ᠣᠣᠯ ᠤᠨ ᠰᠢᠯᠣᠭᠤᠨ ᠴᠠᠭᠠᠨ ᠬᠤᠰᠢᠭᠤᠨ ᠤ ᠲᠣᠪᠴᠢ ᠪᠠᠶᠢᠳᠠᠯ ᠤᠨ ᠲᠡᠮᠳᠡᠭᠯᠡᠯ | | ᠬᠤᠰᠢᠭᠤ ᠭᠡᠳᠡᠭ ᠨᠢᠭᠡᠴᠨ ᠪᠣᠯ ᠣᠷᠢᠳ ᠲᠠᠭᠠᠨ ᠨᠢᠭᠡ ᠪᠥᠯᠥᠭ ᠴᠡᠷᠢᠭ ᠤᠨ ᠵᠣᠬᠢᠶᠠᠨ ᠪᠠᠶᠢᠭᠤᠯᠣᠯᠳᠠ | ᠪᠠᠶᠢᠵᠣ ᠭᠡᠨ᠎ᠡ᠃ ᠣᠴᠢᠷ ᠨᠢ᠂ ᠴᠢᠩᠬᠢᠰ ᠬᠠᠭᠠᠨ ᠤ ᠦᠶ᠎ᠡ ᠶᠢᠨ ᠮᠠᠨᠳᠣᠭᠰᠠᠨ ᠲᠦᠷᠦ ᠶᠣᠸᠠᠨ ᠣᠯᠣᠰ | ᠮᠥᠬᠦᠭᠰᠡᠨ ᠤ ᠰᠡᠬᠦᠯᠡᠷ ᠨᠡᠬᠦᠳᠡᠯᠴᠢᠨ ᠠᠶᠢᠮᠭ ᠤᠨ ᠹᠸᠣᠳᠠᠯᠴᠣᠳ ᠠᠴᠠ ᠭᠡᠰᠡᠭ ᠪᠥᠯᠥᠭ ᠴᠡᠷᠢᠭ ᠪᠣᠰᠣᠯᠴᠠᠵᠣ | ᠰᠢᠨ᠎ᠡ ᠪᠣᠯᠣᠭᠰᠠᠨ ᠬᠠᠭᠠᠨ ᠲᠦᠷᠣ ᠶᠢ ᠡᠰᠡᠷᠬᠦᠴᠡᠵᠣ ᠪᠠᠶᠢᠭᠰᠠᠨ ᠢ ᠮᠠᠨᠵᠣ ᠴᠢᠩ ᠣᠯᠣᠰ ᠤᠨ ᠦᠶ᠎ᠡ ᠳᠤ | ᠵᠠᠯᠢᠳᠦ ᠠᠷᠭ᠎ᠠ ᠭᠡᠷᠡᠭᠡᠯᠡᠨ ᠬᠤᠷᠢᠶᠠᠮᠵᠢᠯᠠᠨ ᠠᠪᠴᠣ᠂ ᠭᠠᠵᠠᠷ ᠨᠣᠳᠤᠭ ᠲᠤᠭᠳᠠᠭᠠᠨ ᠥᠭᠴᠣ᠂ ᠴᠡᠷᠢᠭ ᠤᠨ ᠨᠣᠶᠠᠳ | ᠨᠠᠷ ᠲᠤᠨᠢ ᠠᠳᠠᠯᠢ ᠪᠣᠰᠣ ᠵᠡᠷᠭᠡ ᠲᠤᠰᠢᠶᠠᠯ ᠱᠠᠩᠨᠠᠵᠤ ᠴᠡᠯᠢᠩ ᠮᠥᠩᠬᠦ ᠣᠯᠭᠤᠵᠤ ᠰᠠᠭᠤᠷᠢᠰᠢᠭᠤᠯᠵᠠᠢ᠃ ᠨᠥᠬᠦᠭᠡ | ᠲᠠᠯ᠎ᠠ ᠪᠠᠷ ᠱᠠᠰᠢᠨ ᠰᠣᠷᠳᠠᠬᠤᠨ ᠲᠡᠯᠭᠡᠷᠡᠬᠦᠯᠵᠣ ᠮᠣᠬᠤᠷ ᠰᠦᠰᠦᠭ ᠢᠶᠠᠷ ᠮᠣᠩᠬᠠᠷᠠᠭᠤᠯᠬᠤ ᠵᠡᠷᠭᠡ ᠠᠷᠭ᠎ᠠ ᠶᠢ | ᠬᠡᠷᠡᠭᠯᠡᠭᠰᠡᠨ ᠠᠴᠠ ᠮᠣᠩᠭᠤᠯᠴᠣᠳ ᠣᠳᠠᠭᠠᠨ ᠳᠠᠭᠠᠨ ᠣᠯᠣᠰ ᠲᠦᠷᠦ ᠶᠢ ᠬᠠᠶᠢᠬᠤᠷᠬᠤ ᠪᠠᠨ ᠪᠣᠯᠢᠵᠣ᠂ ᠡᠩᠭᠡ | ᠲᠠᠶᠢᠪᠣᠩ ᠠᠮᠣᠷ ᠰᠠᠭᠤᠬᠤ ᠶᠢ ᠯᠨ ᠪᠣᠳᠣᠳᠠᠭ ᠪᠣᠯᠵᠤ ᠢᠷᠡᠵᠠᠢ᠃ ᠡᠨ᠋ᠨ ᠪᠣᠯ ᠴᠢᠩ ᠣᠯᠣᠰ ᠠᠴᠠ ᠮᠣᠩᠭᠤᠯ ᠢ | ᠠᠭᠠᠵᠢᠮ ᠢᠶᠠᠷ ᠮᠥᠬᠦᠭᠡᠬᠦ ᠭᠡᠰᠡᠨ ᠨᠢᠭᠡ ᠵᠣᠶᠢᠯ ᠤᠨ ᠵᠦᠭᠡᠯᠡᠨ ᠠᠷᠭ᠎ᠠ ᠪᠢᠯᠨ᠃ | ᠲᠤᠰ ᠬᠤᠰᠢᠭᠤᠨ ᠤ ᠣᠭ ᠲᠤᠭᠳᠠᠭᠰᠠᠨ ᠨᠣᠳᠤᠭ ᠲᠡᠪᠢᠰᠭᠡᠷ ᠤᠨ ᠵᠡᠬᠦᠨ ᠵᠠᠬ᠎ᠠ ᠬᠠᠭᠤᠴᠢᠨ | ᠬᠦᠪᠡᠭᠡᠳᠦ ᠴᠠᠭᠠᠨ ᠬᠤᠰᠢᠭᠤ ᠲᠠᠢ ᠵᠠᠬ᠎ᠠ ᠨᠡᠶᠢᠯᠡᠨ᠂ ᠡᠮᠣᠨ᠎ᠡ ᠡᠳᠡᠭᠡᠳ ᠨᠢ ᠣᠳᠣᠬᠢ ᠡᠾᠧ ᠪᠸᠢ ᠮᠣᠵᠢ ᠶᠢᠨ ᠬᠦ᠋ | ᠶᠣᠸᠠᠨ ᠰᠢᠶᠠᠨ ᠤ ᠬᠠᠷᠢᠶᠠᠳᠦ ᠰᠣᠶᠢᠭᠡᠶᠢᠨ ᠲᠠᠪᠠᠭ᠎ᠠ ᠬᠦᠷᠳᠡᠯ᠎ᠡ ᠪᠠᠶᠢᠵᠠᠢ᠃ ᠪᠠᠷᠠᠭᠤᠨ ᠵᠠᠬ᠎ᠠ ᠨᠢ ᠬᠦᠪᠡᠭᠡᠳᠦ | ᠰᠢᠷ᠎ᠡ ᠬᠤᠰᠢᠭᠤ ᠲᠠᠢ ᠵᠠᠬ᠎ᠠ ᠨᠡᠶᠢᠯᠡᠵᠤ᠂ ᠬᠤᠶᠢᠳᠦ ᠵᠠᠬ᠎ᠠ ᠨᠢ ᠪᠠᠷᠠᠭᠤᠨ ᠰᠦᠨᠢᠳ ᠤᠨ ᠣᠯᠠᠭᠠᠨ ᠲᠣᠯᠣᠭᠠᠢ | ᠪᠣᠯᠣᠨ ᠵᠡᠬᠦᠨ ᠰᠦᠨᠢᠳ ᠤᠨ ᠪᠠᠶᠠᠨ ᠣᠪᠣᠭ᠎ᠠ ᠲᠠᠢ ᠵᠠᠬ᠎ᠠ ᠨᠡᠶᠢᠯᠡᠨᠠ᠃ | ᠬᠤᠰᠢᠭᠤᠨ ᠤ ᠣᠳᠣᠷᠢᠳᠬᠤ ᠵᠣᠬᠢᠶᠠᠨ ᠪᠠᠶᠢᠭᠤᠯᠣᠯᠳᠠ ᠪᠠ ᠲᠤᠰᠢᠶᠠᠯᠳᠠᠨ ᠨᠠᠷ᠄ | ᠨᠡᠶᠢᠳᠡ ᠶᠢᠨ ᠲᠠᠷᠤᠭ᠎ᠠ ︵ᠠᠮᠪᠠᠨ︶ ᠨᠢᠭᠡ ᠨᠡᠷ᠎ᠡ᠂ ᠶᠡᠭᠡ ᠵᠠᠯᠠᠨ ᠨᠢᠭᠡ ᠨᠡᠷ᠎ᠡ᠂ ᠲᠡᠳ᠋ ᠵᠠᠯᠠᠨ ᠨᠢᠭᠡ ᠨᠡᠷ᠎ᠡ᠂ | ᠲᠤᠤᠷ᠎ᠠ ᠨᠢ ᠠᠷᠪᠠᠨ ᠨᠠᠢᠮᠠᠨ ᠰᠣᠮᠣ ᠲᠠᠢ᠂ ᠰᠣᠮᠣ ᠪᠦᠷᠢ ᠰᠣᠮᠣᠨ ᠤ ᠵᠠᠩᠬᠢ ᠨᠢᠭᠡ ᠨᠡᠷ᠎ᠡ᠂ ᠣᠷᠣᠯᠠᠨ | ᠬᠦᠢᠴᠡᠳᠭᠡᠭᠴᠢ ᠨᠢᠭᠡ ᠨᠡᠷ᠎ᠡ ︵ᠪᠠᠰᠨ ᠬᠦᠨᠳᠦ ᠭᠡᠳᠡᠭ︶ ᠠᠷᠪᠠᠨ ᠤ ᠲᠠᠷᠤᠭ᠎ᠠ ᠨᠢᠭᠡ ᠨᠡᠷ᠎ᠡ ︵ᠪᠠᠰᠨ ᠵᠣᠸᠠᠨᠳᠠ | ᠭᠡᠳᠡᠭ︶᠂ ᠡᠬᠦᠨᠴᠨ ᠭᠠᠳᠠᠨ᠎ᠠ ᠭᠤᠴᠢᠭ᠂ ᠪᠠᠶᠢᠷᠢ ᠶᠢᠨ ᠵᠣᠸᠠᠨᠳᠠ ᠭᠡᠵᠣ ᠨᠢᠭᠡ ᠨᠡᠷ᠎ᠡ᠂ ᠪᠢᠴᠢᠭᠡᠴᠢ ᠬᠤᠶᠠᠷ ᠨᠡᠷ᠎ᠡ᠂ | ᠪᠠᠰᠨ ᠮᠣᠩᠭᠤᠯ ᠬᠤᠷᠠᠩᠳᠡ ᠨᠢᠭᠡ ᠨᠡᠷ᠎ᠡ᠂ ᠮᠠᠨᠵᠣ ᠬᠤᠷᠠᠩᠳᠡ ᠨᠢᠭᠡ ᠨᠡᠷ᠎ᠡ ᠪᠠᠶᠢᠨ᠎ᠠ᠃ ᠡᠨ᠋ᠨ ᠬᠤᠶᠠᠷ ᠬᠦᠮᠣᠨ ᠪᠣᠯ | ᠡᠷᠡᠬᠦᠣ ᠴᠠᠭᠠᠵᠨ ᠶᠢᠨ ᠭᠡᠷᠡᠭ ᠢ ᠬᠠᠮᠢᠶᠠᠷᠣᠨ᠎ᠠ᠂ ᠭᠡᠪᠡᠴᠣ ᠬᠤᠰᠢᠭᠤᠨ ᠳᠤ ᠬᠦᠮᠣᠨ ᠠᠯᠠᠬᠤ ᠡᠷᠭᠡ ᠦᠭᠡᠢ᠃ | ᠲᠡᠭᠡᠷᠡᠬᠢ ᠪᠣᠯ ᠪᠥᠬᠦ ᠬᠤᠰᠢᠭᠤᠨ ᠤ ᠲᠤᠰᠢᠶᠠᠯᠳᠠᠨ ᠨᠠᠷ ᠤᠨ ᠲᠤᠭᠳᠠᠭᠰᠠᠨ ᠣᠷᠣᠨ ᠲᠤᠭ᠎ᠠ ᠪᠣᠯᠣᠨ᠎ᠠ᠃ ᠡᠳᠡᠭᠡᠷ | ᠲᠤᠰᠢᠶᠠᠯᠳᠡᠨ ᠨᠠᠷ ᠢ ᠲᠤᠮᠢᠯᠠᠨ ᠵᠦᠪᠰᠢᠶᠡᠷᠡᠬᠦ ᠡᠷᠭᠡ ᠨᠢ ᠪᠦᠷ ᠠᠩᠬᠠᠨ ᠳᠠᠭᠠᠨ ᠬᠠᠭᠠᠨ ᠤ ᠰᠠᠶᠢᠳ ᠶᠠᠮᠣᠨ | ᠠᠴᠠ ᠡᠷᠬᠢᠯᠡᠵᠤ ᠪᠠᠶᠢᠵᠠᠢ᠃ ᠬᠤᠵᠢᠮ ᠨᠢ ᠴᠠᠬᠠᠷ ᠮᠣᠵᠢ ᠶᠢᠨ ᠶᠠᠮᠣᠨ ᠠᠴᠠ ᠲᠤᠭᠳᠠᠭᠠᠳᠠᠭ ᠪᠣᠯᠵᠠᠢ᠃ | ᠬᠤᠰᠢᠭᠤ ᠪᠠᠶᠢᠭᠤᠯᠣᠭᠳᠠᠭᠰᠠᠨ ᠣᠨ ᠬᠤᠭᠤᠴᠠᠭ᠎ᠠ ᠶᠢ ᠪᠠᠷᠤᠭᠯᠠᠬᠤ ᠳᠤ ᠬᠤᠶᠠᠷ ᠠᠴᠠ ᠭᠤᠷᠪᠠᠨ ᠵᠠᠭᠤᠨ ᠵᠢᠯ | ᠣᠷᠴᠢᠮ ᠪᠣᠯᠵᠣ ᠪᠣᠢ᠃ ᠵᠢᠱᠢᠶᠡᠯᠡᠪᠡᠯ᠄ ᠣᠯᠠᠩᠬᠢ ᠰᠣᠮᠣᠨ ᠤ ᠪᠢᠴᠢᠭ ᠲᠡᠮᠳᠡᠭ ᠲᠤ ᠪᠦᠷ ᠡᠩᠭᠡ ᠠᠮᠣᠭᠤᠯᠠᠩ | ᠡᠵᠡᠨ ᠤ ︽ᠭᠡᠳᠣᠢ ᠣᠨ ᠳᠤ ᠣᠯᠭᠤᠪᠠ︾ ᠭᠡᠰᠡᠨ ᠪᠢᠴᠢᠭᠡᠰᠣ ᠪᠠᠶᠢᠳᠠᠭ ᠪᠢᠯᠨ᠃ ᠭᠡᠪᠡᠴᠣ ᠣᠳᠦ ᠲᠣᠳᠣᠷᠬᠠᠢ | ᠭᠡᠷᠡᠴᠢ ᠪᠠᠷᠢᠮᠳᠠ ᠪᠣᠯᠣᠮᠠᠷ ᠪᠢᠴᠢᠭ ᠮᠠᠲ᠋ᠧᠷᠢᠶᠠᠯ ᠦᠭᠡᠢ ᠪᠣᠯᠵᠠᠢ᠃ ᠣᠴᠢᠷ ᠨᠢ ᠣᠳᠦ ᠠᠴᠠ ᠲᠠᠯᠠᠨ ᠵᠢᠯ ᠤᠨ | ᠡᠮᠣᠨ᠎ᠡ ᠦᠭᠡᠷ ᠵᠢᠯ ᠤᠨ ᠣᠶᠢᠮᠡᠭᠡᠨ ᠳᠤ ᠭᠤᠮᠢᠨᠳᠠᠩ ᠤᠨ ᠬᠠᠷ᠎ᠠ ᠴᠡᠷᠢᠭ ᠢᠷᠡᠵᠤ᠂ ᠰᠢᠯᠣᠭᠤᠨ ᠴᠠᠭᠠᠨ | ᠬᠤᠰᠢᠭᠤ ᠶᠠᠮᠣᠨ ᠢ ᠨᠢᠭᠡ ᠣᠳᠠᠭ᠎ᠠ ᠰᠢᠳᠠᠭᠠᠵᠠᠢ᠂ ᠬᠤᠵᠢᠮ ᠨᠢ ᠲᠠᠬᠢᠵᠣ ᠪᠠᠶᠢᠭᠤᠯᠣᠭᠰᠠᠨ ᠲᠠᠩᠰᠨ ᠪᠢᠴᠢᠭ ᠤᠨ | ᠶᠡᠭᠡᠩᠬᠢ ᠶᠢ1945 ᠣᠨ ᠳᠤ ᠠᠷᠤ ᠮᠣᠩᠭᠤᠯ ᠤᠨ ᠴᠡᠷᠢᠭ ᠬᠤᠷᠢᠶᠠᠨ ᠠᠪᠡᠴᠢᠵᠠᠢ᠃ ᠦᠯᠡᠳᠡᠭᠰᠡᠨ ᠪᠠᠭ᠎ᠠ | ᠰᠠᠭ᠎ᠠ ᠨᠢ ᠴᠢᠯᠣᠭᠡᠯᠡᠬᠦ ᠲᠠᠶᠢᠨ ᠤ ᠦᠶ᠎ᠡ ᠳᠤ ᠥᠷᠡᠭᠳᠡᠵᠤ ᠲᠠᠭᠤᠰᠴᠠᠢ᠃ ᠡᠬᠦᠨᠴᠨ ᠭᠠᠳᠠᠨ᠎ᠠ ᠵᠠᠷᠢᠮ ᠬᠤᠪᠢ | ᠬᠦᠮᠣᠨ ᠳᠤ ᠪᠠᠶᠢᠭᠰᠠᠨ ᠪᠠᠷᠢᠮᠳᠠ ᠲᠡᠮᠳᠡᠭᠯᠡᠯ ᠨᠢ ᠰᠣᠶᠣᠯ ᠤᠨ ᠬᠤᠪᠢᠰᠬᠠᠯ ᠤᠨ ᠲᠣᠮᠳᠠ ᠠᠯᠠᠭ᠎ᠠ ᠪᠣᠯᠵᠤ | ᠬᠤᠴᠣᠷᠵᠠᠢ᠃ ᠬᠠᠭᠤᠴᠢᠨ ᠰᠢᠯᠣᠭᠤᠨ ︵ᠮᠠᠨᠵᠣ ᠶᠢᠨ ᠬᠦᠯᠣ︶ ᠴᠠᠭᠠᠨ ᠬᠤᠰᠢᠭᠤ ᠶᠠᠮᠣᠨ ᠨᠢ ᠬᠠᠨ᠎ᠠ ᠬᠠᠳᠠ | ᠠᠠᠭᠤᠯᠠᠨ ᠤ ᠡᠩᠬᠡᠷ ᠲᠠᠬᠢ ᠬᠤᠰᠢᠭᠤ ᠰᠦᠮ᠎ᠡ ᠶᠢᠨ ᠬᠠᠮᠳᠦ ᠪᠠᠶᠢᠭᠰᠠᠨ ᠪᠢᠯᠨ᠃ | ᠬᠠᠭᠤᠴᠢᠨ ᠦᠶ᠎ᠡ ᠶᠢᠨ ᠬᠤᠰᠢᠭᠤ ᠪᠠ ᠰᠣᠮᠣᠨ ᠤ ᠠᠯᠪᠠᠨ ᠲᠠᠮᠠᠭ᠎ᠠ ᠲᠡᠮᠳᠡᠭᠨᠢ ᠪᠦᠷ ᠲᠡᠷᠨ ᠦᠶ᠎ᠡ ᠶᠢᠨ ᠴᠢᠩ | ᠣᠯᠣᠰ ᠤᠨ ᠬᠠᠭᠠᠨ ᠤ ᠰᠠᠶᠢᠳ ᠤᠨ ᠶᠠᠮᠣᠨ ᠠᠴᠠ ᠣᠯᠭᠤᠭᠰᠠᠨ ᠭᠠᠣᠯᠢᠨ ᠲᠠᠮᠠᠭ᠎ᠠ ᠲᠡᠮᠳᠡᠭ ᠤᠳ ᠪᠠᠶᠢᠯ᠎ᠠ᠂ | ᠠᠮᠪᠠᠨ ᠤ ᠲᠠᠮᠠᠭ᠎ᠠ ᠨᠢ ᠲᠡᠭᠰᠢ ᠲᠦᠷᠪᠡᠯᠵᠢᠨ ᠭᠡᠯᠪᠡᠷᠢᠳᠠᠢ ᠭᠤᠷᠪᠠᠨ ᠵᠢᠩ ᠵᠢᠱᠢᠮ ᠲᠠᠢ ᠬᠦᠨᠳᠣ ᠪᠠᠶᠢᠳᠠᠭ᠃ ᠶᠡᠭᠡ | ᠵᠠᠯᠠᠨ ᠤ ᠲᠠᠮᠠᠭ᠎ᠠ ᠶᠢ ᠬᠠᠳᠠᠯᠠᠨ ︵ᠺᠠᠳᠣᠯᠣᠨ ᠁ ᠵᠠᠬᠢᠷᠭ᠎ᠠ ᠭᠡᠰᠡᠨ ᠮᠠᠨᠵᠣ ᠦᠭᠡ — ᠨᠠᠶᠢᠷᠠᠭᠤᠯᠣᠭᠴᠢ︶ | ᠭᠡᠵᠣ ᠭᠡᠯᠡᠳᠡᠭ ᠪᠥᠭᠡᠳ ᠡᠨ᠋ᠨ ᠨᠢ ᠣᠷᠳᠣᠯᠢᠭ ᠲᠦᠷᠪᠡᠯᠵᠢᠨ ᠭᠡᠯᠪᠡᠷᠢᠳᠠᠢ ᠬᠦᠨᠳᠦ ᠶᠢᠨ ᠬᠡᠮᠵᠢᠶ᠎ᠡ ᠨᠢ ᠨᠢᠭᠡ ᠵᠢᠩ | ᠭᠠᠷᠣᠢ ᠪᠢᠯᠨ᠃ ᠲᠡᠳ᠋ ᠵᠠᠯᠠᠨ ᠳᠤ ᠲᠠᠮᠠᠭ᠎ᠠ ᠦᠭᠡᠢ᠂ ᠰᠣᠮᠣᠨ ᠤ ᠵᠠᠩᠬᠢ ᠶᠢᠨ ᠲᠠᠮᠳᠡᠭ ᠨᠢ ︵ᠪᠠᠰᠨ ᠲᠣᠣᠱᠣ | ᠭᠡᠵᠣ ᠭᠡᠯᠡᠳᠡᠭ︶ ᠲᠡᠭᠰᠢ ᠲᠦᠷᠪᠡᠯᠵᠢᠨ ᠬᠡᠯᠪᠡᠷᠢ ᠲᠠᠢ ᠪᠠᠶᠢᠵᠣ ᠪᠠᠷᠤᠭᠯᠠᠬᠤ ᠳᠤ ᠬᠠᠭᠠᠰ ᠵᠢᠩᠵᠢᠱᠢᠮ ᠲᠠᠢ ᠪᠢᠯᠨ ᠂ | ᠪᠣᠰᠣᠳ ᠬᠦᠨᠳᠦ᠂ ᠵᠣᠸᠠᠨᠳᠠ ᠳᠤ ᠠᠯᠪᠠᠨ ᠲᠠᠮᠠᠭ᠎ᠠ ᠲᠡᠮᠳᠡᠭ ᠦᠭᠡᠢ᠂ ᠡᠳᠡᠭᠡᠷ ᠨᠢ ᠪᠦᠷ ᠮᠠᠨᠵᠣ ᠮᠣᠩᠭᠤᠯ ᠬᠤᠶᠠᠷ | ᠵᠣᠶᠢᠯ ᠤᠨ ᠡᠪᠬᠢᠮᠠᠯ ᠦᠰᠦᠭ ᠲᠠᠢ ᠪᠢᠯᠨ᠃ | ᠬᠤᠰᠢᠭᠤ ᠵᠣᠬᠢᠶᠠᠨ ᠪᠠᠶᠢᠭᠤᠯᠣᠯᠳᠠ ᠶᠢᠨ ᠪᠥᠷᠢᠯᠳᠦᠬᠦᠨ ᠪᠣᠯᠬᠤ ᠰᠣᠮᠣ ᠤᠳ ᠤᠨ ᠪᠠᠶᠢᠳᠠᠯ᠃ | ᠲᠡᠷᠢᠬᠦᠨ ᠤ ᠰᠣᠮᠤ ᠪᠣᠯ ᠴᠠᠬᠠᠷ ᠰᠣᠮᠣ ᠪᠣᠯᠣᠨ᠎ᠠ᠃ ᠣᠣᠯ ᠪᠠᠶᠢᠭᠰᠠᠨ ᠨᠣᠳᠤᠭ ᠨᠢ ᠣᠳᠦ ᠶᠢᠨ ᠡᠭᠡᠯᠢᠳᠦ ᠶᠢᠨ | ᠮᠠᠯᠵᠢᠯ ᠤᠨ ᠲᠠᠯᠠᠪᠠᠢ ᠣᠷᠴᠢᠮ ᠪᠠᠶᠢᠵᠠᠢ᠂ ᠲᠠᠯ ᠤᠨ ᠰᠦᠮ᠎ᠡ ᠭᠡᠵᠣ ᠰᠦᠮ᠎ᠡ ᠲᠠᠢ᠂ ᠲᠤᠭᠳᠠᠮᠠᠯ ᠬᠦᠮᠣᠨ ᠠᠮᠨ | ᠶᠢᠨ ᠲᠤᠭ᠎ᠠ ᠨᠢ ᠭᠤᠴᠢᠨ ᠲᠠᠪᠣᠨ ᠬᠤᠶᠠᠭ᠂ ᠭᠤᠴᠢᠨ ᠲᠠᠪᠣᠨ ᠪᠠᠶᠢᠷᠢ ᠭᠡᠵᠣ ᠨᠡᠶᠢᠳᠡ ᠲᠠᠯᠠᠨ ᠡᠷ᠎ᠡ ᠶᠢᠨ ᠲᠠᠩᠰᠨ | ᠲᠠᠢ ᠪᠢᠯᠨ᠂ ᠡᠬᠦᠨᠴᠨ ᠢᠯᠡᠬᠦᠣ ᠪᠠᠶᠢᠪᠠᠯ ᠴᠥᠮ ᠰᠣᠯᠨ ᠬᠦᠮᠣᠨ ᠪᠣᠯᠣᠨ᠎ᠠ᠃ ᠡᠳᠡᠭᠡᠷ ᠨᠢ ᠪᠦᠷ ᠨᠠᠰᠣᠨ ᠳᠤ | ᠬᠦᠷᠤᠭᠡᠳᠣᠢ ᠭᠡᠣᠭᠡᠳ ᠪᠣᠶᠣ ᠡᠮᠡᠭᠳᠡᠶᠢᠴᠣᠳ ᠪᠠ ᠨᠠᠰᠣ ᠭᠡᠳᠦᠷᠡᠭᠰᠡᠨ ᠡᠪᠣᠭᠡᠳ ᠬᠢᠭᠡᠳ ᠯᠠᠮᠨ ᠨᠠᠷ ᠪᠣᠯᠣᠨ᠎ᠠ᠃ | ᠲᠤᠰ ᠰᠣᠮᠣᠨ ᠳᠤ ᠪᠠᠰᠨ ᠨᠢᠭᠡ ᠪᠠᠭ᠎ᠠ ᠵᠡᠷᠭᠡ ᠶᠢᠨ ᠰᠢᠷᠠᠬᠤ ᠬᠠᠪᠣᠨ ᠪᠠᠶᠢᠵᠠᠢ᠃ ᠡᠨ᠋ᠨ ᠰᠣᠮᠣᠨ ᠤ ᠬᠠᠮᠤᠭ | ᠰᠡᠬᠦᠯᠴᠢ ᠶᠢᠨ ᠦᠶ᠎ᠡ ᠲᠠᠷᠣᠢ ᠴᠢᠯᠣᠭᠡᠯᠡᠭᠳᠡᠬᠦ ᠦᠶ᠎ᠡ ᠳᠤ ᠪᠠᠶᠢᠭᠰᠠᠨ ᠰᠣᠮᠣᠨ ᠤ ᠵᠠᠩᠬᠢ ᠨᠢ ᠬᠠᠹᠦ᠋ᠩᠭ᠎ᠠ ᠭᠡᠰᠡᠨ | ᠬᠦᠮᠣᠨ ᠪᠠᠶᠢᠵᠣ᠂ ᠬᠤᠪᠢᠰᠬᠠᠯ ᠳᠤ ᠲᠠᠷᠤᠩᠭᠤᠶᠢᠯᠠᠭᠳᠠᠵᠠᠢ᠃ ᠡᠨ᠋ᠨ ᠬᠦᠮᠣᠨ ᠪᠠᠰᠨ ᠬᠤᠰᠢᠭᠤᠨ ᠤ ᠲᠡᠳ᠋ ᠵᠠᠯᠠᠨ | ᠪᠠᠶᠢᠯ᠎ᠠ᠃ ᠬᠦᠨᠳᠦ ᠨᠢ ᠠᠮᠣᠷᠪᠠᠶᠠᠰᠬᠤᠯᠠᠩ᠂ ᠵᠣᠸᠠᠨᠳᠠ ᠨᠢ ᠷᠠᠰᠢᠳᠣᠩᠷᠣᠪ ᠭᠡᠳᠡᠭ ᠬᠦᠮᠣᠨ ᠪᠠᠶᠢᠵᠠᠢ᠃ | ᠬᠤᠶᠠᠳᠣᠭᠠᠷ ᠰᠣᠮᠣᠨ ᠤ ᠪᠠᠶᠢᠳᠠᠯ᠃ ᠮᠥᠨ ᠴᠠᠬᠠᠷ ᠰᠣᠮᠣ ᠪᠥᠭᠡᠳ ᠬᠠᠭᠤᠴᠢᠨ ᠨᠣᠳᠤᠭ ᠨᠢ ᠣᠳᠣᠬᠢ | ᠦᠨᠡᠨᠪᠠᠳᠦ ᠰᠣᠮᠣ ᠶᠢᠨ ᠢᠩᠳᠦ᠂ ᠣᠯᠠᠭᠠᠨ ᠭᠡᠷᠡᠯ ᠲᠠᠯᠠᠪᠠᠢ ᠪᠠ ᠰᠢᠩ ᠶᠣᠣ ᠰᠢᠶᠠᠩ ᠤᠨ ᠴᠠᠭᠠᠨ ᠪᠣᠮᠪᠠᠨ | ᠭᠠᠴᠠᠭ᠎ᠠ ᠵᠡᠷᠭᠡ ᠭᠠᠵᠠᠷ ᠲᠤ ᠪᠠᠶᠢᠵᠠᠢ᠃ ᠬᠦᠮᠣᠨ ᠠᠮᠨ ᠶᠢᠨ ᠣᠷᠣᠨ ᠲᠤᠭ᠎ᠠ ᠨᠢ ᠮᠥᠨ ᠲᠡᠷᠢᠬᠦᠨ ᠰᠣᠮᠣ ᠲᠠᠢ | ᠠᠳᠠᠯᠢ ᠲᠠᠯᠠᠨ ᠡᠷ᠎ᠡ ᠶᠢᠨ ᠲᠠᠩᠰᠨ ᠲᠠᠢ ᠶᠣᠮ᠃ ᠪᠣᠰᠣᠳ ᠨᠢ ᠮᠥᠨ ᠰᠣᠯᠨ ᠬᠦᠮᠣᠨ ᠪᠣᠯᠣᠨ᠎ᠠ᠃ ᠲᠤᠰ ᠰᠣᠮᠣᠨ | ᠤ ᠬᠠᠮᠤᠭ ᠰᠡᠬᠦᠯᠴᠢ ᠶᠢᠨ ᠵᠠᠩᠬᠢ ᠨᠢ ᠭᠤᠩᠴᠣᠭᠵᠠᠪ ᠭᠡᠵᠣ ᠰᠢᠷᠠᠬᠤ ᠲᠤᠰᠢᠶᠠᠯ ᠲᠠᠢ ᠶᠣᠮ᠃ ᠬᠦᠨᠳᠦ ᠨᠢ | ᠰᠡᠷᠡᠩᠳᠣᠷᠵᠢ᠂ ᠵᠣᠸᠠᠨᠳᠠ ᠨᠢ ᠲᠤᠷᠵᠢᠰᠦ᠋ᠷᠣᠩ ᠭᠡᠳᠡᠭ ᠬᠦᠮᠣᠨ ᠪᠠᠶᠢᠯ᠎ᠠ᠃ ᠲᠤᠰ ᠰᠣᠮᠣᠨ ᠳᠤ ᠪᠠᠰᠨ ᠨᠢᠭᠡᠨ | ᠭᠤᠷᠪᠠᠳᠣᠭᠠᠷ ᠵᠡᠷᠭᠡ ᠶᠢᠨ ᠰᠢᠷᠠᠬᠤ ᠬᠠᠪᠣᠨ ᠥᠷᠭᠡᠨ ᠭᠡᠰᠡᠨ ᠬᠦᠮᠣᠨ ᠪᠠᠶᠢᠵᠠᠢ᠃ ᠡᠨ᠋ᠨ ᠪᠣᠯ ᠬᠤᠰᠢᠭᠤᠨ ᠤ | ᠠᠮᠪᠠᠨ ᠵᠠᠯᠠᠨ ᠤ ᠣᠷᠣ ᠭᠠᠷᠪᠠᠯ ᠰᠢᠭᠤᠳ ᠣᠷᠣᠯᠠᠵᠣ ᠪᠣᠯᠬᠤ ᠡᠷᠭᠡ ᠲᠠᠢ ᠪᠢᠯᠨ᠃ ᠡᠨ᠋ᠨ ᠬᠦᠮᠣᠨ ᠬᠤᠪᠢᠰᠬᠠᠯ | ᠳᠤ ᠲᠠᠷᠤᠩᠭᠤᠶᠢᠯᠠᠭᠳᠠᠪᠠ᠃ ᠰᠣᠮᠣᠨ ᠤ ᠰᠦᠮ᠎ᠡ ᠨᠢ ᠬᠤᠢ ᠶᠢᠨ ᠰᠦᠮ᠎ᠡ ᠭᠡᠰᠡᠨ ᠪᠠᠭ᠎ᠠ ᠰᠦᠮ᠎ᠡ ᠲᠠᠢ ᠪᠠᠶᠢᠪᠠ᠃ | ᠭᠤᠷᠪᠠᠳᠣᠭᠠᠷ ᠰᠣᠮᠣ ᠨᠢ ᠮᠥᠨ ᠴᠠᠬᠠᠷ ᠰᠣᠮᠣ ᠪᠥᠭᠡᠳ ᠰᠢᠷᠠᠬᠤ ᠵᠠᠩᠬᠢ ᠲᠠᠢ᠂ ᠣᠭ ᠨᠣᠳᠤᠭ | ᠲᠡᠪᠢᠰᠭᠡᠷ ᠨᠢ ᠣᠳᠣᠬᠢ ᠪᠥᠷᠢᠳᠦ ᠰᠣᠮᠣ ᠪᠣᠯᠣᠨ᠎ᠠ᠃ ᠬᠦᠮᠣᠨ ᠠᠮᠨ ᠶᠢᠨ ᠲᠤᠭ᠎ᠠ ᠨᠢ ᠲᠡᠭᠡᠷᠡᠬᠢ ᠰᠣᠮᠣ ᠲᠠᠢ | ᠠᠳᠠᠯᠢ᠂ ᠬᠠᠮᠤᠭ ᠰᠡᠬᠦᠯᠴᠢ ᠶᠢᠨ ᠪᠠᠶᠢᠭᠰᠠᠨ ᠵᠠᠩᠬᠢ ᠨᠢ ᠲᠡᠮᠣᠷ ᠭᠡᠰᠡᠨ ᠬᠦᠮᠣᠨ᠂ ᠲᠡᠷᠨ ᠮᠠᠯᠴᠢᠨ ᠠᠷᠠᠳ ᠤᠨ | ᠬᠦᠳᠡᠯᠭᠡᠭᠡᠨ ᠳᠤ ᠲᠠᠷᠤᠩᠭᠤᠶᠢᠯᠠᠭᠳᠠᠪᠠ᠃ ᠬᠦᠨᠳᠦ ᠨᠢ ᠴᠣᠶᠢᠵᠢᠯᠰᠦ᠋ᠷᠣᠩ᠂ ᠵᠣᠸᠠᠨᠳᠠ ᠨᠢ ᠮᠣᠣᠯᠠᠢ ᠭᠡᠰᠡᠨ | ᠬᠦᠮᠣᠨ ᠪᠠᠶᠢᠯ᠎ᠠ᠃ | ᠲᠦᠷᠪᠡᠳᠦᠭᠡᠷ ᠰᠣᠮᠣ ᠨᠢ ᠮᠥᠨ ᠴᠠᠬᠠᠷ ᠰᠣᠮᠣ ᠪᠥᠭᠡᠳ ᠲᠦᠷᠪᠡᠳᠦᠭᠡᠷ ᠵᠡᠷᠭᠡ ᠶᠢᠨ ᠰᠢᠷᠠᠬᠤ ᠵᠠᠩᠬᠢ | ᠲᠠᠢ᠂ ᠡᠨ᠋ᠨ ᠨᠢ ᠣᠯᠠᠭᠠᠨ ᠱᠢᠷᠣᠨ ᠵᠢᠩᠰᠨ ᠲᠠᠢ᠂ ᠪᠣᠰᠣᠳ ᠵᠠᠩᠬᠢ ᠣᠳᠪᠣᠯ ᠬᠦᠭᠡ ᠨᠣᠮᠢᠨ ᠵᠢᠩᠰᠨ ᠲᠠᠢ ᠪᠠᠶᠢᠳᠠᠭ | ᠃ ᠬᠦᠮᠣᠨ ᠠᠮᠨ ᠶᠢᠨ ᠲᠤᠭ᠎ᠠ ᠨᠢ ᠲᠡᠭᠡᠷᠡᠬᠢ ᠲᠠᠢ ᠠᠳᠠᠯᠢ᠂ ᠬᠠᠮᠤᠭ ᠰᠡᠬᠦᠯᠴᠢ ᠳᠤ ᠪᠠᠶᠢᠭᠰᠠᠨ ᠵᠠᠩᠬᠢ ᠨᠢ | ᠲᠤᠷᠵᠢᠹᠯᠠᠮᠠ᠂ ᠬᠦᠨᠳᠦ ᠨᠢ ᠡᠷᠳᠢᠨᠢᠳᠡᠯᠭᠡᠷ᠂ ᠵᠣᠸᠠᠨᠳᠠ ᠨᠢ ᠠᠷᠪᠢᠨᠭᠡᠰᠢᠭᠭᠡᠰᠡᠨ ᠬᠦᠮᠣᠨ ᠪᠠᠶᠢᠵᠠᠢ᠃ ᠨᠣᠳᠤᠭ | ᠲᠡᠪᠢᠰᠭᠡᠷ ᠨᠢ ᠣᠳᠦ ᠶᠢᠨ ᠬᠦᠪᠡᠭᠡᠳᠦ ᠰᠢᠷ᠎ᠡ ᠬᠤᠰᠢᠭᠤᠨ ᠤ ᠨᠠᠷᠠᠨ ᠠᠭᠤᠯᠨ ᠰᠣᠮᠣ ᠶᠢᠨ ᠲᠦᠪ ᠪᠣᠯᠣᠨ | ᠴᠠᠶᠢᠷᠳᠦ ᠶᠢᠨ ᠭᠤᠣᠯ᠂ ᠪᠠᠷᠠᠭᠤᠨ ᠴᠠᠪ ᠵᠡᠷᠭᠡ ᠭᠠᠵᠠᠷ ᠪᠣᠯᠣᠨ᠎ᠠ᠃ | ᠲᠠᠪᠣᠳᠣᠭᠠᠷ ᠰᠣᠮᠣ ᠶᠢ ᠮᠣᠣᠮᠢᠩᠭᠠᠨ ᠰᠣᠮᠣ ᠭᠡᠳᠡᠭ᠃ ᠮᠥᠨ ᠰᠢᠷᠠᠬᠤ ᠵᠠᠩᠬᠢ ᠲᠠᠢ᠃ ᠣᠣᠯ ᠨᠣᠳᠤᠭ | ᠲᠡᠪᠢᠰᠭᠡᠷ ᠨᠢ ᠣᠳᠦ ᠶᠢᠨ ᠲᠠᠶᠢᠹᠦᠰᠧ ᠬᠤᠰᠢᠭᠤᠨ ᠤ ᠲᠦᠪ ᠪᠣᠯᠣᠨ ᠰᠢᠨᠠᠭ᠎ᠠ ᠶᠢᠨ ᠬᠠᠶᠢᠷᠬᠠᠨ᠂ | ᠪᠢᠳᠣᠷᠢᠶᠠ ᠶᠢᠨ ᠭᠠᠴᠠᠭ᠎ᠠ ᠵᠡᠷᠭᠡ ᠭᠠᠵᠠᠷ ᠢᠶᠠᠷ ᠪᠠᠶᠢᠵᠠᠢ᠃ ᠬᠦᠮᠣᠨ ᠠᠮᠨ ᠶᠢᠨ ᠪᠠᠶᠢᠳᠠᠯ ᠨᠢ ᠮᠥᠨ ᠪᠣᠰᠣᠳ | ᠰᠣᠮᠣ ᠲᠠᠢ ᠠᠳᠠᠯᠢ ᠶᠣᠮ᠃ ᠬᠠᠮᠤᠭ ᠰᠡᠬᠦᠯᠴᠢ ᠶᠢᠨ ᠪᠠᠶᠢᠭᠰᠠᠨ ᠵᠠᠩᠬᠢ ᠨᠢ ᠴᠢᠨᠯᠠᠢ᠂ ᠬᠦᠨᠳᠦ ᠨᠢ ᠳ᠋ᠠᠴᠢᠩᠸᠠᠩᠵᠢᠯ | ᠂ ᠵᠣᠸᠠᠨᠳᠠ ᠨᠢ ᠲᠦᠣᠶᠢᠩᠺᠡᠷ ᠭᠡᠰᠡᠨ ᠬᠦᠮᠣᠨ ᠪᠠᠶᠢᠭᠰᠠᠨ᠂ ᠲᠤᠰ ᠰᠣᠮᠣᠨ ᠤ ᠰᠦᠮ᠎ᠡ ᠨᠢ ᠪᠢᠳᠣᠷᠢᠶᠠ ᠰᠦᠮ᠎ᠠ | ᠪᠢᠯᠨ᠃ | ᠵᠢᠷᠭᠤᠳᠣᠭᠠᠷ ᠰᠣᠮᠣ ᠨᠢ ᠪᠠᠰᠨ ᠮᠣᠣᠮᠢᠩᠭᠠᠨ ᠰᠣᠮᠣ ᠪᠥᠭᠡᠳ ᠰᠢᠷᠠᠬᠤ ᠵᠠᠩᠬᠢ ᠲᠠᠢ᠃ ᠵᠠᠩᠬᠢ ᠨᠢ | ᠰᠦᠭᠵᠢᠨᠢᠩᠪᠤ᠂ ᠬᠦᠨᠳᠦ ᠨᠢ ᠦᠯᠵᠠᠶᠢᠷᠠᠰᠢ᠂ ᠦᠯᠵᠠᠶᠢᠮᠠᠨᠳᠦ ᠭᠡᠳᠡᠭᠬᠦ᠋ᠮᠣᠨ ᠪᠠᠶᠢᠵᠠᠢ᠃ ᠣᠣᠯ ᠤᠨ ᠨᠣᠳᠤᠭ | ᠲᠡᠪᠢᠰᠭᠡᠷ ᠨᠢ ᠣᠳᠣᠬᠢ ᠲᠠᠶᠢᠹᠦᠰᠧ ᠬᠤᠰᠢᠭᠤᠨ ᠤ ᠪᠠᠷᠠᠭᠤᠨ ᠵᠠᠬ᠎ᠠ ᠶᠢᠨ ᠬᠤᠯᠣᠳ ᠤᠨ ᠰᠦᠮ᠎ᠡ᠂ ᠪᠠᠭ᠎ᠠ | ᠲᠡᠮᠡᠭᠡᠳᠦ ᠵᠡᠷᠭᠡ ᠭᠠᠵᠠᠷ ᠢᠶᠠᠷ ᠪᠠᠶᠢᠭᠰᠠᠨ ᠪᠥᠭᠡᠳ ᠬᠦᠮᠣᠨ ᠠᠮᠨ ᠨᠢ ᠮᠥᠨ ᠲᠡᠭᠡᠷᠡᠬᠢ ᠲᠠᠢ ᠠᠳᠠᠯᠢ᠃ | ᠲᠣᠯᠣᠳᠣᠭᠠᠷ ᠰᠣᠮᠣ ᠪᠣᠯ ᠬᠤᠷᠴᠢᠨ ᠰᠣᠮᠣ ᠪᠣᠯᠣᠨ᠎ᠠ᠃ ᠮᠥᠨ ᠰᠢᠷᠠᠬᠤ ᠵᠠᠩᠬᠢ ᠲᠠᠢ᠂ ᠨᠣᠳᠤᠭ | ᠲᠡᠪᠢᠰᠭᠡᠷ ᠨᠢ ᠣᠳᠦ ᠶᠢᠨ ᠦᠨᠠᠨᠪᠠᠳᠦ ᠰᠣᠮᠣ ᠶᠢᠨ ᠲᠦᠪᠡᠢ᠂ ᠠᠷᠤ ᠡᠩᠭᠡᠷ ᠲᠣᠯᠣ ᠪᠣᠯᠣᠨ᠎ᠠ᠃ ᠬᠦᠮᠣᠨ ᠠᠮᠨ | ᠨᠢ ᠲᠡᠭᠡᠷᠡᠬᠢ ᠲᠠᠢ ᠠᠳᠠᠯᠢ᠃ ᠬᠠᠮᠤᠭ ᠰᠡᠬᠦᠯᠴᠢ ᠶᠢᠨ ᠪᠠᠶᠢᠭᠰᠠᠨ ᠵᠠᠩᠬᠢ ᠨᠢ ᠸᠠᠩᠷᠣᠭᠵᠠᠪ ᠭᠡᠰᠡᠡ ᠬᠦᠮᠣᠨ | ᠪᠥᠭᠡᠳ ᠬᠤᠰᠢᠭᠤᠨ ᠤ ᠶᠡᠭᠡ ᠵᠠᠯᠠᠨ ᠪᠠᠶᠢᠵᠣ᠂ ᠮᠠᠯᠴᠢᠨ ᠠᠷᠠᠳ ᠤᠨ ᠬᠦᠳᠡᠯᠭᠡᠭᠡᠨ ᠳᠤ ᠲᠠᠷᠣᠩᠭᠤᠶᠢᠯᠠᠭᠳᠠᠪᠠ᠃ | ᠬᠦᠨᠳᠦ ᠨᠢ ᠸᠠᠩᠴᠢᠭᠳᠣᠷᠵᠢ᠂ ᠵᠣᠸᠠᠨᠳᠠ ᠨᠢ ᠦᠨᠡᠨᠪᠠᠶᠠᠷ ᠭᠡᠰᠡᠨ ᠬᠦᠮᠣᠨ ᠪᠠᠶᠢᠯ᠎ᠠ᠃ ᠰᠣᠮᠣᠨ ᠤ ᠰᠦᠮᠠᠨᠢ | ᠮᠠᠨᠳᠣᠯᠠᠳᠦ ᠶᠢᠨ ᠰᠦᠮ᠎ᠡ ᠪᠣᠯᠣᠨ᠎ᠠ᠃ | ᠶᠢᠰᠣᠳᠦᠭᠡᠷ ᠰᠣᠮᠣ ᠨᠢ ᠮᠥᠨ ᠬᠤᠷᠴᠢᠨ ᠰᠣᠮᠣ ᠶᠣᠮ᠂ ᠵᠠᠩᠬᠢ ᠨᠢ ︵ᠰᠢᠷᠠᠬᠤ ᠪᠢᠰᠢ︶ | ᠪᠣᠶᠠᠨᠳᠣᠭᠳᠠᠬᠤ ᠭᠡᠰᠡᠨ ᠬᠦᠮᠣᠨ᠂ ᠪᠠᠰᠨ ᠬᠤᠰᠢᠭᠤᠨ ᠤ ᠪᠠᠭ᠎ᠠ ᠵᠠᠯᠠᠨ ᠪᠠᠶᠢᠵᠣ᠂ ᠬᠤᠪᠢᠰᠬᠠᠯ ᠲᠤ | ᠲᠠᠷᠣᠩᠭᠤᠶᠢᠯᠠᠭᠳᠠᠪᠠ᠃ ᠬᠦᠨᠳᠦ ᠨᠢ ᠴᠢᠳᠠᠩᠪᠠᠯᠵᠣᠣᠷ᠂ ᠵᠣᠸᠠᠨᠳᠠ ᠨᠢ ᠮᠠᠰᠢᠪᠠᠶᠠᠨ ᠭᠡᠳᠡᠭ ᠬᠦᠮᠣᠨ ᠪᠠᠶᠢᠵᠠᠢ᠃ | ᠬᠦᠮᠣᠨ ᠠᠮᠨ ᠨᠢ ᠮᠥᠨ ᠲᠡᠭᠡᠷᠡᠬᠢ ᠮᠡᠳᠦ᠂ ᠨᠣᠳᠤᠭ ᠲᠡᠪᠢᠰᠭᠡᠷ ᠨᠢ ᠣᠳᠦ ᠶᠢᠨ ᠦᠨᠡᠨᠪᠠᠳᠦ ᠰᠣᠮᠣ ᠶᠢᠨ | ᠪᠣᠷᠬᠠᠨᠳᠦ᠂ ᠱᠣᠷᠣᠩ᠂ ᠵᠣᠦ᠋ᠬᠠ᠂ ᠴᠢᠯᠠᠭᠤᠨ ᠣᠩᠭᠤᠴᠨ ᠵᠡᠷᠭᠡ ᠭᠠᠵᠠᠷ ᠪᠣᠯᠣᠨ᠎ᠠ᠃ ᠪᠠᠰᠨ ᠶᠢᠰᠣ ᠶᠢᠨ | ᠰᠦᠮ᠎ᠡ ᠭᠡᠳᠡᠭ ᠭᠡᠳᠦᠨ ᠵᠠᠩ ᠰᠢᠪᠡᠷ ᠪᠠᠶᠢᠰᠢᠩ ᠪᠠᠶᠢᠵᠠᠢ᠃ | ᠠᠷᠪᠠᠳᠣᠭᠠᠷ ᠰᠣᠮᠣ ᠪᠣᠯ ᠬᠠᠭᠤᠴᠢᠨ ᠦᠭᠡᠯᠡᠳ ᠰᠣᠮᠣ ᠭᠡᠳᠡᠭ᠃ ᠰᠢᠷᠠᠬᠤ ᠲᠤᠰᠢᠶᠠᠯ ᠦᠭᠡᠢ᠃ ᠣᠣᠯ | ᠨᠣᠳᠤᠭ ᠨᠢ ᠣᠳᠦ ᠶᠢᠨ ᠲᠠᠶᠢᠹᠦᠰᠧ ᠬᠤᠰᠢᠭᠤᠨ ᠤ ᠶᠡᠭᠡ ᠲᠡᠮᠡᠭᠡᠳᠦ ᠬᠠᠶᠢᠷᠬᠠᠨ᠂ ᠣᠯᠠᠭᠠᠨ ᠡᠷᠬᠢ᠂ ᠰᠦᠩ | ᠬᠤᠣ ᠢᠩᠽᠢ᠂ ᠲᠤᠰ ᠬᠤᠰᠢᠭᠤᠨ ᠤ ᠶᠠᠩ ᠴᠢᠶᠦ᠋ᠨ ᠲᠠᠩ ᠰᠢᠶᠠᠩ ᠤᠨ ᠢ ᠺᠧ ᠱᠣ᠋ ︵ᠭᠠᠭᠴᠨ ᠮᠣᠳᠦ︶ | ᠵᠡᠷᠭᠡ ᠭᠠᠵᠠᠷ ᠤᠳ ᠪᠣᠯᠣᠨ᠎ᠠ᠃ ᠬᠦᠮᠣᠨ ᠠᠮᠨ ᠶᠢᠨ ᠪᠠᠶᠢᠳᠠᠯ ᠨᠢ ᠮᠥᠨ ᠪᠣᠰᠣᠳ ᠰᠣᠮᠣ ᠲᠠᠢ ᠠᠳᠠᠯᠢ᠂ | ᠬᠠᠮᠤᠭ ᠰᠡᠬᠦᠯᠴᠢ ᠶᠢᠨ ᠵᠠᠩᠬᠢ ᠨᠢ ᠰᠣᠳᠨᠠᠮᠳᠣᠷᠵᠢ᠂ ᠬᠦᠨᠳᠦ ᠨᠢ ᠬᠠᠳᠠᠪᠠᠭᠠᠳᠣᠷ᠂ ᠶᠣᠩᠳᠣᠨ᠂ ᠰᠠᠶᠢᠹᠦᠩᠭᠠ | ᠭᠡᠰᠡᠨ ᠬᠦᠮᠣᠨ ᠪᠠᠶᠢᠯ᠎ᠠ᠂ ᠬᠤᠢ ᠮᠢᠩ ᠱᠧ ᠭᠡᠳᠡᠭ ᠰᠦᠮ᠎ᠡ ᠲᠠᠢ ᠪᠠᠶᠢᠯ᠎ᠠ᠃ | ᠠᠷᠪᠠᠨ ᠨᠢᠭᠡᠳᠦᠭᠡᠷ ᠰᠣᠮᠣ ᠮᠥᠨ ᠬᠠᠭᠤᠴᠢᠨ ᠥᠭᠡᠯᠡᠳ ᠰᠣᠮᠣ ᠭᠡᠳᠡᠭ᠃ ᠣᠣᠯ ᠨᠣᠳᠤᠭ ᠲᠠᠪᠢᠰᠭᠡᠷ | ᠨᠢ ᠣᠳᠦ ᠶᠢᠨ ᠪᠠᠶᠠᠨᠪᠣᠯᠠᠭ ᠶᠢᠨ ᠨᠡᠷᠠᠳᠦ ᠶᠢᠨ ᠠᠷᠣ ᠶᠢᠨ ᠡᠪᠣᠯᠵᠢᠶ᠎ᠠ᠂ ᠬᠢᠷᠠᠰᠣ᠂ ᠰᠢᠩ ᠶᠣᠣ ᠰᠢᠶᠠᠩ ᠤᠨ | ᠬᠠᠰᠢᠶᠠᠳᠦ ᠶᠢᠨ ᠭᠠᠴᠠᠭ᠎ᠠ ᠵᠠᠷᠭᠡ ᠪᠣᠯᠣᠨ᠎ᠠ᠃ ᠬᠦᠮᠣᠨ ᠠᠮᠨ ᠶᠢᠨ ᠪᠠᠶᠢᠳᠠᠯ ᠨᠢ ᠮᠥᠨ ᠲᠡᠭᠡᠷᠡᠬᠢ ᠲᠠᠢ ᠠᠳᠠᠯᠢ᠃ | ᠵᠠᠩᠬᠢ ᠨᠢ ᠽᠰᠦ᠋ᠷᠣᠩ ︵ᠬᠤᠪᠢᠰᠬᠠᠯ ᠳᠤ ᠲᠠᠷᠣᠩᠭᠤᠶᠢᠯᠠᠭᠳᠠᠵᠠᠢ︶᠃ ᠬᠦᠨᠳᠦ ᠨᠢ ᠹᠧᠷᠠᠩᠯᠠᠢ᠂ ᠵᠣᠸᠠᠨᠳᠠ ᠨᠢ | ᠰᠣᠨᠢᠨᠪᠠᠶᠠᠷ ᠭᠡᠰᠡᠨ ᠬᠦᠮᠣᠨ ᠪᠠᠶᠢᠪᠠ᠃ ᠰᠦᠮ᠎ᠡ ᠨᠢ ᠨᠠᠷᠠᠳᠦ ᠶᠢᠨ ᠰᠦᠮ᠎ᠡ ᠭᠡᠵᠣ ᠪᠠᠶᠢᠪᠠ᠃ | ᠠᠷᠪᠠᠨ ᠬᠤᠶᠠᠳᠣᠭᠠᠷ ᠰᠣᠮᠣ ᠶᠢ ᠬᠠᠯᠬ᠎ᠠ ᠰᠣᠮᠣ ᠭᠡᠳᠡᠭ᠂ ᠣᠭ ᠤᠨ ᠨᠣᠳᠤᠭ ᠨᠢ ᠣᠳᠣᠬᠢ | ᠣᠯᠠᠭᠠᠨᠴᠠᠪ ᠰᠣᠮᠣ ᠪᠣᠯᠣᠨ᠎ᠠ᠃ ᠬᠦᠮᠣᠨ ᠠᠮᠨ ᠨᠢ ᠮᠥᠨ ᠲᠡᠭᠡᠷᠡᠬᠢ ᠮᠡᠳᠦ᠂ ᠵᠠᠩᠬᠢ ᠨᠢ ᠲᠡᠯᠭᠡᠷᠵᠢᠶᠡ᠂ ᠬᠦᠨᠳᠦ ᠨᠢ | ᠲᠣᠩᠳᠣᠪ᠂ ᠵᠣᠸᠠᠨᠳᠠ ᠨᠢ ᠰᠠᠶᠢᠹᠣᠩᠭᠠ ᠭᠡᠵᠣ ᠪᠠᠶᠢᠪᠠ᠃ ᠰᠦᠮ᠎ᠠ ᠨᠢ ᠣᠯᠠᠭᠠᠨᠴᠠᠪ ᠤᠨ ᠰᠦᠮ᠎ᠡ ᠪᠣᠯᠣᠨ᠎ᠠ᠃ | ᠠᠷᠪᠠᠨ ᠭᠤᠷᠪᠠᠳᠣᠭᠠᠷ ᠰᠣᠮᠣ ᠶᠢ ᠪᠠᠷᠭᠤ ᠰᠣᠮᠣ ᠭᠡᠳᠡᠭ᠂ ᠣᠣᠯ ᠨᠣᠳᠤᠭ ᠨᠢ ᠬᠦᠪᠡᠭᠡᠳᠦ ᠰᠢᠷ᠎ᠡ | ᠬᠤᠰᠢᠭᠤᠨ ᠤ ᠬᠦᠭᠵᠢᠯᠳᠦ ᠮᠠᠯᠵᠢᠯ ᠤᠨ ᠲᠠᠯᠠᠪᠠᠢ ᠬᠢᠭᠡᠳ ᠣᠯᠠᠭᠠᠨᠴᠠᠪ ᠰᠣᠮᠣ ᠶᠢᠨ ᠰᠠᠶᠢᠨᠪᠣᠯᠠᠭ ᠪᠠᠭ ᠵᠡᠷᠭᠡ | ᠭᠠᠵᠠᠷ ᠪᠣᠯᠣᠨ᠎ᠠ᠃ ᠬᠦᠮᠣᠨ ᠠᠮᠨ ᠨᠢ ᠮᠥᠨ ᠲᠡᠭᠡᠷᠡᠬᠢ ᠲᠠᠢ ᠠᠳᠠᠯᠢ᠃ ᠵᠠᠩᠬᠢ ᠨᠢ ᠰᠣᠳᠨᠠᠮᠳᠠᠷᠵᠨ ᠭᠡᠰᠡᠨ | ᠬᠦᠮᠣᠨ ᠪᠠᠶᠢᠵᠣ᠂ ᠣᠷᠪᠠᠵᠣ ᠶᠠᠪᠣᠭᠠᠳ1964 ᠣᠨ ᠳᠤ ᠰᠠᠶ᠋ᠢ ᠬᠠᠷᠢᠵᠣ ᠢᠷᠡᠵᠠᠢ᠃ ᠬᠦᠨᠳᠦ ᠨᠢ ᠵᠢᠭᠵᠢᠳᠵᠢᠪ | ᠭᠡᠭᠴᠢ ᠬᠦᠮᠣᠨ ᠪᠠᠶᠢᠵᠣ ᠮᠠᠯᠴᠢᠨ ᠠᠷᠠᠳ ᠤᠨ ᠬᠦᠳᠡᠯᠭᠡᠭᠡᠨ ᠳᠤ ᠲᠠᠷᠤᠩᠭᠤᠶᠢᠯᠠᠭᠳᠠᠪᠠ᠃ ᠵᠣᠸᠠᠨᠳᠠ ᠨᠢ | ᠷᠠᠰᠢᠹᠧᠯᠵᠠᠢ ᠭᠡᠵᠣ ᠪᠠᠶᠢᠯ᠎ᠠ᠂ ᠪᠠᠰᠨ ᠬᠦᠩᠵᠣ ᠶᠢᠨ ᠰᠦᠮ᠎ᠡ ᠭᠡᠵᠣ ᠪᠠᠶᠢᠵᠠᠢ᠃ | ᠠᠷᠪᠠᠨ ᠲᠦᠷᠪᠡᠳᠦᠭᠡᠷ ᠰᠣᠮᠣ ᠪᠣᠯ ᠲᠤᠷᠭᠤᠳ ᠥᠭᠡᠯᠡᠳ ᠰᠣᠮᠣ ᠭᠡᠳᠡᠭ᠂ ᠣᠣᠯ ᠤᠨ ᠨᠣᠳᠤᠭ | ᠲᠠᠪᠢᠰᠭᠡᠷ ᠨᠢ ᠣᠳᠦ ᠶᠢᠨ ᠶᠠᠩ ᠴᠢᠶᠦ᠋ᠨ ᠲᠠᠩ ᠰᠢᠶᠠᠩ ᠤᠨ ᠵᠢᠶ᠋ᠨ ᠹᠦ᠋ ᠯᠠᠢ ᠢᠩᠽᠢ ᠭᠠᠴᠠᠭ᠎ᠠ ᠬᠢᠭᠡᠳ ᠪᠥᠬᠦ | ᠰᠢᠩ ᠶᠣᠣ ᠰᠢᠶᠠᠩ ᠤᠨ ᠭᠠᠵᠠᠷ ᠪᠣᠯᠣᠨ᠎ᠠ᠃ ᠬᠦᠮᠣᠨ ᠠᠮᠠᠨ ᠨᠢ ᠮᠥᠨ ᠠᠳᠠᠯᠢ᠂ ᠰᠣᠮᠣᠨ ᠵᠠᠩᠬᠢ ᠨᠢ | ᠡᠩᠭᠡᠳᠡᠯᠭᠡᠷ᠂ ᠬᠦᠨᠳᠦ ᠨᠢ ᠴᠡᠷᠢᠨ᠂ ᠵᠣᠸᠠᠨᠳᠠ ᠨᠢ ᠭᠡᠰᠢᠭᠪᠡᠳᠠᠷᠠᠬᠤ ᠭᠡᠵᠣ ᠪᠠᠶᠢᠵᠠᠢ᠃ ᠪᠠᠰᠨ ᠪᠠᠶᠠᠨᠳᠡᠯᠭᠡᠷ ᠶᠢᠨ | ᠰᠦᠮ᠎ᠡ ᠭᠡᠵᠣ ᠰᠦᠮ᠎ᠡ ᠲᠠᠢ ᠪᠠᠶᠢᠵᠠᠢ᠃ | ᠠᠷᠪᠠᠨ ᠲᠠᠪᠣᠳᠣᠭᠠᠷ ᠰᠣᠮᠣ ᠪᠣᠯ ᠴᠠᠬᠠᠷ ᠰᠣᠮᠣ ᠪᠣᠯᠣᠨ᠎ᠠ᠃ ᠣᠣᠯ ᠤᠨ ᠨᠣᠳᠤᠭ ᠲᠡᠪᠢᠰᠭᠡᠷ ᠨᠢ ᠣᠳᠦ | ᠶᠢᠨ ᠦᠨᠡᠨᠪᠠᠳᠦ ᠰᠣᠮᠣ ᠶᠢᠨ ᠲᠣᠮᠳᠠᠳᠦ ᠶᠢᠨ ᠭᠤᠣᠯ᠂ ᠣᠯᠠᠭᠠᠨ ᠡᠷᠬᠢ᠂ ᠰᠦᠮ᠎ᠡ ᠶᠢᠨ ᠭᠤᠣᠯ ᠵᠡᠷᠭᠡ | ᠪᠣᠯᠣᠨ᠎ᠠ᠃ ᠬᠦᠮᠣᠨ ᠠᠮᠨ ᠶᠢᠨ ᠪᠠᠶᠢᠳᠠᠯ ᠨᠢ ᠮᠥᠨ ᠲᠡᠭᠡᠷᠡᠬᠢ ᠮᠡᠳᠦ᠃ ᠰᠡᠬᠦᠯᠴᠢ ᠶᠢᠨ ᠵᠠᠩᠬᠢ ᠨᠢ ᠪᠠᠳᠣᠨᠠᠰᠣᠨ᠂ | ᠬᠦᠨᠳᠦ ᠨᠢ ᠠᠭᠳᠣᠩᠭᠠ᠂ ᠵᠣᠸᠠᠨᠳᠠ ᠨᠢ ᠪᠢᠯᠢᠬᠦᠨ ᠭᠡᠰᠡᠨ ᠬᠦᠮᠣᠨ ᠪᠠᠶᠢᠪᠠ᠃ ᠪᠠᠰᠨ ᠬᠤᠢ ᠶᠢᠨ ᠲᠦᠩ ᠭᠡᠵᠣ | ᠪᠠᠭ᠎ᠠ ᠰᠦᠮ᠎ᠡ ᠲᠠᠢ ᠪᠠᠶᠢᠵᠠᠢ᠃ | ᠠᠷᠪᠠᠨ ᠵᠢᠷᠭᠤᠳᠣᠭᠠᠷ ᠰᠣᠮᠣ ᠪᠣᠯ ᠴᠠᠬᠠᠷ ᠰᠣᠮᠣ ᠶᠣᠮ᠃ ᠣᠭ ᠨᠣᠳᠤᠭ ᠨᠢ ᠣᠳᠦ ᠶᠢᠨ ᠪᠥᠷᠢᠳᠦ | ᠰᠣᠮᠣ ᠶᠢᠨ ᠣᠯᠠᠭᠠᠨ ᠨᠠᠭᠤᠷ᠂ ᠡᠩᠭᠡᠷ ᠵᠠᠳᠠᠭᠠᠢ᠂ ᠬᠤᠩᠳᠦ ᠶᠢᠨ ᠭᠤᠣᠯ᠂ ᠶᠡᠭᠡ ᠪᠠᠭ᠎ᠠ ᠲᠠᠪᠣᠰᠣᠨ ᠨᠠᠭᠤᠷ ᠵᠡᠷᠭᠡ | ᠪᠣᠯᠣᠨ᠎ᠠ᠃ ᠬᠦᠮᠣᠨ ᠠᠮᠨ ᠨᠢ ᠮᠥᠨ ᠠᠳᠠᠯᠢ᠂ ᠵᠠᠩᠬᠢ ᠨᠢ ᠲᠤᠩᠭᠠᠯᠠᠭ᠂ ᠬᠦᠨᠳᠦ ᠨᠢ ᠦᠬᠢᠨ᠂ ᠵᠣᠸᠠᠨᠳᠠ ᠨᠢ | ᠴᠣᠭᠪᠠᠳᠠᠷᠠᠬᠤ ᠭᠡᠰᠡᠨ ᠬᠦᠮᠣᠨ ᠪᠠᠶᠢᠵᠠᠢ᠃ ᠪᠠᠰᠨ ᠬᠤᠩᠳᠦ ᠶᠢᠨ ᠰᠦᠮ᠎ᠡ ᠭᠡᠵᠣ ᠪᠠᠶᠢᠪᠠ᠃ | ᠠᠷᠪᠠᠨ ᠲᠣᠯᠣᠳᠣᠭᠠᠷ ᠰᠣᠮᠣ ᠶᠢ ᠬᠤᠷᠴᠢᠨ ᠰᠣᠮᠣ ᠭᠡᠳᠡᠭ᠂ ᠣᠣᠯ ᠤᠨ ᠨᠣᠳᠤᠭ ᠲᠡᠪᠢᠰᠭᠡᠷ ᠨᠢ ᠣᠳᠦ | ᠶᠢᠨ ᠪᠠᠶᠠᠨᠪᠣᠯᠠᠭ ᠰᠣᠮᠣ ᠶᠢᠨ ᠵᠡᠬᠦᠨ ᠪᠠᠷᠠᠭᠤᠨ ᠬᠤᠷᠴᠢᠨ ᠣᠪᠣᠭ᠎ᠠ᠂ ᠲᠡᠷᠡᠰᠣᠳᠠᠢ ᠶᠢᠨ ᠭᠤᠣᠯ᠂ ᠠᠭᠤᠯᠨ ᠶᠢᠨ | ᠡᠩᠭᠡᠷ ᠵᠡᠷᠭᠡ ᠭᠠᠵᠠᠷ ᠤᠳ ᠪᠣᠯᠣᠨ᠎ᠠ᠃ ᠬᠦᠮᠣᠨ ᠠᠮᠨ ᠨᠢ ᠮᠥᠨ ᠪᠣᠰᠣᠳ ᠰᠣᠮᠣ ᠲᠠᠢ ᠠᠳᠠᠯᠢ᠂ ᠬᠠᠮᠤᠭ | ᠰᠡᠬᠦᠯᠴᠢ ᠶᠢᠨ ᠰᠣᠮᠣᠨ ᠤ ᠵᠠᠩᠬᠢ ᠨᠢ ᠱᠠᠭᠳᠠᠷᠵᠠᠪ᠂ ᠬᠦᠨᠳᠦ ᠨᠢ ᠠᠷᠪᠢᠨᠭᠡᠰᠢᠭᠡ᠂ ᠵᠣᠸᠠᠨᠳᠠ ᠨᠢ ᠪᠢᠯᠢᠭᠳᠦ ᠭᠡᠰᠡᠨ | ᠬᠦᠮᠣᠨ ᠪᠠᠶᠢᠯ᠎ᠠ᠃ ᠪᠠᠰᠨ ᠠᠷᠪᠠᠨ ᠲᠣᠯᠤᠭ᠎ᠠ ᠰᠦᠮ᠎ᠡ ᠭᠡᠵᠣ ᠭᠡᠳᠦᠨ ᠵᠠᠩ ᠰᠢᠪᠠᠷ ᠪᠠᠶᠢᠰᠢᠩ ᠪᠠᠶᠢᠵᠠᠢ᠃ | ᠠᠷᠪᠠᠨ ᠨᠠᠢᠮᠠᠳᠣᠭᠠᠷ ᠰᠣᠮᠣ ᠶᠢ ᠰᠢᠨ᠎ᠡ ᠥᠭᠡᠯᠡᠳ ᠰᠣᠮᠣ ᠭᠡᠳᠡᠭ᠃ ᠣᠭ ᠨᠣᠳᠤᠭ ᠲᠡᠪᠢᠰᠭᠡᠷ ᠨᠢ | ᠣᠳᠦ ᠶᠢᠨ ᠪᠠᠶᠠᠨᠪᠣᠯᠠᠭ ᠰᠣᠮᠣ ᠶᠢᠨ ᠲᠣᠯᠢ ᠶᠢᠨ ᠪᠣᠯᠠᠭ᠂ ᠬᠢᠩᠭᠠᠨ ᠭᠤᠣᠯ ᠪᠠ ᠲᠠᠣᠯᠠᠢ ᠶᠢᠨ ᠭᠤᠣᠯ ᠣᠷᠴᠢᠮ | ᠪᠠᠶᠢᠵᠠᠢ᠃ ᠲᠤᠰ ᠰᠣᠮᠣᠨ ᠤ ᠬᠦᠮᠣᠨ ᠠᠮᠨ ᠶᠢᠨ ᠲᠤᠭ᠎ᠠ ᠨᠢ ᠪᠣᠰᠣᠳ ᠰᠣᠮᠣ ᠲᠠᠢ ᠠᠳᠠᠯᠢ ᠦᠭᠡᠢ᠂ ᠣᠴᠢᠷ ᠨᠢ | ᠡᠨ᠋ᠨ ᠰᠣᠮᠤ ᠪᠣᠯ ᠬᠠᠭᠠᠰ ᠰᠣᠮᠣ ᠪᠣᠯᠬᠤᠷ ᠪᠠᠶᠢᠷᠢ᠂ ᠬᠤᠶᠠᠭ ᠨᠡᠶᠢᠳᠡ ᠭᠤᠴᠢᠨ ᠲᠠᠪᠣᠨ ᠡᠷ᠎ᠡ ᠶᠢᠨ ᠲᠠᠩᠰᠨ ᠲᠠᠢ | ᠶᠣᠮ᠃ ᠭᠡᠳᠡᠯ᠎ᠡ ᠨᠣᠶᠠᠳ ᠨᠢ ᠮᠥᠨ ᠭᠤᠷᠪᠠᠨ ᠬᠦᠮᠣᠨ ᠪᠠᠶᠢᠳᠠᠭ᠃ ᠬᠠᠮᠤᠭ ᠰᠡᠬᠦᠯᠴᠢ ᠶᠢᠨ ᠵᠠᠩᠬᠢ ᠪᠣᠯ | ᠰᠠᠮᠹᠢᠯᠨᠣᠷᠪᠤ ᠭᠡᠳᠡᠭ᠂ ᠮᠠᠯᠴᠢᠨ ᠠᠷᠠᠳ ᠤᠨ ᠬᠦᠳᠡᠯᠭᠡᠭᠡᠨ ᠳᠤ ᠲᠠᠷᠣᠩᠭᠤᠶᠢᠯᠠᠭᠳᠠᠵᠠᠢ᠃ ᠬᠦᠨᠳᠦ ᠨᠢ | ᠰᠠᠩᠳᠣᠶᠢᠵᠠᠪ᠂ ᠵᠣᠸᠠᠨᠳᠠ ᠶᠢᠨ ᠨᠡᠷ᠎ᠡ ᠨᠢ ᠲᠣᠳᠣᠷᠬᠠᠢ ᠦᠭᠡᠢ᠃ ᠪᠠᠰᠨ ᠲᠠᠣᠯᠠᠢ ᠶᠢᠨ ᠰᠦᠮ᠎ᠡ ᠭᠡᠳᠡᠭ ᠰᠦᠮ᠎ᠡ | ᠲᠠᠢ ᠪᠢᠯᠨ᠃ | ᠡᠬᠦᠨᠴᠨ ᠭᠠᠳᠠᠨ᠎ᠠ ᠰᠣᠮᠣ ᠪᠦᠷᠢ ᠳᠤ ᠵᠢᠷᠭᠤᠭᠠᠨ ᠨᠠᠷ᠎ᠡ ᠪᠣᠱᠤᠭ ᠭᠡᠵᠣ ᠪᠠᠶᠢᠵᠠᠢ᠃ ᠡᠳᠡᠭᠡᠷ ᠬᠦᠮᠣᠰ | ᠪᠣᠯ ᠬᠤᠰᠢᠭᠤ ᠰᠣᠮᠣᠨ ᠤ ᠬᠤᠭᠤᠷᠣᠨᠳᠦ ᠮᠡᠳᠡᠬᠦᠯᠣᠯᠳᠡ ᠪᠠ ᠵᠠᠷ ᠪᠢᠴᠢᠭ ᠲᠡᠮᠵᠢᠭᠤᠯᠳᠠᠭ᠃ ᠲᠡᠷᠨ ᠦᠶ᠎ᠡ ᠶᠢᠨ | ᠰᠣᠮᠣᠨ ᠳᠤ ᠲᠤᠰᠬᠠᠢ ᠠᠯᠪᠠᠨ ᠭᠡᠷ ᠦᠭᠡᠢ᠂ ᠨᠣᠶᠠᠳ ᠨᠢ ᠲᠤᠰ ᠲᠤᠰ ᠤᠨ ᠭᠡᠷ ᠲᠡᠭᠡᠨ ᠰᠠᠭᠤᠳᠠᠭ ᠲᠣᠯᠨ | ᠪᠣᠱᠤᠭ ᠨᠠᠷ ᠨᠢ ᠨᠢᠭᠡ ᠨᠢᠭᠡ ᠰᠠᠷ᠎ᠠ ᠪᠠᠷ ᠡᠭᠡᠯᠵᠢᠯᠡᠵᠤ ᠰᠣᠮᠣᠨ ᠤ ᠨᠣᠶᠠᠳ ᠢᠶᠠᠨ ᠬᠠᠪᠰᠣᠷᠴᠣ᠂ ᠬᠤᠰᠢᠭᠤ᠂ | ᠰᠣᠮᠣᠨ ᠤ ᠬᠤᠭᠤᠷᠣᠨᠳᠦ ᠠᠯᠪᠠ ᠲᠠᠮᠵᠢᠭᠤᠯᠬᠤ ᠶᠢᠨ ᠬᠠᠮᠳᠦ ᠲᠤᠰ ᠰᠣᠮᠣᠨ ᠤ ᠠᠶᠢᠯ ᠡᠷᠤᠭᠡ ᠳᠤ ᠠᠯᠪᠠᠵᠠᠷ | ᠲᠠᠷᠬᠠᠭᠠᠳᠠᠭ ᠬᠦᠮᠣᠰ ᠪᠠᠶᠢᠵᠠᠢ᠃ ᠭᠡᠪᠡᠴᠣ ᠡᠳᠡᠭᠡᠷ ᠬᠦᠮᠣᠰ ᠨᠢ ᠪᠦᠷ ᠲᠤᠰ ᠲᠤᠰ ᠰᠣᠮᠣᠨ ᠤ ᠪᠠᠨ ᠲᠠᠯᠠᠨ ᠡᠷ᠎ᠡ | ᠶᠢᠨ ᠲᠠᠩᠰᠠᠨ ᠳᠤ ᠪᠠᠭᠳᠠᠨ᠎ᠠ᠃ ᠭᠡᠳᠡᠯ᠎ᠡ ᠬᠤᠰᠢᠭᠤ ᠪᠠ ᠰᠣᠮᠣᠨ ᠤ ᠨᠣᠶᠠᠳ ᠪᠣᠯ ᠬᠤᠰᠢᠭᠤᠨ ᠤ ᠨᠢᠭᠡ ᠮᠢᠩᠭ᠎ᠠ | ᠬᠤᠶᠠᠷ ᠵᠠᠭᠤ ᠬᠤᠷᠢᠨ ᠲᠠᠪᠣᠨ ᠡᠷ᠎ᠡ ᠶᠢᠨ ᠲᠤᠭ᠎ᠠ ᠠᠴᠠ ᠭᠠᠳᠠᠨ᠎ᠠ ᠪᠠᠶᠢᠳᠠᠭ᠃ | ᠲᠡᠭᠡᠷᠡᠬᠢ ᠪᠣᠯ ᠪᠥᠬᠦ ᠬᠤᠰᠢᠭᠤ ᠨᠢᠭᠡᠴᠨ ᠪᠠ ᠰᠣᠮᠣ ᠤᠳ ᠤᠨ ᠵᠣᠬᠢᠶᠠᠨ ᠪᠠᠶᠢᠭᠤᠯᠣᠯᠳᠠ ᠶᠢᠨ | ᠬᠡᠯᠪᠡᠷᠢ ᠪᠠᠶᠢᠳᠠᠯ ᠬᠢᠭᠡᠳ ᠨᠣᠳᠤᠭ ᠲᠡᠪᠢᠰᠭᠡᠷ᠂ ᠬᠦᠮᠣᠨ ᠠᠮᠨ ᠶᠢᠨ ᠲᠤᠭ᠎ᠠ ᠪᠠᠷᠢᠮᠵᠢᠶ᠎ᠡ ᠵᠡᠷᠭᠡ ᠲᠦᠬᠦᠮ ᠪᠠᠶᠢᠳᠠᠯ | ᠪᠣᠯᠣᠨ᠎ᠠ᠃ ᠡᠬᠦᠨ ᠤ ᠲᠣᠳᠣᠷ᠎ᠠ ᠪᠠᠰᠨ ᠭᠡᠳᠣᠨ ᠵᠣᠶᠢᠯ ᠤᠨ ᠲᠣᠳᠣᠷᠬᠠᠶᠢᠯᠠᠬᠤ ᠣᠴᠢᠷ ᠭᠡᠪᠡᠯ᠄ ᠬᠤᠰᠢᠭᠤ | ᠨᠢᠭᠡᠴᠨ ᠶᠢᠨ ᠣᠷᠣᠨ ᠲᠤᠭ᠎ᠠ ᠶᠢ ᠬᠢᠵᠠᠭᠠᠷᠯᠠᠵᠤ᠂ ᠰᠣᠮᠣ ᠪᠦᠷᠢ ᠶᠢ ᠲᠠᠯᠠᠨ ᠡᠷ᠎ᠡ ᠶᠢᠨ ᠲᠠᠩᠰᠨ ᠪᠠᠷ | ᠲᠤᠭᠳᠠᠭᠠᠵᠤ᠂ ᠪᠣᠰᠣᠳ ᠬᠦᠮᠣᠨ ᠠᠮᠨ ᠶᠢ ᠰᠣᠯᠨ ᠬᠦᠮᠣᠨ ᠪᠣᠯᠭᠠᠭᠰᠠᠨ ᠣᠴᠢᠷ ᠨᠢ ᠴᠢᠩ ᠣᠯᠣᠰ ᠠᠴᠠ | ᠮᠣᠩᠭᠤᠯᠴᠣᠳ ᠤᠨ ᠲᠠᠬᠢᠨ ᠴᠡᠷᠢᠭ ᠲᠠᠶᠢᠨ ᠤ ᠪᠣᠰᠣᠯᠭ᠎ᠠ ᠬᠢᠬᠦ ᠶᠢ ᠦᠭᠡᠶᠢᠰᠭᠡᠬᠦ ᠶᠢᠨ ᠲᠥᠯᠣᠭᠡ ᠵᠢᠰᠣᠷ | ᠠᠷᠭ᠎ᠠ ᠬᠡᠷᠡᠭᠯᠡᠨ ᠨᠣᠳᠣᠭᠰᠢᠭᠤᠯᠣᠨ ᠰᠠᠭᠤᠯᠭᠠᠵᠣ᠂ ᠠᠳᠠᠯᠢ ᠪᠣᠰᠣ ᠲᠤᠰᠢᠶᠠᠯ ᠵᠡᠷᠭᠡ ᠱᠠᠩᠨᠠᠵᠣ᠂ ᠴᠡᠯᠢᠩ ᠮᠥᠩᠬᠦ | ᠣᠯᠭᠤᠬᠤ ᠲᠥᠷᠢᠮ ᠲᠤᠭᠳᠠᠭᠠᠵᠤ᠂ ᠮᠣᠬᠤᠷ ᠪᠢᠰᠢᠷᠡᠯ ᠢ ᠲᠡᠯᠭᠡᠷᠡᠬᠦᠯᠣᠨ ᠣᠯᠠᠨ ᠲᠤᠭ᠎ᠠ ᠪᠠᠷ ᠰᠦᠮ᠎ᠡ ᠪᠠᠶᠢᠭᠤᠯᠬᠤ | ᠮᠡᠳᠦ ᠶᠢᠨ ᠠᠷᠭ᠎ᠠ ᠨᠢ ᠡᠴᠣᠰ ᠲᠡᠭᠡᠨ ᠮᠣᠩᠭᠤᠯ ᠢ ᠮᠥᠬᠦᠭᠡᠬᠦ ᠭᠡᠰᠡᠨ ᠣᠳᠠᠭᠠᠨ ᠴᠢᠨᠠᠷ ᠲᠠᠢ ᠠᠷᠭ᠎ᠠ ᠪᠠᠶᠢᠵᠠᠢ᠃ | ᠡᠬᠦᠨ ᠠᠴᠠ ᠦᠵᠡᠪᠡᠯ ᠮᠣᠩᠭᠤᠯ ᠬᠦᠮᠣᠨ ᠡᠷᠭᠡ ᠮᠡᠳᠡᠯ ᠡᠵᠡᠮᠰᠢᠬᠦ ᠪᠠ ᠬᠦᠮᠣᠨ ᠠᠮᠨ ᠨᠢ ᠣᠯᠠᠰᠢᠷᠠᠬᠤ ᠠᠴᠠ | ᠭᠡᠳᠣᠢ ᠠᠶᠣᠵᠣ ᠪᠠᠶᠢᠭᠰᠠᠨᠢ ᠪᠥᠬᠦ ᠲᠠᠯ᠎ᠠ ᠪᠠᠷ᠂ ᠲᠣᠶᠢᠯ ᠤᠨ ᠶᠡᠭᠡ ᠪᠠᠷ ᠬᠢᠵᠠᠭᠠᠷᠯᠠᠵᠤ ᠪᠠᠶᠢᠭᠰᠠᠨ ᠢ ᠮᠡᠳᠡᠵᠤ | ᠪᠣᠯᠣᠨ᠎ᠠ᠃ ᠨᠥᠬᠦᠭᠡ ᠲᠠᠯ᠎ᠠ ᠪᠠᠷ ᠲᠡᠳᠡᠨ ᠤ ᠬᠤᠪᠳᠤᠭ ᠲᠦᠰᠢᠮᠡᠳ ᠵᠢᠷᠤᠭ᠎ᠠ ᠨᠣᠬᠠᠢ ᠵᠣᠯᠪᠢᠩᠴᠣᠳ ᠳᠠᠭᠠᠨ | ᠱᠠᠮᠰᠢᠵᠣ ᠵᠠᠯᠬᠢᠬᠤ ᠵᠠᠮ ᠲᠠᠯᠪᠢᠵᠣ ᠪᠠᠶᠢᠭᠰᠠᠨ ᠢ ᠮᠡᠳᠡᠵᠤ ᠪᠣᠯᠣᠨ᠎ᠠ᠃ ᠭᠡᠳᠡᠯ᠎ᠡ ᠲᠡᠷᠨ ᠦᠶ᠎ᠡ ᠭᠡᠯᠡᠵᠤ ᠪᠠᠶᠢᠭᠰᠠᠨ | ᠨᠢ ᠮᠣᠩᠭᠤᠯᠴᠣᠳ ᠪᠣᠯ ᠡᠵᠡᠨ ᠬᠠᠭᠠᠨ ᠤ ᠲᠤᠷᠭᠠᠨ ᠴᠡᠷᠢᠭ ᠶᠣᠮ᠃ ᠠᠯᠢ ᠦᠶ᠎ᠡ ᠳᠤ ᠬᠠᠷᠢ ᠶᠢᠨ ᠲᠠᠶᠢᠰᠣᠨ | ᠲᠣᠪᠳᠣᠯᠵᠤ ᠢᠷᠡᠭᠰᠡᠨ ᠴᠠᠭ ᠲᠤ ᠲᠤᠷᠭᠠᠨ ᠴᠡᠷᠢᠭ ᠢᠶᠠᠨ ᠮᠣᠷᠳᠠᠭᠤᠯᠬᠤ ᠪᠣᠯᠣᠨ᠎ᠠ ᠭᠡᠳᠡᠭ ᠭᠡᠨ᠎ᠡ᠃ ᠡᠨ᠋ᠨ ᠨᠢ | ᠭᠡᠯᠡᠯᠭᠡᠨ ᠦᠭᠡᠢ᠂ ᠭᠡᠷᠪᠡ ᠲᠠᠶᠢᠨ ᠲᠡᠭᠳᠡᠪᠡᠯ ᠮᠣᠩᠭᠤᠯᠴᠣᠳ ᠢ ᠫᠣᠣ ᠶᠢᠨ ᠪᠥᠭᠯᠡᠭᠡᠰᠣ ᠪᠣᠯᠭᠠᠨ᠎ᠠ ᠭᠡᠰᠡᠨ ᠢᠶᠠᠨ | ᠢᠯᠨ ᠪᠠᠷ ᠭᠡᠯᠡᠵᠤ ᠪᠠᠶᠢᠵᠠᠢ᠃ ᠲᠠᠷᠠᠭ᠎ᠠ ᠨᠢ ᠴᠢᠩ ᠣᠯᠣᠰ ᠮᠥᠬᠦᠵᠣ ᠲᠣᠮᠳᠠᠳᠦ ᠢᠷᠭᠡᠨ ᠣᠯᠣᠰ | ᠪᠠᠶᠢᠭᠤᠯᠣᠭᠳᠠᠵᠤ᠂ ᠲᠦᠷᠦ ᠨᠢ ᠬᠤᠪᠢᠷᠠᠭᠰᠠᠨ ᠪᠣᠯᠪᠠᠴᠣ ᠮᠣᠩᠭᠤᠯ ᠢ ᠵᠠᠬᠢᠷᠠᠬᠤ ᠶᠣᠰᠣ ᠲᠥᠷᠢᠮ ᠨᠢ ᠬᠤᠪᠢᠷᠠᠭᠰᠠᠨ | ᠦᠭᠡᠢ ᠶᠣᠮ᠃ ᠮᠣᠩᠭᠤᠯ ᠢ ᠡᠨ᠋ᠨ ᠮᠠᠳᠦ ᠲᠠᠷᠣᠵᠤ ᠵᠠᠬᠢᠷᠬᠤ ᠨᠢ ᠬᠢᠳᠡᠳ ᠤᠨ ᠵᠠᠯᠢᠬᠠᠶᠢᠴᠣᠳ ᠤᠨ ᠦᠵᠡᠯ | ᠰᠠᠨᠠᠭᠠᠨ ᠳᠤᠨᠢ ᠲᠣᠬᠢᠷᠠᠭᠰᠠᠨ ᠶᠣᠮ ᠪᠠᠶᠢᠨ᠎ᠠ᠃ ᠭᠡᠳᠡᠯ᠎ᠡ ᠥᠨᠣᠬᠢ ᠰᠢᠷᠬᠢᠳᠡᠭ ᠦᠭᠡᠢ ᠭᠡᠰᠡᠭ ᠨᠢ ᠨᠢᠭᠡᠮᠣᠰᠣᠨ | ᠰᠢᠷᠬᠢᠭᠰᠡᠨ ᠠᠴᠠ ᠪᠣᠯᠵᠤ ᠯᠠᠮᠨ ᠶᠢᠨ ᠲᠤᠭ᠎ᠠ ᠣᠯᠠᠰᠢᠷᠠᠬᠤ ᠪᠣᠯᠪᠠ᠃ ᠣᠴᠢᠷ ᠨᠢ ᠨᠢᠭᠡ ᠳᠤ ᠴᠠᠯᠢᠩ ᠢᠳᠡᠬᠦ | ᠭᠡᠰᠡᠨ ᠭᠤᠷᠢ ᠨᠢ ᠲᠠᠰᠣᠷᠠᠵᠠᠢ᠃ ᠬᠤᠶᠠᠷ ᠲᠤ ᠯᠠᠮᠨ ᠪᠣᠯᠪᠠᠯ ᠭᠤᠴᠤᠭ ᠴᠡᠷᠢᠭ ᠤᠨ ᠠᠯᠪᠠᠨ ᠠᠴᠠ ᠵᠠᠶᠢᠯᠠᠵᠤ | ᠴᠢᠳᠠᠨ᠎ᠠ᠃ ᠡᠶᠢᠮᠣ ᠣᠴᠢᠷ ᠠᠴᠠ ᠵᠠᠷᠢᠮ ᠨᠢ ᠭᠠᠭᠴᠨ ᠬᠦᠪᠡᠬᠦᠨ ᠢᠶᠠᠨ ᠴᠣ᠋ ᠯᠠᠮᠨ ᠲᠠᠯᠪᠢᠭᠠᠳ ᠰᠣᠪᠣᠷᠭ᠎ᠠ | ᠪᠣᠰᠬᠠᠴᠢᠬᠠᠯᠠ ᠭᠡᠳᠡᠭ ᠪᠢᠯᠨ᠃ ᠡᠨ᠋ᠨ ᠪᠣᠯ ᠮᠣᠬᠤᠷ ᠪᠢᠰᠢᠷᠡᠯ ᠤᠨ ᠬᠤᠣᠷ ᠲᠣᠩ ᠬᠦᠨᠳᠦ ᠪᠣᠯᠵᠠᠢ ᠭᠡᠰᠡᠨ ᠢ | ᠭᠡᠷᠡᠴᠢᠯᠡᠵᠤ ᠪᠠᠶᠢᠨ᠎ᠠ᠃ ᠢᠩᠬᠢᠵᠣ ᠵᠡᠷᠯᠢᠭ ᠠᠵᠢᠷᠭ᠎ᠠ ᠤᠳ ᠭᠠᠵᠠᠷ ᠰᠠᠢ ᠦᠭᠡᠢ ᠲᠡᠪᠬᠢᠯᠳᠣᠵᠤ᠂ ᠶᠠᠮ ᠶᠠᠷ᠎ᠠ | ᠡᠪᠡᠳᠴᠢᠨ ᠶᠡᠭᠡᠪᠡᠷ ᠲᠡᠯᠭᠡᠷᠡᠵᠤ᠂ ᠡᠷ᠎ᠡ ᠦᠭᠡᠢ ᠡᠮ᠎ᠡ᠂ ᠬᠠᠮᠠᠷ ᠦᠭᠡᠢ ᠬᠦᠮᠣᠨ ᠣᠯᠠᠨ ᠪᠣᠯᠵᠤ᠂ ᠭᠡᠣᠭᠡᠳ ᠲᠦᠷᠣᠬᠦ | ᠨᠢ ᠴᠥᠭᠡᠨ ᠪᠣᠯᠪᠠ᠃ ᠡᠬᠦᠨᠴᠨ ᠦᠵᠡᠪᠡᠯ ᠮᠠᠨᠵᠣ ᠶᠢᠨ ᠬᠠᠭᠠᠨ ᠤ ᠲᠦᠷᠣ ᠨᠢ ᠮᠥᠬᠦᠭᠰᠡᠨ ᠪᠣᠯᠪᠠᠴᠣ ᠬᠠᠷᠢᠨ | ᠮᠣᠩᠭᠤᠯ ᠢ ᠮᠥᠬᠦᠭᠡᠬᠦ ᠭᠡᠰᠡᠨ ᠬᠤᠣᠷᠳᠦ ᠪᠣᠳᠣᠯᠭᠠᠨᠢᠦᠢᠯᠡᠳᠦᠯ ᠢᠶᠠᠨ ᠨᠠᠩ ᠶᠡᠭᠡ ᠦᠵᠡᠬᠦᠯᠵᠣ ᠪᠠᠶᠢᠯ᠎ᠠ᠃ | ᠡᠳᠡᠭᠡᠷ ᠨᠢ ᠶᠡᠭᠡ ᠬᠢᠳᠠᠳᠴᠢᠯᠠᠬᠤ ᠦᠵᠡᠯᠳᠡᠨ ᠨᠠᠷ ᠲᠤ ᠲᠣᠩ ᠪᠠᠭ᠋ᠠᠳᠠᠢ ᠬᠠᠷᠠᠭᠳᠠᠵᠤ ᠪᠠᠶᠢᠭᠰᠠᠨ ᠠᠴᠠ ᠮᠣᠩᠭᠤᠯ | ᠢ ᠲᠠᠷᠣᠵᠤ ᠵᠠᠬᠢᠷᠬᠤ ᠲᠥᠷᠢᠮ ᠨᠢ ᠶᠡᠷᠤ ᠬᠤᠪᠢᠷᠠᠠᠭᠰᠠᠨ ᠦᠭᠡᠢ ᠪᠢᠯᠨ᠃ ᠡᠨ᠋ᠨ ᠦᠶ᠎ᠡ ᠳᠤ ᠰᠠᠶ᠋ᠢ ᠵᠠᠷᠢᠮ ᠬᠦᠮᠣᠰ | ᠠᠴᠠ ᠥᠨᠣᠬᠢ ᠰᠢᠷᠠᠬᠤ ᠲᠤᠰᠢᠶᠠᠯᠳᠡᠨ ᠨᠠᠷ ᠢ ᠲᠣᠮᠣᠭᠯᠠᠵᠤ ︽ᠠᠳᠡ ᠴᠢᠨᠢ ᠣᠯᠣᠭᠠᠢ᠂ ᠲᠣᠯᠣᠭᠠᠢ ᠬᠤᠶᠠᠷ | ᠲᠠᠢ ᠯᠨ ᠪᠠᠶᠢᠪᠠᠯ ᠬᠡᠵᠢᠶ᠎ᠡ ᠴᠣ᠋ ᠵᠡᠬᠦᠬᠦ ᠵᠢᠩᠰᠨ ᠲᠠᠢ ᠶᠣᠮ︾ ᠭᠡᠵᠤ ᠭᠡᠯᠡᠭᠰᠡᠨ ᠪᠢᠯᠨ᠃ | ᠪᠠᠰᠨ ᠨᠢᠭᠡ ᠪᠠᠭ᠎ᠠ ᠲᠣᠮᠤᠭ ᠦᠯᠢᠭᠡᠷ ᠪᠠᠶᠢᠭᠰᠠᠨ ᠶᠣᠮ᠃ ᠡᠨ᠋ᠨ ᠨᠢ ᠨᠢᠭᠡ ᠰᠦᠮ᠎ᠡ ᠶᠢᠨ ᠲᠡᠷᠢᠬᠦᠨ | ᠯᠠᠮᠠ ︵ᠳ᠋ᠡ ᠯᠠᠮᠨ︶ ᠶᠢᠨ ᠣᠷᠣ ᠰᠢᠯᠭᠠᠭᠤᠯᠬᠤ ᠪᠠᠷ ᠮᠣᠵᠢ ᠶᠢᠨ ᠶᠠᠮᠣᠨ ᠳᠤ ᠣᠴᠢᠵᠣ ᠭᠡᠨ᠎ᠡ᠃ ᠲᠡᠷᠨ ᠦᠶ᠎ᠡ | ᠨᠢᠭᠡᠨ ᠣᠷᠣ ᠰᠢᠯᠭᠠᠭᠤᠯᠬᠤ ᠭᠡᠪᠡᠯ᠄ ᠡᠷᠭᠡᠪᠰᠢ ᠴᠣᠬᠤᠬᠤ᠂ ᠠᠳᠠᠬᠤ᠂ ᠲᠠᠭᠠᠬᠤ ᠭᠡᠵᠣ ᠭᠤᠷᠪᠠᠨ ᠬᠦᠮᠣᠨ ᠶᠠᠪᠣᠳᠠᠭ | ᠪᠠᠶᠢᠵᠠᠢ᠃ ᠡᠬᠦᠨ ᠳᠤ ᠭᠤᠣᠯᠳᠠᠭᠤ ᠴᠣᠬᠤᠬᠤ ᠬᠦᠮᠣᠨ ᠢᠶᠠᠷ ᠨᠢ ᠲᠠᠯᠪᠢᠳᠠᠭ ᠶᠣᠮ ᠪᠠᠶᠢᠨ᠎ᠠ᠃ ᠭᠡᠷᠪᠡ ᠴᠣᠬᠤᠬᠤ | ᠬᠦᠮᠣᠨ ᠨᠢ ᠲᠣᠩ ᠨᠥᠬᠦᠴᠡᠯ ᠦᠭᠡᠢ ᠪᠣᠯ ᠠᠳᠠᠬᠤ ᠬᠦᠮᠣᠨ ᠢᠶᠠᠷ ᠨᠢ ᠲᠠᠯᠪᠢᠳᠠᠭ ᠪᠠᠶᠢᠵᠠᠢ᠃ ᠰᠣᠮᠣᠨ ᠤ | ᠨᠣᠶᠠᠳ ᠤᠨ ᠣᠷᠣ ᠶᠢ ᠮᠥᠨ ᠠᠳᠠᠯᠢ ᠭᠤᠷᠪᠠᠨ ᠬᠦᠮᠣᠨ ᠶᠠᠪᠣᠳᠠᠭ ᠶᠣᠮ᠂ ᠭᠡᠳᠡᠯ᠎ᠡ ᠲᠡᠷᠨ ᠣᠳᠠᠭ᠎ᠠ ᠶᠢᠨ | ᠶᠠᠪᠣᠭᠰᠠᠨ ᠬᠦᠮᠣᠨ ᠴᠣᠬᠤᠬᠤ᠂ ᠠᠳᠠᠭᠰᠠᠨ ᠬᠤᠶᠠᠷ ᠬᠦᠮᠣᠨ ᠨᠢ ᠬᠤᠪᠳᠤᠭ ᠨᠣᠶᠠᠳ ᠳᠠᠭᠠᠨ ᠵᠠᠯᠬᠢᠭᠤᠯᠬᠤ | ᠴᠢᠮᠣᠭᠡ ᠦᠭᠡᠢ ᠪᠠᠶᠢᠵᠠᠢ᠃ ᠬᠠᠷᠢᠨ ᠲᠠᠭᠠᠭᠰᠠᠨ ᠬᠦᠮᠣᠨ ᠨᠢ ᠨᠡᠯᠢᠶᠡᠳ ᠴᠢᠮᠣᠭᠡ ᠲᠠᠢ ᠪᠣᠯᠬᠤᠷ ᠦᠵᠡᠵᠤ ᠰᠢᠯᠭᠠᠬᠤ | ᠨᠣᠶᠠᠨ ᠨᠢ ᠲᠠᠭᠠᠭᠰᠠᠨ ᠬᠦᠮᠣᠨ ᠢᠶᠠᠷ ᠨᠢ ᠲᠠᠯᠪᠢᠬᠤ ᠰᠠᠨᠠᠭ᠎ᠠ ᠰᠢᠭᠤᠳᠣᠭᠠᠳ ᠲᠡᠷᠨ ᠭᠤᠷᠪᠠᠨ ᠬᠦᠮᠣᠨ ᠢ | ᠲᠠᠭᠤᠳᠠᠨ ᠠᠪᠴᠢᠷᠠᠵᠤ ᠦᠵᠡᠭᠡᠳ ᠴᠣᠬᠤᠭᠳᠠᠭᠰᠠᠨ ᠬᠦᠮᠣᠨ ᠤ ᠨᠥᠬᠦᠴᠡᠯ ᠨᠢ ᠮᠠᠭᠤ ᠪᠠᠶᠢᠨ᠎ᠠ ᠭᠡᠵᠤ ᠭᠡᠯᠡᠬᠦ ᠲᠠᠢ | ᠵᠡᠷᠭᠡ ᠠᠳᠠᠵᠤ ᠡᠴᠢᠭᠰᠡᠨ ᠬᠦᠮᠣᠨᠨᠢ ᠮᠣᠩᠭᠤᠯ ᠦᠭᠡ ᠪᠠᠷ ᠢᠶᠠᠨ᠂ ᠴᠣᠬᠤᠵᠤ ᠢᠷᠡᠭᠰᠡᠨ ᠶᠣᠷᠳᠡᠨ ᠡᠰᠨ ᠪᠣᠯᠪᠠᠯ᠂ | ᠠᠳᠠᠵᠤ ᠢᠷᠡᠭᠰᠡᠨ ᠠᠭᠸᠠᠩ ᠪᠢ ᠪᠠᠶᠢᠨ᠎ᠠ ᠭᠡᠵᠤ ᠭᠡᠯᠡᠭᠡᠳ ᠡᠪᠣᠷ ᠠᠴᠠ ᠪᠠᠨ ᠵᠢᠩᠰᠨ ᠭᠠᠷᠭᠠᠵᠣ ᠮᠠᠯᠠᠭ᠎ᠠ ᠳᠠᠭᠠᠨ | ᠬᠠᠳᠠᠵᠤ ᠵᠡᠬᠦᠴᠢᠭᠡᠳ ᠪᠠᠰᠨ ᠬᠠᠳᠠᠭ ᠭᠠᠷᠭᠠᠵᠣ ᠰᠢᠷᠡᠭᠡᠨ ᠲᠡᠭᠡᠷ᠎ᠡ ᠲᠠᠯᠪᠢᠵᠣ ᠭᠡᠰᠢᠭ ᠲᠤ ᠮᠥᠷᠬᠦᠯᠡ ᠭᠡᠵᠤ | ᠭᠡᠯᠡᠭᠡᠳ ᠭᠠᠷᠴᠣ ᠶᠠᠪᠣᠭᠰᠠᠨ ᠳᠤ ᠨᠥᠬᠦᠭᠡ ᠬᠤᠶᠠᠷ ᠨᠢ ᠪᠠᠰᠨ ᠲᠠᠭᠠᠭᠠᠳ ᠭᠠᠷᠴᠢᠬᠠᠵᠠᠢ᠃ ᠡᠶᠢᠮᠣ ᠠᠴᠠ ᠲᠡᠷᠨ | ᠨᠣᠶᠠᠨ ᠶᠠᠮᠠᠷᠴᠣ ᠣᠴᠢᠷ ᠣᠬᠠᠭᠠᠨ ᠢ ᠮᠡᠳᠡᠭᠰᠡᠨ ᠦᠭᠡᠢ ᠵᠠᠯᠬᠢᠬᠤ ᠭᠡᠰᠡᠨ ᠴᠢᠮᠣᠭᠡ ᠪᠠᠨ ᠵᠠᠯᠬᠢᠵᠣ ᠴᠢᠳᠠᠭᠰᠠᠨ | ᠦᠭᠡᠢ ᠭᠡᠨ᠎ᠡ᠃ ᠡᠬᠦᠨ ᠢ ᠠᠷᠠᠳ ᠠᠴᠠ᠄ ᠠᠮᠨ ᠶᠡᠭᠡ ᠲᠠᠢ ᠨᠢ ᠠᠩᠭᠠᠶᠢᠵᠣ ᠪᠠᠶᠢᠳᠠᠯ᠎ᠠ᠂ ᠠᠷᠭ᠎ᠠ ᠶᠡᠭᠡᠳᠡᠢ ᠨᠢ | ᠪᠣᠯᠢᠶᠠᠴᠢᠬᠠᠪᠠ ᠭᠡᠵᠣ ᠭᠡᠨ᠎ᠡ᠃ | ᠲᠤᠰ ᠬᠤᠰᠢᠭᠤᠨ ᠳᠤ ᠬᠤᠰᠢᠭᠤ ᠪᠠ ᠰᠣᠮᠣᠨ ᠤ ᠰᠦᠮ᠎ᠡ ᠨᠡᠶᠢᠳᠡ ᠶᠡᠭᠡ ᠪᠠᠭ᠎ᠠ ᠬᠤᠷᠢᠨ ᠨᠢᠭᠡᠨ | ᠰᠦᠮ᠎ᠡ ᠪᠠᠶᠢᠭᠰᠠᠨ ᠶᠣᠮ᠃ ᠡᠨ᠋ᠨ ᠨᠢ ᠴᠣ᠋ ᠮᠣᠩᠭᠤᠯ ᠢ ᠲᠣᠷᠣᠶᠢᠳᠠᠭᠤᠯᠵᠤ ᠪᠠᠶᠢᠭᠰᠠᠨ ᠤ ᠲᠣᠪᠣᠶᠢᠭᠰᠠᠨ ᠢᠯᠡᠷᠡᠯ | ᠪᠣᠯᠬᠤ ᠶᠣᠮ᠃ ᠬᠠᠨ᠎ᠠ ᠬᠠᠳᠠ ᠶᠢᠨ ᠰᠦᠮ᠎ᠡ ᠪᠣᠯ ᠬᠤᠰᠢᠭᠤᠨ ᠰᠦᠮ᠎ᠡ ᠪᠣᠯᠬᠤᠷ ᠲᠤᠰ ᠰᠦᠮ᠎ᠡ ᠳᠤ ᠢᠷᠡᠵᠤ | ᠬᠤᠷᠠᠯ ᠨᠣᠮ ᠣᠩᠰᠢᠵᠣ ᠪᠠᠶᠢᠭᠰᠠᠨ ᠨᠢ ᠬᠤᠶᠠᠳᠣᠭᠠᠷ ᠰᠣᠮᠣ᠂ ᠲᠦᠷᠪᠡᠳᠦᠭᠡᠷ ᠰᠣᠮᠤ᠂ ᠶᠢᠰᠣᠳᠦᠭᠡᠷ ᠰᠤᠮᠣ᠂ | ᠠᠷᠪᠠᠨ ᠲᠠᠪᠣᠳᠣᠭᠠᠷ ᠰᠣᠮᠤ᠂ ᠠᠷᠪᠠᠨ ᠲᠣᠯᠣᠳᠣᠭᠠᠷ ᠰᠣᠮᠤ᠂ ᠠᠷᠪᠠᠨ ᠨᠠᠢᠮᠠᠳᠣᠭᠠᠷ ᠰᠣᠮᠤ ᠵᠡᠷᠭᠡ ᠪᠣᠯᠣᠨ᠎ᠠ᠃ ᠭᠡᠬᠦ | ᠳᠡᠭᠡᠨ ᠬᠤᠰᠢᠭᠤ ᠰᠦᠮ᠎ᠡ ᠶᠢᠨ ᠭᠡᠷᠭᠡᠮᠳᠡᠨ ᠯᠠᠮᠨ ᠨᠠᠷ ᠢ ᠲᠣᠮᠢᠯᠠᠵᠤ ᠲᠠᠯᠪᠢᠬᠤ ᠳᠠᠭᠠᠨ ᠮᠥᠨ ᠡᠳᠡᠭᠡᠷ ᠰᠣᠮᠣᠨ | ᠤ ᠯᠠᠮᠨ ᠨᠠᠷ ᠤᠨ ᠲᠣᠳᠣᠷ᠎ᠠ ᠠᠴᠠ ᠠᠪᠴᠣ ᠲᠣᠮᠢᠯᠠᠳᠠᠭ ᠪᠠᠶᠢᠭᠰᠠᠨ ᠶᠣᠮ᠃ ᠡᠶᠢᠮᠣ ᠳᠤ ᠰᠡᠬᠦᠯᠴᠢ ᠶᠢᠨ ᠦᠶ᠎ᠡ | ᠶᠢᠨ ᠲᠡᠷᠢᠬᠦᠨ ᠯᠠᠮᠨ ︵ᠳ᠋ᠡ ᠯᠠᠮᠨ︶ ᠨᠢ ᠠᠷᠪᠠᠨ ᠨᠠᠢᠮᠠᠳᠣᠭᠠᠷ ᠰᠣᠮᠣᠨ ᠤ ᠪᠠᠳᠮᠠᠨᠢᠩᠪᠤ᠂ ᠲᠡᠮᠡᠴᠢ ᠨᠢ | ᠲᠦᠷᠪᠡᠳᠦᠭᠡᠷ ᠰᠣᠮᠣᠨ ᠤ ᠴᠣᠶᠢᠷᠤᠪ᠂ ᠭᠡᠪᠬᠦᠢ ᠨᠢ ᠠᠷᠪᠠᠨ ᠲᠠᠪᠣᠳᠣᠭᠠᠷ ᠰᠣᠮᠣᠨ ᠤ ᠹᠧᠷᠠᠩᠯᠠᠢ ᠨᠠᠷ ᠪᠠᠶᠢᠵᠠᠢ᠃ | ᠲᠡᠭᠡᠷᠡᠬᠢ ᠣᠯᠠᠨ ᠰᠦᠮ᠎ᠡ ᠤᠳ ᠤᠨ ᠨᠡᠷ᠎ᠡ ᠶᠢ ᠪᠦᠷ ᠲᠤᠰ ᠲᠤᠰ ᠪᠠᠶᠢᠭᠰᠠᠨ ᠭᠠᠵᠠᠷ ᠤᠨ ᠨᠠᠷ᠎ᠡ ᠪᠠᠷ | ᠪᠢᠴᠢᠵᠠᠢ᠃ ᠴᠣᠬᠤᠮ ᠳᠠᠭᠠᠨ ᠪᠣᠯ ᠬᠠᠭᠠᠨ ᠤ ᠰᠠᠶᠢᠳ ᠤᠨ ᠶᠠᠮᠣᠨ ᠠᠴᠠ ᠰᠦᠮ᠎ᠡ ᠪᠠᠶᠢᠭᠤᠯᠣᠭᠰᠠᠨ ᠢ ᠨᠢ | ᠵᠦᠪᠰᠢᠶᠡᠷᠡᠵᠤ᠂ ᠶᠠᠮᠠᠷ ᠶᠠᠮᠠᠷ ᠰᠦᠮ᠎ᠡ ᠭᠡᠵᠤ ᠨᠡᠷ᠎ᠡ ᠥᠭᠬᠦᠭᠰᠡᠨ ᠪᠢᠴᠢᠭ ᠲᠡᠮᠳᠡᠭ ᠲᠠᠢ ᠪᠠᠶᠢᠵᠣ ᠭᠡᠨ᠎ᠡ᠃ | ᠵᠢᠱᠢᠶᠡᠯᠡᠪᠡᠯ᠄ ᠱᠠᠰᠢᠨ ᠢ ᠪᠠᠳᠠᠷᠠᠭᠤᠯᠣᠭᠴᠢ ᠰᠦᠮ᠎ᠡ ᠁ ᠁ ᠮᠥᠩᠭᠡ ᠠᠮᠣᠭᠤᠯᠠᠩ ᠰᠦᠮ᠎ᠡ | ᠭᠡᠬᠦ ᠮᠡᠳᠦ᠂ ᠡᠬᠦᠨ ᠢ ᠲᠦᠷᠪᠡᠯᠵᠢᠨ ᠭᠡᠯᠪᠡᠷᠢᠳᠠᠢ ᠮᠣᠳᠣᠨ ᠫᠠᠶᠢᠰᠠᠨᠳᠣ ᠪᠢᠴᠢᠭᠡᠳ ᠰᠦᠮ᠎ᠡ ᠶᠢᠨ ᠡᠬᠦᠳᠡᠨ | ᠲᠡᠭᠡᠷ᠎ᠡ ᠪᠠᠨ ᠡᠯᠬᠦᠭᠰᠡᠨ ᠪᠠᠶᠢᠳᠠᠭ ᠶᠣᠮ᠃ ᠡᠶᠢᠮᠣ ᠰᠦᠮ᠎ᠡ ᠪᠣᠯ ᠶᠡᠭᠡ ᠰᠦᠮ᠎ᠡ᠂ ᠦᠭᠡᠢ ᠪᠣᠯ ᠨᠡᠷ᠎ᠡ ᠦᠭᠡᠢ ᠪᠠᠭ᠎ᠠ | ᠰᠦᠮ᠎ᠡ ᠭᠡᠳᠡᠭ ᠪᠢᠯᠨ᠃ ᠬᠤᠵᠢᠮ ᠨᠢ ᠠᠭᠠᠵᠢᠮ ᠢᠶᠠᠷ ᠦᠵᠡᠯᠳᠡ ᠲᠠᠨᠢᠯᠳᠡ ᠨᠢ ᠲᠡᠭᠡᠭᠰᠢᠯᠡᠭᠰᠡᠨ ᠵᠠᠷᠢᠮ ᠠᠷᠠᠳ | ᠠᠴᠠ ᠥᠨᠣᠬᠢ ᠪᠣᠰᠬᠠᠭᠰᠠᠨ ᠰᠣᠪᠣᠷᠭ᠎ᠠ ᠭᠡᠳᠡᠭ ᠯᠠᠮᠨ ᠨᠢ ᠠᠵᠢᠯ ᠬᠦᠳᠡᠯᠮᠣᠷᠢ ᠬᠢᠳᠡᠭ ᠦᠭᠡᠢ ᠪᠣᠯᠬᠤᠷ ᠨᠢ᠄ | ︽ᠲᠡᠷᠨ ᠴᠢᠨᠢ ᠴᠥᠮ ᠪᠡᠯᠡᠨ ᠪᠣᠳᠠᠭ᠎ᠠ ᠢᠳᠡᠵᠤ ᠦᠬᠦᠭᠰᠡᠨ ᠲᠡᠮᠡᠭᠡ ᠬᠠᠷᠢᠭᠤᠯᠳᠠᠭ ᠬᠦᠮᠣᠰ ᠰᠢᠣ ︾ᠭᠡᠵᠣ ᠭᠡᠯᠡᠬᠦ | ᠪᠣᠯᠵᠠᠢ᠃ | ᠣᠳᠦ ᠬᠠᠭᠤᠴᠢᠨ ᠹᠸᠣᠳᠠᠯ ᠤᠨ ᠨᠡᠶᠢᠭᠡᠮ ᠳᠤ ᠬᠤᠰᠢᠭᠤᠨ ᠶᠠᠮᠣᠨ ᠤ ᠠᠯᠪᠠ᠂ ᠠᠵᠢᠯ ᠬᠢᠵᠣ | ᠢᠷᠡᠭᠰᠡᠨ ᠪᠠᠶᠢᠳᠠᠯ ᠠᠴᠠ ᠭᠡᠯᠡᠳᠡᠭ ᠪᠣᠯ ᠬᠤᠰᠢᠭᠤᠨ ᠤ ᠠᠮᠪᠠᠨ᠂ ᠵᠠᠯᠠᠨ ᠬᠢᠭᠡᠳ ᠰᠣᠮᠣᠨ ᠤ ᠨᠣᠶᠠᠳ ᠨᠢ ᠪᠦᠷ | ᠣᠷᠳᠦ ᠬᠤᠭᠤᠴᠠᠭ᠎ᠠ ᠪᠠᠷ ᠲᠤᠰ ᠲᠤᠰ ᠡᠷᠤᠭᠡ ᠭᠡᠷ ᠲᠡᠭᠡᠨ ᠰᠠᠭᠤᠳᠠᠭ ᠶᠣᠮ᠂ ᠢᠩᠬᠢᠪᠡᠯ ᠬᠤᠰᠢᠭᠤ ᠶᠠᠮᠣᠨ ᠤ | ᠡᠳᠦᠷ ᠲᠣᠳᠣᠮ ᠤᠨ ᠠᠯᠪᠠ᠂ ᠠᠵᠢᠯ ᠢ ᠬᠢᠵᠣ ᠪᠠᠶᠢᠭᠰᠠᠨ ᠨᠢ ᠪᠦᠷ ᠣᠯᠠᠨ ᠰᠣᠮᠣᠨ ᠤ ᠨᠣᠶᠠᠳ ᠨᠠᠷ ᠠᠴᠠ | ᠰᠠᠷ᠎ᠠ ᠪᠦᠷᠢ ᠵᠢᠷᠭᠤᠭᠠᠨ ᠬᠦᠮᠣᠨ ᠢᠳᠡᠯᠭᠡ ᠬᠦᠨᠡᠰᠣ ᠪᠠᠨ ᠭᠠᠨᠵᠣᠭᠠᠯᠠᠨ ᠢᠷᠡᠵᠤ ᠨᠢᠭᠡ ᠨᠢᠭᠡ ᠰᠠᠷ᠎ᠠ ᠶᠢᠨ ᠡᠭᠡᠯᠵᠢ | ᠪᠠᠷ ᠠᠯᠪᠠ ᠬᠢᠵᠣ ᠪᠠᠶᠢᠵᠠᠢ᠃ ᠡᠳᠡᠨ ᠤ ᠲᠣᠳᠣᠷ᠎ᠠ ᠨᠢ ᠰᠣᠮᠣᠨ ᠤ ᠪᠢᠴᠢᠭᠡᠴᠢ ᠬᠢᠳᠡᠭ ᠨᠢ ᠰᠣᠮᠣ ᠤᠳ | ᠲᠣᠳᠣᠷ᠎ᠠ ᠨᠡᠯᠢᠶᠡᠳ ᠰᠣᠶᠣᠯ ᠪᠢᠴᠢᠭ ᠲᠠᠢ ᠬᠦᠮᠣᠨ ᠢᠶᠠᠷ ᠪᠢᠴᠢᠭᠡᠴᠢ ᠲᠠᠯᠪᠢᠳᠠᠭ ᠪᠠᠶᠢᠵᠠᠢ᠃ ᠢᠩᠬᠢᠭᠡᠳ ᠭᠡᠷᠪᠡ | ᠰᠣᠮᠣᠨ ᠤ ᠬᠦᠨᠳᠦ ᠵᠣᠸᠠᠨᠳᠡ ᠨᠠᠷ ᠠᠴᠠ ᠦᠬᠦᠵᠣ ᠣᠷᠤ ᠭᠠᠷᠪᠠᠯ ᠡᠳᠡᠭᠡᠷ ᠪᠢᠴᠢᠭᠡᠴᠢ ᠨᠠᠷ ᠠᠴᠠ ᠰᠣᠯᠢᠵᠤ | ᠰᠢᠯᠭᠠᠭᠤᠯᠳᠠᠭ ᠶᠣᠮ᠃ ᠭᠡᠬᠦ ᠳᠡᠭᠡᠨ ᠮᠥᠨ ᠰᠣᠮᠣᠨ ᠤ ᠨᠣᠶᠠᠳ ᠲᠠᠢ ᠠᠳᠠᠯᠢ ᠪᠠᠷ ᠵᠢᠰᠢᠶ᠎ᠠ ᠡᠭᠡᠯᠵᠢ ᠶᠢᠨ | ᠵᠢᠷᠭᠤᠭᠠᠨ ᠬᠦᠮᠣᠨ ᠤ ᠲᠤᠭᠠᠨ ᠪᠠᠷ ᠣᠷᠤᠯᠴᠠᠭᠤᠯᠵᠤ ᠠᠯᠪᠠ ᠬᠢᠳᠡᠭ ᠪᠠᠶᠢᠯ᠎ᠠ᠃ ᠢᠩᠬᠢᠭᠡᠳ ᠲᠤᠰ ᠰᠠᠷ᠎ᠠ ᠶᠢᠨ | ᠲᠣᠳᠣᠷ᠎ᠠ ᠲᠡᠭᠡᠷ᠎ᠡ ᠠᠴᠠ ᠢᠷᠡᠭᠰᠡᠨ ᠪᠢᠴᠢᠭ ᠬᠠᠷ᠎ᠠ ᠬᠢᠭᠡᠳ ᠬᠤᠰᠢᠭᠤᠨ ᠠᠴᠠ ᠲᠡᠭᠡᠭᠰᠢ ᠮᠡᠳᠡᠬᠦᠯᠪᠠᠯ ᠵᠣᠬᠢᠬᠤ | ᠵᠣᠶᠢᠯ ᠪᠠ ᠰᠣᠮᠣᠨ ᠠᠴᠠ ᠮᠡᠳᠡᠬᠦᠯᠣᠨ ᠢᠷᠡᠭᠰᠡᠨ ᠪᠣᠶᠣ ᠰᠣᠮᠣ ᠤᠳ ᠲᠤ ᠶᠠᠪᠣᠭᠤᠯᠣᠭᠰᠠᠨ ᠪᠢᠴᠢᠭ ᠵᠠᠷ ᠶᠢᠨ | ᠵᠤᠶᠢᠯ ᠤᠳ ᠢ ᠲᠤᠰ ᠲᠤᠰ ᠭᠤᠣ ᠫᠢᠼᠢ ︵稿皮子︶ ᠳᠤ ᠬᠠᠪᠴᠢᠭᠤᠯᠣᠨ ᠠᠮᠪᠠᠰ ᠲᠠᠭᠠᠨ ᠦᠵᠡᠬᠦᠯᠵᠣ | ᠦᠰᠦᠭ ᠵᠢᠷᠤᠭᠤᠯᠬᠤ ᠶᠢᠨ ᠬᠠᠮᠳᠦ ᠪᠥᠬᠦ ᠪᠠᠶᠢᠳᠠᠯ ᠢᠶᠠᠨ ᠬᠠᠷᠢᠭᠤ ᠮᠡᠳᠡᠬᠦᠯᠵᠣ᠂ ᠵᠢᠭᠠᠪᠣᠷᠢ ᠲᠤᠰᠢᠶᠠᠯ ᠢ ᠨᠢ | ᠰᠣᠨᠣᠰᠴᠣ ᠢᠷᠡᠭᠡᠳ ᠦᠰᠦᠭ ᠵᠢᠷᠤᠭᠤᠯᠣᠭᠰᠠᠨ ᠵᠣᠶᠢᠯ ᠤᠳ ᠢᠶᠠᠨ ᠲᠡᠷᠨ ᠶᠣᠰᠣᠭᠠᠷ ᠬᠠᠳᠠᠭᠠᠯᠠᠬᠤ ᠠᠴᠠ | ᠭᠠᠳᠠᠨ᠎ᠠ ᠴᠥᠮ ᠢ ᠮᠣᠳᠣᠣ ᠴᠠᠭᠠᠰᠣᠨ ᠲᠡᠭᠡᠷ᠎ᠡ ᠦᠰᠣᠨ ᠪᠢᠷ ᠢᠶᠠᠷ ᠬᠠᠭᠤᠯᠠᠨ ᠪᠢᠴᠢᠬᠦ ᠳᠡᠭᠡᠨ ᠬᠤᠰᠢᠭᠤᠨ ᠤ | ᠲᠣᠳᠣᠷᠠᠬᠢ ᠵᠣᠶᠢᠯ ᠢ ᠨᠢ ᠨᠢᠭᠡ ᠲᠣᠬᠤᠢ ᠶᠢᠨ ᠬᠡᠮᠵᠢᠶ᠎ᠡ ᠲᠠᠢ ᠴᠠᠭᠠᠰᠣᠨ ᠲᠡᠭᠡᠷ᠎ᠡ ᠪᠢᠴᠢᠵᠣ ᠪᠥᠰ ᠢᠶᠠᠷ | ᠴᠡᠷᠪᠠᠭᠯᠠᠨ ᠭᠠᠷᠳ᠋ᠯᠠᠵᠤ ᠠᠯᠢ ᠠᠯᠢ ᠣᠨ ᠰᠠᠷ᠎ᠠ ᠶᠢᠨ ᠲᠡᠪᠳᠡᠷ ᠭᠡᠵᠤ ᠪᠥᠳᠦᠬᠦᠨ ᠬᠠᠷ᠎ᠠ ᠦᠰᠦᠭ ᠪᠢᠴᠢᠭᠡᠳ ᠶᠡᠭᠡ | ᠵᠠᠯᠠᠨ ᠤᠨ ᠭᠡᠷ ᠲᠤ ᠣᠴᠢᠵᠣ ᠲᠡᠬᠦᠨ ᠢ ᠬᠠᠳᠠᠯᠠᠨ ᠲᠠᠮᠠᠭ᠎ᠠ ᠢᠶᠠᠷ ᠬᠠᠮᠠᠷ ᠬᠤᠯᠪᠣᠨ ᠲᠠᠮᠠᠭᠠᠯᠠᠵᠤ᠂ ᠲᠠᠷᠠᠭ᠎ᠠ | ᠰᠠᠷ᠎ᠠ ᠶᠢᠨ ᠵᠢᠰᠢᠶᠠᠨ ᠤ ᠬᠦᠮᠣᠰ ᠲᠡᠭᠡᠨ ᠲᠤᠰᠢᠶᠠᠨ᠎ᠠ᠂ ᠲᠡᠭᠡᠪᠡᠯ ᠲᠡᠭᠡᠷ᠎ᠡ ᠱᠠᠳᠣᠨ ᠠᠴᠠ ᠢᠷᠡᠭᠰᠡᠨ ᠪᠠ ᠲᠡᠭᠡᠭᠰᠢ | ᠮᠡᠳᠡᠬᠦᠯᠦᠭᠰᠡᠨ ᠵᠣᠶᠢᠯ ᠤᠨ ᠪᠢᠴᠢᠭ ᠬᠠᠷ᠎ᠠ ᠵᠢᠴᠢ ᠮᠥᠨ ᠠᠮᠪᠠᠨ ᠤ ᠦᠰᠦᠭ ᠵᠢᠷᠤᠭᠰᠠᠨ ᠡᠭᠡ ᠪᠢᠴᠢᠭ ᠢ | ᠶᠣᠰᠣᠭᠠᠷ ᠨᠢ ᠬᠠᠳᠠᠭᠠᠯᠠᠵᠤ ᠪᠠᠰᠨ ᠨᠢᠭᠡ ᠲᠤᠬᠤᠢ ᠬᠤᠶᠠᠷ ᠢᠮᠠᠬᠤ ᠶᠢᠨ ᠮᠣᠳᠣᠣ ᠴᠠᠭᠠᠰᠣᠨ ᠲᠡᠭᠡᠷ᠎ᠡ ᠬᠠᠭᠤᠯᠠᠨ | ᠪᠢᠴᠢᠭᠡᠳ ᠨᠢᠭᠡ ᠣᠯᠠᠷᠢᠯ ᠳᠤ ᠨᠢᠭᠡ ᠣᠳᠠᠭ᠎ᠠ ᠠᠮᠪᠠᠨ ᠤ ᠭᠡᠷ ᠲᠤ ᠠᠪᠠᠴᠢᠵᠣ ᠶᠡᠭᠡ ᠲᠦᠷᠪᠡᠯᠵᠢᠨ ᠲᠠᠮᠠᠭ᠎ᠠ ᠢᠶᠠᠷ | ᠨᠢ ᠬᠠᠮᠠᠷ ᠬᠤᠯᠪᠣᠨ ᠲᠠᠮᠠᠭᠠᠯᠠᠵᠤ᠂ ᠮᠥᠨ ᠪᠥᠰ ᠭᠠᠳᠠᠷ ᠭᠡᠵᠤ ᠶᠠᠮᠠᠷ ᠶᠠᠮᠠᠷ ᠣᠨ ᠣᠯᠠᠷᠢᠯ ᠤᠨ ᠲᠠᠩᠰᠨ ᠭᠡᠰᠡᠨ | ᠶᠡᠭᠡ ᠦᠰᠦᠭ ᠪᠢᠴᠢᠭᠡᠳ ᠬᠠᠳᠠᠭᠠᠯᠠᠳᠠᠭ ᠪᠢᠯᠨ᠂ ᠡᠬᠦᠨ ᠢ ᠰᠠᠷ᠎ᠠ ᠶᠢᠨ ᠡᠭᠡᠯᠵᠢ ᠵᠢᠰᠢᠶᠡᠨ ᠤ ᠬᠦᠮᠣᠨ | ᠬᠠᠷᠢᠭᠤᠴᠠᠵᠣ ᠬᠢᠳᠡᠭ ᠠᠴᠠ ᠭᠠᠳᠠᠨ᠎ᠠ ᠬᠤᠰᠢᠭᠤᠨ ᠲᠡᠭᠡᠷ᠎ᠡ ᠪᠠᠰᠨ ᠥᠷᠬᠦᠯᠵᠢ ᠰᠠᠭᠤᠳᠠᠭ ᠭᠡᠳᠦᠨ ᠬᠦᠮᠣᠨ ᠪᠠᠶᠢᠯ᠎ᠠ | ᠂ ᠡᠨ᠋ᠨ ᠨᠢ ᠲᠠᠩᠰᠨ ᠪᠢᠴᠢᠭ ᠬᠠᠳᠠᠭᠠᠯᠠᠵᠣ ᠬᠠᠮᠢᠶᠠᠷᠳᠠᠭ ᠨᠢᠭᠡ ᠨᠡᠷ᠎ᠡ ︵ ᠲᠠᠩᠰᠠᠳᠠᠨ ᠭᠡᠳᠡᠭ ᠶᠣᠮ︶ ᠪᠠᠰᠨ ᠠᠷᠰᠠᠷ | ᠵᠠᠷᠤᠳᠠᠯ ᠰᠣᠶᠢᠳᠭᠡᠯ ᠬᠠᠮᠢᠶᠠᠷᠳᠠᠭ ᠨᠢᠭᠡ ᠨᠡᠷ᠎ᠡ ᠡᠬᠦᠨ ᠢ ᠨᠢᠷᠪᠠ ᠵᠠᠩᠬᠢ ᠭᠡᠳᠡᠭ ᠶᠣᠮ᠃ ᠪᠠᠰᠨ ᠲᠠᠬᠠᠷᠠ ᠭᠡᠵᠤ | ᠲᠦᠷᠪᠡ ᠲᠠᠪᠣᠨ ᠬᠦᠮᠣᠨ ᠪᠠᠶᠢᠯ᠎ᠠ᠂ ᠡᠳᠡᠨ ᠨᠢ ᠨᠢᠭᠡ ᠬᠦᠮᠣᠨ ᠨᠢᠭᠡ ᠡᠳᠦᠷ ᠢᠶᠠᠷ ᠡᠭᠡᠯᠵᠢᠵᠣ ᠮᠡᠳᠡᠭᠡ ᠰᠠᠭᠤᠭ᠎ᠠ | ᠬᠢᠳᠡᠭ ᠪᠢᠯᠨ᠃ ᠣᠴᠢᠷ ᠨᠢ ᠭᠡᠷᠪᠡ ᠰᠣᠮᠣᠨ ᠳᠤ ᠶᠠᠪᠣᠭᠤᠯᠬᠤ ᠵᠠᠷ ᠪᠢᠴᠢᠭ ᠭᠠᠷᠭᠠᠳᠠᠭ ᠪᠣᠯ ᠪᠣᠰᠣᠳ ᠲᠠᠬᠠᠷᠠ | ᠨᠠᠷ ᠲᠠᠭᠠᠨ ᠮᠡᠳᠡᠭᠡᠯᠡᠨ ᠥᠭᠴᠣ ᠲᠡᠬᠦᠨ ᠤ ᠡᠭᠡᠯᠵᠢ ᠪᠣᠯᠣᠭᠰᠠᠨ ᠪᠣᠯ ᠲᠡᠷᠨ ᠨᠢ ᠠᠪᠣᠭᠠᠳ ᠲᠠᠪᠬᠢᠳᠠᠭ᠃ ᠪᠠᠰᠨ | ᠨᠢᠭᠡ ᠨᠡᠷ᠎ᠡ ᠲᠤᠭᠤᠭᠠᠴᠢ ᠪᠠᠶᠢᠳᠠᠭ ᠂ ᠲᠡᠭᠡᠷᠡᠬᠢ ᠬᠦᠮᠣᠰ ᠤᠳ ᠨᠢ ᠴᠥᠮ ᠮᠥᠨ ᠥᠪᠡᠷᠰᠡᠳ ᠤᠨ ᠬᠦᠨᠡᠰᠣ | ᠬᠤᠭᠤᠯᠨ ᠪᠠᠨ ᠢᠳᠡᠳᠡᠭ ᠪᠣᠯᠪᠠᠴᠣ ᠲᠦᠯᠡᠰᠢ ᠲᠦᠯᠡᠭᠡ ᠶᠢ ᠨᠢ ᠨᠢᠭᠡᠳᠦᠯᠳᠠᠢ ᠬᠠᠩᠭᠠᠳᠠᠭ ᠪᠠᠶᠢᠵᠠᠢ᠃ ᠭᠠᠷᠭᠠᠬᠤ | ᠠᠷᠭ᠎ᠠ ᠨᠢ ᠰᠣᠮᠣ ᠤᠳ ᠤᠨ ᠲᠠᠯᠠᠨ ᠡᠷ᠎ᠡ ᠶᠢᠨ ᠲᠠᠩᠰᠨ ᠳᠤ ᠰᠢᠨ᠎ᠡ ᠬᠤᠶᠠᠭ ︵ᠭᠡᠣᠭᠡᠳ︶ ᠬᠤᠰᠢᠭᠤ ᠶᠠᠮᠣᠨ | ᠳᠤ ᠨᠢᠭᠡ ᠣᠳᠠᠭ᠎ᠠ ᠵᠠᠭᠤᠨ ᠠᠷᠤᠭ ᠠᠷᠭᠠᠯ ᠥᠭᠳᠡᠭ ᠲᠥᠷᠢᠮ ᠲᠠᠢ ᠪᠢᠯᠨ᠂ ᠡᠬᠦᠨ ᠢ ᠨᠢ ᠶᠠᠮᠣᠨ ᠤ | ᠣᠶᠢᠷᠠᠯᠴᠠᠬᠢ ᠠᠶᠢᠯ ᠤᠳ ᠠᠷᠭᠠᠯ ᠲᠤ ᠣᠨᠣᠭᠳᠠᠭᠰᠠᠨ ᠠᠶᠢᠯ ᠲᠠᠢ ᠬᠤᠭᠤᠷᠣᠨᠳᠦ ᠪᠠᠨ ᠦᠨ᠎ᠡ ᠭᠡᠯᠡᠯᠴᠡᠵᠤ | ᠠᠷᠭᠠᠯ ᠢ ᠨᠢ ᠣᠷᠤᠯᠠᠨ ᠲᠤᠰᠢᠶᠠᠳᠠᠭ ᠪᠢᠯᠨ ᠂ ᠲᠠᠷᠠᠭ᠎ᠠ ᠨᠢ ᠲᠡᠷᠨ ᠭᠡᠣᠭᠡᠳ ᠠᠷᠪᠠᠨ ᠲᠣᠯᠤᠭ᠎ᠠ ᠨᠠᠢᠮᠨ ᠬᠦᠷᠴᠣ᠂ | ᠪᠠᠶᠢᠷᠢ ᠶᠢᠨ ᠲᠠᠩᠰᠨ ᠳᠤ ᠣᠷᠤᠬᠤ ᠳᠠᠭᠠᠨ ᠬᠤᠰᠢᠭᠤ ᠣᠪᠣᠭ᠎ᠠ ᠶᠢ ᠲᠠᠬᠢᠬᠤ ᠳᠤ ᠨᠢᠭᠡ ᠰᠢᠳᠣᠯᠡᠩ ᠬᠤᠨᠢ | ᠥᠭᠳᠡᠭ ᠶᠣᠮ ᠃ ᠡᠨ᠋ᠨ ᠪᠣᠯ ᠥᠩᠭᠡᠷᠡᠭᠰᠡᠨ ᠳᠡᠭᠡᠨ ᠴᠠᠯᠢᠩ ᠣᠯᠵᠤ ᠪᠠᠶᠢᠬᠤ ᠦᠶ᠎ᠡ ᠳᠤ ᠲᠦᠩᠭᠡᠵᠤ ᠲᠠᠩᠭᠠᠵᠤ | ᠬᠤᠶᠠᠭ ᠪᠠᠶᠢᠷᠢ ᠶᠢᠨ ᠲᠠᠩᠰᠨ ᠳᠤ ᠣᠷᠣᠬᠤ ᠶᠢᠨ ᠲᠥᠯᠣᠭᠡ ᠪᠢᠯᠨ᠂ ᠬᠤᠵᠢᠮ ᠴᠠᠯᠢᠩ ᠲᠠᠰᠣᠷᠠᠭᠰᠠᠨ ᠤ | ᠬᠤᠶᠢᠨ᠎ᠡ ᠴᠣ᠋ ᠠᠷᠭᠠᠯ ᠬᠤᠨᠢᠨ ᠤ ᠠᠯᠪᠠ ᠨᠢ ᠮᠥᠨ ᠶᠣᠰᠣᠭᠠᠷ ᠢᠶᠠᠨ ᠪᠠᠶᠢᠭᠰᠠᠨ ᠲᠣᠯᠨ ᠠᠷᠠᠳ ᠤᠨ ᠭᠡᠣᠭᠡᠳ | ᠯᠠᠮᠨ ᠪᠣᠯᠬᠤ ᠨᠢ ᠣᠯᠠᠨ ᠪᠣᠯᠵᠠᠢ᠃ ᠣᠴᠢᠷ ᠨᠢ ᠯᠠᠮᠨ ᠪᠣᠯᠪᠠᠯ᠂ ᠠᠷᠭᠠᠯ᠂ ᠬᠤᠨᠢ ᠪᠠ ᠭᠤᠴᠤᠭ ᠴᠡᠷᠢᠭ ᠤᠨ | ᠠᠯᠪᠠᠨ ᠠᠴᠠ ᠵᠠᠶᠢᠯᠠᠵᠤ ᠴᠢᠳᠠᠬᠤ ᠪᠠᠶᠢᠭᠰᠠᠨ ᠶᠣᠮ᠃ | ᠪᠠᠰᠨ ᠲᠡᠭᠡᠷ᠎ᠡ ᠭᠡᠯᠡᠭᠰᠡᠨ ᠲᠠᠬᠠᠷᠠ ᠮᠡᠳᠡᠭᠡ ᠶᠢᠨ ᠬᠦᠮᠣᠰ ᠪᠠ ᠲᠤᠭᠤᠭᠠᠴᠢ ᠶᠢ ᠪᠣᠯ ᠮᠥᠨ ᠰᠣᠮᠣ | ᠤᠳ ᠠᠴᠠ ᠨᠢᠭᠡ ᠵᠢᠯ ᠤᠨ ᠡᠭᠡᠯᠵᠢ ᠪᠠᠷ ᠲᠣᠮᠢᠯᠠᠨ ᠭᠠᠷᠭᠠᠭᠰᠠᠨ ᠢ ᠮᠥᠨ ᠶᠠᠮᠣᠨ ᠤ ᠣᠶᠢᠷᠠᠯᠴᠠᠬᠢ ᠶᠠᠳᠠᠭᠤ | ᠬᠦᠮᠣᠰ ᠬᠦᠯᠣᠰᠣ ᠣᠯᠵᠤ ᠬᠢᠳᠡᠭ ᠪᠢᠯᠨ᠃ ᠡᠶᠢᠮᠣ ᠠᠴᠠ ᠣᠳᠣᠬᠢ ᠬᠤᠯᠪᠣᠭ᠎ᠠ ᠶᠢᠨ ᠭᠤᠣᠯ ᠠᠴᠠ ᠬᠠᠨ᠎ᠠ | ᠬᠠᠳᠠ ᠰᠦᠮ᠎ᠡ ᠶᠢᠨ ᠭᠤᠣᠯ ᠣᠷᠴᠢᠮ ᠨᠢ ᠲᠠᠬᠠᠷᠠ ᠶᠢᠨ ᠭᠤᠣᠯ ᠭᠡᠵᠤ ᠨᠡᠷ᠎ᠡ ᠠᠯᠳᠠᠷᠰᠢᠭᠰᠠᠨ ᠶᠣᠮ᠃ | ᠪᠠᠰᠨ ᠵᠢᠯ ᠪᠦᠷᠢ ᠶᠢᠨ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠠᠷᠪᠠᠨ ᠲᠠᠪᠣᠨ ᠤ ᠡᠳᠦᠷ | ᠲᠤ ᠬᠤᠰᠢᠭᠤ ᠣᠪᠣᠭ᠎ᠠ ᠪᠠᠨ ᠨᠢᠭᠡ ᠣᠳᠠᠭ᠎ᠠ ᠲᠠᠬᠢᠳᠠᠭ ᠪᠠᠶᠢᠯ᠎ᠠ᠃ ᠡᠨ᠋ᠨ ᠣᠪᠣᠭ᠎ᠠ ᠨᠢ ᠬᠠᠨ᠎ᠠ ᠬᠠᠳᠠ ᠰᠦᠮ᠎ᠡ | ᠶᠢᠨ ᠬᠤᠶᠢᠳᠦ ᠣᠷᠣᠢ ᠲᠡᠭᠡᠷ᠎ᠡ ᠪᠠᠶᠢᠭ᠎ᠠ ᠴᠠᠭᠠᠨ ᠣᠪᠣᠭ᠎ᠠ ᠭᠡᠭᠴᠢ ᠬᠤᠰᠢᠭᠤ ᠣᠪᠣᠭ᠎ᠠ ᠮᠥᠨ᠂ ᠪᠠᠷᠠᠭᠤᠨ ᠠᠭᠤᠯᠨ | ᠶᠢᠨ ᠣᠷᠣᠢ ᠲᠡᠭᠡᠷ᠎ᠡ ᠪᠠᠶᠢᠭ᠎ᠠ ᠲᠤᠰᠢᠶᠡᠳᠦ ᠶᠢᠨ ᠣᠪᠣᠭ᠎ᠠ ᠭᠡᠳᠡᠭ ᠪᠣᠯ ᠬᠤᠰᠢᠭᠤ ᠰᠦᠮ᠎ᠡ ᠶᠢᠨ ᠣᠪᠣᠭ᠎ᠠ ᠪᠢᠯᠨ᠃ | ᠵᠢᠯ ᠳᠤ ᠨᠢᠭᠡ ᠣᠳᠠᠭ᠎ᠠ ᠣᠪᠣᠭ᠎ᠠ ᠲᠠᠬᠢᠬᠤ ᠨᠢ ᠪᠠᠰᠨ ᠭᠤᠷᠪᠠᠨ ᠲᠠᠯ᠎ᠠ ᠶᠢᠨ ᠠᠭᠤᠯᠭ᠎ᠠ ᠲᠠᠢ ᠪᠠᠶᠢᠵᠠᠢ᠃ ᠨᠢᠭᠡ | ᠳᠤ ᠨᠠᠶᠢᠷ ᠨᠠᠭᠠᠳᠣᠮ᠂ ᠬᠤᠶᠠᠷ ᠲᠤ᠂ ᠪᠥᠬᠦ ᠵᠢᠯ ᠤᠨ ᠠᠯᠪᠠᠨ ᠠᠵᠢᠯ ᠢᠶᠠᠨ ᠭᠡᠯᠡᠯᠴᠡᠵᠤ ᠲᠤᠭᠳᠠᠨ᠎ᠠ᠂ ᠭᠤᠷᠪᠠ | ᠳᠤ᠂ ᠴᠡᠷᠢᠭ ᠤᠨ ᠡᠷᠳᠡᠮ ᠢᠶᠠᠨ ᠰᠢᠯᠭᠠᠵᠤ ᠦᠵᠡᠬᠦ ︵ᠡᠨ᠋ᠨ ᠨᠢ ᠵᠦᠪᠭᠡᠨ ᠶᠠᠩᠵᠣ ᠶᠢᠨ ᠲᠡᠳᠣᠢ ᠪᠢᠯᠨ︶ | ᠪᠣᠯᠣᠨ᠎ᠠ᠃ ᠬᠤᠰᠢᠭᠤ ᠣᠪᠣᠭ᠎ᠠ ᠶᠢ ᠵᠢᠯ ᠪᠦᠷᠢ ᠶᠢᠨ ᠪᠢᠯᠢᠭ ᠤᠨ ᠲᠠᠪᠣᠨ ᠰᠠᠷ᠎ᠠ ᠶᠢᠨ ᠠᠷᠪᠠᠨ ᠲᠠᠪᠣᠨ ᠤ | ᠡᠳᠦᠷ ᠲᠤ ᠲᠠᠬᠢᠳᠠᠭ ᠲᠤᠭᠳᠠᠭᠠᠯ ᠲᠠᠢ ᠪᠣᠯᠬᠤᠷ ᠣᠯᠠᠨ ᠰᠣᠮᠣ ᠨᠢ ᠠᠷᠪᠠᠨ ᠨᠢᠭᠡᠨ ᠬᠤᠶᠠᠷ ᠠᠴᠠ ᠡᠬᠢᠯᠡᠵᠤ | ᠴᠣᠭᠯᠠᠳᠠᠭ ᠪᠥᠭᠡᠳ ᠠᠷᠪᠠᠨ ᠭᠤᠷᠪᠠᠨ ᠤ ᠡᠳᠦᠷ ᠡᠷᠭᠡᠪᠰᠢ ᠪᠥᠷᠢᠳᠦᠭᠰᠡᠨ ᠪᠠᠶᠢᠬᠤ ᠬᠡᠷᠡᠭᠳᠡᠢ ᠪᠠᠶᠢᠵᠠᠢ᠃ | ᠪᠠᠭᠤᠳᠠᠯᠠᠳᠠᠭ ᠭᠠᠵᠠᠷ ᠨᠢ ᠨᠢᠭᠡᠳᠦᠯᠳᠠᠢ ᠪᠠᠷ ᠬᠤᠰᠢᠭᠤ ᠶᠠᠮᠣᠨ ᠠᠴᠠ ᠡᠮᠣᠨ᠎ᠡ ᠭᠤᠣᠯ ᠤᠨ ᠣᠷᠢᠳᠠᠬᠢ ᠨᠠᠮᠨᠠᠭ᠎ᠠ | ᠶᠢᠨ ᠭᠤᠣ ︵ᠬᠠᠷᠪᠣᠯᠳᠠ ᠶᠢᠨ ᠭᠠᠵᠠᠷ︶ ᠶᠢᠨ ᠣᠶᠢᠷᠠᠯᠴᠠᠭ᠎ᠠ ᠪᠠᠭᠤᠳᠠᠭ ᠶᠣᠮ᠃ ᠰᠣᠮᠣ ᠤᠳ ᠨᠢ ᠪᠥᠷ ᠲᠤᠰ | ᠲᠤᠰ ᠲᠠᠭᠠᠨ ᠮᠣᠩᠭᠤᠯ ᠭᠡᠷ ᠪᠣᠶᠣ ᠮᠠᠶᠢᠬᠠᠨ ᠲᠠᠢ ᠥᠪᠡᠷᠰᠡᠳ ᠢᠶᠠᠨ ᠬᠦᠨᠡᠰᠣ ᠲᠦᠯᠡᠰᠢ ᠪᠠᠨ ᠠᠪᠴᠣ ᠢᠷᠡᠳᠡᠭ | ᠪᠠᠶᠢᠨ᠎ᠠ᠃ ᠨᠠᠮᠨᠠᠭ᠎ᠠ ᠶᠢᠨ ᠭᠤᠣ ᠭᠡᠳᠡᠭ ᠭᠤᠷᠪᠠᠨ ᠵᠣᠷᠪᠣᠰ ᠮᠠᠯᠳᠠᠮᠠᠯ ᠭᠤᠣ ᠨᠢᠭᠡ ᠦᠵᠣᠬᠦᠷ ᠠᠴᠠ ᠪᠠᠨ | ᠨᠥᠬᠦᠭᠡ ᠦᠵᠣᠬᠦᠷ ᠬᠦᠷᠳᠡᠯ᠎ᠡ ᠭᠤᠷᠪᠠᠨ ᠵᠠᠭᠤ ᠵᠢᠷᠠᠨ ᠠᠯᠳᠠ ᠣᠷᠳᠦ᠂ ᠶᠠᠭ ᠨᠢᠭᠡ ᠭᠠᠵᠠᠷ ᠶᠣᠮ᠃ ᠣᠪᠣᠭᠠᠨ | ᠤ ᠨᠠᠶᠢᠷ ᠲᠤ ᠰᠣᠮᠣᠨ ᠤ ᠨᠣᠶᠠᠳ ᠨᠢ ᠪᠦᠷ ᠢᠷᠡᠬᠦ ᠶᠢᠨ ᠬᠠᠮᠳᠦ ᠥᠨᠣᠬᠢ ᠪᠠᠶᠢᠷᠢ ᠴᠡᠷᠢᠭ ᠠᠴᠠ ᠪᠠᠨ ᠭᠡᠳᠦ | ᠭᠡᠳᠦᠨ ᠭᠠᠪᠰᠢᠭᠠᠢ ᠡᠷ᠎ᠡ ᠬᠤᠷᠳᠣᠨ ᠮᠣᠷᠢ ᠲᠠᠢ ᠢᠷᠡᠵᠤ ᠫᠣᠣ ᠬᠠᠷᠪᠣᠳᠠᠭ ᠪᠠᠶᠢᠵᠠᠢ᠃ ᠬᠠᠷᠪᠣᠬᠤ ᠠᠷᠭ᠎ᠠ ᠨᠢ | ᠮᠠᠯᠳᠠᠮᠠᠯ ᠭᠤᠣ ᠶᠢᠨ ᠬᠤᠶᠠᠷ ᠦᠵᠣᠬᠦᠷ ᠪᠠ ᠲᠣᠮᠳᠠ ᠭᠡᠵᠤ ᠭᠤᠷᠪᠠᠨ ᠫᠠᠢ ᠪᠣᠰᠬᠠᠭᠠᠳ ᠬᠠᠭᠤᠴᠢᠨ ᠤ ᠦᠶ᠎ᠡ | ᠶᠢᠨ ᠭᠠᠯ ᠫᠣᠣ ᠲᠠᠢ ᠭᠠᠪᠰᠢᠭᠠᠢ ᠴᠡᠷᠢᠭ ᠠᠯᠣᠰ ᠠᠴᠠ ᠲᠠᠪᠬᠢᠵᠣ ᠢᠷᠡᠭᠡᠳ ᠭᠤᠣ ᠶᠢᠨ ᠦᠵᠣᠬᠦᠷ ᠲᠠᠬᠢ ᠫᠠᠢ | ᠶᠢ ᠡᠭᠢᠯᠡᠭᠡᠳ ᠵᠦᠪ ᠲᠡᠰᠢ ᠫᠣᠣᠳᠠᠭᠰᠠᠨ ᠪᠣᠯ ᠲᠣᠮᠳᠠ ᠫᠠᠢ ᠶᠢ ᠨᠢ ᠪᠣᠷᠤᠭᠤ ᠲᠠᠯ᠎ᠠ ᠲᠡᠰᠢ ᠪᠠᠨ ᠫᠣᠣᠳᠠᠵᠤ | ᠨᠥᠬᠦᠭᠡ ᠦᠵᠣᠬᠦᠷ ᠤᠨ ᠫᠠᠢ ᠶᠢ ᠨᠢ ᠪᠠᠰᠨ ᠵᠦᠪ ᠲᠡᠰᠢ ᠪᠠᠨ ᠡᠭᠡᠯᠵᠢᠯᠡᠨ ᠫᠣᠣᠳᠠᠳᠠᠭ ᠭᠡᠨ᠎ᠡ᠃ ᠲᠠᠷᠠᠭ᠎ᠠ ᠨᠢ | ᠠᠷᠪᠠᠨ ᠲᠠᠪᠣᠨ ᠤ ᠡᠳᠦᠷ ᠲᠤ ᠣᠪᠣᠭᠠᠨ ᠳᠠᠭᠠᠨ ᠭᠠᠷᠬᠤ ᠳᠤ ᠬᠠᠮᠤᠭ ᠤᠨ ᠡᠮᠣᠨ᠎ᠡ ᠨᠢ ᠢᠷᠠᠯᠭᠠ ᠶᠢᠨ ᠴᠡᠷᠢᠭ | ᠶᠠᠪᠣᠨ᠎ᠠ᠂ ᠲᠡᠬᠦᠨ ᠤ ᠠᠷᠣ ᠳᠤᠨᠢ ᠬᠤᠰᠢᠭᠤ ᠲᠤᠭ ︵ᠭᠤᠤᠯ ᠳᠠᠭᠠᠨ ᠰᠦᠯᠳᠡ ᠪᠣᠷᠬᠠᠨ ᠤ ᠬᠦᠷᠦᠭ ᠲᠠᠢ ᠶᠡᠭᠡ | ᠴᠠᠭᠠᠨ ᠲᠤᠭ ᠪᠢᠯᠨ︶ ᠢᠶᠠᠨ ᠪᠠᠷᠢᠭᠤᠯᠵᠤ᠂ ᠲᠡᠬᠦᠨ ᠤ ᠠᠷᠣ ᠠᠴᠠ ᠠᠮᠪᠠᠨ᠂ ᠵᠠᠯᠠᠨ ᠨᠠᠷ᠂ ᠵᠡᠬᠦᠨ ᠪᠠᠷᠠᠭᠤᠨ | ᠲᠠᠯ᠎ᠠ ᠳᠤᠨᠢ ᠲᠠᠭᠠᠯᠳᠠ ᠭᠡᠵᠤ ᠰᠣᠮᠣᠨ ᠤ ᠨᠣᠶᠠᠳ ᠠᠴᠠ ᠭᠡᠳᠦᠨ ᠬᠦᠮᠣᠨ ᠶᠠᠪᠣᠵᠤ᠂ ᠲᠡᠬᠦᠨ ᠤ ᠬᠤᠶᠢᠨ᠎ᠠ | ᠠᠴᠠ ᠪᠥᠬᠦ ᠣᠪᠣᠭᠠᠨ ᠳᠤ ᠭᠠᠷᠬᠤ ᠬᠦᠮᠣᠰ ᠲᠦᠷᠪᠡ ᠲᠠᠪᠣᠨ ᠮᠥᠷ ᠢᠶᠠᠷ ᠴᠣᠪᠣᠷᠠᠵᠤ ᠣᠪᠣᠭᠠᠨ ᠲᠡᠭᠡᠷ᠎ᠡ ᠪᠠᠨ | ᠬᠦᠷᠴᠣ ᠬᠤᠰᠢᠭᠤ ᠲᠤᠭ ᠢᠶᠠᠨ ᠣᠪᠣᠭᠠᠨ ᠤ ᠡᠮᠣᠨ᠎ᠡ ᠨᠢ ᠪᠣᠰᠬᠠᠭᠠᠳ ᠭᠡᠳᠦᠨ ᠯᠠᠮᠨ ᠨᠠᠷ ᠪᠠᠭ᠎ᠠ ᠰᠠᠭ᠎ᠠ ᠨᠣᠮ | ᠣᠩᠰᠢᠵᠤ ᠣᠯᠠᠨ ᠢᠶᠠᠷ ᠢᠶᠠᠨ ᠣᠪᠣᠭ᠎ᠠ ᠪᠠ ᠲᠤᠭ ᠲᠠᠭᠠᠨ ᠨᠢᠭᠡ ᠰᠦᠬᠦᠳᠣᠭᠡᠳ ᠭᠤᠷᠪᠠ ᠮᠥᠷᠬᠦᠵᠣ ᠨᠡᠶᠢᠳᠡ | ᠭᠤᠷᠪᠠᠨ ᠣᠳᠠᠭ᠎ᠠ ᠰᠦᠬᠦᠳᠴᠣ ᠶᠢᠰᠣ ᠮᠥᠷᠬᠦᠭᠡᠳ ᠭᠡᠰᠢᠭᠲ᠋ᠠᠯᠠᠯᠵᠤ ᠬᠡᠶᠢᠮᠣᠷᠢ ᠪᠠᠨ ᠬᠡᠶᠢᠰᠭᠡᠵᠤ ᠪᠠᠷᠠᠭᠠᠳ᠂ | ᠣᠪᠣᠭᠠᠨ ᠤ ᠪᠠᠷᠠᠭᠤᠨ ᠬᠤᠶᠢᠳᠦ ᠵᠦᠭ ᠪᠠᠭᠤᠨ ᠫᠠᠢ ᠶᠢᠨ ᠲᠣᠯᠣᠭᠠᠢ ᠭᠡᠳᠡᠭ ᠭᠠᠵᠠᠷ ᠣᠴᠢᠵᠣ ᠣᠷᠤᠯᠳᠣᠭᠠᠨ ᠤ | ᠮᠣᠷᠢᠳ ᠢᠶᠠᠨ ᠶᠠᠪᠣᠭᠤᠯᠣᠭᠠᠳ ᠡᠨ᠋ᠨ ᠬᠤᠭᠤᠷᠣᠨᠳᠦ ᠨᠣᠶᠠᠳ ᠴᠡᠷᠢᠭ ᠭᠡᠰᠡᠨ ᠦᠭᠡᠢ ᠭᠡᠨ ᠨᠣᠮᠣ ᠬᠠᠷᠪᠣᠵᠤ | ᠴᠢᠳᠠᠳᠠᠭ ᠪᠣᠯ ᠬᠦᠮᠣᠨ ᠪᠦᠷᠢ ᠲᠠᠪᠣᠨ ᠰᠣᠮᠣᠨ ᠤ ᠫᠠᠢ ᠬᠠᠷᠪᠣᠳᠠᠭ ᠪᠢᠯᠨ᠃ ᠫᠠᠢ ᠨᠢ ᠭᠡᠳᠦᠨ ᠥᠩᠭᠡ ᠶᠢᠨ ᠪᠥᠰ | ᠢᠶᠠᠷ ᠪᠥᠷᠢᠭᠰᠡᠨ ᠢᠰᠡᠭᠡᠢ ᠴᠠᠭᠠᠷᠢᠭ ᠪᠠᠶᠢᠵᠣ ᠨᠡᠶᠢᠳᠡ ᠲᠠᠪᠣᠨ ᠲᠠᠪᠬᠤᠷ ᠴᠠᠭᠠᠷᠢᠭ ᠲᠠᠢ ᠶᠣᠮ᠃ ᠣᠷᠣᠯᠳᠣᠭᠠᠨ | ᠮᠣᠷᠢᠳ ᠨᠢ ᠬᠦᠷᠴᠣ ᠢᠷᠡᠭᠰᠡᠨ ᠤ ᠬᠤᠶᠢᠨ᠎ᠡ ᠮᠣᠷᠳᠠᠵᠠᠭᠠᠵᠤ᠂ ᠪᠠᠭᠤᠭᠰᠠᠨ ᠪᠠᠭᠤᠳᠠᠯ ᠬᠦᠷᠢᠶᠡᠨ ᠳᠡᠭᠡᠨ ᠡᠴᠢᠵᠣ᠂ | ᠪᠥᠭᠡ ᠶᠢᠨ ᠣᠷᠣᠯᠳᠣᠭᠠᠨ ᠢᠶᠠᠨ ᠰᠢᠯᠭᠠᠷᠠᠭᠤᠯᠵᠤ ᠪᠠᠷᠠᠭᠠᠳ ᠠᠷᠪᠠᠨ ᠵᠢᠷᠭᠤᠭᠠᠨ ᠤ ᠡᠳᠦᠷ ᠣᠪᠣᠭᠠᠨ ᠨᠠᠶᠢᠷ | ᠲᠠᠷᠬᠠᠴᠢᠳᠠᠭ ᠶᠣᠮ᠃ ᠡᠬᠦᠨ ᠳᠤ ᠵᠡᠷᠭᠡᠯᠳᠡᠭᠡ ᠬᠤᠰᠢᠭᠤᠨ ᠠᠴᠠ ᠴᠣ᠋ ᠪᠥᠭᠡ ᠮᠣᠷᠢ ᠢᠷᠡᠳᠡᠭ ᠪᠠᠶᠢᠨ᠎ᠠ᠃ ᠡᠳᠡᠭᠡᠷ | ᠨᠢ ᠦᠵᠡᠬᠦ ᠳᠤ ᠨᠠᠶᠢᠷ ᠨᠠᠭᠠᠳᠣᠮ ᠪᠣᠯᠪᠠᠴᠣ ᠦᠨᠡᠨ ᠳᠡᠭᠡᠨ ︽ᠬᠤᠰᠢᠭᠤ︾ ᠨᠢ ᠣᠣᠯ ᠠᠴᠠ ᠨᠢᠭᠡ ᠴᠡᠷᠢᠭ ᠤᠨ | ᠵᠣᠬᠢᠶᠠᠨ ᠪᠠᠶᠢᠭᠤᠯᠣᠯᠳᠠ ᠪᠠᠶᠢᠭᠰᠠᠨ ᠣᠴᠢᠷ᠂ ᠵᠢᠯ ᠳᠤ ᠨᠢᠭᠡ ᠣᠳᠠᠭ᠎ᠠ ᠴᠡᠷᠢᠭ ᠢᠶᠠᠨ ᠰᠢᠯᠭᠠᠳᠠᠭ ᠵᠠᠩᠰᠢᠯ ᠢᠶᠠᠨ | ᠢᠯᠡᠳᠭᠡᠵᠤ ᠪᠠᠶᠢᠵᠠᠢ ᠭᠡᠵᠤ ᠦᠵᠡᠪᠡᠴᠣ ᠪᠣᠯᠣᠨ᠎ᠠ᠃ | ᠲᠤᠰ ᠣᠳᠠᠭ᠎ᠠ ᠶᠢᠨ ᠴᠣᠭᠯᠠᠭᠠᠨ ᠲᠡᠭᠡᠷ᠎ᠡ ᠠᠮᠪᠠᠨ ᠵᠠᠯᠠᠨ ᠨᠠᠷ ᠠᠴᠠ ᠰᠣᠮᠣ ᠤᠳ ᠤᠨ ᠨᠣᠶᠠᠳ | ᠲᠠᠢ ᠬᠠᠮᠳᠦ ᠪᠠᠷ ᠶᠠᠷᠢᠯᠴᠠᠵᠣ᠂ ᠵᠢᠯ ᠪᠦᠷᠢ ᠳᠤ ᠨᠢᠭᠡ ᠣᠳᠠᠭ᠎ᠠ ᠠᠪᠣᠳᠠᠭ ᠮᠠᠯ ᠤᠨ ᠭᠠᠶᠢᠯᠢ ᠡᠬᠦᠨ ᠢᠶᠠᠨ ᠪᠠᠰᠨ | ᠮᠠᠯ ᠤᠨ ᠬᠦᠯ ᠲᠤᠭᠠᠯᠠᠭᠠᠭᠡᠵᠤ ᠭᠡᠯᠡᠳᠡᠭ ᠪᠢᠯᠨ᠃ ᠢᠩᠬᠢᠭᠡᠳ ᠨᠢᠭᠡ ᠲᠡᠮᠡᠭᠡ ᠶᠢ ᠲᠣᠯᠣᠭᠠᠨ ᠪᠣᠭ ᠮᠠᠯ ᠢᠶᠠᠷ᠂ | ᠠᠳᠣᠭᠤ ᠦᠭᠡᠷ ᠢ ᠲᠠᠪᠣᠨ ᠪᠣᠭ ᠮᠠᠯ ᠢᠶᠠᠷ ᠪᠣᠳᠣᠳᠠᠭ᠃ ᠣᠣᠯ ᠤᠨ ᠰᠢᠯᠣᠭᠤᠨ ᠴᠠᠭᠠᠨ ᠬᠤᠰᠢᠭᠤ ᠨᠢᠭᠡ | ᠲᠦᠮᠡᠨ ᠪᠣᠳᠠ ᠬᠦᠷᠳᠡᠭ ᠵᠢᠯ ᠴᠥᠭᠡᠨ ᠪᠠᠶᠢᠵᠠᠢ᠃ ᠡᠨ᠋ᠨ ᠪᠣᠯ ᠲᠡᠷᠨ ᠦᠶ᠎ᠡ ᠶᠢᠨ ᠮᠠᠯ ᠠᠵᠣ ᠠᠬᠤᠢ ᠶᠢᠨ | ᠪᠠᠶᠢᠳᠠᠯ ᠨᠢ ᠲᠤᠷᠣᠢ ᠪᠠᠶᠢᠭᠰᠠᠨ ᠢ ᠭᠡᠷᠡᠴᠢᠯᠡᠵᠤ ᠪᠣᠯᠣᠨ᠎ᠠ᠃ ᠡᠬᠦᠨ ᠳᠤ ᠬᠤᠰᠢᠭᠤᠨ ᠠᠴᠠ ᠨᠢᠭᠡ ᠪᠣᠳᠠ ᠶᠢᠨ | ᠨᠢᠭᠡ ᠲᠦᠬᠦᠷᠢᠭ ᠪᠣᠶᠣ ᠵᠠᠷᠢᠮ ᠵᠢᠯ ᠲᠣᠯᠣ ᠨᠠᠢᠮᠠᠨ ᠵᠣᠭᠤᠰᠣᠨ ᠨᠢᠭᠡᠴᠢ ᠬᠤᠷᠢᠶᠠᠳᠠᠭ ᠪᠣᠯ ᠲᠡᠭᠡᠷ᠎ᠡ ᠨᠢ ᠬᠡᠳᠦᠨ ᠮᠣ᠋ | ᠨᠡᠮᠡᠭᠡᠳ ᠨᠡᠶᠢᠳᠡ ᠠᠷᠠᠢ ᠬᠤᠶᠠᠷ ᠲᠦᠬᠦᠷᠢᠭ ᠵᠢᠰᠢᠮ ᠬᠤᠷᠢᠶᠠᠳᠠᠭ ᠪᠠᠶᠢᠯ᠎ᠠ᠃ ᠡᠨ᠋ᠨ ᠪᠣᠯ ᠬᠤᠰᠢᠭᠤ᠂ ᠰᠣᠮᠣᠨ ᠤ | ᠪᠥᠬᠦ ᠵᠢᠯ ᠤᠨ ᠠᠯᠪᠠᠨ ᠵᠠᠷᠤᠳᠠᠯ ᠪᠣᠯᠣᠨ᠎ᠠ᠃ ᠡᠬᠦᠨᠴᠨ ᠥᠭᠡᠷ᠎ᠡ ᠲᠡᠮᠡᠢ ᠠᠯᠪᠠ ᠲᠠᠳᠠᠪᠣᠷᠢ ᠦᠭᠡᠢ ᠪᠢᠯᠨ᠂ ᠭᠡᠳᠡᠯ᠎ᠠ | ᠠᠷᠠᠳ ᠲᠦᠡᠮᠨ ᠤ ᠠᠮᠢᠳᠣᠷᠠᠯ ᠶᠡᠷᠣ ᠰᠠᠶᠢᠵᠢᠷᠠᠵᠣ ᠴᠢᠳᠠᠬᠤ ᠦᠭᠡᠢ ᠣᠯᠠᠮ ᠢᠶᠠᠷ ᠲᠤᠷᠣᠶᠢᠳᠠᠵᠤ ᠪᠠᠶᠢᠳᠠᠭ ᠤᠨ | ᠣᠴᠢᠷ ᠭᠡᠪᠡᠯ᠄ | ᠨᠢᠭᠡ᠂ ᠰᠦᠮ᠎ᠡ ᠶᠢᠨ ᠯᠠᠮᠨ ᠣᠯᠠᠨ ᠪᠣᠯᠵᠣ ᠪᠡᠯᠡᠨ ᠪᠣᠳᠠᠭ᠎ᠠ ᠢᠳᠡᠵᠤ ᠦᠬᠦᠭᠰᠡᠨ ᠲᠡᠮᠡᠭᠡ ᠬᠠᠷᠢᠭᠤᠯᠳᠠᠭ | ᠬᠦᠮᠣᠨ ᠣᠯᠠᠰᠢᠷᠠᠭᠠᠳ ᠬᠦᠮᠣᠰ ᠬᠤᠪᠢ ᠵᠠᠶᠠᠭ᠎ᠠ ᠪᠠᠨ ᠪᠦᠷ ᠮᠣᠬᠤᠷ ᠰᠦᠰᠦᠭ ᠪᠣᠷᠬᠠᠨ ᠲᠡᠭᠷᠢ ᠳᠤ ᠨᠠᠶᠢᠳᠠᠵᠤ | ᠬᠦᠳᠡᠯᠮᠣᠷᠢ ᠶᠢ ᠵᠢᠭᠰᠢᠳᠡᠭ ᠦᠵᠡᠯ ᠬᠦᠨᠳᠦ ᠪᠠᠶᠢᠵᠠᠢ᠃ ᠵᠢᠱᠢᠶᠡᠯᠡᠪᠡᠯ ᠭᠡᠣᠭᠡᠳ ᠲᠡᠭᠡᠨ ᠨᠢᠭᠡ ᠵᠠᠬ᠎ᠠ ᠰᠢᠨ᠎ᠡ | ᠬᠤᠪᠴᠠᠰᠣ ᠬᠢᠵᠣ ᠥᠭᠬᠦᠭᠡᠳ ᠭᠡᠷ ᠤᠨ ᠨᠠᠰᠣᠳᠠᠨ ᠨᠢ ᠢᠷᠤᠭᠡᠵᠤ ᠮᠢᠯᠢᠶᠠᠬᠤ ᠳᠠᠭᠠᠨ᠄ ︽ᠵᠠ᠂ ᠬᠦᠣ ᠮᠢᠨᠢ | ᠲᠤᠰᠣᠨ ᠳᠤ ᠬᠦᠷᠴᠣ ᠶᠠᠪᠣᠭᠠᠷᠠᠢ᠂ ᠲᠤᠭᠤᠰᠣᠨ ᠳᠤ ᠪᠣᠣ ᠬᠦᠷᠦᠭᠳᠦᠨ︾ ᠭᠡᠳᠡᠭ ᠪᠢᠯᠨ᠃ ᠢᠩᠬᠢᠭᠡᠳ ᠵᠢᠯ | ᠪᠦᠷᠢ ᠲᠤᠰ ᠭᠠᠵᠠᠷ ᠤᠨ ᠪᠠ ᠪᠤᠰᠣᠳ ᠬᠤᠰᠢᠭᠤ ᠪᠣᠶᠣ᠂ ᠣᠳᠠᠢ ᠶᠢᠨ ᠣᠷᠣᠨ ᠠᠴᠠ ᠴᠣ᠋ ᠡᠳᠣᠢ ᠲᠡᠳᠣᠢ | ᠣᠯᠠᠨ ᠪᠢᠳᠢᠷ ᠱᠠᠪᠢᠨᠠᠷ ᠢᠷᠡᠵᠤ᠂ ᠮᠠᠨᠢ ᠶᠢᠨ ᠵᠢᠷᠭᠤᠭᠠᠨ ᠦᠰᠦᠭ ᠲᠠᠢ ᠴᠠᠭᠠᠰᠣᠨ ᠳᠤ ᠪᠣᠭᠤᠭᠰᠠᠨ ᠨᠢᠭᠡ ᠴᠢᠮᠬᠢ | ᠶᠣᠣᠮᠢᠶᠠᠨ ᠭᠤᠯᠢᠷ ᠨᠢᠭᠡ ᠭᠡᠰᠡᠭ ᠨᠠᠷᠢᠨ ᠪᠥᠰ ᠤᠨ ᠥᠭᠡᠳᠡᠰᠣ ᠵᠠᠩᠬᠢᠶ᠎ᠠ ᠭᠡᠳᠡᠭ ᠢᠶᠠᠨ ᠥᠭᠴᠢᠭᠡᠳ ᠶᠠᠳᠠᠬᠤ | ᠳᠠᠭᠠᠨ ᠨᠢᠭᠡ ᠬᠤᠨᠢ ᠪᠣᠶᠣ ᠢᠮᠠᠭ᠎ᠠ ᠠᠪᠬᠤ ᠦᠭᠡᠢ ᠪᠣᠯ ᠰᠠᠯᠳᠠᠭ ᠦᠭᠡᠢ ᠪᠢᠯᠨ᠂ ᠭᠡᠷᠪᠡ ᠨᠢᠭᠡ ᠲᠣᠮᠳᠠ ᠵᠡᠷᠭᠡ | ᠶᠢᠨ ᠠᠮᠢᠳᠣᠷᠠᠯ ᠲᠠᠢ ᠠᠶᠢᠯ ᠳᠤ ᠢᠷᠡᠪᠡᠯ ᠨᠢᠭᠡ ᠲᠡᠱᠢ ᠬᠠᠳᠠᠭ᠂ ᠨᠢᠭᠡ ᠭᠡᠰᠡᠭ ᠮᠠᠭᠤ ᠬᠢᠪᠢᠰ ᠢᠶᠠᠨ | ᠲᠠᠯᠪᠢᠴᠢᠭᠠᠳ ᠨᠢᠭᠡ ᠪᠣᠶᠣ ᠬᠤᠶᠠᠷ ᠪᠣᠳᠠ ᠮᠠᠯ ᠲᠡᠮᠳᠡᠭᠯᠡᠬᠦᠯᠬᠦ ᠦᠭᠡᠢ ᠪᠣᠯ ᠶᠠᠪᠣᠳᠠᠭ ᠦᠭᠡᠢ ᠪᠠᠶᠢᠵᠠᠢ᠃ | ᠢᠩᠬᠢᠭᠡᠳ ᠨᠠᠮᠣᠷ ᠪᠣᠯᠵᠤ ᠮᠠᠯ ᠲᠠᠷᠭᠤᠯᠣᠭᠰᠠᠨ ᠬᠤᠶᠢᠨ᠎ᠠ ᠪᠢᠳᠢᠷ ᠤᠨ ᠮᠠᠯ ᠪᠠ ᠪᠠᠰᠨ ᠵᠠᠯᠢᠬᠠᠢ ᠬᠤᠳᠠᠯᠳᠣᠭᠠᠴᠢᠨ | ᠮᠥᠯᠵᠢᠭᠰᠡᠨ ᠲᠠᠢ ᠨᠡᠶᠢᠯᠡᠭᠡᠳ ᠭᠠᠵᠠᠷ ᠪᠥᠬᠦᠨ ᠳᠤ ᠵᠠᠮ ᠲᠦᠬᠦᠷᠡᠩ ᠰᠦᠷᠦᠭ ᠰᠦᠷᠦᠭ ᠢᠶᠠᠷ ᠮᠠᠯ ᠬᠦᠭᠡᠭᠡᠵᠤ | ᠶᠠᠪᠣᠳᠠᠭ ᠪᠠᠶᠢᠯ᠎ᠠ᠃ | ᠬᠤᠶᠠᠷ᠂ ᠪᠠᠶᠢᠭᠠᠯᠢ ᠶᠢᠨ ᠵᠣᠳ ᠭᠠᠮᠰᠢᠭ ᠬᠢᠭᠡᠳ ᠴᠢᠨ᠋ᠸ᠎ᠠ ᠶᠢᠨ ᠠᠶᠣᠯ᠂ ᠵᠢᠴᠢ ᠣᠯᠠᠨ ᠵᠣᠶᠢᠯ ᠤᠨ | ᠭᠡᠮ ᠬᠢᠵᠢᠭ᠂ ᠵᠢᠱᠢᠶ᠎ᠡ ᠨᠢ᠄ ᠮᠢᠯᠵᠢᠩ ᠰᠢᠯᠣᠭᠡᠢ᠂ ᠠᠳᠠᠭ᠂ ᠠᠮᠠᠷᠣᠣ᠂ ᠬᠠᠮᠠᠭᠤ ᠮᠡᠳᠦ ᠶᠢᠨ ᠡᠮᠣᠨ᠎ᠡ᠂ ᠮᠠᠯᠴᠢᠳ | ︽ᠲᠡᠭᠷᠢ ᠪᠣᠷᠬᠠᠨ ᠮᠡᠳᠡᠭ᠂ ᠬᠤᠪᠢ ᠵᠠᠶᠠᠭ᠎ᠠ ᠮᠡᠳᠡᠭ︾ ᠭᠡᠵᠤ ᠮᠣᠬᠤᠷ ᠰᠦᠰᠦᠭ ᠲᠡᠬᠢᠨ ᠵᠠᠯᠪᠢᠷᠠᠬᠤ ᠠᠴᠠ | ᠥᠭᠡᠷ᠎ᠡ ᠶᠠᠮᠠᠷ ᠴᠣ᠋ ᠠᠷᠭ᠎ᠠ ᠵᠠᠮ ᠦᠭᠡᠢ ᠪᠠᠶᠢᠵᠠᠢ᠃ ᠪᠠᠰᠨ ᠮᠢᠯᠵᠢᠩ ᠳᠤ ᠦᠬᠦᠭᠰᠡᠨ ᠮᠠᠯ ᠤᠨ ᠮᠢᠬ᠎ᠠ ᠶᠢ | ᠣᠷᠴᠢᠮ ᠤᠨ ᠠᠶᠢᠯ ᠤᠳ ᠳᠠᠭᠠᠨ ᠲᠦᠭᠡᠭᠡᠨ ᠥᠭᠳᠡᠭ ᠪᠥᠭᠡᠳ ᠬᠠᠷᠢᠨ ᠬᠠᠳᠠᠭ ᠬᠤᠨᠤᠭ ᠪᠣᠳᠠᠭ᠎ᠠ ᠶᠠᠪᠣᠯᠴᠠᠬᠤ | ᠶᠢ ᠴᠡᠭᠡᠷᠯᠡᠳᠡᠭ᠂ ᠪᠠᠰᠨ ᠴᠢᠨ᠋ᠸ᠎ᠠ ᠪᠣᠯ ᠲᠡᠭᠷᠢ ᠶᠢᠨ ᠨᠣᠬᠠᠢ ᠲᠣᠯᠨ ᠬᠠᠮᠢᠭ᠎ᠠ ᠡᠴᠢᠵᠣ ᠭᠡᠨ ᠤ ᠮᠠᠯ ᠢ ᠢᠳᠡ | ᠭᠡᠰᠡᠨ ᠪᠣᠯ ᠲᠡᠬᠦᠨ ᠢᠶᠠᠨ ᠢᠳᠡᠳᠡᠭ ᠶᠣᠮ ᠭᠡᠵᠤ ᠶᠠᠷᠢᠳᠠᠭ ᠪᠠᠶᠢᠵᠠᠢ᠃ ᠡᠳᠡᠭᠡᠷ ᠨᠢ ᠲᠡᠷᠨ ᠨᠡᠶᠢᠭᠡᠮ ᠤᠨ ᠮᠠᠯᠴᠢᠳ | ᠮᠣᠬᠤᠷ ᠰᠦᠰᠦᠭ ᠲᠤ ᠠᠯᠢ ᠵᠡᠷᠭᠡ ᠪᠢᠴᠢᠯᠠᠭᠳᠠᠵᠤ ᠪᠠᠶᠢᠭᠰᠠᠨ ᠪᠠ ᠦᠵᠡᠯ ᠣᠬᠠᠮᠰᠠᠷ ᠨᠢ ᠠᠯᠢ ᠵᠡᠷᠭᠡ | ᠲᠣᠷᠣᠶᠢᠳᠠᠭᠰᠠᠨ ᠢ ᠭᠡᠷᠡᠴᠢᠯᠡᠵᠤ ᠪᠣᠯᠣᠨ᠎ᠠ᠃ | ᠭᠤᠷᠪᠠ᠂ ᠲᠣᠮᠳᠠᠳᠦ ᠢᠷᠭᠡᠨ ᠣᠯᠣᠰ ᠪᠠᠶᠢᠭᠤᠯᠣᠭᠳᠠᠭᠰᠠᠨᠡᠴᠠ ᠬᠤᠶᠢᠨ᠎ᠠ᠂ ᠭᠠᠵᠠᠷ ᠲᠠᠷᠢᠶ᠎ᠠ ᠶᠢ | ᠶᠡᠭᠡᠪᠡᠷ ᠬᠠᠭᠠᠯᠪᠣᠷᠢᠯᠠᠨ ᠮᠠᠯᠴᠢᠳ ᠣᠷᠣᠨ ᠨᠣᠳᠤᠭ ᠠᠴᠠ ᠪᠠᠨ ᠬᠦᠭᠡᠭᠡᠭᠳᠡᠵᠤ ᠲᠣᠩ ᠶᠡᠭᠡ ᠪᠡᠳᠡᠷᠡᠵᠤ | ᠵᠦᠳᠡᠷᠡᠭᠰᠡᠨ ᠤ ᠲᠡᠭᠡᠷ᠎ᠡ ᠭᠤᠮᠢᠨᠳᠠᠩ ᠤᠨ ᠬᠤᠪᠳᠤᠭ ᠲᠦᠰᠢᠮᠡᠳ᠂ ᠬᠤᠯᠠᠭᠠᠶᠢᠴᠢ ᠴᠡᠷᠢᠭ ᠤᠨ ᠲᠠᠯᠬᠢᠯᠳᠡ | ᠬᠢᠭᠡᠳ ᠨᠡᠶᠢᠭᠡᠮ ᠤᠨ ᠲᠢᠭᠯᠢᠮ ᠤᠨ ᠰᠠᠮᠠᠭᠤᠷᠠᠯ ᠠᠴᠠ ᠲᠡᠭᠡᠷᠡᠮ ᠶᠡᠭᠡᠪᠡᠷ ᠲᠡᠭᠳᠡᠭᠰᠡᠨ ᠠᠴᠠ ᠪᠣᠯᠵᠤ᠂ ᠣᠣᠯ | ᠤᠨ ᠰᠢᠯᠣᠭᠤᠨ ᠴᠠᠭᠠᠨ ᠬᠤᠰᠢᠭᠤᠨ ᠤ ᠨᠣᠳᠤᠭ ᠲᠡᠪᠢᠰᠭᠡᠷ ᠤᠨ ᠭᠤᠷᠪᠠᠨ ᠤ ᠬᠤᠶᠠᠷ ᠬᠤᠪᠢ ᠢᠯᠡᠬᠦᠣ ᠨᠢ | ᠲᠠᠷᠢᠶᠠᠯᠠᠬᠤ ᠣᠷᠣᠨ ᠪᠣᠯᠵᠠᠢ᠃ ᠵᠢᠱᠢᠶ᠎ᠠ ᠨᠢ ᠣᠳᠦ ᠶᠢᠨ ᠡᠾᠧᠪᠸᠢ ᠮᠣᠵᠢ ᠶᠢᠨ ᠬᠦᠶᠣᠸᠠᠨ ᠰᠢᠶᠠᠨ ᠪᠠ ᠮᠠᠨ ᠤ | ᠠᠶᠢᠮᠠᠭ ᠤᠨ ᠪᠣᠣ ᠴᠠᠩ ᠰᠢᠶᠠᠨ ᠤ ︵ᠬᠦᠨᠪᠣᠯᠠᠭ ᠰᠣᠮᠤ ᠪᠠᠭᠳᠠᠬᠤ ᠦᠭᠡᠢ︶ ᠪᠣᠰᠣᠳ ᠨᠢ ᠪᠦᠷ ᠣᠣᠯ ᠤᠨ | ᠰᠢᠯᠣᠭᠤᠨ ᠴᠠᠭᠠᠨ ᠬᠤᠰᠢᠭᠤᠨ ᠤ ᠨᠣᠳᠤᠭ ᠪᠡᠯᠴᠢᠭᠡᠷ ᠪᠣᠯᠣᠨ᠎ᠠ᠃ ᠡᠬᠦᠨᠴᠨ ᠭᠠᠳᠠᠨ᠎ᠠ ᠬᠢᠳᠡᠳ ᠤᠨ | ᠵᠠᠯᠢᠬᠠᠶᠢᠴᠣᠳ ᠤᠨ ᠵᠢᠷᠤᠭ᠎ᠠ ᠨᠣᠬᠠᠢ ᠪᠣᠯᠬᠤ ᠨᠣᠳᠤᠭ ᠤᠨ ᠵᠢᠰᠣᠷ ᠡᠷᠭᠡᠳᠡᠨ᠂ ᠵᠠᠯᠢᠬᠠᠢ ᠲᠦᠰᠢᠮᠠᠯ ᠡᠳᠣᠢ | ᠲᠡᠳᠣᠢ ᠭᠠᠷᠴᠣ᠂ ᠬᠠᠷ᠎ᠠ ᠲᠠᠮᠠᠬᠢ᠂ ᠮᠠᠵᠢᠶᠠᠩ ᠫᠠᠢ ᠲᠡᠯᠭᠡᠷᠡᠨ ᠬᠠᠷᠢᠯᠴᠠᠨ ᠱᠣᠯᠣᠯᠴᠠᠬᠤ ᠶᠢ ᠠᠷᠠᠳ ᠤᠳ ᠡᠪ | ᠤᠨ ᠲᠡᠭᠡᠷᠡᠮ ᠭᠡᠳᠡᠭ ᠪᠢᠯᠨ᠃ ᠡᠳᠡᠨ ᠤ ᠵᠠᠷᠢᠮ ᠨᠢ ᠥᠪᠡᠷ ᠢᠶᠠᠨ ᠴᠣ᠋ ᠭᠠᠩ ᠭᠡᠬᠦ ᠨᠣᠬᠠᠢ ᠦᠭᠡᠢ ᠭᠠᠵᠠᠷ | ᠬᠢᠰᠬᠢᠬᠦ ᠮᠠᠯ ᠦᠭᠡᠢ ᠪᠣᠯᠣᠭᠰᠠᠨ ᠴᠣ᠋ ᠬᠠᠷᠢᠨ ᠲᠡᠳᠡᠨ ᠤ ᠭᠡᠷ ᠲᠤᠨᠢ ᠣᠷᠣᠵᠤ ᠦᠵᠡᠪᠡᠯ ᠠᠮᠨ ᠲᠦᠬᠦᠷᠡᠩ ᠠᠯᠳᠠᠨ | ᠰᠢᠳᠦ ᠲᠠᠢ ᠠᠯᠠᠨ ᠳᠠᠭᠠᠨ ᠲᠤᠷᠭᠠᠨ ᠥᠮᠣᠳᠦ ᠲᠠᠢ ᠬᠤᠷᠤᠭᠤᠨ ᠳᠠᠭᠠᠨ ᠠᠯᠳᠠᠨ ᠪᠦᠯᠡᠵᠢᠩ ᠲᠠᠢ ᠪᠠᠷ ᠪᠠᠷᠠᠬᠤ | ᠦᠭᠡᠢ᠂ ᠪᠠᠰᠨ ᠦᠬᠦᠯ ᠤᠨ ᠢᠶᠠᠨ ᠵᠣᠯᠨ ᠵᠢᠡᠮᠣᠨᠡ ᠪᠠᠨ ᠰᠢᠳᠠᠭᠠᠴᠢᠭᠠᠳ᠂ ᠥᠭᠡᠶᠢᠷᠡᠬᠦ ᠶᠢᠨ ᠢᠶᠠᠨ | ᠪᠣᠯᠣᠣ ᠶᠢ ᠠᠮᠠᠨ ᠳᠠᠭᠠᠨ ᠵᠢᠭᠤᠭᠠᠳ ᠬᠡᠪᠳᠡᠵᠤ ᠪᠠᠶᠢᠳᠠᠭ ᠶᠣᠮ᠃ ᠡᠳᠡᠭᠡᠷ ᠨᠢ ᠬᠢᠳᠡᠳ ᠤᠨ ᠵᠠᠯᠢᠬᠠᠶᠢᠴᠢᠳ ᠢ | ᠬᠠᠪᠰᠣᠷᠴᠣ ᠮᠠᠯᠴᠢᠳ ᠢ ᠨᠣᠳᠤᠭ ᠣᠷᠣᠨ ᠠᠴᠠ ᠨᠢ ᠠᠩᠬᠢᠵᠢᠷᠠᠭᠤᠯᠣᠨ ᠪᠡᠳᠡᠷᠡᠬᠦᠯᠵᠣ᠂ ᠮᠣᠩᠭᠤᠯ ᠭᠤᠶᠢᠷᠠᠨᠴᠢ | ᠪᠣᠯᠭᠠᠨᠣᠷᠬᠢᠭᠰᠡᠨ ᠵᠣᠯᠪᠢᠩᠴᠣᠳ ᠶᠣᠮ᠃ ᠡᠳᠡᠨ ᠨᠢ ᠭᠡᠳᠣᠶᠢᠪᠡᠷ ᠬᠦᠮᠣᠨ ᠨᠢ ᠴᠥᠭᠡᠨ ᠪᠣᠯᠪᠠᠴᠣ ᠦᠢᠯᠡᠳᠦᠭᠰᠡᠨ | ᠬᠥᠨᠣᠭᠡᠯ ᠨᠢ ᠲᠤᠩ ᠶᠡᠭᠡ ᠪᠠᠶᠢᠨ᠎ᠠ᠃ ᠲᠣᠮᠳᠠᠳᠦ ᠢᠷᠭᠡᠨ ᠣᠯᠣᠰ ᠪᠠᠶᠢᠭᠤᠯᠣᠭᠳᠠᠭᠰᠠᠨ ᠤ ᠲᠠᠷᠠᠭ᠎ᠠ ᠭᠤᠮᠢᠨᠳᠠᠩ | ᠤᠨ ᠬᠢᠳᠡᠳ ᠤᠨ ᠵᠠᠯᠢᠬᠠᠶᠢᠴᠣᠳ ᠵᠦᠪᠭᠡᠨ ᠭᠡᠳᠦᠨ ᠮᠣᠩᠭᠤᠯᠴᠣᠳ ᠢ ᠲᠠᠯᠬᠢᠭᠰᠠᠨ ᠢᠶᠠᠷ ᠪᠠᠷᠠᠬᠤ ᠦᠭᠡᠢ | ᠬᠢᠳᠠᠳ ᠦᠨᠳᠦᠰᠣᠳᠡᠨ ᠢᠶᠠᠨ ᠴᠣ᠋ ᠣᠶᠢᠯᠨ ᠲᠠᠮᠣ ᠶᠢ ᠨᠢ ᠦᠵᠡᠬᠦᠯᠵᠣ ᠪᠠᠶᠢᠭᠰᠠᠨ ᠶᠣᠮ᠃ ᠲᠡᠳᠡᠨ ᠤ ᠬᠠᠷᠬᠢᠰ | ᠠᠵᠢᠯᠯᠠᠭ᠎ᠠ ᠢ ᠪᠢ ᠭᠡᠯᠡᠭᠡᠳ ᠲᠠᠭᠤᠰᠬᠠᠵᠣ ᠶᠠᠭᠠᠬᠢᠨ ᠴᠢᠳᠠᠬᠤ ᠪᠢᠯᠨ︖︕ ᠭᠡᠪᠡᠴᠣ ᠨᠢᠳᠦ ᠪᠠᠷ ᠦᠵᠡᠵᠤ | ᠰᠣᠨᠣᠰᠴᠣ ᠥᠩᠭᠡᠷᠡᠭᠰᠡᠨ ᠨᠢᠭᠡ ᠬᠤᠶᠠᠷ ᠵᠢᠱᠢᠶ᠎ᠡ ᠭᠡᠯᠡᠳᠡᠭ ᠪᠣᠯ ᠢᠷᠭᠡᠨ ᠣᠯᠣᠰ ᠤᠨ ᠠᠷᠪᠠᠨ ᠲᠠᠪᠣᠳᠣᠭᠠᠷ ᠣᠨ | ᠳᠤ ᠶᠡᠭᠡ ᠭᠠᠩ ᠭᠠᠮᠰᠢᠭ ᠪᠣᠯᠵᠤ ᠲᠡᠷᠢᠶᠠᠴᠢᠳ ᠶᠡᠭᠡ ᠪᠡᠳᠡᠷᠡᠭᠰᠡᠨ ᠳᠤ ᠭᠠᠮᠰᠢᠭᠳᠠᠭᠰᠠᠨ ᠣᠷᠣᠨ ᠤ | ᠡᠮᠡᠭᠳᠡᠶᠢᠴᠣᠳ ᠢ ᠭᠠᠯ ᠲᠡᠷᠭᠡ ᠪᠠᠷ ᠴᠢᠭᠤᠯᠣᠯᠳᠦ ᠬᠠᠭᠠᠯᠭ᠎ᠠ ︵ᠵᠠᠩᠵᠢᠶᠠᠺᠸᠣ︶ ᠶᠢᠨ ᠲᠡᠷᠭᠡᠨ ᠥᠷᠳᠡᠭᠡᠨ | ᠲᠡᠭᠡᠷ᠎ᠡ ᠠᠪᠴᠣ ᠢᠷᠡᠭᠡᠳ ᠡᠩᠨᠡᠬᠦᠯᠣᠨ ᠰᠠᠭᠤᠯᠭᠠᠴᠢᠭᠠᠳ ᠨᠢᠭᠤᠷ ᠤᠨ ᠡᠮᠣᠨ᠎ᠡ ᠨᠢ ᠬᠦᠰᠢᠭᠡ ᠲᠠᠳᠠᠭᠠᠳ ᠵᠦᠪᠭᠡᠨ | ᠬᠦᠯ ᠢ ᠨᠢ ᠦᠵᠡᠬᠦᠯᠵᠣ ᠪᠣᠭᠤᠯ ᠵᠠᠷᠤᠳᠠᠰᠣ ᠪᠣᠯᠭᠠᠨ ᠬᠤᠳᠠᠯᠳᠣᠵᠤ ᠪᠠᠶᠢᠵᠠᠢ᠃ ᠲᠡᠷᠨ ᠦᠶ᠎ᠡ ︵三寸金莲 | ︶ ᠭᠡᠵᠤ ᠭᠡᠳᠣᠢ ᠪᠢᠴᠢᠬᠠᠨ ᠬᠦᠯ ᠲᠠᠢ ᠪᠣᠯ ᠲᠡᠳᠣᠢ ᠴᠡᠪᠡᠷᠭᠡᠨ ᠬᠦᠮᠣᠨ ᠭᠡᠵᠤ ᠦᠵᠡᠵᠣ ᠪᠠᠶᠢᠭᠰᠠᠨ ᠲᠣᠯᠨ ᠵᠠᠷᠢᠮ | ᠢᠳᠡᠷ ᠵᠠᠯᠠᠭᠤ ᠨᠢ ᠪᠠᠰᠨ ᠨᠢᠭᠡ ᠪᠣᠯᠣᠮᠠᠷ ᠶᠠᠭᠤᠮ᠎ᠠ ᠣᠯᠴᠢᠬᠠᠬᠤ ᠪᠣᠯᠪᠠᠣ ᠭᠡᠳ ᠠᠯᠢ ᠪᠢᠴᠢᠬᠠᠨ ᠬᠦᠯ ᠲᠠᠢ ᠶᠢ ᠨᠢ | ᠰᠢᠯᠢᠵᠣ ᠠᠪᠣᠭᠰᠠᠨ ᠳᠤ ᠬᠠᠷᠢᠨ ᠶᠡᠭᠡ ᠨᠠᠰᠣᠳᠠᠢ ᠱᠣᠶᠢᠱᠤᠭ ᠡᠮᠡᠭᠡᠨ ᠪᠠᠶᠢᠵᠠᠢ ᠭᠡᠨ᠎ᠡ᠃ ᠡᠨ᠋ᠨ ᠪᠣᠯ ᠭᠤᠮᠢᠨᠳᠠᠩ | ᠠᠴᠠ ᠪᠡᠳᠡᠷᠡᠭᠰᠡᠨ ᠠᠷᠠᠳ ᠲᠤ ᠠᠮᠢᠳᠣᠷᠠᠬᠤ ᠵᠠᠮ ᠣᠯᠭᠤᠵᠤ ᠪᠠᠶᠢᠭ᠎ᠠ ᠭᠡᠷᠡᠭ ᠪᠣᠯᠣᠨ᠎ᠠ᠃ | ᠪᠠᠰᠨ ᠨᠢᠭᠡ ᠵᠢᠱᠢᠶ᠎ᠡ ᠨᠢ ᠲᠡᠭᠡᠷᠡᠮ ᠬᠤᠯᠠᠭᠠᠢ ᠭᠠᠵᠠᠷ ᠪᠥᠬᠦᠨ ᠳᠤ ᠲᠦᠬᠦᠷᠴᠣ ᠫᠣᠣ ᠪᠠᠷᠢᠭᠰᠠᠨ ᠨᠢ ᠳ᠋ᠠ ᠪᠢᠩ᠂ | ᠮᠣᠳᠦ ᠪᠠᠷᠢᠭᠰᠠᠨ ᠨᠢ ᠡᠯ ᠪᠢᠩ ᠭᠡᠵᠤ ᠭᠡᠯᠡᠳᠡᠭ ᠪᠥᠭᠡᠳ ᠡᠳᠡᠭᠡᠷ ᠨᠢ ᠰᠡᠬᠦᠯ ᠳᠡᠭᠡᠨ ᠲᠡᠭᠡᠷᠡᠮᠳᠡᠭᠡᠳ ᠲᠡᠮᠡᠢ | ᠣᠯᠳᠠᠬᠤ ᠶᠠᠭᠤᠮ᠎ᠠ ᠦᠭᠡᠢ ᠪᠣᠯᠣᠭᠰᠠᠨ ᠳᠤ ᠬᠠᠷᠢᠨ ᠪᠥᠳᠦᠨ ᠰᠢᠭ ᠬᠤᠪᠴᠠᠰᠣ ᠲᠠᠢ ᠬᠦᠮᠣᠨ ᠲᠠᠭᠠᠷᠠᠪᠠᠯ ᠹᠢᠶᠣᠣᠷ | ᠪᠠᠷᠢᠵᠣ᠂ ᠭᠡᠳᠦᠨ ᠵᠣᠭᠤᠰ ᠪᠣᠶᠣ ᠭᠡᠳᠦᠨ ᠯᠠᠩ ᠬᠠᠷ᠎ᠠ ᠲᠠᠮᠠᠬᠢ ᠠᠪᠬᠤ ᠦᠭᠡᠢ ᠪᠣᠯ ᠲᠠᠯᠪᠢᠬᠤ ᠦᠭᠡᠢ ᠲᠠᠷᠴᠢᠯᠭᠠᠵᠣ | ᠪᠠᠶᠢᠪᠠ᠃ | ᠡᠶᠢᠮᠣ ᠪᠠᠶᠢᠳᠠᠯ᠎ᠠ ᠭᠤᠮᠢᠨᠳᠠᠩ ᠤᠨ ᠴᠡᠷᠢᠭ ᠨᠢ ᠬᠤᠯᠠᠭᠠᠢ ᠶᠢ ᠴᠣᠬᠢᠬᠤ ᠦᠭᠡᠢ ᠮᠥᠷᠳᠡᠭᠡᠨ ᠬᠠᠷᠢᠨ | ᠲᠡᠷᠢ ᠰᠣᠮᠤ ᠪᠠᠨ ᠲᠡᠭᠡᠷᠡᠮ ᠳᠤ ᠥᠭᠴᠣ ᠬᠠᠷ᠎ᠠ ᠲᠡᠮᠡᠬᠢ ᠰᠣᠯᠢᠵᠤ ᠪᠠᠶᠢᠳᠠᠭ ᠶᠣᠮ᠂ ᠪᠠᠰᠨ ᠴᠢᠭᠤᠯᠣᠯᠳᠦ | ᠬᠠᠭᠠᠯᠭ᠎ᠠ ᠶᠢᠨ ᠵᠡᠭᠡᠯᠢ ᠲᠡᠭᠡᠷ᠎ᠡ ᠬᠡᠣᠭᠡᠳ ᠢᠶᠠᠨ ᠬᠦᠳᠦᠯᠦᠭᠰᠡᠨ ᠡᠷ᠎ᠡ ᠡᠭᠡᠨᠡᠷ ᠢᠶᠠᠨ ᠬᠤᠳᠠᠯᠳᠣᠨ᠎ᠠ ᠭᠡᠵᠤ | ᠪᠡᠷᠬᠢᠷᠠᠵᠤ ᠪᠠᠶᠢᠭᠰᠠᠨ ᠶᠣᠮ᠃ ᠡᠨ᠋ᠨ ᠦᠶ᠎ᠡ ᠳᠤ ᠴᠢᠭᠤᠯᠣᠯᠳᠦ ᠬᠠᠭᠠᠯᠭ᠎ᠠ ᠶᠢᠨ ᠪᠣᠳᠠᠭᠠᠨ ᠭᠡᠷ ᠤᠨ | ᠲᠤᠭᠤᠷᠭᠠᠨ ᠳᠤ ᠪᠠᠨ ︵衣帽自守免谈国事︶ ᠬᠤᠪᠴᠠᠰᠣ ᠮᠠᠯᠠᠭᠠᠢ ᠪᠠᠨ ᠥᠪᠡᠷᠳᠡᠭᠡᠨ | ᠬᠠᠮᠠᠭᠠᠯᠠᠨ᠎ᠠ᠂ ᠣᠯᠣᠰ ᠤᠨ ᠭᠡᠷᠡᠭ ᠢ ᠪᠣᠣ ᠬᠡᠯᠡᠯᠴᠡᠭᠳᠦᠨ ᠭᠡᠵᠤ ᠪᠢᠴᠢᠭᠰᠡᠨ ᠪᠠᠶᠢᠳᠠᠭ ᠪᠢᠯᠨ᠂ ᠡᠨ᠋ᠨ ᠮᠡᠳᠦ | ᠣᠶᠢᠯᠨ ᠵᠣᠪᠠᠯᠠᠩ ᠢ ᠭᠡᠯᠡᠵᠤ ᠪᠠᠷᠠᠰᠢ ᠦᠭᠡᠢ ᠶᠣᠮ᠃ | ᠢᠩᠬᠢᠵᠣ ᠪᠠᠶᠢᠳᠠᠯ᠎ᠠ ᠶᠠᠫᠣᠨ ᠡᠵᠡᠷᠭᠡᠭ ᠲᠦᠷᠢᠮᠡᠭᠡᠶᠢᠳᠡᠨ ᠢᠷᠡᠵᠤ ᠪᠠᠰᠨ ᠶᠠᠭᠤᠨ ᠤ ᠲᠡᠮᠴᠣᠭ᠍ᠳᠣᠩᠷᠣᠪ | ᠤᠨ ᠥᠪᠡᠷᠳᠡᠭᠡᠨ ᠵᠠᠰᠠᠬᠤ ᠭᠡᠳᠡᠭ ᠬᠠᠭᠤᠷᠮᠠᠭ ᠵᠠᠰᠠᠭ ᠭᠠᠷᠤᠭᠰᠠᠨ ᠠᠴᠠ ᠬᠤᠶᠢᠰᠢ ᠨᠠᠩ ᠴᠣ᠋ ᠭᠡᠯᠡᠬᠦ ᠶᠢᠨ ᠠᠷᠭ᠎ᠠ | ᠦᠭᠡᠢ ᠪᠣᠯᠪᠠ᠃ ᠵᠦᠪᠭᠡᠨ ᠪᠠᠭ᠎ᠠ ᠵᠢᠱᠢᠶ᠎ᠡ ᠠᠪᠴᠣ ᠬᠡᠯᠡᠬᠦ ᠳᠤ ᠥᠨᠣᠬᠢ ᠪᠡᠯᠡᠨ ᠪᠣᠳᠠᠭ᠎ᠠ ᠢᠳᠡᠭᠡᠳ ᠦᠬᠦᠭᠰᠡᠨ | ᠲᠡᠮᠡᠭᠡ ᠬᠠᠷᠢᠭᠤᠯᠵᠤ ᠪᠠᠶᠢᠳᠠᠭ ᠯᠠᠮᠨ ᠬᠠᠷ᠎ᠠ ᠭᠡᠵᠤ ᠢᠯᠭᠠᠯ ᠦᠭᠡᠢ ᠢᠳᠡᠷ ᠨᠠᠰᠣᠨ ᠤ ᠡᠷᠡᠭᠳᠡᠶᠢᠴᠣᠳ ᠢ ᠴᠥᠮ | ᠴᠡᠷᠢᠭ ᠲᠤ ᠠᠪᠴᠣ᠂ ᠶᠠᠫᠤᠨᠴᠣᠳ ᠤᠨ ᠡᠮᠣᠨ᠎ᠠ ᠫᠣᠣ ᠶᠢᠨ ᠪᠥᠭᠯᠡᠭᠡᠰᠣ ᠪᠣᠯᠭᠠᠵᠣ᠂ ᠦᠯᠡᠳᠡᠭᠰᠡᠨ ᠪᠠᠭᠠᠴᠣᠳ ᠢ | ᠨᠢ ᠶᠠᠫᠣᠨ ᠳᠤ ᠪᠣᠭᠤᠯᠴᠢᠯᠠᠭᠤᠯᠬᠤ ᠶᠢᠨ ᠲᠥᠯᠣᠭᠡ ᠡᠷᠡᠭᠳᠡᠢ ᠡᠮᠡᠭᠳᠡᠢ ᠢᠯᠭᠠᠯ ᠦᠭᠡᠢ ᠪᠠᠷ ᠰᠣᠷᠭᠠᠭᠤᠯᠢ ᠳᠤ | ᠠᠪᠴᠢᠷᠠᠵᠤ ᠶᠠᠫᠣᠨ ᠳᠤ ᠣᠶᠢᠯᠡᠴᠢᠯᠡᠬᠦ ᠬᠦᠮᠣᠵᠢᠯ ᠬᠢᠯᠭᠡᠵᠤ᠂ ᠠᠶᠢᠯ ᠭᠡᠷ ᠲᠡᠭᠡᠨ ᠦᠯᠡᠳᠡᠵᠣ ᠠᠵᠣ ᠠᠮᠢᠳᠣᠷᠠᠯ | ᠢᠶᠠᠨ ᠬᠢᠳᠡᠭ ᠨᠢ ᠵᠦᠪᠭᠡᠨ ᠭᠡᠳᠦᠨ ᠡᠪᠣᠭᠡᠳ ᠬᠦᠭᠰᠢᠳ ᠪᠣᠶᠣ ᠦᠴᠣᠭᠡᠨ ᠭᠡᠣᠭᠡᠳ ᠵᠡᠷᠭᠡ ᠪᠣᠯᠣᠨ᠎ᠠ᠃ ᠡᠨ᠋ᠨ ᠪᠣᠯ | ᠮᠠᠯᠴᠢᠳ ᠤᠨ ᠠᠮᠢᠳᠣᠷᠠᠯ ᠣᠯᠠᠮ ᠰᠦᠷᠡᠭᠡᠢ ᠲᠤᠷᠣᠶᠢᠳᠠᠬᠤ ᠶᠢᠨ ᠨᠢᠭᠡᠳᠦᠭᠡᠷ ᠰᠢᠨᠵᠢ ᠲᠡᠮᠳᠡᠭ ᠮᠥᠨ᠃ | ᠬᠤᠶᠠᠳᠣᠭᠠᠷ ᠲᠤ ᠴᠡᠷᠢᠭ ᠤᠨ ᠬᠦᠯᠥᠭ ᠪᠣᠯᠬᠤ ᠠᠭᠳᠠ ᠮᠣᠷᠢ ᠭᠡᠳᠦᠢ ᠭᠡᠳᠡᠯ᠎ᠠ᠂ ᠦᠷᠡᠵᠢᠯ ᠤᠨ ᠮᠠᠯ ᠭᠡᠳᠣᠢ | ᠭᠡᠳᠣᠢ ᠭᠡᠵᠤ ᠵᠢᠯ ᠲᠠᠷᠠᠭᠠᠯᠠᠨ ᠠᠪᠳᠠᠭ ᠪᠣᠯᠪᠠ᠃ ᠭᠤᠷᠪᠠ ᠳᠤ ᠬᠠᠭᠤᠴᠢᠨ ᠤ ᠪᠠᠶᠢᠳᠠᠭ ᠵᠣᠳ ᠭᠠᠮᠰᠢᠭ᠂ ᠭᠡᠮ | ᠬᠢᠵᠢᠭ᠂ ᠴᠢᠨ᠋ᠸ᠎ᠠ ᠶᠢᠨ ᠠᠶᠣᠯ ᠨᠢ ᠨᠠᠩ ᠭᠡᠴᠡᠬᠦᠳᠦᠭᠰᠡᠨ ᠶᠣᠮ᠂ ᠡᠳᠡᠭᠡᠷ ᠨᠢ ᠵᠠᠰᠠᠭ ᠲᠦᠷᠣ ᠭᠡᠴᠢᠨᠡᠨ | ᠬᠤᠪᠢᠷᠠᠭᠰᠠᠨ ᠴᠣ᠋ ᠮᠣᠩᠭᠤᠯᠴᠣᠳ ᠤᠨ ᠲᠠᠷᠣᠯᠠᠯ ᠮᠥᠯᠵᠢᠯ ᠨᠠᠩ ᠬᠦᠨᠳᠣᠷᠴᠣ ᠠᠵᠣ ᠠᠮᠢᠳᠣᠷᠠᠯ ᠨᠢ ᠣᠯᠠᠮ | ᠲᠤᠷᠣᠶᠢᠳᠠᠬᠤ ᠶᠢᠨ ᠰᠢᠨᠵᠢ ᠲᠠᠮᠳᠡᠭ ᠢ ᠪᠥᠷᠢᠯᠳᠦᠬᠦᠯᠦᠭᠰᠡᠨ ᠪᠢᠯᠨ᠃ | ᠶᠠᠫᠣᠨ ᠵᠣᠯᠢᠭᠴᠣᠳᠵᠦ᠋ᠪᠭᠡᠨ ᠠᠷᠪᠠ ᠭᠠᠷᠣᠢ ᠵᠢᠯ ᠤᠨ ᠬᠤᠭᠤᠴᠠᠭ᠎ᠠ ᠡᠵᠡᠷᠭᠡᠭᠰᠡᠨ ᠪᠣᠯᠪᠠᠴᠣ | ᠬᠠᠭᠤᠴᠢᠨ ᠹᠸᠣᠳᠠᠯ ᠤᠨ ᠬᠤᠰᠢᠭᠤ ᠪᠠᠶᠢᠭᠤᠯᠣᠯᠳᠠᠶᠢᠨ ᠭᠡᠪ ᠲᠥᠷᠢᠮ ᠳᠤ ᠡᠳᠣᠢ ᠲᠡᠳᠣᠢ ᠬᠤᠪᠢᠷᠠᠯᠳᠡ | ᠭᠠᠷᠭᠠᠵᠠᠢ᠃ ᠡᠬᠦᠨ ᠢ ᠪᠣᠳᠠᠳᠠᠢ ᠪᠠᠷ ᠬᠡᠯᠡᠳᠡᠭ ᠪᠣᠯ ᠲᠤᠤᠷᠠᠬᠢ ᠮᠡᠳᠦ ᠪᠣᠯᠣᠨ᠎ᠠ᠃ | ᠨᠢᠭᠡᠳᠦᠭᠡᠷ ᠲᠤ᠂ ᠡᠨᠡᠬᠦ ᠬᠤᠰᠢᠭᠤ ᠭᠡᠳᠡᠭ ᠨᠢᠭᠡ ᠪᠥᠯᠥᠭ ᠴᠡᠷᠢᠭ ᠢ ᠮᠠᠨᠵᠣ ᠶᠢᠨ ᠬᠠᠭᠠᠨ ᠤ ᠦᠶ᠎ᠡ | ᠳᠤ ᠬᠤᠷᠢᠶᠠᠮᠵᠢᠯᠠᠨ ᠠᠪᠴᠣ᠂ ᠲᠤᠰ ᠲᠤᠰ ᠨᠣᠳᠤᠭ ᠲᠡᠪᠢᠰᠭᠡᠷ ᠵᠢᠭᠠᠨ ᠥᠭᠴᠣ ᠰᠠᠭᠤᠷᠢᠰᠢᠭᠤᠯᠬᠤ ᠳᠠᠭᠠᠨ | ᠴᠥᠮ ᠢ ᠣᠷᠳᠦ ᠴᠠᠭᠠᠨ ᠭᠡᠷᠡᠮ ᠤᠨ ᠭᠠᠳᠠᠭᠤᠷ ᠬᠢᠳᠡᠳ ᠤᠨ ᠵᠠᠬ᠎ᠠ ᠪᠠᠷ ᠰᠠᠭᠤᠯᠭᠠᠵᠠᠢ᠃ ᠡᠶᠢᠮᠣ ᠳᠤ ᠡᠨ᠋ᠨ | ᠵᠠᠬ᠎ᠠ ᠪᠠᠷ ᠭᠡᠰᠡᠨ ᠦᠭᠡ ᠨᠢ ᠶᠠᠪᠣᠭᠠᠨ ᠳᠠᠭᠠᠨ ᠴᠠᠬᠠᠷ ᠭᠡᠰᠡᠨ ᠦᠭᠡ ᠪᠣᠯᠣᠭᠰᠠᠨ ᠶᠣᠮ ᠭᠡᠵᠤ ᠣᠷᠢᠳ ᠤᠨ | ᠬᠦᠮᠣᠰ ᠠᠴᠠ ᠣᠯᠠᠮᠵᠢᠯᠠᠨ ᠭᠡᠯᠡᠯᠴᠡᠳᠡᠭ ᠴᠣ᠋ ᠪᠣᠢ᠃ ᠭᠡᠬᠦ ᠳᠡᠭᠡᠨ ᠥᠩᠭᠡᠷᠡᠭᠰᠡᠨ ᠳᠤ ᠮᠠᠨ ᠤ ᠴᠠᠬᠠᠷ ᠬᠤᠰᠢᠭᠤᠨ | ᠳᠤ ᠶᠡᠷᠣ ᠸᠠᠩ ᠵᠡᠷᠭᠡᠳᠡᠨ ᠪᠠ ᠠᠶᠢᠮᠠᠭ ᠤᠨ ᠵᠠᠰᠠᠭ ᠭᠡᠵᠤ ᠦᠭᠡᠢ ᠪᠠᠶᠢᠯ᠎ᠠ᠃ ᠭᠡᠳᠡᠯ᠎ᠡ ᠶᠠᠫᠣᠨ | ᠲᠦᠷᠢᠮᠡᠭᠡᠶᠢᠯᠡᠭᠴᠢᠳ ᠢᠷᠡᠭᠡᠳ ᠲᠡᠮᠴᠣᠭ᠍ᠳᠣᠩᠷᠣᠪ ᠤᠨ ᠬᠠᠭᠤᠷᠮᠠᠭ ᠵᠠᠰᠠᠭ ᠤᠨ ᠲᠤᠤᠷ᠎ᠠ ᠴᠠᠬᠠᠷ ᠠᠶᠢᠮᠠᠭ ᠭᠡᠵᠣ | ᠣᠳᠦ ᠶᠢᠨ ᠡᠾᠪᠸᠢ ᠮᠣᠵᠢ᠂ ᠵᠠᠩᠪᠸᠢ ᠰᠢᠶᠠᠨ ᠳᠤ ᠪᠠᠶᠢᠭᠤᠯᠣᠭᠳᠠᠵᠤ᠂ ᠣᠣᠯ ᠳᠠᠭᠠᠨ ᠬᠤᠰᠢᠭᠤ ᠰᠣᠮᠣᠨ ᠤ | ᠲᠦᠰᠢᠶᠠᠯᠳᠠᠨ ᠨᠠᠷ ᠢ ᠬᠠᠭᠠᠨ ᠤ ᠰᠠᠶᠢᠳ ᠤᠨ ᠶᠠᠮᠣᠨ ᠪᠠ ᠮᠣᠵᠢ ᠶᠢᠨ ᠶᠠᠮᠣᠨ ᠠᠴᠠ ᠲᠣᠮᠢᠯᠠᠵᠤ ᠪᠠᠶᠢᠭᠰᠠᠨ ᠢ | ᠰᠢᠭᠤᠳ ᠴᠠᠬᠠᠷ ᠠᠶᠢᠮᠠᠭ ᠠᠴᠠ ᠲᠤᠮᠢᠯᠠᠳᠠᠭ ᠪᠣᠯᠪᠠ᠃ | ᠬᠤᠶᠠᠳᠣᠭᠠᠷ ᠲᠤ᠂ ᠬᠠᠭᠤᠴᠢᠨ ᠬᠤᠰᠢᠭᠤᠨ ᠤ ᠠᠯᠪᠠ ᠭᠡᠳᠡᠭ ᠨᠢ ᠰᠣᠮᠣᠨ ᠤ ᠭᠡᠳᠣᠨ ᠨᠣᠶᠠᠳ ᠨᠠᠷ | ᠮᠣᠷᠢ ᠪᠠᠨ ᠣᠨᠣᠵᠤ ᠬᠦᠨᠡᠰᠣ ᠪᠠᠨ ᠭᠠᠨᠵᠣᠭᠠᠯᠠᠨ ᠢᠷᠡᠵᠤ ᠵᠢᠰᠢᠶ᠎ᠠ ᠡᠭᠡᠯᠵᠢ ᠪᠠᠷ ᠵᠢᠷᠤᠮ ᠤᠨ ᠠᠯᠪᠠ ᠬᠢᠵᠣ | ᠪᠠᠶᠢᠭᠰᠠᠨ ᠨᠢ ᠦᠭᠡᠢ ᠪᠣᠯᠵᠤ᠂ ᠬᠤᠰᠢᠭᠤᠨ ᠳᠤ ᠶᠡᠷᠣᠩᠭᠡᠢ ᠶᠠᠪᠣᠳᠠᠯ ᠤᠨ ᠰᠠᠯᠠᠭ᠎ᠠ᠂ ᠠᠮᠣᠷ ᠢ ᠬᠠᠮᠠᠭᠠᠯᠠᠬᠤ | ᠰᠠᠯᠠᠭ᠎ᠠ ᠭᠡᠵᠤ ᠪᠠᠶᠢᠭᠤᠯᠣᠭᠠᠳ ᠰᠠᠯᠠᠭ᠎ᠠ ᠪᠦᠷᠢ ᠲᠤᠤᠷ᠎ᠠ ᠨᠢ ᠨᠢᠵᠡᠭᠡᠳ ᠬᠤᠪᠢᠶᠠᠷᠢᠳᠠᠢ ᠪᠣᠯᠵᠤ ᠥᠨᠣᠬᠢ ᠦᠷᠬᠦᠯᠵᠢ | ᠭᠡᠷ ᠲᠡᠭᠡᠨ ᠰᠠᠭᠤᠳᠠᠭ ᠠᠮᠪᠠᠨ ᠵᠠᠯᠠᠨ ᠨᠠᠷ ᠶᠠᠮᠣᠨ ᠳᠠᠭᠠᠨ ᠬᠦᠷᠴᠣ ᠠᠯᠪᠠ ᠬᠢᠬᠦ ᠪᠣᠯᠪᠠ᠃ ᠢᠩᠬᠢᠭᠡᠳ ᠣᠷᠢᠳ | ᠲᠠᠭᠠᠨ ᠬᠤᠶᠠᠷ ᠵᠠᠯᠠᠨ ᠲᠠᠢ ᠪᠠᠶᠢᠭᠰᠠᠨ ᠠᠴᠠ ᠪᠠᠨ ᠲᠦᠷᠪᠡᠨ ᠵᠠᠯᠠᠨ ᠲᠠᠢ ᠪᠣᠯᠣᠭᠠᠳ ᠠᠮᠪᠠᠨ ᠭᠡᠳᠡᠭ ᠨᠢ | ᠬᠤᠰᠢᠭᠤ ᠲᠠᠷᠤᠭ᠎ᠠ ᠭᠡᠬᠦ ᠪᠣᠯᠵᠤ᠂ ᠵᠠᠯᠠᠨ ᠭᠡᠳᠡᠭ ᠨᠢ ᠰᠠᠯᠠᠭᠠᠨ ᠲᠠᠷᠤᠭ᠎ᠠ ᠪᠣᠯᠪᠠ᠃ ᠡᠳᠡᠭᠡᠷ ᠨᠢ ᠨᠡᠷ᠎ᠡ ᠲᠡᠭᠡᠷ᠎ᠡ | ᠪᠠᠨ ᠡᠶᠢᠮᠣ ᠲᠡᠶᠢᠮᠣ ᠲᠠᠷᠤᠭ᠎ᠠ ᠭᠡᠳᠡᠭ ᠪᠣᠯᠪᠠᠴᠣ ᠦᠨᠡᠨ ᠳᠡᠭᠡᠨ ᠨᠢᠭᠡᠯᠨ ᠶᠠᠫᠣᠨ ᠵᠦᠪᠯᠡᠭᠴᠢ ︵ᠲᠠᠷᠤᠭ᠎ᠠ︶ᠭᠡᠨ ᠢ | ᠶᠠᠭᠤ ᠬᠢ ᠭᠡᠪᠡᠯ ᠴᠢᠩᠬᠢᠬᠦ ᠯᠨ ᠪᠣᠯᠵᠠᠢ᠂ ᠡᠶᠢᠮᠣ ᠳᠤ ᠣᠷᠢᠳ ᠤᠨ ᠠᠮᠪᠠᠨ ᠵᠠᠯᠠᠨ ᠨᠠᠷ ᠤᠨ ᠠᠯᠳᠠᠨ ᠲᠠᠮᠠᠭ᠎ᠠ ᠨᠢ | ᠭᠡᠷ ᠲᠡᠭᠡᠨ ᠲᠠᠬᠢᠵᠣ ᠲᠠᠯᠪᠢᠳᠠᠭ ᠶᠠᠩᠰᠤᠭ ᠤᠨ ᠶᠠᠭᠤᠮ᠎ᠠ ᠪᠣᠯᠵᠤ ᠬᠤᠴᠣᠷᠪᠠ᠃ | ᠭᠤᠷᠪᠠᠳᠣᠭᠠᠷ ᠲᠤ᠂ ᠣᠷᠢᠳ ᠤᠨ ᠵᠢᠷᠣᠮ ᠤᠨ ᠠᠯᠪᠠ ᠨᠢ ᠵᠣᠭᠰᠣᠭᠠᠳ ᠥᠷᠬᠦᠯᠵᠢ ᠰᠠᠭᠤᠵᠤ | ᠠᠯᠪᠠᠨ ᠠᠵᠢᠯ ᠬᠢᠳᠡᠭ ᠭᠡᠳᠦᠨ ᠬᠦᠮᠣᠰ ᠲᠡᠭᠡᠨ ᠬᠤᠭᠤᠯᠨ ᠢᠳᠡᠬᠦᠯᠬᠦ ᠬᠡᠷᠡᠭᠳᠡᠢ ᠪᠣᠯᠣᠭᠰᠠᠨ ᠳᠤ ᠠᠪᠣᠭᠰᠠᠨ | ᠠᠷᠭ᠎ᠠ ᠨᠢ ᠣᠣᠯ ᠤᠨ ᠨᠣᠳᠤᠭ ᠣᠷᠣᠨ ᠡᠴᠡᠭᠡᠨ ᠬᠦᠭᠡᠭᠡᠭᠳᠡᠵᠤ ᠨᠡᠬᠦᠵᠣ ᠰᠢᠯᠵᠢᠭᠰᠡᠨ ᠰᠦᠮ᠎ᠡ ᠨᠦᠭᠦᠳ ᠲᠤ | ᠠᠳᠠᠯᠢ ᠪᠣᠰᠣ ᠭᠡᠮᠵᠢᠶᠡᠨ ᠤ ᠵᠣᠯᠨ ᠬᠦᠵᠢᠰ ᠤᠨ ᠭᠠᠵᠠᠷ ᠭᠡᠵᠣ ᠲᠡᠷᠢᠶ᠎ᠠ ᠲᠠᠢ ᠪᠠᠶᠢᠵᠣ᠂ ᠲᠤᠰ ᠲᠤᠰ ᠰᠦᠮ᠎ᠡ | ᠠᠴᠠ ᠪᠠᠨ ᠬᠠᠮᠢᠶᠠᠷᠴᠣ ᠲᠦᠷᠢᠶᠡᠰᠣ ᠪᠠᠨ ᠠᠪᠴᠣ ᠪᠠᠶᠢᠭᠰᠠᠨ ᠢ ᠰᠢᠭᠤᠳ ᠬᠤᠰᠢᠭᠤ ᠬᠠᠮᠢᠶᠠᠷᠬᠤ ᠪᠣᠯᠪᠠ᠃ | ᠡᠬᠦᠨ ᠳᠤ ᠲᠠᠷᠢᠶ᠎ᠠ ᠲᠠᠢ ᠪᠠᠶᠢᠭᠰᠠᠨ ᠰᠦᠮ᠎ᠡ ᠨᠢ ᠲᠡᠷᠢᠬᠦᠨ ᠰᠣᠮᠣᠨ ᠤ ᠲᠠᠯ ᠤᠨ ᠰᠦᠮ᠎ᠡ ᠶᠢᠨ ᠵᠢᠷᠠᠨ ᠴᠢᠩ᠂ | ᠵᠢᠷᠭᠤᠭ᠎ᠠ ᠰᠣᠮᠣᠨ ᠤ ᠬᠤᠯᠣᠳ ᠶᠢᠨ ᠰᠦᠮ᠎ᠡ ᠶᠢᠨ ᠵᠢᠷᠠᠨ ᠴᠢᠩ᠂ ᠠᠷᠪᠠᠳᠣᠭᠠᠷ ᠰᠣᠮᠣᠨ ᠤ ᠬᠤᠢ ᠮᠢᠩ ᠰᠧ | ᠰᠦᠮ᠎ᠡ ᠶᠢᠨ ᠵᠢᠷᠠᠨ ᠴᠢᠩ᠂ ᠠᠷᠪᠠᠨ ᠨᠢᠭᠡᠳᠦᠭᠡᠷ ᠰᠣᠮᠣᠨ ᠤ ᠨᠡᠷᠡᠳᠦ ᠶᠢᠨ ᠰᠦᠮ᠎ᠡ ᠶᠢᠨ ᠵᠢᠷᠠᠨ ᠴᠢᠩ᠂ | ᠬᠤᠳᠣᠭᠳᠦ ᠭᠡᠭᠡᠨ ᠤ ᠵᠢᠷᠠᠨ ᠴᠢᠩ᠂ ᠠᠷᠪᠠᠨ ᠲᠦᠷᠪᠡᠳᠦᠭᠡᠷ ᠰᠣᠮᠣᠨ ᠤ ᠪᠠᠶᠠᠨᠳᠡᠯᠭᠡᠷ ᠰᠦᠮ᠎ᠡ ᠶᠢᠨ ᠵᠢᠷᠠᠨ | ᠴᠢᠩ᠂ ᠷᠠᠪᠠᠭ᠋ᠣᠸᠠ ᠭᠡᠭᠡᠨ ᠤ ᠵᠢᠷᠠᠨ ᠴᠢᠩ᠂ ᠴᠣᠷᠵᠢ ᠯᠠᠮᠨ ᠶᠢᠨ ᠭᠤᠴᠢᠨ ᠴᠢᠩ᠂ ᠲᠦᠪᠡᠢ ᠯᠠᠮᠨ ᠶᠢᠨ | ᠭᠤᠴᠢᠨ ᠴᠢᠩ᠂ ᠠᠷᠪᠠᠨ ᠨᠠᠢᠮᠠᠳᠣᠭᠠᠷ ᠰᠣᠮᠣᠨ ᠤ ᠲᠣᠯᠢ ᠶᠢᠨ ᠰᠦᠮ᠎ᠡ ᠶᠢᠨ ᠭᠤᠴᠢᠨ ᠴᠢᠩ᠂ ᠬᠤᠰᠢᠭᠤ | ᠰᠦᠮ᠎ᠡ ᠶᠢᠨ ᠵᠢᠷᠠᠨ ᠴᠢᠩ᠂ ᠯᠠᠮᠠᠰᠨ ᠭᠡᠭᠡᠨ ᠤ ᠵᠢᠷᠠᠨ ᠴᠢᠩ ᠲᠠᠢ ᠨᠡᠶᠢᠳᠡ ᠵᠢᠷᠭᠤᠭᠠᠨ ᠵᠠᠭᠤ ᠵᠢᠷᠠᠨ ᠴᠢᠩ | ᠲᠠᠷᠢᠶᠠᠨ ᠠᠴᠠ ᠴᠢᠩ ᠪᠦᠷᠢ ᠨᠠᠢᠮᠠᠨ ᠮᠥᠩᠬᠦᠨ ᠵᠣᠭᠤᠰ ᠤᠨ ᠲᠦᠷᠢᠶᠡᠰᠣ ᠶᠢ ᠠᠪᠴᠣ ᠲᠡᠭᠡᠷᠡᠬᠢ ᠭᠡᠳᠦᠨ | ᠬᠦᠮᠣᠰ ᠲᠡᠭᠡᠨ ᠰᠠᠷ᠎ᠠ ᠪᠦᠷᠢᠠᠷᠪᠠᠭᠠᠷᠣᠢ ᠲᠥᠬᠦᠷᠢᠭ ᠤᠨ ᠴᠠᠯᠢᠩ ᠮᠥᠩᠬᠦ ᠥᠭᠬᠦ ᠪᠣᠯᠵᠠᠢ᠃ ᠡᠬᠦᠨᠴᠨ | ᠭᠠᠳᠠᠨᠠᠬᠤᠰᠢᠭᠤ ᠪᠠᠭᠠᠰᠣᠷᠭᠠᠭᠤᠯᠢ ᠵᠢᠨᠨᠢᠭᠡᠵᠠᠭᠤ ᠲᠠᠪᠢᠨ ᠴᠢᠩ ᠲᠡᠷᠢᠶᠠᠨ ᠤ ᠲᠦᠷᠢᠶᠡᠰᠣ ᠶᠢ ᠮᠥᠨ | ᠰᠣᠷᠭᠠᠭᠤᠯᠢ ᠶᠢᠨ ᠰᠣᠷᠤᠭᠴᠢ ᠢᠳᠡᠰᠢ ᠬᠦᠨᠡᠰᠣᠨ ᠳᠡᠭᠡᠨ ᠬᠡᠷᠡᠭᠯᠡᠵᠤ ᠪᠠᠶᠢᠯ᠎ᠠ᠃ ᠪᠠᠰᠨ ᠨᠢᠭᠡ ᠵᠣᠶᠢᠯ ᠤᠨ ᠵᠢᠭᠳᠡᠢ | ᠵᠣᠭᠤᠰ ᠠᠪᠴᠣ ᠪᠠᠶᠢᠪᠠ᠂ ᠡᠨ᠋ᠨ ᠨᠢ ᠲᠠᠷᠢᠶᠠᠯᠠᠬᠤ ᠣᠷᠣᠨ ᠳᠤ ᠰᠠᠶᠢᠽᠢ ᠣᠷᠬᠢᠵᠣ ᠪᠣᠣ ᠲᠠᠷᠤᠭᠤᠯᠬᠤ ᠡᠳᠦᠷ | ᠬᠤᠨᠤᠭ ᠨᠠᠭᠠᠳᠣᠬᠤ ᠭᠠᠵᠠᠷ ᠲᠤᠭᠳᠠᠭᠠᠵᠤ ᠥᠭᠬᠦᠭᠡᠳ ᠪᠥᠳᠦᠨ ᠡᠳᠦᠷ ᠠᠴᠠ ᠭᠡᠳᠣᠢ ᠵᠣᠭᠤᠰ ᠠᠪᠳᠠᠭ ᠢ ᠨᠢ | ᠮᠡᠳᠡᠬᠦ ᠦᠭᠡᠢ᠂ ᠢᠩᠬᠢᠵᠣ ᠲᠠᠷᠢᠶᠠᠴᠢᠳ ᠤᠨ ᠦᠢᠯᠡᠳᠪᠣᠷᠢᠯᠡᠯ ᠢ ᠨᠢ ᠰᠠᠭᠠᠳᠠᠭᠤᠯᠵᠤ ᠬᠠᠷᠢᠯᠴᠠᠨ | ᠱᠣᠯᠣᠯᠳᠣᠭᠤᠯᠵᠤ ᠪᠠᠶᠢᠭᠠᠳ ᠠᠪᠣᠭᠰᠠᠨ ᠵᠣᠭᠤᠰ ᠨᠢ ᠰᠢᠭᠤᠳ ᠵᠦᠪᠯᠡᠭᠴᠢ ᠪᠠᠭᠰᠢ ᠶᠢᠨ ᠬᠦᠯᠬᠦᠳᠡᠭ ᠬᠦᠨᠡᠰᠣ | ᠪᠣᠯᠳᠠᠭ ᠪᠠᠶᠢᠵᠠᠢ᠃ | ᠲᠦᠷᠪᠡᠳᠦᠭᠡᠷ ᠲᠤ᠂ ᠣᠯᠠᠨ ᠰᠣᠮᠣᠨ ᠤᠳ ᠨᠢ ᠭᠡᠳᠣᠢ ᠪᠠᠷ ᠦᠭᠡᠶᠢᠰᠭᠡᠭᠳᠡᠭᠰᠡᠨ ᠦᠭᠡᠢ ᠪᠣᠯᠪᠠᠴᠣ | ᠵᠢᠷᠤᠮ ᠤᠨ ᠠᠯᠪᠠ ᠬᠢᠬᠦ ᠪᠠᠨ ᠪᠣᠯᠢᠭᠰᠠᠨ ᠲᠣᠯᠨ ᠶᠠᠮᠠᠷ ᠴᠣ᠋ ᠡᠷᠭᠡᠮᠡᠳᠡᠯ ᠦᠭᠡᠢ ᠪᠣᠯᠵᠤ᠂ ᠵᠠᠩᠬᠢ ᠭᠡᠳᠡᠭ ᠢ ᠨᠢ | ᠰᠣᠮᠣᠨ ᠲᠠᠷᠤᠭ᠎ᠠ ᠭᠡᠵᠤ ᠭᠡᠯᠡᠬᠦ ᠪᠣᠯᠪᠠ᠂ ᠭᠡᠪᠡᠴᠣ ᠰᠣᠮᠣᠨ ᠤ ᠲᠤᠤᠱᠣ ᠲᠡᠮᠳᠡᠭ ᠢ ᠨᠢ ᠬᠤᠷᠢᠶᠠᠭᠰᠠᠨ ᠦᠭᠡᠢ | ᠪᠥᠭᠡᠳ ᠰᠣᠮᠣᠨ ᠠᠴᠠ ᠠᠯᠢ ᠦᠶᠡᠰ ᠲᠤ ᠭᠡᠳᠦᠨ ᠴᠡᠷᠢᠭ᠂ ᠭᠡᠳᠦᠢ ᠰᠣᠷᠤᠭᠴᠢ ᠭᠡᠬᠦ ᠪᠣᠶᠣ ᠭᠡᠳᠣᠢ ᠮᠠᠯ | ᠠᠪᠣᠨ᠎ᠠ ᠭᠡᠪᠡᠯ ᠦᠭᠡ ᠲᠠᠭᠤᠨ ᠦᠭᠡᠢ ᠪᠠᠷ ᠴᠣᠭᠯᠠᠭᠤᠯᠵᠤ ᠥᠭᠳᠡᠭ ᠯᠨ ᠡᠬᠦᠷᠭᠡ ᠲᠠᠢ ᠬᠦᠮᠣᠰ ᠪᠣᠯᠣᠭᠰᠠᠨ ᠶᠣᠮ᠃ | | ᠡᠨ᠋ᠨ ᠮᠡᠳᠦ ᠭᠡᠳᠦᠨ ᠵᠢᠯ ᠤᠨ ᠬᠤᠭᠤᠷᠣᠨᠳᠦ ᠮᠠᠨ ᠤ ᠬᠤᠰᠢᠭᠤᠨ ᠤ ᠭᠡᠳᠦᠨ ᠵᠠᠭᠤᠨ ᠵᠢᠯ ᠤᠨ | ᠲᠤᠷᠰᠢᠬᠢ ᠥᠷᠬᠦᠯᠵᠢᠯᠡᠵᠤ ᠢᠷᠡᠭᠰᠡᠨ ᠭᠡᠪ ᠲᠥᠷᠢᠮ ᠨᠢ ᠡᠪᠳᠡᠭᠳᠡᠵᠤ ᠮᠠᠯᠴᠢᠳ ᠤᠨ ᠮᠠᠯ ᠠᠵᠣ ᠠᠬᠤᠢ ᠨᠢ | ᠠᠷᠠᠶᠢᠬᠠᠨ ᠪᠠᠷᠠᠭᠳᠠᠵᠤ ᠮᠢᠬ᠎ᠠ ᠰᠦ ᠠᠴᠠ ᠪᠠᠨ ᠰᠠᠯᠵᠤ ᠮᠠᠳᠠᠢ ᠨᠥᠮᠣᠷᠬᠦ ᠳᠡᠭᠡᠨ ᠣᠶᠢᠷᠠᠳᠣᠵᠤ ᠪᠠᠶᠢᠭᠰᠠᠨ ᠳᠤ | ᠣᠯᠠᠨ ᠲᠦᠮᠡᠨ ᠤ ᠬᠤᠪᠢ ᠵᠠᠶᠠᠭ᠎ᠠ ᠪᠠᠷ ᠲᠤᠷᠣᠨᠠ ᠵᠦᠭ ᠠᠴᠠ ᠣᠯᠠᠭᠠᠨ ᠨᠠᠷᠠᠨ ᠮᠠᠨᠳᠣᠵᠤ ᠲᠣᠮᠳᠠᠳᠦ ᠣᠯᠣᠰ | ᠤᠨ ᠡᠪ ᠬᠠᠮᠳᠦ ᠨᠠᠮ ᠤᠨ ᠣᠳᠣᠷᠢᠳᠣᠯᠭ᠎ᠠ ᠲᠤᠤᠷᠠᠬᠢ ᠨᠠᠢᠮᠠᠨ ᠵᠠᠮ ᠤᠨ ᠴᠡᠷᠢᠭ ᠪᠠ ᠬᠤᠪᠢᠰᠬᠠᠯ ᠤᠨ ᠪᠠᠭᠰᠢ | ᠨᠥᠬᠦᠷ ᠰᠲ᠋ᠠᠯᠢᠨ ᠤᠨ ᠣᠳᠣᠷᠢᠳᠣᠭᠰᠠᠨ ᠵᠦᠪᠯᠡᠯᠳᠦ ᠶᠢᠨ ᠣᠯᠠᠭᠠᠨ ᠴᠡᠷᠢᠭ ᠪᠣᠯᠣᠨ ᠠᠷᠣ ᠮᠣᠩᠭᠤᠯ ᠤᠨ | ᠬᠠᠪᠰᠣᠷᠤᠯᠭᠠ ᠲᠠᠢ ᠪᠠᠷ ᠨᠢᠭᠡ ᠮᠢᠩᠭ᠎ᠠ ᠶᠢᠰᠣᠨ ᠵᠠᠭᠤᠨ ᠲᠦᠴᠢᠨ ᠲᠠᠪᠣᠨ ᠣᠨ ᠤ ᠨᠠᠮᠣᠷ ᠤᠨ ᠣᠯᠠᠷᠢᠯ ᠳᠤ | ᠮᠠᠨ ᠤ ᠣᠷᠣᠨ ᠴᠢᠯᠣᠭᠡᠯᠡᠭᠳᠡᠵᠤ ᠡᠵᠡᠷᠭᠡᠭ ᠲᠦᠷᠢᠮᠡᠭᠡᠢ ᠶᠠᠫᠤᠨᠴᠣᠳ ᠡᠭᠡᠯᠳᠡ ᠦᠭᠡᠢ ᠲᠣᠨᠢᠯᠠᠭᠠᠳ ᠮᠠᠯᠴᠢᠨ | ᠣᠯᠠᠨ ᠲᠦᠮᠠᠨ ᠰᠠᠶ᠋ᠢ ᠭᠡᠭᠡᠨ ᠲᠡᠭᠷᠢ ᠭᠡᠷᠡᠯᠳᠦ ᠨᠠᠷᠠᠨ ᠤ ᠲᠤᠶᠠᠭ᠎ᠠ ᠶᠢ ᠬᠦᠷᠳᠡᠭᠰᠡᠨ ᠪᠢᠯᠨ᠃ | ᠢᠩᠬᠢᠭᠡᠳ ᠮᠥᠨ ᠲᠦᠴᠢᠨ ᠲᠠᠪᠣᠨ ᠣᠨ ᠤ ᠠᠷᠪᠠᠨ ᠨᠢᠭᠡᠨ ᠰᠠᠷ᠎ᠠ ᠳᠤ ᠬᠠᠭᠤᠴᠢᠨ ᠬᠤᠰᠢᠭᠤ | ᠲᠠᠷᠤᠭ᠎ᠠ ᠪᠣᠶᠠᠨ᠂ ᠠᠷᠪᠠᠨ ᠲᠦᠷᠪᠡᠳᠦᠭᠡᠷ ᠰᠣᠮᠣᠨ ᠤ ᠬᠦᠨᠳᠦ ᠴᠡᠷᠢᠨ ᠨᠠᠷ ᠴᠢᠭᠤᠯᠣᠯᠳᠦ ᠬᠠᠭᠠᠯᠭ᠎ᠠ ᠳᠤ | ᠣᠴᠢᠵᠣ ᠨᠠᠢᠮᠠᠨ ᠵᠠᠮ ᠤᠨ ᠴᠡᠷᠢᠭ ᠵᠠᠰᠠᠭ ᠤᠨ ᠰᠣᠷᠭᠠᠭᠤᠯᠢ ᠶᠢᠨ ᠣᠳᠣᠷᠢᠳᠣᠯᠭ᠎ᠠ ᠪᠠ ᠨᠥᠬᠦᠷ ᠣᠯᠠᠭᠠᠨᠬᠦᠣ ︵ | ᠶᠦᠩ ᠼᠧ︶ ᠲᠠᠢ ᠠᠭᠤᠯᠵᠠᠵᠤ ᠬᠤᠰᠢᠭᠤᠨ ᠤ ᠪᠠᠶᠢᠳᠠᠯ ᠢᠶᠠᠨ ᠬᠠᠷᠢᠭᠤ ᠮᠡᠳᠡᠬᠦᠯᠦᠭᠰᠡᠨ ᠲᠤ ᠲᠤᠰ ᠬᠤᠰᠢᠭᠤ | ᠶᠢ ᠰᠢᠨᠡᠴᠢᠯᠡᠨ ᠪᠠᠶᠢᠭᠤᠯᠬᠤ ᠪᠡᠯᠡᠳᠭᠡᠯ ᠤᠨ ᠭᠡᠰᠢᠬᠦᠨ ᠳᠤ ᠪᠣᠶᠠᠨ᠂ ᠰᠣᠳᠨᠠᠮᠳᠣᠷᠵᠢ᠂ ᠴᠡᠷᠢᠨ ᠨᠠᠷ ᠢ | ᠣᠷᠤᠯᠴᠠᠭᠤᠯᠵᠠᠢ ᠂ ᠡᠬᠦᠨ ᠤ ᠲᠠᠷᠠᠭ᠎ᠠ ᠵᠢᠯ ᠲᠦᠴᠢᠨ ᠵᠢᠷᠭᠤᠭᠠᠨ ᠣᠨ ᠳᠤ᠂ ᠣᠳᠦ ᠶᠢᠨ ᠰᠢᠯᠣᠭᠤᠨ ᠬᠦᠭᠡ | ᠬᠤᠰᠢᠭᠤᠨ ᠤ ᠬᠠᠪᠢᠷᠠᠭ᠎ᠠ ᠨᠢᠭᠡᠳᠦᠯ ᠳᠤ ᠪᠠᠶᠢᠭᠰᠠᠨ ᠴᠢᠯᠣᠭᠡᠯᠡᠳᠡᠭᠰᠡᠨ ᠤ ᠬᠤᠶᠢᠨᠠᠬᠢ ᠰᠢᠨ᠎ᠡ ᠴᠠᠬᠠᠷ ᠠᠶᠢᠮᠠᠭ | ᠤᠨ ᠵᠠᠰᠠᠭ ᠤᠨ ᠣᠷᠳᠣᠨ ᠬᠢᠭᠡᠳ ᠬᠤᠪᠢᠶᠠᠷᠢ ᠬᠤᠷᠠᠯ ᠪᠠᠶᠢᠭᠤᠯᠣᠭᠳᠠᠵᠠᠢ᠃ ᠡᠬᠦᠨ ᠳᠤ ᠠᠶᠢᠮᠠᠭ ᠤᠨ ᠲᠠᠷᠤᠭ᠎ᠠ | ᠪᠠᠶᠢᠭᠰᠠᠨ ᠴᠧᠨ ᠪᠢᠩ ᠢᠣᠢ ᠨᠥᠬᠦᠷ ︵ᠣᠳᠦ ᠥᠪᠣᠷ ᠮᠣᠩᠭᠤᠯ ᠤᠨ ᠣᠯᠣᠰ ᠲᠦᠷᠦ ᠶᠢᠨ ᠵᠦᠪᠯᠡᠯᠭᠡᠨ ᠤ | ᠲᠡᠳ᠋ ᠲᠡᠷᠢᠬᠦᠯᠡᠭᠴᠢ ᠪᠠᠷ ᠪᠠᠶᠢᠨ᠎ᠠ︶ ᠭᠡᠳᠣᠬᠦᠯᠨ ᠮᠠᠨ ᠤ ᠬᠤᠰᠢᠭᠤᠨ ᠳᠤ ᠢᠷᠡᠵᠤ ᠵᠢᠯᠣᠭᠤᠳᠣᠨ ᠣᠳᠣᠷᠢᠳᠴᠣ | ᠪᠠᠶᠢᠭᠠᠳ ᠮᠠᠨ ᠤ ᠬᠤᠰᠢᠭᠤᠨ ᠤ ᠲᠡᠣᠭᠡᠨ ᠳᠤ ᠠᠩᠬ᠎ᠠ ᠣᠳᠠᠭ᠎ᠠ ᠶᠢᠨ ᠠᠷᠠᠳᠴᠢᠯᠠᠭᠰᠠᠨ ᠰᠣᠩᠭᠤᠭᠤᠯᠢ ᠶᠢᠨ | ᠭᠡᠯᠪᠡᠷᠢ ᠪᠠᠷ ᠬᠤᠰᠢᠭᠤ ᠲᠠᠷᠤᠭ᠎ᠠ ᠪᠣᠶᠠᠨ᠂ ᠰᠠᠯᠪᠣᠷᠢ ᠬᠤᠷᠠᠯ ᠤᠨ ᠡᠷᠬᠢᠯᠡᠭᠴᠢ ᠴᠡᠷᠢᠨᠳᠣᠷᠵᠢ ︵ᠡᠨ᠋ᠨ ᠬᠦᠮᠣᠨ | ᠬᠠᠭᠤᠴᠢᠨ ᠵᠠᠯᠠᠨ ᠪᠠᠶᠢᠭᠰᠠᠨ ᠪᠥᠭᠡᠳ ᠲᠦᠴᠢᠨ ᠲᠣᠯᠣᠭᠠᠨ ᠣᠨ ᠳᠤ ᠵᠢᠰᠣᠰ ᠤᠨ ᠰᠢᠷ᠎ᠡ ᠣᠷᠣᠰ ᠢ ᠲᠠᠭᠠᠭᠠᠳ | ᠶᠠᠪᠣᠴᠢᠬᠠᠵᠠᠢ︶᠂ ᠣᠬᠠᠭᠤᠯᠬᠤ ᠭᠡᠰᠢᠬᠦᠨ ᠰᠣᠳᠨᠠᠮᠳᠣᠷᠵᠢ᠂ ᠡᠮᠡᠭᠳᠡᠶᠢᠴᠣᠳ ᠤᠨ ᠬᠤᠯᠪᠣᠭᠠᠳᠦ ᠬᠤᠷᠠᠯ ᠤᠨ | ᠭᠡᠰᠢᠬᠦᠨ ᠲᠤᠩᠭᠠᠯᠠᠭ ᠵᠡᠷᠭᠡ ᠶᠢᠨ ᠬᠦᠮᠣᠰ ᠢᠶᠠᠷ ᠪᠥᠷᠢᠯᠳᠦᠭᠰᠡᠨ ᠰᠢᠨ᠎ᠡ ᠬᠤᠰᠢᠭᠤ ᠪᠣᠯᠣᠭᠰᠠᠨ ᠤ ᠬᠠᠮᠳᠦ ᠣᠣᠯ | ᠪᠠᠶᠢᠭᠰᠠᠨ ᠠᠷᠪᠠᠨ ᠨᠠᠢᠮᠠᠨ ᠰᠣᠮᠣ ᠶᠢ ᠨᠡᠶᠢᠳᠡ ᠲᠣᠯᠣᠭᠠᠨ ᠬᠤᠯᠪᠣᠭᠠᠳᠦ ᠰᠣᠮᠣ ᠪᠣᠯᠭᠠᠨ ᠵᠣᠬᠢᠶᠠᠵᠤ᠂ ᠰᠣᠮᠤ ᠪᠦᠷᠢ | ᠨᠢᠭᠡ ᠨᠡᠷ᠎ᠡ ᠡᠷᠬᠢᠯᠡᠭᠴᠢ ᠰᠣᠩᠭᠤᠨ ᠬᠠᠷᠢᠭᠤᠴᠠᠭᠤᠯᠵᠠᠢ᠃ | ᠡᠨ᠋ᠨ ᠪᠣᠯ ᠣᠣᠯ ᠤᠨ ᠰᠢᠯᠣᠭᠤᠨ ᠴᠠᠭᠠᠨ ᠬᠤᠰᠢᠭᠤᠨ ᠤ ᠣᠨ ᠣᠳᠠᠭᠰᠠᠨ ᠹᠸᠣᠳᠠᠯ ᠤᠨ ᠨᠡᠶᠢᠭᠡᠮ | ᠬᠠᠭᠤᠴᠢᠨ ᠪᠠᠶᠢᠭᠤᠯᠣᠯ ᠢ ᠦᠨᠳᠦᠰᠣ ᠪᠠᠷ ᠨᠢ ᠬᠤᠪᠢᠷᠠᠭᠤᠯᠵᠤ᠂ ᠰᠢᠨ᠎ᠡ ᠨᠡᠶᠢᠭᠡᠮ ᠤᠨ ᠵᠣᠬᠢᠶᠠᠨ ᠪᠠᠶᠢᠭᠤᠯᠣᠯᠳᠠ | ᠪᠣᠢ ᠪᠣᠯᠣᠭᠰᠠᠨ ᠲᠣᠪᠴᠢ ᠲᠦᠬᠦᠮ ᠲᠡᠣᠭᠡ ᠮᠥᠨ᠃ | ᠭᠡᠪᠡᠴᠣ ᠪᠠᠰᠨ ᠯᠨ ᠭᠡᠰᠣᠨ ᠪᠠᠶᠢᠯᠳᠣᠬᠤ ᠪᠠᠶᠢᠳᠠᠯ ᠳᠠᠭᠠᠨ ᠪᠠᠶᠢᠭᠰᠠᠨ ᠲᠣᠯᠨ ᠠᠶᠢᠮᠠᠭ ᠠᠴᠠ | ᠲᠤᠰᠬᠠᠢ ᠠᠵᠢᠯᠯᠠᠬᠤ ᠲᠤᠭᠤᠶᠢᠯᠠᠩ ᠲᠤᠮᠢᠯᠠᠵᠤ ᠬᠤᠰᠢᠭᠤ ᠶᠢ ᠬᠠᠪᠰᠣᠷᠠᠨ ᠵᠢᠯᠣᠭᠤᠳᠴᠣ ᠪᠠᠶᠢᠯ᠎ᠠ᠃ | ᠰᠧᠶᠠᠩᠣᠶᠢᠷᠣᠪ᠂ ᠷᠰᠢᠨᠣᠷᠪᠤ᠂ ᠡᠷᠳᠡᠨᠢᠪᠣᠯᠠᠭ᠂ ᠲᠡᠭᠵᠢᠷᠡᠬᠦ᠂ ᠬᠦᠨᠡᠰᠣᠳᠠᠢ᠂ ᠬᠤᠶᠠᠭᠳᠦ᠂ ᠪᠣᠶᠠᠨᠳᠡᠯᠭᠡᠷ ᠨᠠᠷ ᠪᠠᠶᠢᠵᠣ | ᠂ ᠪᠠᠰᠨ ᠬᠤᠰᠢᠭᠤ ᠴᠡᠷᠢᠭ ᠤᠨ ᠳ᠋ᠣᠶᠢᠵᠠᠩ ᠠᠭᠳᠣᠩᠭᠠ᠂ ᠵᠢᠭᠠᠨ ᠣᠳᠣᠷᠢᠳᠣᠭᠴᠢ ᠴᠢᠨᠳᠠᠮᠣᠨᠢ ᠵᠡᠷᠭᠡ ᠶᠢᠨ | ᠨᠥᠬᠦᠳ ᠪᠠᠶᠢᠯ᠎ᠠ᠃ | ᠢᠩᠬᠢᠭᠡᠳ ᠲᠦᠴᠢᠨ ᠲᠣᠯᠣᠭᠠᠨ ᠣᠨ ᠤ ᠲᠠᠪᠣᠨ ᠰᠠᠷ᠎ᠠ ᠶᠢᠨ ᠨᠢᠭᠡᠨ ᠳᠤ ᠥᠪᠣᠷ ᠮᠣᠩᠭᠤᠯ ᠤᠨ | ᠥᠪᠡᠷᠳᠡᠭᠡᠨ ᠵᠠᠰᠠᠬᠤ ᠣᠷᠣᠨ ᠣᠯᠠᠭᠠᠠᠠᠬᠤᠳᠠ ᠳᠤ ᠥᠪᠡᠳᠡᠭᠰᠢ ᠶᠡᠭᠡ ᠪᠠᠷ ᠪᠠᠶᠢᠭᠤᠯᠣᠭᠳᠠᠵᠤ ᠣᠯᠠᠭᠠᠨᠬᠦᠣ ᠨᠥᠬᠦᠷ | ᠲᠡᠷᠢᠬᠦᠯᠡᠭᠴᠢ ᠪᠠᠷ ᠰᠣᠩᠭᠤᠭᠳᠠᠵᠤ᠂ ᠮᠥᠨ ᠵᠢᠯ ᠤᠨ ᠲᠤᠤᠷ᠎ᠠ ᠬᠠᠭᠠᠰ ᠠᠴᠠ ᠡᠬᠢᠯᠡᠵᠤ ᠲᠤᠰ ᠬᠤᠰᠢᠭᠤᠨ ᠤ | ᠬᠠᠭᠤᠴᠢᠨ ᠠᠷᠪᠠ᠂ ᠠᠷᠪᠠᠨ ᠬᠤᠶᠠᠳᠣᠭᠠᠷ ᠰᠣᠮᠣᠨ ᠳᠤ ᠬᠠᠷᠢᠯᠴᠢᠨ ᠲᠤᠰᠠᠯᠠᠯᠴᠠᠬᠤ ᠬᠦᠳᠡᠯᠭᠡᠭᠡᠨ ᠤ | ᠲᠤᠷᠰᠢᠯᠳᠡ ᠬᠢᠭᠰᠡᠨ ᠰᠠᠭᠤᠷᠢᠨ ᠲᠡᠭᠡᠷ᠎ᠡ ᠠᠴᠠ ᠪᠥᠬᠦ ᠬᠤᠰᠢᠭᠤᠨ ᠳᠤ ᠮᠠᠯᠴᠢᠨ ᠠᠷᠠᠳ ᠤᠨ ᠬᠦᠳᠡᠯᠭᠡᠭᠡᠨ ᠢ | ᠶᠠᠪᠣᠭᠤᠯᠵᠤ᠂ ᠥᠩᠭᠡᠷᠡᠭᠰᠡᠨ ᠤ ᠬᠠᠷᠬᠢᠰ ᠹᠸᠣᠳᠠᠯ᠂ ᠮᠠᠯ ᠤᠨ ᠡᠵᠡᠨ᠂ ᠪᠠᠶᠠᠨ ᠮᠠᠯᠴᠢᠨ᠂ ᠣᠷᠪᠠᠭᠴᠢ ᠨᠠᠷ ᠢ | ᠲᠡᠮᠡᠴᠡᠵᠤ ᠨᠣᠳᠤᠭ ᠤᠨ ᠲᠡᠷᠰᠯᠡᠬᠦᠣᠴᠣᠳ ᠡᠳᠣᠢ ᠲᠡᠳᠣᠢ ᠬᠦᠮᠣᠰ ᠢ ᠠᠷᠠᠳᠴᠢᠯᠠᠯ ᠢᠶᠠᠷ ᠲᠠᠷᠤᠩᠭᠤᠶᠢᠯᠠᠭᠰᠠᠨ | ᠪᠢᠯᠨ᠃ ᠡᠳᠡᠭᠡᠷ ᠬᠦᠮᠣᠰ ᠢ ᠲᠡᠭᠡᠷ᠎ᠡ ᠬᠠᠭᠤᠴᠢᠨ ᠰᠣᠮᠣ ᠤᠳ ᠤᠨ ᠪᠠᠶᠢᠳᠠᠯ ᠢ ᠶᠠᠷᠢᠬᠤ ᠳᠠᠭᠠᠨ ᠨᠢᠭᠡᠨᠳᠡ | ᠬᠡᠯᠡᠭᠰᠡᠨ ᠲᠣᠯᠨ ᠠᠳᠡ ᠲᠠᠬᠢᠨ ᠨᠡᠷ᠎ᠡ ᠲᠤᠷᠠᠳᠬᠤ ᠦᠭᠡᠢ᠃ ᠲᠤᠰ ᠣᠳᠠᠭ᠎ᠠ ᠶᠢᠨ ᠬᠦᠳᠡᠯᠭᠡᠭᠡᠨ ᠢᠶᠠᠷ ᠲᠠᠮᠵᠢᠵᠣ | ᠰᠣᠮᠣ ᠤᠳ ᠤᠨ ᠵᠣᠬᠢᠶᠠᠨ ᠪᠠᠶᠢᠭᠤᠯᠣᠯᠳᠠ ᠶᠢ ᠲᠠᠬᠢᠨ ᠠᠷᠠᠳᠴᠢᠯᠠᠯ ᠢᠶᠠᠷ ᠰᠣᠩᠭᠤᠨ᠂ ᠰᠣᠮᠣ ᠪᠦᠷᠢ ᠳᠤ | ᠰᠣᠮᠣᠨ ᠤ ᠲᠠᠷᠤᠭ᠎ᠠ᠂ ᠡᠷᠬᠢᠯᠡᠭᠴᠢ᠂ ᠡᠮᠡᠭᠳᠡᠶᠢᠴᠣᠳ ᠤᠨ ᠬᠤᠯᠪᠣᠭ᠎ᠠ᠂ ᠲᠣᠳᠣᠭᠠᠳᠦ ᠶᠢ ᠬᠠᠮᠠᠭᠠᠯᠠᠬᠤ ᠭᠡᠰᠢᠬᠦᠨ | ᠵᠡᠷᠭᠡ ᠪᠥᠷᠢᠨ ᠵᠣᠬᠢᠶᠠᠨ ᠪᠠᠶᠢᠭᠤᠯᠣᠯᠳᠠ ᠲᠠᠢ ᠪᠣᠯᠣᠭᠰᠠᠨ ᠶᠣᠮ᠃ | ᠡᠨᠡᠬᠦ ᠠᠭᠤᠣ ᠶᠭᠡ ᠬᠤᠪᠢᠰᠬᠠᠯᠳᠦ ᠠᠩᠬᠢ ᠶᠢᠨ ᠲᠡᠮᠡᠴᠡᠯ ᠤᠨ ᠬᠦᠳᠡᠯᠭᠡᠭᠡᠨ ᠢ ᠠᠶᠢᠮᠠᠭ ᠤᠨ ᠵᠠᠰᠠᠭ | ᠤᠨ ᠣᠷᠳᠣᠨ ᠠᠴᠠ ᠰᠢᠭᠤᠳ ᠣᠳᠣᠷᠢᠳᠣᠨ ᠵᠢᠯᠣᠭᠤᠳᠴᠣ ᠪᠠᠶᠢᠭᠰᠠᠨ ᠲᠣᠯᠨ ᠮᠠᠨ ᠤ ᠬᠤᠰᠢᠭᠤᠨ ᠳᠤ | ᠠᠶᠢᠮᠠᠭ ᠤᠨ ᠬᠤᠪᠢᠶᠠᠷᠢ ᠬᠤᠷᠠᠯ ᠤᠨ ᠡᠷᠬᠢᠯᠡᠭᠴᠢ ᠰᠣᠳᠣᠰᠡᠴᠡᠨ᠂ ᠠᠮᠣᠷ ᠢ ᠬᠠᠮᠠᠭᠠᠯᠠᠬᠤ ᠭᠠᠵᠠᠷ ᠤᠨ ᠲᠠᠷᠤᠭ᠎ᠠ | ᠰᠢᠶᠣᠣ ᠴᠧᠩ ᠵᠡᠷᠭᠡ ᠨᠥᠬᠦᠳ ᠭᠤᠣᠯᠯᠠᠵᠤ ᠪᠠᠰᠨ ᠡᠯ᠎ᠡ ᠬᠤᠰᠢᠭᠤᠳ ᠤᠨ ᠬᠠᠷᠢᠭᠤᠴᠠᠯᠭᠠᠳᠠᠨ ᠨᠥᠬᠦᠳ ᠢᠷᠡᠵᠤ | ᠲᠤᠷᠰᠢᠯᠳᠡ ᠳᠤ ᠣᠷᠤᠯᠴᠠᠵᠣ ᠪᠠᠶᠢᠭᠰᠠᠨ ᠶᠣᠮ᠃ ᠢᠩᠬᠢᠭᠡᠳ ᠰᠣ᠋ ᠵᠢᠶᠠᠨ ᠰᠢᠶᠣᠣ᠂ ᠰᠢᠶᠣᠣ ᠴᠧᠩ ᠵᠡᠷᠭᠡ | ᠨᠥᠬᠦᠳ ᠭᠡᠭᠡᠨ ᠭᠡᠶᠢᠳ ᠤᠨ ᠰᠦᠮ᠎ᠡ ᠲᠡᠭᠡᠷ᠎ᠡ ᠣᠴᠢᠵᠣ ᠥᠪᠡᠷᠳᠡᠭᠡᠨ ᠵᠠᠰᠠᠬᠤ ᠣᠷᠣᠨ ᠤ ᠣᠳᠣᠷᠢᠳᠣᠯᠭ᠎ᠠ ᠳᠤ | ᠠᠵᠢᠯ ᠤᠨ ᠬᠠᠷᠢᠭᠤ ᠮᠡᠳᠡᠬᠦᠯᠣᠯᠳᠡ ᠬᠢᠭᠡᠳ ᠪᠣᠴᠠᠵᠣ ᠢᠷᠡᠬᠦ ᠵᠠᠮ ᠳᠠᠭᠠᠨ ᠬᠤᠳᠣᠷᠠᠩᠭᠠ ᠶᠢᠨ ᠲᠡᠭᠡᠷᠡᠮ ᠲᠠᠢ | ᠲᠠᠭᠠᠷᠠᠯᠳᠣᠵᠣ ᠪᠠᠶᠢᠯᠳᠤᠵᠣ ᠪᠠᠶᠢᠭᠠᠳ ᠥᠩᠭᠡ ᠬᠡᠷᠡᠯᠳᠠᠢ ᠪᠠᠷ ᠨᠠᠰᠣ ᠨᠥᠭᠴᠢᠵᠠᠢ᠃ ᠡᠨ᠋ᠨ ᠪᠣᠯ ᠪᠥᠬᠦ ᠠᠶᠢᠮᠠᠭ | ᠤᠨ ᠠᠷᠠᠳ ᠲᠦᠮᠡᠨ ᠤ ᠲᠣᠶᠢᠯ ᠤᠨ ᠬᠠᠷᠠᠮᠰᠠᠯᠳᠠᠢ᠂ ᠲᠣᠶᠢᠯ ᠤᠨ ᠭᠠᠰᠢᠭᠤᠳᠠᠯᠳᠠᠢ᠂ ᠲᠣᠶᠢᠯ ᠤᠨ ᠡᠮᠭᠡᠨᠢᠯ ᠲᠠᠢ | ᠣᠴᠢᠷ ᠲᠣᠯᠨ ᠲᠡᠬᠦᠨ ᠤ ᠥᠩᠭᠡᠷᠡᠯᠳᠡ ᠶᠢ ᠨᠠᠷᠢᠨ ᠲᠣᠳᠣᠷᠬᠠᠢ ᠪᠢᠴᠢᠬᠦ ᠶᠣᠰᠣᠳᠠᠢ ᠶᠣᠮ᠃ ᠭᠡᠳᠡᠯ᠎ᠡ ᠬᠠᠮᠳᠦ | ᠶᠠᠪᠣᠭᠰᠠᠨ ᠨᠥᠬᠦᠳ ᠤᠨ ᠨᠡᠷᠡᠰ᠂ ᠣᠣᠯ ᠨᠣᠳᠤᠭ ᠣᠷᠣᠨ᠂ ᠡᠳᠦᠷ᠂ ᠴᠠᠭ᠂ ᠭᠠᠵᠠᠷ ᠤᠨ ᠨᠡᠷ᠎ᠡ ᠵᠡᠷᠭᠡ ᠶᠢ | ᠮᠡᠳᠡᠬᠦ ᠦᠭᠡᠢ ᠲᠣᠯᠨ ᠪᠢᠴᠢᠵᠣ ᠴᠢᠳᠠᠭᠰᠠᠨ ᠦᠭᠡᠢ ᠨᠢ ᠲᠣᠩ ᠬᠠᠷᠠᠮᠰᠠᠯᠳᠠᠢ ᠪᠢᠯᠨ᠃ ᠣᠩᠰᠢᠭᠴᠢ ᠣᠯᠠᠨ ᠲᠦᠮᠡᠨ | ᠠᠴᠠ ᠠᠭᠤᠴᠢᠯᠠᠬᠤ ᠶᠢ ᠬᠦᠰᠡᠬᠦ ᠶᠢᠨ ᠬᠠᠮᠳᠦ ᠪᠥᠷᠢᠨ ᠰᠠᠶᠢᠨ ᠮᠡᠳᠡᠬᠦ ᠨᠥᠬᠦᠳ ᠠᠴᠠ ᠨᠦᠬᠦᠨ ᠪᠢᠴᠢᠵᠣ | ᠬᠠᠪᠰᠣᠷᠴᠣ ᠥᠭᠬᠦ ᠶᠢ ᠬᠦᠰᠡᠬᠦ ᠠᠴᠠ ᠭᠠᠳᠠᠨ᠎ᠠ ᠲᠡᠷᠨ ᠦᠶ᠎ᠡ ᠳᠤ ᠮᠠᠨ ᠤ ᠭᠠᠵᠠᠷ ᠣᠷᠣᠨ ᠳᠤ ᠴᠣ᠋ ᠡᠳᠣᠢ | ᠲᠡᠳᠣᠢ ᠪᠠᠶᠢᠯᠳᠣᠭᠠᠨ ᠬᠢᠬᠦ ᠳᠤ ᠣᠷᠤᠯᠴᠠᠵᠣ ᠪᠠᠶᠢᠭᠰᠠᠨ ᠪᠠᠭᠠᠳᠣᠷᠯᠢᠭ ᠨᠥᠬᠦᠳ ᠤᠨ ᠭᠠᠪᠢᠶ᠎ᠠ ᠵᠢᠳᠬᠦᠯ ᠬᠢᠭᠡᠳ | ᠪᠡᠶ᠎ᠡ ᠦᠷᠡᠭᠳᠡᠭᠰᠡᠳ ᠤᠨ ᠦᠯᠢᠭᠡᠷ ᠲᠡᠣᠭᠡ ᠶᠢ ᠴᠣ᠋ ᠪᠥᠷᠢᠨ ᠪᠢᠴᠢᠬᠦ ᠴᠢᠬᠤᠯᠠᠳᠠᠢ ᠶᠣᠮ᠃ ᠭᠡᠪᠡᠴᠣ ᠨᠠᠳᠠᠳᠦ | ᠲᠡᠶᠢᠮᠣ ᠭᠡᠷᠡᠴᠢ ᠪᠠᠷᠢᠮᠳᠡ ᠪᠣᠯᠣᠮᠠᠷ ᠮᠠᠲ᠋ᠧᠷᠢᠶᠠᠯ ᠦᠭᠡᠢ ᠲᠡᠭᠡᠷ᠎ᠡ ᠪᠠᠨ ᠪᠡᠶ᠎ᠡ ᠵᠡᠮᠳᠡᠭ ᠨᠠᠰᠣ ᠠᠬᠢᠭᠰᠠᠨ ᠣᠴᠢᠷ | ᠠᠴᠠ ᠠᠳᠡ ᠲᠡᠨᠳᠡ ᠶᠠᠪᠣᠵᠤ ᠡᠷᠡᠨ ᠰᠣᠷᠪᠣᠯᠵᠢᠯᠠᠵᠤ ᠴᠣ᠋ ᠴᠢᠳᠠᠭᠰᠠᠨ ᠦᠭᠡᠢ ᠪᠥᠭᠡᠳ ᠠᠶᠣᠮᠰᠢᠭ ᠦᠭᠡᠢ ᠲᠤᠷ᠎ᠠ | ᠪᠠᠷ ᠢᠶᠠᠨ ᠲᠦᠷᠰᠣᠯᠠᠨ ᠪᠢᠴᠢᠵᠣ ᠴᠢᠳᠠᠭᠰᠠᠨ ᠦᠭᠡᠢ ᠶᠢ ᠠᠭᠤᠴᠢᠯᠠᠬᠤ ᠪᠣᠯᠪᠠᠣ᠃ | ᠲᠤᠰ ᠣᠳᠠᠭ᠎ᠠ ᠶᠢᠨ ᠬᠦᠳᠡᠯᠭᠡᠭᠡᠨ ᠤ ᠲᠠᠷᠠᠭ᠎ᠠ ᠬᠤᠰᠢᠭᠤ ᠪᠠᠶᠢᠭᠤᠯᠣᠯᠭ᠎ᠠ ᠳᠤ ᠪᠠᠰᠨ ᠰᠢᠨ᠎ᠡ | ᠬᠤᠪᠢᠷᠠᠯᠳᠠ ᠭᠠᠷᠴᠣ᠂ ᠬᠤᠰᠢᠭᠤ ᠲᠠᠷᠤᠭ᠎ᠠ ᠪᠣᠶᠠᠨ ᠨᠥᠬᠦᠷ ᠢ ᠠᠶᠢᠮᠠᠭ ᠲᠤ ᠰᠢᠯᠵᠢᠬᠦᠯᠣᠭᠡᠳ᠂ ᠬᠤᠰᠢᠭᠤ | ᠲᠠᠷᠤᠭ᠎ᠠ ᠰᠧᠶᠡᠩᠠᠣᠶᠢᠷᠣᠪ᠂ ᠰᠠᠯᠪᠣᠷᠢ ᠶᠢᠨ ᠬᠤᠷᠠᠯ ᠤᠨ ᠡᠷᠬᠢᠯᠡᠭᠴᠢ ᠷᠠᠰᠢᠨᠣᠷᠪᠤ᠂ ᠨᠠᠷᠢᠨ ᠪᠢᠴᠢᠭ ᠤᠨ | ᠰᠠᠯᠠᠭᠠᠨ ᠲᠠᠷᠤᠭ᠎ᠠ ᠰᠣᠳᠨᠠᠮᠳᠣᠷᠵᠢ᠂ ᠠᠮᠣᠷ ᠢ ᠬᠠᠮᠠᠭᠠᠯᠠᠬᠤ ᠰᠠᠯᠠᠭᠠᠨ ᠤ ᠲᠠᠷᠤᠭ᠎ᠠ ᠡᠷᠳᠡᠨᠢᠪᠣᠯᠠᠭ᠂ ᠡᠳ᠋ ᠶᠢᠨ | ᠵᠠᠰᠠᠭ ᠤᠨ ᠰᠠᠯᠠᠭ᠎ᠠ ᠶᠢᠨ ᠲᠠᠷᠤᠭ᠎ᠠ ᠰᠠᠶᠢᠨᠵᠢᠶᠠ᠂ ᠡᠮᠡᠭᠳᠡᠶᠢᠴᠣᠳ ᠤᠨ ᠬᠤᠯᠪᠣᠭᠠᠨ ᠤ ᠡᠷᠬᠢᠯᠡᠭᠴᠢ ᠵᠠᠳᠠᠢ᠂ | ᠵᠠᠯᠠᠭᠤᠴᠣᠳ ᠤᠨ ᠡᠪᠯᠡᠯ ᠤᠨ ᠪᠥᠯᠬᠦᠮ ᠤᠨ ᠱᠦᠵᠢ ᠪᠣᠶᠠᠨᠳᠦ᠂ ᠬᠠᠩᠭᠠᠯᠠᠭ᠎ᠠ ᠶᠢᠨ ᠬᠤᠷᠰᠢᠶᠠᠨ ᠤ ᠡᠷᠬᠢᠯᠡᠭᠴᠢ | ᠠᠭᠸᠠᠩᠴᠦ᠋ᠯᠳᠣᠮᠵᠡᠷᠭᠡ ᠨᠡᠯᠢᠶᠡᠳ ᠣᠯᠠᠨ ᠰᠢᠨ᠎ᠡ ᠰᠠᠯᠠᠭ᠎ᠠ ᠮᠥᠴᠢᠷ ᠪᠠᠶᠢᠭᠤᠯᠵᠤ ᠲᠤᠭᠳᠠᠪᠣᠷᠢ ᠦᠭᠡᠢ ᠭᠡᠰᠣᠵᠤ | ᠶᠠᠪᠣᠬᠤ ᠪᠠᠨ ᠵᠣᠭᠰᠤᠵᠤ ᠪᠥᠷᠢᠳᠦ ᠶᠢᠨ ᠰᠦᠮ᠎ᠡ ᠲᠡᠭᠡᠷ᠎ᠡ ᠲᠦᠷ ᠰᠠᠭᠤᠷᠢᠰᠢᠵᠤ ᠢᠷᠡᠪᠡ᠃ ᠡᠨ᠋ᠨ ᠮᠡᠳᠦ ᠪᠥᠬᠦ | ᠲᠠᠯ᠎ᠠ ᠪᠠᠷ ᠰᠢᠨ᠎ᠡ ᠨᠡᠶᠢᠭᠡᠮ ᠤᠨ ᠭᠡᠪ ᠲᠥᠷᠢᠮ ᠪᠠ ᠶᠣᠰᠣ ᠲᠢᠭᠯᠢᠮ ᠲᠠᠢ ᠪᠣᠯᠣᠭᠰᠠᠨ ᠢᠶᠠᠷ ᠪᠠᠷᠠᠬᠤ ᠦᠭᠡᠢ ᠪᠠᠰᠨ | ᠲᠠᠪᠢᠨ ᠣᠨ ᠤ ᠬᠠᠪᠣᠷ ᠤᠨ ᠣᠯᠠᠷᠢᠯ ᠲᠤ ᠬᠠᠭᠤᠴᠢᠨ ᠤ ᠹᠸᠣᠳᠠᠯ ᠤᠨ ᠨᠡᠶᠢᠭᠡᠮ ᠳᠤ ᠣᠷᠳᠦ | ᠬᠤᠭᠤᠴᠠᠭ᠎ᠠ ᠪᠠᠷ ᠬᠤᠰᠢᠭᠤᠳ ᠤᠨ ᠬᠤᠭᠤᠷᠣᠨᠳᠦ ᠪᠥᠯᠬᠦᠮᠳᠠᠯ ᠤᠨ ᠲᠠᠦ᠋ᠬᠠᠷ ᠪᠣᠯᠵᠤ ᠪᠠᠶᠢᠭᠰᠠᠨ ᠵᠠᠬ᠎ᠠ ᠬᠢᠵᠠᠭᠠᠷ | ᠤᠨ ᠬᠦᠯᠢᠶᠡᠰᠣᠯᠠᠯ ᠢ ᠡᠪᠳᠡᠵᠤ᠂ ᠣᠭ ᠤᠨ ᠰᠢᠯᠣᠭᠤᠨ ᠴᠠᠭᠠᠨ᠂ ᠬᠦᠪᠡᠭᠡᠳᠦ ᠴᠠᠭᠠᠨ ᠬᠤᠶᠠᠷ ᠬᠤᠰᠢᠭᠤ ᠶᠢ | ᠨᠡᠶᠢᠯᠡᠬᠦᠯᠣᠨ ᠰᠢᠯᠣᠭᠤᠨ ᠬᠦᠪᠡᠭᠡᠳᠦ ᠴᠠᠭᠠᠨ ᠬᠤᠰᠢᠭᠤ ︵ᠬᠤᠵᠢᠮ ᠨᠢ ᠬᠤᠯᠪᠣᠭᠠᠳᠦ ᠭᠡᠰᠡᠨ ᠦᠭᠡ ᠶᠢ ᠨᠢ | ᠬᠠᠰᠣᠵᠠᠢ︶ ᠪᠣᠯᠭᠠᠭᠰᠠᠨᠡᠴᠠ ᠭᠠᠳᠠᠨ᠎ᠠ ᠣᠭ ᠤᠨ ᠰᠢᠯᠣᠭᠤᠨ ᠴᠠᠭᠠᠨ ᠬᠤᠰᠢᠭᠤᠨ ᠤ ᠬᠠᠭᠤᠴᠢᠨ ᠲᠦᠷᠪᠡᠳᠦᠭᠡᠷ | ᠰᠣᠮᠣ ᠪᠠ ᠠᠷᠪᠠᠨ ᠭᠤᠷᠪᠠᠳᠣᠭᠠᠷ ᠰᠣᠮᠣᠨ ᠤ ᠶᠡᠭᠡᠩᠬᠢ ᠠᠶᠢᠯ ᠡᠷᠤᠭᠡ ᠶᠢ ᠨᠣᠳᠤᠭ ᠲᠡᠪᠢᠰᠭᠡᠷ ᠲᠠᠢ ᠨᠢ | ᠬᠦᠪᠡᠭᠡᠳᠦ ᠰᠢᠷ᠎ᠡ ᠬᠤᠰᠢᠭᠤᠨ ᠳᠤ ᠬᠤᠪᠢᠶᠠᠨ ᠥᠭᠴᠣ ᠪᠠᠰᠨ ᠣᠣᠯ ᠤᠨ ᠮᠢᠩᠭᠠᠨ ᠬᠤᠰᠢᠭᠤᠨ ᠤ ᠲᠡᠷᠢᠬᠦᠨ᠂ | ᠬᠤᠶᠠᠳᠣᠭᠠᠷ᠂ ᠲᠣᠯᠣᠳᠣᠭᠠᠷ᠂ ᠨᠠᠢᠮᠠᠳᠣᠭᠠᠷ᠂ ᠶᠢᠰᠣᠳᠦᠭᠡᠷ᠂ ᠠᠷᠪᠠᠳᠣᠭᠠᠷ ᠰᠣᠮᠣ ᠤᠳ ᠢ ᠰᠢᠯᠣᠭᠤᠨ ᠬᠦᠪᠡᠭᠡᠳᠦ | ᠴᠠᠭᠠᠨ ᠬᠤᠰᠢᠭᠤᠨ ᠳᠤ ᠰᠢᠯᠵᠢᠬᠦᠯᠣᠨ ᠥᠭᠴᠣ ᠪᠠᠰᠨ ᠣᠭ ᠤᠨ ᠰᠢᠯᠣᠭᠤᠨ ᠬᠦᠭᠡ ᠬᠤᠰᠢᠭᠤᠨ ᠤ ᠬᠦᠢᠰᠣ | ᠶᠢᠨ ᠰᠦᠮ᠎ᠡ ᠣᠷᠴᠢᠮ ᠤᠨ ᠨᠢᠭᠡ ᠪᠠᠷᠢᠭᠠᠳᠠ ᠶᠢ ᠮᠠᠨ ᠤ ᠬᠤᠰᠢᠭᠤᠨ ᠳᠤ ᠬᠤᠪᠢᠶᠠᠨ ᠥᠭᠴᠣ ᠣᠳᠦ ᠶᠢᠨ | ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠶᠡᠭᠡᠩᠬᠢ ᠨᠣᠳᠤᠭ ᠲᠡᠪᠢᠰᠭᠡᠷ ᠪᠣᠯᠭᠠᠭᠰᠠᠨ ᠶᠣᠮ᠃ ᠡᠬᠦᠨᠴᠨ | ᠭᠠᠳᠠᠨ᠎ᠠ ᠬᠠᠭᠤᠴᠢᠨ ᠰᠢᠯᠣᠭᠤᠨ ᠴᠠᠭᠠᠨ᠂ ᠪᠣᠣ ᠴᠠᠩ ᠰᠢᠶᠠᠨ ᠳᠤ ᠬᠤᠰᠢᠭᠤᠨ ᠤ ᠣᠯᠠᠨ ᠰᠦᠮ᠎ᠡ ᠤᠳ ᠤᠨ | ᠵᠣᠯᠨ ᠬᠦᠵᠢᠰ ᠤᠨ ᠲᠦᠷᠢᠶᠡᠰᠣᠨ ᠤ ᠭᠠᠵᠠᠷ ᠢ ᠰᠢᠯᠵᠢᠬᠦᠯᠣᠨ ᠥᠭᠬᠦᠭᠡᠳ ᠣᠳᠦ ᠶᠢᠨ ᠲᠡᠷᠢᠶᠠᠯᠠᠩ ᠭᠤᠷᠪᠠᠨ | ᠨᠢᠭᠡᠳᠦᠯ ᠪᠣᠯᠭᠠᠭᠰᠠᠨ ᠶᠣᠮ᠃ ᠡᠨ᠋ᠨ ᠮᠡᠳᠦ ᠬᠤᠰᠢᠭᠤᠨ ᠤ ᠵᠠᠬ᠎ᠠ ᠬᠢᠵᠠᠭᠠᠷ ᠤᠨ ᠬᠤᠪᠢᠷᠠᠭᠰᠠᠨ ᠢ ᠲᠠᠭᠠᠯᠳᠣᠨ | ᠬᠤᠰᠢᠭᠤ ᠵᠣᠬᠢᠶᠠᠨ ᠪᠠᠶᠢᠭᠤᠯᠣᠯᠳᠠ ᠴᠣ᠋ ᠲᠠᠬᠢᠨ ᠰᠢᠨ᠎ᠡ ᠬᠤᠪᠢᠷᠠᠯᠳᠠ ᠲᠠᠢ ᠪᠣᠯᠣᠭᠰᠠᠨ ᠶᠣᠮ᠃ | ᠨᠢᠭᠡ ᠮᠢᠩᠭ᠎ᠠ ᠶᠢᠰᠣᠨ ᠵᠠᠭᠤ ᠲᠠᠪᠢᠨ ᠣᠨ ᠳᠤ ᠬᠤᠶᠠᠷ ᠬᠤᠰᠢᠭᠤ ᠨᠡᠶᠢᠯᠡᠭᠰᠡᠨ ᠤ ᠬᠤᠶᠢᠨ᠎ᠠ | ᠬᠤᠰᠢᠭᠤᠨ ᠳᠤ ᠨᠠᠮ ᠤᠨ ᠬᠤᠷᠢᠶ᠎ᠠ ᠲᠠᠢ ᠪᠣᠯᠵᠤ ᠴᠣᠭᠳᠦ ᠨᠥᠬᠦᠷ ᠱᠦᠵᠢ ᠪᠠᠷ ᠢᠷᠡᠵᠤ᠂ ᠣᠭ ᠤᠨ | ᠪᠠᠶᠢᠭᠰᠠᠨ ᠰᠠᠯᠪᠣᠷᠢ ᠬᠤᠷᠠᠯ ᠦᠭᠡᠢ ᠪᠣᠯᠪᠠ᠃ ᠪᠠᠰᠨ ᠬᠤᠰᠢᠭᠤ ᠲᠠᠷᠤᠭ᠎ᠠ ᠰᠧᠶ᠋ᠢᠩᠠᠣᠶᠢᠷᠣᠪ ᠨᠥᠬᠦᠷ ᠰᠢᠯᠣᠭᠤᠨ | ᠬᠦᠭᠡ ᠬᠤᠰᠢᠭᠤᠨ ᠳᠤ ᠰᠢᠯᠵᠢᠵᠣ ᠮᠠᠯᠴᠢᠨᠠᠷᠠᠳ ᠤᠨ ᠬᠦᠳᠡᠯᠭᠡᠭᠡᠨ ᠳᠤ ᠰᠣᠮᠣᠨ ᠤ ᠡᠷᠬᠢᠯᠡᠭᠴᠢ ᠪᠣᠯᠣᠭᠰᠠᠨ | ᠰᠣᠭᠠᠷ ᠨᠥᠬᠦᠷ ᠬᠤᠰᠢᠭᠤ ᠲᠠᠷᠤᠭ᠎ᠠ ᠪᠣᠯᠣᠭᠠᠳ᠂ ᠰᠣᠳᠨᠠᠮᠳᠣᠷᠵᠢ ᠨᠥᠬᠦᠷ ᠬᠤᠰᠢᠭᠤᠨ ᠤ ᠲᠡᠳ᠋ ᠲᠠᠷᠤᠭ᠎ᠠ ᠶᠢ | ᠬᠠᠷᠢᠭᠤᠴᠠᠵᠤ᠂ ᠨᠠᠷᠢᠨ ᠪᠢᠴᠢᠭ ᠤᠨ ᠰᠠᠯᠠᠭᠠᠨ ᠤ ᠲᠠᠷᠤᠭ᠎ᠠ ᠰᠧᠳᠡᠩ᠂ ᠠᠷᠠᠳ ᠤᠨ ᠵᠠᠰᠠᠭ ᠤᠨ ᠰᠠᠯᠠᠭ᠎ᠠ ᠶᠢᠨ | ᠲᠠᠷᠤᠭ᠎ᠠ ᠡᠷᠳᠡᠨᠢᠸ᠋ᠴᠢᠷ᠂ ᠮᠠᠯ ᠠᠵᠣ ᠠᠬᠤᠢ ᠶᠢᠨ ᠰᠠᠯᠠᠭ᠎ᠠ ᠶᠢᠨ ᠲᠠᠷᠤᠭ᠎ᠠ ᠨᠢ ᠰᠦᠷᠣᠩᠵᠢᠪ᠂ ᠲᠡᠳ᠋ ᠲᠠᠷᠤᠭ᠎ᠠ | ᠨᠢ ᠭᠡᠰᠢᠭᠪᠡᠶᠠᠷ᠂ ᠡᠳ᠋ ᠤᠨ ᠵᠠᠰᠠᠭ ᠤᠨ ᠰᠠᠯᠠᠭᠠᠨ ᠲᠠᠷᠤᠭ᠎ᠠ ᠨᠢ ᠰᠠᠶᠢᠨᠵᠢᠶᠠ᠂ ᠲᠤᠳᠣᠭᠠᠳᠦ ᠶᠢᠨ ᠬᠠᠮᠠᠭᠠᠯᠠᠬᠤ | ᠲᠣᠪᠴᠢᠶᠠᠨ ᠤ ᠲᠠᠷᠤᠭ᠎ᠠ ᠸᠠᠩ ᡁᠢ ᠵᠦᠩ᠂ ᠵᠠᠯᠠᠭᠤᠴᠣᠳ ᠤᠨ ᠡᠪᠡᠯᠡᠯ ᠤᠨ ᠪᠥᠯᠬᠦᠮ ᠤᠨ ᠱᠦᠵᠢ | ᠷᠠᠰᠢᠳᠣᠩᠷᠤᠪ᠂ ᠡᠮᠡᠭᠳᠡᠶᠢᠴᠣᠳ ᠤᠨ ᠬᠤᠯᠪᠣᠭᠠᠨ ᠤ ᠡᠷᠬᠢᠯᠡᠭᠴᠢ ᠵᠠᠳᠠᠢ᠂ ᠵᠡᠪᠰᠡᠭᠳᠦ ᠬᠦᠴᠣᠨ ᠤ ᠭᠡᠯᠳᠡᠰ ᠤᠨ | ᠲᠠᠷᠤᠭ᠎ᠠ ᠨᠣᠷᠪᠤ᠂ ᠬᠠᠩᠭᠠᠯᠠᠭ᠎ᠠ ᠶᠢᠨ ᠬᠤᠷᠰᠢᠶᠠᠨ ᠤ ᠡᠷᠬᠢᠯᠡᠭᠴᠢ ᠠᠭᠸᠠᠩᠴᠦ᠋ᠯᠳᠣᠮ᠂ ᠰᠦᠩᠷᠣᠪ ᠨᠠᠷ ᠪᠠᠶᠢᠭᠰᠠᠨ | ᠤ ᠲᠡᠭᠡᠷ᠎ᠡ ᠣᠣᠯ ᠤᠨ ᠮᠢᠩᠭᠠᠨ ᠬᠤᠰᠢᠭᠤᠨ ᠠᠴᠠ ᠢᠷᠡᠭᠰᠡᠨ ᠬᠤᠰᠢᠭᠤ ᠲᠡᠳ᠋ ᠲᠠᠷᠤᠭ᠎ᠠ ᠰᠠᠶᠢᠹᠣᠩᠭᠠ᠂ | ᠰᠠᠯᠠᠭᠠᠨ ᠱᠠᠳᠣᠨ ᠤ ᠺᠠᠳᠠᠷ ᠭᠠᠩᠧᠴᠢᠷ᠂ ᠲᠡᠨᠳᠡᠨ ᠰᠠᠮᠳᠠᠨ ᠨᠠᠷ ᠠᠴᠠ ᠭᠠᠳᠠᠨ᠎ᠠ ᠪᠠᠰᠨ ᠪᠣᠣᠴᠠᠩ ᠰᠢᠶᠠᠨ ᠠᠴᠠ | ᠢᠷᠡᠭᠰᠡᠨ ᠬᠤᠰᠢᠭᠤ ᠲᠡᠳ᠋ ᠲᠠᠷᠤᠭ᠎ᠠ ᠯᠢᠣ ᠬᠦᠢ ᠶᠦᠩ᠂ ᠰᠠᠯᠠᠭᠠᠨ ᠱᠠᠳᠣᠨ ᠤ ᠺᠠᠳᠠᠷ ᠪᠣᠯᠬᠤ ᠬᠠᠨ ᠪᠣᠣ ᠭᠠᠩ᠂ | ᠰᠦᠩ ᠴᠠᠩ ᠳ᠋ᠦᠩ ᠵᠡᠷᠭᠡ ᠶᠢᠨ ᠨᠥᠬᠦᠳ ᠢᠷᠡᠵᠤ ᠰᠢᠨ᠎ᠡ ᠰᠢᠯᠣᠭᠤᠨ ᠬᠦᠪᠡᠭᠡᠳᠦ ᠴᠠᠭᠠᠨ ᠬᠤᠰᠢᠭᠤ ᠪᠣᠯᠣᠨ | ᠪᠥᠷᠢᠯᠳᠦᠭᠰᠡᠨ ᠠᠩᠬᠠᠨ ᠤ ᠲᠤᠪᠴᠢ ᠲᠡᠮᠳᠡᠭᠯᠡᠯ ᠪᠣᠯᠣᠨ᠎ᠠ᠃ ᠡᠬᠦᠨᠴᠨ ᠭᠠᠳᠠᠨ᠎ᠠ ᠭᠤᠷᠪᠠᠨ ᠵᠠᠭᠤᠨ ᠵᠢᠯ ᠤᠨ | ᠲᠡᠣᠭᠡ ᠲᠠᠢ ᠬᠠᠭᠤᠴᠢᠨ ᠰᠢᠯᠣᠭᠤᠨ ᠴᠠᠭᠠᠨ ᠬᠤᠰᠢᠭᠤ ᠶᠢ ᠣᠳᠦ ᠰᠠᠶ᠋ᠢ ᠬᠤᠷᠢ ᠭᠤᠴᠢᠭᠠᠳ ᠵᠢᠯ ᠪᠣᠯᠵᠤ ᠪᠠᠶᠢᠭ᠎ᠠ | ᠰᠢᠨ᠎ᠡ ᠰᠢᠯᠣᠭᠤᠨ ᠬᠦᠪᠡᠭᠡᠳᠦ ᠴᠠᠭᠠᠨ ᠬᠤᠰᠢᠭᠤ ᠲᠠᠢ ᠬᠠᠷᠢᠴᠠᠭᠤᠯᠣᠨ ᠦᠵᠡᠵᠣ ᠪᠣᠯᠬᠤ ᠲᠦᠬᠦᠮ ᠭᠡᠳᠦᠨ ᠵᠢᠱᠢᠶ᠎ᠠ | ᠭᠡᠯᠡᠪᠡᠯ᠄ | ᠨᠢᠭᠡ᠂ ᠴᠢᠩ ᠣᠯᠣᠰ ᠤᠨ ᠮᠠᠨᠵᠣ ᠶᠢᠨ ᠬᠠᠭᠠᠨ ᠠᠴᠠ ᠮᠣᠩᠭᠤᠯᠴᠣᠳ ᠢ ᠠᠭᠠᠵᠢᠮ ᠢᠶᠠᠷ ᠮᠥᠬᠦᠭᠡᠬᠦ ᠭᠡᠰᠡᠨ | ᠮᠣᠬᠤᠷ ᠪᠢᠰᠢᠷᠡᠯ ᠤᠨ ᠬᠤᠣᠷᠳᠦ ᠪᠣᠳᠣᠯᠭ᠎ᠠ ᠬᠢᠭᠡᠳ ᠣᠯᠠᠨ ᠵᠣᠶᠢᠯ ᠤᠨ ᠲᠠᠷᠣᠯᠠᠯ ᠮᠥᠯᠵᠢᠯ ᠠᠴᠠ | ᠴᠢᠯᠣᠭᠡᠯᠡᠭᠳᠡᠭᠰᠡᠨ ᠲᠣᠯᠨ᠂ ᠥᠨᠣᠬᠢ ᠮᠠᠨᠢ ᠶᠢᠨ ᠵᠢᠷᠭᠤᠭᠠᠨ ᠦᠰᠦᠭ ᠨᠢᠭᠡ ᠴᠢᠮᠬᠢ ᠶᠣᠣᠮᠢᠶᠠᠨ ᠭᠤᠯᠢᠷ ᠢᠶᠠᠷ | ᠮᠠᠯᠴᠢᠨ ᠲᠦᠮᠡᠨ ᠢ ᠮᠡᠭᠡᠯᠡᠵᠤ ᠪᠠᠶᠢᠭᠰᠠᠨ ᠣᠯᠠᠨ ᠵᠣᠶᠢᠯ ᠤᠨ ᠪᠢᠳᠢᠷ ᠱᠠᠪᠢᠨᠠᠷ ᠪᠠ ᠵᠠᠯᠢᠬᠠᠢ ᠬᠤᠳᠠᠯᠳᠣᠭᠠᠴᠢᠨ ᠤ | ᠮᠥᠯᠵᠢᠯ ᠵᠡᠷᠭᠡ ᠦᠭᠡᠢ ᠪᠣᠯᠣᠭᠰᠠᠨ ᠠᠴᠠ ᠭᠠᠳᠠᠨ᠎ᠠ᠂ ᠣᠣᠯ ᠳᠠᠭᠠᠨ ᠶᠠᠮ ᠶᠠᠷ᠎ᠠ ᠡᠪᠡᠳᠴᠢᠨ ᠲᠠᠷᠬᠠᠭᠠᠵᠣ | ᠶᠠᠪᠣᠳᠠᠭ᠂ ᠪᠡᠯᠡᠨ ᠪᠣᠳᠠᠭ᠎ᠠ ᠢᠳᠡᠵᠣ ᠦᠬᠦᠭᠰᠡᠨ ᠲᠡᠮᠡᠭᠡ ᠬᠠᠷᠢᠭᠤᠯᠵᠤ ᠪᠠᠶᠢᠭᠰᠠᠨ ᠠᠰᠠᠮᠠᠭ ᠯᠠᠮᠨ ᠨᠠᠷ ᠣᠬᠠᠮᠰᠠᠷᠠᠵᠤ | ᠂ ᠡᠷᠭᠡ ᠲᠡᠭᠰᠢ ᠠᠷᠢᠭᠤᠨ ᠬᠦᠳᠡᠯᠮᠣᠷᠢ ᠳᠤ ᠣᠷᠣᠯᠴᠠᠵᠣ᠂ ᠮᠠᠯ ᠠᠵᠣ ᠠᠬᠤᠢ ᠶᠢ ᠥᠰᠭᠡᠬᠦ ᠳᠤ ᠲᠤᠰᠨ | ᠪᠣᠯᠣᠭᠰᠠᠨ ᠶᠣᠮ᠃ | ᠬᠤᠶᠠᠷ᠂ ᠠᠷᠠᠳ ᠲᠦᠮᠡᠨ ᠢ ᠣᠷᠳᠦ ᠣᠳᠠᠭᠠᠨ ᠢᠶᠠᠷ ᠲᠠᠷᠣᠯᠠᠵᠤ ᠪᠠᠶᠢᠭᠰᠠᠨ ᠣᠯᠣᠭᠠᠢ ᠲᠣᠯᠣᠭᠠᠢ | ᠬᠤᠶᠠᠷ ᠲᠠᠢ ᠯᠨ ᠪᠣᠯ ᠭᠡᠵᠢᠶ᠎ᠡ ᠴᠣ᠋ ᠭᠡᠰᠡᠨ ᠵᠢᠩᠰᠨ ᠵᠡᠷᠭᠡ ᠵᠡᠬᠦᠳᠡᠭ ᠹᠸᠣᠳᠠᠯᠴᠣᠳ ᠪᠠ ᠭᠤᠮᠢᠨᠳᠠᠩ ᠤᠨ ᠬᠢᠳᠡᠳ | ᠤᠨ ᠵᠠᠯᠢᠬᠠᠶᠢᠴᠣᠳ ᠬᠢᠭᠡᠳ ᠲᠡᠳᠡᠨ ᠤ ᠵᠢᠷᠤᠭ᠎ᠠ ᠨᠣᠬᠠᠢ ᠪᠣᠯᠵᠤ ᠪᠠᠶᠢᠭᠰᠠᠨ ᠨᠣᠳᠤᠭ ᠤᠨ ᠵᠢᠰᠣᠷ ᠡᠷᠭᠡᠳᠡᠨ | ᠵᠣᠯᠪᠢᠩᠴᠣᠳ ᠤᠨ ᠲᠣᠯᠣᠭᠠᠢ ᠨᠢ ᠨᠢᠭᠡᠮᠣᠰᠣᠨ ᠭᠡᠮᠭᠡᠷᠡᠭᠰᠡᠨ ᠲᠣᠯᠨ ᠮᠠᠯᠴᠢᠨ ᠲᠦᠮᠡᠨ ᠢ ᠨᠣᠳᠤᠭ ᠣᠷᠣᠨ ᠠᠴᠠ | ᠨᠢ ᠬᠦᠭᠡᠭᠡᠵᠣ ᠪᠡᠳᠡᠷᠡᠭᠡᠵᠤ ᠵᠦᠳᠡᠷᠡᠭᠡᠬᠦ ᠵᠣᠪᠠᠯᠠᠩ ᠦᠭᠡᠢ ᠪᠣᠯᠣᠭᠰᠠᠨ ᠠᠴᠠ ᠰᠠᠶ᠋ᠢ ᠠᠷᠠᠳ ᠤᠨ ᠠᠮᠢᠳᠣᠷᠠᠯ | ᠰᠠᠶᠢᠵᠢᠷᠠᠭᠰᠠᠨ ᠪᠠᠶᠢᠨ᠎ᠠ᠃ | ᠭᠤᠷᠪᠠ᠂ ᠬᠠᠭᠤᠴᠢᠨ ᠨᠡᠶᠢᠭᠡᠮ ᠳᠤ ᠭᠠᠵᠠᠷ ᠪᠥᠬᠦᠨ ᠳᠤ ᠫᠣᠣ ᠪᠠᠷᠢᠵᠣ ᠬᠠᠷ᠎ᠠ ᠲᠡᠮᠠᠬᠢ᠂ | ᠮᠠᠵᠢᠶᠠᠩ ᠫᠠᠢ ᠵᠡᠷᠭᠡ ᠪᠠᠷ ᠠᠷᠠᠳ ᠢ ᠬᠤᠣᠷᠳᠠᠭᠤᠯᠵᠤ᠂ ᠣᠯᠠᠨ ᠲᠦᠮᠡᠨ ᠢ ᠮᠥᠯᠵᠢᠵᠣ ᠯᠣᠶᠢᠪᠠᠷᠳᠠᠳᠠᠭ ᠡᠪ ᠤᠨ | ᠲᠡᠭᠡᠷᠡᠮᠴᠣᠳ ᠦᠭᠡᠢ ᠪᠣᠯᠣᠭᠰᠠᠨ ᠠᠴᠠ ᠠᠷᠠᠳ ᠣᠯᠠᠨ ᠰᠦᠨᠢ ᠳᠡᠭᠡᠨ ᠰᠡᠳᠬᠢᠯ ᠠᠮᠣᠷ ᠣᠨᠳᠠᠵᠤ ᠂ ᠡᠳᠦᠷ | ᠲᠡᠭᠡᠨ ᠠᠮᠣᠷ ᠲᠠᠶᠢᠪᠣᠩ ᠢᠶᠠᠷ ᠠᠵᠣ ᠬᠦᠳᠡᠯᠮᠣᠷᠢ ᠬᠢᠬᠦ ᠪᠣᠯᠵᠤ ᠠᠷᠠᠳ ᠲᠦᠮᠡᠨ ᠤ ᠠᠮᠢᠳᠣᠷᠠᠯ ᠲᠡᠭᠡᠭᠰᠢᠯᠡᠵᠤ | ᠢᠷᠡᠭᠰᠡᠨ ᠪᠠᠶᠢᠨ᠎ᠠ᠃ | ᠲᠦᠷᠪᠡ᠂ ᠥᠩᠭᠡᠷᠡᠭᠰᠡᠨ ᠳᠤ ᠮᠠᠯᠴᠢᠳ ᠪᠠᠶᠢᠭᠠᠯᠢ ᠶᠢᠨ ᠭᠠᠮᠰᠢᠭ ᠴᠢᠨ᠋ᠸ᠎ᠠ ᠶᠢᠨ ᠠᠶᠣᠯ ᠬᠢᠭᠡᠳ | ᠦᠭᠡᠷ ᠤᠨ ᠮᠢᠯᠵᠢᠩ ᠰᠢᠯᠣᠭᠡᠢ ᠵᠡᠷᠭᠡ ᠣᠯᠠᠨ ᠭᠡᠮ ᠬᠢᠵᠢᠭ ᠤᠨ ᠡᠮᠣᠨ᠎ᠡ ᠶᠠᠷᠣ ᠠᠴᠠ ᠶᠠᠮᠠᠷᠴᠣ ᠠᠷᠭ᠎ᠠ ᠦᠭᠡᠢ | ᠪᠣᠷᠬᠠᠨ ᠲᠡᠭᠷᠢ ᠮᠡᠳᠡᠭ᠂ ᠬᠤᠪᠢ ᠵᠠᠶᠠᠭ᠎ᠠ ᠮᠡᠳᠡᠭ ᠭᠡᠵᠤ ᠵᠠᠯᠪᠢᠷᠠᠬᠤ ᠠᠴᠠ ᠥᠭᠡᠷ᠎ᠡ ᠴᠢᠳᠠᠪᠣᠷᠢ ᠦᠭᠡᠢ ᠪᠠᠶᠢᠭᠰᠠᠨ | ᠪᠣᠯ ᠴᠢᠯᠣᠭᠡᠯᠡᠭᠰᠡᠨ ᠤ ᠬᠤᠶᠢᠨ᠎ᠡ ᠡᠪ ᠬᠠᠮᠳᠦ ᠨᠠᠮ ᠤᠨ ᠣᠳᠣᠷᠢᠳᠣᠯᠭ᠎ᠠ ᠲᠣᠣᠷ᠎ᠠ ᠬᠦᠮᠣᠨ ᠤ ᠬᠦᠴᠣ ᠪᠠᠷ | ᠪᠠᠶᠢᠭᠠᠯᠢ ᠶᠢ ᠢᠯᠡᠵᠤ ᠪᠣᠯᠬᠤ ᠦᠨᠡᠨ ᠶᠣᠰᠣ ᠶᠢ ᠣᠬᠠᠭᠤᠯᠵᠣ ᠮᠠᠯ ᠠᠵᠣ ᠠᠬᠤᠢ ᠶᠢᠨ ᠲᠠᠯ᠎ᠠ ᠪᠠᠷ ᠣᠯᠠᠨ | ᠵᠣᠶᠢᠯ ᠤᠨ ᠵᠦᠪ ᠲᠦᠷᠣ ᠶᠢᠨ ᠪᠣᠳᠣᠯᠭ᠎ᠠ ᠶᠢ ᠬᠡᠷᠡᠭᠯᠡᠭᠰᠡᠨ ᠠᠴᠠ ᠠᠷᠭ᠎ᠠ ᠦᠭᠡᠢ ᠪᠠᠶᠢᠭᠰᠠᠨ ᠣᠯᠠᠨ ᠵᠣᠶᠢᠯ | ᠤᠨ ᠭᠡᠮ ᠬᠢᠵᠢᠭ ᠢ ᠣᠰᠠᠳᠬᠠᠵᠤ ᠠᠶᠣᠯ ᠭᠠᠮᠰᠢᠭ ᠢ ᠢᠯᠡᠵᠤ ᠴᠢᠳᠠᠭᠰᠠᠨ ᠳᠤ ᠮᠠᠯ ᠠᠵᠣ ᠠᠬᠤᠢ ᠶᠡᠭᠡ | ᠲᠦᠷᠭᠡᠨ ᠢᠶᠠᠷ ᠬᠦᠭᠵᠢᠵᠣ᠂ ᠥᠩᠭᠡᠷᠡᠭᠰᠡᠨ ᠳᠡᠭᠡᠨ ᠣᠷᠳᠦ ᠬᠤᠭᠤᠴᠠᠭ᠎ᠠ ᠪᠠᠷ ᠲᠦᠮᠠᠨ ᠪᠣᠳᠠ ᠬᠦᠷᠬᠦ ᠦᠭᠡᠢ ᠲᠠᠢ | ᠵᠣᠭᠰᠣᠩᠬᠢᠷᠠᠵᠤ ᠪᠠᠶᠢᠭᠰᠠᠨ ᠠᠴᠠ ᠪᠠᠨ ᠭᠡᠳᠦᠨ ᠠᠷᠪᠠᠨ ᠲᠦᠮᠨ ᠪᠣᠯᠣᠨ ᠥᠰᠴᠣ ᠢᠷᠡᠭᠰᠡᠨ ᠪᠠᠶᠢᠨ᠎ᠠ᠃ | ᠲᠠᠪᠤ᠂ ᠡᠵᠡᠷᠭᠡᠭ ᠲᠦᠷᠢᠮᠡᠭᠡᠢ ᠶᠠᠫᠤᠨᠴᠣᠳ ᠡᠭᠡᠯᠳᠡ ᠦᠭᠡᠢ ᠲᠣᠨᠢᠯᠠᠭᠠᠳ ᠲᠡᠬᠦᠨ ᠤ ᠵᠢᠷᠤᠭ᠎ᠠ | ᠨᠣᠬᠠᠢ ᠪᠣᠯᠵᠤ ᠪᠠᠶᠢᠭᠰᠠᠨ ᠲᠡᠮᠴᠦᠭᠳᠣᠩᠷᠣᠪ ᠤᠨ ᠬᠠᠭᠤᠷᠮᠠᠭ ᠵᠠᠰᠠᠭ ᠣᠰᠠᠳᠬᠠᠭᠳᠠᠭᠰᠠᠨ ᠲᠣᠯᠨ ᠮᠠᠯᠴᠢᠨ ᠲᠦᠮᠡᠨ | ᠠᠷᠠᠢ ᠡᠰᠨ ᠮᠠᠯ ᠢᠶᠠᠨ ᠪᠠᠷᠠᠵᠣ᠂ ᠮᠢᠬ᠎ᠠ ᠰᠦ ᠡᠴᠡᠭᠡᠨ ᠰᠠᠯᠵᠣ ᠮᠠᠳᠠᠢ ᠨᠥᠮᠣᠷᠬᠦ ᠭᠡᠵᠣ ᠪᠠᠶᠢᠭᠰᠠᠨ ᠠᠶᠣᠯ ᠠᠴᠠ | ᠦᠨᠢ ᠡᠬᠦᠷᠢᠳᠡ ᠴᠢᠯᠣᠭᠡᠯᠡᠭᠳᠡᠵᠤ ᠡᠩᠭᠡ ᠲᠠᠶᠢᠪᠣᠩ ᠡᠷᠭᠡ ᠴᠢᠯᠣᠭᠡᠳᠡᠢ ᠪᠠᠷ ᠠᠵᠣ ᠠᠬᠤᠢ ᠪᠠᠨ ᠬᠦᠭᠵᠢᠬᠦᠯᠵᠣ | ᠪᠠᠶᠢᠭ᠎ᠠ ᠨᠢ ᠲᠣᠮᠳᠠᠳᠦ ᠣᠯᠣᠰ ᠤᠨ ᠡᠪ ᠬᠠᠮᠳᠦ ᠨᠠᠮ ᠤᠨ ᠠᠴᠢ ᠢᠪᠡᠭᠡᠯ ᠪᠣᠯᠬᠤ ᠶᠣᠮ᠃ ᠠᠷᠠᠳ ᠲᠦᠮᠡᠨ | ᠡᠴᠠᠠᠮᠠᠨ ᠶᠠᠷᠢᠶᠠᠨ ᠳᠠᠭᠠᠨ᠄᠂ ︽ᠨᠠᠮ ᠢᠶᠠᠨ ᠲᠠᠭᠠᠪᠠᠯ ᠦᠯᠣᠰᠬᠦ ᠦᠭᠡᠢ᠂ ᠨᠡᠷᠨ ᠪᠠᠨ ᠲᠠᠭᠠᠪᠠᠯ ᠲᠠᠭᠠᠷᠠᠬᠤ | ᠦᠭᠡᠢ︾ ᠭᠡᠳᠡᠭ ᠨᠢ ᠲᠦᠮᠡᠨ ᠵᠦᠪ ᠰᠠᠶᠢᠬᠠᠨ ᠳ᠋ᠦᠩᠨᠡᠯᠳᠡ ᠭᠡᠰᠡᠨ ᠢ ᠬᠦᠮᠣᠨ ᠪᠥᠬᠦᠨ ᠮᠡᠳᠡᠵᠤ ᠪᠣᠯᠬᠤ ᠶᠣᠮ᠃ | ᠡᠬᠦᠨ ᠠᠴᠠ ᠭᠠᠳᠠᠨ᠎ᠠ ᠪᠠᠰᠨ ᠬᠠᠨ᠎ᠠ ᠬᠠᠳᠠ ᠶᠢᠨ ᠡᠩᠭᠡᠷ ᠲᠤ ᠪᠠᠶᠢᠭ᠎ᠠ ᠭᠡᠳᠦᠨ ᠵᠠᠭᠤᠨ ᠵᠢᠯ ᠤᠨ ᠲᠡᠣᠭᠡ ᠲᠠᠢ | ᠬᠠᠭᠤᠴᠢᠨ ᠬᠤᠰᠢᠭᠤ ᠲᠦᠪ ᠤᠨ ᠪᠠᠶᠢᠭᠰᠠᠨ ᠭᠡᠳᠦᠨ ᠬᠦᠷᠢᠶ᠎ᠡ ᠶᠢ ᠣᠳᠦ ᠰᠠᠶ᠋ᠢ ᠭᠤᠴᠢᠭᠠᠳ ᠵᠢᠯ ᠪᠣᠯᠵᠤ | ᠪᠠᠶᠢᠭ᠎ᠠ ᠴᠠᠭᠠᠨᠨᠠᠭᠤᠷ ᠲᠠᠬᠢ ᠰᠢᠨ᠎ᠡ ᠬᠤᠰᠢᠭᠤ ᠲᠦᠪ ᠲᠠᠢ ᠬᠠᠷᠢᠴᠠᠭᠤᠯᠣᠨ ᠦᠵᠡᠪᠡᠯ᠂ ᠬᠠᠷᠠᠬᠤ ᠨᠢᠳᠦ ᠲᠠᠢ | ᠬᠦᠮᠣᠰ ᠨᠢᠭᠡᠯᠨ ᠬᠠᠷᠠᠮᠠᠭᠴᠨᠮᠠᠳᠡᠵᠤ ᠪᠣᠯᠬᠤ ᠲᠡᠭᠷᠢ ᠭᠠᠵᠠᠷ ᠤᠨ ᠵᠦᠷᠢᠶ᠎ᠡ ᠲᠠᠢ ᠪᠢᠯᠨ᠃ | ᠵᠠ᠂ ᠡᠨ᠋ᠨ ᠪᠣᠯ ᠡᠪᠣᠭᠡᠨ ᠪᠣᠯᠣᠭᠰᠠᠨ ᠪᠣᠯᠬᠢ ᠮᠢᠨᠣ ᠬᠠᠭᠤᠴᠢᠨ ᠤ ᠲᠡᠣᠭᠡ ᠰᠣᠳᠣᠷ ᠢ | ᠬᠠᠭᠤᠯᠠᠨ ᠪᠢᠴᠢᠭᠰᠡᠨ ᠪᠢᠰᠢ ᠪᠥᠭᠡᠳ ᠣᠭᠳᠦ ᠣᠷᠣᠮ ᠦᠭᠡᠢ ᠭᠠᠵᠠᠷ ᠲᠤ ᠣᠪᠣᠭ᠎ᠠ ᠪᠣᠰᠬᠠᠭᠰᠠᠨ ᠴᠣ᠋ ᠪᠢᠰᠢ᠂ | ᠵᠦᠪᠭᠡᠨ ᠥᠪᠡᠷ ᠤᠨ ᠲᠥᠷᠣᠵᠤ ᠥᠰᠦᠭᠡᠳ ᠲᠠᠯᠨ ᠭᠠᠷᠣᠢ ᠵᠢᠯ ᠠᠮᠢᠳᠣᠷᠠᠭᠰᠠᠨ ᠨᠣᠳᠤᠭ ᠣᠷᠣᠨ ᠤ ᠪᠠᠨ | ᠪᠠᠶᠢᠳᠠᠯ ᠢ ᠦᠵᠡᠵᠣ᠂ ᠰᠣᠨᠣᠰᠣᠭᠰᠠᠨ ᠢᠶᠠᠨ ᠪᠣᠳᠣᠵᠤ᠂ ᠰᠠᠨᠠᠵᠤ ᠣᠯᠣᠭᠰᠠᠨ ᠢᠶᠠᠨ ᠲᠣᠪᠴᠢᠬᠠᠨ ᠲᠡᠮᠳᠡᠭᠯᠡᠵᠤ | ᠬᠤᠶᠢᠴᠢ ᠶᠢᠨ ᠦᠶ᠎ᠡ ᠬᠡᠣᠭᠡᠳ ᠪᠠᠭᠠᠴᠣᠳ ᠲᠠᠭᠠᠨ ᠦᠯᠡᠳᠡᠭᠡᠨ ᠲᠠᠨᠢᠯᠴᠠᠭᠤᠯᠬᠤ ᠶᠢᠨ ᠲᠥᠯᠣᠭᠡ ᠠᠳᠡ | ᠬᠦᠷᠳᠡᠯ᠎ᠡ ᠪᠢᠴᠢᠵᠣ ᠲᠡᠬᠦᠰᠭᠡᠪᠡ᠃ ᠡᠬᠦᠨ ᠳᠤ ᠡᠳᠣᠢ ᠲᠡᠳᠣᠢ ᠠᠯᠳᠠᠭ᠎ᠠ ᠪᠣᠷᠣᠭᠤ ᠪᠠᠶᠢᠬᠤ ᠨᠢ ᠲᠠᠮᠵᠢᠭ ᠦᠭᠡᠢ | ᠪᠢᠯᠨ᠃ ᠣᠩᠰᠢᠭᠴᠢ ᠣᠯᠠᠨ ᠨᠦᠬᠦᠳ ᠵᠠᠰᠠᠵᠤ ᠵᠠᠯᠠᠷᠠᠭᠤᠯᠵᠤ ᠥᠭᠬᠦ ᠪᠣᠯᠪᠠᠣ︕ | ︵ ᠡᠬᠡ ᠪᠢᠴᠢᠭ ᠢ ᠣᠯᠣᠰ ᠲᠦᠷᠦ ᠶᠢᠨ ᠵᠦᠪᠯᠡᠯᠭᠡᠨ ᠤ ᠰᠢᠯᠢ ᠶᠢᠨ ᠭᠤᠣᠯ ᠠᠶᠢᠮᠠᠭ ᠤᠨ ᠲᠠᠪᠣᠳᠣᠭᠠᠷ | ᠬᠤᠭᠤᠴᠠᠭᠠᠨ ᠤ ᠵᠦᠪᠯᠡᠯ ᠤᠨ ᠲᠡᠳ᠋ ᠲᠡᠷᠢᠬᠦᠯᠡᠭᠴᠢ᠂ ᠰᠢᠯᠣᠭᠤᠨ ᠬᠦᠪᠡᠭᠡᠳᠦ ᠴᠠᠭᠠᠨ ᠬᠤᠰᠢᠭᠤᠨ ᠤ ᠲᠠᠷᠤᠭ᠎ᠠ | ᠪᠠᠶᠢᠭᠰᠠᠨ ᠰᠣᠳᠨᠠᠮᠳᠣᠷᠵᠢ ᠭᠤᠸᠠᠢ ᠬᠠᠩᠭᠠᠪᠠ︶ |