ᠬᠦᠯᠣ ᠰᠢᠷ᠎ᠡ ᠬᠤᠨᠢᠴᠢᠳ ᠤᠨ ᠢᠷᠡᠯᠳᠡ | ᠯᠣ · ᠲᠡᠮᠣᠷᠪᠦ᠋ᠭᠡ | | ︽ᠬᠤᠨᠢᠴᠣᠳ᠂ ᠬᠤᠨᠢᠴᠢᠳ᠂ ᠥᠭᠡᠷᠳᠡᠨ᠂ ᠥᠭᠡᠷ ᠬᠠᠷᠠᠴᠢᠨ᠂ ᠥᠭᠡᠷᠴᠢᠨ︾ ᠭᠡᠬᠦ ᠥᠭᠡᠰ ᠣᠷᠳᠣᠰ ᠲᠤ ︽ | ᠣᠪᠣᠭ︾ ᠭᠡᠮᠡᠨ ᠦᠵᠡᠭᠳᠡᠨ᠎ᠠ᠃ ᠭᠡᠳᠡᠯ᠎ᠡ ︽ᠬᠤᠨᠢᠴᠢᠨ᠂ ᠬᠤᠨᠢᠴᠢᠳ᠂ ᠥᠭᠡᠷᠴᠢᠨ᠂ ᠠᠳᠣᠭᠤᠴᠢᠨ᠂ | ᠰᠦᠷᠦᠭᠴᠢᠳ︾ ᠭᠡᠬᠦ ᠥᠭᠡᠰ ᠴᠠᠬᠠᠷ ᠲᠤ ᠥᠩᠭᠡᠷᠡᠭᠰᠡᠨ ᠲᠡᠣᠭᠡᠨ ᠦᠶ᠎ᠡ ᠳᠠᠬᠢ ᠦᠢᠯᠡᠳᠪᠣᠷᠢᠯᠡᠯ ᠤᠨ | ᠲᠤᠰᠬᠠᠶᠢᠵᠠᠭᠰᠠᠨ ᠨᠢᠭᠡᠨ ︽ᠨᠢᠭᠡᠴᠨ︾ ᠭᠡᠵᠣ ᠦᠵᠡᠳᠡᠭ ᠶᠣᠮ᠃ ᠣᠳᠦ ᠶᠢᠨ ᠰᠢᠯᠣᠭᠤᠨ ᠬᠦᠪᠡᠭᠡᠳᠦ ᠴᠠᠭᠠᠨ | ᠬᠤᠰᠢᠭᠤᠨ ᠳᠤ ︽ᠬᠤᠨᠢᠴᠢᠨ ᠪᠣᠶᠣ ᠬᠤᠨᠢᠴᠢᠳ︾ ᠭᠡᠳᠡᠭ ᠠᠶᠢᠯ ᠡᠷᠤᠭᠡ ᠨᠡᠯᠢᠶᠡᠳ ᠪᠠᠶᠢᠨ᠎ᠠ᠃ | ᠲᠤᠰ ᠬᠤᠰᠢᠭᠤᠨ ᠤ ᠡᠮᠣᠨᠡᠳᠦ ᠵᠠᠬ᠎ᠠ ᠪᠠᠷ ᠲᠠᠯᠠᠭᠠᠳ ᠵᠢᠯ ᠨᠣᠳᠣᠭᠯᠠᠭᠰᠠᠨ ᠣᠯᠠᠩᠬᠢ ᠰᠠᠭᠤᠭᠠᠯᠢ ᠠᠷᠠᠳ ᠤᠳ | ᠥᠪᠡᠷ ᠢ ᠢᠶᠠᠨ ︽ᠬᠤᠨᠢᠴᠢᠨ ᠪᠣᠶᠣ ᠬᠤᠨᠢᠴᠢᠳ︾ ᠭᠡᠵᠣ ᠭᠡᠯᠡᠯᠴᠡᠳᠡᠭ᠃ ᠲᠤᠬᠠᠶᠢᠯᠠᠪᠠᠯ ᠪᠠᠶᠠᠨᠪᠣᠯᠠᠭ ᠰᠣᠮᠣᠨ | ᠤ ᠠᠷᠪᠠᠨ ᠲᠦᠷᠪᠡᠨ ᠪᠠᠭ ᠪᠠ ᠪᠣᠯᠠᠭᠠᠨᠳᠣᠬᠤᠢ ᠰᠣᠮᠣᠨ ᠤ ᠦᠵᠢᠨᠳᠠᠢ᠂ ᠬᠦᠨ ᠨᠠᠭᠤᠷ ᠪᠠᠭ ᠲᠤ ︽ᠬᠤᠨᠢᠴᠢᠨ | ᠪᠣᠶᠣ ᠬᠤᠨᠢᠴᠢᠳ︾ ᠭᠡᠳᠡᠭ ᠠᠶᠢᠯ ᠡᠷᠣᠭᠡ ᠤᠳ ᠪᠣᠢ᠃ ᠡᠨ᠋ᠨ ᠨᠢ ᠣᠪᠣᠭ ᠪᠢᠰᠢ ᠬᠠᠷᠢᠨ ᠦᠢᠯᠡᠳᠪᠣᠷᠢᠯᠡᠯ ᠤᠨ | ︽ᠨᠢᠭᠡᠴᠨ︾ ᠮᠥᠨ᠃ ᠡᠬᠦᠨ ᠤ ᠪᠥᠷᠢᠨ ᠨᠡᠷᠡᠶᠢᠳᠦᠯ ᠨᠢ ︽ᠬᠦᠯᠣ ᠰᠢᠷ᠎ᠡ ᠬᠤᠨᠢᠴᠢᠨ ᠰᠦᠷᠦᠭ︾ ᠶᠣᠮ᠃ | ᠴᠠᠬᠠᠷ ᠲᠤ ᠰᠦᠷᠦᠭ᠂ ᠰᠦᠷᠦᠭᠴᠢᠨ ᠣᠯᠠᠨ ᠪᠣᠢ᠃ ᠣᠳᠣᠬᠢ ᠰᠢᠯᠣᠭᠤᠨ ᠬᠦᠭᠡ ᠬᠤᠰᠢᠭᠤᠨ ᠳᠤ ᠬᠦᠯᠣ | ᠴᠠᠭᠠᠨ ᠬᠤᠨᠢᠴᠢᠨ᠂ ᠬᠦᠯᠣ ᠴᠠᠭᠠᠨ ᠥᠭᠡᠷᠴᠢᠨ᠂ ᠴᠡᠭᠡ ᠠᠳᠣᠭᠤᠴᠢᠨ ᠪᠠᠶᠢᠨ᠎ᠠ᠃ ᠣᠳᠣᠬᠢ ᠬᠦᠪᠡᠭᠡᠳᠦ ᠰᠢᠷ᠎ᠡ | ᠬᠤᠰᠢᠭᠤᠨ ᠳᠤ ᠬᠦᠪᠡᠭᠡᠳᠦ ᠰᠢᠷ᠎ᠡ ᠬᠤᠨᠢᠴᠢᠨ ︽ᠣᠩᠭᠤᠨ ᠬᠤᠨᠢᠴᠢᠨ ︾᠂ ᠠᠳᠣᠭᠤᠴᠢᠨ ᠭᠡᠵᠣ ᠪᠠᠶᠢᠨ᠎ᠠ᠃ | ᠲᠤᠰ ᠬᠤᠰᠢᠭᠤᠨ ᠳᠤ ᠪᠠᠰᠨᠬᠦ᠋ᠯᠣ ᠰᠢᠷᠠᠥᠭᠡᠷᠴᠢᠨ᠂ ᠬᠤᠨᠢᠴᠢᠨ᠂ ᠬᠦᠪᠡᠭᠡᠳᠦ ᠰᠢᠷ᠎ᠡ ᠥᠭᠡᠷᠴᠢᠨ ᠭᠡᠵᠣ ᠪᠣᠢ᠃ | ᠭᠡᠰᠡᠭ ᠪᠥᠯᠥᠭ ᠨᠢ ᠪᠣᠱᠣᠣᠳᠠᠢ ᠶᠢᠨ ᠵᠠᠷᠣᠳ ᠴᠠᠭᠠᠨ ᠮᠠᠩᠬ᠎ᠠ ᠭᠡᠬᠦ ᠭᠠᠵᠠᠷ ᠤᠳ ᠲᠤ ᠪᠠᠶᠢᠨ᠎ᠠ᠃ ᠡᠨ᠋ᠨ ᠪᠥᠬᠦᠨ | ᠪᠦᠷ ᠯᠨ ᠲᠤᠰᠬᠠᠶᠢᠵᠠᠭᠰᠠᠨ ᠰᠦᠷᠦᠭᠴᠢᠨ ᠠᠵᠣᠭᠤ᠃ | ᠣᠳᠦ ︽ᠬᠦᠯᠣ ᠰᠢᠷ᠎ᠡ ᠬᠤᠨᠢᠴᠢᠨ ᠰᠦᠷᠦᠭ︾ ᠢ ᠲᠤᠤᠷᠠᠬᠢ ︽ᠬᠤᠨᠢᠴᠢᠨ︾ ᠭᠡᠬᠦ ᠦᠭᠡ ᠪᠠᠷ ᠲᠣᠪᠴᠢᠯᠠᠨ | ᠶᠠᠷᠢᠰᠣᠭᠠᠢ᠃ | ᠨᠢᠭᠡ᠂ ᠬᠤᠨᠢᠴᠢᠳ ᠤᠨ ᠡᠬᠢ ᠡᠬᠦᠰᠣᠯ | ︽ᠣᠳᠠᠨ ᠳᠤ ᠦᠨᠳᠦᠰᠣ ᠲᠠᠢ᠂ ᠣᠰᠣᠨ ᠳᠤ ᠡᠬᠢ ᠲᠠᠢ︾ ᠭᠡᠬᠦ ᠮᠡᠳᠦ ᠪᠠᠷ ᠬᠤᠨᠢᠴᠢᠳ ᠪᠣᠯ ᠡᠬᠦᠰᠣᠯ ᠡᠬᠢ | ᠂ ᠲᠡᠣᠭᠡᠨ ᠶᠠᠪᠣᠴᠨ ᠲᠠᠢ ᠶᠣᠮ᠃ ᠡᠷᠳᠡᠨ ᠤ ᠮᠣᠩᠭᠤᠯ ᠤᠨ ᠲᠡᠣᠭᠡᠨᠡ ︽᠁ ᠁ ᠠᠳᠣᠭᠤᠴᠢᠨ᠂ | ᠬᠤᠨᠢᠴᠢᠨ᠂ ᠥᠭᠡᠷᠴᠢᠨ᠂ ᠲᠡᠮᠡᠭᠡᠴᠢᠨ ᠪᠣᠶᠣ ᠬᠤᠨᠢᠴᠢᠨ ᠬᠤᠷᠠᠭᠠᠴᠢᠨ︾ ᠭᠡᠬᠦ ᠦᠭᠡᠰ ᠲᠣᠪ ᠲᠣᠳᠦ | ᠲᠡᠮᠳᠡᠭᠯᠡᠭᠳᠡᠵᠠᠢ᠃ ᠡᠨ᠋ᠨ ᠪᠣᠯ ᠡᠷᠳᠡᠨ ᠤ ᠮᠣᠩᠭᠤᠯᠴᠣᠳ ᠶᠡᠭᠡ ᠪᠠᠶᠢᠭᠠᠯᠢ ᠶᠢᠨ ᠰᠢᠮᠡᠳᠦ ᠪᠡᠯᠴᠢᠭᠡᠷ ᠲᠤ ᠮᠠᠯ ᠠᠵᠣ | ᠠᠬᠤᠢ ᠪᠠᠨ ᠶᠡᠭᠡ ᠪᠠᠷ ᠬᠦᠭᠵᠢᠭᠡᠭᠡᠳ ᠦᠢᠯᠡᠳᠪᠣᠷᠢᠯᠡᠯ ᠳᠤᠨᠢ ᠠᠵᠢᠯ ᠤᠨ ᠬᠤᠪᠢᠶᠠᠷᠢ ᠪᠣᠢ ᠪᠣᠯᠣᠭᠰᠠᠨ ᠪᠠᠶᠢᠳᠠᠯ | ᠢ ᠬᠠᠷᠠᠭᠤᠯᠵᠤ ᠪᠠᠶᠢᠨ᠎ᠠ᠃ ᠭᠡᠳᠡᠯ᠎ᠡ ᠡᠨᠡᠬᠦ ᠬᠦᠯᠣ ᠰᠢᠷ᠎ᠡ ᠬᠤᠨᠢᠴᠢᠳ ᠭᠡᠳᠡᠭ ᠬᠡᠵᠢᠶ᠎ᠡ ᠠᠴᠠ ᠡᠬᠦᠰᠦᠭᠰᠡᠨ | ᠨᠡᠷᠡᠶᠢᠳᠣᠯ ᠪᠣᠢ︖ ᠭᠡᠪᠡᠯ᠄ ᠣᠳᠦ ᠠᠴᠠ290 ᠭᠠᠷᠣᠢ ᠣᠨ ᠤ ᠡᠮᠣᠨᠡᠬᠢ ᠭᠡᠷᠡᠭ ᠣᠴᠢᠷ ᠪᠣᠯᠣᠯᠳᠠᠢ᠃ | ᠲᠡᠣᠭᠡᠨᠡ ᠴᠠᠬᠠᠷ ᠮᠣᠩᠭᠤᠯᠴᠣᠳ ᠤᠨ ᠦᠨᠳᠦᠰᠣᠳᠡᠨ ᠤ ᠪᠠᠭᠠᠳᠣᠷ ᠯᠢᠭᠳᠡᠨ ᠬᠠᠭᠠᠨ ᠤ ᠶᠡᠭᠡ ᠵᠣᠷᠢᠯᠳᠡ ᠪᠠᠷ | ︽ᠲᠤᠰᠠᠭᠠᠷ ᠲᠤᠭᠳᠠᠨᠢᠯ︾ ᠤᠨ ᠶᠡᠭᠡ ᠥᠷᠨᠢᠯᠳᠡ ᠭᠠᠷᠭᠠᠵᠣ᠂ ᠮᠣᠩᠭᠤᠯ ᠤᠨ ᠲᠣᠳᠣᠭᠠᠳᠣᠬᠢ ᠣᠷᠪᠠᠭᠰᠠᠨ | ᠬᠤᠯᠠᠭᠠᠢ ᠶᠢ ᠲᠠᠶᠢᠯᠠᠨ ᠴᠣᠬᠢᠬᠤ ᠶᠢᠨ ᠬᠠᠮᠳᠦ ᠮᠠᠨᠵᠣ ᠴᠢᠩ ᠬᠦᠷᠣᠨ ᠤ ᠵᠠᠰᠠᠭ ᠯᠤᠭ᠎ᠠ ᠡᠴᠣᠰ ᠤᠨ ᠣᠳᠠᠭᠠᠨ | ᠤ ᠲᠣᠯᠣᠯᠳᠣᠭᠠᠨ ᠬᠢᠵᠣ ᠪᠠᠶᠢᠭᠠᠳ ᠲᠣᠳᠣᠭᠠᠳᠦ ᠶᠢᠨ ᠹᠸᠣᠳᠠᠯ ᠡᠵᠡᠳ ᠤᠨ ᠬᠠᠭᠠᠷᠠᠯ ᠪᠣᠳᠠᠷᠠᠯ ᠬᠢᠭᠡᠳ ᠬᠠᠷᠢ | ᠶᠢᠨ ᠬᠦᠴᠣᠳᠦ ᠲᠣᠪᠳᠣᠯᠣᠯ ᠤᠨ ᠡᠮᠣᠨ᠎ᠡ ᠬᠦᠴᠣᠨ ᠮᠡᠬᠦᠰᠳᠡᠭᠡᠳ ᠢᠯᠠᠭᠳᠠᠵᠠᠢ᠃ ᠡᠬᠦᠨ ᠠᠴᠠ ᠭᠤᠪᠢ ᠶᠢᠨ | ᠡᠮᠣᠨᠡᠬᠢ ᠴᠠᠬᠠᠷ ᠲᠦᠮᠡᠨ ᠮᠠᠨᠵᠣ ᠴᠢᠩ ᠤᠨ ᠵᠠᠬᠢᠷᠭᠠᠨ ᠳᠤ ᠣᠨᠠᠭᠠᠳ ᠭᠡᠰᠡᠭᠯᠡᠭᠳᠡᠭᠰᠡᠨ ᠠᠵᠣᠭᠤ᠃ ᠮᠠᠨᠵᠣ ᠴᠢᠩ | ᠣᠯᠣᠰ ᠤᠨ ᠵᠠᠰᠠᠭ ᠲᠦᠷᠣ ᠨᠢ ᠴᠣ᠋ ᠴᠠᠬᠠᠷ ᠲᠦᠮᠡᠨ ᠳᠤ ᠴᠢᠰᠣᠳᠦ ᠲᠠᠷᠣᠩᠭᠤᠶᠢᠯᠠᠯ ᠶᠠᠪᠣᠭᠤᠯᠣᠮᠠᠭᠴᠨ ᠪᠠᠨ | ᠨᠠᠢᠮᠠᠨ ᠬᠤᠰᠢᠭᠤ ᠬᠤᠪᠢᠶᠠᠭᠠᠳ ᠰᠢᠭᠤᠳ ᠮᠠᠨᠵᠣ ᠠᠮᠪᠠᠨ ᠢᠶᠠᠷ ᠵᠠᠬᠢᠷᠤᠭᠤᠯᠵᠠᠢ᠃ ᠴᠠᠬᠠᠷ ᠨᠠᠢᠮᠠᠨ ᠬᠤᠰᠢᠭᠤ ᠪᠣᠯ | ᠮᠠᠨᠵᠣ ᠶᠢᠨ ᠬᠤᠰᠢᠭᠤ ᠪᠠᠶᠢᠭᠤᠯᠣᠮᠵᠢ ᠪᠠᠷ ᠦᠯᠢᠭᠡᠷᠯᠡᠨ᠂ ᠴᠠᠬᠠᠷ ᠲᠦᠮᠡᠨ ᠤ ᠨᠠᠢᠮᠠᠨ ᠨᠣᠳᠤᠭ ᠢ ᠬᠤᠰᠢᠭᠤ | ᠪᠣᠯᠭᠠᠵᠤ᠂ ᠨᠠᠢᠮᠠᠨ ᠲᠤᠭ ᠤᠨ ᠥᠩᠭᠡ ᠪᠠᠷ ᠨᠡᠷᠠᠶᠢᠳᠣᠯ ᠪᠣᠯᠭᠠᠭᠰᠠᠨ ᠶᠠᠪᠣᠳᠠᠯ ᠶᠣᠮ᠃ ᠴᠠᠬᠠᠷ ᠮᠣᠩᠭᠤᠯᠴᠣᠳ | ᠮᠠᠨᠵᠣ ᠶᠢᠨ ᠨᠣᠶᠠᠷᠬᠠᠭᠴᠢᠳ ᠢ ᠡᠷᠡᠰ ᠴᠢᠩᠭ᠎ᠠ ᠪᠠᠳᠦ ᠵᠣᠭᠰᠣᠯᠳᠠ ᠪᠠᠷ ᠡᠰᠡᠷᠬᠦᠴᠡᠭᠰᠡᠨ ᠪᠠᠶᠢᠵᠠᠢ᠃ ᠡᠶᠢᠮᠣ | ᠠᠴᠠ ᠴᠠᠬᠠᠷ ᠲᠤ ︽ᠸᠠᠩ ᠬᠦᠩ︾ ᠪᠠᠶᠢᠳᠠᠭ ᠦᠭᠡᠢ ᠨᠢ ᠡᠨ᠋ᠨ ᠪᠢᠯᠨ᠃ ᠮᠠᠨᠵᠣ ᠴᠢᠩ ᠬᠦᠷᠣᠨ ᠴᠠᠬᠠᠷ ᠲᠦᠮᠡᠨ | ᠢ ᠵᠠᠳᠠᠷᠠᠭᠤᠯᠣᠭᠰᠠᠨ ᠤ ᠲᠠᠷᠠᠭ᠎ᠠ ᠭᠤᠪᠢ ᠶᠢᠨ ᠠᠷᠣ ᠳᠠᠬᠢ ᠬᠠᠯᠬ᠎ᠠ ᠲᠦᠮᠡᠨ ᠢ ᠲᠠᠭᠠᠷᠢᠨ ᠲᠣᠪᠳᠣᠯᠵᠠᠢ᠃ | ᠡᠩᠭᠡ ᠠᠮᠣᠭᠤᠯᠠᠩ ᠤᠨ ᠲᠦᠴᠢᠨ ᠲᠠᠪᠣᠳᠣᠭᠠᠷ ᠣᠨ ︵1706︶ ᠳᠤ ᠭᠠᠯᠳᠠᠨ ᠪᠣᠱᠣᠭᠳᠦ ᠲᠠᠢ | ᠲᠣᠯᠣᠯᠳᠣᠭᠠᠨ ᠬᠢᠭᠰᠡᠨ ᠭᠡᠷᠣᠯᠣᠨ ᠤ ᠪᠠᠶᠢᠯᠳᠣᠭᠠᠨ ᠲᠡᠭᠡᠷ᠎ᠡ ᠮᠠᠨᠵᠣ ᠶᠢᠨ ᠣᠯᠣᠰ ᠤᠨ ᠴᠡᠷᠢᠭ ᠬᠤᠷᠢᠨ ᠲᠦᠮᠨ | ᠭᠠᠷᠣᠢ ᠲᠣᠯᠣᠭᠠᠢ ᠬᠤᠨᠢ ᠢᠮᠠᠭ᠎ᠠ ᠣᠯᠵᠠᠯᠠᠵᠠᠢ᠃ ᠲᠡᠭᠡᠭᠡᠳ ᠴᠠᠬᠠᠷ ᠤᠨ ᠪᠡᠯᠴᠢᠭᠡᠷ ᠣᠰᠣ ᠰᠠᠶᠢᠨᠳᠠᠢ ᠦᠩ | ᠰᠢᠮᠡᠯᠢᠭ ᠭᠠᠵᠠᠷ ᠲᠤ ᠬᠠᠭᠠᠨ ᠤ ᠰᠦᠷᠦᠭ ᠤᠨ ᠲᠠᠯᠠᠪᠠᠢ᠂ ᠴᠡᠷᠢᠭ ᠤᠨ ᠰᠦᠷᠦᠭ ᠤᠨ ᠲᠠᠯᠠᠪᠠᠢ ᠪᠠᠶᠢᠭᠤᠯᠣᠭᠰᠠᠨ | ᠶᠣᠮ᠃ ᠡᠨ᠋ᠨ ᠲᠠᠯᠠᠪᠠᠢ ᠳᠠᠭᠠᠨ ᠴᠠᠬᠠᠷ ᠨᠠᠢᠮᠠᠨ ᠬᠤᠰᠢᠭᠤᠨ ᠠᠴᠠ ᠡᠯ᠎ᠡ ᠰᠦᠷᠦᠭ ᠤᠨ ᠠᠶᠢᠯ ᠭᠡᠮᠡᠨ ᠣᠯᠠᠨ | ᠲᠤᠭᠠᠨ ᠤ ᠮᠠᠯᠴᠢᠳ ᠢ ᠠᠯᠪᠠᠳᠠᠨ ᠲᠠᠳᠠᠭᠰᠠᠨ ᠪᠠᠶᠢᠵᠠᠢ᠃ ᠴᠠᠬᠠᠷ ᠬᠦᠯᠣ ᠰᠢᠷ᠎ᠡ ᠬᠤᠰᠢᠭᠤᠨ ᠠᠴᠠ ᠲᠠᠳᠠᠭᠰᠠᠨ | ᠠᠶᠢᠯ ᠤᠳ ᠢ ᠬᠦᠯᠣ ᠰᠢᠷ᠎ᠡ ᠥᠭᠡᠷᠴᠢᠨ᠂ ᠬᠦᠯᠣ ᠰᠢᠷ᠎ᠡ ᠬᠤᠨᠢᠴᠢᠨ ᠭᠡᠮᠡᠵᠤ ᠬᠤᠶᠠᠷ ᠰᠦᠷᠦᠭ ᠬᠤᠪᠢᠶᠠᠨ | ᠭᠠᠷᠭᠠᠵᠠᠢ᠃ ᠡᠨ᠋ᠨ ᠪᠣᠯ ᠬᠦᠯᠣ ᠰᠢᠷ᠎ᠡ ᠬᠤᠨᠢᠴᠢᠳ ᠤᠨ ᠡᠬᠦᠰᠣᠯ ᠢᠷᠡᠯᠳᠡ ᠨᠢ ᠮᠥᠨ᠃ | ᠬᠤᠶᠠᠷ᠂ ᠬᠤᠨᠢᠴᠢᠳ ᠤᠨ ᠪᠠᠶᠢᠭᠤᠯᠣᠮᠵᠢ | ᠬᠤᠨᠢᠴᠢᠳ ᠪᠣᠯ ᠪᠠᠶᠢᠭᠤᠯᠣᠮᠵᠢ ᠶᠢᠨ ᠲᠠᠯ᠎ᠠ ᠪᠠᠷ ᠵᠠᠰᠠᠭ ᠴᠡᠷᠢᠭ ᠬᠤᠰᠢᠭᠤᠳ ᠲᠠᠢ ᠠᠳᠠᠯᠢ ᠦᠭᠡᠢ ᠪᠠᠶᠢᠳᠠᠭ᠃ | ᠬᠤᠨᠢᠴᠢᠳ ᠪᠣᠯ ᠮᠠᠨᠵᠣ ᠴᠢᠩ ᠤᠨ ᠬᠠᠭᠠᠳ ᠣᠨᠮᠠᠯᠵᠢᠯ ᠤᠨ ᠬᠠᠮᠵᠢᠯᠭ᠎ᠠ ᠰᠦᠷᠦᠭᠴᠢᠨ ᠪᠣᠯᠠᠢ᠃ ᠪᠠᠶᠢᠭᠤᠯᠣᠮᠵᠢ | ᠭᠡᠪᠡᠯ᠄ ︵1︶ ᠬᠤᠨᠢᠴᠢᠳ ᠤᠨ ᠨᠣᠶᠠᠨ ᠨᠢᠭᠡ ᠨᠡᠷ᠎ᠡ ᠪᠠᠶᠢᠳᠠᠭ᠃ ᠬᠤᠨᠢᠴᠢᠳ ᠤᠨ ᠨᠣᠶᠠᠨ ᠪᠣᠯ ᠦᠨᠡᠨ ᠳᠡᠭᠡᠨ | ᠬᠤᠨᠢ ᠬᠠᠷᠢᠭᠤᠯᠣᠭᠴᠢ ᠶᠢᠨ ᠲᠦᠷᠣᠬᠦᠣ ᠲᠡᠳᠣᠢ ᠶᠣᠮ᠃ ᠣᠴᠢᠷ ᠨᠢ ᠮᠠᠨᠵᠣ ᠴᠢᠩ ᠤᠨ ᠲᠣᠭᠳᠠᠭᠠᠯ ᠳᠤ᠄ ︽ | ᠬᠤᠨᠢᠴᠢᠨ ᠤ ᠨᠣᠶᠠᠨ ᠬᠤᠨᠢᠨ ᠰᠦᠷᠦᠭ ᠲᠡᠭᠡᠨ ᠨᠣᠶᠠᠨ᠂ ᠥᠭᠡᠷ᠎ᠡ ᠭᠠᠵᠠᠷ ᠨᠣᠶᠠᠨ ᠰᠠᠭᠤᠬᠤ ᠶᠣᠰᠣ ᠦᠭᠡᠢ᠂ | ᠲᠡᠰ ᠵᠡᠷᠭᠡ ᠠᠳᠠᠯᠢ ᠠᠯᠪᠠᠨ ᠳᠤ ᠰᠢᠯᠵᠢᠬᠦ ᠶᠣᠰᠣᠨ ᠦᠭᠡᠢ᠂ ᠰᠢᠷᠠᠬᠤ ᠶᠣᠰᠣᠨ ᠦᠭᠡᠢ᠃ ᠬᠤᠯᠠᠭᠠᠢ ᠶᠢᠨ | ᠭᠡᠷᠡᠭ ᠢ ᠰᠢᠭᠤᠳ ᠰᠢᠳᠭᠡᠬᠦ ᠡᠷᠭᠡ ᠦᠭᠡᠢ᠂ ᠭᠠᠭᠴᠡᠬᠦ ᠣᠣᠯ ᠤᠨ ᠡᠭᠡ ᠬᠤᠰᠢᠭᠤᠨ ᠤ ᠠᠮᠪᠠᠨ ᠰᠠᠶᠢᠳ ᠲᠤ | ᠲᠠᠮᠵᠢᠭᠤᠯᠣᠨ ᠮᠡᠳᠡᠬᠦᠯᠣᠨᠠ᠃ ᠬᠤᠨᠢᠴᠢᠳ ᠤᠨ ᠭᠡᠣᠭᠡᠳ ᠰᠢᠣᠬᠠᠳ ᠡᠴᠢᠭᠡ ᠡᠭᠡ ᠲᠡᠭᠡᠳᠦᠰ ᠢᠶᠠᠨ | ᠡᠰᠡᠷᠬᠦᠴᠡᠪᠡᠯ ᠲᠡᠬᠦᠨ ᠢ ᠵᠠᠯᠬᠠᠭᠠᠨ ᠰᠣᠷᠭᠠᠵᠣ ᠬᠤᠷᠢᠨ ᠮᠣᠳᠦ ᠴᠣᠬᠢᠭᠤᠯᠬᠤ ᠡᠷᠭᠡ ᠲᠠᠢ᠂ ᠬᠤᠨᠢᠴᠢᠳ ᠤᠨ | ᠲᠣᠳᠣᠭᠠᠳᠣᠬᠢ ᠠᠶᠢᠯ ᠡᠷᠤᠭᠡ ᠶᠢᠨ ᠬᠦᠮᠣᠰ ᠭᠡᠷᠡᠬᠦᠯ ᠮᠠᠷᠭᠤᠭᠠᠨ ᠪᠣᠯᠵᠣ ᠦᠢᠯᠡᠳᠪᠣᠷᠢᠯᠡᠯ ᠢ ᠨᠥᠯᠣᠭᠡᠯᠡᠬᠦ ᠳᠤ | ᠬᠦᠷᠪᠡᠯ ᠡᠪᠰᠡᠬᠦᠯᠬᠦ ᠡᠷᠭᠡ ᠲᠠᠢ᠂ ᠣᠰᠣ ᠪᠡᠯᠴᠢᠭᠡᠷ ᠰᠣᠩᠭᠤᠨ ᠲᠤᠬᠢᠷᠠᠭᠤᠯᠬᠤ ᠡᠷᠭᠡ ᠲᠠᠢ︾ ᠭᠡᠵᠠᠢ᠃ ᠲᠡᠷᠨ ᠪᠣᠯ | ᠬᠤᠨᠢᠴᠢᠳ ᠲᠠᠢ ᠠᠳᠠᠯᠢᠪᠳᠣᠷ ᠠᠮᠢᠳᠣᠷᠠᠯ ᠲᠠᠢ᠂ ᠮᠥᠨ ᠬᠦ ᠢᠰᠡᠬᠡᠢ ᠭᠡᠷ ᠲᠤ ᠰᠠᠭᠤᠵᠣ ᠠᠮᠢᠳᠣᠷᠠᠳᠠᠭ᠃ ︵2︶ | ᠬᠤᠨᠢᠴᠢᠳ ᠲᠤ ᠲᠠᠪᠢ ᠶᠢᠨ ᠳ᠋ᠠ᠂ ᠲᠠᠪᠢ ᠶᠢᠨ ᠮᠠᠶᠢᠷᠠᠨ ᠪᠠᠶᠢᠳᠠᠭ᠃ ᠳ᠋ᠠ ᠪᠣᠯ ᠬᠤᠨᠢᠨ ᠰᠦᠷᠦᠭ ᠤᠨ | ᠲᠠᠭᠠᠭᠠᠮᠠᠯ ᠬᠦᠮᠣᠨ᠃ ᠮᠠᠯ ᠬᠦᠷᠣᠩᠭᠡ ᠨᠢ ᠪᠣᠰᠣᠳ ᠠᠴᠠ ᠵᠣᠵᠠᠭᠠᠨ ᠪᠠᠶᠢᠵᠠᠢ᠃ ᠮᠠᠶᠢᠷᠠᠨ ᠪᠣᠯ ᠬᠤᠨᠢᠨ ᠰᠦᠷᠦᠭ | ᠢᠶᠠᠨ ᠮᠠᠳᠠᠯᠠᠴᠠᠵᠣ ᠪᠠᠶᠢᠳᠠᠭ᠃ ᠵᠢᠱᠢᠶᠡᠯᠡᠪᠡᠯ᠄ ᠬᠤᠨᠢᠨ ᠤ ᠲᠤᠭ᠎ᠠ᠂ ᠰᠦᠷᠦᠭ ᠡᠵᠡᠩᠨᠡᠨ ᠬᠠᠮᠢᠶᠠᠷᠠᠬᠤ᠂ | ᠠᠷᠠᠳᠴᠢᠯᠠᠨ ᠥᠰᠭᠡᠬᠦ ᠠᠯᠪᠠ ᠭᠤᠪᠴᠢᠭᠤᠷ ᠁ ᠁ ᠵᠡᠷᠭᠡ ᠶᠠᠪᠣᠳᠠᠯ ᠢ ᠬᠠᠷᠢᠭᠤᠴᠠᠬᠤ ᠪᠥᠭᠡᠳ ᠵᠣᠮ᠎ᠠ | ᠲᠤᠰᠢᠶᠠᠬᠤ ᠠᠯᠪᠠ ᠵᠠᠯᠭᠠᠭᠤᠯᠣᠨᠠ᠃ ︵3︶ ᠬᠤᠨᠢᠴᠢᠳ ᠲᠤ ᠰᠦᠷᠦᠭ ᠪᠦᠷᠢ ᠲᠦᠷᠪᠡᠨ ᠬᠦᠮᠣᠨ ᠪᠠᠶᠢᠳᠠᠭ᠃ | ᠡᠬᠦᠨ ᠳᠤ᠄ ᠲᠠᠭᠠᠭᠠᠮᠠᠯ ᠨᠢ ᠲᠠᠷᠤᠭᠠᠯᠠᠵᠤ ᠮᠠᠶᠢᠷᠠᠨ ᠨᠢ ᠮᠠᠳᠠᠯᠡᠴᠠᠵᠣ᠂ ᠠᠳᠣᠭᠤᠯᠣᠭᠴᠢ᠂ ᠠᠷᠠᠴᠢᠯᠠᠭᠴᠢ ︵ | ᠡᠰᠡᠬᠦᠯ᠎ᠡ ᠮᠠᠨᠠᠭᠠᠴᠢ︶ ᠲᠦᠷᠪᠡᠬᠦᠯᠨ ᠶᠣᠮ᠃ ᠡᠬᠢᠨ ᠳᠡᠭᠡᠨ ᠮᠠᠨ ᠤ ᠮᠣᠩᠭᠤᠯ ᠤᠨ ᠲᠦᠷᠪᠡᠨ ᠡᠷᠤᠭᠡ ᠶᠢᠨ | ᠭᠤᠣᠯ ᠬᠦᠴᠣᠨ ᠮᠠᠨᠵᠣ ᠶᠢᠨ ᠬᠠᠭᠠᠨ ᠤ ᠨᠢᠭᠡ ᠰᠦᠷᠦᠭ ᠬᠤᠨᠢ ᠶᠢ ᠲᠠᠭᠠᠭᠠᠴᠢᠯᠠᠨ ᠮᠠᠯᠵᠢᠵᠣ ᠪᠠᠶᠢᠵᠠᠢ᠂ ᠡᠨ᠋ᠨ | ᠲᠦᠷᠪᠡᠬᠦᠯᠨ ᠪᠣᠯ ᠲᠤᠬᠠᠢ ᠶᠢᠨ ᠦᠶ᠎ᠡ ᠶᠢᠨ ᠦᠢᠯᠡᠳᠪᠣᠷᠢᠯᠡᠯ ᠤᠨ ᠭᠤᠣᠯ ᠪᠣᠯᠬᠤ ᠬᠦᠴᠣᠨ ᠮᠥᠨ᠃ ᠡᠬᠦᠨ ᠢ | ᠰᠦᠷᠦᠭ ᠤᠨ ᠲᠦᠷᠪᠡᠨ ᠬᠦᠮᠣᠨ ᠭᠡᠳᠡᠭ᠃ ︵4︶ ᠬᠤᠨᠢᠴᠢᠳ ᠲᠤ ᠪᠠᠰᠨ ᠲᠠᠪᠣᠨ ᠵᠣᠸᠠᠩᠹᠣᠨ ᠪᠣᠢ᠃ | ᠵᠣᠸᠠᠩᠹᠣᠨ ᠪᠣᠯ ᠬᠤᠨᠢᠴᠢᠳ ᠤᠨ ᠬᠤᠷᠠᠯ ᠴᠣᠭᠯᠠᠭ᠎ᠠ ᠪᠣᠶᠣ ᠣᠯᠠᠨ ᠨᠡᠶᠢᠳᠡ ᠶᠢᠨ ᠴᠢᠨᠠᠷ ᠲᠠᠢ ᠡᠯ᠎ᠡ ᠭᠡᠷᠡᠭ | ᠣᠶᠢᠯᠡᠰ ᠢ ᠬᠤᠪᠢᠶᠠᠷᠢᠯᠡᠨ ᠬᠦᠢᠴᠡᠳᠭᠡᠬᠦ ᠬᠦᠮᠣᠨ ᠶᠣᠮ᠃ ᠨᠢᠭᠡ ᠵᠣᠸᠠᠩᠹᠣᠨ ᠪᠣᠯ ᠠᠷᠪᠠᠨ ᠳ᠋ᠠ ᠲᠠᠢ ᠬᠠᠷᠢᠯᠴᠠᠵᠣ | ᠠᠯᠪᠠ ᠭᠡᠷᠡᠭ ᠢ ᠵᠠᠯᠭᠠᠭᠤᠯᠣᠨᠠ᠃ ︵5︶ ᠲᠦᠷᠪᠡᠨ ᠭᠠᠯᠠᠢ ᠪᠣᠢ᠃ ᠭᠠᠯᠠᠢ ᠪᠣᠯ ᠭᠠᠯ ᠤᠨ ᠳ᠋ᠠ ᠶᠣᠮ᠃ ᠡᠷᠳᠡᠨ | ᠤ ᠮᠣᠩᠭᠤᠯ ᠤᠨ ᠵᠠᠩᠰᠢᠯ ᠳᠤ ᠨᠡᠬᠦᠳᠡᠯᠯᠡᠨ ᠣᠳᠣᠷᠯᠠᠬᠤ ᠪᠠ ᠠᠶᠠᠨᠴᠢᠯᠠᠨ ᠵᠣᠰᠠᠭᠠᠯᠠᠬᠤ ᠪᠠᠨ ᠠᠬᠠᠯᠠᠵᠤ | ᠪᠠᠶᠢᠳᠠᠭ ᠠᠬᠠᠮᠠᠳ ᠬᠦᠮᠣᠨ ᠪᠣᠯᠣᠨ᠎ᠠ᠃ ᠮᠣᠩᠭᠤᠯᠴᠣᠳ ᠤᠨ ᠭᠠᠯ ᠤᠨ ᠠᠬ᠎ᠠ ᠲᠠᠢ ᠲᠦᠰᠣᠭᠡᠳᠡᠢ ᠣᠯᠠᠨ | ᠳᠠᠭᠠᠨ ᠬᠦᠨᠳᠦᠳᠭᠡᠯ ᠲᠠᠢ ᠬᠦᠮᠣᠨ ᠪᠠᠶᠢᠵᠠᠢ᠃ | ᠭᠤᠷᠪᠠ᠂ ᠬᠤᠨᠢᠴᠢᠳ ᠤᠨ ᠦᠢᠯᠡᠳᠪᠣᠷᠢᠯᠡᠯ ᠪᠠ ᠠᠵᠣ ᠠᠬᠤᠢ | ᠬᠤᠨᠢᠴᠢᠳ ᠤᠨ ᠲᠤᠬᠠᠢ ᠶᠢᠨ ᠦᠶ᠎ᠡ ᠶᠢᠨ ᠨᠡᠶᠢᠭᠡᠮ ᠤᠨ ᠰᠠᠭᠤᠷᠢ ᠨᠢ ᠶᠠᠮᠠᠷ ᠪᠠᠶᠢᠭᠰᠠᠨ ᠪᠣᠢ︖ ᠭᠡᠪᠡᠯ᠄ | ᠮᠠᠨᠵᠣ ᠬᠠᠭᠠᠨ ᠪᠥᠬᠦ ᠮᠣᠩᠭᠤᠯ ᠢ ᠡᠵᠡᠯᠡᠨ ᠠᠪᠴᠣ ᠹᠸᠣᠳᠠᠯ ᠤᠨ ᠶᠡᠭᠡ ᠬᠠᠭᠠᠨᠳᠦ ᠲᠦᠷᠣ᠂ ᠮᠠᠨᠵᠣ ᠴᠢᠩ ᠤᠨ | ᠵᠠᠰᠠᠭ ᠢᠶᠠᠨ ᠪᠠᠶᠢᠭᠤᠯᠣᠨ ᠪᠠᠬᠢᠵᠢᠬᠦᠯᠵᠣ ᠪᠠᠶᠢᠵᠠᠢ᠃ ᠡᠶᠢᠮᠣ ᠠᠴᠠ ᠨᠡᠶᠢᠭᠡᠮ ᠨᠢ ᠮᠥᠨ ᠯᠨ ᠹᠸᠣᠳᠠᠯ ᠤᠨ | ᠨᠡᠶᠢᠭᠡᠮ ᠤᠨ ᠱᠠᠳᠣᠨ ᠳᠤ ᠪᠠᠶᠢᠭᠰᠠᠨ ᠃ ᠬᠤᠨᠢᠴᠢᠳ ᠨᠢ ᠬᠠᠮᠵᠢᠯᠭ᠎ᠠ ᠶᠢᠨ ᠪᠠᠶᠢᠷᠢ ᠳᠤ ᠪᠠᠶᠢᠭᠰᠠᠨ ᠶᠣᠮ᠃ | ᠬᠤᠨᠢᠴᠢᠳ ᠤᠨ ᠦᠢᠯᠡᠳᠪᠣᠷᠢᠯᠡᠯ ᠨᠢ᠄ ᠹᠸᠣᠳᠠᠯ ᠤᠨ ᠦᠢᠯᠡᠳᠪᠣᠷᠢᠯᠡᠯ ᠤᠨ ᠬᠠᠷᠢᠴᠠᠭ᠎ᠠ ᠪᠠᠷ ᠰᠠᠭᠤᠷᠢ | ᠪᠣᠯᠭᠠᠭᠰᠠᠨ᠂ ᠶᠡᠭᠡ ᠪᠠᠶᠢᠭᠠᠯᠢ ᠶᠢᠨ ᠪᠡᠯᠴᠢᠭᠡᠷ ᠣᠰᠣ ᠶᠢ ᠲᠦᠰᠢᠭᠯᠡᠭᠰᠡᠨ᠂ ᠨᠡᠬᠦᠳᠡᠯᠯᠠᠨ ᠮᠠᠯᠵᠢᠬᠤ᠂ ᠥᠪᠡᠷ ᠢ | ᠪᠠᠨ ᠠᠷᠭᠠᠴᠠᠬᠤ ᠪᠦᠳᠦᠬᠦᠯᠢᠭ ᠠᠵᠣ ᠠᠬᠤᠢ ᠶᠢ ᠡᠵᠡᠩᠨᠡᠭᠰᠡᠭᠡᠷ ᠪᠠᠶᠢᠵᠠᠢ᠃ ᠮᠥᠨᠴᠣ ᠵᠢᠯ ᠤᠨ ᠲᠦᠷᠪᠡᠨ | ᠣᠯᠠᠷᠢᠯ ᠤᠨ ᠠᠭᠤᠷ ᠠᠮᠢᠰᠬᠤᠯ ᠳᠤ ᠵᠣᠬᠢᠴᠠᠭᠤᠯᠣᠨ ᠵᠣᠰᠠᠯᠠᠩ᠂ ᠨᠠᠮᠣᠷᠵᠢᠶ᠎ᠠ᠂ ᠡᠪᠣᠯᠵᠢᠶ᠎ᠠ᠂ ᠬᠠᠪᠣᠷᠵᠢᠶ᠎ᠠ ᠪᠠᠨ | ᠥᠪᠡᠰᠣᠪᠡᠨ ᠠᠶᠠᠨᠳᠠᠭᠠᠨ ᠲᠤᠬᠢᠷᠠᠭᠤᠯᠵᠤ ᠪᠠᠶᠢᠭᠰᠠᠨ ᠵᠢᠵᠢᠭ ᠬᠤᠪᠢ ᠶᠢᠨ ᠮᠠᠯ ᠠᠵᠣ ᠠᠬᠤᠶᠢᠳᠠᠨ ᠢᠶᠠᠷ | ᠲᠣᠭᠠᠴᠠᠭᠳᠠᠬᠤ ᠶᠣᠰᠣᠳᠠᠢ᠃ ᠨᠡᠶᠢᠭᠡᠮ ᠤᠨ ᠲᠡᠣᠭᠡ ᠠᠴᠠ ᠦᠵᠡᠪᠡᠯ᠄ ︽ᠹᠸᠣᠳᠠᠯ ᠤᠨ ᠦᠢᠯᠡᠳᠪᠣᠷᠢᠯᠡᠯ ᠤᠨ | ᠬᠠᠷᠢᠴᠠᠭ᠎ᠠ ᠶᠢᠨ ᠰᠠᠭᠤᠷᠢ ᠪᠣᠯ ᠹᠸᠣᠳᠠᠯ ᠠᠴᠠ ᠦᠢᠯᠡᠳᠪᠣᠷᠢᠯᠡᠯ ᠤᠨ ᠦᠨᠳᠦᠰᠣᠨ ᠬᠡᠷᠡᠭᠰᠡᠯ — ᠭᠠᠵᠠᠷ | ᠲᠠᠷᠢᠶ᠎ᠠ ︵ᠪᠡᠯᠴᠢᠭᠡᠷ ᠨᠣᠳᠤᠭ︶ ᠶᠢ ᠡᠵᠡᠮᠰᠢᠭᠰᠡᠨ ᠶᠠᠪᠣᠳᠠᠯ︾ ᠮᠥᠨ᠃ | ᠥᠩ ᠰᠢᠮᠡᠯᠢᠭ ᠡᠪᠡᠰᠣ ᠣᠰᠣ ᠰᠠᠶᠢᠳᠠᠢ ᠰᠠᠷᠠᠭᠤᠯ ᠠᠭᠤᠳᠠᠮ ᠴᠠᠬᠠᠷ ᠤᠨ ᠪᠡᠯᠴᠢᠭᠡᠷ ᠨᠣᠳᠤᠭ ᠢ ᠮᠠᠨᠵᠣ ᠴᠢᠩ | ᠤᠨ ᠬᠠᠭᠠᠳ ᠡᠵᠡᠷᠭᠡᠭᠯᠡᠨ ᠪᠡᠰᠨ ᠪᠡᠯᠴᠢᠭᠡᠷᠯᠡᠨ ᠪᠥᠬᠦᠢ ᠮᠠᠯ ᠰᠦᠷᠦᠭ ᠤᠨ ᠶᠡᠭᠡᠩᠬᠢ ᠨᠢ ᠬᠠᠭᠠᠨ ᠤ ᠥᠮᠴᠢᠯᠡᠯ | ᠤᠨ ᠡᠷᠭᠡᠨ ᠳᠤ ᠡᠵᠡᠮᠰᠢᠭᠳᠡᠵᠤ ᠪᠠᠶᠢᠵᠠᠢ᠃ ᠡᠶᠢᠮᠣ ᠠᠴᠠ ᠹᠸᠣᠳᠠᠯ ᠤᠨ ᠪᠠᠶᠢᠭᠤᠯᠣᠯ ᠲᠤᠤᠷᠠᠬᠢ ᠰᠦᠷᠦᠭ ᠤᠳ | ᠤᠨ ᠮᠠᠯᠴᠢᠳ ᠪᠣᠯ ᠬᠠᠭᠠᠨ ᠤᠨ ᠮᠠᠯ ᠢ ᠮᠠᠯᠵᠢᠳᠠᠭ ᠬᠠᠮᠵᠢᠯᠭ᠎ᠠ ᠰᠦᠷᠦᠭᠴᠢᠨ ᠪᠣᠯᠬᠤ ᠪᠥᠭᠡᠳ ᠥᠪᠡᠷ ᠤᠨ | ᠢᠶᠠᠨ ᠦᠢᠯᠡᠳᠪᠣᠷᠢᠯᠡᠯ ᠤᠨ ᠪᠠᠭᠠᠵᠢ ᠬᠡᠷᠡᠭᠯᠡᠬᠦᠷ ᠪᠣᠯᠬᠤ ᠮᠣᠷᠢ ᠣᠨᠤᠭ᠎ᠠ᠂ ᠬᠦᠯᠣᠪᠣᠷᠢ᠂ ᠰᠠᠭᠠᠯᠢ ᠶᠢᠨ ᠦᠨᠢᠶ᠎ᠡ᠂ | ᠱᠥᠯᠣᠨ ᠤ ᠬᠤᠨᠢ ᠪᠠᠨ ᠠᠷᠠᠴᠢᠯᠠᠵᠣ ᠮᠠᠯᠵᠢᠳᠠᠭ ᠬᠤᠪᠢ ᠶᠢᠨ ᠵᠢᠵᠢᠭ ᠠᠵᠣ ᠠᠬᠤᠶᠢᠳᠠᠨ ᠶᠣᠮ᠃ | ᠲᠦᠷᠪᠡ᠂ ᠬᠤᠨᠢᠴᠢᠳ ᠤᠨ ᠠᠯᠪᠠ ᠲᠤᠰᠢᠶᠠᠬᠤ ᠲᠥᠷᠢᠮ | ᠬᠤᠨᠢᠴᠢᠳ ᠪᠣᠯ ᠪᠣᠳᠠᠳᠠᠢ ᠶᠠᠭᠤᠮ᠎ᠠ ᠲᠤᠰᠢᠶᠠᠬᠤ ᠲᠦᠷᠢᠶᠡᠰᠣ ᠶᠢᠨ ᠠᠯᠪᠠᠳᠦ ᠪᠠᠶᠢᠵᠠᠢ᠃ ᠲᠣᠮᠳᠠᠳᠦ ᠣᠯᠣᠰ | ᠤᠨ ᠹᠸᠣᠳᠠᠯ ᠤᠨ ᠨᠡᠶᠢᠭᠡᠮ ᠳᠤ ᠪᠣᠳᠠᠳᠠᠢ ᠶᠠᠭᠤᠮ᠎ᠠ ᠲᠤᠰᠢᠶᠠᠬᠤ ᠲᠦᠷᠢᠶᠡᠰᠣ ᠨᠢ ᠣᠷᠳᠦ ᠬᠤᠭᠤᠴᠠᠭ᠎ᠠ ᠪᠠᠷ | ᠨᠣᠶᠠᠷᠬᠠᠬᠤ ᠪᠠᠶᠢᠷᠢ ᠶᠢ ᠡᠵᠡᠯᠡᠵᠤ ᠪᠠᠶᠢᠭᠰᠠᠨ ᠪᠠᠶᠢᠳᠠᠯ ᠲᠣᠣᠷ᠎ᠠ ᠬᠤᠨᠢᠴᠢᠳ ᠤᠨ ᠬᠢᠨ ᠮᠠᠨᠵᠣ ᠬᠠᠭᠠᠳ ᠲᠤ ᠵᠢᠯ | ᠪᠦᠷᠢ ᠪᠥᠬᠦ ᠰᠦᠷᠦᠭ ᠤᠨ ᠵᠠᠭᠤᠨ ᠤ ᠲᠠᠪᠤ ᠪᠠᠷ ᠵᠣᠮ᠎ᠠ ᠲᠤᠰᠢᠶᠠᠵᠤ᠂ ᠵᠢᠯ ᠳᠤ ᠰᠦᠷᠦᠭ ᠠᠴᠠ ᠪᠠᠨ ᠬᠤᠷᠢᠨ | ᠲᠠᠪᠣᠨ ᠢᠷᠭᠡ ᠲᠤᠰᠢᠶᠠᠳᠠᠭ ᠪᠠᠶᠢᠵᠠᠢ᠃ ᠠᠳᠡ ︽ᠢᠷᠭᠡ ᠶᠠᠷᠢᠨ ᠵᠢᠩ︾ ᠭᠡᠬᠦ ᠦᠭᠡ ᠦᠶ᠎ᠡ ᠣᠯᠠᠷᠢᠨ | ᠣᠯᠠᠮᠵᠢᠯᠠᠭᠳᠠᠵᠤ ᠢᠷᠡᠵᠠᠢ᠃ ᠡᠨ᠋ᠨ ᠪᠣᠯ ︽ᠬᠠᠮᠤᠭ ᠤᠨ ᠪᠥᠳᠦᠬᠦᠨ ᠲᠠᠷᠭᠤᠨ ᠢᠷᠭᠡ ᠪᠠᠨ ᠬᠠᠭᠠᠳ ᠳᠤ | ᠲᠤᠰᠢᠶᠠᠬᠤ ᠬᠡᠷᠡᠭᠳᠡᠢ︾ ᠭᠡᠰᠡᠨ ᠲᠣᠭᠳᠠᠭᠠᠯ ᠲᠥᠷᠢᠮ ᠤᠨ ᠲᠤᠰᠬᠠᠯ ᠮᠥᠨ᠃ ᠭᠡᠷᠪᠡ ᠲᠤᠭ᠎ᠠ ᠶᠣᠰᠣᠭᠠᠷ | ᠲᠤᠰᠢᠶᠠᠵᠣ ᠴᠢᠳᠠᠬᠤ ᠦᠭᠡᠢ ᠪᠣᠯ ᠳ᠋ᠠ᠂ ᠮᠠᠶᠢᠷᠠᠨ ᠰᠦᠷᠦᠭ ᠢᠶᠠᠨ ᠪᠣᠰᠣᠳ ᠲᠤ ᠰᠢᠯᠵᠢᠬᠦᠯᠣᠨᠠ᠃ ᠡᠬᠦᠨ ᠳᠤ᠄ | ᠲᠤᠷᠭᠠᠭᠤᠯᠢ ᠲᠠᠢ᠂ ᠲᠤᠷᠭᠠᠭᠤᠯᠢ ᠦᠭᠡᠢ ᠰᠢᠯᠵᠢᠬᠦ ᠬᠤᠶᠠᠷ ᠵᠣᠶᠢᠯ ᠤᠨ ᠠᠷᠭ᠎ᠠ ᠶᠢ ᠲᠤᠬᠠᠢ ᠶᠢᠨ ᠪᠣᠳᠠᠳᠦ | ᠪᠠᠶᠢᠳᠠᠯ ᠢ ᠦᠵᠡᠨ ᠬᠡᠷᠡᠭᠯᠡᠳᠡᠭ᠃ ᠭᠡᠪᠡᠴᠣ ᠬᠤᠨᠢᠴᠢᠳ ᠪᠣᠯ ᠬᠠᠷᠢᠨ ᠪᠥᠬᠦ ᠬᠦᠳᠡᠯᠮᠣᠷᠢ ᠶᠢᠨ ᠴᠠᠭ ᠢᠶᠠᠨ | ᠨᠡᠯᠢᠶᠡᠳ ᠴᠢᠯᠣᠭᠡᠳᠡᠢ ᠪᠠᠷ ᠥᠪᠡᠷᠰᠡᠳ ᠢᠶᠠᠨ ᠲᠤᠬᠢᠷᠠᠭᠤᠯᠣᠨ ᠬᠡᠷᠡᠭᠯᠡᠬᠦ ᠪᠣᠯᠵᠣ᠂ ᠬᠠᠭᠠᠳ ᠲᠤ ᠲᠤᠭᠳᠠᠭᠰᠠᠨ | ᠴᠠᠭ ᠬᠤᠭᠤᠴᠠᠭ᠎ᠠ᠂ ᠲᠤᠭᠳᠠᠭᠠᠭᠰᠠᠨ ᠲᠤᠭ᠎ᠠ ᠴᠢᠨᠠᠷ ᠤᠨ ᠵᠣᠮ᠎ᠠ ︵ᠪᠣᠰᠣᠳ ᠶᠠᠭᠤᠮ᠎ᠠ ᠴᠣ᠋ ᠪᠣᠢ︶ ᠪᠠᠨ | ᠲᠤᠰᠢᠶᠠᠭᠰᠠᠨ ᠤ ᠲᠠᠷᠠᠭ᠎ᠠ ᠥᠪᠡᠷᠰᠡᠳ ᠤᠨ ᠠᠮᠢᠳᠣᠷᠠᠯ ᠵᠶ᠋ᠠᠨᠡᠪᠯᠡᠬᠦᠯᠣᠨ ᠠᠷᠭᠠᠴᠠᠬᠤ ᠶᠢᠨ ᠲᠥᠯᠣᠭᠡ ᠨᠡᠩ | ᠶᠡᠭᠡ ᠬᠠᠳᠠᠭᠤᠵᠢᠯᠳᠠᠢ ᠬᠦᠳᠡᠯᠮᠣᠷᠢᠯᠡᠬᠦ ᠬᠡᠷᠡᠭᠳᠡᠢ ᠪᠠᠶᠢᠵᠠᠢ᠃ ᠡᠶᠢᠮᠣ ᠠᠴᠠ ᠵᠠᠷᠢᠮ ᠭᠡᠮᠵᠢᠶᠡᠨ᠎ᠡ ᠦᠢᠯᠡᠳᠪᠣᠷᠢᠯᠡᠯ | ᠤᠨ ᠮᠡᠷᠭᠡᠵᠢᠯ ᠢᠶᠠᠨ ᠥᠭᠡᠷᠡᠴᠢᠯᠡᠨ ᠰᠠᠶᠢᠵᠢᠷᠠᠭᠤᠯᠵᠣ᠂ ᠦᠢᠯᠡᠳᠪᠣᠷᠢᠯᠡᠯ ᠬᠦᠳᠡᠯᠮᠣᠷᠢ ᠶᠢᠨ ᠨᠣᠷᠮ᠎ᠠ ᠶᠢ | ᠲᠡᠭᠡᠭᠰᠢᠯᠡᠬᠦᠯᠳᠡᠭ ᠶᠣᠮ᠃ ᠭᠡᠪᠡᠴᠣ ᠪᠣᠳᠠᠳᠠᠢ ᠶᠠᠭᠤᠮ᠎ᠠ ᠲᠤᠰᠢᠶᠠᠬᠤ ᠲᠦᠷᠢᠶᠡᠰᠣ ᠨᠢ ᠪᠥᠳᠦᠬᠦᠯᠢᠭ ᠠᠵᠣ ᠠᠬᠤᠢ | ᠶᠢᠨ ᠰᠠᠭᠤᠷᠢᠨ ᠳᠤ ᠶᠠᠪᠣᠭᠳᠠᠳᠠᠭ ᠪᠣᠯᠬᠤᠷ ᠮᠡᠯᠴᠢᠳ ᠤᠨ ᠠᠮᠢᠳᠣᠷᠠᠯ ᠲᠣᠩ ᠬᠦᠴᠢᠷ ᠪᠡᠷᠭᠡᠰᠢᠶᠡᠯ ᠲᠠᠢ | ᠪᠠᠶᠢᠭᠰᠠᠨ ᠶᠣᠮ᠂ ᠬᠤᠨᠢᠴᠢᠳ ᠡᠶᠢᠮᠣ ᠠᠵᠣ ᠠᠬᠤᠢ ᠶᠢᠨ ᠰᠠᠭᠤᠷᠢ ᠲᠡᠭᠡᠷ᠎ᠡ ᠬᠤᠶᠠᠷ ᠵᠠᠭᠤ ᠭᠠᠷᠣᠢ ᠵᠢᠯ ᠤᠨ | ᠲᠤᠷᠰᠢ ᠦᠢᠯᠡᠳᠪᠣᠷᠢᠯᠡᠨ ᠬᠦᠳᠡᠯᠮᠣᠷᠢᠯᠡᠵᠠᠢ᠃ | ᠲᠠᠪᠤ᠂ ᠨᠡᠬᠦᠳᠡᠯ ᠤᠨ ᠬᠤᠨᠢᠴᠢᠳ | 1911 ᠣᠨ ᠳᠤ ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠰᠦᠷ ᠬᠦᠴᠣᠨ ᠲᠠᠢ ᠡᠬᠦᠰᠴᠣ᠂1912 ᠣᠨ | ᠤ ᠬᠠᠪᠣᠷ ᠮᠠᠨᠵᠣ ᠴᠢᠩ ᠤᠨ ᠬᠡᠪᠳᠦ ᠶᠣᠰᠣᠳᠦ ᠬᠠᠭᠠᠨ ᠠᠶᠢᠰᠢᠨ ᠬᠢᠣᠷᠣ᠂ ᠫᠦ᠋ ᠢ ᠰᠢᠷᠡᠭᠡᠨ ᠠᠴᠠ ᠪᠠᠭᠤᠭᠠᠳ | ᠮᠠᠨᠵᠣ ᠴᠢᠩ ᠤᠨ ᠲᠦᠷᠣ ᠮᠥᠬᠦᠵᠠᠢ᠃ | ᠲᠣᠮᠳᠠᠳᠦ ᠢᠷᠭᠡᠨ ᠣᠯᠣᠰ ᠪᠠᠶᠢᠭᠤᠯᠣᠭᠳᠠᠭᠰᠠᠨ ᠤ ᠲᠠᠷᠠᠭ᠎ᠠ ᠵᠠᠰᠠᠭ ᠲᠦᠷᠦ ᠶᠢᠨ ᠲᠠᠯ᠎ᠠ ᠪᠠᠷ ᠶᠡᠭᠡ ᠬᠤᠪᠢᠰᠣᠯ | ᠭᠠᠷᠴᠠᠢ᠃ ᠭᠡᠪᠡᠴᠣ ᠲᠣᠮᠳᠠᠳᠦ ᠢᠷᠭᠡᠨ ᠣᠯᠣᠰ ᠤᠨ ᠲᠦᠷᠣ ᠴᠣ᠋ ᠲᠣᠳᠣᠭᠠᠳᠦ ᠳᠠᠭᠠᠨ ᠲᠦᠪᠬᠢᠨᠡᠬᠦᠨ ᠪᠣᠯᠵᠣ | ᠵᠠᠪᠳᠣᠭᠠᠳᠣᠢ ᠪᠣᠯᠬᠤᠷ ᠬᠤᠨᠢᠴᠢᠳ ᠨᠢᠭᠡᠨ ᠬᠤᠭᠤᠴᠠᠭᠠᠨ ᠳᠤ ᠬᠡᠪ ᠤᠨ ᠵᠣᠷᠰᠢᠯ ᠢᠶᠠᠷ ᠣᠶᠢᠯᠡᠳᠪᠣᠷᠡᠯᠡᠨ | ᠬᠦᠳᠡᠯᠮᠣᠷᠢᠯᠡᠵᠤ ᠬᠤᠨᠢᠨ ᠰᠦᠷᠦᠭ ᠢᠶᠠᠨ ᠥᠰᠭᠡᠵᠤ ᠪᠠᠶᠢᠪᠠ᠃ ᠡᠨ᠋ᠨ ᠵᠠᠪᠰᠠᠷ ᠤᠨ ᠴᠠᠭ ᠲᠤ ᠪᠣᠳᠠᠳᠦ ᠶᠠᠭᠤᠮ᠎ᠠ | ᠲᠤᠰᠢᠶᠠᠬᠤ ᠲᠦᠷᠢᠶᠡᠰᠣ ᠶᠢᠨ ᠲᠥᠷᠢᠮ ᠦᠭᠡᠶᠢᠰᠴᠣ ᠡᠬᠢᠯᠡᠭᠰᠡᠨ ᠪᠣᠯᠪᠠᠴᠣ ᠴᠠᠭ ᠤᠨ ᠪᠠᠶᠢᠳᠠᠯ ᠰᠠᠮᠠᠭᠤᠨ ᠠᠴᠠ | ᠪᠣᠯᠵᠣ ᠬᠤᠨᠢᠴᠢᠳ ᠤᠨ ᠠᠵᠣ ᠠᠮᠢᠳᠣᠷᠠᠯ ᠳᠤ ᠪᠣᠰᠠᠨᠢᠯ ᠤᠨ ᠠᠶᠣᠯ ᠲᠦᠭᠰᠢᠬᠦᠷᠢ ᠡᠬᠦᠰᠭᠡᠵᠠᠢ᠃ ︵1︶ ᠴᠡᠷᠢᠭ | ᠲᠠᠶᠢᠨ ᠤ ᠬᠦᠨᠳᠦ ᠠᠶᠣᠯ ᠶᠡᠭᠡ ᠰᠦᠷᠳᠡᠬᠦᠯᠦᠭᠰᠡᠨ᠃ ᠣᠮᠠᠷᠠᠳᠦ ᠬᠢᠳᠡᠳ ᠤᠨ ᠴᠡᠷᠢᠭ ᠤᠨ ᠡᠷᠭᠡᠳᠡᠨ ᠶᠣᠸᠠᠨ | ᠱᠢ ᠺᠠᠢ᠂ ᠲᠦᠷᠦ ᠶᠢᠨ ᠡᠷᠭᠡ ᠶᠢ ᠭᠠᠭᠴᠠᠭᠠᠷ ᠡᠵᠡᠷᠭᠡᠭᠯᠡᠵᠤ᠂ ᠲᠣᠮᠳᠠᠳᠦ ᠢᠷᠭᠡᠨ ᠣᠯᠣᠰ ᠤᠨ ᠶᠡᠷᠣᠩᠭᠡᠶᠢᠯᠡᠭᠴᠢ | ᠪᠠᠷ ᠥᠯᠣ ᠪᠠᠷᠠᠮ ᠬᠠᠭᠠᠨ ᠡᠷᠬᠦᠮᠵᠢᠯᠡᠭᠳᠡᠮᠡᠭᠴᠨ ᠪᠠᠨ ᠵᠠᠷᠯᠢᠭ ᠪᠠᠭᠤᠯᠭᠠᠵᠤ ᠴᠢᠭᠤᠯᠣᠯᠳᠦ ᠬᠠᠭᠠᠯᠭ᠎ᠠ᠂ ᠲᠤᠯᠣᠨ | ᠨᠠᠭᠤᠷ᠂ ᠬᠦᠭᠡᠬᠤᠳᠠ᠂ ᠪᠠᠳᠦ ᠬᠠᠭᠠᠯᠭ᠎ᠠ ᠡᠨ᠋ᠨ ᠲᠠᠪᠣᠨ ᠵᠠᠮ ᠢᠶᠠᠷ ᠲᠤᠰᠠᠭᠠᠷ ᠲᠤᠭᠳᠠᠨᠢᠬᠤ ᠭᠡᠰᠡᠨ ᠬᠠᠯᠬ᠎ᠠ ᠶᠢ | ᠪᠠᠶᠢᠯᠳᠣᠷ᠎ᠠ ᠶᠡᠭᠡ ᠴᠡᠷᠢᠭ ᠬᠦᠳᠡᠯᠭᠡᠭᠰᠡᠨ᠃ ᠵᠢᠪᠽᠦ᠋ᠨᠳᠠᠮᠪᠠ ᠬᠤᠳᠣᠭᠳᠦ ᠬᠠᠯᠬ᠎ᠠ ᠮᠣᠩᠭᠤᠯ ᠳᠠᠭᠠᠨ ᠬᠠᠭᠠᠨ | ᠬᠡᠮᠡᠭᠳᠡᠭᠡᠳᠬᠠᠯᠬᠠ ᠶᠢᠨ ᠵᠡᠬᠦᠨ ᠡᠮᠣᠨᠡᠳᠦ ᠬᠢᠵᠠᠭᠠᠷ ᠲᠤ ᠵᠠᠮ ᠬᠠᠭᠠᠬᠤ ᠭᠡᠵᠣ ᠬᠠᠷ᠎ᠠ ᠴᠡᠷᠢᠭ ᠤᠨ ᠥᠭᠡᠳᠡ ᠠᠴᠠ | ᠲᠦᠰᠢᠶᠡᠳᠦ ᠸᠠᠩ ᠴᠠᠭᠳᠠᠷᠵᠠᠪ᠂ ᠪᠠᠷᠭᠤ ᠶᠢᠨ ᠮᠠᠩᠯᠠᠢ ᠪᠠᠭᠠᠳᠣᠷ ᠲᠡᠮᠳᠢᠨᠰᠦ᠋ᠷᠣᠩ᠂ ᠬᠠᠯᠬ᠎ᠠ ᠶᠢᠨ ᠬᠠᠳᠠᠨ | ᠪᠠᠭᠠᠳᠣᠷ ᠮᠠᠭᠰᠣᠷᠵᠠᠪ᠂ ᠴᠠᠬᠠᠷ ᠤᠨ ᠢᠯᠠᠭᠤᠨ ᠪᠠᠭᠠᠳᠣᠷ ᠰᠣᠮᠢᠶ᠎ᠠ᠂ ᠬᠠᠷᠠᠴᠢᠨ ᠤ ᠰᠢᠳᠣᠷᠭᠤ ᠪᠠᠭᠠᠳᠣᠷ ᠪᠠᠪᠣᠵᠠᠪ | ᠳᠤ ᠭᠡᠳᠦᠨ ᠲᠦᠮᠡᠨ ᠴᠡᠷᠢᠭ ᠵᠠᠬᠢᠷᠠᠭᠤᠯᠵᠤ ᠲᠠᠪᠣᠨ ᠵᠠᠮ ᠢᠶᠠᠷ ᠲᠤᠰᠣᠭᠤᠯᠣᠭᠰᠠᠨ᠃ | 1915 ᠤᠨ ᠳᠤ ᠬᠢᠳᠡᠳ᠂ ᠣᠷᠣᠰ᠂ ᠮᠤᠩᠭᠤᠯ ᠭᠤᠷᠪᠠᠨ ᠤᠯᠤᠰ ᠤᠨ ᠭᠡᠷ᠎ᠡ ᠪᠠᠷ ᠬᠤᠶᠠᠷ ᠡᠳᠡᠭᠡᠳ | ᠪᠠᠶᠢᠯᠳᠤᠬᠤ ᠶᠢ ᠵᠤᠭᠰᠣᠭᠠᠳ ᠮᠠ᠊ ᠵᠠᠩᠵᠤᠨ ᠶᠡᠭᠡ ᠬᠥᠷᠢᠶᠠᠨ ᠤ ᠵᠥᠭ ᠪᠤᠴᠠᠬᠤ ᠳᠠᠭᠠᠨ ᠬᠠᠷᠢᠶᠠᠳᠤ ᠴᠡᠷᠢᠭ | ᠠᠴᠠ ᠪᠠᠨ ᠬᠤᠶᠠᠷ ᠵᠠᠭᠤᠭᠠᠳ ᠢ ᠲᠠᠰᠤᠯᠵᠤ ᠴᠠᠬᠠᠷ ᠮᠥᠷᠠᠩᠭᠠ ᠪᠠᠷ ᠲᠠᠷᠤᠭᠠᠯᠠᠭᠤᠯᠵᠤ ᠨᠢᠭᠡᠨ ᠪᠠᠭ | ᠭᠥᠴᠤᠷᠭᠡᠭ ᠬᠠᠷ᠎ᠠ ᠴᠡᠷᠢᠭ ᠲᠠᠢ ᠪᠠᠶᠢᠯᠳᠣᠭᠤᠯᠬᠤ ᠪᠠᠷ ᠮᠣᠷᠳᠠᠭᠤᠯᠵᠠᠢ᠃ ᠮᠥᠷᠠᠩᠭᠠ ᠪᠠᠶᠢᠯᠳᠣᠵᠤ ᠶᠠᠪᠣᠭᠰᠠᠭᠠᠷ | ᠯᠠᠪᠠᠢ ᠬᠡᠶᠢᠳ ᠲᠤ ᠢᠷᠡᠭᠡᠳ ᠥᠪᠡᠷ ᠤᠨ ᠴᠡᠷᠢᠭ ᠢᠶᠠᠨ ᠠᠪᠴᠣ ᠬᠠᠯᠬ᠎ᠠ ᠴᠡᠷᠢᠭ ᠢ ᠦᠯᠡᠳᠡᠭᠡᠭᠡᠳ ᠲᠠᠩᠨᠠᠭᠤᠯ | ᠭᠡᠬᠦ ᠨᠡᠷᠡᠶᠢᠳᠣᠯ ᠢᠶᠠᠷ ᠣᠷᠪᠠᠭ᠋ᠣ ᠭᠡᠳ ᠠᠯᠠᠭᠳᠠᠵᠠᠢ᠃ ᠦᠯᠡᠳᠡᠭᠳᠡᠯ ᠴᠡᠷᠢᠭ ᠤᠳ ᠨᠢ ᠡᠮᠣᠨ᠎ᠡ ᠠᠴᠠ ᠪᠠᠨ ᠬᠠᠷ᠎ᠠ | ᠴᠡᠷᠢᠭ ᠲᠤ ᠴᠣᠬᠢᠭᠳᠠᠨ ᠬᠠᠰᠢᠭᠳᠠᠵᠤ᠂ ᠠᠷᠣ ᠠᠴᠠ ᠪᠠᠨ ᠲᠤᠰᠠᠯᠠᠮᠵᠢ ᠦᠭᠡᠢ ᠲᠣᠯᠨ ᠲᠡᠭᠡᠷᠡᠮ ᠬᠤᠯᠠᠭᠠᠢ | ᠪᠣᠰᠣᠭᠠᠳ ᠴᠠᠬᠠᠷ ᠤᠨ ᠠᠷᠠᠳ ᠲᠦᠮᠡᠨ ᠢ ᠲᠣᠨᠣᠨ ᠲᠡᠭᠡᠷᠡᠮᠳᠡᠵᠣ ᠶᠡᠭᠡ ᠪᠠᠷ ᠰᠢᠨᠠᠯᠭᠠᠵᠣ ᠴᠠᠭ ᠤᠨ ᠰᠠᠮᠠᠭᠤᠨ | ᠪᠣᠯᠵᠠᠢ᠃ ᠡᠨ᠋ᠨ ᠠᠶᠣᠯ ᠳᠤ ᠬᠤᠨᠢᠴᠢᠳ ᠬᠦᠨᠳᠦ ᠭᠠᠮᠰᠢᠭᠳᠠᠭᠰᠠᠨ ᠲᠣᠯᠨ ᠬᠤᠨᠢᠴᠢᠳ ᠤᠨ ᠡᠪᠣᠭᠡᠳ ᠡᠮᠡᠭᠡᠳ᠄ | ︽ᠰᠠᠮᠠᠭᠤᠨ ᠲᠡᠭᠡᠷᠡᠮ᠂ ᠰᠠᠷᠢᠳᠠᠭ ᠬᠤᠩᠬᠤᠰ︾᠂ ︽ᠬᠠᠷ᠎ᠠ ᠴᠡᠷᠢᠭ ᠤᠨ ᠬᠠᠳᠠᠭᠤ ᠲᠤᠭᠤᠷᠠᠢ︾᠂ ︽ᠪᠣᠭᠳᠠ | ᠶᠢᠨ ᠴᠡᠷᠢᠭ ᠪᠣᠰᠬᠠᠭᠤᠯ ᠪᠣᠯᠵᠠᠢ︾ ᠭᠡᠵᠣ ᠦᠬᠦᠯᠡᠳᠡᠭ ᠶᠣᠮ᠃ ︵2︶ ᠪᠡᠯᠴᠢᠭᠡᠷ ᠨᠣᠳᠤᠭ ᠢ ᠴᠥᠯᠪᠡᠨ | ᠬᠠᠭᠠᠯᠪᠣᠷᠢᠯᠠᠭᠰᠠᠨ᠃ ᠲᠠᠶᠢᠨ ᠤ ᠲᠠᠯᠢᠮ ᠳᠤ ᠭᠠᠵᠠᠷ ᠤᠨ ᠡᠵᠡᠳ ᠬᠠᠷᠬᠢᠰ ᠴᠡᠷᠢᠭ ᠤᠨ ᠡᠷᠭᠡᠳᠡᠨ ᠲᠠᠢ | ᠰᠦᠯᠪᠡᠭᠡᠯᠡᠵᠤ ᠭᠠᠵᠠᠷ ᠰᠢᠷᠣᠢ ᠶᠢ ᠴᠥᠯᠪᠡᠨ ᠡᠵᠡᠯᠡᠵᠤ ᠬᠤᠨᠢᠴᠢᠳ ᠤᠨ ᠡᠩ ᠤᠨ ᠲᠠᠶᠢᠪᠣᠩ ᠠᠮᠢᠳᠣᠷᠠᠯ ᠢ | ᠠᠯᠳᠠᠭᠤᠯᠵᠠᠢ᠃ ᠴᠠᠭ ᠤᠨ ᠰᠠᠮᠠᠭᠤᠨ ᠤ ᠲᠣᠮᠳᠠ ᠭᠠᠵᠠᠷ ᠤᠨ ᠡᠵᠡᠳ ᠭᠠᠵᠠᠷ ᠲᠠᠷᠢᠶ᠎ᠠ ᠪᠠᠨ ᠬᠦᠴᠣ ᠮᠡᠳᠡᠨ | ᠥᠷᠭᠡᠳᠭᠡᠵᠣ ᠨᠣᠳᠤᠭ ᠪᠡᠯᠴᠢᠭᠡᠷ ᠢ ᠬᠠᠭᠠᠯᠪᠣᠷᠢᠯᠡᠨ ᠮᠠᠯᠴᠢᠳ ᠤᠨ ᠮᠠᠯ ᠰᠦᠷᠦᠭ ᠢ ᠬᠤᠯᠠᠭᠠᠶᠢᠯᠠᠵᠤ᠂ ᠮᠢᠬ᠎ᠠ | ᠬᠦᠨᠡᠰᠣ ᠶᠢ ᠲᠡᠭᠡᠷᠡᠮᠳᠡᠬᠦ ᠡᠯ᠎ᠡ ᠠᠷᠭ᠎ᠠ ᠶᠢ ᠭᠡᠷᠡᠭᠯᠡᠵᠤ ᠬᠤᠨᠢᠴᠢᠳ ᠤᠨ ᠦᠢᠯᠡᠳᠪᠣᠷᠢᠯᠡᠯ ᠠᠮᠢᠳᠣᠷᠠᠯ ᠢ | ᠲᠣᠶᠢᠪᠡᠭᠡᠵᠤ ᠦᠴᠣᠭᠡᠨ ᠴᠣ᠋ ᠠᠮᠣᠷ ᠲᠦᠪᠰᠢᠨ ᠦᠭᠡᠢ ᠪᠣᠯᠭᠠᠵᠠᠢ᠃ ᠡᠬᠦᠨ ᠢ ︽ᠵᠡᠪᠰᠡᠭᠳᠦ ᠴᠡᠷᠢᠭ ᠤᠨ ᠰᠦᠷ | ᠬᠦᠴᠣ ᠪᠠᠷ ᠪᠡᠯᠴᠢᠭᠡᠷ ᠨᠣᠳᠤᠭ ᠢ ᠲᠡᠭᠡᠰᠣᠯᠡᠨ ᠭᠡᠮᠵᠢᠵᠣ ᠠᠪᠣᠭᠠᠳ᠂ ᠭᠠᠴᠢᠭᠳᠠᠭᠰᠠᠨ ᠲᠠᠷᠢᠶᠠᠴᠢᠳ ᠢ ᠭᠠᠵᠠᠷ | ᠤᠨ ᠡᠵᠡᠳ ᠮᠡᠭᠡᠯᠡᠨ ᠵᠠᠷᠤᠴᠠᠯᠠᠭᠠᠳ᠂ ᠮᠣᠩᠭᠤᠯ ᠠᠷᠠᠳ ᠤᠨ ᠬᠠᠳᠠᠪᠴᠢ ᠶᠢ ᠨᠢ ᠲᠠᠭᠠᠷᠢᠨ ᠭᠠᠵᠠᠷ ᠰᠢᠷᠣᠢ ᠶᠢ | ᠬᠠᠭᠠᠯᠪᠣᠷᠢᠯᠠᠭᠰᠠᠨ︾ ᠭᠡᠵᠣ ᠬᠤᠨᠢᠴᠢᠳ ᠤᠨ ᠨᠠᠰᠣᠳᠠᠨ ᠨᠠᠷ ᠶᠠᠷᠢᠳᠠᠭ᠃ ︵3︶ ᠮᠣᠩᠭᠤᠯ ᠤᠨ ᠨᠣᠶᠠᠷᠬᠠᠭᠴᠢᠳ | ᠠᠶ᠎ᠠ ᠪᠠᠷ ᠨᠢ ᠲᠠᠯᠪᠢᠭᠰᠠᠨ᠃ ᠮᠣᠩᠭᠤᠯ ᠬᠤᠰᠢᠭᠤᠳ ᠤᠨ ᠠᠮᠪᠠᠨ ᠰᠠᠶᠢᠳ ᠲᠤᠳᠣᠷᠠᠬᠢ ᠬᠤᠪᠳᠤᠭ ᠵᠠᠷᠢᠮ ᠨᠢ | ᠮᠥᠩᠬᠦᠨ ᠳᠤ ᠰᠢᠨᠣᠬᠤ᠂ ᠥᠷᠢ ᠲᠥᠯᠣᠬᠦ ᠶᠢᠨ ᠲᠥᠯᠣᠭᠡ ᠨᠣᠳᠤᠭ ᠢᠶᠠᠨ ᠲᠠᠯᠪᠢᠬᠤ᠂ ᠨᠣᠶᠠᠨ ᠢᠶᠠᠨ | ᠬᠠᠮᠠᠭᠠᠯᠠᠬᠤ ᠶᠢᠨ ᠲᠣᠯᠨ ᠨᠣᠳᠤᠭ ᠢᠶᠠᠨ ᠲᠡᠳᠡᠨ ᠤ ᠠᠶ᠎ᠠ ᠪᠠᠷ ᠬᠠᠭᠠᠯᠪᠣᠷᠢᠯᠠᠭᠤᠯᠬᠤ ᠳᠤ ᠬᠦᠴᠣᠨ ᠥᠭᠴᠠᠢ | ᠃ ᠨᠠᠰᠣᠳᠠᠶᠢᠴᠣᠳ᠄ ︽ᠬᠤᠨᠢᠴᠢᠳ ᠤᠨ ᠡᠷᠤᠭᠡ ᠪᠥᠷᠢ ᠳᠤ 25 ᠯᠠᠩ ᠪᠠᠭᠤᠴᠨ ᠶᠢᠨ ᠮᠥᠩᠬᠦ ᠥᠭᠴᠣ | ᠨᠡᠬᠦᠯᠭᠡᠭᠰᠡᠨ᠂ ᠨᠣᠶᠠᠳ ᠰᠠᠶᠢᠳ ᠨᠢ ᠭᠡᠳᠣᠢ ᠱᠠᠮᠰᠢᠭᠰᠠᠨ ᠢ ᠭᠡᠨ ᠮᠡᠳᠡᠨ᠎ᠡ ᠪᠣᠢ︖ ᠬᠤᠪᠳᠤᠭ ᠰᠢᠨᠣᠬᠠᠢ ᠵᠠᠷᠢᠮ | ᠨᠢ ᠪᠠᠭ᠎ᠠ ᠦᠭᠡᠢ ᠬᠦᠯᠬᠦᠭᠰᠡᠨ ᠪᠠᠶᠢᠬᠤ︾ ᠭᠡᠵᠣ ᠭᠡᠯᠡᠯᠴᠡᠳᠡᠭ᠃ ︵4︶ ᠮᠣᠩᠭᠤᠯ ᠭᠠᠵᠠᠷ ᠢ ᠬᠠᠭᠠᠯᠪᠣᠷᠢᠯᠡᠬᠤ | ᠲᠦᠷᠣ ᠶᠢᠨ ᠪᠣᠳᠣᠯᠭ᠎ᠠ ᠬᠡᠷᠡᠭᠵᠢᠬᠦᠯᠦᠭᠰᠡᠨ᠃ ︽ᠪᠠᠳᠠᠷᠠᠭᠤᠯᠳᠦ ᠲᠦᠷᠣ ᠶᠢᠨ28 ᠳ᠋ᠣᠭᠠᠷ ᠣᠨ ᠠᠴᠠ ᠭᠡᠪᠳᠦ | ᠶᠣᠰᠣᠳᠦ ᠶᠢᠨ ᠭᠤᠷᠪᠠᠳᠣᠭᠠᠷ ︵1902 —1911︶ ᠣᠨ ᠢ ᠬᠦᠷᠳᠡᠯ᠎ᠡ ᠥᠪᠣᠷ ᠮᠣᠩᠭᠤᠯ ᠤᠨ ᠪᠠᠷᠠᠭᠤᠨ | ᠣᠷᠣᠨ ᠳᠤ ᠨᠡᠶᠢᠳᠡ77.660 ᠴᠢᠩ ᠬᠠᠭᠠᠯᠪᠣᠷᠢᠯᠡᠪᠠ︾ ᠭᠡᠬᠦ᠂ ︽ᠮᠠᠨᠵᠣ ᠴᠢᠩ ᠤᠨ ᠵᠠᠰᠠᠭ ᠤᠨ ᠭᠠᠵᠠᠷ ᠲᠤ | ᠮᠣᠩᠭᠤᠯ ᠬᠤᠰᠢᠭᠤᠨ ᠢ ᠬᠠᠭᠠᠯᠪᠣᠷᠢᠯᠠᠬᠤ ᠣᠶᠢᠯᠨ ᠶᠢ ᠡᠷᠬᠢᠯᠡᠬᠦ ᠶᠡᠷᠣᠩᠬᠡᠢ ᠲᠤᠪᠴᠢᠶ᠎ᠠ ᠪᠠᠶᠢᠭᠤᠯᠵᠤ᠂ ᠢ ᠬᠦ | ᠭᠡᠳᠡᠭ ᠬᠦᠮᠣᠨ ᠢ ᠶᠡᠷᠣᠩᠭᠡᠢ ᠲᠣᠪᠴᠢᠶᠠᠨ ᠤ ᠰᠠᠶᠢᠳ ᠪᠣᠯᠭᠠᠪᠠ᠃ ᠮᠣᠩᠭᠤᠯ ᠤᠨ ᠡᠯ᠎ᠡ ᠬᠤᠰᠢᠭᠤᠳ ᠲᠤ | ᠬᠤᠪᠢᠶᠠᠷᠢ ᠲᠣᠪᠴᠢᠶ᠎ᠠ ᠪᠠᠶᠢᠭᠤᠯᠣᠨ᠂ ᠲᠤᠰᠬᠠᠶᠢᠯᠠᠨ ᠭᠠᠵᠠᠷ ᠲᠠᠷᠢᠶ᠎ᠠ ᠬᠠᠭᠠᠯᠪᠣᠷᠢᠯᠠᠬᠤ ᠦᠢᠯᠡᠰ ᠢ ᠡᠷᠬᠢᠯᠡᠵᠤ | ᠪᠠᠶᠢᠭᠰᠠᠨ︾ ᠭᠡᠬᠦ ᠲᠡᠮᠳᠡᠭᠯᠡᠯ ᠪᠠᠶᠢᠨ᠎ᠠ᠃ ᠮᠠᠨᠵᠣ ᠴᠢᠩ ᠤᠨ ᠰᠡᠬᠦᠯᠴᠢ᠂ ᠮᠣᠩᠭᠤᠯ ᠳᠤ ᠬᠡᠷᠡᠭᠵᠢᠬᠦᠯᠦᠭᠰᠡᠨ | ᠲᠦᠷᠣ ᠶᠢᠨ ᠪᠣᠳᠣᠯᠭ᠎ᠠ ᠳᠤ ᠮᠣᠩᠭᠤᠯ ᠠᠷᠠᠳ ᠲᠦᠮᠡᠨ ᠢ ᠱᠣᠯᠣᠨ ᠮᠥᠯᠵᠢᠵᠣ ᠪᠠᠶᠢᠭᠠᠳ ᠨᠣᠶᠠᠷᠬᠠᠯ ᠢᠶᠠᠨ | ᠠᠪᠣᠷᠠᠨ᠎ᠠ ᠭᠡᠰᠡᠨ ᠠᠷᠭ᠎ᠠ ᠭᠡᠮᠵᠢᠶ᠎ᠡ ᠮᠥᠨ᠃ ᠥᠪᠣᠷ ᠮᠣᠩᠭᠤᠯ ᠤᠨ ᠪᠠᠷᠠᠭᠤᠨ ᠣᠷᠣᠨ ᠳᠤ ᠪᠠᠶᠢᠭᠤᠯᠣᠭᠰᠠᠨ | ᠹᠧᠩ ᠨᠢᠩ ᠤᠨ ᠭᠠᠵᠠᠷ ᠬᠠᠭᠠᠯᠪᠣᠷᠢᠯᠠᠬᠤ ᠶᠢ ᠡᠷᠬᠢᠯᠡᠬᠦ ᠬᠤᠪᠢᠶᠠᠷᠢ ᠲᠣᠪᠴᠢᠶ᠎ᠠ ᠶᠢᠨ ᠭᠡᠮᠵᠢᠭᠰᠡᠨ ᠲᠠᠷᠢᠶᠠᠨ | ᠲᠤᠭ᠎ᠠ ᠨᠢ3.277 ᠴᠢᠩ99ᠮᠣ᠋᠂ ᠬᠢᠳᠡᠳ ᠲᠡᠷᠢᠶᠠᠴᠢᠳ ᠠᠴᠠ ᠠᠳᠠᠷ ᠬᠠᠭᠠᠯᠪᠣᠷᠢᠯᠠᠭᠰᠠᠨ ᠮᠥᠩᠬᠦ65.559 | ᠭᠠᠷᠣᠢ ᠯᠠᠩ ᠬᠤᠷᠢᠶᠠᠨ ᠠᠪᠣᠭᠰᠠᠨ ᠪᠠᠶᠢᠨ᠎ᠠ᠃ ᠡᠨ᠋ᠨ ᠪᠣᠯ ᠦᠨᠡᠨ ᠳᠡᠭᠡᠨ ᠮᠠᠨᠵᠣ ᠶᠢᠨ ᠵᠠᠰᠠᠭ ᠬᠢᠳᠡᠳ | ᠲᠡᠷᠢᠶᠠᠴᠢᠨ ᠢ ᠪᠣᠯᠢᠶᠠᠨ ᠲᠡᠭᠡᠷᠡᠮᠳᠡᠵᠠᠢ᠃ ᠡᠨ᠋ᠨ ᠹᠧᠩ ᠨᠢᠩ ᠤᠨ ᠭᠠᠵᠠᠷ ᠬᠠᠭᠠᠯᠪᠣᠷᠢᠯᠠᠬᠤ ᠶᠢ ᠡᠷᠬᠢᠯᠡᠬᠦ | ᠬᠤᠪᠢᠶᠠᠷᠢ ᠲᠣᠪᠴᠢᠶ᠎ᠠ ᠨᠢ ᠬᠤᠨᠢᠴᠢᠳ ᠲᠤ ᠶᠡᠭᠡ ᠠᠶᠣᠯ ᠤᠨ ᠦᠨᠳᠦᠰᠣ ᠪᠣᠯᠵᠠᠢ᠃ ︵5︶ ᠶᠣᠸᠠᠨ ᠱᠢ ᠺᠠᠢ | ᠶᠢᠨ ᠵᠠᠰᠠᠭ ᠤᠨ ᠭᠠᠵᠠᠷ᠂ ᠮᠣᠩᠭᠤᠯ ᠠᠷᠠᠳ ᠲᠦᠮᠡᠨ ᠢ ᠨᠣᠶᠠᠷᠬᠠᠬᠤ ᠳᠠᠭᠠᠨ ᠮᠠᠨᠵᠣ ᠴᠢᠩ ᠤᠨ ᠰᠡᠬᠦᠯᠴᠢ | ᠦᠶ᠎ᠡ ᠶᠢᠨ ᠬᠡᠷᠡᠭᠵᠢᠬᠦᠯᠦᠭᠰᠡᠨ ᠲᠦᠷᠣ ᠶᠢᠨ ᠪᠣᠳᠣᠯᠭ᠎ᠠ ᠶᠢ ᠲᠡᠷᠨ ᠴᠢᠭ ᠢᠶᠠᠷ ᠨᠢ ᠵᠠᠯᠭᠠᠮᠵᠢᠯᠠᠨ᠂ ᠮᠣᠩᠭᠤᠯ | ᠤᠨ ᠸᠠᠩ ᠬᠦᠩ ᠲᠠᠢ ᠰᠦᠯᠪᠡᠭᠡᠯᠡᠵᠤ ᠪᠠᠶᠢᠭᠠᠳ ᠶᠡᠭᠡ ᠬᠢᠳᠡᠳ ᠤᠨ ᠨᠣᠶᠠᠷᠬᠠᠯ ᠢᠶᠠᠨ ᠶᠠᠪᠣᠭᠤᠯᠵᠠᠢ᠃ ᠠᠮᠣ | ᠪᠣᠳᠠᠭ᠎ᠠ ᠮᠠᠯ ᠣᠨᠤᠭ᠎ᠠ ᠪᠣᠯᠢᠶᠠᠨ ᠲᠡᠭᠡᠷᠡᠮᠳᠡᠬᠦ ᠠᠴᠠ ᠭᠠᠳᠠᠨ᠎ᠠ ᠶᠡᠭᠡ ᠭᠡᠮᠵᠢᠶ᠎ᠡ ᠪᠠᠷ ᠭᠠᠵᠠᠷ ᠲᠠᠷᠢᠶ᠎ᠠ ᠬᠠᠭᠠᠯᠪᠣᠷᠢᠯᠡᠨ | ᠂ ᠮᠠᠯ ᠠᠵᠣ ᠠᠬᠤᠢ ᠶᠢ ᠬᠦᠭᠵᠢᠬᠦᠯᠬᠦ ᠦᠨᠳᠦᠰᠣᠨ ᠨᠥᠬᠦᠴᠡᠯ ᠢ ᠡᠪᠳᠡᠭᠰᠡᠨ ᠠᠴᠠ ᠬᠤᠨᠢᠴᠢᠳ ᠤᠨ ᠬᠢᠨ | ᠣᠮᠠᠷᠠᠳᠦ ᠵᠦᠭ ᠨᠡᠬᠦᠳᠡᠯᠯᠠᠨ ᠶᠠᠪᠣᠵᠠᠢ᠃ ᠡᠶᠢᠮᠣ ᠠᠴᠠ ᠨᠡᠬᠦᠳᠡᠯ ᠤᠨ ᠬᠤᠨᠢᠴᠢᠳ ᠤᠨ ᠨᠠᠰᠣᠳᠠᠶᠢᠴᠣᠳ᠄ ︽ | ᠬᠠᠷᠠᠭᠴᠢᠨ ᠦᠭᠡᠷ ᠵᠢᠯ ᠤᠨ ᠦᠢᠮᠡᠭᠡᠨ ᠠᠴᠠ ᠪᠣᠯᠵᠣ ᠪᠠᠷᠠᠭᠤᠨ ᠨᠣᠳᠤᠭ ᠠᠴᠠ ᠪᠠᠨ ᠰᠠᠯᠵᠠᠢ︾ ᠭᠡᠮᠡᠨ | ᠶᠠᠷᠢᠯᠴᠠᠳᠠᠭ ᠰᠠᠨ᠃ | ᠵᠢᠷᠭᠤᠭ᠎ᠠ᠂ ᠬᠤᠨᠢᠴᠢᠳ ᠤᠨ ᠪᠠᠷᠠᠭᠤᠨ ᠨᠣᠳᠤᠭ | ᠬᠤᠨᠢᠴᠢᠳ ᠤᠨ ᠪᠠᠷᠠᠭᠤᠨ ᠨᠣᠳᠤᠭ ᠪᠣᠯ ᠣᠳᠦ ᠶᠢᠨ ᠵᠢᠨᠢᠩ ᠬᠤᠳᠠ ᠠᠴᠠ ᠵᠡᠬᠦᠨᠰᠢ᠂ ᠰᠢᠩ ᠡᠾᠧ ᠰᠢᠶᠠᠨ | ᠤ ᠪᠥᠬᠦ ᠨᠣᠳᠤᠭ ᠲᠡᠪᠢᠰᠭᠡᠷ᠂ ᠬᠦᠭᠡᠬᠤᠳᠠ ᠪᠣᠯᠣᠨ ᠱᠠᠩᠳᠦ᠂ ᠱᠠᠩᠶ᠋ᠢ ᠬᠤᠶᠠᠷ ᠰᠢᠶᠠᠨ ᠤ ᠭᠡᠰᠡᠭ ᠭᠠᠵᠠᠷ ᠤᠳ | ᠢᠶᠠᠷ ᠣᠳᠠᠭᠠᠨ ᠣᠨ ᠵᠡᠬᠦᠨᠰᠢ᠂ ᠪᠠᠷᠠᠭᠤᠨᠰᠢ᠂ ᠡᠮᠣᠨᠡᠰᠢ᠂ ᠣᠮᠠᠷᠠᠰᠢ ᠵᠣᠷᠴᠢᠨ ᠣᠳᠣᠷᠯᠠᠨ ᠨᠣᠳᠣᠭᠰᠢᠭᠰᠠᠨ | ᠠᠵᠣᠭᠤ᠃ ᠪᠠᠷᠠᠭᠤᠨ ᠨᠣᠳᠤᠭ ᠪᠣᠯ ᠠᠷᠪᠠᠨ ᠭᠤᠷᠪᠠᠨ ᠠᠮᠢᠳᠦ ᠣᠷᠤᠰᠬᠠᠯ ᠭᠤᠣᠯ ᠲᠠᠢ᠂ ᠰᠢᠷᠬᠢᠰᠢ ᠦᠭᠡᠢ | ᠲᠣᠨᠣᠷᠠᠨ ᠮᠠᠯᠳᠡᠶᠢᠬᠦ ᠠᠩᠭᠠᠯ ᠴᠠᠭᠠᠨ᠂ ᠴᠠᠩᠭᠠᠯ ᠴᠠᠭᠠᠨ ᠬᠤᠶᠠᠷ ᠨᠠᠭᠤᠷ ᠲᠠᠢ᠂ ᠪᠡᠯᠴᠢᠭᠡᠷ ᠣᠰᠣ ᠪᠥᠷᠢᠯᠳᠦᠭᠰᠡᠨ | ᠨᠣᠳᠤᠭ ᠠᠵᠠᠢ᠃ ᠡᠨᠡᠬᠦ ᠨᠣᠳᠤᠭ ᠲᠤ ᠣᠳᠠᠭᠠᠨ ᠣᠨ ᠦᠶ᠎ᠡ ᠣᠯᠠᠷᠢᠨ ᠰᠠᠭᠤᠭᠰᠠᠨ ᠮᠠᠯᠴᠢᠨ ᠠᠷᠠᠳ ᠪᠣᠯ | ᠬᠤᠨᠢᠴᠢᠳ ᠠᠵᠣᠭᠤ᠃ ᠬᠤᠨᠢᠴᠢᠳ᠄ ᠬᠦᠷᠤᠰᠣᠳᠦ ᠲᠡᠯᠡᠭᠡᠢ ᠶᠢᠨ ᠥᠩ ᠰᠢᠮᠡᠯᠢᠭ ᠪᠡᠯᠴᠢᠭᠡᠷ ᠲᠤ ᠬᠦᠪᠣᠩ | ᠴᠠᠭᠠᠨ ᠬᠤᠨᠢᠨ ᠰᠦᠷᠦᠭ ᠢᠶᠠᠨ ᠠᠳᠣᠭᠤᠯᠣᠭᠠᠳ᠂ ᠬᠦᠭᠡ ᠲᠡᠭᠷᠢ ᠶᠢᠨ ᠣᠳᠣᠨ ᠮᠡᠳᠦ ᠥᠷᠡᠵᠢᠬᠦᠯᠦᠭᠡᠳ᠂ | ᠬᠦᠳᠡᠯᠮᠣᠷᠢᠴᠢ ᠭᠠᠷ ᠤᠨ ᠢᠳᠡ ᠬᠦᠴᠣ ᠳᠤ ᠲᠦᠰᠢᠭᠯᠡᠭᠡᠳ᠂ ᠬᠦᠨᠥᠭ ᠲᠦᠬᠦᠷᠡᠩ ᠠᠶᠢᠷᠠᠭ ᠴᠡᠭᠡ ᠪᠠᠨ | ᠣᠣᠭᠤᠭᠠᠳ᠂ ᠬᠦᠩᠭᠡᠨ ᠰᠢᠩᠭᠡᠨ ᠢᠶᠠᠷ ᠠᠵᠣ ᠲᠦᠷᠣᠵᠣ᠂ ᠠᠵᠢᠯᠴᠢ ᠪᠣᠷᠤᠭᠵᠢᠭᠤᠨ ᠠᠮᠢᠳᠣᠷᠠᠭᠰᠠᠨ ᠠᠷᠠᠳ | ᠮᠠᠯᠴᠢᠨ ᠪᠠᠶᠢᠭᠰᠠᠨ ᠲᠣᠯᠨ ᠬᠤᠨᠢᠴᠢᠨ ᠭᠡᠮᠡᠨ ᠠᠯᠳᠠᠷᠰᠢᠪᠠᠢ᠃ ᠬᠤᠨᠢᠴᠢᠳ ᠨᠡᠬᠦᠳᠡᠯᠯᠡᠬᠦ ᠳᠡᠭᠡᠨ ᠵᠢᠷᠭᠤᠭᠠᠨ ᠵᠢᠯ | ᠤᠨ ᠴᠠᠭ ᠬᠡᠷᠡᠭᠯᠡᠵᠠᠢ᠃ ᠡᠨᠡᠬᠦ ᠴᠠᠭ ᠬᠤᠭᠤᠴᠭᠠᠨ ᠳᠤ ᠡᠪᠣᠯᠵᠢᠵᠣ᠂ ᠬᠠᠪᠣᠷᠵᠢᠵᠣ ᠥᠩᠭᠡᠷᠡᠭᠰᠡᠨ ᠨᠣᠳᠤᠭ | ᠪᠡᠯᠴᠢᠭᠡᠷ ᠪᠣᠯ ᠵᠠᠪᠰᠠᠷ ︵ᠬᠤᠸ᠋ᠨ ᠳ᠋ᠧ︶ ᠬᠦᠭᠡᠭᠡᠪᠣᠷ ︵ᠺᠠᠩ ᠪᠣᠣ︶ ᠢ ᠲᠤᠭᠤᠯᠣᠨ ᠨᠡᠬᠦᠳᠡᠯᠯᠡᠨ ᠠᠶᠠᠯᠠᠭᠰᠠᠭᠠᠷ | ᠣᠳᠦ ᠶᠢᠨ ᠡᠨ᠋ᠨ ᠨᠣᠳᠤᠭ ᠲᠤ ᠢᠷᠡᠵᠣ ᠨᠣᠳᠣᠭᠯᠠᠪᠠ᠃ ᠠᠩᠬ᠎ᠠ ᠢᠷᠡᠵᠤ ᠨᠣᠳᠣᠭᠯᠠᠬᠤ ᠳᠠᠭᠠᠨ ᠬᠦᠯᠣ ᠴᠠᠭᠠᠨ | ᠬᠤᠰᠢᠭᠤᠨ ᠤ ᠲᠡᠷᠢᠬᠦᠨ ᠰᠣᠮᠣ᠂ ᠨᠠᠢᠮᠨ ᠰᠣᠮᠣᠨ ᠤ ᠪᠡᠯᠴᠢᠭᠡᠷ ᠨᠣᠳᠤᠭ ᠲᠤ ᠰᠠᠭᠤᠵᠠᠢ᠃ ᠵᠡᠬᠦᠨᠰᠢ ᠲᠣᠯᠣᠭᠠᠨ | ᠭᠤᠣᠯ᠂ ᠪᠠᠷᠠᠭᠤᠨᠰᠢ ᠬᠤᠨᠢᠴᠢᠨ ᠲᠠᠯ᠎ᠠ᠂ ᠡᠮᠣᠨᠡᠰᠢ ᠲᠡᠷᠢᠬᠦᠨ ᠰᠣᠮᠣᠨ ᠤ ᠣᠪᠣᠭ᠎ᠠ᠂ ᠣᠮᠠᠷᠠᠰᠢ ᠨᠠᠢᠮᠨ ᠶᠢᠨ | ᠠᠭᠤᠯᠨ ᠶᠢᠨ ᠡᠩᠭᠡᠷ ᠪᠣᠯᠣᠨ᠎ᠠ᠃ ᠪᠠᠷᠠᠭᠤᠨ ᠨᠣᠳᠤᠭ ᠠᠴᠠ ᠨᠡᠬᠦᠳᠡᠯᠯᠠᠨ ᠢᠷᠡᠬᠦ ᠳᠤ ᠮᠠᠨᠵᠣ ᠴᠢᠩ ᠤᠨ ᠰᠡᠬᠦᠯ | ᠦᠶ᠎ᠡ ᠶᠢᠨ ᠬᠤᠨᠢᠴᠢᠨ ᠨᠣᠶᠠᠨ ︽ᠮᠡᠷᠭᠡᠨ ᠳ᠋ᠠ᠊ ᠨᠣᠶᠠᠨ︾ ᠭᠡᠮᠡᠭᠴᠢ ᠬᠦᠮᠣᠨ ᠪᠠᠶᠢᠵᠠᠢ᠃ ᠳ᠋ᠠ᠊ ᠨᠣᠶᠠᠨ ᠪᠣᠯ ᠮᠠᠨᠵᠣ | ᠬᠢᠳᠡᠳ ᠮᠣᠩᠭᠤᠯ ᠭᠡᠯᠨ ᠪᠢᠴᠢᠭ ᠲᠤ ᠨᠡᠪᠳᠡᠷᠡᠭᠰᠡᠨ ᠪᠥᠭᠡᠳ ᠪᠠᠷᠠᠭᠤᠨ ᠨᠣᠳᠤᠭ ᠠᠴᠠ ᠲᠠᠭᠠᠭᠤᠯᠣᠨ ᠢᠷᠠᠵᠠᠢ᠃ | ᠲᠡᠷᠨ᠂ ᠴᠠᠭ ᠤᠨ ᠰᠠᠮᠠᠭᠤᠨ ᠬᠤᠯᠠᠭᠠᠢ ᠨᠣᠬᠠᠢ ᠠᠴᠠ ᠬᠠᠮᠠᠭᠠᠯᠠᠬᠤ ᠭᠡᠵᠣ ᠬᠤᠷᠢᠨ ᠴᠡᠷᠢᠭ ᠲᠠᠢ ᠨᠡᠬᠦᠳᠡᠯᠯᠡᠭᠰᠡᠨ᠃ | ᠡᠬᠦᠨ ᠢ ︽ᠬᠤᠨᠢᠴᠢᠨ ᠤ ᠬᠤᠷᠢᠨ ᠴᠡᠷᠢᠭ︾ ᠭᠡᠳᠡᠭ᠃ | ᠲᠣᠮᠳᠠᠳᠦ ᠢᠷᠭᠡᠨ ᠣᠯᠣᠰ ᠤᠨ ᠦᠶ᠎ᠡ ᠬᠤᠨᠢᠴᠢᠳ ᠢ ᠥᠭᠡᠷᠡᠴᠢᠯᠡᠨ ᠬᠠᠷ᠎ᠠ ᠴᠡᠷᠢᠭ ᠤᠨ ᠬᠦᠯ ᠮᠣᠷᠢ ︽ | ᠠᠭᠳᠠ︾ ᠬᠠᠩᠭᠠᠬᠤ ᠠᠯᠪᠠ ᠲᠠᠢ ᠪᠣᠯᠭᠠᠵᠠᠢ᠃ ᠲᠡᠭᠡᠭᠡᠳ ᠬᠤᠨᠢᠴᠢᠳ ᠤᠨ ᠳ᠋ᠠ ᠨᠠᠷ ᠠᠳᠣᠭᠤᠨ ᠰᠦᠷᠦᠭ | ᠪᠣᠰᠬᠠᠬᠤ ᠠᠯᠪᠠᠨ ᠳᠤ ᠲᠣᠯᠵᠣ ︽ᠠᠳᠣᠭᠤᠨ ᠳ᠋ᠠ ︾ ᠭᠡᠬᠦ ᠨᠡᠷᠡᠶᠢᠳᠦᠯ ᠡᠬᠦᠰᠦᠭᠰᠡᠨ ᠶᠣᠮ᠃ ᠬᠤᠨᠢᠴᠢᠳ ᠤᠨ | ᠬᠢᠨ ᠡᠨᠡᠬᠦ ᠠᠳᠣᠭᠤᠨ ᠰᠦᠷᠦᠭ ᠢ ︽ᠠᠯᠪᠠᠨ ᠰᠦᠷᠦᠭ︾ ᠪᠣᠶᠣ ︽ᠬᠠᠷ᠎ᠠ ᠠᠳᠣᠭᠤᠨ ᠰᠦᠷᠦᠭ︾ ᠭᠡᠳᠡᠭ᠃ | ᠯᠣ ᠨᠣᠶᠠᠨ ᠪᠣᠯ ᠲᠣᠮᠳᠠᠳᠦ ᠢᠷᠭᠡᠨ ᠣᠯᠣᠰ ᠤᠨ ᠦᠶ᠎ᠡ ᠳᠠᠬᠢ ᠬᠤᠨᠢᠴᠢᠨ ᠨᠣᠶᠠᠨ ᠪᠢᠯᠨ᠃ ᠯᠣ ᠨᠣᠶᠠᠨ | ᠬᠤᠨᠢᠴᠢᠨ ᠣᠪᠣᠭ ᠤᠨ ᠬᠦᠮᠣᠨ᠂ ᠨᠡᠷ᠎ᠡ ᠯᠣᠪᠰᠠᠩᠸᠠᠩᠵᠢᠯ ᠭᠡᠳᠡᠭ᠃ ᠬᠤᠨᠢᠴᠢᠳ ᠲᠤ ︽ᠰᠦᠷᠦᠭ ᠤᠨ ᠲᠥᠷᠢᠮ | ︾ ᠭᠡᠵᠣ ᠶᠠᠪᠣᠭᠤᠯᠵᠠᠢ᠃ ᠡᠬᠦᠨ ᠢᠶᠠᠨ ᠬᠤᠨᠢᠴᠢᠳ ᠤᠨ ᠬᠢᠨ ︽ᠡᠵᠡᠨ ᠭᠡᠰᠢᠭ ᠤᠨ ᠰᠦᠷᠦᠭ︾ ᠭᠡᠵᠣ | ᠭᠡᠯᠡᠳᠡᠭ ᠪᠢᠯᠨ᠃ ᠦᠨᠡᠨ ᠳᠡᠭᠡᠨ ᠯᠣ ᠨᠣᠶᠠᠨ ᠪᠣᠯ ᠬᠠᠭᠤᠴᠢᠨ ᠭᠤᠷᠪᠠᠨ ᠠᠷᠠᠳᠴᠢᠯᠠᠭᠰᠠᠨ ᠦᠵᠡᠯᠳᠡᠨ ᠪᠣᠯᠬᠤᠷ | ᠪᠠᠶᠠᠳ ᠤᠨ ᠰᠦᠷᠦᠭ ᠠᠴᠠ ᠲᠡᠭᠰᠢᠳᠭᠡᠨ ᠲᠡᠳᠠᠵᠣ ᠮᠠᠯᠵᠢᠭᠴᠢ ᠬᠦᠴᠣᠨ ᠳᠤ ᠰᠦᠷᠦᠭ ᠲᠠᠯᠪᠢᠨ | ᠮᠠᠯᠵᠢᠭᠤᠯᠣᠭᠰᠠᠨ ᠭᠡᠷᠡᠭ ᠶᠣᠮ᠃ ᠡᠨ᠋ᠨ ᠰᠦᠷᠦᠭ ᠤᠨ ᠲᠥᠷᠢᠮ ᠢ ᠥᠷᠨᠢᠬᠦᠯᠬᠦ ᠭᠡᠮᠡᠨ ᠯᠣ ᠨᠣᠶᠠᠨ ᠥᠪᠡᠷ ᠢᠶᠠᠨ | ᠡᠬᠢᠯᠡᠨ ᠰᠦᠷᠦᠭ ᠲᠠᠯᠪᠢᠭᠰᠠᠨ ᠪᠠᠶᠢᠵᠠᠢ᠃ | ᠲᠣᠮᠳᠠᠳᠦ ᠢᠷᠭᠡᠨ ᠣᠯᠣᠰ ᠤᠨ ᠦᠶ᠎ᠡ ᠳᠤ ᠬᠤᠨᠢᠴᠢᠳ ᠢ ᠬᠠᠷ᠎ᠠ ᠠᠳᠣᠭᠤᠴᠢᠨ ᠤ ᠰᠦᠷᠦᠭ ᠪᠣᠯᠭᠠᠨ | ᠥᠭᠡᠷᠡᠴᠢᠯᠡᠭᠰᠡᠨ ᠲᠣᠯᠨ ᠴᠡᠷᠢᠭ ᠢᠶᠠᠨ ᠥᠷᠭᠡᠳᠭᠡᠨ ᠲᠦᠴᠢᠨ ᠴᠡᠷᠢᠭ ᠪᠣᠯᠭᠠᠵᠠᠢ᠃ ᠡᠨ᠋ᠨ ᠲᠦᠴᠢᠨ ᠴᠡᠷᠢᠭ ᠪᠣᠯ | ᠯᠣ ᠨᠣᠶᠠᠨ ᠤ ᠴᠠᠭ ᠦᠶ᠎ᠡ ᠶᠢᠨ ᠭᠡᠷᠡᠭ ᠶᠠᠪᠣᠳᠠᠯ ᠶᠣᠮ᠃ ᠯᠣ ᠨᠣᠶᠠᠨ ᠲᠦᠴᠢᠨ ᠴᠡᠷᠢᠭ ᠢᠶᠠᠨ ᠬᠤᠶᠠᠷ | ᠠᠩᠬᠢᠯᠡᠵᠤ ︽ᠵᠠᠬ᠎ᠠ ᠬᠠᠮᠠᠭᠠᠯᠠᠨ ᠴᠠᠭᠳᠠᠬᠤ ᠠᠩᠬᠢ︾ ︽ᠠᠳᠣᠭᠤᠨ ᠰᠦᠷᠦᠭ ᠢ ᠬᠠᠮᠠᠭᠠᠯᠠᠬᠤ ᠠᠩᠬᠢ︾ ᠭᠡᠵᠣ | ᠲᠤᠰ ᠪᠦᠷᠢ ᠠᠩᠬᠢ ᠶᠢᠨ ᠲᠠᠷᠤᠭ᠎ᠠ ᠲᠠᠢ ᠪᠠᠶᠢᠭᠤᠯᠵᠠᠢ᠃ ᠡᠬᠦᠨ ᠢ ᠬᠤᠵᠢᠮ ᠤᠨ ᠬᠦᠮᠣᠰ ᠬᠤᠨᠢᠴᠢᠨ ᠤ | ᠲᠦᠴᠢᠨ ᠴᠡᠷᠢᠭ ᠭᠡᠳᠡᠭ ᠪᠢᠯᠨ᠃ 1937 ᠣᠨ ᠳᠤ ᠬᠤᠨᠢᠴᠢᠳ ᠲᠦᠷᠪᠡᠨ ᠰᠣᠮᠣ ᠪᠣᠯᠵᠣ ᠬᠤᠪᠢᠶᠠᠭᠳᠠᠵᠠᠢ᠃ | ᠥᠭᠡᠷ᠎ᠡ ᠪᠠᠷ ᠭᠡᠯᠡᠪᠡᠯ ᠶᠠᠫᠣᠨ ᠤ ᠡᠵᠡᠷᠭᠡᠭ ᠲᠦᠷᠢᠮᠡᠭᠡᠶᠢᠳᠡᠨ ᠳᠤ ᠺᠣᠯᠣᠨᠢᠴᠢᠯᠠᠭᠳᠠᠭᠰᠠᠨ᠃ ᠡᠶᠢᠮᠣ ᠠᠴᠠ ᠬᠦᠯᠣ | ᠰᠢᠷ᠎ᠡ ᠬᠤᠨᠢᠴᠢᠳ ᠤᠨ ᠲᠤᠰᠬᠠᠶᠢᠵᠠᠭᠰᠠᠨ ᠦᠢᠯᠡᠳᠪᠣᠷᠢᠯᠡᠯ ᠤᠨ ᠨᠢᠭᠡᠴᠨ ᠵᠠᠳᠠᠷᠠᠨ ᠲᠡᠣᠭᠡᠨ ᠤ ᠨᠡᠷᠡᠶᠢᠳᠣᠯ | ᠲᠡᠳᠣᠢ ᠪᠣᠯᠣᠭᠰᠠᠨ ᠶᠣᠮ᠃ |