ᠪᠥᠬᠦ ᠬᠤᠰᠢᠭᠤᠨ ᠤ ᠰᠢᠶᠠᠩ ᠰᠠᠯᠠᠭᠠᠨ ᠲᠠᠰ ᠤᠨ ᠤᠳᠤᠷᠢᠳᠬᠤ ᠺᠠᠳ᠋ᠷᠴᠤᠳ ᠤᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠲᠤᠰᠬᠠᠢ ᠰᠡᠳᠦᠪᠲᠦ ᠪᠣᠯᠪᠠᠰᠤᠷᠠᠯ ᠤᠨ ᠠᠩᠭᠢ ᠠᠮᠵᠢᠯᠲᠠ ᠲᠠᠢ ᠲᠡᠭᠦᠰᠪᠡ
ᠨᠡᠶᠢᠲᠡᠯᠡᠭᠰᠡᠨ ᠴᠠᠭ᠄
2023/5/16
ᠪᠥᠬᠦ ᠬᠤᠰᠢᠭᠤᠨ ᠤ ᠰᠢᠶᠠᠩ ᠰᠠᠯᠠᠭᠠᠨ ᠲᠠᠰ ᠤᠨ ᠤᠳᠤᠷᠢᠳᠬᠤ ᠺᠠᠳ᠋ᠷᠴᠤᠳ ᠤᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠲᠤᠰᠬᠠᠢ ᠰᠡᠳᠦᠪᠲᠦ ᠪᠣᠯᠪᠠᠰᠤᠷᠠᠯ ᠤᠨ ᠠᠩᠭᠢ ᠠᠮᠵᠢᠯᠲᠠ ᠲᠠᠢ ᠲᠡᠭᠦᠰᠪᠡ    ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠣᠯᠣᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠬᠤ ᠶᠢᠨ ᠲᠥᠯᠥᠭᠡ᠂ 5 ᠰᠠᠷ᠎ᠠ  ᠶᠢᠨ 11᠎ ᠠᠴᠠ 12 ᠎ ᠤᠨ ᠡᠳᠦᠷ ᠪᠣᠯᠲᠠᠯ᠎ᠠ᠂  ᠬᠤᠰᠢᠭᠤ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ᠂ ᠨᠠᠮ ᠤᠨ ᠰᠤᠷᠭᠠᠭᠤᠯᠢ ᠬᠠᠮᠲᠤᠷᠠᠨ ᠪᠦᠬᠦ ᠬᠤᠰᠢᠭᠤᠨ ᠤ ᠰᠢᠶᠠᠩ ᠰᠠᠯᠠᠭᠠᠨ ᠤ ᠲᠡᠰ ᠤᠨ ᠤᠳᠤᠷᠢᠳᠬᠤ ᠺᠠᠳ᠋ᠷ ᠤᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ  ᠶᠢ ᠰᠤᠷᠤᠯᠴᠠᠨ ᠲᠤᠤᠱᠯᠠᠭᠤᠯᠬᠤ ᠲᠤᠰᠬᠠᠢ ᠰᠡᠳᠦᠪᠲᠦ ᠪᠣᠯᠪᠠᠰᠤᠷᠠᠯ ᠤᠨ ᠠᠩᠭᠢ ᠶᠢ ᠡᠷᠬᠢᠯᠡᠪᠡ᠃ ᠪᠥᠬᠦ ᠬᠤᠰᠢᠭᠤᠨ ᠤ 308 ᠨᠡᠷᠡᠰ ᠰᠢᠶᠠᠩ ᠰᠠᠯᠠᠭᠠᠨ ᠲᠠᠰ ᠤᠨ ᠤᠳᠤᠷᠢᠳᠬᠤ ᠺᠠᠳ᠋ᠷ ᠪᠣᠯᠪᠠᠰᠤᠷᠠᠯ ᠳᠤ ᠤᠷᠤᠯᠴᠠᠪᠠ᠃    ᠲᠤᠰ ᠤᠳᠠᠭᠠᠨ ᠤ ᠪᠣᠯᠪᠠᠰᠤᠷᠠᠯ ᠨᠢ ᠭᠤᠣᠯ ᠰᠡᠳᠦᠪ ᠲᠠᠢ ᠨᠢᠭᠲᠠ ᠤᠶᠠᠯᠳᠤᠭᠤᠯᠤᠨ᠂ ᠲᠤᠰᠬᠠᠢ ᠰᠡᠳᠦᠪᠲᠦ ᠵᠢᠭᠠᠨ ᠰᠤᠷᠭᠠᠯᠲᠠ ᠪᠠᠷ ᠭᠤᠣᠯ ᠪᠣᠯᠭᠠᠵᠤ᠂ ᠬᠢᠴᠢᠶᠡᠯ ᠤᠨ ᠲᠣᠬᠢᠷᠠᠭᠤᠯᠤᠯᠲᠠ ᠨᠢᠭᠲᠠ᠂ ᠠᠭᠤᠯᠭ᠎ᠠ ᠪᠦᠷᠢᠨ ᠲᠡᠭᠦᠯᠳᠡᠷ ᠪᠠᠶᠢᠵᠤ᠂ ᠲᠣᠰ ᠲᠣᠰ ᠲᠥᠪ ᠤᠨ ᠨᠠᠮ ᠤᠨ ᠰᠤᠷᠭᠠᠭᠤᠯᠢ ᠶᠢᠨ ︽ᠰᠦᠯᠵᠢᠶᠡᠨ ᠳᠡᠭᠡᠷᠡᠬᠢ ᠨᠠᠮ ᠤᠨ ᠰᠤᠷᠭᠠᠭᠤᠯᠢ︾᠎ ᠶᠢᠨ ᠸᠢᠳᠢᠤ᠋ ᠶᠢᠨ ᠬᠢᠴᠢᠶᠡᠯ᠂ ᠥᠪᠡᠷᠲᠡᠭᠡᠨ ᠵᠠᠰᠠᠬᠤ ᠣᠷᠣᠨ ᠤ ᠨᠠᠮ ᠤᠨ ᠪᠠᠶᠢᠭᠤᠯᠤᠯᠲᠠ ᠶᠢᠨ ᠲᠤᠰᠬᠠᠢ ᠮᠡᠷᠭᠡᠵᠢᠯᠲᠡᠨ᠂ ᠬᠤᠰᠢᠭᠤ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠶᠢᠨ ᠪᠠᠭᠰᠢ ᠨᠠᠷ ᠤᠨ ᠲᠤᠰᠬᠠᠢ ᠰᠡᠳᠦᠪᠲᠦ ᠬᠢᠴᠢᠶᠡᠯ ᠢ ᠨᠠᠪᠲᠠᠷᠡᠭᠦᠯᠵᠦ᠂ ᠰᠢ ᠶᠢᠨ ᠫᠢᠩ ᠶᠢᠨ ᠪᠥᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠲᠤᠬᠠᠢ ᠴᠢᠬᠤᠯᠠ ᠥᠭᠦᠯᠡᠯᠲᠡ᠂ ᠰᠢ ᠶᠢᠨ ᠫᠢᠩ ᠶᠢᠨ ᠬᠠᠤᠯᠢ ᠪᠠᠷ ᠵᠠᠰᠠᠬᠤ ᠦᠵᠡᠯ ᠰᠠᠨᠠᠭ᠎ᠠ᠂ ᠤᠯᠤᠰ ᠤᠨ ᠶᠡᠷᠦᠩᠬᠡᠢ ᠴᠣᠭᠴᠠ ᠶᠢᠨ ᠠᠮᠤᠷ ᠲᠦᠪᠰᠢᠨ ᠤ ᠦᠵᠡᠯᠲᠡ᠂ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠵᠡᠷᠭᠡ ᠠᠭᠤᠯᠭ᠎ᠠ ᠳᠤ ᠭᠦᠨᠵᠡᠭᠡᠢ ᠪᠥᠭᠡᠳ ᠨᠠᠷᠢᠯᠢᠭ ᠲᠠᠶᠢᠯᠤᠮᠵᠢ ᠬᠢᠵᠡᠢ᠃ ᠡᠭᠦᠨ ᠤ ᠬᠠᠮᠲᠤ ᠤᠳᠤᠷᠢᠳᠬᠤ ᠺᠠᠳ᠋ᠷ ᠤᠨ ᠲᠠᠶᠢᠰᠠᠨ ᠳᠤ ᠭᠠᠷᠬᠤ ᠳᠦᠷᠢᠮ ᠢ ᠨᠠᠶᠢᠳᠠᠪᠤᠷᠢᠵᠢᠭᠤᠯᠬᠤ ᠶᠢᠨ ᠲᠥᠯᠥᠭᠡ᠂ ᠪᠠᠰᠠ ᠬᠤᠰᠢᠭᠤᠨ ᠤ ᠰᠢᠭᠤᠳ ᠬᠠᠷᠢᠶ᠎ᠠ ᠰᠠᠯᠠᠭ᠎ᠠ ᠮᠥᠴᠢᠷ ᠤᠨ ᠬᠤᠶᠠᠷ ᠭᠤᠣᠯ ᠬᠠᠷᠢᠭᠤᠴᠠᠯᠭᠠᠲᠠᠨ ᠢ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠪᠣᠯᠣᠨ ᠪᠠᠶᠢᠭ᠎ᠠ ᠰᠠᠯᠠᠭ᠎ᠠ ᠮᠥᠴᠢᠷ ᠤᠨ ᠪᠣᠳᠠᠲᠤ ᠠᠵᠢᠯ ᠤᠨ ᠪᠠᠶᠢᠳᠠᠯ ᠲᠠᠢ ᠪᠠᠨ ᠤᠶᠠᠯᠳᠤᠭᠤᠯᠤᠨ ᠬᠢᠴᠢᠶᠡᠯᠯᠡᠭᠦᠯᠬᠦ ᠪᠠᠷ ᠲᠣᠬᠢᠷᠠᠭᠤᠯᠵᠠᠢ᠃    ᠲᠣᠰ ᠤᠳᠠᠭᠠᠨ ᠤ ᠪᠣᠯᠪᠠᠰᠤᠷᠠᠯ ᠤᠨ ᠠᠩᠭᠢ ᠨᠢ ᠮᠠᠨ ᠤ ᠬᠤᠰᠢᠭᠤᠨ ᠤ ᠥᠷᠭᠡᠨ ᠣᠯᠠᠨ ᠨᠠᠮ ᠤᠨ ᠭᠡᠰᠢᠭᠦᠨ ᠺᠠᠳ᠋ᠷᠴᠤᠳ ᠤᠨ ᠨᠠᠮ ᠤᠨ ᠬᠤᠷᠢᠳᠤᠭᠠᠷ ᠶᠡᠭᠡ ᠬᠤᠷᠠᠯ ᠠᠴᠠ ᠳᠤᠷᠠᠳᠤᠭᠰᠠᠨ ᠰᠢᠨ᠎ᠡ ᠦᠵᠡᠯ ᠰᠠᠨᠠᠭ᠎ᠠ᠂ ᠰᠢᠨ᠎ᠡ ᠨᠤᠲᠠᠯᠠᠯᠲᠠ᠂ ᠰᠢᠨ᠎ᠡ ᠪᠠᠶᠢᠷᠢᠯᠠᠭᠤᠯᠤᠯᠲᠠ᠂ ᠰᠢᠨ᠎ᠡ ᠱᠠᠭᠠᠷᠳᠠᠯᠭ᠎ᠠ ᠶᠢ ᠤᠯᠠᠮ ᠨᠢᠭᠡ ᠠᠯᠬᠤᠮ ᠭᠦᠨᠵᠡᠭᠡᠢ ᠤᠶᠢᠯᠭᠠᠭᠤᠯᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠎ ᠶᠢ ᠰᠤᠷᠤᠯᠴᠠᠨ ᠲᠤᠤᠱᠯᠠᠭᠤᠯᠬᠤ ᠤᠯᠤᠰ ᠲᠥᠷᠥ ᠎ ᠶᠢᠨ ᠤᠬᠠᠮᠰᠠᠷ᠂ ᠦᠵᠡᠯ ᠰᠠᠨᠠᠭᠠᠨ ᠤ ᠤᠬᠠᠮᠰᠠᠷ ᠪᠠ ᠠᠵᠢᠯᠯᠠᠭᠠᠨ ᠤ ᠤᠬᠠᠮᠰᠠᠷ ᠢ ᠦᠨᠡᠨᠬᠦ ᠴᠢᠩᠭᠠᠳᠬᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠎ ᠶᠢ ᠮᠠᠨ ᠤ ᠬᠤᠰᠢᠭᠤᠨ ᠳᠤ ᠦᠨᠳᠦᠰᠦᠯᠡᠭᠦᠯᠬᠦ ᠎ ᠶᠢ ᠪᠠᠲᠤᠯᠠᠭᠰᠠᠨ ᠪᠠᠶᠢᠨ᠎ᠠ᠃
 
ᠢᠷᠡᠯᠲᠡ᠄ ᠰᠢᠯᠣᠭᠤᠨ ᠬᠦᠪᠡᠭᠡᠲᠦ ᠴᠠᠭᠠᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号