ᠯᠣᠪᠰᠠᠩᠴᠦ᠋ᠯᠳᠣᠮ ︵1740 — 1810 ᠣᠨ︶᠂ ᠮᠣᠩᠭᠤᠯ ᠦᠠᠳᠣᠰᠣᠳᠠᠠ᠂ ᠦᠢᠭᠤᠣᠠ | ᠤᠪᠤᠠᠠᠳᠠᠠ᠂ ᠴᠬᠠᠠᠷ ᠵᠠᠬᠦᠠ ᠬ᠋ᠠᠷ ᠤᠨ ᠬᠦᠪᠡᠬᠡᠳᠣ ᠴᠠᠭᠠᠠ ᠬᠤᠰᠢᠭᠤᠠ ᠤ ᠭᠤᠷᠪᠠᠳᠣᠭᠠᠷ ᠰᠣᠮᠣᠠ ᠤ ᠭᠤᠷᠬᠠᠨ | ᠭᠠᠴᠠᠭᠠᠨ ᠤ ᠬᠦᠮᠣᠠ᠃ ᠲᠣᠯᠣᠭᠠᠨ ᠨᠠᠰᠣᠳᠠᠢ ᠳᠠᠭᠠᠨ ᠠᠪᠠᠭ᠎ᠠ ᠠᠬ᠎ᠠ ᠪᠠᠷ ᠢᠶᠠᠨ ᠠᠩᠬ᠎ᠠ ᠮᠤᠩᠭᠤᠯ ᠪᠢᠴᠢᠭ | ᠵᠢᠭᠠᠯᠭᠠᠵᠤ᠂ ᠲᠠᠷᠠᠭ᠎ᠠ ᠨᠢ ᠰᠦᠮ᠎ᠡ ᠳᠤ ᠱᠠᠪᠢᠯᠠᠵᠤ ᠪᠠᠨᠳᠢ ᠪᠤᠯᠤᠭᠠᠳ ᠰᠠᠶ᠋ᠢ ᠲᠦᠪᠠᠣᠠ ᠨᠤᠮ ᠵᠢᠭᠠᠯᠭᠠᠵᠠᠢ᠃ | ᠲᠡᠷᠡ ᠪᠤᠰᠤᠳ ᠢ ᠲᠤᠰᠠᠯᠠᠭᠴᠢ ᠪᠤᠳᠢ ᠲᠢᠪ ᠰᠦᠮ᠎ᠡ ᠶᠢᠨ ᠶᠠᠷᠳᠠᠭᠪᠠ ᠪᠯᠠᠮ᠎ᠠ ᠴᠠᠶᠢᠪᠠ ᠬᠤᠳᠤᠭᠳᠤ | ᠯᠤᠪᠰᠠᠩᠫᠡᠷᠡᠩᠯᠠᠢ ᠳᠤ ᠱᠠᠪᠢ ᠪᠤᠯᠵᠤ ᠰᠡᠬᠦᠯᠡᠷ ᠨᠢ ᠲᠤᠯᠤᠨ ᠨᠠᠭᠤᠷ ᠤᠨ ᠵᠡᠬᠦᠨ ᠰᠦᠮ᠎ᠡ ᠶᠢᠨ ᠷᠠᠪᠵᠠᠮᠪᠠ ᠰᠢᠷᠤᠪ | ᠲᠤ ᠱᠠᠪᠢ ᠤᠷᠤᠵᠤ ᠮᠤᠩᠭᠤᠯ ᠤᠷᠴᠢᠭᠤᠯᠭ᠎ᠠ ᠰᠤᠷᠴᠠᠢ᠃ ᠬᠤᠵᠢᠮ ᠨᠢ ᠬᠤᠷᠢᠨ ᠭᠤᠷᠪᠠᠳᠠᠢ ᠳᠠᠭᠠᠨ ᠪᠡᠬᠡᠵᠢᠩ | ᠳᠤ ᠬᠦᠷᠴᠣ ᠶᠦᠩ ᠾᠧ ᠬᠦᠩ ᠤᠨ ᠮᠢᠩᠭᠠᠨ ᠷᠠᠪᠵᠠᠮᠪᠠ ᠳᠤ ᠱᠠᠪᠢ ᠤᠷᠤᠭᠠᠳ ᠼᠠᠨᠢᠳ ᠷᠠᠰᠠᠩ ᠳᠤ ᠪᠠᠷᠴᠢᠨ | ᠨᠠᠮᠠᠷᠢ ᠶᠢᠨ ᠰᠤᠷᠭᠠᠯ ᠳᠤ ᠲᠤᠯᠤᠭᠠᠨ ᠵᠢᠯ ᠰᠤᠷᠤᠯᠴᠠᠢ᠃ ᠢᠩᠬᠢᠬᠡᠳ ᠨᠢᠬᠡᠨᠮᠤᠩᠭᠤᠯ᠂ ᠲᠦᠪᠠᠣᠠ ᠭᠡᠯᠡᠨ ᠳᠤ | ᠨᠠᠪᠳᠠᠷᠡᠭᠰᠡᠨ ᠂ ᠲᠠᠯ᠎ᠠ ᠨᠣᠳᠤᠭ ᠤᠨ ᠡᠷᠳᠡᠮᠳᠡᠨ ᠪᠤᠯᠤᠭᠰᠠ ᠪᠠᠶᠢᠨ᠎ᠠ᠃ ᠯᠣᠪᠰᠠᠩᠴᠦ᠋ᠯᠳᠣᠮ ᠪᠣᠯ ᠠᠷᠪᠠᠠ | ᠨᠠᠢᠮᠠᠳᠣᠭᠠᠷ ᠵᠠᠭᠤᠠ ᠤ ᠡᠬᠢᠠ ᠤ ᠦᠶ᠎ᠠ ᠶᠢᠨ ᠴᠣᠯᠭᠤᠷᠬᠠᠰᠠᠠ ᠱᠠᠰᠢᠠ ᠰᠣᠷᠳ᠋ᠬᠠᠣᠠ ᠤ ᠬᠦᠠ ᠤᠬᠠᠭᠠᠠᠳᠠᠠ᠂ | ᠲᠦᠪᠠᠣᠠᠴᠢ ᠡᠷᠳᠠᠮᠳᠠᠠ᠂ ᠤᠣᠠᠭ᠋ᠠ ᠵᠣᠬᠢᠶᠠᠯᠴᠢ᠂ ᠡᠮᠨᠠᠯᠬᠡ ᠶᠢᠨ ᠤᠬᠠᠭᠠᠠᠳᠠᠠ᠂ ᠵᠢᠷᠣᠬᠠᠢᠢᠴᠢ᠂ ᠤᠷᠴᠢᠭᠤᠯᠣᠠᠠᠴᠢ | ᠪᠠ ᠪᠠᠷᠯᠠᠯ ᠬᠡᠪᠯᠡᠭᠴᠢ ᠪᠦᠬᠡᠳ ᠡᠷᠳᠡᠨ ᠤ ᠮᠤᠩᠭᠤᠯ ᠡᠮᠨᠡᠯᠬᠡ ᠶᠢᠨ ᠡᠳᠡᠬᠡᠳ ᠤᠨ ᠲᠦᠯᠦᠬᠡᠯᠡᠭᠴᠢ ᠪᠤᠯᠵᠤ | ᠮᠤᠩᠭᠤᠯ ᠭᠠᠵᠠᠷ ᠤᠷᠤᠨ ᠳᠤ ᠨᠡᠷ᠎ᠡ ᠠᠯᠳᠠᠷᠰᠢᠭᠰᠠᠨ ᠶᠤᠮ᠃ ᠮᠤᠩᠭᠤᠯ ᠰᠤᠶᠤᠯ ᠢ ᠬᠦᠭᠵᠢᠬᠦᠯᠦᠭᠴᠢ ᠶᠤᠮ᠃ | ᠲᠡᠬᠦᠨ ᠤ ᠭᠤᠤᠯ ᠪᠦᠳᠤᠬᠡᠯ ᠳᠤ ᠲᠦᠪᠡᠳ ᠬᠡᠯᠡ ᠪᠠᠷ ᠪᠢᠴᠢᠭᠳᠡᠭᠰᠡᠨ ︽ᠮᠠᠨ ᠤ ᠰᠢᠵᠢᠳ︾᠂ ︽ | ᠼᠠᠳᠠᠭᠰᠦ᠋ᠨᠳᠤᠷᠳᠤᠢ ︵ᠰᠤᠳᠠᠯ ᠰᠢᠨᠵᠢᠯᠡᠬᠦ ᠲᠤᠪᠴᠢ︶︾᠂ ︽ᠪᠠᠰᠠᠮ ᠮᠠᠮᠠᠷᠵᠢᠰᠦ᠋ᠯ︾᠂ ︽ᠪᠠᠰᠠᠮ ᠤᠨ ᠲᠤᠰᠤᠨ | ᠡᠮ ᠬᠢᠬᠦ ᠶᠤᠰᠤᠨ ︾ ︽ᠡᠮ ᠤᠨ ᠠᠶᠢᠮᠠᠭ ᠤᠨ ᠨᠤᠮᠯᠠᠯ︾ ᠬᠡᠮᠡᠬᠦ ᠲᠦᠷᠪᠡᠨ ᠪᠤᠳᠢ ᠰᠤᠳᠤᠷ ᠲᠠᠭᠠᠨ ᠨᠤᠳᠤᠭ | ᠤᠷᠤᠨ ᠤ ᠪᠠᠨ678 ᠵᠦᠢᠯ ᠤᠨ ᠡᠮᠳᠤ ᠪᠤᠳ᠋ᠨᠰ ᠢ ︽ᠡᠷᠳᠡᠨᠢ᠂ ᠰᠢᠷᠤᠢ ᠂ ᠴᠢᠯᠠᠭᠤ᠂ ᠮᠤᠳᠤ᠂ ᠲᠠᠯ᠎ᠠ᠂ ᠰᠢᠮ᠎ᠡ᠂ | ᠲᠠᠪᠤᠰᠤ᠂ ᠦᠨᠡᠰᠤ᠂ ᠠᠮᠢᠳᠠᠨ᠂ ᠤᠷᠭᠤᠮᠠᠯ ︵ᠡᠪᠡᠰᠤ︶︾ ᠠᠷᠪᠠᠨ ᠠᠶᠢᠮᠠᠭ ᠲᠤ ᠬᠤᠪᠢᠶᠠᠨ ᠠᠩᠬᠢᠯᠠᠵᠤ | ᠲᠡᠳᠡᠬᠡᠷ ᠤᠨ ᠬᠡᠯᠪᠡᠷᠢ ᠲᠦᠷᠰᠤ᠂ ᠤᠨᠴᠠᠯᠢᠭ ᠰᠢᠨᠵᠢ᠂ ᠦᠨᠦᠷ ᠠᠮᠳᠠ᠂ ᠴᠢᠨᠠᠷ ᠴᠢᠳᠠᠪᠬᠢ᠂ ᠦᠢᠯᠡᠳᠤᠯ | ᠬᠡᠷᠡᠭᠴᠡᠭᠡ ᠵᠢᠴᠢ ᠭᠠᠷᠭᠠᠬᠤ ᠤᠷᠤᠨ᠂ ᠲᠡᠬᠦᠵᠤ ᠠᠪᠬᠤ ᠴᠠᠭ ᠤᠯᠠᠷᠢᠯ᠂ ᠨᠤᠮᠤᠬᠤᠬᠠᠵᠤ ᠪᠤᠯᠪᠠᠰᠤᠷᠠᠭᠤᠯᠬᠤ ᠠᠷᠭ᠎ᠠ | ᠪᠠᠷᠢᠯ ᠵᠡᠷᠬᠡ ᠶᠢ ᠨᠠᠷᠢᠨ ᠨᠢᠭᠳᠠ ᠰᠢᠨᠵᠢᠯᠠᠨ ᠲᠠᠶᠢᠯᠪᠤᠷᠢᠯᠠᠭᠰᠠᠨ ᠪᠠᠶᠢᠳᠠᠭ᠃ ᠡᠶᠢᠨ ᠬᠦ ᠰᠦᠮᠪᠤ ᠬᠠᠮᠪᠤ | ᠢᠰᠢᠪᠠᠯᠵᠤᠤᠷ᠂ ᠴᠠᠬᠠᠷ ᠬᠡᠪᠰᠢ ᠯᠤᠪᠰᠠᠩᠴᠦ᠋ᠯᠳᠤᠮ᠂ ᠯᠦᠩᠷᠤᠭ᠍ᠳᠠᠨᠳᠠᠷ᠂ ᠵᠠᠮᠪᠠᠯᠳᠤᠷᠵᠢ᠂ ᠢᠰᠢᠳᠠᠨᠼᠨᠸᠠᠩᠵᠢᠯ᠂ | ᠬᠦᠨᠡᠪᠠᠳᠠᠷᠠ ᠨᠠᠷ ᠢ ᠮᠤᠩᠭᠤᠯ ᠠᠨᠠᠭᠠᠬᠤ ᠤᠬᠠᠭᠠᠨ ᠤ ᠦᠨᠳᠤᠰᠤᠯᠡᠭᠴᠢ ᠬᠡᠳᠡᠭ᠃ ᠡᠶᠢᠮᠤ ᠠᠴᠠ ᠴᠠᠬᠠᠷ ᠬᠡᠪᠰᠢ | ᠯᠣᠪᠰᠠᠩᠴᠦ᠋ᠯᠳᠣᠮ ᠪᠤᠯ ᠤᠷᠴᠢᠪᠳᠤᠷ ᠦᠶ᠎ᠡ ᠶᠢᠨ ᠮᠤᠩᠭᠤᠯ ᠠᠨᠠᠭᠠᠬᠤ ᠤᠬᠠᠭᠠᠨ ᠤ ᠡᠷᠳᠡᠮ ᠰᠢᠨᠵᠢᠯᠨᠬᠡᠨ ᠤ | ᠤᠷᠤᠰᠬᠠᠯ ᠤᠨ ᠬᠢᠨ ᠲᠦᠯᠦᠬᠡᠯᠡᠭᠴᠢ ᠪᠦᠬᠡᠳ ᠠᠨᠠᠭᠠᠬᠤ ᠤᠬᠠᠭᠠᠨ ᠤ ᠲᠠᠯ᠎ᠠ ᠪᠠᠷ ᠡᠮᠳᠤ ᠪᠤᠳ᠋ᠨᠰ ᠢ ᠭᠤᠤᠯ ᠪᠤᠯᠭᠠᠨ | ᠰᠤᠳᠤᠯᠵᠤ ᠪᠦᠳᠤᠬᠡᠯᠴᠢ ᠴᠢᠨᠠᠷᠳᠠᠢ ᠠᠮᠵᠢᠯᠳᠠ ᠤᠯᠤᠭᠰᠠᠨ ᠡᠮᠳᠤ ᠪᠤᠳ᠋ᠨᠰ ᠤᠨ ᠤᠬᠠᠭᠠᠨ ᠤ ᠡᠷᠳᠡᠮᠳᠡᠨ ᠶᠤᠮ᠃ | ᠴᠬᠠᠨᠷ ᠬᠡᠪᠰᠢ ᠶᠢᠨ ᠲᠡᠷᠡ ᠦᠶ᠎ᠡ ᠶᠢᠨ ᠲᠡᠳᠡᠬᠡᠷ ᠪᠦᠳᠤᠬᠡᠯ ᠰᠤᠳᠤᠯᠭ᠎ᠠ ᠨᠤᠭᠤᠳ ᠠᠴᠠ ᠤᠳᠤ | ᠬᠦᠷᠳᠡᠯ᠎ᠡ ᠬᠦᠴᠤᠨ ᠲᠡᠬᠦᠯᠳᠡᠷ ᠢᠶᠠᠷ ᠠᠰᠢᠭᠯᠠᠨ ᠬᠡᠷᠡᠭᠯᠡᠵᠤ ᠪᠠᠶᠢᠭ᠎ᠠ ᠠᠴᠠ ᠦᠵᠡᠬᠦ ᠳᠤ ᠮᠤᠩᠭᠤᠯ ᠠᠨᠠᠭᠠᠬᠤ | ᠤᠬᠠᠭᠠᠨ ᠤ ᠰᠠᠭᠤᠷᠢᠯᠠᠭᠴᠢ ᠮᠡᠷᠬᠡᠨ ᠤᠳᠠᠴᠢ ᠪᠦᠬᠡᠳ ᠴᠠᠭᠠᠨ ᠴᠡᠴᠡᠭ ᠲᠠᠷᠢᠬᠤ ᠪᠠ ᠡᠮ ᠨᠠᠶᠢᠷᠠᠭᠤᠯᠵᠤ ᠴᠠᠭᠠᠨ | ᠴᠡᠴᠡᠭ ᠢᠶᠠᠷ ᠡᠪᠡᠳᠴᠢᠯᠡᠭᠰᠡᠳ ᠢ ᠡᠮᠨᠡᠨ ᠡᠳᠡᠬᠡᠷᠡᠬᠦᠯᠦᠭᠰᠨ᠋ᠡ ᠦᠢᠯᠡᠳᠤᠯᠬᠡ ᠨᠢ ᠲᠤᠬᠠᠢ ᠶᠢᠨ ᠦᠶ᠎ᠡ ᠳᠡᠭᠡᠨ ᠲᠡᠯᠡᠬᠡᠢ | ᠶᠢᠨ ᠠᠨᠠᠭᠠᠬᠤ ᠤᠬᠠᠭᠠᠨ ᠤ ᠲᠡᠬᠡᠳᠤ ᠲᠦᠪᠰᠢᠨ ᠳᠤ ᠬᠦᠷᠦᠭᠰᠡᠨ ᠬᠡᠳᠡᠭ ᠢ ᠭᠡᠷᠡᠴᠢᠯᠡᠬᠦ ᠶᠤᠮ᠃ ᠲᠡᠬᠦᠨ ᠤ | ᠤᠳᠬ᠎ᠠ ᠵᠣᠬᠢᠶᠠᠯ ᠪᠥᠳᠦᠭᠡᠯ ᠳᠤ ︽ᠠᠪᠤ ᠡᠵᠢ ᠶᠢᠨ ᠠᠴᠢ ᠶᠢ ᠬᠠᠷᠢᠭᠤᠯᠬᠤ ᠰᠢᠯᠣᠭ᠌︾᠂ ︽ᠬ᠋ᠠᠯ ᠲᠠᠬᠢᠨ᠋ᠠᠣ ᠶᠢᠨ | ᠵᠠᠩ ᠦᠢᠯᠠ ᠪᠠᠶᠠᠰᠬᠤᠯᠠᠩ ᠬ᠋ᠠᠷᠬᠤ ᠶᠢᠨ ᠤᠷᠣᠠ ᠬᠡᠮᠠᠬᠦ ᠤᠷᠣᠰᠢᠪᠠ︾ ︽ ᠬᠡᠬᠦᠨ ᠰᠠᠩ ᠤᠨ ᠢᠷᠦᠬᠡᠯ︾ | ᠵᠠᠷᠬᠡ ᠪᠣᠢ᠃ | ᠲᠡᠷᠡ ᠴᠠᠭᠠᠨ ᠠᠭᠤᠯᠠ ᠶᠢᠨ ᠮᠤᠳᠤᠨ ᠪᠠᠷ ᠤᠨ ᠬᠡᠪᠯᠡᠯ ᠤᠨ ᠤᠷᠳᠤᠨ ᠢ ᠪᠠᠶᠢᠭᠤᠯᠤᠭᠰᠠᠨ | ᠬᠦᠮᠤᠨ ᠶᠤᠮ᠂ ᠲᠡᠷᠤᠢ ᠮᠤᠩᠭᠤᠯ ᠦᠨᠳᠤᠰᠤᠳᠡᠨ ᠤ ᠰᠤᠶᠤᠯ ᠢ ᠤᠯᠠᠮᠵᠢᠯᠠᠨ ᠬᠦᠭᠵᠢᠬᠦᠯᠬᠦ ᠳᠤ ᠲᠤᠶᠢᠯ ᠤᠨ ᠶᠡᠭᠡ | ᠠᠴᠢ ᠭᠠᠪᠢᠶ᠎ᠠ ᠵᠢᠳᠬᠦᠯ ᠭᠠᠷᠭᠠᠭᠰᠠᠨ ᠶᠤᠮ᠃ ᠲᠡᠷᠡ ᠲᠦᠴᠢᠨ ᠨᠠᠢᠮᠠᠳᠠᠢ ᠳᠠᠭᠠᠨ ᠴᠠᠭᠠᠠ ᠠᠭᠤᠯᠠ ᠶᠢᠨ ᠰᠦᠮ᠎ᠠ | ᠶᠢ ᠪᠠᠶᠢᠭᠤᠯᠵᠠᠢ᠃ ᠡᠬᠦᠨ ᠠᠴᠠ ᠡᠬᠢᠯᠡᠨ ᠵᠤᠬᠢᠶᠠᠨᠪᠦ᠋ᠳᠤᠬᠡᠯ ᠢᠶᠠᠨ ᠡᠬᠢᠯᠡᠬᠦᠯᠦᠭᠰᠡᠨ ᠪᠠᠶᠢᠨ᠎ᠠ᠃ ᠴᠠᠭᠠᠨ ᠠᠭᠤᠯᠠ | ᠶᠢᠨ ᠮᠣᠳᠣᠨ ᠪᠠᠷ ᠤᠨ ᠰᠡᠶᠢᠯᠤᠮᠡᠯ ᠬᠡᠪ ᠤᠨ ᠤᠷᠳᠤᠨ ᠨᠢ ᠰᠡᠶᠢᠯᠤᠮᠡᠯ ᠬᠠᠪᠳᠠᠰᠤᠨ ᠪᠠᠷ ᠤᠨ ᠬᠡᠪᠯᠡᠯ ᠤᠨ | ᠮᠡᠷᠬᠡᠵᠢᠯ ᠢ ᠬᠡᠷᠡᠭᠯᠡᠵᠤ᠂ ᠮᠠᠰᠢ ᠠᠷᠪᠢᠨ ᠮᠤᠩᠭᠤᠯ ᠲᠦᠪᠡᠳ ᠡᠷᠳᠡᠨ ᠤ ᠨᠤᠮ ᠰᠤᠳᠤᠷ ᠢᠬᠡᠪᠯᠡᠵᠤ ᠭᠠᠷᠭᠠᠭᠰᠠᠨ | ᠶᠤᠮ᠂ ᠲᠡᠷᠡ ᠨᠢ ᠴᠤᠷ ᠤᠨ ᠭᠠᠭᠴᠠ ᠮᠤᠳᠤᠨ ᠰᠠᠶᠢᠯᠤᠮᠡᠯ ᠪᠠᠶᠢᠳᠠᠭ ᠢᠶᠠᠷ ᠢᠶᠠᠨ ᠲᠠᠯ᠎ᠠ ᠨᠤᠳᠤᠭ ᠲᠤ ᠮᠢᠨᠢ ᠮᠠᠰᠢ | ᠦᠨᠳᠤᠷ ᠨᠡᠷ᠎ᠡ ᠠᠯᠳᠠᠷ ᠲᠠᠢ ᠪᠠᠶᠢᠳᠠᠭ ᠪᠠᠷ ᠪᠠᠷᠠᠬᠤ ᠦᠬᠡᠢ ᠲᠡᠤᠬᠡᠨ ᠲᠡᠬᠡᠷ᠎ᠡ ᠮᠤᠳᠤᠨ ᠪᠠᠷ ᠤᠨ ᠮᠤᠩᠭᠤᠯ ᠬᠡᠪᠯᠡᠯ | ᠤᠨ ᠭᠤᠷᠪᠠᠨ ᠭᠤᠯᠤᠮᠳᠠ ᠶᠢᠨ ᠨᠢᠬᠡ ᠭᠤᠯᠤᠮᠳᠠ ᠨᠢ ᠪᠤᠯᠵᠠᠢ᠃ ᠤᠳᠤ ᠲᠡᠬᠦᠨ ᠤ ᠡᠨᠡᠬᠦ ᠮᠤᠳᠤᠨ ᠪᠠᠷ ᠨᠢ ᠦᠪᠦᠷ | ᠮᠤᠩᠭᠤᠯ ᠤᠨ ᠮᠦᠼᠧᠢ ᠳᠤ ᠴᠢᠩ ᠤᠯᠤᠰ ᠤᠨ ᠦᠶ᠎ᠡ ᠶᠢᠨ ᠲᠠᠯ᠎ᠠ ᠨᠤᠳᠤᠭ ᠤᠨ ᠬᠤᠪᠤᠷ ᠴᠤᠬᠠᠭ ᠡᠳ᠋ ᠪᠠᠷ | ᠬᠠᠳᠠᠭᠭᠠᠯᠠᠭᠳᠠᠵᠤ ᠪᠠᠶᠢᠭ᠎ᠠ ᠶᠤᠮ᠃ ᠲᠠᠷᠠ63 ᠨᠠᠰᠤᠨ ᠠᠴᠠ ᠪᠠᠨ ᠡᠬᠢᠯᠡᠵᠤ ᠦᠪᠡᠷ ᠤᠨ ᠵᠤᠬᠢᠶᠠᠨ | ᠨᠠᠶᠢᠷᠠᠭᠤᠯᠤᠭᠰᠠᠨ10 ᠪᠤᠳᠢ ᠪᠠᠨ ᠬᠡᠪᠯᠡᠬᠦ ᠶᠢᠨ ᠬᠠᠮᠳᠣ ᠪᠠᠰᠠ ᠪᠠᠷ ᠰᠠᠶᠢᠯᠬᠦ᠂ ᠲᠠᠷᠣᠮᠨᠯᠠᠯᠠᠬᠤ᠂ ᠬᠠᠳ᠋ᠬᠠᠣ | ᠮᠡᠷᠭᠡᠵᠢᠯ ᠲᠠᠢ ᠮᠠᠰᠢ ᠣᠯᠠᠨ ᠮᠤᠩᠭᠤᠯ ᠲᠦᠪᠡᠳ ᠨᠤᠮ ᠪᠢᠴᠢᠭ ᠲᠠᠢ ᠯᠠᠮᠠ ᠨᠠᠷ ᠢ ᠬᠦᠮᠣᠵᠢᠬᠦᠯᠣᠠ ᠬ᠋ᠠᠷᠭᠠᠵᠤ | ᠬᠤᠵᠢᠮ ᠤᠨ ᠠᠵᠢᠯ ᠳᠠᠭᠠᠨ ᠰᠠᠭᠤᠷᠢ ᠲᠠᠯᠪᠢᠭᠰᠠᠨ ᠪᠠᠶᠢᠨ᠎ᠠ᠃ | ᠬᠦᠮᠤᠰ ᠲᠡᠬᠦᠨ ᠢ ᠴᠠᠬᠠᠷ ᠬᠡᠪᠰᠢ ᠬᠡᠵᠤ ᠬᠡᠵᠡᠬᠡᠳᠡᠭ ᠶᠤᠮ᠂ ᠲᠡᠷᠡ ᠠᠷᠪᠠᠨ ᠲᠠᠪᠤᠨ ᠨᠠᠰᠤᠨ ᠳᠠᠭᠠᠨ | ︵ᠬᠦᠬᠡ ᠨᠤᠬᠠᠢ ᠵᠢᠯ ᠂ 1754 ᠤᠨ︶ ᠳᠤ ᠠᠴᠢᠳᠤ ᠨᠤᠮ ᠤᠨ ᠬᠠᠨ ᠯᠤᠪᠰᠠᠩ ᠲᠠᠨᠼᠠᠨ ᠤ ᠲᠡᠷᠬᠡᠳᠡ ᠠᠴᠠ | ᠬᠡᠼᠤᠯ ᠰᠠᠨᠸᠠᠷ ᠢ ᠵᠤᠭᠤᠭᠯᠠᠭᠰᠠᠨ ᠪᠢᠯᠡ᠂ ᠡᠬᠦᠨ ᠠᠴᠠ ᠲᠦᠪᠡᠳ ᠨᠤᠮ ᠤᠨ ᠮᠤᠩᠭᠤᠯ ᠤᠷᠴᠢᠭᠤᠯᠭ᠎ᠠ ᠶᠢ | ᠰᠤᠷᠤᠭᠠᠳ᠂ ᠦᠬᠡᠰ ᠤᠨ ᠤᠳᠬ᠎ᠠ ᠨᠤᠭᠤᠳ ᠢ ᠮᠠᠭᠠᠳ ᠲᠠᠨᠢᠬᠤ ᠶᠢᠨ ᠮᠡᠳᠡᠯ ᠢ ᠤᠯᠬᠤ ᠠᠷᠭ᠎ᠠ ᠲᠤᠷ | ᠰᠤᠳᠤᠯᠤᠭᠠᠳ ᠲᠡᠬᠦᠨ ᠠᠴᠠ ᠲᠠᠯᠠᠢ ᠮᠡᠳᠤ ᠭᠤᠤᠯ ᠶᠤᠰᠤᠨ ᠲᠤᠷ ᠬᠢᠷᠢ ᠴᠢᠳᠠᠬᠤᠢ ᠪᠠᠷ ᠰᠡᠳᠬᠢᠯ ᠰᠢᠭᠤᠳᠴᠠᠢ᠃ | ᠠᠷᠪᠠᠨ ᠵᠢᠷᠭᠤᠭᠠᠨ ᠨᠠᠰᠤᠨ ᠳᠤ ︵ᠬᠦᠬᠡᠭᠴᠢᠨ ᠭᠠᠭ᠋ᠠᠢ ᠵᠢᠯ︶ ᠪᠤᠳᠢ ᠲᠢᠪ ᠰᠦᠮ᠎ᠡ ᠶᠢᠨ | ᠶᠠᠷᠳᠠᠭᠪᠠ ᠪᠯᠠᠮ᠎ᠠ ᠯᠤᠪᠰᠠᠩ ᠷᠠᠰᠢ ᠠᠴᠠ ᠪᠤᠭᠳᠠ ᠵᠠᠩᠬᠢᠶ᠎ᠠ ᠡᠷᠳᠡᠨᠢ ᠶᠢᠨ ᠵᠠᠯᠪᠠᠷᠢᠯ᠂ ᠡᠷᠳᠡᠨ ᠠᠴᠠ ᠲᠠᠳᠤᠭᠰᠠᠨ | ᠰᠠᠶᠢᠨ ᠠᠪᠢᠶᠠᠰ ᠤᠨ ᠬᠦᠴᠤ ᠪᠠᠷ ᠡᠬᠢᠨ ᠳᠤ ᠮᠤᠩᠭᠤᠯ ᠤᠷᠴᠢᠭᠤᠯᠭ᠎ᠠ ᠰᠤᠷᠴᠠᠢ᠃ | ᠠᠷᠪᠠᠨ ᠲᠤᠯᠤᠭᠠᠨ ᠨᠠᠰᠤᠨ ︵ᠤᠯᠠᠭᠠᠨ ᠬᠤᠯᠤᠭᠠᠨ᠎ᠠ ᠵᠢᠯ︶ ᠲᠤᠯᠤᠨ ᠨᠠᠭᠤᠷ ᠤᠨ ᠬᠡᠶᠢᠳ ᠳᠤ ᠤᠴᠢᠵᠤ ᠨᠢᠬᠡᠨ | ᠬᠡᠰᠡᠭ ᠰᠠᠭᠤᠨ ᠰᠢᠷᠡᠪ ᠷᠠᠪᠵᠢᠮᠪᠠ ᠪᠯᠠᠮ᠎ᠠ ᠠᠴᠠ ᠪᠤᠭᠳᠠ ᠵᠠᠩᠬᠢᠶ᠎ᠠ ᠡᠷᠳᠡᠨᠢ ᠶᠢᠨ ᠵᠤᠬᠢᠶᠠᠭᠰᠠᠨ ᠮᠦᠷ ᠤᠨ ᠵᠡᠷᠬᠡ | ᠶᠢᠨ ᠬᠦᠳᠦᠯᠪᠤᠷᠢ ᠲᠤᠭᠳᠠᠭᠠᠭᠰᠠᠨ ᠢ ᠪᠢᠴᠢᠭᠰᠡᠨ ᠮᠤᠩᠭᠤᠯ ᠤᠷᠴᠢᠭᠤᠯᠭ᠎ᠠ ᠰᠤᠷᠴᠠᠢ᠃ | ᠠᠷᠪᠠᠨ ᠨᠠᠢᠮᠠᠨ ᠨᠠᠰᠤᠨ ︵ᠤᠠᠯᠠᠭᠴᠢᠨ ᠦᠬᠡᠷ ᠵᠢᠯ ᠂ 1957 ᠤᠨ︶ ᠳᠤ ᠪᠤᠰᠤᠳ ᠢ ᠲᠤᠰᠠᠯᠠᠭᠴᠢ ᠪᠤᠳᠢ | ᠲᠢᠪ ᠰᠦᠮ᠎ᠡ ᠳᠤ ᠲᠤᠩᠭᠠᠯᠠᠭ ᠪᠢᠯᠢᠭ ᠲᠤ ᠨᠠᠩᠬᠤ ᠪᠯᠠᠮ᠎ᠠ ᠯᠤᠪᠰᠠᠩ ᠬᠢᠯᠢᠭ ᠤᠨ ᠲᠡᠷᠬᠡᠳᠡ ᠠᠴᠠ ᠺᠠᠨᠼᠤᠷᠪᠠ | ᠬᠡᠬᠡᠨ ᠯᠤᠪᠰᠠᠩ ᠼᠦᠯᠺᠷᠢᠮ ᠤᠨ ᠰᠦᠩᠪᠤᠮ ᠲᠤᠳᠤᠷᠠᠬᠢ ᠢᠳᠡᠬᠡᠯ ᠤᠨ ᠬᠦᠳᠦᠯᠪᠤᠷᠢ ᠶᠢ ᠰᠤᠷᠴᠠᠢ᠃ | ᠬᠤᠷᠢᠨ ᠨᠠᠰᠤᠨ ︵ᠰᠢᠷᠠᠭᠴᠢᠨ ᠲᠠᠤᠯᠠᠢ ᠵᠢᠯ1759 ᠤᠨ︶ ᠳᠤ ᠲᠤᠯᠤᠨ ᠨᠠᠭᠤᠷ ᠤᠨ ᠬᠡᠶᠢᠳ | ᠲᠤ ᠤᠴᠢᠵᠤ ︵ᠵᠤᠨ ᠤ ᠤᠷᠤᠰᠢᠯ︶ ᠢ ᠵᠤᠬᠢᠶᠠᠭᠰᠠᠨ ᠪᠠ ᠬᠦᠣᠰᠢ ᠡᠷᠳᠡᠨᠢ ᠶᠢᠨ ᠬᠡᠬᠡᠨ ᠤ ᠰᠡᠳᠬᠢᠯ ᠤᠨ | ᠬᠦᠪᠡᠬᠦᠨ ᠪᠤᠯᠤᠭᠠᠳ ᠬᠡᠳᠤᠨ ᠵᠢᠯ ᠪᠤᠯᠳᠠᠯ᠎ᠠ ᠬᠦᠨ ᠨᠠᠷᠢᠨ ᠨᠤᠮ ᠢ ᠠᠶᠢᠯᠠᠳᠬᠠᠭᠰᠠᠨ ᠪᠦᠬᠡᠳ ᠤᠯᠠᠩᠬᠢ ᠳᠠᠭᠠᠨ | ᠲᠤᠯᠤᠨ ᠨᠠᠭᠤᠷ ᠲᠤ ᠬᠦᠤᠰᠢ ᠪᠯᠠᠮ᠎ᠠ ᠶᠢᠨ ᠲᠡᠷᠬᠡᠳᠡ ᠰᠠᠭᠤᠵᠠᠢ᠃ ᠡᠨᠡ ᠭᠤᠷᠪᠠᠨ ᠵᠢᠯ ︵20 —23 ᠨᠠᠰᠤ | ᠬᠦᠷᠳᠠᠯ᠎ᠠ︶ ᠲᠤᠯᠤᠨ ᠨᠠᠭᠤᠷ ᠲᠤ ᠰᠠᠭᠤᠵᠤ ᠤᠩᠨᠢᠭᠤᠳ ᠬᠦᠤᠰᠢ ᠯᠤᠪᠰᠠᠩ ᠵᠠᠮᠪᠠᠯ ᠠᠴᠠ ᠲᠡᠷᠨᠢ ᠶᠢᠨ ᠰᠤᠳᠤᠷ | ᠤᠨ ᠤᠬᠠᠭᠠᠨ ᠵᠡᠷᠬᠡ ᠬᠦᠨ ᠨᠠᠷᠢᠨ ᠨᠤᠮ ᠢ ᠰᠤᠷᠴᠤ᠂ ᠡᠷᠳᠡᠮ ᠮᠡᠳᠡᠯᠬᠡ ᠲᠠᠢ ᠯᠠᠮᠠ ᠪᠤᠯᠬᠤ ᠰᠠᠭᠤᠷᠢ ᠶᠢ ᠲᠠᠯᠪᠢᠵᠠᠢ | ᠃ | ᠬᠤᠷᠢᠨ ᠭᠤᠷᠪᠠᠨ ᠨᠠᠰᠤᠨ ︵ᠬᠠᠷ᠎ᠠ ᠮᠤᠷᠢᠨ ᠵᠢᠯ ︶ ᠳᠤ᠂ 1762 ᠤᠨ ᠤ ᠠᠩᠬᠠᠨ ᠤ ᠰᠠᠷ᠎ᠠ ᠶᠢᠨ | ᠠᠷᠪᠠᠨ ᠲᠠᠪᠤᠨ ᠤ ᠡᠳᠤᠷ ᠠᠴᠠ ᠬᠤᠶᠠᠷ ᠰᠠᠷ᠎ᠠ ᠶᠢᠨ ᠬᠤᠷᠢᠨ ᠲᠠᠪᠤᠨ ᠬᠦᠷᠳᠡᠯ᠎ᠡ ᠪᠤᠳᠢ ᠲᠢᠪ ᠰᠦᠮ᠎ᠡ ᠶᠢᠨ | ᠦᠢᠷ᠎ᠠ ᠲᠡᠷᠬᠡᠳᠡ ᠲᠦᠴᠢᠨ ᠬᠤᠨᠤᠭ ᠬᠢᠷᠢ ᠲᠠᠢ ᠰᠠᠭᠤᠵᠤ᠂ ᠮᠡᠷᠬᠡᠨ ᠬᠦᠤᠰᠢ ᠴᠤᠷᠵᠢ ᠠᠭᠸᠠᠩᠷᠢᠨᠴᠢᠨ ᠭᠠᠭᠴᠠᠭᠠᠷ | ᠲᠤ ᠮᠦᠷ ᠤᠨ ᠵᠡᠷᠬᠡ ᠬᠢᠬᠡᠳ ᠪᠢᠨᠠ ᠶᠢᠨ ᠰᠤᠷᠳᠠᠯ ᠲᠡᠷᠢᠬᠦᠳᠡᠨ ᠲᠡᠬᠦᠨ ᠤ ᠬᠦᠰᠡᠭᠰᠡᠨ ᠤᠯᠠᠨ ᠨᠤᠮ ᠢ | ᠨᠤᠮᠯᠠᠵᠤᠬᠤᠢ᠃ ᠡᠨᠡ ᠨᠢ ᠪᠤᠰᠤᠳ ᠲᠤ ᠨᠤᠮᠯᠠᠬᠤ ᠶᠢ ᠡᠬᠢᠯᠡᠭᠰᠡᠨ ᠶᠤᠮ᠂ ᠲᠤᠰ ᠵᠢᠯ ᠤᠨ ᠨᠠᠢᠮᠠᠨ ᠰᠠᠷ᠎ᠠ ᠳᠤ | ᠪᠡᠬᠡᠵᠢᠩ ᠤᠨ ᠶᠦᠩ ᠾᠧ ᠬᠦᠩ ᠳᠤ ᠱᠠᠪᠢᠯᠠᠨ ᠰᠤᠳᠤᠯᠤᠨ ᠰᠤᠷᠤᠯᠴᠠᠵᠤ ᠡᠮᠤᠨ᠎ᠡ ᠬᠤᠶᠢᠨ᠎ᠠ ᠬᠤᠳᠤᠭᠳᠤ | ᠡᠷᠳᠡᠨᠢ ᠠᠭᠸᠠᠩᠰᠤᠳᠨᠠᠮ᠂ ᠡᠷᠳᠡᠨᠢ ᠠᠭᠸᠠᠩᠪᠠᠯᠳᠠᠨ᠂ ᠠᠵᠠ ᠬᠤᠳᠤᠭᠳᠤ ᠯᠤᠪᠰᠠᠩᠳᠠᠩᠪᠢᠵᠢᠩᠵᠡᠩ ᠵᠡᠷᠬᠡ | ᠡᠷᠳᠡᠮᠳᠤ ᠮᠡᠷᠬᠡᠳ ᠠᠴᠠ ᠲᠤᠯᠤᠭᠠᠨ ᠵᠢᠯ ᠰᠤᠷᠭᠠᠯ ᠬᠦᠷᠳᠡᠭᠰᠡᠨ ᠪᠠᠶᠢᠨ᠎ᠠ᠃ | ᠬᠤᠷᠢᠨ ᠨᠠᠢᠮᠠᠨ ᠨᠠᠰᠤᠨ ︵ᠤᠯᠠᠭᠴᠢᠨ ᠭᠠᠭ᠋ᠠᠢ ᠵᠢᠯ︶ ᠳᠤ ᠠᠬᠢᠶᠠ ᠬᠡᠬᠡᠨ ᠲᠠᠨ ᠤ ᠰᠦᠩᠪᠤᠮ ᠢ | ᠬᠡᠪ ᠲᠤ ᠪᠦᠳᠦᠬᠡᠬᠦ ᠪᠠᠷ ᠦᠪᠡᠷ ᠤᠨ ᠭᠠᠷ ᠢᠶᠠᠷ ᠢᠶᠠᠨ ᠡᠬᠢᠯᠡᠬᠦᠯᠵᠠᠢ᠃ | ᠬᠤᠷᠢᠨ ᠶᠢᠰᠣᠨ ᠨᠠᠰᠤᠨ ︵ᠰᠢᠷ᠎ᠠ ᠬᠤᠯᠤᠭᠠᠨ᠎ᠠ ᠵᠢᠯ ᠂ 1768 ᠤᠨ ︶ ᠳᠤ ᠪᠡᠬᠡᠵᠢᠩ ᠠᠴᠠ ᠴᠠᠭᠠᠨ ᠠᠭᠤᠯᠠ | ᠶᠢᠨ ᠰᠦᠮ᠎ᠡ ᠳᠡᠭᠡᠨ ᠪᠤᠴᠠᠨ ᠢᠷᠠᠵᠤ ᠰᠤᠳᠤᠷ ᠲᠠᠶᠢᠯᠵᠤ ᠱᠠᠰᠢᠨ ᠤᠯᠠᠮᠵᠢᠯᠠᠵᠤ ᠂ ᠪᠤᠷᠬᠠᠨ ᠱᠠᠰᠢᠨ ᠤ ᠨᠣᠮ | ᠰᠣᠳᠣᠷ ᠢ ᠤᠷᠴᠢᠭᠤᠯᠵᠤ᠂ ᠪᠣᠷᠬᠠᠨ ᠤ ᠰᠣᠷᠭᠠᠯ ᠤᠨ ᠶᠤᠰᠤ ᠤᠴᠢᠷ ᠢ ᠵᠤᠬᠢᠶᠠᠨ ᠪᠦᠳᠣᠬᠡᠬᠦ ᠠᠵᠢᠯᠯᠠᠭ᠎ᠠ | ᠦᠷᠨᠢᠬᠦᠯᠵᠤ ᠤᠯᠠᠨ ᠠᠴᠠ ᠤᠷᠤᠶᠢᠯᠠᠵᠤ ᠬᠡᠯᠡᠵᠤ ᠪᠠᠷᠢᠬᠤ ᠨᠢ ᠡᠳᠡᠬᠡᠳ ᠪᠤᠯᠵᠤ ᠢᠷᠡᠭᠰᠡᠨ ᠠᠴᠠ ︵ᠬᠡᠪᠰᠢ︶ | ᠬᠡᠮᠡᠯᠳᠤᠨ ᠬᠦᠨᠳᠤᠯᠠᠯ ᠤᠨ ᠨᠡᠷ᠎ᠡ ᠪᠠᠷ ᠲᠠᠭᠤᠳᠠᠭᠳᠠᠬᠤ ᠪᠤᠯᠤᠭᠰᠠᠨ ᠢᠶᠠᠷ ᠲᠡᠷᠡ ᠴᠠᠭ ᠠᠴᠠ ᠬᠤᠶᠢᠰᠢ ︵ᠬᠡᠪᠰᠢ︶ | ᠨᠡᠷ᠎ᠡ ᠠᠶᠠᠨᠳᠠᠭᠠᠨ ᠨᠡᠷᠡᠰᠢᠵᠠᠢ᠃ | ᠭᠤᠴᠢᠨ ᠨᠠᠰᠤᠨ ︵ᠰᠢᠷᠠᠭᠴᠢᠨ ᠦᠬᠡᠷ ᠵᠢᠯ︶ ᠳᠤ ᠪᠤᠳᠢ ᠲᠢᠪ ᠰᠦᠮ᠎ᠡ ᠶᠢᠨ ᠲᠡᠷᠢᠬᠦᠨ ᠪᠯᠠᠮ᠎ᠠ | ᠲᠠᠷᠬᠠᠯᠠᠵᠤ ᠤᠷᠤᠨ ᠳᠠᠭᠠᠨ ︵ᠬᠡᠪᠰᠢ︶ ᠶᠢ ᠵᠠᠯᠠᠵᠤ ᠲᠡᠷᠢᠬᠦᠨ ᠪᠯᠠᠮ᠎ᠠ ᠪᠤᠯᠳᠤᠭᠠᠢ ᠬᠡᠵᠤ ᠵᠠᠯᠠᠬᠤ ᠳᠤ | ᠵᠦᠪᠰᠢᠶᠡᠷᠡᠭᠰᠡᠨ ᠦᠬᠡᠢ᠂ ᠭᠤᠴᠢᠨ ᠲᠠᠪᠤᠨ ᠨᠠᠰᠤᠨᠳᠥ ᠪᠤᠷᠤᠳᠤᠯᠤᠭᠠᠢ ᠶᠢᠨ ᠰᠦᠮ᠎ᠡ ᠶᠢᠨ ᠳ᠋ᠠ ᠯᠠᠮᠠ ᠲᠠᠷᠬᠠᠯᠠᠵᠤ | ᠤᠷᠤᠨ ᠳᠠᠭᠠᠨ ᠵᠠᠯᠠᠬᠤ ᠳᠤ ᠮᠥᠨ ᠬᠦ ᠵᠦᠪᠰᠢᠶᠡᠷᠡᠭᠰᠡᠨ ᠦᠬᠡᠢ᠂1774 ᠤᠨ ᠳᠤ ᠲᠤᠰ ᠬᠤᠰᠢᠭᠤᠨ ᠤ | ᠠᠮᠪᠠᠰ ᠨᠤᠶᠠᠳ᠂ ᠰᠢᠷ᠎ᠠ ᠶᠢᠨ ᠬᠡᠷᠬᠡᠮᠳᠡᠨ ᠪᠯᠠᠮ᠎ᠠ ᠨᠠᠷ ᠠᠴᠠ ᠲᠡᠬᠦᠨ ᠢ ᠪᠦᠬᠦ ᠬᠤᠰᠢᠭᠤᠨ ᠤ ᠰᠦᠮ᠎ᠡ ᠬᠡᠶᠢᠳ | ᠤᠨ ᠯᠠᠮᠠ ᠨᠠᠷ ᠢ ᠬᠠᠮᠢᠶᠠᠷᠬᠤ ︽ᠦᠬᠡᠷᠢ ᠳ᠋ᠠ ᠯᠠᠮᠠ︾ ᠡᠷᠬᠦᠮᠵᠢᠯᠡᠶᠡ ᠬᠡᠵᠤ᠂ ᠲᠡᠬᠡᠭᠰᠢ ᠮᠠᠨᠵᠤ ᠶᠢᠨ ᠡᠵᠠᠨ | ᠳᠤ ᠠᠶᠢᠯᠠᠳᠬᠠᠶ᠎ᠠ ᠬᠡᠰᠡᠨ ᠳᠤ ᠴᠠᠬᠠᠷ ᠬᠡᠪᠰᠢ ᠶᠢᠨ ᠴᠢᠩᠭ᠎ᠠ ᠲᠤᠩᠭᠤᠳᠤᠯ ᠢ ᠤᠯᠵᠤ ᠠᠷᠭ᠎ᠠ ᠪᠤᠰᠤ ᠪᠤᠯᠢᠵᠤ | ᠪᠠᠶᠢᠭᠰᠨ᠋ᠠ ᠪᠢᠯᠡ᠃ ᠲᠦᠴᠢᠨ ᠵᠢᠷᠭᠤᠭᠠᠨ ᠨᠠᠰᠤᠨ ᠳᠠᠭᠠᠨ ︵1785 ᠤᠨ︶ ᠴᠠᠭᠠᠨ ᠠᠭᠤᠯᠠ ᠶᠢᠨ ᠰᠦᠮ᠎ᠡ | ᠶᠢᠨ ᠦᠷᠤᠬᠡ ᠪᠠᠶᠢᠭᠤᠯᠬᠤ ᠠᠵᠢᠯ ᠢᠶᠠᠨ ᠱᠠᠯᠨᠪᠳᠠᠨ ᠬᠢᠵᠤ᠂ ᠪᠡᠬᠡᠵᠢᠩ ᠠᠴᠠ ᠰᠡᠶᠢᠯᠪᠤᠷᠢ ᠶᠢᠨ ᠤᠷᠠᠨ ᠲᠠᠷᠬᠠᠨ | ᠵᠠᠯᠠᠵᠤ ᠮᠤᠳᠤᠨ ᠪᠠᠷ ᠤᠨ ᠬᠡᠪᠯᠡᠯ ᠬᠠᠪᠳᠠᠰᠤ ᠰᠡᠶᠢᠯᠡᠬᠦᠯᠵᠤ᠂ ᠬᠡᠪᠯᠡᠯ ᠤᠨ ᠦᠷᠦᠬᠡ ᠪᠠᠨ ᠪᠠᠶᠢᠭᠤᠯᠤᠭᠰᠠᠨ ᠶᠤᠮ | ᠃ | ᠴᠠᠬᠠᠷ ᠬᠡᠪᠰᠢ ᠯᠤᠪᠰᠠᠩᠴᠦ᠋ᠯᠳᠤᠮ ᠦᠪᠡᠷ ᠤᠨ ᠪᠤᠢ ᠪᠦᠬᠦᠢ ᠬᠦᠴᠤᠨ ᠢᠶᠠᠨ ᠮᠤᠩᠭᠤᠯ | ᠦᠨᠳᠤᠰᠤᠳᠡᠨ ᠤ ᠱᠠᠰᠢᠨ ᠤ ᠤᠶᠢᠯᠡᠰ ᠲᠤ ᠵᠤᠷᠢᠭᠤᠯᠵᠠᠢ᠃ ᠲᠡᠷᠡ ᠨᠢᠬᠡ ᠨᠠᠰᠤᠨ ᠳᠠᠭᠠᠨ ᠮᠠᠰᠢ ᠠᠷᠪᠢᠨ | ᠲᠦᠪᠡᠳ᠂ ᠮᠤᠩᠭᠤᠯ ᠢᠶᠠᠷ ᠵᠤᠬᠢᠶᠠᠯ ᠪᠦᠳᠤᠬᠡᠯ ᠭᠠᠷᠭᠠᠭᠰᠠᠨ ᠶᠤᠮ᠃ ᠲᠦᠪᠡᠳ ᠬᠡᠯᠡᠨ ᠤ ︽ᠴᠠᠬᠠᠷ ᠬᠡᠪᠰᠢ | ᠯᠤᠪᠰᠠᠩᠴᠦ᠋ᠯᠳᠤᠮ ᠤᠨ ᠵᠤᠬᠢᠶᠠᠯ ᠤᠨ ᠲᠡᠬᠦᠪᠦᠷᠢ︾ ᠠᠷᠪᠠᠨ ᠪᠤᠳᠢ222 ᠵᠤᠬᠢᠶᠠᠯ ᠪᠠᠭᠳᠠᠭᠠᠭᠰᠠᠨ ᠠᠪᠤᠷᠭᠤ | ᠲᠤᠮᠤ ᠪᠦᠳᠦᠬᠡᠯ ᠨᠢ ᠴᠠᠭᠠᠨ ᠠᠭᠤᠯᠠ ᠶᠢᠨ ᠰᠦᠮ᠎ᠡ ᠲᠡᠬᠡᠷ᠎ᠡ ᠮᠤᠳᠤᠨ ᠪᠠᠷ ᠢᠶᠠᠷ ᠬᠡᠪᠯᠡᠭᠳᠡᠨ ᠲᠠᠷᠬᠠᠭᠠᠭᠳᠠᠭᠰᠠᠨ | ᠶᠤᠮ᠂ ᠲᠡᠷᠡᠴᠢᠯᠡᠨ ᠮᠤᠩᠭᠤᠯ ᠢᠶᠠᠷ ᠪᠢᠴᠢᠭᠳᠡᠭᠰᠡᠨ ᠪᠠ ᠤᠷᠴᠢᠭᠤᠯᠭ᠎ᠠ ᠵᠤᠬᠢᠶᠠᠯ ᠪᠤᠳᠤᠬᠡᠯ ᠠᠷᠪᠢᠨ ᠪᠠᠶᠢᠭ᠎ᠠ ᠶᠤᠮ | ᠂ ᠡᠬᠦᠨ ᠳᠤ ᠲᠦᠯᠦᠬᠡᠯᠡᠭᠴᠢ ᠴᠢᠨᠠᠷ ᠲᠠᠢ ︽ᠼᠦᠩᠺᠠᠪᠠ ᠶᠢᠨ ᠶᠡᠭᠡ ᠨᠠᠮᠳᠠᠷ ᠰᠠᠶᠢᠨ ᠠᠮᠤᠭᠤᠯᠠᠩ ᠪᠦᠬᠦᠨ ᠤ | ᠭᠠᠷᠬᠤ ᠤᠷᠤᠨ︾ ᠂ ︽ᠬᠡᠬᠦᠨ ᠰᠠᠩ ᠤᠨ ᠢᠷᠦᠬᠡᠯ︾᠂ ︽ᠭᠠᠯ ᠲᠡᠬᠢᠬᠤ ᠶᠢᠨ ᠵᠠᠩ ᠦᠢᠯᠡ ᠪᠠᠶᠠᠰᠬᠤᠯᠠᠩ | ᠭᠠᠷᠬᠤ ᠶᠢᠨ ᠤᠷᠤᠨ ᠬᠡᠮᠡᠬᠦ ᠤᠷᠤᠰᠢᠪᠠ︾᠂ ᠤᠷᠴᠢᠭᠤᠯᠤᠭᠰᠠᠨ ᠠᠯᠳᠠᠷᠳᠤ ᠵᠤᠬᠢᠶᠠᠯ ︽ᠡᠷᠳᠡᠨᠢ ᠶᠢᠨ ᠰᠠᠩ | ᠰᠤᠪᠢᠰᠢᠳᠠᠢ︾᠂ ︽ᠠᠷᠠᠳ ᠢ ᠲᠡᠵᠢᠬᠡᠬᠦ ᠷᠠᠰᠢᠶᠠᠨ ᠤ ᠲᠤᠰᠤᠯ︾ ᠪᠤᠯᠤᠨ ︽ ᠰᠤᠪᠡᠰᠢᠳᠢ ᠶᠢᠨ ᠲᠠᠶᠢᠯᠪᠤᠷᠢ | ᠴᠢᠨᠳᠠᠮᠤᠨᠢ ᠶᠢᠨ ᠲᠦᠯᠬᠢᠬᠦᠷ︾ ᠂ ︽ᠠᠷᠠᠳ ᠢ ᠲᠡᠵᠢᠬᠡᠬᠦ ᠷᠠᠰᠢᠶᠠᠨ ᠤ ᠲᠤᠰᠤᠯ ᠲᠠᠶᠢᠯᠪᠤᠷᠢ ᠴᠢᠨᠳᠠᠮᠤᠨᠢ ᠶᠢᠨ | ᠴᠢᠮᠡᠭ︾ ᠵᠡᠷᠬᠡ ᠪᠤᠯᠤᠨ᠎ᠠ᠃ ᠴᠠᠬᠠᠷ ᠬᠡᠪᠰᠢ ᠯᠤᠪᠰᠠᠩᠴᠦ᠋ᠯᠳᠤᠮ ᠨᠤᠮ ᠬᠡᠪᠯᠡᠬᠦ ᠨᠢ ᠰᠤᠶᠤᠯ ᠢ ᠤᠯᠠᠮᠵᠢᠯᠠᠬᠤ | ᠤᠨᠴᠠᠭᠠᠶᠢᠯᠠᠨ ᠱᠠᠰᠢᠨ ᠤ ᠤᠴᠢᠷ ᠤᠳᠬ᠎ᠠ ᠶᠢ ᠦᠷᠬᠡᠨ ᠢᠶᠠᠷ ᠲᠡᠯᠬᠡᠷᠡᠬᠦᠯᠬᠦ ᠰᠦᠰᠦᠭᠳᠡᠨ ᠢ ᠬᠡᠬᠡᠷᠡᠬᠦᠯᠬᠦ ᠳᠤ | ᠦᠵᠨᠯ ᠰᠠᠨᠠᠭᠠᠨ ᠤ ᠲᠠᠯ᠎ᠠ ᠪᠠᠷ ᠯᠤᠳᠤ ᠶᠡᠭᠡ ᠤᠶᠢᠯᠡᠳᠤᠯ ᠦᠵᠡᠬᠦᠯᠬᠦ ᠶᠢ ᠬᠦᠢᠴᠡᠳ ᠤᠯᠵᠤ ᠲᠠᠨᠢᠭᠰᠠᠨ ᠤᠴᠠᠷ | ᠠᠴᠠ ᠴᠠᠭᠠᠨ ᠠᠭᠤᠯᠠ ᠶᠢᠨ ᠮᠤᠳᠤᠨ ᠪᠠᠷ ᠤᠨ ᠬᠡᠪᠯᠠᠯ ᠢ ᠡᠬᠦᠰᠬᠡᠨ ᠪᠠᠶᠢᠭᠤᠯᠵᠤ ︽ᠼᠦᠩᠺᠠᠪᠠ ᠶᠢᠨ ᠶᠡᠭᠡ | ᠨᠠᠮᠳᠠᠷ ᠰᠠᠶᠢᠨ ᠠᠮᠤᠭᠤᠯᠠᠩ ᠪᠦᠬᠦᠨ ᠤ ᠭᠠᠷᠬᠤ ᠤᠷᠤᠨ︾ ᠂ ︽ᠬᠡᠬᠦᠨ ᠰᠠᠩ ᠤᠨ ᠢᠷᠦᠬᠡᠯ︾᠂ ︽ᠭᠠᠯ | ᠲᠡᠬᠢᠬᠤ ᠶᠢᠨ ᠵᠠᠩ ᠦᠢᠯᠡ ᠪᠠᠶᠠᠰᠬᠤᠯᠠᠩ ᠭᠠᠷᠬᠤ ᠶᠢᠨ ᠤᠷᠤᠨ ᠬᠡᠮᠡᠬᠦ ᠤᠷᠤᠰᠢᠪᠠ︾᠂ ︽ᠡᠷᠳᠡᠨᠢ ᠶᠢᠨ ᠰᠠᠩ | ᠰᠤᠪᠢᠰᠳᠠᠢ︾᠂ ︽ᠠᠷᠠᠳ ᠢ ᠲᠡᠵᠢᠬᠡᠬᠦ ᠷᠠᠰᠢᠶᠠᠨ ᠤ ᠲᠤᠰᠤᠯ︾ ᠪᠤᠯᠤᠨ ︽ ᠰᠤᠪᠡᠰᠢᠳᠢ ᠶᠢᠨ ᠲᠠᠶᠢᠯᠪᠤᠷᠢ | ᠴᠢᠨᠳᠠᠮᠤᠨᠢ ᠶᠢᠨ ᠲᠦᠯᠬᠢᠬᠦᠷ︾ ᠂ ︽ᠠᠷᠠᠳ ᠢ ᠲᠡᠵᠢᠬᠡᠬᠦ ᠷᠠᠰᠢᠶᠠᠨ ᠤ ᠲᠤᠰᠤᠯ ᠲᠠᠶᠢᠯᠪᠤᠷᠢ ᠴᠢᠨᠳᠠᠮᠤᠨᠢ ᠶᠢᠨ | ᠴᠢᠮᠡᠭ︾ ᠪᠤᠯᠤᠨ ︽ᠴᠠᠬᠠᠷ ᠬᠡᠪᠰᠢ ᠯᠤᠪᠰᠠᠩᠴᠦ᠋ᠯᠳᠤᠮ ᠤᠨ ᠵᠤᠬᠢᠶᠠᠯ ᠤᠨ ᠲᠡᠬᠦᠪᠦᠷᠢ︾ ᠵᠡᠷᠬᠡ ᠮᠠᠰᠢ ᠠᠷᠪᠢᠨ | ᠤᠳᠬ᠎ᠠ ᠠᠭᠤᠯᠭ᠎ᠠ ᠪᠠᠷ ᠪᠠᠶᠠᠯᠢᠭ᠂ ᠶᠠᠩᠵᠤ ᠬᠡᠯᠪᠡᠷᠢ ᠨᠢ ᠤᠯᠠᠨ᠂ ᠨᠦᠯᠦᠬᠡ ᠪᠠᠷ ᠦᠷᠬᠡᠨ ᠲᠡᠯᠬᠡᠷᠡᠩᠬᠦᠢ ᠮᠤᠩᠭᠤᠯ | ᠂ ᠲᠦᠪᠡᠳ ᠨᠤᠮ ᠢᠪᠠᠷᠯᠠᠵᠤ᠂ ᠲᠠᠷᠬᠠᠭᠠᠭᠰᠠᠨ ᠨᠢ ᠪᠤᠷᠬᠠᠨ ᠱᠠᠰᠢᠨ ᠤ ᠤᠬᠠᠭᠤᠯᠭ᠎ᠠ ᠪᠠᠨ ᠪᠠᠶᠡᠯᠡᠬᠦᠯᠦᠭᠰᠡᠨ ᠢᠶᠠᠷ | ᠪᠠᠷᠠᠬᠤ ᠦᠭᠡᠢ ᠮᠤᠩᠭᠤᠯ ᠦᠨᠳᠤᠰᠤᠳᠡᠨ ᠤ ᠬᠡᠪᠯᠡᠯ ᠤᠨ ᠦᠢᠯᠡᠰ ᠢ ᠤᠷᠤᠭᠰᠢ ᠬᠦᠭᠵᠢᠬᠦᠯᠬᠦ ᠳᠤ ᠪᠠᠯᠠᠷᠠᠰᠢ | ᠦᠬᠡᠢ ᠠᠴᠢ ᠭᠠᠪᠢᠶ᠎ᠠ ᠪᠠᠶᠢᠭᠤᠯᠤᠭᠰᠠᠨ ᠪᠦᠬᠡᠳ ᠮᠤᠩᠭᠤᠯ ᠲᠦᠪᠡᠳ ᠰᠤᠶᠤᠯ ᠤᠨ ᠰᠤᠯᠢᠯᠴᠠᠭ᠎ᠠ ᠶᠢ ᠠᠬᠢᠭᠤᠯᠬᠤ | ᠳᠤ ᠭᠠᠪᠢᠶ᠎ᠠ ᠵᠢᠳᠬᠦᠯ ᠭᠠᠷᠭᠠᠭᠰᠠᠨ ᠶᠤᠮ᠃ | ᠴᠠᠬᠠᠷ ᠬᠡᠪᠰᠢ ᠲᠤᠯᠤᠭᠠᠨ ᠨᠠᠰᠤᠨ ᠠᠴᠠ ᠪᠠᠨ ᠰᠦᠮ᠎ᠡ ᠬᠡᠶᠢᠳ ᠲᠤ ᠱᠠᠪᠢᠯᠠᠵᠤ᠂ ᠰᠦᠮ᠎ᠡ | ᠬᠡᠶᠢᠳ ᠤᠨ ᠰᠤᠷᠭᠠᠯ ᠢ ᠵᠢᠩᠬᠢᠨᠢ ᠪᠠᠷ ᠬᠦᠷᠳᠡᠵᠤ᠂ ᠪᠤᠷᠬᠠᠨ ᠱᠠᠰᠢᠨ ᠤ ᠨᠤᠮ ᠰᠤᠳᠤᠷ ᠢ ᠰᠢᠰᠢᠲ᠋ᠧᠮ ᠲᠠᠢ | ᠰᠤᠷᠤᠯᠴᠠᠵᠤ᠂ ᠪᠤᠷᠬᠠᠨ ᠱᠠᠰᠢᠨ ᠤ ᠤᠴᠢᠷ ᠤᠳᠬ᠎ᠠ ᠪᠠ ᠤᠨᠤᠯ ᠤᠨ ᠲᠤᠬᠠᠢ ᠰᠤᠳᠤᠯᠭ᠎ᠠ ᠬᠢᠵᠤ᠂ ᠨᠤᠮ | ᠤᠩᠰᠢᠵᠤ ᠪᠢᠰᠢᠯᠭᠠᠯ ᠬᠢᠵᠤ᠂ ᠨᠤᠮ ᠲᠠᠶᠢᠯᠵᠤ᠂ ᠱᠠᠰᠢᠨ ᠲᠡᠯᠬᠡᠷᠡᠬᠦᠯᠬᠦ᠂ ᠨᠤᠮ ᠪᠢᠴᠢᠭ ᠵᠤᠬᠢᠶᠠᠵᠤ ᠰᠤᠷᠭᠠᠯ | ᠬᠠᠶᠢᠷᠠᠯᠠᠬᠤ ᠵᠡᠷᠬᠡ ᠪᠠᠷ ᠦᠴᠦᠬᠡᠨ ᠴᠦ ᠭᠤᠶᠢᠪᠢᠰᠢ ᠦᠬᠡᠢ ᠪᠠᠷ ᠨᠠᠰᠤᠨ ᠲᠤᠷᠰᠢ ᠴᠢᠷᠮᠠᠶᠢᠭᠰᠠᠭᠠᠷ ᠢᠷᠡᠵᠡᠢ᠃ | ᠡᠶᠢᠮᠤ ᠠᠴᠠ ᠴᠠᠬᠠᠷ ᠬᠡᠪᠰᠢ ᠯᠤᠪᠰᠠᠩᠴᠦ᠋ᠯᠳᠦᠮ ᠤᠨ ᠦᠵᠡᠯ ᠰᠠᠨᠠᠭᠠᠨ ᠳᠤ ᠪᠤᠷᠬᠠᠨ ᠱᠠᠰᠢᠨ ᠳᠤ ᠬᠢᠵᠠᠭᠠᠯᠠᠰᠢ | ᠦᠬᠡᠢ ᠴᠢᠩ ᠰᠦᠰᠦᠭᠳᠠᠢ ᠪᠠᠶᠢᠵᠤ ᠪᠤᠷᠬᠠᠨ ᠱᠠᠰᠢᠨ ᠤ ᠤᠶᠢᠯᠡ ᠦᠷ᠎ᠡ ᠶᠢᠨ ᠬᠠᠷᠢᠭᠤᠯᠤᠯ᠂ ᠬᠠᠮᠤᠭ ᠠᠮᠢᠳᠠᠨ ᠢ | ᠭᠠᠢ ᠭᠠᠮᠰᠢᠭ ᠠᠴᠠ ᠬᠡᠳᠤᠯᠡᠬᠦᠯᠬᠦ᠂ ᠲᠦᠷᠦᠯ ᠠᠷᠢᠯᠵᠢᠬᠤ ᠲᠦᠷᠦᠯ ᠤᠯᠬᠤ ᠤᠶᠢᠯᠠᠭᠭᠠᠳᠠᠬᠤᠨ ᠪᠠᠳᠤ ᠢᠳᠡᠬᠡᠵᠤ | ᠪᠠᠶᠢᠳᠠᠭ ᠨᠢ ᠲᠠᠮᠵᠢᠭ ᠦᠬᠡᠢ ᠶᠤᠮ᠃ ᠴᠠᠬᠠᠷ ᠬᠡᠪᠰᠢ ᠯᠤᠪᠰᠠᠩᠴᠦ᠋ᠯᠳᠤᠮ ᠰᠢᠷ᠎ᠠ ᠶᠢᠨ ᠱᠠᠰᠢᠨ ᠤ ᠰᠦᠰᠦᠭᠳᠡᠨ | ᠪᠤᠯᠤᠭᠰᠠᠨ ᠡᠳᠤᠷ ᠠᠴᠠ ᠪᠠᠨ ᠠᠪᠤᠭᠠᠳ ᠨᠠᠰᠤᠨ ᠲᠤᠷᠰᠢ ᠰᠤᠳᠤᠷ ᠨᠤᠮ ᠤᠩᠰᠢᠵᠤ ᠲᠠᠷᠨᠢ ᠪᠢᠰᠢᠯᠭᠠᠯ ᠦᠢᠯᠡᠳᠤᠨ᠂ | ᠱᠠᠰᠢᠨ ᠤ ᠵᠢᠳᠬᠦᠯᠳᠡᠨ ᠤ ᠨᠠᠮᠳᠠᠷ ᠲᠡᠤᠬᠡ ᠶᠢ ᠪᠢᠴᠢᠵᠤ ᠪᠤᠷᠬᠠᠨ ᠱᠠᠰᠢᠨ ᠤ ᠨᠤᠮ ᠵᠤᠬᠢᠶᠠᠯ ᠢ ᠤᠷᠴᠢᠭᠤᠯᠤᠨ᠂ | ᠰᠦᠮ᠎ᠡ ᠬᠡᠶᠢᠳ ᠪᠠᠶᠢᠭᠤᠯᠵᠤ᠂ ᠱᠠᠪᠢ ᠡᠯᠰᠡᠨ ᠰᠤᠷᠭᠠᠵᠤ ᠪᠠᠶᠢᠭᠰᠠᠨ ᠵᠡᠷᠬᠡ ᠠᠯᠢᠪᠠ ᠦᠢᠯᠡ ᠠᠵᠢᠯᠯᠠᠭ᠎ᠠ ᠨᠢ | ᠪᠤᠶᠠᠨ ᠤ ᠤᠶᠢᠯᠡ ᠶᠢ ᠤᠶᠢᠯᠡᠳᠤᠨ ᠬᠦᠮᠤᠨ ᠠᠷᠠᠳ ᠲᠤ ᠠᠴᠢ ᠲᠤᠰᠠ ᠬᠦᠷᠬᠡᠬᠦ ᠬᠡᠰᠡᠨ ᠵᠤᠷᠢᠯᠳᠠ ᠠᠴᠠ | ᠡᠬᠦᠰᠦᠭᠰᠡᠨ ᠡᠨᠡ ᠪᠦᠬᠦᠨ ᠨᠢ ᠡᠨᠡᠷᠢᠨ ᠨᠢᠬᠦᠯᠡᠰᠬᠦᠢ ᠦᠵᠨᠯ ᠰᠡᠳᠬᠢᠯᠬᠡ ᠶᠢᠨ ᠰᠠᠭᠤᠷᠢᠨ ᠲᠡᠬᠡᠷ᠎ᠡ | ᠴᠤᠭᠴᠠᠯᠠᠭᠳᠠᠭᠰᠠᠨ ᠬᠡᠳᠡᠭ ᠢ ᠬᠠᠷᠨᠭᠤᠯᠵᠤ ᠪᠠᠶᠢᠭ᠎ᠠ ᠶᠤᠮ᠃ ᠴᠠᠬᠠᠷ ᠬᠡᠪᠰᠢ ᠯᠤᠪᠰᠠᠩᠴᠦ᠋ᠯᠳᠤᠮ ᠠᠷᠠᠳ ᠤᠯᠠᠨ | ᠤ ᠦᠵᠨᠯ ᠰᠠᠨᠠᠭ᠎ᠠ ᠦᠨᠳᠤᠰᠤᠳᠡᠨ ᠤ ᠦᠵᠨᠯ ᠤᠬᠠᠮᠰᠠᠷ ᠲᠡᠰᠢ ᠬᠡᠯᠪᠠᠶᠢᠬᠦᠤ ᠪᠠᠶᠢᠬᠤ ᠪᠠᠨᠢᠯᠡᠳᠬᠡᠵᠤ ᠤᠷᠠᠨ | ᠵᠤᠬᠢᠶᠠᠯ ᠤᠨ ᠬᠡᠯᠪᠡᠷᠢ ᠪᠠᠷ ᠯᠠᠮᠠ ᠬᠠᠷ᠎ᠠ ᠶᠢᠨ ᠡᠮᠵᠡᠭ ᠲᠠᠯ᠎ᠠ ᠶᠢ ᠬᠠᠶᠢᠷ᠎ᠠ ᠨᠠᠶᠢᠷ ᠦᠬᠡᠢ ᠢᠯᠡᠴᠢᠯᠡᠨ᠂ ᠴᠡᠬᠡᠷᠯᠡᠯ | ᠪᠤᠯᠭᠠᠨ ᠪᠤᠷᠤᠭᠤ ᠰᠤᠯᠤᠭᠠᠢ ᠪᠠᠨ ᠬᠠᠯᠠᠬᠤ ᠶᠢ ᠱᠠᠭᠠᠷᠳᠠᠭᠰᠠᠨ ᠪᠠᠶᠢᠳᠠᠭ᠃ ᠵᠢᠱᠢᠶᠡᠯᠡᠪᠡᠯ ᠡᠶᠢᠮᠤ ᠨᠢᠬᠡ ᠰᠢᠯᠦᠭ | ᠪᠠᠶᠢᠳᠠᠭ᠄ ︽ᠠᠬᠢᠶᠠᠳ ᠰᠢᠷ᠎ᠡ ᠰᠢᠪᠠᠭᠤᠨ ᠾᠧ ᠾᠧ ᠬᠡᠮᠡᠬᠦ ᠠᠨᠤ ᠮᠠᠭᠤ ᠢᠷᠸ᠎ᠠ ᠪᠤᠰᠤ᠂ ᠦᠷ ᠴᠠᠶᠢᠬᠤ ᠲᠤᠷ | ᠡᠬᠦᠳᠡᠨ ᠨᠤᠬᠠᠢ ᠤᠯᠢᠬᠤ ᠠᠨᠤ ᠮᠠᠭᠤ ᠢᠷᠸ᠎ᠠ ᠪᠤᠰᠤ︔ ᠦᠳᠡᠰᠢ ᠲᠤᠶᠢᠨ ᠰᠤᠭᠳᠤᠭᠠᠳ ᠬᠠᠰᠬᠢᠷᠬᠤ ᠠᠨᠤ | ᠴᠤᠬᠤᠮ ᠮᠠᠭᠤ ᠢᠷᠸ᠎ᠠ ᠪᠤᠢ︾ ᠲᠠᠬᠢᠪᠠᠯ ᠤᠷᠴᠢᠭᠤᠯᠤᠨ ᠬᠡᠪᠯᠡᠭᠰᠡᠨ ︽ᠡᠷᠳᠡᠨᠢ ᠶᠢᠨ ᠰᠠᠩ ᠰᠤᠪᠢᠰᠳᠠᠢ︾᠂ ︽ | ᠠᠷᠠᠳ ᠢ ᠲᠡᠵᠢᠬᠡᠬᠦ ᠷᠠᠰᠢᠶᠠᠨ ᠤ ᠲᠤᠰᠤᠯ︾ ᠨᠢ ᠪᠤᠷᠬᠠᠨ ᠱᠠᠰᠢᠨ ᠤ ᠵᠤᠬᠢᠶᠠᠯ ᠪᠢᠰᠢ ᠬᠠᠷᠢᠨ ᠠᠮᠢᠳᠤᠷᠠᠯ ᠤᠨ | ᠵᠢᠮ᠎ᠡ ᠶᠤᠰᠤ ᠶᠢ ᠲᠠᠨᠢᠬᠤ᠂ ᠤᠷᠴᠢᠯᠠᠩ ᠤᠨ ᠬᠡᠷᠡᠭ ᠪᠤᠳ᠋ᠨᠰ ᠤᠨ ᠬᠦᠨ ᠶᠤᠰᠤ ᠴᠢᠨᠠᠷ ᠢᠶᠠᠷ ᠴᠢᠩᠭ᠎ᠠ ᠢᠳᠬᠠᠯ ᠤᠨ | ᠰᠢᠯᠦᠭ ᠶᠤᠮ᠃ ᠤᠨᠴᠠᠭᠠᠶᠢᠯᠠᠨ ᠴᠠᠬᠠᠷ ᠬᠡᠪᠰᠢ ᠯᠤᠪᠰᠠᠩᠴᠦ᠋ᠯᠳᠤᠮ ᠤᠷᠴᠢᠭᠤᠯᠤᠨ ᠨᠠᠶᠢᠷᠠᠭᠤᠯᠬᠤ ᠪᠤᠯᠤᠨ | ᠤᠨᠤᠪᠴᠢᠳᠠᠢ ᠦᠯᠢᠬᠡᠷ ᠢᠶᠠᠷ ᠲᠠᠶᠢᠯᠪᠤᠷᠢᠯᠠᠨ ᠬᠡᠪᠯᠡᠭᠰᠡᠨ︽ ᠰᠤᠪᠡᠰᠢᠳᠢ ᠶᠢᠨ ᠲᠠᠶᠢᠯᠪᠤᠷᠢ ᠴᠢᠨᠳᠠᠮᠤᠨᠢ ᠶᠢᠨ | ᠲᠦᠯᠬᠢᠬᠦᠷ︾ ᠂ ︽ᠠᠷᠠᠳ ᠢ ᠲᠡᠵᠢᠬᠡᠬᠦ ᠷᠠᠰᠢᠶᠠᠨ ᠤ ᠲᠤᠰᠤᠯ ᠲᠠᠶᠢᠯᠪᠤᠷᠢ ᠴᠢᠨᠳᠠᠮᠤᠨᠢ ᠶᠢᠨ ᠴᠢᠮᠡᠭ︾ | ᠤᠩᠰᠢᠬᠤ ᠳᠤ ᠤᠷᠤᠰᠤᠮ᠎ᠠ ᠰᠠᠶᠢᠬᠠᠨ ᠤᠶᠢᠯᠠᠭᠠᠮᠵᠢ ᠨᠢ ᠢᠯᠡ᠂ ᠦᠵᠨᠯ ᠰᠠᠨᠠᠭᠠᠨᠴᠢ ᠪᠠ ᠤᠷᠠᠯᠢᠭᠳᠤ ᠴᠢᠨᠠᠷ ᠢ | ᠤᠷᠭᠠᠨᠢᠭ ᠢᠶᠠᠷ ᠤᠶᠠᠯᠳᠤᠭᠤᠯᠤᠨ ᠴᠢᠳᠠᠭᠰᠠᠨ ᠠᠴᠠ ᠮᠤᠩᠭᠤᠯ ᠭᠠᠵᠠᠷ ᠤᠷᠤᠨ ᠳᠤ ᠨᠠᠶᠢᠳᠠᠮ ᠲᠡᠯᠬᠡᠷᠡᠭᠰᠡᠨ | ᠮᠤᠩᠭᠤᠯ ᠦᠨᠳᠤᠰᠤᠳᠡᠨ ᠤ ᠤᠳᠬ᠎ᠠ ᠵᠤᠬᠢᠶᠠᠯ ᠤᠨ ᠲᠡᠤᠬᠡᠨ ᠲᠡᠬᠡᠷ᠎ᠡ ᠨᠦᠯᠦᠬᠡ ᠪᠠᠷ ᠬᠠᠮᠤᠭ ᠤᠨ ᠶᠡᠭᠡ ᠨᠤᠮ | ᠶᠤᠮ᠃ ︽ᠬᠡᠬᠦᠨ ᠰᠠᠩ ᠤᠨ ᠢᠷᠦᠬᠡᠯ︾᠂ ︽ᠭᠠᠯ ᠲᠡᠬᠢᠬᠤ ᠶᠢᠨ ᠵᠠᠩ ᠦᠢᠯᠡ ᠪᠠᠶᠠᠰᠬᠤᠯᠠᠩ ᠭᠠᠷᠬᠤ ᠶᠢᠨ | ᠤᠷᠤᠨ ᠬᠡᠮᠡᠬᠦ ᠤᠷᠤᠰᠢᠪᠠᠢ ︾᠂ ᠵᠢᠪᠼᠳᠳᠠᠮᠪᠠ ᠬᠤᠳᠤᠭᠳᠤ ᠪᠤᠶᠠᠨ ᠰᠤᠷᠭᠠᠯ ︵福训︶ ︽ᠠᠷᠢᠬᠢ | ᠲᠠᠮᠠᠭ᠎ᠠ ᠶᠢ ᠢᠳᠬᠠᠬᠤ ᠶᠢᠨ ᠦᠬᠡ︾ ︽ᠰᠢᠨ᠎ᠡ ᠪᠡᠷᠢ ᠶᠢᠨ ᠢᠷᠦᠬᠡᠯ ︾ ᠵᠡᠷᠬᠡ ᠢᠳᠬᠠᠯ ᠦᠬᠡ᠂ ᠢᠷᠤᠬᠡᠯ᠂ | ᠰᠢᠯᠦᠭ ᠨᠢ ᠴᠦ ᠮᠥᠨ ᠬᠦ ᠨᠦᠯᠦᠬᠡ ᠰᠠᠶᠢᠨ ᠦᠷᠬᠡᠨ ᠢᠶᠠᠷ ᠠᠷᠠᠳ ᠤᠯᠠᠨ ᠤ ᠲᠤᠮᠳᠠ ᠲᠡᠯᠬᠡᠷᠡᠨ | ᠤᠯᠠᠮᠵᠢᠯᠠᠭᠳᠠᠭᠰᠠᠨ ᠪᠦᠳᠤᠬᠡᠯ ᠤᠳ ᠶᠤᠮ᠃ ᠲᠡᠬᠦᠨ ᠤ ᠮᠤᠩᠭᠤᠯ ᠡᠶᠡᠷ ᠪᠢᠴᠢᠭᠳᠡᠭᠰᠡᠨ ︽ᠼᠦᠩᠺᠠᠪᠠ ᠶᠢᠨ | ᠶᠡᠭᠡ ᠨᠠᠮᠳᠠᠷ ᠰᠠᠶᠢᠨ ᠠᠮᠤᠭᠤᠯᠠᠩ ᠪᠦᠬᠦᠨ ᠢ ᠭᠠᠷᠬᠤ ᠶᠢᠨ ᠤᠷᠤᠨ︾ ᠰᠦᠺᠠᠸᠡᠳᠢ ᠶᠢᠨ ᠤᠷᠤᠨ ︵庄严说 | 净土功德漳明慧鉴︶ ᠪᠠ ᠤᠷᠴᠢᠭᠤᠯᠭ᠎ᠠ ᠶᠢᠨ ᠵᠠᠩᠬᠢᠶ᠎ᠠ ᠬᠤᠳᠤᠭᠳᠤ ︵若必多吉传 | ︶ ᠪᠤᠯ ᠪᠤᠷᠬᠠᠨ ᠱᠠᠰᠢᠨ ᠤ ᠲᠡᠤᠬᠡ ᠶᠢᠨ ᠵᠤᠬᠢᠶᠠᠯ ᠪᠠᠶᠢᠵᠤ᠂ ᠮᠠᠰᠢ ᠦᠨᠳᠤᠷ ᠦᠨ᠎ᠡ ᠪᠠᠨ᠎ᠠ ᠲᠠᠢ ᠲᠡᠤᠬᠡᠨ | ᠮᠡᠲ᠋ᠧᠷᠢᠶᠠᠯ ᠶᠤᠮ᠂ ︽ᠡᠷᠳᠡᠨᠢ ᠲᠤᠱᠢ ᠶᠢᠨ ᠰᠦᠮ᠎ᠡ ᠶᠢᠨ ᠬᠦᠬᠡ ᠲᠡᠪᠳᠡᠷ︾ ᠪᠤᠯ ᠴᠠᠬᠠᠷ ᠬᠡᠪᠰᠢ | ᠯᠤᠪᠰᠠᠩᠴᠦ᠋ᠯᠳᠤᠮ ᠤᠨ ᠮᠤᠩᠭᠤᠯ ᠡᠶᠡᠷ ᠪᠢᠴᠢᠭᠳᠡᠭᠰᠡᠨ ᠪᠤᠷᠬᠠᠨ ᠱᠠᠰᠢᠨ ᠤ ᠰᠦᠮ᠎ᠡ ᠶᠢᠨ ᠲᠡᠤᠬᠡ᠂ ᠯᠠᠮᠠ ᠨᠠᠷ | ᠤᠨ ᠰᠠᠬᠢᠯ ᠰᠠᠨᠸᠠᠷ᠂ ᠰᠦᠮ᠎ᠡ ᠶᠢᠨ ᠡᠳᠤᠷ ᠲᠤᠳᠤᠮ ᠤᠨ ᠠᠵᠤ ᠠᠬᠤᠢ ᠵᠡᠷᠬᠡ ᠲᠠᠯ᠎ᠠ ᠶᠢᠨ ᠴᠢᠬᠤᠯᠠ ᠪᠦᠬᠦᠢ | ᠠᠵᠢᠯᠯᠠᠭ᠎ᠠ ᠶᠢᠨ ᠲᠤᠬᠠᠢ ᠪᠢᠴᠢᠭᠰᠡᠨ ᠵᠤᠬᠢᠶᠠᠯ ᠪᠦᠳᠤᠬᠡᠯ ᠶᠤᠮ᠂ ᠡᠬᠦᠨ ᠠᠴᠠ ᠭᠠᠳᠠᠨᠠᠴᠠᠬᠠᠷ ᠬᠡᠪᠰᠢ | ᠯᠤᠪᠰᠠᠩᠴᠦ᠋ᠯᠳᠤᠮ ᠴᠠᠭᠠᠨ ᠠᠭᠤᠯᠠ ᠶᠢᠨ ᠰᠦᠮ᠎ᠡ ᠳᠡᠭᠡᠨ ᠭᠠᠵᠠᠷ ᠤᠷᠤᠨ ᠤ ᠠᠬᠤᠢ ᠪᠠᠶᠢᠳᠠᠯ ᠠᠴᠠ ᠡᠬᠦᠰᠴᠤ᠂ | ᠮᠤᠩᠭᠤᠯ ᠢᠶᠠᠷ ᠨᠤᠮ ᠲᠠᠷᠨᠢ ᠤᠩᠰᠢᠵᠤ ᠂ ᠮᠤᠩᠭᠤᠯᠴᠤᠳ ᠦᠪᠡᠷ ᠤᠨ ᠡᠬᠡ ᠬᠡᠯᠡ ᠪᠠᠷ ᠢᠶᠠᠨ ᠪᠤᠷᠬᠠᠨ ᠱᠠᠰᠢᠨ | ᠤ ᠤᠴᠢᠷ ᠤᠳᠬ᠎ᠠ ᠶᠢ ᠠᠮᠠᠷᠬᠠᠨ ᠤᠶᠢᠯᠭᠠᠭᠤᠯᠵᠤ ᠲᠠᠨᠢᠬᠤ ᠪᠠᠷ ᠲᠠᠮᠵᠢᠨ ᠮᠠᠰᠢ ᠠᠷᠪᠢᠨ ᠬᠠᠷᠠᠴᠤᠳ ᠢ | ᠤᠬᠠᠭᠠᠷᠠᠭᠤᠯᠵᠤ᠂ ᠱᠠᠰᠢᠨ ᠢᠶᠠᠨ ᠲᠡᠯᠬᠡᠷᠨᠬᠦᠯᠬᠦ ᠱᠠᠭᠠᠷᠳᠠᠯᠭ᠎ᠠ ᠳᠤ ᠬᠦᠷᠴᠤ ᠴᠢᠳᠠᠭᠰᠠᠨ ᠶᠤᠮ᠂ ᠮᠥᠨ ᠴᠦ | ᠦᠨᠳᠤᠰᠤᠳᠡᠨ ᠤ ᠦᠬᠡ ᠬᠡᠯᠡ ᠦᠰᠦᠭ ᠪᠢᠴᠢᠭ ᠢ ᠬᠠᠮᠠᠭᠠᠯᠠᠵᠤ ᠲᠦᠯᠬᠢᠨ ᠠᠬᠢᠭᠤᠯᠵᠤ ᠨᠠᠩ ᠠᠷᠪᠢᠨ | ᠮᠤᠩᠭᠤᠯᠴᠤᠳ ᠲᠤ ᠰᠤᠶᠤᠯ ᠤᠨ ᠬᠦᠮᠤᠵᠢᠯ ᠬᠦᠷᠳᠡᠬᠡᠵᠤ ᠦᠪᠡᠷᠳᠡᠬᠡᠨ ᠡᠬᠡ ᠬᠡᠯᠡ ᠪᠠᠨ ᠬᠠᠮᠠᠭᠠᠯᠠᠭᠤᠯᠬᠤ ᠶᠢᠨ | ᠲᠦᠯᠦᠬᠡ ᠵᠤᠷᠢᠭᠤᠯᠤᠭᠰᠠᠨ ᠬᠡᠳᠡᠭ ᠢ ᠢᠯᠡ ᠲᠤᠳᠤ ᠬᠠᠷᠨᠭᠤᠯᠤᠭᠰᠠᠨ ᠶᠤᠮ᠂ ᠲᠤᠬᠠᠢ ᠶᠢᠨ ᠦᠶ᠎ᠡ ᠳᠤ ᠮᠤᠩᠭᠤᠯ | ᠦᠨᠳᠤᠰᠤᠳᠡᠨ ᠤ ᠦᠬᠡ ᠬᠡᠯᠡ ᠦᠰᠦᠭ ᠪᠢᠴᠢᠭ ᠨᠢ ᠤᠮᠳᠠᠭᠠᠶᠢᠯᠠᠭᠳᠠᠨ ᠬᠡᠬᠡᠭᠳᠡᠵᠤ᠂ ᠦᠨᠳᠤᠰᠤᠳᠡᠨ ᠦᠵᠨᠯ | ᠤᠬᠠᠮᠰᠠᠷ ᠰᠤᠯᠠᠷᠠᠵᠤ ᠲᠦᠪᠡᠳᠴᠢᠯᠡᠬᠦ ᠶᠢ ᠡᠷᠬᠢᠮᠴᠢᠯᠡᠬᠦ ᠶᠠᠪᠤᠳᠠᠯ ᠭᠠᠷᠴᠤ ᠪᠠᠶᠢᠭᠰᠠᠨ ᠶᠤᠮ᠃ | ᠴᠠᠬᠠᠷ ᠬᠡᠪᠰᠢ ᠯᠤᠪᠰᠠᠩᠴᠦ᠋ᠯᠳᠤᠮ ᠴᠠᠭᠠᠨ ᠠᠭᠤᠯᠠ ᠶᠢᠨ ᠮᠤᠩᠭᠤᠯ ᠬᠡᠪᠯᠡᠯ ᠤᠨ ᠲᠤᠮᠤ ᠲᠦᠪ ᠢ | ᠡᠬᠦᠰᠬᠡᠨ ᠪᠠᠶᠢᠭᠤᠯᠤᠭᠰᠠᠨ ᠨᠢ ᠴᠢᠩ ᠶᠢᠨ ᠦᠶ᠎ᠡ ᠶᠢᠨ ᠮᠤᠩᠭᠤᠯ ᠬᠡᠪᠯᠡᠯ ᠤᠨ ᠤᠶᠢᠯᠡᠰ ᠡᠬᠦᠷᠢᠳᠡ ᠪᠠᠯᠠᠷᠠᠰᠢ ᠦᠭᠡᠢ | ᠭᠠᠪᠢᠶ᠎ᠠ ᠵᠢᠳᠬᠦᠯ ᠭᠠᠷᠭᠠᠭᠰᠠᠨ ᠶᠤᠮ᠂ ᠴᠢᠩ ᠶᠢᠨ ᠦᠶ᠎ᠡ ᠶᠢᠨ ᠮᠤᠩᠭᠤᠯ ᠬᠡᠪᠯᠡᠯ ᠤᠨ ᠲᠡᠤᠭ᠍ᠨ ᠲᠡᠬᠡᠷ᠎ᠡ ᠲᠦᠢᠯ ᠤᠨ | ᠬᠦᠨᠳᠤ ᠴᠢᠬᠤᠯᠠ ᠪᠠᠶᠢᠷᠢ ᠰᠠᠭᠤᠷᠢ ᠢ ᠡᠵᠡᠯᠡᠵᠤ ᠪᠠᠶᠢᠭ᠎ᠠ ᠶᠤᠮ ᠃1810 ᠤᠨ ᠳᠤ ᠨᠠᠰᠤᠨ ᠰᠡᠬᠦᠳᠡᠷ71 ᠲᠠᠢ | ᠲᠠᠭᠠᠯᠠᠯ ᠪᠤᠯᠵᠠᠢ᠃ |