ᠬᠠᠭᠤᠴᠢᠨ ᠭᠠᠷ ᠤᠲᠠᠰᠤ ᠶᠢ ᠰᠢᠨ᠎ᠡ ᠪᠠᠷ ᠰᠣᠯᠢᠬᠤ ᠳᠤ ᠰᠠᠨᠠᠭᠤᠯᠬᠤ ᠨᠢ
ᠨᠡᠶᠢᠲᠡᠯᠡᠭᠰᠡᠨ ᠴᠠᠭ᠄
2024/8/23
    ᠬᠠᠭᠤᠴᠢᠨ ᠭᠠᠷ ᠤᠲᠠᠰᠤ ᠶᠢ ᠰᠢᠨ᠎ᠡ ᠪᠠᠷ ᠰᠣᠯᠢᠬᠤ ᠳᠤ ᠡᠨᠡ ᠬᠤᠶᠠᠷ ᠵᠦᠢᠯ ᠢ ᠠᠩᠬᠠᠷᠤᠮᠤ︕    ᠲᠠ ᠬᠠᠭᠤᠴᠢᠨ ᠭᠠᠷ ᠤᠲᠠᠰᠤ ᠪᠠᠨ ᠰᠢᠨ᠎ᠡ ᠪᠠᠷ ᠰᠣᠯᠢᠬᠤ ᠪᠠᠷ ᠪᠠᠶᠢᠨ᠎ᠠ ᠤᠤ︖ ᠡᠨᠡ ᠵᠢᠯ ᠠᠴᠠ ᠨᠠᠭᠠᠰᠢ᠂ ᠬᠠᠭᠤᠴᠢᠨ ᠬᠡᠷᠡᠭᠯᠡᠭᠡᠨ ᠤ ᠵᠦᠢᠯᠡᠰ ᠢ ᠰᠢᠨ᠎ᠡ ᠪᠠᠷ ᠰᠣᠯᠢᠬᠤ ᠲᠥᠷᠥ ᠶᠢᠨ ᠪᠣᠳᠣᠯᠭ᠎ᠠ ᠶᠢᠨ ᠬᠡᠪᠴᠢᠶ᠎ᠡ ᠨᠢ ᠲᠠᠰᠤᠷᠠᠯᠲᠠ ᠦᠭᠡᠢ ᠥᠷᠭᠡᠵᠢᠨ ᠡᠷᠴᠢᠮ ᠨᠢ ᠲᠠᠰᠤᠷᠠᠯᠲᠠ ᠦᠭᠡᠢ ᠴᠢᠩᠭᠠᠷᠠᠭᠰᠠᠭᠠᠷ ᠢᠷᠡᠵᠡᠢ᠃ ᠬᠡᠷᠪᠡ ᠲᠠ ᠬᠠᠭᠤᠴᠢᠨ ᠭᠠᠷ ᠤᠲᠠᠰᠤ ᠪᠠᠨ ᠰᠢᠨ᠎ᠡ ᠪᠠᠷ ᠰᠣᠯᠢᠬᠤ ᠶᠢ ᠪᠣᠳᠣᠯᠬᠢᠯᠠᠵᠤ ᠪᠠᠶᠢᠪᠠᠯ ᠳᠠᠷᠠᠭᠠᠬᠢ ᠵᠦᠢᠯᠡᠰ ᠢ ᠠᠩᠬᠠᠷᠪᠠᠯ ᠵᠣᠬᠢᠨ᠎ᠠ᠄    ① ᠭᠠᠷ ᠤᠲᠠᠰᠤᠨ ᠤ ᠳ᠋ᠤᠭᠠᠷ ᠢᠶᠠᠨ ᠠᠶᠤᠯ ᠦᠭᠡᠢ ᠪᠠᠷ ᠰᠢᠯᠵᠢᠭᠦᠯᠬᠦ ᠪᠤᠶᠤ ᠬᠦᠴᠦᠨ ᠦᠭᠡᠢ ᠪᠣᠯᠭᠠᠬᠤ ᠶᠢ ᠠᠩᠬᠠᠷᠤᠭᠠᠷᠠᠢ᠃    ᠬᠡᠷᠪᠡ ᠭᠠᠷ ᠤᠲᠠᠰᠤᠨ ᠤ ᠰᠢᠨ᠎ᠡ ᠳ᠋ᠤᠭᠠᠷ ᠠᠪᠬᠤ ᠪᠤᠶᠤ ᠣᠫᠧᠷᠠᠲ᠋ᠣᠷ ᠢᠶᠠᠨ ᠰᠣᠯᠢᠬᠤ ᠴᠢᠬᠤᠯᠠ ᠲᠠᠢ ᠪᠣᠯ ᠤᠷᠢᠳ ᠢᠶᠠᠷ ᠥᠪᠡᠷ ᠤᠨ ᠪᠡᠶ᠎ᠡ ᠶᠢᠨ ᠦᠨᠡᠮᠯᠡᠯ ᠲᠠᠢ ᠪᠠᠨ ᠬᠤᠯᠪᠤᠭᠰᠠᠨ ᠭᠠᠷ ᠤᠲᠠᠰᠤᠨ ᠤ ᠳ᠋ᠤᠭᠠᠷ ᠬᠡᠳᠦᠢ ᠪᠠᠶᠢᠬᠤ ᠭᠡᠳᠡᠭ ᠢᠶᠠᠨ ᠪᠠᠶᠢᠴᠠᠭᠠᠨ ᠦᠵᠡᠵᠦ᠂ ᠳᠠᠷᠠᠭᠠᠴᠢ ᠪᠠᠷ ᠣᠫᠧᠷᠠᠲ᠋ᠣᠷ ᠲᠠᠢ ᠬᠠᠷᠢᠯᠴᠠᠵᠤ ᠪᠠᠶᠢᠭᠠᠳ ᠭᠠᠷ ᠤᠲᠠᠰᠤᠨ ᠤ ᠳ᠋ᠤᠭᠠᠷ ᠢᠶᠠᠨ ᠰᠢᠯᠵᠢᠭᠦᠯᠬᠦ ᠪᠤᠶᠤ ᠬᠦᠴᠦᠨ ᠦᠭᠡᠢ ᠳᠤ ᠪᠣᠯᠭᠠᠬᠤ ᠳᠤ ᠳᠦᠭᠦᠮ ᠪᠣᠯᠭᠠᠨ᠎ᠠ᠃ ᠲᠥᠷᠥ ᠶᠢᠨ ᠶᠠᠪᠤᠳᠠᠯ ᠤᠨ ᠬᠤᠷᠢᠶᠠᠨ ᠤ ᠬᠡᠷᠡᠭᠯᠡᠭᠴᠢ ᠶᠢᠨ ᠦᠵᠦᠭᠦᠷ ᠪᠢᠴᠢᠯ ᠫᠷᠣᠭ᠍ᠷᠠᠮ ︽ᠭᠠᠷ ᠤᠲᠠᠰᠤᠨ ᠤ ᠺᠠᠷᠲ ᠢ ᠨᠢᠭᠡ ᠯᠠ ᠦᠨᠡᠮᠯᠡᠯ ᠢᠶᠠᠷ ᠨᠡᠶᠢᠳᠡᠮ ᠳᠤ ᠨᠢ ᠪᠠᠶᠢᠴᠠᠭᠠᠬᠤ︾ ᠦᠢᠯᠡᠴᠢᠯᠡᠭᠡ ᠪᠠᠷ ᠲᠡᠷᠡ ᠳᠠᠷᠤᠢ ᠳᠤ ᠨᠢ ᠪᠠᠶᠢᠴᠠᠭᠠᠨ ᠯᠠᠪᠯᠠᠬᠤ ᠳᠤ ᠳᠥᠭᠦᠮ ᠪᠠᠶᠢᠳᠠᠭ᠃    ② ᠮᠡᠷᠭᠡᠵᠢᠯ ᠤᠨ ᠪᠥᠭᠡᠳ ᠡᠷᠬᠡ ᠰᠦᠷᠲᠦ ᠠᠷᠠᠯᠵᠢᠶᠠᠯᠠᠬᠤ ᠲᠠᠪᠴᠠᠩ ᠢ ᠰᠣᠩᠭᠤᠵᠤ᠂ ᠳ᠋ᠠᠶᠢᠲ᠋ᠠ ᠪᠠᠨ ᠵᠠᠳᠠᠷᠠᠭᠤᠯᠬᠤ ᠠᠴᠠ ᠰᠡᠷᠭᠡᠶᠢᠯᠡᠭᠡᠷᠡᠢ᠃    ᠭᠠᠷ ᠤᠲᠠᠰᠤᠨ ᠳᠤ ᠬᠤᠪᠢ ᠬᠥᠮᠥᠨ ᠤ ᠨᠢᠭᠤᠴᠠ ᠮᠡᠳᠡᠭᠡ ᠵᠠᠩᠭᠢ ᠣᠯᠠᠨ ᠬᠠᠳᠠᠭᠠᠯᠠᠭᠳᠠᠵᠤ ᠪᠠᠶᠢᠳᠠᠭ᠂ ᠬᠠᠭᠤᠴᠢᠨ ᠭᠠᠷ ᠤᠲᠠᠰᠤ ᠪᠠᠨ ᠰᠣᠯᠢᠬᠤ ᠳᠤ ᠵᠥᠪᠬᠡᠨ ᠬᠠᠭᠤᠴᠢᠨ ᠭᠠᠷ ᠤᠲᠠᠰᠤᠨ ᠤ ︽ᠡᠯᠡᠭᠳᠡᠯ ᠦᠨ᠎ᠡ︾ ᠶᠢ ᠯᠠ ᠠᠩᠬᠠᠷᠤᠭᠠᠳ ᠪᠠᠶᠢᠵᠤ ᠪᠣᠯᠬᠤ ᠦᠭᠡᠢ᠂ ᠡᠷᠬᠡᠪᠰᠢ ᠮᠡᠷᠭᠡᠵᠢᠯ ᠤᠨ ᠪᠥᠭᠡᠳ ᠡᠷᠬᠡ ᠰᠦᠷᠲᠦ ᠲᠠᠪᠴᠠᠩ ᠢ ᠰᠣᠩᠭᠤᠨ ᠠᠷᠠᠯᠵᠢᠶᠠᠯᠠᠬᠤ ᠬᠡᠷᠡᠭᠲᠡᠢ᠃    ᠡᠭᠦᠨ ᠢ ᠰᠢᠷᠪᠢᠵᠦ ︽ᠭᠠᠷ ᠤᠲᠠᠰᠤᠨ ᠤ ᠺᠠᠷᠲ ᠢ ᠨᠢᠭᠡ ᠯᠠ ᠦᠨᠡᠮᠯᠡᠯ ᠢᠶᠠᠷ ᠨᠡᠶᠢᠳᠡᠮ ᠳᠤ ᠨᠢ ᠪᠠᠶᠢᠴᠠᠭᠠᠬᠤ︾ ᠦᠢᠯᠡᠴᠢᠯᠡᠭᠡ ᠪᠠᠷ ᠦᠢᠯᠡᠴᠢᠯᠡᠭᠦᠯᠦᠭᠡᠷᠡᠢ 
6385968502347852856204618[1]_副本.png
 
ᠢᠷᠡᠯᠲᠡ᠄ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号