ᠬᠤᠪᠢᠯᠭᠠᠨ ᠣᠩᠭᠤᠴᠠ ᠠᠷᠪᠠ ᠶᠢᠰᠦᠳᠦᠭᠡᠷ ᠤᠨ ᠬᠥᠮᠦᠨ ᠠᠴᠢᠭᠰᠠᠨ ᠨᠢᠰᠦᠯᠲᠡ ᠶᠢᠨ ᠡᠭᠦᠷᠭᠡ ᠶᠢᠨ ᠲᠤᠬᠠᠶ | ᠰᠣᠨᠢᠨ ᠮᠡᠳᠡᠭᠡ ᠨᠡᠶᠢᠲᠡᠯᠡᠬᠦ ᠬᠤᠷᠠᠯ ᠢ 29 ᠤ ᠡᠳᠦᠷ ᠵᠢᠦᠴᠢᠤᠸᠠᠨ ᠳᠠᠭᠠᠭᠤᠯᠢ ᠣᠳᠣ ᠬᠠᠷᠪᠤᠬᠤ ᠲᠥᠪ ᠲᠤ | ᠶᠠᠪᠤᠭᠳᠠᠭᠤᠯᠵᠠᠢ᠃ ᠳᠤᠮᠳᠠᠳᠤ ᠤᠯᠤᠰ ᠤᠨ ᠬᠥᠮᠦᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠰᠣᠨᠢᠨ | ᠮᠡᠳᠡᠭᠡ ᠥᠭᠦᠯᠡᠭᠴᠢ ᠯᠢᠨ ᠰᠢ ᠴᠢᠶᠠᠩ ᠬᠤᠷᠠᠯ ᠳᠡᠭᠡᠷ᠎ᠡ ᠢᠯᠡᠷᠬᠡᠶᠢᠯᠡᠭᠰᠡᠨ ᠢᠶᠠᠷ᠂ ᠡᠭᠦᠷᠭᠡ ᠶᠢᠨ ᠶᠡᠷᠦᠩᠬᠡᠶ | ᠵᠢᠯᠣᠭᠤᠳᠬᠤ ᠭᠠᠵᠠᠷ ᠠᠴᠠ ᠪᠡᠭᠡᠵᠢᠩ ᠤᠨ ᠴᠠᠭ ᠢᠶᠠᠷ 10 ᠳ᠋ᠤᠭᠠᠷ ᠰᠠᠷ᠎ᠠ ᠶᠢᠨ 30 ᠤ ᠡᠳᠦᠷ ᠤᠨ 4 ᠴᠠᠭ 27 | ᠮᠢᠨᠦ᠋ᠲ ᠲᠤ ᠬᠤᠪᠢᠯᠭᠠᠨ ᠣᠩᠭᠤᠴᠠ ᠠᠷᠪᠠ ᠶᠢᠰᠦᠳᠦᠭᠡᠷ ᠬᠥᠮᠦᠨ ᠠᠴᠢᠭᠰᠠᠨ ᠨᠢᠰᠬᠦ ᠣᠩᠭᠤᠴᠠ ᠶᠢ | ᠬᠠᠷᠪᠤᠬᠤ ᠪᠠᠷ ᠰᠤᠳᠤᠯᠤᠨ ᠲᠣᠭᠲᠠᠭᠠᠪᠠ᠃ | ᠳᠤᠮᠲᠠᠲᠦ ᠤᠯᠤᠰ ᠤᠨ ᠬᠦᠮᠦᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠠᠯᠪᠡᠨ ᠭᠡᠷ ᠤᠨ | ᠮᠡᠲᠡᠭᠡ ᠶᠢ ᠦᠨᠲᠦᠰᠦᠯᠡᠪᠡᠯ᠂ ᠡᠭᠦᠷᠬᠡ ᠶᠢᠨ ᠶᠡᠷᠦᠩᠭᠡᠢ ᠵᠢᠯᠤᠭᠤᠳᠬᠤ ᠭᠠᠵᠠᠷ ᠠᠴᠠ ᠬᠤᠪᠢᠯᠭᠠᠨ ᠣᠩᠭᠤᠴᠠ ᠠᠷᠪᠠ | ᠶᠢᠰᠦᠲᠦᠬᠡᠷ ᠤᠨ ᠬᠦᠮᠦᠨ ᠠᠴᠢᠭᠰᠠᠨ ᠰᠠᠨᠰᠠᠷ ᠠᠶᠠᠯᠠᠯ ᠤᠨ ᠡᠭᠦᠷᠬᠡ ᠶᠢ ᠭᠦᠢᠴᠡᠳᠬᠡᠭᠦ ᠰᠠᠨᠰᠠᠷᠴᠢᠳ ᠤᠨ | ᠳᠤᠭᠤᠶᠢᠯᠠᠩ ᠨᠢ ᠼᠠᠢ ᠰᠢᠤᠢ ᠵᠧ᠂ ᠰᠦᠩ ᠯᠢᠩ ᠳ᠋ᠦᠩ᠂ ᠸᠠᠩ ᠬᠤᠤ ᠽᠧ 3 ᠰᠠᠨᠰᠠᠷᠴᠢᠨ ᠢᠶᠠᠷ ᠪᠦᠷᠢᠯᠲᠤᠵᠦ᠂ | ᠼᠠᠢ ᠰᠢᠤᠢ ᠵᠧ ᠶᠢ ᠵᠠᠷᠯᠢᠭᠲᠠᠨ ᠤ ᠲᠤᠰᠢᠶᠠᠯ ᠡᠭᠦᠷᠭᠡᠯᠡᠭᠦᠯᠬᠦ ᠪᠠᠷ ᠲᠣᠭᠲᠠᠭᠠᠪᠠ᠃ ᠡᠭᠦᠨ ᠳᠤ ᠰᠠᠨᠰᠠᠷᠴᠢᠨ ᠼᠠᠢ | ᠰᠢᠤᠶ ᠵᠧ ᠬᠤᠪᠢᠯᠭᠠᠨ ᠣᠩᠭᠤᠴᠠ ᠠᠷᠪᠠᠨ ᠳᠥᠷᠪᠡᠳᠦᠭᠡᠷ ᠤᠨ ᠬᠥᠮᠦᠨ ᠠᠴᠢᠭᠰᠠᠨ ᠨᠢᠰᠦᠯᠲᠡ ᠶᠢᠨ ᠡᠭᠦᠷᠭᠡ ᠶᠢ | ᠭᠦᠢᠴᠡᠳᠬᠡᠵᠦ ᠥᠩᠭᠡᠷᠡᠵᠡᠶ︔ ᠰᠠᠨᠰᠠᠷᠴᠢᠨ ᠰᠥᠩ ᠯᠢᠩ ᠳ᠋ᠦᠩ᠂ ᠰᠠᠨᠰᠠᠷᠴᠢᠨ ᠸᠠᠩ ᠬᠤᠤ ᠽᠧ ᠨᠢ | ᠨᠢᠰᠦᠯᠲᠡ ᠶᠢᠨ ᠡᠭᠦᠷᠭᠡ ᠶᠢ ᠠᠩᠬ᠎ᠠ ᠤᠳᠠᠭ᠎ᠠ ᠭᠦᠢᠴᠡᠳᠬᠡᠬᠦ ᠭᠡᠵᠦ ᠪᠠᠶᠢᠭ᠎ᠠ ᠶᠡᠷᠡᠭᠡᠳ ᠣᠨ ᠳᠤ ᠲᠥᠷᠥᠭᠰᠡᠳ | ᠪᠥᠭᠡᠳ ᠰᠠᠨᠰᠠᠷᠴᠢᠨ ᠸᠠᠩ ᠬᠤᠤ ᠽᠧ ᠨᠢ ᠮᠠᠨ ᠤ ᠤᠯᠤᠰ ᠤᠨ ᠰᠠᠨᠰᠠᠷ ᠠᠶᠠᠯᠠᠯ ᠤᠨ ᠠᠩᠬᠠᠳᠠᠭᠴᠢ ᠡᠮᠡᠭᠲᠡᠢ | ᠢᠨᠵᠧᠨᠧᠷ ᠪᠣᠯᠣᠨ᠎ᠠ᠃ |