᠭᠰᠠᠨ ᠪᠣᠯᠬᠤᠷ ᠲᠡᠨᠳᠡ  ᠠᠴᠠ ᠱᠦᠬᠦᠵᠣ ᠣᠩᠰᠢᠨ᠎ᠠ ᠤᠤ᠃ ᠦᠯᠡᠳᠡᠭᠰᠡᠨ

18 ᠬᠦᠮᠣᠨ ᠢ ᠠᠳᠡ ᠨᠠᠮᠳᠠᠷᠯᠠᠨ ᠲᠠᠨᠢᠯᠴᠠᠭᠤᠯᠣᠶ᠎ᠠ᠃

    ᠪᠠᠯᠳᠠᠨ᠂ 1925 ᠣᠨ ᠳᠤ ᠬᠦᠯᠣ ᠴᠠᠭᠠᠨ ᠬᠤᠰᠢᠭᠤᠨ ᠤ ᠨᠠᠢᠮᠠᠳᠣᠭᠠᠷ ᠰᠣᠮᠣᠨ  ᠤ ᠮᠠᠯᠴᠢᠨ ᠮᠢᠨᠵᠣᠷᠳᠣᠷᠵᠢ

᠎ ᠶᠢᠨ ᠬᠦᠪᠡᠬᠦᠨ ᠪᠣᠯᠣᠨ ᠵᠠᠶᠠᠭᠠᠵᠠᠢ᠃ ᠪᠠᠭ᠎ᠠ ᠨᠠᠰᠣᠨ ᠳᠠᠭᠠᠨ ᠬᠤᠰᠢᠭᠤᠨ  ᠤ ᠪᠠᠭ᠎ᠠ ᠰᠣᠷᠭᠠᠭᠤᠯᠢ᠂ ᠵᠠᠩᠪᠸᠢ

᠎ ᠳᠠᠬᠢ ᠴᠠᠬᠠᠷ  ᠤᠨ ᠮᠣᠩᠭᠤᠯ ᠲᠣᠮᠳᠠᠳᠦ ᠰᠣᠷᠭᠠᠭᠤᠯᠢ᠂ ᠴᠢᠭᠤᠯᠣᠯᠳᠦ ᠬᠠᠭᠠᠯᠭ᠎ᠠ ᠳᠠᠬᠢ ᠶᠠᠫᠣᠨ ᠤ ᠰᠣᠷᠭᠠᠭᠤᠯᠢ

᠎ ᠨᠤᠭᠤᠳ ᠲᠤ ᠰᠣᠷᠤᠯᠴᠠᠵᠠᠢ᠃ 20 ᠨᠠᠰᠣᠳᠠᠢ ᠠᠵᠢᠯ ᠳᠤ ᠣᠷᠣᠯᠴᠠᠵᠠᠢ᠃ ᠣᠷᠢᠳ ᠬᠤᠵᠢᠳ ᠲᠣᠯᠣᠳᠣᠭᠠᠷ

ᠰᠣᠮᠣᠨ ᠤ ᠲᠠᠷᠤᠭ᠎ᠠ᠂ ᠬᠤᠰᠢᠭᠤᠨ ᠤ ᠡᠳ᠋ ᠤᠨ ᠵᠠᠰᠠᠭ ᠤᠨ ᠰᠠᠯᠠᠭᠠᠨ ᠤ ᠨᠢᠭᠳᠠᠯᠠᠨ ᠪᠣᠳᠣᠭᠴᠢ᠂ ᠰᠠᠯᠠᠭᠠᠨ ᠤ

ᠲᠡᠳ᠋ ᠲᠠᠷᠤᠭ᠎ᠠ᠂ ᠠᠷᠠᠳ ᠤᠨ ᠪᠠᠩᠬᠢ ᠶᠢᠨ ᠲᠡᠳ᠋ ᠲᠠᠷᠤᠭ᠎ᠠ᠂ ᠦᠢᠯᠡᠳᠪᠣᠷᠢ ᠬᠤᠳᠠᠯᠳᠤᠭ᠎ᠠ ᠶᠢᠨ ᠲᠣᠪᠴᠢᠶᠠᠨ ᠤ

ᠲᠡᠳ᠋ ᠲᠠᠷᠤᠭ᠎ᠠ ᠵᠡᠷᠭᠡ ᠲᠤᠰᠢᠶᠠᠯ ᠢ ᠬᠠᠷᠢᠭᠤᠴᠠᠪᠠ᠃ ᠠᠵᠢᠯ ᠢᠶᠠᠨ ᠲᠠᠷᠬᠠᠯᠠᠭᠰᠠᠨ ᠤ ᠲᠠᠷᠠᠭ᠎ᠠ ᠴᠠᠬᠠᠷ  ᠤᠨ

ᠲᠡᠣᠭᠡ ᠶᠢᠨ ᠲᠤᠬᠠᠢ ᠪᠠ ︽ᠮᠣᠩᠭᠤᠯ ᠵᠠᠩ ᠣᠶᠢᠯᠨ ᠶᠢᠨ ᠨᠡᠪᠳᠡᠷᠭᠡᠢ ᠲᠣᠯᠢ︾ ᠵᠡᠷᠭᠡ ᠳᠤ ᠡᠭᠡ ᠪᠢᠴᠢᠭ ᠪᠢᠴᠢᠵᠣ

ᠨᠡᠶᠢᠳᠡᠯᠡᠬᠦᠯᠦᠭᠰᠡᠨ ᠪᠠᠶᠢᠨ᠎ᠠ᠃

       ᠭᠤᠮᠪᠣᠵᠠᠪ ︵1931 — 1981 ᠣᠨ︶ ᠣᠣᠯ ᠤᠨ ᠬᠦᠯᠣ ᠴᠠᠭᠠᠨ ᠬᠤᠰᠢᠭᠤᠨ ᠤ ᠪᠠᠶᠠᠨᠴᠠᠭᠠᠨ

ᠭᠡᠳᠡᠭ ᠭᠠᠵᠠᠷ ᠠᠷᠪᠠᠨ ᠭᠤᠷᠪᠠᠳᠣᠭᠠᠷ ᠰᠣᠮᠣᠨ ᠤ ᠬᠠᠷᠢᠶᠠᠳᠦ ᠠᠷᠠᠳ ᠴᠢᠪᠴᠢᠨ ᠪᠠᠷᠭᠤ ᠣᠪᠣᠭᠳᠦ ᠰᠣᠩᠳᠣᠢ ᠶᠢᠨ

ᠬᠤᠶᠠᠳᠣᠭᠠᠷ ᠬᠦᠪᠡᠬᠦᠨ ᠪᠣᠯᠵᠤ ᠵᠠᠶᠠᠭᠠᠵᠠᠢ᠃ ᠲᠡᠷᠨ1942 ᠣᠨ ᠳᠤ ᠬᠤᠰᠢᠭᠤ ᠶᠠᠮᠣᠨ ᠬᠠᠨ᠎ᠠ ᠬᠠᠳᠠ ᠶᠢᠨ

ᠪᠠᠭ᠎ᠠ ᠰᠣᠷᠭᠠᠭᠤᠯᠢ  ᠳᠤ ᠨᠣᠮ ᠪᠢᠴᠢᠭ ᠦᠵᠡᠭᠡᠳ᠂1944 ᠣᠨ  ᠳᠤ ᠵᠠᠩᠪᠸᠢ ᠶᠢᠨ ᠮᠣᠩᠭᠤᠯ ᠲᠣᠮᠳᠠᠳᠦ

ᠰᠣᠷᠭᠠᠭᠤᠯᠢ ᠳᠤ ᠰᠣᠷᠤᠯᠴᠠᠪᠠ᠃

     1950 ᠣᠨ ᠤ ᠦᠶ᠎ᠡ ᠪᠠᠷ ᠬᠦᠪᠡᠭᠡᠳᠦ ᠰᠢᠷ᠎ᠡ ᠬᠤᠰᠢᠭᠤᠨ  ᠳᠤ ᠠᠷᠠᠳ ᠤᠨ ᠪᠠᠭᠰᠢ ᠪᠠᠷ ᠰᠢᠯᠵᠢᠨ

ᠣᠴᠢᠵᠣ᠂ ᠺᠢᠷᠢᠯ ᠦᠰᠦᠭ ᠰᠣᠷᠤᠯᠴᠠᠬᠤ ᠠᠩᠬᠢ᠂ ᠬᠤᠰᠢᠭᠤᠨ ᠤ ᠰᠣᠷᠭᠠᠨ ᠬᠦᠮᠣᠵᠢᠯ ᠤᠨ ᠲᠣᠪᠴᠢᠶ᠎ᠠ ᠵᠡᠷᠭᠡ

ᠪᠠᠶᠢᠭᠤᠯᠣᠯᠭ᠎ᠠ ᠨᠢᠭᠡᠴᠨ  ᠳᠤ ᠠᠵᠢᠯᠯᠠᠵᠤ ᠪᠠᠶᠢᠪᠠ᠃

     ︽ᠰᠣᠶᠣᠯ  ᠤᠨ ᠶᠡᠭᠡ ᠬᠤᠪᠢᠰᠬᠠᠯ︾ ᠎ ᠤᠨ ᠲᠣᠮᠳᠠ ︽ᠥᠪᠣᠷ ᠮᠣᠩᠭᠤᠯ ᠤᠨ ᠠᠷᠠᠳ  ᠤᠨ ᠬᠤᠪᠢᠰᠬᠠᠯᠳᠦ

ᠨᠠᠮᠳᠠᠨ︾ ᠎ ᠢᠶᠠᠷ ᠴᠣᠬᠢᠭᠳᠠᠵᠤ ᠪᠡᠶ᠎ᠡ ᠰᠡᠳᠬᠢᠯ  ᠳᠤ ᠨᠢ ᠰᠢᠷᠬ᠎ᠠ ᠰᠠᠭᠤᠭᠰᠠᠨ ᠠᠴᠠ ᠪᠣᠯᠵᠤ ᠲᠠᠪᠢᠬᠠᠨ

ᠨᠠᠰᠣᠳᠠᠢ ᠳᠠᠭᠠᠨ ᠨᠠᠰᠣ ᠪᠠᠷᠠᠵᠠᠢ᠃

     ᠰᠠᠩᠵᠠᠶᠢᠵᠠᠪ᠂ ᠣᠣᠯ ᠤᠨ ᠴᠠᠬᠠᠷ ᠠᠶᠢᠮᠠᠭ ᠤᠨ ᠮᠢᠩᠭᠠᠨ ᠬᠤᠰᠢᠭᠤᠨ ᠤ ᠨᠢᠭᠡᠳᠦᠭᠡᠷ ᠰᠣᠮᠣᠨ ᠤ ᠬᠦᠮᠣᠨ᠂

1920 ᠣᠨ  ᠳᠤ ᠣᠣᠯ  ᠤᠨ ᠵᠠᠩᠪᠸᠢ ᠰᠢᠶᠠᠨ ᠤ ᠴᠢᠯᠠᠭᠤᠨ ᠣᠩᠭᠤᠴᠨ ᠳᠤ ᠲᠦᠷᠣᠵᠠᠢ᠃ ᠪᠡᠭᠡᠵᠢᠩ ᠤᠨ

ᠮᠣᠩᠭᠤᠯ ᠲᠦᠪᠡᠳ ᠤᠨ ᠰᠣᠷᠭᠠᠭᠤᠯᠢ ᠪᠠ ᠰᠢᠩ ᠮᠧᠩ ᠲᠡᠭᠡᠳᠦ ᠰᠣᠷᠭᠠᠭᠤᠯᠢ  ᠳᠤ ᠰᠣᠷᠤᠯᠴᠠᠪᠠ᠃ 1937

ᠣᠨ ᠳᠤ ᠶᠠᠫᠣᠨ  ᠳᠤ ᠣᠴᠢᠵᠣ ᠰᠣᠷᠤᠯᠴᠠᠵᠠᠢ᠃ ᠣᠯᠣᠰ ᠲᠠᠭᠠᠨ ᠪᠣᠴᠠᠭᠰᠠᠨ ᠤ ᠲᠠᠷᠠᠭ᠎ᠠ ᠴᠢᠭᠤᠯᠣᠯᠳᠦ ᠬᠠᠭᠠᠯᠭ᠎ᠠ

᠎ ᠳᠤ ᠠᠵᠢᠯᠯᠠᠪᠠ᠃ ᠮᠣᠩᠭᠤᠯ᠂ ᠬᠢᠳᠡᠳ᠂ ᠲᠦᠪᠡᠳ᠂ ᠶᠠᠫᠣᠨ᠂ ᠠᠩᠭ᠍ᠯᠢ᠂ ᠣᠷᠣᠰ ᠵᠡᠷᠭᠡ ᠣᠯᠠᠨ ᠭᠡᠯᠨ

ᠰᠣᠷᠤᠭᠰᠠᠨ ᠡᠷᠳᠡᠮᠳᠡᠨ᠃

     1945 ᠣᠨ ᠳᠤ ᠬᠤᠪᠢᠰᠬᠠᠯ ᠳᠤ ᠣᠷᠤᠯᠴᠠᠵᠠᠢ᠃ ᠣᠷᠢᠳ ᠬᠤᠵᠢᠳ ᠮᠢᠩᠭᠠᠨ ᠬᠤᠰᠢᠭᠤᠨ  ᠤ

ᠠᠷᠠᠳ ᠤᠨ ᠶᠠᠪᠣᠳᠠᠯ ᠤᠨ ᠰᠠᠯᠠᠭᠠᠨ ᠲᠠᠷᠤᠭ᠎ᠠ᠂ ᠴᠠᠬᠠᠷ ᠠᠶᠢᠮᠠᠭ ᠤᠨ ᠠᠷᠠᠳ ᠤᠨ ᠶᠠᠪᠣᠳᠠᠯ ᠤᠨ ᠭᠠᠵᠠᠷ ᠤᠨ ᠨᠠᠷᠢᠨ

ᠪᠢᠴᠢᠭᠡᠴᠢ᠂ ︽ᠥᠪᠣᠷ ᠮᠣᠩᠭᠤᠯ ᠤᠨ ᠡᠳᠦᠷ ᠤᠨ ᠰᠣᠨᠢᠨ︾᠎ ᠤ ᠮᠣᠩᠭᠤᠯ ᠨᠠᠶᠢᠷᠠᠭᠤᠯᠣᠭᠴᠢ ᠵᠡᠷᠭᠡ ᠲᠤᠰᠢᠶᠠᠯ ᠢ

ᠡᠬᠦᠷᠭᠡᠯᠡᠵᠠᠢ᠃ ᠰᠣᠨᠢᠨ ᠰᠡᠳᠬᠦᠯ ᠲᠡᠭᠡᠷ᠎ᠡ ᠴᠥᠭᠡᠨ ᠪᠣᠰᠣ ᠪᠥᠳᠦᠭᠡᠯ ᠨᠡᠶᠢᠳᠡᠯᠡᠬᠦᠯᠦᠭᠰᠡᠨ ᠪᠥᠭᠡᠳ ᠲᠣᠬᠠᠢ ᠶᠢᠨ

ᠦᠶ᠎ᠡ ᠶᠢᠨ ᠴᠠᠬᠠᠷ ᠤᠨ ᠡᠷᠳᠡᠮᠳᠡᠨ ᠨᠦᠭᠦᠳ  ᠤᠨ ᠲᠣᠳᠣᠷᠠᠬᠢ ᠲᠦᠷᠪᠡᠨ ᠶᠡᠭᠡ ᠨᠡᠷᠡᠳᠦ ᠬᠦᠮᠣᠨ ᠤ ᠨᠢᠭᠡ ᠨᠢ

ᠪᠠᠶᠢᠪᠠ᠃

     ᠰᠠᠮᠳᠠᠨ ︵1922 — 1965 ᠣᠨ︶ 1922 ᠣᠨ ᠳᠤ ᠰᠢᠯᠣᠭᠤᠨ ᠬᠦᠪᠡᠭᠡᠳᠦ ᠴᠠᠭᠠᠨ ᠬᠤᠰᠢᠭᠤᠨ

᠎ ᠤ ᠪᠣᠯᠠᠭᠠᠨᠳᠣᠬᠤᠢ ᠰᠣᠮᠣᠨ  ᠤ ᠴᠢᠨᠡᠭᠡᠯᠢᠭ ᠠᠮᠢᠳᠣᠷᠠᠯ ᠲᠠᠢ ᠮᠠᠯᠴᠢᠨ  ᠤ ᠭᠡᠷ ᠲᠤ ᠲᠦᠷᠣᠵᠠᠢ᠃ ᠲᠡᠷᠨ ᠬᠠᠷᠠᠬᠠᠨ

ᠪᠠᠭ᠎ᠠ ᠠᠴᠠ  ᠪᠠᠨ ᠰᠡᠴᠡᠨ ᠰᠡᠷᠬᠦᠯᠡᠩ ᠪᠤᠯᠬᠤᠷ ᠨᠣᠳᠤᠭ ᠤᠨ ᠪᠠᠭ᠎ᠠ ᠰᠣᠷᠭᠠᠭᠤᠯᠢ ᠪᠠᠨ ᠰᠢᠯᠢᠳᠡᠭ ᠪᠥᠳᠣᠮᠵᠢ ᠪᠠᠷ

ᠲᠡᠬᠦᠰᠴᠣ᠂ 1941 — 1943 ᠣᠨ ᠬᠦᠷᠳᠡᠯ᠎ᠡ ᠵᠠᠩᠪᠸᠢ ᠶᠢᠨ ᠮᠣᠩᠭᠤᠯ ᠲᠣᠮᠳᠠᠳᠦ ᠰᠣᠷᠭᠠᠭᠤᠯᠢ ᠳᠤ

ᠰᠣᠷᠤᠯᠴᠠᠪᠠ᠃ ᠲᠡᠷᠨ 1946 ᠣᠨ  ᠤ 2 ᠰᠠᠷ᠎ᠠ ᠳᠤ ᠬᠤᠪᠢᠰᠬᠠᠯ ᠳᠤ ᠣᠷᠤᠯᠴᠠᠵᠠᠢ᠃ 1955 ᠣᠨ ᠳᠤ

ᠲᠣᠮᠳᠠᠳᠦ ᠣᠯᠣᠰ ᠤᠨ ᠡᠪ ᠬᠠᠮᠳᠦ ᠨᠠᠮ ᠳᠤ ᠡᠯᠰᠡᠭᠳᠡᠪᠡ᠃

     1946 ᠣᠨ ᠳᠤ ᠠᠷᠠᠳ  ᠤᠨ ᠴᠢᠯᠣᠭᠡᠯᠡᠬᠦ ᠴᠡᠷᠢᠭ ᠲᠤ ᠣᠷᠣᠵᠤ᠂ ᠪᠠᠶᠢᠯᠳᠣᠭᠴᠢ᠂ ᠲᠡᠳ᠋ ᠰᠠᠯᠠᠭᠠᠨ

ᠲᠠᠷᠤᠭ᠎ᠠ ᠪᠣᠯᠵᠤ ᠥᠩᠭᠡᠷᠡᠪᠡ᠃ 1949 —᠎ 1958 ᠣᠨ ᠪᠣᠯᠳᠠᠯ᠎ᠠ ᠮᠢᠩᠭᠠᠨ ᠲᠠᠶᠢᠫᠤᠰᠧ ᠬᠤᠰᠢᠭᠤᠨ ᠤ

ᠰᠣᠮᠣᠨ ᠤ ᠮᠠᠯᠴᠢᠳ ᠤᠨ ᠬᠤᠷᠠᠯ ᠤᠨ ᠺᠠᠳ᠋ᠷ᠂ ᠰᠣᠮᠣᠨ ᠤ ᠠᠷᠠᠳ ᠤᠨ ᠶᠠᠪᠣᠳᠠᠯ ᠤᠨ ᠲᠤᠰᠠᠯᠠᠭᠴᠢ᠂ ᠲᠡᠳ᠋ ᠰᠣᠮᠣᠨ

ᠲᠠᠷᠤᠭ᠎ᠠ᠂ ᠰᠣᠮᠣᠨ ᠲᠠᠷᠤᠭ᠎ᠠ  ᠪᠠᠷ ᠠᠵᠢᠯᠯᠠᠵᠤ ᠪᠠᠶᠢᠵᠠᠢ᠃ 1958 ᠣᠨ ᠠᠴᠠ ᠬᠤᠶᠢᠰᠢ ᠰᠢᠯᠣᠭᠤᠨ ᠬᠦᠪᠡᠭᠡᠳᠦ

ᠴᠠᠭᠠᠨ ᠬᠤᠰᠢᠭᠤᠨ ᠤ ᠠᠷᠠᠳ  ᠤᠨ ᠶᠠᠪᠣᠳᠠᠯ ᠤᠨ ᠰᠠᠯᠠᠭᠠᠨ ᠲᠠᠷᠤᠭ᠎ᠠ᠂ ᠪᠠᠶᠠᠨᠪᠣᠯᠠᠭ ᠰᠣᠮᠣᠨ ᠤ ᠲᠠᠷᠤᠭ᠎ᠠ᠂

ᠰᠣᠮᠣᠨ ᠤ ᠨᠠᠮ  ᠤᠨ ᠬᠤᠷᠢᠶᠠᠨ  ᠤ ᠱᠦᠵᠢ ᠵᠡᠷᠭᠡ ᠶᠢᠨ ᠲᠤᠰᠢᠶᠠᠯ ᠢ ᠡᠭᠦᠷᠭᠡᠯᠡᠵᠦ ᠦᠩᠭᠡᠷᠡᠪᠡ᠃

     ᠲᠡᠷᠨ ᠲᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠲᠤ ᠤᠷᠤᠭᠰᠠᠨ ᠤ ᠲᠠᠷᠠᠭ᠎ᠠ ᠤᠷᠢᠳ

ᠬᠤᠵᠢᠳ ᠴᠢᠭᠤᠯᠤᠯᠳᠤ ᠬᠠᠭᠠᠯᠭ᠎ᠠ ᠶᠢ ᠴᠢᠯᠦᠭᠡᠯᠡᠬᠦ ᠲᠠᠶᠢᠨ᠂ ᠲᠡᠤᠯᠡᠢ ᠶᠢᠨ ᠭᠤᠤᠯ  ᠤᠨ ᠪᠠᠶᠢᠯᠳᠤᠭᠠᠨ ᠵᠡᠷᠭᠡ 80

ᠭᠠᠷᠤᠢ ᠣᠳᠠᠭ᠎ᠠ ᠶᠡᠭᠡ ᠪᠠᠭ᠎ᠠ ᠪᠠᠶᠢᠯᠳᠤᠭᠠᠨ ᠳᠤ ᠤᠷᠤᠯᠴᠠᠵᠦ᠂ ᠪᠠᠶᠢᠯᠳᠤᠭᠠᠨ ᠤ ᠲᠤᠮᠳᠠ ᠰᠢᠷᠬᠠᠳᠤᠵᠦ᠂ ᠭᠠᠪᠢᠶᠠᠨ

ᠲᠡᠮᠳᠡᠭ ᠢᠶᠠᠷ ᠱᠠᠩᠨᠠᠭᠳᠠᠵᠦ ᠪᠠᠶᠢᠭᠰᠠᠨ᠃ ᠴᠡᠷᠢᠭ ᠠᠴᠠ ᠬᠠᠯᠠᠭᠳᠠᠭᠰᠠᠨ ᠤ ᠲᠠᠷᠠᠭ᠎ᠠ ᠨᠡᠶᠢᠭᠡᠮ ᠵᠢᠷᠦᠮᠳᠦ ᠬᠤᠪᠢᠰᠬᠠᠯ

ᠪᠤᠯᠤᠨ ᠪᠦᠳᠦᠭᠡᠨ ᠪᠠᠶᠢᠭᠤᠯᠤᠯᠳᠠ ᠳᠤ ᠢᠳᠡᠪᠬᠢᠳᠡᠢ ᠤᠷᠤᠯᠴᠠᠵᠦ᠂ ᠰᠤᠮᠤᠨ  ᠤ ᠤᠳᠤᠷᠢᠳᠤᠯᠭ᠎ᠠ ᠪᠠᠶᠢᠬᠤ

ᠬᠤᠭᠤᠴᠠᠭᠠᠨ ᠳᠠᠭᠠᠨ ᠪᠦᠬᠦ ᠰᠤᠮᠤᠨ ᠤ ᠺᠠᠳ᠋ᠷ ᠤᠯᠠᠨ ᠲᠦᠮᠡᠨ ᠢᠶᠠᠨ ᠲᠠᠭᠠᠭᠤᠯᠤᠨ᠂ ᠰᠤᠮᠤᠨ ᠤ ᠮᠠᠯ ᠠᠵᠤ ᠠᠬᠤᠢ

᠎ ᠶᠢᠨ ᠬᠦᠭᠵᠢᠯᠳᠡ ᠳᠤ ᠬᠤᠪᠢ ᠨᠡᠮᠡᠷᠢ ᠦᠵᠡᠭᠦᠯᠦᠭᠰᠡᠨ ᠪᠠᠶᠢᠨ᠎ᠠ᠃

     ᠰᠣ᠋ ᠵᠧᠩ ᠹᠡᠩ᠂ 1941 — 1942 ᠣᠨ ᠬᠦᠷᠳᠡᠯ᠎ᠡ ᠵᠠᠩᠪᠸᠢ ᠳᠠᠬᠢ ᠮᠣᠩᠭᠤᠯ ᠲᠣᠮᠳᠠᠳᠦ

ᠰᠣᠷᠭᠠᠭᠤᠯᠢ ᠳᠤ ᠰᠣᠷᠤᠯᠴᠠᠵᠠᠢ᠃ 1943 — 1945 ᠣᠨ ᠤ 8 ᠰᠠᠷ᠎ᠠ ᠶᠢᠨ 15 ᠬᠦᠷᠳᠡᠯ᠎ᠡ ᠴᠢᠭᠤᠯᠠᠯᠳᠦ

ᠬᠠᠭᠠᠯᠭ᠎ᠠ ᠬᠤᠳᠠᠨ᠎ᠠ ᠳ᠋ᠧ ᠸᠠᠩ ᠤᠨ ᠮᠣᠩᠭᠤᠯ ᠢ ᠮᠠᠨᠳᠣᠭᠤᠯᠬᠤ ᠰᠣᠷᠭᠠᠭᠤᠯᠢ ᠶᠢᠨ ᠬᠤᠷᠢᠶᠠᠨ ᠳᠤ ᠰᠣᠷᠤᠯᠴᠠᠵᠠᠢ᠃

1948 — 1949 ᠣᠨ ᠤ ᠬᠤᠭᠤᠷᠣᠨᠳᠦ ᠵᠠᠩᠪᠸᠢ ᠰᠢᠶᠠᠨ ᠤ ᠵᠠᠰᠠᠭ ᠤᠨ ᠣᠷᠳᠣᠨ ᠳᠤ ᠠᠵᠢᠯᠯᠠᠪᠠ᠃

1949 ᠣᠨ ᠤ 3 ᠰᠠᠷ᠎ᠠ ᠳᠤ ᠴᠠᠬᠠᠷ ᠮᠣᠵᠢ ᠶᠢᠨ 19 ᠳ᠋ᠣᠭᠡᠷ ᠬᠤᠪᠢᠶᠠᠷᠢ ᠲᠤᠭᠤᠷᠢᠭ ᠤᠨ ᠺᠠᠳ᠋ᠷ ᠤᠨ

ᠰᠣᠷᠭᠠᠭᠤᠯᠢ  ᠳᠤ ᠰᠣᠷᠤᠯᠴᠠᠵᠤ ᠲᠡᠬᠦᠰᠣᠭᠡᠳ᠂ ᠴᠠᠬᠠᠷ ᠠᠶᠢᠮᠠᠭ  ᠤᠨ ᠲᠠᠶᠢᠫᠤᠰᠧ ᠵᠡᠬᠦᠨ ᠭᠠᠷ  ᠤᠨ

ᠬᠤᠰᠢᠭᠤᠨ ᠤ ᠵᠠᠰᠠᠭ ᠤᠨ ᠣᠷᠳᠣᠨ ᠳᠤ ᠠᠵᠢᠯᠯᠠᠵᠠᠢ᠃ 1953 ᠣᠨ ᠳᠤ ᠴᠠᠬᠠᠷ ᠠᠶᠢᠮᠠᠭ ᠤᠨ ᠵᠠᠰᠠᠭ ᠤᠨ

ᠣᠷᠳᠣᠨ ᠤ ᠦᠢᠯᠡᠳᠪᠣᠷᠢ ᠬᠤᠳᠠᠯᠳᠤᠭ᠎ᠠ ᠶᠢ ᠵᠠᠰᠠᠭ ᠢᠶᠠᠷ ᠬᠠᠮᠢᠶᠠᠷᠬᠤ ᠰᠠᠯᠠᠭ᠎ᠠ ᠶᠢᠨ ᠲᠠᠷᠤᠭ᠎ᠠ  ᠪᠠᠷ ᠲᠣᠮᠢᠯᠠᠭᠳᠠᠵᠤ᠂

1956 ᠣᠨ ᠳᠤ ᠲᠠᠶᠢᠫᠤᠰᠧ᠂ ᠪᠣᠣᠴᠠᠩ ᠢ ᠬᠠᠮᠳᠣᠷᠠᠭᠤᠯᠣᠨ ᠲᠠᠶᠢᠫᠤᠰᠧ ᠵᠡᠬᠦᠨ ᠭᠠᠷ ᠬᠤᠰᠢᠭᠤ

ᠪᠠᠶᠢᠭᠤᠯᠬᠤ ᠳᠤ ᠲᠤᠰ ᠬᠤᠰᠢᠭᠤᠨ ᠤ ᠬᠤᠳᠠᠯᠳᠤᠭ᠎ᠠ  ᠶᠢᠨ ᠲᠣᠪᠴᠢᠶᠠᠨ ᠤ ᠨᠢᠭᠡᠳᠦᠭᠡᠷ ᠲᠡᠳ᠋ ᠲᠤᠪᠴᠢᠶᠠᠨ

ᠲᠠᠷᠤᠭ᠎ᠠ  ᠪᠠᠷ ᠲᠣᠮᠢᠯᠠᠭᠳᠠᠵᠠᠢ᠃ 1958 ᠣᠨ ᠳᠤ ᠰᠢᠯᠣᠭᠤᠨ ᠬᠦᠪᠡᠭᠡᠳᠦ ᠴᠠᠭᠠᠨ ᠬᠤᠰᠢᠭᠤᠨ ᠤ

ᠬᠤᠳᠠᠯᠳᠣᠭᠠᠨ ᠤ ᠲᠣᠪᠴᠢᠶ᠎ᠠ ᠪᠠᠶᠢᠭᠤᠯᠬᠤ ᠳᠤ ᠲᠤᠰ ᠲᠣᠪᠴᠢᠶᠠᠨ ᠤ ᠨᠢᠭᠡᠳᠦᠭᠡᠷ ᠲᠡᠳ᠋ ᠲᠠᠷᠤᠭ᠎ᠠ ᠪᠥᠭᠡᠳ ᠵᠠᠰᠠᠭ

᠎ ᠤᠨ ᠣᠷᠳᠣᠨ ᠤ ᠭᠡᠰᠢᠬᠦᠨ  ᠢᠶᠠᠷ ᠲᠣᠮᠢᠯᠠᠭᠳᠠᠵᠠᠢ᠃ 1980 ᠣᠨ ᠳᠤ ᠥᠪᠣᠷ ᠮᠣᠩᠭᠤᠯ ᠤᠨ ᠥᠪᠡᠷᠳᠡᠭᠡᠨ

ᠵᠠᠰᠠᠬᠤ ᠣᠷᠣᠨ ᠤ ᠬᠠᠩᠭᠠᠨ ᠪᠣᠷᠣᠯᠠᠭᠤᠯᠬᠤ ᠬᠤᠷᠰᠢᠶᠠᠨ ᠳᠤ ᠰᠢᠯᠵᠢᠵᠣ ᠣᠴᠢᠭᠠᠳ 1990 ᠣᠨ  ᠳᠤ ᠠᠵᠢᠯ

᠎ ᠠᠴᠠ ᠪᠠᠨ ᠪᠠᠭᠤᠵᠤ ᠲᠡᠳᠬᠦᠪᠣᠷᠢ  ᠳᠤ ᠭᠠᠷᠪᠠ᠃

     ᠲᠠᠴᠢᠨᠪᠣᠣ᠂ 1923 ᠣᠨ ᠳᠤ ᠴᠠᠬᠠᠷ ᠠᠶᠢᠮᠠᠭ ᠤᠨ ᠬᠦᠯᠣ ᠴᠠᠭᠠᠨ ᠬᠤᠰᠢᠭᠤᠨ ᠤ ᠠᠷᠪᠠᠨ ᠲᠦᠷᠪᠡᠳᠦᠭᠡᠷ

ᠰᠣᠮᠣᠨ ᠳᠤ ᠲᠦᠷᠣᠵᠠᠢ᠃ ᠪᠠᠭ᠎ᠠ ᠨᠠᠰᠣᠨ ᠳᠠᠭᠠᠨ ᠬᠤᠰᠢᠭᠤᠨ ᠤ ᠪᠠᠭ᠎ᠠ ᠰᠣᠷᠭᠠᠭᠤᠯᠢ᠂ ᠵᠠᠩᠪᠸᠢ  ᠶᠢᠨ ᠮᠣᠩᠭᠤᠯ

ᠵᠠᠯᠠᠭᠤᠰ ᠤᠨ ᠰᠣᠷᠭᠠᠭᠤᠯᠢ᠂ ᠬᠠᠭᠤᠷᠮᠠᠭ ᠮᠣᠩᠭᠤᠯ ᠤᠨ ᠴᠡᠷᠢᠭ ᠤᠨ ᠲᠠᠷᠤᠭ᠎ᠠ ᠶᠢᠨ ᠰᠣᠷᠭᠠᠭᠤᠯᠢ ᠳᠤ ᠰᠣᠷᠤᠯᠴᠠᠵᠠᠢ

᠃  1946 ᠣᠨ ᠳᠤ ᠬᠤᠪᠢᠰᠬᠠᠯ  ᠤᠨ ᠨᠥᠯᠣᠭᠡ ᠶᠢ ᠬᠦᠷᠳᠡᠵᠤ᠂ ᠴᠢᠭᠤᠯᠣᠯᠳᠦ ᠬᠠᠭᠠᠯᠭ᠎ᠠ ᠬᠤᠳᠠ ᠳᠤ ᠥᠪᠣᠷ

ᠮᠣᠩᠭᠤᠯ ᠤᠨ ᠴᠡᠷᠢᠭ ᠵᠠᠰᠠᠭ ᠤᠨ ᠲᠡᠭᠡᠳᠦ ᠰᠣᠷᠭᠠᠭᠤᠯᠢ ᠳᠤ ᠣᠷᠣᠵᠠᠢ᠃ ᠲᠠᠷᠠᠭ᠎ᠠ ᠨᠢ ᠬᠦᠯᠣ ᠴᠠᠭᠠᠨ

ᠬᠤᠰᠢᠭᠤᠨ ᠳᠤ ᠢᠷᠡᠵᠤ ᠠᠵᠢᠯᠯᠠᠪᠠ᠃ ᠲᠤᠰ ᠵᠢᠯ ᠳᠡᠭᠡᠨ ᠥᠪᠣᠷ ᠮᠣᠩᠭᠤᠯ ᠤᠨ ᠮᠣᠷᠢᠳᠦ ᠴᠡᠷᠢᠭ ᠲᠤ ᠣᠷᠣᠵᠤ

ᠵᠢᠭᠠᠨ ᠵᠢᠯᠣᠭᠤᠳᠣᠭᠴᠢ᠂ ᠱᠲ᠋ᠠᠪᠴᠢ᠂ ᠣᠯᠣᠰ ᠲᠦᠷᠣ ᠶᠢᠨ ᠭᠠᠵᠠᠷ  ᠤᠨ ᠡᠷᠬᠢᠯᠡᠭᠴᠢ᠂ ᠨᠠᠷᠢᠨ ᠪᠢᠴᠢᠭ ᠤᠨ

ᠲᠠᠷᠤᠭ᠎ᠠ᠂ ᠣᠯᠣᠰ ᠲᠦᠷᠣ ᠶᠢᠨ ᠰᠠᠯᠠᠭᠠᠨ ᠲᠠᠷᠤᠭ᠎ᠠ᠂ ᠲᠡᠳ᠋ ᠱᠦᠵᠢ᠂ ᠥᠪᠣᠷ ᠮᠣᠩᠭᠤᠯ  ᠤᠨ ᠴᠡᠷᠢᠭ ᠤᠨ

ᠲᠤᠭᠤᠷᠢᠭ ᠤᠨ ᠮᠣᠩᠭᠤᠯ ᠰᠣᠨᠢᠨ  ᠤ ᠨᠠᠶᠢᠷᠠᠭᠤᠯᠣᠭᠴᠢ᠂ ᠰᠢᠯᠢ ᠶᠢᠨ ᠭᠤᠣᠯ ᠠᠶᠢᠮᠠᠭ ᠤᠨ ᠴᠡᠷᠢᠭ ᠤᠨ ᠬᠤᠪᠢᠶᠠᠷᠢ

ᠲᠤᠭᠤᠷᠢᠭ ᠤᠨ ᠨᠢᠭᠡᠳᠦᠭᠡᠷ ᠲᠡᠳ᠋ ᠡᠷᠬᠢᠯᠡᠭᠴᠢ ᠵᠡᠷᠭᠡ ᠲᠣᠰᠢᠶᠠᠯ ᠢ ᠣᠷᠢᠳ ᠬᠤᠵᠢᠳ ᠬᠠᠷᠢᠭᠤᠴᠠᠵᠤ ᠪᠠᠶᠢᠪᠠ᠃

1960 ᠣᠨ ᠳᠤ ᠲᠡᠳ᠋ ᠳ᠋ᠢᠸᠢᠽᠢ ᠶᠢᠨ ᠲᠠᠷᠤᠭ᠎ᠠ ᠶᠢᠨ ᠲᠡᠰ ᠤᠨ ᠬᠠᠷᠠᠭᠠᠯᠵᠠᠯᠠᠯ ᠲᠠᠢ ᠠᠵᠢᠯ ᠢᠶᠠᠨ ᠲᠠᠷᠬᠠᠯᠠᠵᠠᠢ᠃

ᠴᠢᠯᠣᠭᠡᠯᠡᠬᠦ ᠲᠠᠶᠢᠨ ᠤ ᠦᠶ᠎ᠡ ᠳᠤ ᠶᠡᠭᠡ ᠪᠠᠭ᠎ᠠ ᠪᠠᠶᠢᠯᠳᠣᠭᠠᠨ ᠳᠤ 73 ᠣᠳᠠᠭ᠎ᠠ ᠣᠷᠣᠯᠴᠠᠨ ᠭᠤᠷᠪᠠ ᠣᠳᠠᠭ᠎ᠠ

ᠭᠠᠪᠢᠶ᠎ᠠ ᠪᠠᠶᠢᠭᠤᠯᠣᠭᠠᠳ᠂ 1955 ᠣᠨ ᠳᠤ ᠬᠠᠭᠤᠷᠠᠢ ᠵᠠᠮ  ᠤᠨ ᠴᠡᠷᠢᠭ ᠤᠨ ᠬᠤᠰᠢᠭᠤᠴᠢ ᠬᠤᠷᠠᠩᠳᠠ  ᠶᠢᠨ

ᠴᠣᠯᠨ ᠣᠯᠣᠭᠰᠠᠨ ᠪᠥᠭᠡᠳ ᠭᠤᠷᠪᠠᠳᠣᠭᠠᠷ ᠲᠡᠰ ᠤᠨ ᠴᠢᠯᠣᠭᠡᠯᠡᠯᠳᠡ ᠶᠢᠨ ᠭᠠᠪᠢᠶᠠᠨ ᠲᠡᠮᠳᠡᠭ ᠪᠠ ᠢᠷᠠᠭᠤ ᠠᠯᠳᠠᠷ

᠎ ᠤᠨ ᠭᠠᠪᠢᠶᠠᠨ ᠲᠡᠮᠳᠡᠭ ᠣᠯᠪᠠ᠃

    ᠲᠠᠰᠢᠴᠢᠷᠢᠨ᠂ 1925 ᠣᠨ  ᠤ 7 ᠰᠠᠷ᠎ᠠ ᠳᠤ ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠲᠣᠯᠢᠨᠪᠣᠯᠠᠭ

ᠰᠣᠮᠣᠨ ᠤ ᠬᠤᠷᠴᠢᠨ ᠣᠪᠣᠭ᠎ᠠ  ᠶᠢᠨ ᠦᠯᠵᠠᠶᠢᠮᠠᠨᠳᠦ ᠶᠢᠨ ᠭᠡᠷ ᠲᠤ ᠲᠦᠷᠣᠵᠠᠢ᠃ ᠵᠠᠩᠪᠸᠢ  ᠶᠢᠨ ᠮᠣᠩᠭᠤᠯ

ᠵᠠᠯᠠᠭᠤᠰ ᠶᠢᠨ ᠰᠣᠷᠭᠠᠭᠤᠯᠢ ᠪᠠ ᠴᠢᠭᠤᠯᠣᠯᠳᠦ ᠬᠠᠭᠠᠯᠭ᠎ᠠ ᠬᠤᠳᠠ ᠳᠠᠬᠢ ᠮᠣᠩᠭᠤᠯ ᠢ ᠮᠠᠨᠳᠣᠭᠤᠯᠬᠤ ᠲᠡᠭᠡᠳᠦ

ᠰᠣᠷᠭᠠᠭᠤᠯᠢ ᠶᠢᠨ ᠪᠠᠭᠰᠢ ᠶᠢᠨ ᠠᠩᠬᠢ ᠳᠤ ᠰᠣᠷᠤᠯᠴᠠᠵᠤ᠂ ᠪᠣᠱᠣᠣᠳᠠᠢ ᠰᠣᠷᠭᠠᠭᠤᠯᠢ ᠳᠤ ᠪᠠᠭᠰᠢ ᠶᠢᠨ ᠠᠵᠢᠯ ᠬᠢᠪᠡ

᠃ ᠡᠪ ᠬᠠᠮᠳᠦ ᠨᠠᠮ ᠤᠨ ᠭᠡᠰᠢᠬᠦᠨ ,ᠲᠡᠷᠨ ᠣᠷᠢᠳ ᠬᠤᠵᠢᠳ ᠮᠢᠩᠭᠠᠨ ᠬᠤᠰᠢᠭᠤᠨ ᠤ ᠲᠣᠯᠣᠳᠣᠭᠠᠷ ᠰᠣᠮᠤ᠂

ᠴᠠᠬᠠᠷ ᠴᠢᠭᠤᠯᠭᠠᠨ ᠤ ᠮᠠᠯᠴᠢᠳ ᠤᠨ ᠬᠤᠷᠠᠯ ᠤᠨ ᠠᠵᠢᠯᠯᠠᠬᠤ ᠪᠥᠯᠬᠦᠮ᠂ ᠴᠠᠬᠠᠷ ᠴᠢᠭᠤᠯᠭᠠᠨ  ᠤ ᠠᠮᠣᠷ ᠢ

ᠬᠠᠮᠠᠭᠠᠯᠠᠬᠤ ᠪᠥᠯᠬᠦᠮ᠂ ᠠᠮᠣᠷ ᠢ ᠬᠠᠮᠠᠭᠠᠯᠠᠬᠤ ᠬᠤᠷᠢᠶ᠎ᠠ᠂ ᠰᠥᠨᠢᠳ ᠵᠡᠬᠦᠨ ᠬᠤᠰᠢᠭᠤ ᠵᠡᠷᠭᠡ ᠭᠠᠵᠠᠷ ᠠᠵᠢᠯᠯᠠᠵᠤ᠂

ᠰᠣᠮᠣᠨ ᠤ ᠡᠷᠬᠢᠯᠡᠭᠴᠢ᠂ ᠰᠣᠶᠣᠯ  ᠤᠨ ᠪᠠᠭᠰᠢ᠂ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠬᠦᠨ᠂ ᠣᠬᠠᠭᠤᠯᠬᠤ

ᠭᠡᠯᠳᠡᠰ ᠤᠨ ᠲᠠᠷᠤᠭ᠎ᠠ᠂ ᠨᠠᠮ ᠤᠨ ᠬᠤᠷᠢᠶᠠᠨ ᠤ ᠠᠯᠪᠠᠨ ᠭᠡᠷ ᠤᠨ ᠡᠷᠬᠢᠯᠡᠭᠴᠢ᠂ ᠨᠠᠮ ᠤᠨ ᠰᠣᠷᠭᠠᠭᠤᠯᠢ ᠶᠢᠨ

ᠲᠠᠷᠤᠭ᠎ᠠ᠂ ᠵᠣᠬᠢᠶᠠᠨ ᠪᠠᠶᠢᠭᠤᠯᠬᠤ ᠭᠡᠯᠳᠡᠰ ᠤᠨ ᠲᠠᠷᠤᠭ᠎ᠠ᠂ ᠠᠷᠠᠳ ᠤᠨ ᠲᠥᠯᠣᠭᠡᠯᠡᠭᠴᠢᠳ ᠤᠨ ᠶᠡᠭᠡ ᠬᠤᠷᠠᠯ ᠤᠨ

ᠪᠠᠶᠢᠩᠭᠤ  ᠶᠢᠨ ᠬᠤᠷᠢᠶᠠᠨ ᠤ ᠲᠡᠳ᠋ ᠡᠷᠬᠢᠯᠡᠭᠴᠢ  ᠶᠢᠨ ᠲᠤᠰᠢᠶᠠᠯ ᠳᠤ ᠪᠠᠶᠢᠪᠠ᠃

    ᠲᠡᠮᠴᠦᠭᠰᠦ᠋ᠷᠣᠩ᠂ 1924 ᠣᠨ  ᠳᠤ ᠰᠢᠯᠣᠭᠤᠨ ᠬᠦᠪᠡᠭᠡᠳᠦ ᠴᠠᠭᠠᠨ ᠬᠤᠰᠢᠭᠤᠨ  ᠤ ᠦᠨᠠᠨᠪᠠᠳᠦ ᠰᠣᠮᠣᠨ

᠎ ᠤ ᠠᠯᠳᠠᠨᠪᠣᠣ ᠶᠢᠨ ᠬᠦᠪᠡᠬᠦᠨ ᠪᠣᠯᠵᠤ ᠲᠦᠷᠣᠵᠠᠢ᠃

ᠲᠡᠷᠨ ᠬᠠᠨ᠎ᠠ ᠬᠠᠳᠠ  ᠶᠢᠨ ᠪᠠᠭ᠎ᠠ ᠰᠣᠷᠭᠠᠭᠤᠯᠢ᠂ ᠵᠠᠩᠪᠸᠢ  ᠶᠢᠨ ᠮᠣᠩᠭᠤᠯ ᠵᠠᠯᠠᠭᠤᠰ  ᠤᠨ ᠰᠣᠷᠭᠠᠭᠤᠯᠢ᠂

ᠴᠢᠭᠤᠯᠣᠯᠳᠦ ᠬᠠᠭᠠᠯᠭ᠎ᠠ ᠬᠤᠳᠠ ᠳᠠᠬᠢ ᠲᠡᠭᠡᠳᠦ ᠵᠡᠷᠭᠡ  ᠶᠢᠨ ᠰᠣᠷᠭᠠᠭᠤᠯᠢ᠂ ᠣᠯᠠᠭᠠᠨᠪᠠᠭᠠᠳᠣᠷ ᠬᠤᠳᠠ ᠳᠠᠬᠢ

ᠪᠠᠭᠰᠢ ᠶᠢᠨ ᠲᠣᠰᠬᠠᠢ ᠮᠡᠷᠭᠡᠵᠢᠯ ᠤᠨ ᠰᠣᠷᠭᠠᠭᠤᠯᠢ ᠳᠤ ᠰᠣᠷᠣᠯᠴᠠᠵᠠᠢ᠃ 1949 ᠣᠨ ᠳᠤ ᠠᠵᠢᠯ ᠳᠤ

ᠣᠷᠣᠯᠴᠠᠪᠠ᠃ ᠣᠷᠢᠳ ᠬᠤᠵᠢᠳ ᠰᠢᠯᠣᠭᠤᠨ ᠴᠠᠭᠠᠨ ᠬᠤᠰᠢᠭᠤᠨ  ᠤ ᠬᠤᠨᠳᠦ  ᠶᠢᠨ ︵ᠰᠦᠮ᠎ᠡ︶ ᠪᠠᠭ᠎ᠠ

ᠰᠣᠷᠭᠠᠭᠤᠯᠢ  ᠶᠢᠨ ᠪᠠᠭᠰᠢ᠂ ᠪᠣᠣᠴᠠᠩ ᠳᠠᠬᠢ ᠪᠠᠭᠰᠢ ᠶᠢᠨ ᠰᠣᠷᠭᠠᠭᠤᠯᠢ  ᠶᠢᠨ ᠵᠢᠭᠠᠨ ᠰᠣᠷᠭᠠᠬᠤ ᠭᠠᠵᠠᠷ ᠤᠨ

ᠬᠢᠴᠢᠶᠠᠯ ᠤᠨ ᠡᠷᠬᠢᠯᠡᠭᠴᠢ᠂ ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠮᠣᠩᠭᠤᠯ ᠲᠣᠮᠳᠠᠳᠦ ᠰᠣᠷᠭᠠᠭᠤᠯᠢ ᠶᠢᠨ

ᠬᠢᠴᠢᠶᠠᠯ ᠬᠦᠮᠣᠵᠢᠯ  ᠤᠨ ᠲᠡᠳ᠋ ᠡᠷᠬᠢᠯᠡᠭᠴᠢ᠂ ᠡᠷᠬᠢᠯᠡᠭᠴᠢ᠂ ᠰᠣᠷᠭᠠᠭᠤᠯᠢ ᠶᠢᠨ ᠲᠡᠳ᠋ ᠵᠠᠬᠢᠷᠣᠯ᠂ ᠰᠣᠷᠭᠠᠨ

ᠬᠦᠮᠣᠵᠢᠯ ᠤᠨ ᠲᠣᠪᠴᠢᠶᠠᠨ ᠤ ᠵᠦᠪᠯᠡᠭᠴᠢ ᠶᠢᠨ ᠲᠤᠰᠢᠶᠠᠯ  ᠳᠤ ᠪᠠᠶᠢᠭᠰᠠᠨ ᠪᠥᠭᠡᠳ ᠰᠢᠯᠣᠭᠤᠨ ᠬᠦᠪᠡᠭᠡᠳᠦ ᠴᠠᠭᠠᠨ

ᠬᠤᠰᠢᠭᠤᠨ ᠤ ᠨᠢᠭᠡᠳᠦᠭᠡᠷ᠂ ᠬᠤᠶᠠᠳᠣᠭᠠᠷ ᠬᠤᠭᠤᠴᠠᠭᠠᠨ ᠤ ᠣᠯᠣᠰ ᠲᠦᠷᠣ ᠶᠢᠨ ᠵᠦᠪᠯᠡᠯᠭᠡᠨ ᠤ ᠭᠡᠰᠢᠬᠦᠨ᠂

ᠪᠠᠶᠢᠩᠭᠤ ᠶᠢᠨ ᠭᠡᠰᠢᠬᠦᠨ᠂ ᠰᠢᠯᠢ ᠶᠢᠨ ᠭᠤᠣᠯ ᠠᠶᠢᠮᠠᠭ ᠤᠨ ᠲᠠᠪᠣᠳᠣᠭᠠᠷ ᠬᠤᠭᠤᠴᠠᠭᠠᠨ ᠤ ᠣᠯᠣᠰ ᠲᠦᠷᠣ ᠶᠢᠨ

ᠵᠦᠪᠯᠡᠯᠭᠡᠨ  ᠤ ᠭᠡᠰᠢᠬᠦᠨ ᠪᠣᠯᠵᠤ ᠥᠩᠭᠡᠷᠡᠵᠠᠢ᠃ ᠲᠡᠷᠨ ᠪᠠᠰᠨ ᠲᠣᠮᠳᠠᠳᠦ ᠪᠠᠭ᠎ᠠ ᠰᠣᠷᠭᠠᠭᠤᠯᠢ ᠶᠢᠨ ᠣᠤᠬ᠎ᠠ

ᠵᠣᠬᠢᠶᠠᠯ ᠤᠨ ᠯᠠᠪᠯᠠᠯᠳᠠ ᠶᠢᠨ ᠮᠠᠲ᠋ᠧᠷᠢᠶᠠᠯ ᠢ ᠭᠤᠷᠪᠠᠨ ᠲᠡᠪᠳᠡᠷ ᠨᠠᠶᠢᠷᠠᠭᠤᠯᠣᠨ ᠪᠢᠴᠢᠵᠠᠢ᠃ ︽ᠣᠳᠬ᠎ᠠ ᠵᠣᠬᠢᠶᠠᠯ

᠎ ᠤᠨ ᠬᠢᠴᠢᠶᠡᠯ ᠢ ᠭᠡᠷᠭᠢᠨ ᠵᠢᠭᠠᠬᠤ ᠲᠣᠬᠠᠢ︾ ᠭᠡᠳᠡᠭ ᠵᠣᠬᠢᠶᠠᠯ ᠨᠢ ︽ᠲᠣᠮᠳᠠᠳᠦ ᠰᠣᠷᠭᠠᠭᠤᠯᠢ  ᠶᠢᠨ ᠪᠠᠭᠰᠢ ᠨᠠᠷ

᠎ ᠤᠨ ᠬᠢᠴᠢᠶᠡᠯ ᠵᠢᠭᠠᠭᠰᠠᠨ ᠲᠤᠷᠰᠢᠯᠭ᠎ᠠ︾ ᠭᠡᠬᠦ ᠨᠣᠮ ᠳᠤ ᠡᠮᠬᠢᠳᠭᠡᠭᠳᠡᠵᠠᠢ᠃ ᠡᠬᠦᠨ ᠠᠴᠠ ᠭᠠᠳᠠᠨ᠎ᠠ ᠪᠠᠰᠨ ᠪᠠᠭ᠎ᠠ

ᠰᠣᠷᠭᠠᠭᠤᠯᠢ  ᠶᠢᠨ ᠲᠦᠷᠪᠡᠳᠦᠭᠡᠷ ᠣᠨ ᠳᠤ ᠦᠵᠡᠬᠦ ᠭᠡᠯᠨ ᠪᠢᠴᠢᠭ ᠪᠠ ᠬᠢᠨᠠᠬᠤ ᠮᠠᠲ᠋ᠧᠷᠢᠶᠠᠯ ᠢ ᠲᠤᠰ ᠲᠤᠰ ᠨᠢᠭᠡ

ᠲᠡᠪᠳᠡᠷ ᠨᠠᠶᠢᠷᠠᠭᠤᠯᠣᠨ ᠪᠢᠴᠢᠵᠠᠢ᠃

    ᠠᠶᠢᠮᠠᠭ ᠤᠨ ᠮᠣᠩᠭᠤᠯ ᠭᠡᠯᠡᠨ ᠤ ᠵᠢᠭᠠᠨ ᠰᠣᠷᠭᠠᠬᠤ ᠠᠵᠢᠯ ᠤᠨ ᠶᠠᠰᠣ ᠴᠢᠨᠠᠷ ᠤᠨ ᠲᠤᠬᠠᠢ ᠰᠣᠳᠣᠯᠣᠯᠭᠠᠨ ᠤ

ᠬᠤᠷᠠᠯ ᠳᠤ ᠲᠤᠰᠬᠠᠢ ᠣᠷᠢᠯᠭ᠎ᠠ ᠪᠠᠷ ᠣᠷᠤᠯᠴᠠᠭᠠᠳ ︽ᠮᠣᠩᠭᠤᠯ ᠭᠡᠯᠡᠨ ᠤ ᠵᠢᠭᠠᠨ ᠰᠣᠷᠭᠠᠬᠤ ᠠᠵᠢᠯ ᠢ ᠬᠠᠯᠠᠨ

ᠰᠠᠶᠢᠵᠢᠷᠠᠭᠤᠯᠬᠤ ᠲᠣᠬᠠᠢ ᠦᠬᠦᠯᠡᠬᠦ ᠨᠢ︾ ᠭᠡᠬᠦ ᠦᠬᠦᠯᠡᠯ  ᠢᠶᠠᠨ ᠡᠮᠬᠢᠳᠭᠡᠨ ︽ᠵᠢᠭᠠᠬᠤ ᠶᠢ ᠰᠣᠷᠬᠤ︾ ᠭᠡᠰᠡᠨ

ᠭᠠᠷᠴᠠᠭ ᠢᠶᠠᠷ ︽ᠲᠤᠷᠭᠠᠨ ᠵᠢᠯᠣᠭᠤ︾ ᠰᠡᠳᠬᠦᠯ ᠲᠡᠭᠡᠷ᠎ᠡ ᠨᠡᠶᠢᠳᠡᠯᠡᠬᠦᠯᠵᠠᠢ᠃

    1956 ᠣᠨ ᠳᠤ ᠣᠷᠣᠨ ᠤ ᠵᠢᠱᠢᠶᠡᠴᠢ ᠪᠠᠭᠰᠢ ᠪᠠᠷ ᠰᠣᠩᠭᠤᠭᠳᠠᠵᠤ᠂ ᠴᠢᠯᠣᠭᠡᠯᠡᠭᠳᠡᠭᠰᠡᠨ ᠠᠴᠠ ᠨᠠᠭᠠᠰᠢᠬᠢ

ᠠᠩᠬᠠᠳᠣᠭᠠᠷ ᠣᠳᠠᠭᠠᠨ ᠤ ᠵᠢᠱᠢᠶᠡᠴᠢ ᠪᠠᠭᠰᠢ ᠨᠠᠷ ᠤᠨ ᠶᠡᠭᠡ ᠬᠤᠷᠠᠯ ᠳᠤ ᠣᠷᠣᠯᠴᠠᠵᠤ᠂ ᠪᠥᠬᠦ ᠣᠯᠣᠰ ᠤᠨ

ᠵᠢᠱᠢᠶᠡᠴᠢ ᠪᠠᠭᠰᠢ ᠪᠠᠷ ᠰᠣᠩᠭᠤᠭᠳᠠᠵᠠᠢ᠃ 1982 ᠣᠨ ᠳᠤ ᠪᠥᠬᠦ ᠣᠷᠣᠨ ᠤ ᠣᠯᠣᠰ ᠲᠠᠭᠠᠨ ᠪᠣᠴᠠᠭᠰᠠᠨ

ᠲᠣᠮᠳᠠᠳᠦ ᠶᠢᠨ ᠬᠠᠷᠢᠶᠠᠳᠦ ᠶᠢᠨ ᠶᠡᠭᠡ ᠬᠤᠷᠠᠯ ᠲᠡᠭᠡᠷ᠎ᠡ ᠵᠢᠱᠢᠶᠡᠴᠢ ᠬᠠᠷᠢᠶᠠᠳᠦ ᠪᠠᠷ ᠱᠠᠩᠨᠠᠭᠳᠠᠵᠠᠢ᠃ ᠲᠡᠷᠨ ᠪᠠᠰᠨ

ᠣᠯᠣᠰ ᠲᠠᠭᠠᠨ ᠪᠣᠴᠠᠭᠰᠠᠨ ᠰᠢᠯᠢᠳᠡᠭ ᠰᠡᠭᠡᠭᠡᠳᠡᠨ ᠤ ᠱᠠᠩᠨᠠᠯ᠂ ᠮᠣᠩᠭᠤᠯ ᠭᠡᠯᠨ᠂ ᠦᠰᠦᠭ ᠪᠢᠴᠢᠭ ᠰᠣᠷᠴᠣ

ᠬᠡᠷᠡᠭᠯᠡᠭᠰᠡᠨ ᠱᠠᠩᠨᠠᠯ᠂ ᠵᠢᠱᠢᠶᠡᠴᠢ ᠨᠠᠮ  ᠤᠨ ᠭᠡᠰᠢᠬᠦᠨ᠂ ᠲᠡᠷᠢᠬᠦᠨ ᠤ ᠺᠠᠳ᠋ᠷ᠂ ᠣᠷᠣᠨ ᠤ ︽ᠢᠷᠠᠭᠤ ᠠᠯᠳᠠᠷᠳᠦ

ᠪᠠᠭᠰᠢ︾ ᠵᠡᠷᠭᠡ ᠴᠣᠯᠨ ᠪᠠ ᠱᠠᠩᠨᠠᠯ ᠬᠦᠷᠳᠡᠵᠤ᠂ ᠲᠣᠮᠳᠠᠳᠦ ᠰᠣᠷᠭᠠᠭᠤᠯᠢ ᠶᠢᠨ ᠲᠡᠭᠡᠳᠦ ᠲᠡᠰ ᠤᠨ ᠪᠠᠭᠰᠢ ᠶᠢᠨ

ᠴᠣᠯᠨ ᠬᠠᠮᠠᠭᠠᠯᠠᠵᠠᠢ᠃

    ᠲᠠᠯᠭᠡᠷᠵᠠᠶᠠᠭ᠎ᠠ᠂ ᠡᠮᠡᠭᠳᠡᠢ᠂ 1928 ᠣᠨ ᠤ 2 ᠰᠠᠷ᠎ᠠ  ᠳᠤ ᠣᠳᠦ ᠶᠢᠨ ᠰᠢᠯᠣᠭᠤᠨ ᠬᠦᠪᠡᠭᠡᠳᠦ ᠴᠠᠭᠠᠨ

ᠬᠤᠰᠢᠭᠤᠨ  ᠤ ᠪᠥᠷᠢᠳᠦ ᠰᠣᠮᠣᠨ ᠤ ᠬᠤᠶᠠᠷ ᠬᠤᠳᠳᠤᠭ ᠤᠨ ᠮᠠᠯᠴᠢᠨ ᠡᠷᠣᠭᠡ  ᠳᠤ ᠲᠦᠷᠣᠪᠡ᠃1942 —

1944 ᠣᠨ ᠬᠦᠷᠳᠡᠯ᠎ᠡ ᠵᠠᠩᠪᠸᠢ ᠶᠢᠨ ᠮᠣᠩᠭᠤᠯ ᠵᠠᠯᠠᠭᠤᠰ ᠤᠨ ᠰᠣᠷᠭᠠᠭᠤᠯᠢ ᠶᠢᠨ ᠦᠬᠢᠳ ᠤᠨ ᠠᠩᠬᠢ ᠳᠤ

ᠰᠣᠷᠤᠯᠴᠠᠪᠠ᠃ 1945 — 1947 ᠣᠨ ᠬᠦᠷᠳᠡᠯ᠎ᠡ ᠬᠦᠳᠡᠭᠡ ᠭᠡᠷ ᠲᠡᠭᠡᠨ ᠮᠠᠯ ᠮᠠᠯᠵᠢᠵᠣ ᠪᠠᠶᠢᠪᠠ᠃

1948 ᠣᠨ ᠤ 2 ᠳ᠋ᠣᠭᠠᠷ ᠰᠠᠷ᠎ᠠ ᠳᠤ ᠥᠪᠣᠷ ᠮᠣᠩᠭᠤᠯ  ᠤᠨ ᠥᠪᠡᠷᠳᠡᠭᠡᠨ ᠵᠠᠰᠠᠬᠤ ᠬᠦᠳᠡᠯᠭᠡᠭᠡᠨ ᠤ ᠰᠢᠯᠢ ᠶᠢᠨ

ᠭᠤᠣᠯ ᠠᠶᠢᠮᠠᠭ ᠤᠨ ᠬᠤᠪᠢᠶᠠᠷᠢ ᠬᠤᠷᠠᠯ ᠳᠤ ᠣᠷᠣᠯᠴᠠᠨ᠂ ᠭᠠᠵᠠᠷ ᠣᠷᠣᠨ ᠤ ᠠᠵᠢᠯᠯᠠᠬᠤ ᠪᠥᠯᠬᠦᠮ ᠤᠨ ᠭᠡᠰᠢᠭᠦᠨ

ᠪᠤᠯᠵᠦ᠂ ᠪᠠᠷᠠᠭᠤᠨ ᠬᠠᠭᠤᠴᠢᠳ ᠬᠤᠰᠢᠭᠤᠨ ᠤ ᠮᠠᠯᠴᠢᠳ ᠤᠨ ᠬᠦᠳᠡᠯᠭᠡᠭᠡᠨ ᠳᠤ ᠤᠷᠤᠯᠴᠠᠪᠠ᠃ 1953 —

1961 ᠤᠨ ᠬᠦᠷᠳᠡᠯ᠎ᠠ ᠬᠦᠬᠡᠬᠤᠳᠠ ᠶᠢᠨ ᠮᠤᠳᠤᠨ ᠮᠠᠲ᠋ᠧᠷᠢᠶᠠᠯ ᠤᠨ ᠦᠢᠯᠡᠳᠪᠤᠷᠢ ᠳᠤ ᠠᠵᠢᠯᠯᠠᠪᠠ᠃ 1961

— 1978 ᠣᠨ ᠬᠦᠷᠳᠡᠯ᠎ᠡ ᠰᠢᠯᠢ  ᠶᠢᠨ ᠭᠤᠣᠯ ᠠᠶᠢᠮᠠᠭ ᠤᠨ ᠰᠢᠯᠣᠭᠤᠨ ᠬᠦᠭᠡ ᠬᠤᠰᠢᠭᠤᠨ ᠤ ᠱᠠᠩᠳᠠ ᠶᠢᠨ

ᠭᠤᠣᠯ ᠰᠣᠮᠣᠨ ᠤ ᠬᠠᠩᠭᠠᠨ ᠪᠣᠷᠣᠯᠠᠭᠤᠯᠬᠤ ᠬᠤᠷᠰᠢᠶ᠎ᠠ᠂ ᠰᠢᠯᠣᠭᠤᠨ ᠬᠦᠭᠡ ᠬᠤᠰᠢᠭᠤᠨ ᠤ ᠮᠠᠰᠢᠨ

ᠲᠡᠭᠡᠭᠡᠪᠣᠷᠢ ᠶᠢᠨ ᠺᠣᠮᠫᠠᠨᠢ ᠳᠤ ᠠᠵᠢᠯᠯᠠᠪᠠ᠃

1978 ᠣᠨ ᠳᠤ ᠬᠦᠭᠡᠬᠤᠳᠠ  ᠶᠢᠨ ᠢᠳᠡᠰᠢᠨ ᠨᠣᠭᠤᠭ᠎ᠠ ᠶᠢᠨ ᠺᠣᠮᠫᠠᠨᠢ ᠶᠢᠨ ᠣᠯᠣᠰ ᠲᠦᠷᠣ ᠶᠢᠨ ᠰᠠᠯᠠᠭᠠᠨ ᠳᠤ

ᠠᠵᠢᠯᠯᠠᠪᠠ᠃ 1984 ᠣᠨ ᠳᠤ ᠠᠵᠢᠯ ᠠᠴᠠ ᠪᠠᠨ ᠲᠠᠷᠬᠠᠯᠠᠪᠠ᠃

    ᠵᠢᠳᠠᠢ᠂ ᠡᠮᠡᠭᠳᠡᠢ᠂ 1929 ᠣᠨ ᠳᠤ ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠨᠢᠭᠡᠨ ᠮᠡᠯᠴᠢᠨ

ᠡᠷᠤᠭᠡ ᠳᠤ ᠲᠦᠷᠣᠵᠠᠢ᠃ 1942 ᠣᠨ ᠳᠤ ᠠᠯᠪᠠᠨ ᠵᠡᠷᠯᠡᠯ ᠢᠶᠠᠷ ᠵᠠᠩᠪᠸᠢ ᠶᠢᠨ ᠮᠣᠩᠭᠤᠯ ᠵᠠᠯᠠᠭᠤᠰ ᠤᠨ

ᠰᠣᠷᠭᠠᠭᠤᠯᠢ ᠶᠢᠨ ᠦᠬᠢᠳ  ᠤᠨ ᠠᠩᠬᠢ  ᠳᠤ ᠭᠤᠷᠪᠠᠳᠣᠭᠠᠷ ᠬᠤᠭᠤᠴᠠᠭᠠᠨ ᠤ ᠰᠣᠷᠣᠭᠴᠢ ᠪᠠᠷ ᠰᠣᠷᠤᠯᠴᠠᠭᠰᠠᠨ᠃

ᠲᠡᠷᠨ 1945 ᠣᠨ ᠳᠤ ᠰᠣᠷᠤᠯᠭ᠎ᠠ ᠲᠡᠬᠦᠰᠴᠣ ᠵᠠᠪᠳᠤᠭ᠎ᠠ ᠦᠭᠡᠢ ᠪᠠᠷ ᠰᠣᠷᠭᠠᠭᠤᠯᠢ ᠨᠢ ᠲᠠᠷᠬᠠᠭᠰᠠᠨ ᠠᠴᠠ ᠭᠡᠷ

᠎ ᠲᠡᠭᠡᠨ ᠬᠠᠷᠢᠵᠣ ᠮᠠᠯᠵᠢᠬᠤ ᠦᠢᠯᠡᠳᠪᠣᠷᠢᠯᠡᠯ  ᠳᠤ ᠣᠷᠣᠯᠴᠠᠪᠠ᠃ 1947 ᠣᠨ ᠳᠤ ᠬᠤᠰᠢᠭᠤᠨ ᠤ ᠪᠠᠨ ᠮᠠᠯᠴᠢᠳ

᠎ ᠤᠨ ᠬᠤᠷᠠᠯ ᠤᠨ ᠭᠡᠰᠢᠬᠦᠨ ᠪᠣᠯᠵᠤ᠂ ᠡᠮᠡᠭᠳᠡᠶᠢᠴᠣᠳ ᠢ ᠲᠠᠶᠢᠴᠢᠯᠠᠨ ᠠᠷᠣ ᠲᠠᠯ᠎ᠠ ᠶᠢᠨ ᠠᠵᠢᠯ ᠢ ᠵᠣᠬᠢᠶᠠᠨ

ᠪᠠᠶᠢᠭᠤᠯᠵᠤ᠂ ᠡᠮᠣᠨ᠎ᠡ ᠹᠷᠣᠨᠲ ᠢ ᠲᠤᠰᠠᠯᠠᠬᠤ᠂ ᠴᠡᠷᠢᠭ  ᠤᠨ ᠠᠭᠳᠠ ᠬᠦᠷᠭᠡᠬᠦ᠂ ᠴᠢᠮᠡᠭᠡ ᠮᠡᠳᠡᠭᠡ ᠬᠦᠷᠭᠡᠬᠦ

ᠠᠵᠢᠯ ᠳᠤ ᠢᠳᠡᠪᠬᠢᠳᠡᠢ ᠣᠷᠣᠯᠴᠠᠪᠠ᠃ ᠵᠢᠭᠠᠰᠣᠳᠠᠢ ᠰᠦᠮ᠎ᠡ ᠲᠡᠭᠡᠷ᠎ᠡ ᠠᠶᠢᠮᠠᠭ ᠠᠴᠠ ᠡᠷᠬᠢᠯᠡᠭᠰᠡᠨ ᠺᠠᠳ᠋ᠷ ᠤᠨ

ᠪᠣᠯᠪᠠᠰᠣᠷᠠᠯ ᠤᠨ ᠠᠩᠬᠢ ᠳᠤ ᠣᠷᠣᠯᠴᠠᠪᠠ᠃ ᠲᠡᠨᠳᠡ ᠠᠴᠠ ᠪᠠᠨ ᠰᠢᠯᠣᠭᠤᠨ ᠴᠠᠭᠠᠨ ᠬᠤᠰᠢᠭᠤᠨ ᠤ ᠡᠮᠡᠭᠳᠡᠶᠢᠴᠣᠳ

᠎ ᠤᠨ ᠬᠤᠯᠪᠣᠭ᠎ᠠ ᠶᠢᠨ ᠠᠵᠢᠯ ᠳᠤ ᠣᠷᠣᠯᠴᠠᠨ᠂ 1949 ᠣᠨ ᠳᠤ ᠥᠪᠣᠷ ᠮᠣᠩᠭᠤᠯ ᠤᠨ ᠵᠠᠯᠠᠭᠤᠴᠣᠳ ᠤᠨ

ᠲᠥᠯᠣᠭᠡᠯᠡᠭᠴᠢᠳ ᠤᠨ ᠶᠡᠭᠡ ᠬᠤᠷᠠᠯ  ᠳᠤ ᠲᠥᠯᠣᠭᠡᠯᠡᠭᠴᠢ ᠪᠠᠷ ᠣᠷᠣᠯᠴᠠᠪᠠ᠃ ᠬᠤᠷᠠᠯ ᠠᠴᠠ ᠬᠠᠷᠢᠵᠣ ᠢᠷᠡᠭᠡᠳ

ᠬᠤᠰᠢᠭᠤᠨ ᠤ ᠵᠠᠯᠠᠭᠤᠴᠣᠳ ᠪᠠ ᠡᠮᠡᠭᠳᠡᠶᠢᠴᠣᠳ ᠤᠨ ᠠᠵᠢᠯ ᠢ ᠬᠢᠵᠣ᠂ ᠡᠮᠡᠭᠳᠡᠶᠢᠴᠣᠳ ᠢ ᠴᠢᠯᠣᠭᠡᠯᠡᠬᠦ ᠠᠵᠢᠯ ᠳᠤ

ᠢᠳᠡᠪᠬᠢᠳᠡᠢ ᠣᠷᠣᠯᠴᠠᠨ᠂ ᠹᠸᠣᠳᠠᠯ ᠤᠨ ᠬᠦᠯᠢᠶᠡᠰᠣᠨ ᠠᠴᠠ ᠡᠮᠡᠭᠳᠡᠶᠢᠴᠣᠳ ᠢ ᠴᠢᠯᠣᠭᠡᠯᠡᠨ᠂ ᠰᠢᠨ᠎ᠡ ᠣᠷᠤᠭ ᠤᠨ

ᠲᠥᠷᠢᠮ ᠢ ᠬᠡᠷᠡᠭᠵᠢᠬᠦᠯᠣᠨ᠂ ᠥᠷᠭᠡᠨ ᠣᠯᠠᠨ ᠡᠮᠡᠭᠳᠡᠶᠢᠴᠣᠳ ᠤᠨ ᠬᠦᠷᠢᠶᠡᠯᠡᠯ ᠢ ᠣᠯᠵᠠᠢ᠃ ᠡᠭᠡ ᠨᠢᠯᠬᠠᠰ ᠡᠷᠡᠬᠦᠯ

ᠬᠠᠮᠠᠭᠠᠯᠠᠯ ᠤᠨ ᠪᠠᠶᠢᠭᠤᠯᠭ᠎ᠠ ᠲᠠᠢ ᠬᠠᠮᠳᠣᠷᠠᠨ ᠶᠠᠮ᠎ᠠ ᠶᠠᠷ᠎ᠠ ᠡᠪᠡᠳᠴᠢᠨ᠂ ᠬᠤᠯᠣᠭᠠᠨ᠎ᠠ ᠬᠢᠵᠢᠭ ᠢ ᠰᠡᠷᠭᠡᠶᠢᠯᠡᠬᠦ᠂ ᠡᠭᠡ

ᠨᠢᠯᠬᠠᠰ ᠤᠨ ᠡᠷᠡᠬᠦᠯ ᠮᠡᠨᠳᠦ ᠶᠢᠨ ᠠᠵᠢᠯ ᠢ ᠥᠷᠨᠢᠬᠦᠯᠬᠦ ᠳᠤ ᠡᠮᠡᠭᠳᠡᠶᠢᠴᠣᠳ ᠤᠨ ᠬᠤᠯᠪᠣᠭ᠎ᠠ ᠶᠢᠨ ᠴᠢᠬᠤᠯᠨ

ᠦᠢᠯᠡᠳᠣᠯ ᠢ ᠪᠠᠳᠠᠷᠠᠭᠤᠯᠣᠭᠰᠠᠭᠠᠷ ᠢᠷᠡᠪᠡ᠃ ᠦᠨᠳᠦᠰᠣᠨ ᠱᠠᠳᠣᠨ ᠳᠤ ᠣᠳᠠᠭᠠᠨ ᠵᠢᠯ ᠡᠮᠡᠭᠳᠡᠶᠢᠴᠣᠳ ᠤᠨ ᠠᠵᠢᠯ

᠎ ᠢ ᠡᠷᠬᠢᠯᠡᠵᠤ ᠥᠷᠭᠡᠨ ᠣᠯᠠᠨ ᠮᠠᠯᠴᠢᠨ ᠡᠮᠡᠭᠳᠡᠶᠢᠴᠣᠳ ᠤᠨ ᠰᠡᠳᠬᠢᠯ ᠵᠢᠷᠤᠭᠡᠨ  ᠤ ᠨᠠᠶᠢᠳᠠᠪᠣᠷᠢᠳᠠᠢ ᠬᠦᠮᠣᠨ ᠨᠢ

ᠪᠣᠯᠵᠤ᠂ ᠡᠪ ᠬᠠᠮᠳᠦ ᠨᠠᠮ ᠤᠨ ᠭᠡᠰᠢᠬᠦᠨ ᠤ ᠬᠤᠰᠢᠭᠤᠴᠢ ᠵᠢᠱᠢᠶᠡᠴᠢ ᠦᠢᠯᠡᠳᠦᠯ ᠢ ᠪᠠᠳᠠᠷᠠᠭᠤᠯᠵᠤ ᠢᠷᠡᠭᠰᠡᠨ

ᠪᠠᠶᠢᠨ᠎ᠠ᠃

    ᠷᠠᠰᠢᠵᠠᠪ᠂ 1925 ᠣᠨ  ᠤ 3 ᠰᠠᠷ᠎ᠠ ᠳᠤ ᠬᠦᠯᠣ ᠴᠠᠭᠠᠨ ᠬᠤᠰᠢᠭᠤᠨ ᠤ ᠠᠷᠪᠠᠳᠣᠭᠠᠷ ᠰᠣᠮᠣᠨ ᠳᠤ

ᠲᠦᠷᠣᠵᠠᠢ᠃ ᠬᠦᠯᠣ ᠴᠠᠭᠠᠨ ᠤ ᠪᠠᠭ᠎ᠠ ᠰᠣᠷᠭᠠᠭᠤᠯᠢ᠂ ᠵᠠᠩᠪᠸᠢ ᠶᠢᠨ ᠮᠣᠩᠭᠤᠯ ᠵᠠᠯᠠᠭᠣ᠋  ᠤᠨ ᠰᠣᠷᠭᠠᠭᠤᠯᠢ᠂

ᠴᠢᠭᠤᠯᠣᠯᠳᠦ ᠬᠠᠭᠠᠯᠭ᠎ᠠ ᠳᠠᠬᠢ ︽ᠮᠣᠩᠭᠤᠯ ᠢ ᠮᠠᠨᠳᠣᠭᠤᠯᠬᠤ︾ ᠰᠣᠷᠣᠯᠭ᠎ᠠ  ᠶᠢᠨ ᠬᠤᠷᠢᠶ᠎ᠠ ᠵᠡᠷᠭᠡ ᠳᠤ

ᠰᠣᠷᠤᠯᠴᠠᠪᠠ᠃ 1946 ᠣᠨ ᠳᠤ ᠴᠢᠯᠣᠭᠡᠯᠡᠬᠦ ᠴᠡᠷᠢᠭ  ᠤᠨ ᠮᠣᠷᠢᠳᠦ ᠴᠡᠷᠢᠭ ᠤᠨ ᠠᠷᠪᠠᠨ ᠵᠢᠷᠭᠤᠳᠣᠭᠠᠷ ᠳ᠋ᠢᠸᠢᠽᠢ

᠎ ᠳᠤ ᠣᠷᠣᠵᠤ᠂ ᠣᠷᠢᠳ ᠬᠤᠵᠢᠳ ᠠᠷᠪᠠᠨ ᠨᠢᠭᠡᠳᠦᠭᠡᠷ ᠬᠤᠷᠢᠶᠠᠨ ᠤ ᠨᠢᠭᠡᠳᠦᠭᠡᠷ ᠰᠣᠮᠣᠨ ᠤ ᠰᠠᠯᠠᠭᠠᠨ ᠲᠠᠷᠤᠭ᠎ᠠ᠂

ᠠᠷᠪᠠᠨ ᠲᠠᠪᠣᠳᠣᠭᠠᠷ ᠬᠤᠷᠢᠶᠠᠨ ᠤ ᠨᠢᠭᠡᠳᠦᠭᠡᠷ ᠰᠣᠮᠣᠨ ᠤ ᠵᠢᠭᠠᠨ ᠵᠢᠯᠣᠭᠤᠳᠣᠭᠴᠢ ᠵᠡᠷᠭᠡ ᠲᠤᠰᠢᠶᠠᠯ ᠢ

ᠬᠠᠷᠢᠭᠤᠴᠠᠭᠰᠠᠨ ᠪᠠᠶᠢᠨ᠎ᠠ᠃ ᠡᠪ ᠬᠠᠮᠳᠦ ᠨᠠᠮ ᠤᠨ ᠭᠡᠰᠢᠬᠦᠨ᠃

    1954 ᠣᠨ ᠳᠤ ᠣᠷᠣᠨ ᠨᠣᠳᠤᠭ ᠲᠤ ᠰᠢᠯᠵᠢᠨ ᠣᠷᠢᠳ ᠬᠤᠵᠢᠳ ᠰᠢᠯᠣᠭᠤᠨ ᠬᠦᠪᠡᠭᠡᠳᠦ ᠴᠠᠭᠠᠨ

ᠬᠤᠰᠢᠭᠤᠨ ᠤ ᠠᠵᠢᠯᠯᠠᠬᠤ ᠵᠦᠪᠯᠡᠯ ᠤᠨ ᠨᠠᠷᠢᠨ ᠪᠢᠴᠢᠭᠡᠴᠢ᠂ ᠵᠣᠬᠢᠶᠠᠨ ᠪᠠᠶᠢᠭᠤᠯᠬᠤ ᠭᠡᠯᠳᠡᠰ ᠤᠨ ᠲᠠᠷᠤᠭ᠎ᠠ᠂

ᠨᠠᠮ ᠤᠨ ᠲᠥᠯᠣᠭᠡᠯᠡᠭᠴᠢᠳ ᠤᠨ ᠶᠡᠭᠡ ᠬᠤᠷᠠᠯ ᠤᠨ ᠲᠥᠯᠣᠭᠡᠯᠡᠭᠴᠢ᠂ ᠠᠷᠠᠳ ᠤᠨ ᠵᠦᠪᠯᠡᠯ ᠤᠨ ᠭᠡᠰᠢᠬᠦᠨ᠂

ᠰᠠᠬᠢᠯᠭ᠎ᠠ ᠪᠠᠳᠦ ᠪᠠᠶᠢᠴᠠᠭᠠᠬᠤ ᠬᠤᠷᠢᠶ᠎ᠠ ᠶᠢᠨ ᠭᠡᠰᠢᠬᠦᠨ᠂ ᠱᠦᠵᠢ᠂ ᠬᠤᠰᠢᠭᠤ ᠨᠠᠮ ᠤᠨ ᠬᠤᠷᠢᠶᠠᠨ ᠤ ᠲᠡᠳ᠋ ᠱᠦᠵᠢ

ᠵᠡᠷᠭᠡ ᠲᠤᠰᠢᠶᠠᠯ ᠢ ᠬᠠᠷᠢᠭᠤᠴᠠᠪᠠ᠃ ᠰᠣᠶᠣᠯ ᠤᠨ ᠬᠤᠪᠢᠰᠬᠠᠯ ᠤᠨ ᠲᠠᠷᠠᠭ᠎ᠠ ᠥᠪᠣᠷ ᠮᠣᠩᠭᠤᠯ  ᠤᠨ ᠲᠠᠷᠢᠶᠠᠯᠠᠩ

ᠮᠠᠯ ᠠᠵᠣ ᠠᠬᠤᠢ ᠶᠢᠨ ᠶᠡᠭᠡ ᠰᠣᠷᠭᠠᠭᠤᠯᠢ ᠶᠢᠨ ᠡᠭᠡᠯᠢᠳᠦ ᠮᠠᠯᠵᠢᠯ ᠤᠨ ᠲᠠᠯᠠᠪᠠᠢ ᠶᠢᠨ ᠨᠠᠮ ᠤᠨ ᠬᠤᠷᠢᠶᠠᠨ ᠤ

ᠱᠦᠵᠢ ᠪᠠ ᠲᠠᠯᠠᠪᠠᠢ ᠶᠢᠨ ᠲᠠᠷᠤᠭ᠎ᠠ ᠶᠢᠨ ᠲᠤᠰᠢᠶᠠᠯ ᠢ ᠬᠠᠪᠰᠣᠷᠭᠠᠨ ᠬᠠᠷᠢᠭᠤᠴᠠᠵᠠᠢ᠃1975 ᠣᠨ ᠠᠴᠠ

ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠨᠠᠮ ᠤᠨ ᠬᠤᠷᠢᠶᠠᠨ ᠤ ᠠᠯᠪᠠᠨ ᠭᠡᠷ ᠤᠨ ᠡᠷᠬᠢᠯᠡᠭᠴᠢ᠂ ᠨᠠᠮ ᠤᠨ

ᠬᠤᠷᠢᠶᠠᠨ ᠤ ᠪᠠᠶᠢᠩᠭᠤ  ᠶᠢᠨ ᠭᠡᠰᠢᠬᠦᠨ᠂ ᠬᠤᠰᠢᠭᠤᠨ ᠤ ᠬᠤᠪᠢᠰᠬᠠᠯ ᠤᠨ ᠵᠦᠪᠯᠡᠯ ᠤᠨ ᠲᠡᠳ᠋ ᠡᠷᠬᠢᠯᠡᠭᠴᠢ᠂

ᠣᠷᠣᠯᠠᠭᠴᠢ ᠡᠷᠬᠢᠯᠡᠭᠴᠢ᠂ ᠨᠠᠮ  ᠤᠨ ᠬᠤᠷᠢᠶᠠᠨ ᠤ ᠲᠡᠳ᠋ ᠱᠦᠵᠢ᠂ ᠬᠤᠰᠢᠭᠤᠨ ᠤ ᠠᠷᠠᠳ ᠤᠨ

ᠲᠥᠯᠣᠭᠡᠯᠡᠭᠴᠢᠳ ᠤᠨ ᠶᠡᠭᠡ ᠬᠤᠷᠠᠯ ᠤᠨ ᠪᠠᠶᠢᠩᠭᠤ  ᠶᠢᠨ ᠬᠤᠷᠢᠶᠠᠨ ᠤ ᠡᠷᠬᠢᠯᠡᠭᠴᠢ ᠵᠡᠷᠭᠡ ᠲᠤᠰᠢᠶᠠᠯ ᠢ

ᠬᠠᠷᠢᠭᠤᠴᠠᠵᠤ ᠪᠠᠶᠢᠪᠠ᠃ 1987 ᠣᠨ ᠳᠤ ᠠᠵᠢᠯ ᠢᠶᠠᠨ ᠲᠠᠷᠬᠠᠯᠠᠪᠠ᠃ ᠴᠡᠷᠢᠭ ᠠᠩᠬᠢ ᠳᠤ ᠪᠠᠶᠢᠬᠤ ᠳᠠᠭᠠᠨ

ᠪᠠᠭ᠎ᠠ ᠭᠠᠪᠢᠶ᠎ᠠ ᠨᠢᠭᠡ᠂ ᠭᠤᠷᠪᠠᠳᠣᠭᠠᠷ ᠲᠡᠰ ᠤᠨ ᠭᠠᠪᠢᠶ᠎ᠠ ᠨᠢᠭᠡ᠂ ᠶᠡᠭᠡ ᠭᠠᠪᠢᠶ᠎ᠠ ᠨᠢᠭᠡ ᠣᠳᠠᠭ᠎ᠠ ᠪᠠᠶᠢᠭᠤᠯᠵᠠᠢ᠃

    ᠸᠴᠢᠷ᠂ 1921 ᠣᠨ  ᠳᠤ ᠬᠦᠪᠡᠭᠡᠳᠦ ᠴᠠᠭᠠᠨ ᠬᠤᠰᠢᠭᠤᠨ ᠤ ᠲᠠᠪᠣᠳᠣᠭᠠᠷ ᠰᠣᠮᠣᠨ ᠤ ᠮᠠᠨᠳᠣᠬᠤ ᠶᠢᠨ ᠭᠡᠷ

᠎ ᠲᠤ ᠲᠦᠷᠣᠵᠠᠢ᠃ ᠪᠠᠭ᠎ᠠ ᠨᠠᠰᠣᠨ ᠳᠠᠭᠠᠨ ᠬᠤᠰᠢᠭᠤᠨ ᠤ ᠪᠠᠭ᠎ᠠ ᠰᠣᠷᠭᠠᠭᠤᠯᠢ ᠳᠤ ᠰᠣᠷᠤᠯᠴᠠᠪᠠ᠃ ᠲᠠᠷᠠᠭ᠎ᠠ ᠨᠢ

ᠵᠠᠩᠪᠸᠢ  ᠶᠢᠨ ᠮᠣᠩᠭᠤᠯ ᠵᠠᠯᠠᠭᠤᠰ ᠤᠨ ᠰᠣᠷᠭᠠᠭᠤᠯᠢ  ᠠᠴᠠ ᠰᠣᠷᠣᠯᠭ᠎ᠠ ᠲᠡᠬᠦᠰᠣᠭᠡᠳ ᠲᠤᠰ ᠰᠣᠷᠭᠠᠭᠤᠯᠢ ᠳᠠᠭᠠᠨ

ᠦᠯᠡᠳᠡᠵᠤ ᠰᠠᠩ ᠤᠨ ᠭᠡᠷ ᠬᠠᠮᠢᠶᠠᠷᠬᠤ ᠪᠠ ᠠᠷᠠᠰᠣ ᠰᠢᠷᠢ ᠡᠯᠳᠡᠬᠦ ᠪᠠᠭᠰᠢ ᠶᠢᠨ ᠠᠵᠢᠯ ᠢ ᠡᠬᠦᠷᠭᠡᠯᠡᠵᠤ ᠪᠠᠶᠢᠪᠠ᠃

1944 ᠣᠨ ᠳᠤ ᠲᠤᠰ ᠰᠣᠷᠭᠠᠭᠤᠯᠢ ᠶᠢᠨ ᠦᠬᠢᠳ ᠤᠨ ᠠᠩᠬᠢ ᠮᠢᠩᠭᠠᠨ ᠬᠤᠰᠢᠭᠤᠨ ᠤ ᠲᠤᠶ᠋ᠢᠩ ᠬᠠᠶᠢᠷᠬᠠᠨ

ᠡᠩᠭᠡᠷ ᠲᠤ ᠨᠡᠬᠦᠬᠦ ᠪᠣᠯᠣᠭᠰᠠᠨ ᠳᠤ ᠰᠣᠷᠭᠠᠭᠤᠯᠢ ᠶᠢᠨ ᠪᠠᠷᠢᠯᠭ᠎ᠠ ᠶᠢᠨ ᠠᠵᠢᠯ ᠢ ᠬᠠᠮᠢᠶᠠᠷᠴᠣ ᠦᠬᠢᠳ ᠤᠨ ᠠᠩᠬᠢ

ᠲᠤᠶ᠋ᠢᠩ ᠬᠠᠶᠢᠷᠬᠠᠨ ᠳᠤ ᠨᠡᠬᠦᠵᠣ ᠣᠴᠢᠭᠰᠠᠨ ᠬᠤᠶᠢᠨ᠎ᠠ ᠰᠣᠷᠭᠠᠭᠤᠯᠢ  ᠳᠠᠭᠠᠨ ᠪᠠᠭᠰᠢᠯᠠᠵᠤ ᠪᠠᠶᠢᠵᠠᠢ᠃

ᠴᠢᠯᠣᠭᠡᠯᠡᠭᠳᠡᠭᠰᠡᠨ  ᠤ ᠲᠠᠷᠠᠭ᠎ᠠ 1946 ᠣᠨ ᠳᠤ ᠬᠦᠪᠡᠭᠡᠳᠦ ᠴᠠᠭᠠᠨ ᠬᠤᠰᠢᠭᠤᠨ ᠤ ᠠᠷᠠᠳ ᠤᠨ ᠵᠠᠰᠠᠭ ᠤᠨ

ᠣᠷᠳᠣᠨ ᠳᠤ ᠬᠤᠪᠢᠰᠬᠠᠯ  ᠤᠨ ᠠᠵᠢᠯ ᠳᠤ ᠣᠷᠣᠯᠴᠠᠨ ᠠᠵᠢᠯᠯᠠᠵᠠᠢ᠃

    ᠸᠴᠢᠷᠰᠦ᠋ᠭᠡ᠂ ᠬᠡᠷᠡᠭᠯᠡᠵᠤ ᠥᠩᠭᠡᠷᠡᠭᠰᠡᠨ ᠨᠡᠷ᠎ᠡ ᠰᠣ᠋ ᠶᠦᠩ ᠡᠾᠧ᠂ 1921 ᠣᠨ ᠳᠤ ᠬᠦᠪᠡᠭᠡᠳᠦ ᠴᠠᠭᠠᠨ

ᠬᠤᠰᠢᠭᠤᠨ ᠤ ᠵᠢᠷᠭᠤᠳᠣᠭᠠᠷ ᠰᠤᠮᠤ ︵ᠬᠤᠵᠢᠮ ᠤᠨ ᠠᠯᠳᠠᠨ ᠭᠠᠳᠠᠰᠣ ᠰᠣᠮᠤ︶᠎ ᠳᠤ ᠲᠦᠷᠣᠵᠠᠢ᠃ ᠪᠠᠭ᠎ᠠ ᠨᠠᠰᠣᠨ

᠎ ᠳᠠᠭᠠᠨ ᠴᠠᠬᠠᠷ ᠠᠶᠢᠮᠠᠭ ᠤᠨ ᠨᠢᠭᠡᠳᠦᠭᠡᠷ ᠪᠥᠷᠢᠨ ᠪᠠᠭ᠎ᠠ ᠰᠣᠷᠭᠠᠭᠤᠯᠢ᠂ ᠵᠠᠩᠪᠸᠢ ᠶᠢᠨ ᠮᠣᠩᠭᠤᠯ ᠵᠠᠯᠠᠭᠤᠴᠣᠳ ᠤᠨ

ᠰᠣᠷᠭᠠᠭᠤᠯᠢ᠂ ᠮᠠᠨᠵᠣ ᠶᠢᠨ ᠮᠥᠭᠳᠡᠨ ᠤ ᠠᠭᠠᠷ ᠤᠨ ᠠᠵᠣ ᠦᠢᠯᠡᠳᠪᠣᠷᠢ ᠶᠢᠨ ᠵᠠᠯᠠᠭᠤᠴᠣᠳ ᠤᠨ ᠰᠣᠷᠭᠠᠭᠤᠯᠢ

ᠵᠡᠷᠭᠡ ᠳᠤ ᠰᠣᠷᠤᠯᠴᠠᠵᠤ ᠲᠡᠬᠦᠰᠣᠭᠡᠳ᠂ ᠠᠵᠢᠯᠳᠠᠨ᠂ ᠪᠠᠭᠰᠢ ᠪᠠᠶᠢᠭᠰᠠᠨ ᠪᠥᠭᠡᠳ ᠪᠠᠰᠨ ᠬᠦᠪᠡᠭᠡᠳᠦ ᠴᠠᠭᠠᠨ

ᠬᠤᠰᠢᠭᠤᠨ ᠤ ᠠᠷᠠᠳ ᠤᠨ ᠶᠠᠪᠣᠳᠠᠯ ᠤᠨ ᠰᠠᠯᠠᠭ᠎ᠠ ᠶᠢᠨ ᠰᠣᠷᠭᠠᠨ ᠬᠦᠮᠣᠵᠢᠯ  ᠤᠨ ᠲᠠᠰᠤᠭ ᠤᠨ ᠲᠠᠷᠤᠭ᠎ᠠ ᠪᠣᠯᠵᠤ

ᠥᠩᠭᠡᠷᠡᠪᠡ᠃

1946 ᠣᠨ  ᠳᠤ ᠬᠤᠪᠢᠰᠬᠠᠯ  ᠳᠤ ᠣᠷᠣᠯᠴᠠᠵᠤ᠂ ᠬᠦᠪᠡᠭᠡᠳᠦ ᠴᠠᠭᠠᠨ ᠬᠤᠰᠢᠭᠤᠨ ᠤ ᠰᠠᠯᠪᠣᠷᠢ ᠬᠤᠷᠠᠯ ᠤᠨ

ᠭᠡᠰᠢᠬᠦᠨ ᠪᠣᠯᠵᠤ᠂ ᠲᠥᠯᠣᠭᠡᠯᠡᠭᠴᠢ ᠪᠠᠷ ᠰᠣᠩᠭᠤᠭᠳᠠᠨ ᠣᠯᠠᠭᠠᠨᠬᠤᠳᠠ ᠳᠤ ᠪᠣᠯᠣᠭᠰᠠᠨ ᠥᠪᠣᠷ ᠮᠣᠩᠭᠤᠯ ᠤᠨ

ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠪᠠᠶᠢᠭᠤᠯᠣᠭᠳᠠᠭᠰᠠᠨ ᠶᠡᠭᠡ ᠬᠤᠷᠠᠯ ᠳᠤ

ᠣᠷᠤᠯᠴᠠᠵᠠᠢ᠃ ᠣᠷᠢᠳ ᠬᠤᠵᠢᠳ ᠬᠤᠰᠢᠭᠤᠨ ᠤ ᠰᠠᠯᠪᠣᠷᠢ ᠬᠤᠷᠠᠯ ᠤᠨ ᠡᠷᠬᠢᠯᠡᠭᠴᠢ᠂ ᠮᠢᠩᠭᠠᠨ ᠲᠠᠶᠢᠫᠤᠰᠧ

ᠬᠤᠰᠢᠭᠤᠨ ᠤ ᠬᠤᠷᠰᠢᠶ᠎ᠠ ᠶᠢᠨ ᠡᠷᠬᠢᠯᠡᠭᠴᠢ᠂ ᠴᠠᠬᠠᠷ ᠠᠶᠢᠮᠠᠭ ᠤᠨ ᠶᠡᠷᠣᠩᠭᠡᠢ ᠬᠤᠷᠰᠢᠶ᠎ᠠ ᠶᠢᠨ ᠲᠡᠳ᠋ ᠡᠷᠬᠢᠯᠡᠭᠴᠢ᠂

ᠠᠶᠢᠮᠠᠭ ᠤᠨ ᠭᠠᠷ ᠦᠢᠯᠡᠳᠪᠣᠷᠢᠯᠡᠯ ᠤᠨ ᠬᠤᠷᠰᠢᠶ᠎ᠠ ᠶᠢᠨ ᠲᠡᠳ᠋ ᠡᠷᠬᠢᠯᠡᠭᠴᠢ᠂ ᠴᠠᠬᠠᠷ ᠠᠶᠢᠮᠠᠭ ᠤᠨ

ᠦᠢᠯᠡᠳᠪᠣᠷᠢᠯᠡᠯ ᠤᠨ ᠭᠠᠵᠠᠷ ᠤᠨ ᠲᠡᠳ᠋ ᠭᠠᠵᠠᠷ ᠤᠨ ᠲᠠᠷᠤᠭ᠎ᠠ᠂ ᠠᠶᠢᠮᠠᠭ ᠤᠨ ᠵᠠᠬᠢᠷᠭ᠎ᠠ ᠶᠢᠨ ᠠᠯᠪᠠᠨ ᠭᠡᠷ ᠤᠨ

ᠡᠷᠬᠢᠯᠡᠭᠴᠢ ᠪᠣᠯᠵᠤ ᠥᠩᠭᠡᠷᠡᠪᠡ᠃ ᠪᠠᠰᠨ ᠪᠣᠣᠴᠠᠩ ᠳᠠᠬᠢ ᠮᠠᠯ ᠠᠵᠤ ᠠᠬᠤᠢ ᠶᠢᠨ ᠮᠠᠰᠢᠨᠴᠢᠯᠠᠯᠳᠠ ᠶᠢᠨ

ᠦᠢᠯᠡᠳᠪᠣᠷᠢ ᠶᠢᠨ ᠲᠠᠷᠤᠭ᠎ᠠ ᠪᠠ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠢ ᠬᠠᠪᠰᠣᠷᠭᠠᠨ ᠬᠠᠷᠢᠭᠤᠴᠠᠵᠤ

ᠪᠠᠶᠢᠭᠰᠠᠨ᠃ ᠰᠡᠬᠦᠯᠡᠷ ᠨᠢ ᠰᠠᠶᠢᠬᠠᠨᠳᠠᠯ᠎ᠠ ᠳᠠᠬᠢ ᠪᠣᠯᠣᠳ ᠲᠡᠮᠣᠷ ᠤᠨ ᠦᠢᠯᠡᠳᠪᠣᠷᠢᠯᠡᠯ ᠤᠨ ᠲᠠᠷᠤᠭ᠎ᠠ ᠶᠢᠨ

ᠲᠤᠰᠢᠶᠠᠯ ᠢ ᠬᠠᠷᠢᠭᠤᠴᠠᠪᠠ᠃ 1961 ᠣᠨ ᠠᠴᠠ ᠬᠤᠶᠢᠰᠢ ᠰᠢᠯᠢ ᠶᠢᠨ ᠭᠤᠣᠯ ᠠᠶᠢᠮᠠᠭ ᠤᠨ ᠬᠠᠩᠭᠠᠨ

ᠪᠣᠷᠣᠯᠠᠭᠤᠯᠬᠤ ᠬᠤᠷᠰᠢᠶ᠎ᠠ ᠶᠢᠨ ᠡᠷᠬᠢᠯᠡᠭᠴᠢ᠂ ᠠᠶᠢᠮᠠᠭ ᠤᠨ ᠡᠳ᠋ ᠠᠷᠠᠯᠵᠢᠶ᠎ᠠ ᠶᠢᠨ ᠵᠦᠪᠯᠡᠯ ᠤᠨ ᠲᠡᠳ᠋ ᠡᠷᠬᠢᠯᠡᠭᠴᠢ

ᠵᠡᠷᠭᠡ ᠲᠤᠰᠢᠶᠠᠯ ᠢ ᠬᠠᠷᠢᠭᠤᠴᠠᠪᠠ᠃ ᠰᠣᠶᠣᠯ ᠤᠨ ᠬᠤᠪᠢᠰᠬᠠᠯ ᠤᠨ ᠲᠠᠷᠠᠭ᠎ᠠ ᠠᠶᠢᠮᠠᠭ ᠤᠨ ᠬᠤᠳᠠᠯᠳᠣᠭᠠᠨ ᠤ

ᠲᠣᠪᠴᠢᠶ᠎ᠠ ᠶᠢᠨ ᠲᠡᠳ᠋ ᠲᠠᠷᠤᠭ᠎ᠠ᠂ ᠬᠠᠩᠭᠠᠯᠭ᠎ᠠ ᠶᠢᠨ ᠬᠤᠷᠰᠢᠶᠠᠨ ᠤ ᠲᠡᠳ᠋ ᠱᠦᠵᠢ ᠪᠠᠷ ᠠᠵᠢᠯᠯᠠᠵᠤ ᠪᠠᠶᠢᠪᠠ᠃

1984 ᠣᠨ ᠳᠤ ᠠᠵᠢᠯ ᠢᠶᠠᠨ ᠲᠠᠷᠬᠠᠯᠠᠵᠠᠢ᠃ ᠣᠣᠯ  ᠤᠨ ᠴᠠᠬᠠᠷ ᠠᠶᠢᠮᠠᠭ ᠤᠨ ᠣᠯᠣᠰ ᠲᠦᠷᠣ ᠶᠢᠨ

ᠵᠦᠪᠯᠡᠯᠭᠡᠨ ᠤ ᠭᠡᠰᠢᠬᠦᠨ᠂ ᠰᠢᠯᠢ ᠶᠢᠨ ᠭᠤᠣᠯ ᠠᠶᠢᠮᠠᠭ ᠤᠨ ᠣᠯᠣᠰ ᠲᠦᠷᠣ ᠶᠢᠨ ᠵᠦᠪᠯᠡᠯᠭᠡᠨ  ᠤ ᠭᠤᠷᠪᠠᠳᠣᠭᠠᠷ᠂

ᠲᠦᠷᠪᠡᠳᠦᠭᠡᠷ᠂ ᠲᠠᠪᠣᠳᠣᠭᠠᠷ ᠬᠤᠭᠤᠴᠠᠭᠠᠨ ᠤ ᠭᠡᠰᠢᠬᠦᠨ ᠪᠠᠶᠢᠪᠠ᠃

    ᠽᠠᠶᠢᠫᠣᠩᠭ᠎ᠠ᠂ ᠬᠦᠪᠡᠭᠡᠳᠦ ᠰᠢᠷ᠎ᠡ ᠥᠭᠡᠷᠴᠢᠨ ᠰᠦᠷᠦᠭ ᠤᠨ ︵ᠮᠢᠩᠭᠠᠨ ᠬᠤᠰᠢᠭᠤᠨ ᠤ ᠬᠤᠶᠠᠳᠣᠭᠠᠷ ᠰᠣᠮᠣ︶

ᠮᠠᠯᠴᠢᠨ ᠭᠤᠮᠪᠣᠵᠠᠪ ᠤᠨ ᠭᠡᠷ ᠲᠤ ᠲᠦᠷᠣᠵᠠᠢ᠃ ᠨᠣᠳᠤᠭ ᠤᠨ ᠪᠠᠭ᠎ᠠ ᠰᠣᠷᠭᠠᠭᠤᠯᠢ ᠪᠠ ᠵᠠᠩᠪᠸᠢ ᠶᠢᠨ ᠮᠣᠩᠭᠤᠯ

ᠵᠠᠯᠠᠭᠤᠴᠣᠳ ᠤᠨ ᠰᠣᠷᠭᠠᠭᠤᠯᠢ  ᠳᠤ ᠪᠢᠴᠢᠭ ᠦᠵᠡᠪᠡ᠃ 1946 ᠣᠨ ᠳᠤ ᠬᠤᠪᠢᠰᠬᠠᠯ ᠳᠤ ᠣᠷᠣᠯᠴᠠᠪᠠ᠃ ᠡᠪ

ᠬᠠᠮᠳᠦ ᠨᠠᠮ ᠤᠨ ᠭᠡᠰᠢᠬᠦᠨ᠃ ᠣᠷᠢᠳ ᠬᠤᠵᠢᠳ ᠮᠢᠩᠭᠠᠨ ᠬᠤᠰᠢᠭᠤ᠂ ᠴᠠᠬᠠᠷ ᠠᠶᠢᠮᠠᠭ ᠤᠨ ᠵᠠᠬᠢᠷᠭ᠎ᠠ᠂ ᠮᠢᠩᠭᠠᠨ

ᠲᠠᠶᠢᠫᠤᠰᠧ ᠬᠤᠯᠪᠣᠭᠠᠳᠦ ᠬᠤᠰᠢᠭᠤᠨ ᠳᠤ ᠠᠵᠢᠯᠯᠠᠵᠤ ᠪᠠᠶᠢᠪᠠ᠃ 1956 ᠣᠨ ᠳᠤ ᠰᠢᠯᠣᠭᠤᠨ ᠬᠦᠪᠡᠭᠡᠳᠦ ᠴᠭᠠᠨ

ᠬᠤᠰᠢᠭᠤᠨ  ᠳᠤ ᠰᠢᠯᠵᠢᠨ ᠢᠷᠡᠵᠤ᠂ ᠣᠷᠢᠳ ᠬᠤᠵᠢᠳ ᠰᠠᠯᠠᠭᠠᠨ ᠲᠠᠷᠤᠭ᠎ᠠ᠂ ᠰᠣᠮᠣᠨ ᠤ ᠱᠦᠵᠢ᠂ ᠨᠠᠮ ᠤᠨ

ᠣᠳᠣᠷᠢᠳᠬᠤ ᠲᠤᠭᠤᠶᠢᠯᠠᠩ ᠤᠨ ᠱᠦᠵᠢ᠂ ᠬᠤᠰᠢᠭᠤ ᠨᠠᠮ ᠤᠨ ᠬᠤᠷᠢᠶᠠᠨ ᠤ ᠭᠡᠰᠢᠬᠦᠨ᠂ ᠪᠠᠶᠢᠩᠭᠤ ᠶᠢᠨ ᠭᠡᠰᠢᠬᠦᠨ

᠂ ᠲᠡᠳ᠋ ᠬᠤᠰᠢᠭᠤ ᠲᠠᠷᠤᠭ᠎ᠠ᠂ ᠠᠷᠠᠳ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠵᠡᠷᠭᠡ ᠲᠤᠰᠢᠶᠠᠯ ᠢ

ᠬᠠᠷᠢᠭᠤᠴᠠᠵᠤ ᠪᠠᠶᠢᠪᠠ᠃ 1983 ᠣᠨ ᠳᠤ ᠠᠵᠢᠯ ᠢᠶᠠᠨ ᠲᠠᠷᠬᠠᠯᠠᠵᠠᠢ᠃

    ᠣᠶᠣᠨᠪᠢᠯᠢᠭ᠌᠂ ᠡᠮᠡᠭᠳᠡᠢ᠂ 1931 ᠣᠨ  ᠤ 2 ᠰᠠᠷ᠎ᠠ ᠳᠤ ᠬᠦᠯᠣ ᠴᠠᠭᠠᠨ ᠬᠤᠰᠢᠭᠤᠨ ᠤ ᠦᠨᠡᠨᠪᠠᠳᠦ

ᠰᠣᠮᠣᠨ ᠳᠤ ᠲᠦᠷᠣᠵᠠᠢ᠃ ᠵᠠᠩᠪᠸᠢ ᠶᠢᠨ ᠮᠣᠩᠭᠤᠯ ᠵᠠᠯᠠᠭᠤᠴᠣᠳ ᠤᠨ ᠰᠣᠷᠭᠠᠭᠤᠯᠢ ᠶᠢᠨ ᠦᠬᠢᠳ ᠤᠨ ᠠᠩᠬᠢ ᠳᠤ

ᠲᠦᠷᠪᠡᠨ ᠵᠢᠯ ᠰᠣᠷᠤᠯᠴᠠᠪᠠ᠃ 1948 ᠣᠨ  ᠳᠤ ᠰᠢᠯᠣᠭᠤᠨ ᠬᠦᠭᠡ ᠬᠤᠰᠢᠭᠤᠨ ᠤ ᠵᠢᠭᠠᠰᠣᠳᠠᠢ ᠶᠢᠨ ᠪᠠᠭᠰᠢ

᠎ ᠶᠢᠨ ᠪᠣᠯᠪᠠᠰᠣᠷᠠᠯ ᠳᠤ ᠣᠷᠣᠯᠴᠠᠭᠠᠳ᠂ ᠰᠣᠷᠭᠠᠨ ᠬᠦᠮᠣᠵᠢᠯ ᠤᠨ ᠹᠷᠤᠨᠲ ᠲᠤ ᠭᠠᠷᠴᠣ ᠠᠵᠢᠯᠯᠠᠭᠰᠠᠨ ᠪᠠᠶᠢᠨ᠎ᠠ᠃

1949 ᠣᠨ ᠤ 3 ᠰᠠᠷ᠎ᠠ ᠳᠤ ᠰᠢᠯᠣᠭᠤᠨ ᠴᠠᠭᠠᠨ ᠬᠤᠰᠢᠭᠤᠨ ᠤ ᠣᠯᠠᠭᠠᠨᠴᠠᠪ ᠨᠢᠭᠡᠳᠦᠭᠡᠷ ᠪᠠᠭ᠎ᠠ ᠰᠣᠷᠭᠠᠭᠤᠯᠢ

ᠠᠩᠬᠠᠯᠠᠨ ᠪᠠᠶᠢᠭᠤᠯᠣᠭᠳᠠᠬᠤ ᠳᠤ ᠪᠠᠭᠰᠢ ᠪᠠᠷ ᠬᠤᠪᠢᠶᠠᠭᠳᠠᠨ ᠢᠷᠡᠵᠤ ᠪᠠᠭᠰᠢᠯᠠᠭᠰᠠᠨ ᠢᠶᠠᠨ 1950 ᠣᠨ ᠳᠤ

ᠬᠤᠨᠳᠦ ᠶᠢᠨ ᠰᠦᠮ᠎ᠡ ᠲᠡᠭᠡᠷᠡᠬᠢ ᠭᠤᠷᠪᠠᠳᠣᠭᠠᠷ ᠪᠠᠭ᠎ᠠ ᠰᠣᠷᠭᠠᠭᠤᠯᠢ  ᠳᠤ ᠠᠵᠢᠯ ᠰᠢᠯᠵᠢᠵᠤ᠂ 1952 ᠣᠨ ᠳᠤ

ᠰᠢᠯᠢ ᠶᠢᠨ ᠬᠤᠳᠠ ᠶᠢᠨ ᠨᠢᠭᠡᠳᠦᠭᠡᠷ ᠪᠠᠭ᠎ᠠ ᠰᠣᠷᠭᠠᠭᠤᠯᠢ ᠳᠤ ᠬᠢᠴᠢᠶᠠᠯ ᠬᠦᠮᠣᠵᠢᠯ ᠤᠨ ᠡᠷᠬᠢᠯᠡᠭᠴᠢ ᠪᠠᠷ

ᠲᠣᠮᠢᠯᠠᠭᠳᠠᠪᠠ᠃1959 ᠣᠨ ᠳᠤ ᠡᠷᠢᠶᠡᠨ ᠬᠤᠳᠠ ᠶᠢᠨ ᠮᠣᠩᠭᠤᠯ ᠪᠠᠭ᠎ᠠ ᠰᠣᠷᠭᠠᠭᠤᠯᠢ ᠪᠠᠶᠢᠭᠤᠯᠬᠤ ᠳᠤ ᠵᠠᠬᠢᠷᠣᠯ

ᠪᠠᠭᠰᠢ ᠪᠠᠷ ᠣᠴᠢᠵᠣ᠂ 1961 ᠣᠨ ᠬᠦᠷᠳᠡᠯ᠎ᠡ ᠲᠤᠰᠢᠶᠠᠯ ᠳᠤ ᠪᠠᠶᠢᠪᠠ᠃ 1963 ᠣᠨ  ᠳᠤ ᠰᠢᠯᠢ  ᠶᠢᠨ

ᠭᠤᠣᠯ ᠠᠶᠢᠮᠠᠭ  ᠤᠨ ᠮᠣᠩᠭᠤᠯ ᠲᠣᠮᠳᠠᠳᠦ ᠰᠣᠷᠭᠠᠭᠤᠯᠢ  ᠳᠤ ᠰᠢᠯᠵᠢᠨ ᠣᠴᠢᠵᠣ᠂ 1978 ᠣᠨ ᠪᠣᠯᠳᠠᠯ᠎ᠠ

ᠪᠠᠭᠰᠢᠯᠠᠵᠠᠢ᠃ 1978 — 1989 ᠣᠨ ᠤ ᠬᠤᠭᠤᠷᠣᠨᠳᠦ ᠰᠢᠯᠢ ᠶᠢᠨ ᠭᠤᠣᠯ ᠠᠶᠢᠮᠠᠭ ᠤᠨ ᠰᠣᠷᠭᠠᠨ

ᠬᠦᠮᠣᠵᠢᠯ ᠤᠨ ᠭᠠᠵᠠᠷ ᠲᠤ ᠭᠡᠣᠭᠡᠳ ᠤᠨ ᠰᠣᠷᠭᠠᠨ ᠬᠦᠮᠣᠵᠢᠯ ᠤᠨ ᠰᠠᠯᠠᠭᠠᠨ  ᠤ ᠲᠠᠷᠤᠭ᠎ᠠ  ᠶᠢᠨ ᠲᠤᠰᠢᠶᠠᠯ  ᠢ

ᠬᠦᠢᠴᠡᠳᠭᠡᠪᠡ᠃ ᠡᠨ᠋ᠨ ᠬᠤᠭᠤᠷᠣᠨᠳᠦ 1985 ᠣᠨ ᠳᠤ ᠰᠢᠯᠢ ᠶᠢᠨ ᠭᠤᠣᠯ ᠠᠶᠢᠮᠠᠭ ᠤᠨ ᠮᠣᠩᠭᠤᠯ ᠭᠡᠣᠭᠡᠳ ᠤᠨ

ᠴᠡᠴᠡᠷᠯᠢᠭ  ᠢ ᠪᠠᠶᠢᠭᠤᠯᠵᠤ᠂ ᠱᠦᠵᠢ ᠶᠢᠨ ᠲᠣᠰᠢᠶᠠᠯ ᠲᠠᠢ ᠠᠵᠢᠯᠯᠠᠵᠤ ᠪᠠᠶᠢᠪᠠ᠃

ᠵᠠᠩᠪᠸᠢ ᠶᠢᠨ ᠮᠣᠩᠭᠤᠯ ᠵᠠᠯᠠᠭᠤᠰ ᠤᠨ ᠲᠣᠮᠳᠠᠳᠦ ᠰᠣᠷᠭᠠᠭᠤᠯᠢ ᠳᠤ ᠵᠠᠬᠢᠷᠣᠯ ᠪᠠᠶᠢᠭᠰᠠᠨ ᠪᠣᠶᠣ ᠪᠠᠭᠰᠢᠯᠠᠵᠤ

ᠪᠠᠶᠢᠭᠰᠠᠨ ᠬᠦᠮᠣᠰ ᠠᠴᠠ ᠲᠤᠷᠠᠳᠪᠡᠯ᠄ ᠡᠷᠭᠡᠰᠠᠶᠢᠨ ︵ᠭᠡᠷᠡᠭᠯᠡᠵᠤ ᠥᠩᠭᠡᠷᠡᠭᠰᠡᠨ ᠨᠡᠷ᠎ᠡ ᠨᠢ ᠬᠦᠣᠯᠢᠩᠭᠡ︶ 1915

ᠣᠨ ᠳᠤ ᠬᠦᠪᠡᠭᠡᠳᠦ ᠴᠠᠭᠠᠨ ᠬᠤᠰᠢᠭᠤᠨ ᠤ ᠠᠷᠪᠠᠨ ᠭᠤᠷᠪᠠᠳᠣᠭᠠᠷ ᠰᠣᠮᠣᠨ ᠳᠤ ᠲᠦᠷᠣᠵᠠᠢ᠃ ᠪᠠᠭ᠎ᠠ ᠠᠴᠠ ᠪᠠᠨ

ᠮᠣᠩᠭᠤᠯ ᠬᠢᠳᠡᠳ ᠪᠢᠴᠢᠭ ᠰᠣᠷᠴᠣ᠂ ᠪᠡᠭᠡᠵᠢᠩ ᠳᠠᠬᠢ ᠮᠣᠩᠭᠤᠯ ᠲᠦᠪᠡᠳ ᠤᠨ ᠰᠣᠷᠭᠠᠭᠤᠯᠢ ᠠᠴᠠ ᠲᠡᠬᠦᠰᠴᠠᠢ᠃

1944 — 1945 ᠣᠨ ᠬᠦᠷᠳᠡᠯ᠎ᠡ ᠵᠠᠩᠪᠸᠢ ᠶᠢᠨ ᠮᠣᠩᠭᠤᠯ ᠵᠠᠯᠠᠭᠤᠰ ᠤᠨ ᠲᠣᠮᠳᠠᠳᠦ ᠰᠣᠷᠭᠠᠭᠤᠯᠢ ᠳᠤ

ᠵᠠᠬᠢᠷᠣᠯ ᠪᠠᠶᠢᠵᠠᠢ᠃ ᠴᠢᠯᠣᠭᠡᠯᠡᠭᠳᠡᠭᠰᠡᠨ ᠤ ᠲᠠᠷᠠᠭ᠎ᠠ1946 — 1947 ᠣᠨ ᠬᠦᠷᠳᠡᠯ᠎ᠡ ᠬᠦᠪᠡᠭᠡᠳᠦ ᠴᠠᠭᠠᠨ

ᠬᠤᠰᠢᠭᠤᠨ ᠤ ᠬᠤᠪᠢᠶᠠᠷᠢ ᠬᠤᠷᠠᠯ ᠤᠨ ᠡᠷᠬᠢᠯᠡᠭᠴᠢ ᠶᠢᠨ ᠠᠵᠢᠯ ᠢ ᠡᠬᠦᠷᠭᠡᠯᠡᠵᠤ ᠪᠠᠶᠢᠪᠠ᠃ 1949 ᠣᠨ ᠳᠤ

ᠨᠠᠰᠣ ᠪᠠᠷᠠᠵᠠᠢ᠃

    ᠣᠳᠬᠠᠨ᠂ ᠡᠮᠡᠭᠳᠡᠢ᠂ ᠣᠳᠦ ᠶᠢᠨ ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠦᠨᠠᠨᠪᠠᠳᠦ ᠰᠣᠮᠣᠨ ᠤ

ᠬᠦᠮᠣᠨ᠃ ᠵᠠᠩᠪᠸᠢ ᠶᠢᠨ ᠮᠣᠩᠭᠤᠯ ᠵᠠᠯᠠᠭᠤᠰ ᠤᠨ ᠲᠣᠮᠳᠠᠳᠦ ᠰᠣᠷᠭᠠᠭᠤᠯᠢ ᠶᠢᠨ ᠦᠬᠢᠳ ᠤᠨ ᠠᠩᠬᠢ ᠳᠤ

ᠰᠣᠷᠤᠯᠴᠠᠵᠤ ᠲᠡᠬᠦᠰᠣᠭᠡᠳ ᠲᠤᠰ ᠠᠩᠬᠢ ᠳᠠᠭᠠᠨ ᠪᠠᠭᠰᠢᠯᠠᠵᠠᠢ᠃ 1953 — 1959 ᠣᠨ ᠬᠦᠷᠳᠡᠯ᠎ᠠ

ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠣᠯᠠᠭᠠᠨᠴᠠᠪ ᠪᠠᠭ᠎ᠠ ᠰᠣᠷᠭᠠᠭᠤᠯᠢ ᠶᠢᠨ ᠵᠡᠬᠢᠷᠣᠯ ᠤᠨ ᠲᠤᠰᠢᠶᠠᠯ ᠳᠤ

ᠪᠠᠶᠢᠵᠠᠢ᠃

    ᠡᠷᠳᠡᠨᠢᠸ᠋ᠴᠢᠷ᠂ 1914 ᠣᠨ ᠳᠤ ᠬᠦᠪᠡᠭᠡᠳᠦ ᠴᠠᠭᠠᠨ ᠬᠤᠰᠢᠭᠤᠨ ᠤ ᠠᠷᠪᠠᠳᠣᠭᠠᠷ ᠰᠣᠮᠣᠨ ᠳᠤ ᠲᠦᠷᠣᠵᠠᠢ᠃

ᠪᠠᠭ᠎ᠠ ᠨᠠᠰᠣᠨ ᠳᠠᠭᠠᠨ ᠴᠠᠬᠠᠷ ᠨᠠᠢᠮᠠᠨ ᠬᠤᠰᠢᠭᠤᠨ ᠤ ᠨᠢᠭᠡᠳᠦᠭᠡᠷ ᠪᠥᠷᠢᠨ ᠪᠠᠭ᠎ᠠ ᠰᠣᠷᠭᠠᠭᠤᠯᠢ ᠵᠡᠷᠭᠡ ᠳᠤ

ᠰᠣᠷᠤᠯᠴᠠᠪᠠ᠃ 1936 ᠣᠨ ᠠᠴᠠ ᠡᠬᠢᠯᠡᠨ ᠵᠠᠩᠪᠸᠢ ᠶᠢᠨ ᠮᠣᠩᠭᠤᠯ ᠵᠠᠯᠠᠭᠤᠰ ᠤᠨ ᠲᠣᠮᠳᠠᠳᠦ ᠰᠣᠷᠭᠠᠭᠤᠯᠢ ᠳᠤ

ᠪᠠᠭᠰᠢᠯᠠᠵᠤ᠂ ᠰᠣᠸᠠᠮᠫᠠᠨ ᠪᠣᠳᠣᠯᠭ᠎ᠠ ᠵᠡᠷᠭᠡ ᠶᠢ ᠵᠢᠭᠠᠵᠤ ᠪᠠᠶᠢᠪᠠ᠃ ᠴᠢᠯᠣᠭᠡᠯᠡᠭᠳᠡᠭᠰᠡᠨ ᠤ ᠲᠠᠷᠠᠭ᠎ᠠ ᠬᠦᠪᠡᠭᠡᠳᠦ

ᠴᠠᠭᠠᠨ ᠬᠤᠰᠢᠭᠤᠨ ᠳᠤ ᠬᠤᠪᠢᠰᠬᠠᠯ ᠤᠨ ᠠᠵᠢᠯ ᠳᠤ ᠣᠷᠣᠵᠤ᠂ 1946 ᠣᠨ ᠤ 3 ᠰᠠᠷ᠎ᠠ ᠬᠦᠷᠳᠡᠯ᠎ᠡ ᠵᠣᠬᠢᠶᠠᠨ

ᠪᠠᠶᠢᠭᠤᠯᠬᠤ ᠲᠠᠰᠤᠭ ᠤᠨ ᠲᠠᠷᠤᠭ᠎ᠠ ᠶᠢᠨ ᠲᠤᠰᠢᠶᠠᠯ ᠳᠤ ᠪᠠᠶᠢᠪᠠ᠃ 1946 ᠣᠨ ᠤ 3 ᠰᠠᠷ᠎ᠠ ᠠᠴᠠ 1949

ᠣᠨ ᠤ 2 ᠰᠠᠷ᠎ᠠ ᠬᠦᠷᠳᠡᠯ᠎ᠠ ᠬᠦᠪᠡᠭᠡᠳᠦ ᠴᠠᠭᠠᠨ ᠬᠤᠰᠢᠭᠤᠨ ᠤ ᠠᠷᠠᠳ ᠤᠨ ᠶᠠᠪᠣᠳᠠᠯ᠂ ᠰᠣᠶᠣᠯ ᠬᠦᠮᠣᠵᠢᠯ ᠤᠨ

ᠰᠠᠯᠠᠭᠠᠨ ᠲᠠᠷᠤᠭ᠎ᠠ ᠪᠠᠷ ᠠᠵᠢᠯᠯᠠᠵᠠᠢ᠃

    ᠰᠢᠯᠣᠭᠤᠨ ᠴᠠᠭᠠᠨ᠂ ᠬᠦᠪᠡᠭᠡᠳᠦ ᠴᠠᠭᠠᠨ ᠬᠤᠯᠪᠣᠭᠠᠳᠦ ᠬᠤᠰᠢᠭᠤ ᠪᠠᠶᠢᠭᠤᠯᠣᠭᠳᠠᠭᠰᠠᠨ ᠬᠤᠶᠢᠨ᠎ᠠ 1949

ᠣᠨ ᠤ 3 ᠰᠠᠷ᠎ᠠ ᠠᠴᠠ10 ᠰᠠᠷ᠎ᠠ ᠬᠦᠷᠳᠡᠯ᠎ᠠ ᠮᠥᠨ ᠠᠷᠠᠳ ᠤᠨ ᠶᠠᠪᠣᠳᠠᠯ᠂ ᠰᠣᠶᠣᠯ ᠬᠦᠮᠣᠵᠢᠯ ᠤᠨ ᠰᠠᠯᠠᠭᠠᠨ

ᠲᠠᠷᠤᠭ᠎ᠠ ᠶᠢᠨ ᠲᠤᠰᠢᠶᠠᠯ ᠲᠠᠢ ᠠᠵᠢᠯᠯᠠᠵᠤ ᠪᠠᠶᠢᠵᠠᠢ᠃

微信图片_20221129113540.jpg

 
ᠢᠷᠡᠯᠲᠡ᠄ ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠵᠠᠰᠠᠭ ᠤᠨ ᠤᠷᠲᠤᠨ ᠤ ᠮᠥᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号