ᠮᠢᠩᠭᠠᠳᠣ ᠪᠤᠯ ᠳᠤᠮᠳᠠᠳᠤ ᠤᠯᠤᠰ ᠤᠨ ᠳᠡᠤᠭᠡᠨ ᠳᠠᠬᠢ ᠴᠤᠷ ᠤᠨ ᠭᠠᠭᠴᠠ ᠤᠯᠠᠨ | ᠰᠢᠨᠵᠢᠯᠡᠭᠡᠨ ᠢ ᠠᠯᠤᠰᠯᠠᠭᠰᠠᠨ ᠮᠤᠩᠭᠤᠯ ᠦᠨᠳᠤᠰᠤᠳᠡᠨ ᠤ ᠰᠢᠨᠵᠢᠯᠡᠬᠦ ᠤᠬᠠᠭᠠᠨᠳᠠᠨ᠂ ᠠᠷᠪᠠᠨ ᠨᠠᠢᠮᠠᠳᠤᠭᠠᠷ | ᠵᠠᠭᠤᠨ ᠤ ᠲᠣᠭᠠᠠ ᠤ ᠤᠬᠠᠭᠠᠠ᠂ ᠤᠳᠣᠠ ᠤᠷᠣᠠ ᠵᠢᠷᠤᠬᠠᠢ ᠪᠤᠯᠣᠠ ᠬᠡᠮᠵᠢᠠ ᠵᠢᠷᠣᠬᠯᠠᠬᠤ ᠤᠬᠠᠭᠠᠠ ᠤ | ᠭᠠᠷᠮᠠᠭᠠᠢ ᠡᠷᠳᠠᠮᠳᠠᠠ ᠪᠤᠯᠤᠨ᠎ᠡ᠃ ᠮᠢᠩᠭᠠᠳᠤ ᠨᠢᠭᠡ ᠨᠠᠰᠤᠨ ᠳᠠᠭᠠᠨ ᠳᠤᠭᠠᠨ ᠤ ᠤᠬᠠᠭᠠᠨ᠂ ᠤᠳᠤᠨ ᠤᠷᠤᠨ᠂ | ᠵᠢᠷᠤᠬᠠᠢ ᠶᠢᠨ ᠤᠬᠠᠭᠠᠨ ᠢ ᠰᠤᠳᠤᠯᠵᠤ᠂ ᠰᠢᠨᠵᠢᠯᠡᠬᠦ ᠤᠬᠠᠭᠠᠨ ᠤ ᠠᠤᠭ᠎ᠠ ᠪᠦᠳᠦᠭᠡᠯ ︽ᠲᠣᠭᠤᠷᠢᠭ ᠤᠨ ᠨᠢᠭᠲᠠ | ᠬᠡᠮᠵᠢᠶᠡᠨ ᠤ ᠲᠦᠳᠡ ᠠᠷᠭ᠎ᠠ︾ ᠶᠢ ᠨᠠᠶᠢᠷᠠᠭᠤᠯᠵᠤ᠂ ︽ᠣᠳᠣᠨ ᠣᠷᠣᠨ ᠴᠠᠭ ᠤᠯᠠᠷᠢᠯ ᠤᠨ ᠡᠬᠢ ᠰᠤᠷᠪᠤᠯᠵᠢ︾᠂ | ︽ᠵᠢᠷᠤᠬᠠᠢ ᠶᠢᠨ ᠰᠢᠨᠵᠢᠯᠡᠯ ᠤᠨ ᠬᠤᠶᠢᠨᠠᠬᠢ ᠨᠠᠶᠢᠷᠠᠭᠤᠯᠤᠯ︾᠂ ︽ᠭᠡᠮᠵᠢᠬᠦᠷ ᠪᠠᠭᠠᠵᠢ ᠶᠢᠨ ᠰᠢᠨᠵᠢᠯᠡᠭᠡᠨ︾ ᠵᠡᠷᠭᠡ | ᠳᠤᠮᠤ ᠭᠡᠯᠪᠡᠷᠢ ᠶᠢᠨ ᠪᠦᠳᠦᠭᠡᠯ ᠢ ᠳᠤᠭᠤᠷᠪᠢᠨ ᠪᠢᠴᠢᠵᠤ᠂ ᠡᠮᠬᠢᠳᠭᠡᠨ ᠨᠠᠶᠢᠷᠠᠭᠤᠯᠬᠤ ᠳᠤ ᠤᠷᠤᠯᠴᠠᠵᠤ᠂ | ᠰᠢᠨᠵᠢᠶᠡᠩ ᠤᠨ ᠬᠢᠯᠢ ᠬᠢᠵᠠᠭᠠᠷ ᠢ ᠪᠤᠳᠠᠳᠠᠢ ᠭᠠᠵᠠᠷ ᠲᠤᠨᠢ ᠬᠦᠷᠴᠦ ᠭᠡᠮᠵᠢᠨ ᠪᠠᠶᠢᠴᠠᠭᠠᠵᠤ᠂ ᠤᠶᠢᠷ᠎ᠠ ᠦᠶ᠎ᠡ ᠶᠢᠨ | ᠰᠢᠨᠵᠢᠯᠡᠬᠦ ᠤᠬᠠᠨᠭᠠᠨ ᠤ ᠠᠷᠭ᠎ᠠ ᠪᠠᠷ ︽ᠬᠠᠭᠠᠨ ᠤ ᠵᠠᠬᠢᠷᠭ᠎ᠠ ᠶᠢᠨ ᠪᠦᠷᠢᠨ ᠵᠢᠷᠤᠭ︾ ᠢ ᠵᠢᠷᠤᠭᠯᠠᠪᠠ᠃ | 200 ᠭᠠᠷᠤᠢ ᠵᠢᠯ ᠤᠨ ᠡᠮᠥᠨᠡᠬᠢ ᠲᠡᠥᠬᠡᠳᠦ ᠬᠦᠮᠥᠨ ᠤ ᠦᠡᠭᠬᠡ ᠬᠡᠷᠡᠯᠳᠦ ᠲᠡᠥᠬᠡ ᠶᠢ ᠲᠠᠬᠢᠨᠳᠠ | ᠢᠯᠡᠷᠡᠬᠦᠯᠵᠤ᠂ ᠤᠳᠤ ᠦᠶ᠎ᠡ ᠶᠢᠨ ᠬᠦᠮᠥᠰ ᠢ ᠤᠷᠮᠠᠰᠢᠭᠤᠯᠤᠨ ᠵᠤᠷᠢᠭᠵᠢᠭᠤᠯᠬᠤ᠂ ᠤᠨᠴᠠᠭᠠᠶᠢᠯᠠᠨ ᠵᠠᠯᠠᠭᠤᠴᠤᠳ | ᠪᠠᠭᠠᠴᠤᠳ ᠤᠨ ᠮᠢᠩᠭᠠᠨᠳᠦ ᠶᠢᠨ ᠲᠦᠪ ᠴᠢᠩᠭ᠎ᠠ ᠰᠤᠷᠤᠯᠴᠠᠬᠤ ᠰᠤᠷᠳᠠᠯ ᠪᠠ ᠲᠡᠰᠪᠤᠷᠢ ᠬᠠᠳᠠᠭᠤᠵᠢᠯᠳᠠᠢ ᠪᠠᠷ | ᠲᠡᠮᠠᠴᠡᠬᠦ ᠵᠤᠷᠢᠭ ᠰᠠᠨᠠᠭ᠎ᠠ ᠠᠴᠠ ᠲᠠᠭᠠᠨ ᠰᠤᠷᠤᠯᠴᠠᠭᠤᠯᠵᠤ᠂ ᠮᠢᠩᠭᠠᠳᠤ ᠶᠢᠨ ᠨᠤᠳᠤᠭ — ᠰᠢᠯᠤᠭᠤᠨ ᠬᠦᠪᠡᠭᠡᠳᠤ | ᠴᠠᠭᠠᠨ ᠬᠤᠰᠢᠭᠤ ᠶᠢ ᠤᠬᠠᠭᠤᠯᠤᠨ ᠳᠠᠨᠢᠯᠴᠠᠭᠤᠯᠬᠤ ᠶᠢᠨ ᠳᠤᠰᠠᠳᠠ᠂ 2012 ᠤᠨ ᠳᠤ ᠰᠢᠯᠤᠭᠤᠨ ᠬᠦᠪᠡᠭᠡᠳᠤ | ᠴᠠᠭᠠᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠨᠢ ᠦᠨᠳᠤᠰᠤᠳᠡᠨ ᠤ ᠳᠠᠭᠤᠤ ᠪᠦᠵᠢᠭᠳᠦ | ᠵᠦᠴᠦᠭᠡ ︽ᠮᠢᠩᠭᠠᠳᠤ︾ ᠶᠢ ᠨᠠᠶᠢᠷᠠᠭᠤᠯᠤᠨ ᠲᠤᠭᠯᠠᠬᠤ ᠪᠠᠷ ᠲᠤᠭᠲᠠᠵᠤ ᠂ ᠬᠤᠰᠢᠭᠤᠨ ᠤ ᠤᠯᠠᠭᠠᠨᠮᠦ᠋ᠴᠢᠷ ᠠᠴᠠ | ᠳᠠᠭᠠᠭᠠᠴᠢᠯᠠᠨ ᠭᠦᠢᠴᠡᠳᠬᠡᠪᠡ᠃ ᠲᠤᠰ ᠵᠦᠴᠦᠭᠡ ᠨᠢ ᠵᠤᠬᠢᠶᠠᠯᠴᠢ ᠰᠦᠨ ᠬᠠᠢ ᠲᠤᠤ ᠶᠢᠨ ᠲᠡᠤᠭᠡᠳᠦ ᠷᠤᠮᠠᠨ ︽ | ᠮᠢᠩᠭᠠᠨᠳᠤ︾ ᠶᠢ ᠦᠨᠳᠦᠰᠦᠯᠡᠨᠦᠭᠡᠷᠡᠴᠢᠯᠡᠨ ᠨᠠᠶᠢᠷᠠᠭᠤᠯᠤᠬᠰᠠᠨ ᠪᠠᠶᠢᠨ᠎ᠠ᠃ ᠬᠠᠭᠠᠰ ᠵᠢᠯ ᠢᠯᠡᠬᠦᠦ ᠶᠢᠨ | ᠬᠤᠭᠤᠴᠠᠭ᠎ᠠ ᠲᠠᠢ ᠵᠤᠬᠢᠶᠠᠨ ᠨᠠᠶᠢᠷᠠᠭᠤᠯᠬᠤ ᠪᠠᠷ ᠳᠠᠮᠵᠢᠨ᠂ ᠰᠢᠯᠢ ᠶᠢᠨ ᠭᠤᠤᠯ ᠠᠶᠢᠮᠠᠭ ᠤᠨ ᠶᠢᠰᠥᠳᠥᠬᠡᠷ ᠤᠳᠠᠭᠠᠨ | ᠤ ᠤᠶᠤᠨ ᠤ ᠪᠤᠯᠪᠠᠰᠤᠨ ᠤ ᠪᠠᠶᠢᠭᠤᠯᠤᠯᠳᠠ ᠶᠢᠨ ᠲᠤᠷᠰᠢᠯᠭ᠎ᠠ ᠰᠤᠯᠢᠯᠴᠠᠬᠤ ᠬᠤᠷᠠᠯ ᠳᠤ ᠠᠩᠬ᠎ᠠ ᠤᠳᠠᠭ᠎ᠠ | ᠳᠤᠭᠯᠠᠵᠤ᠂ ᠦᠵᠡᠭᠴᠢᠳ ᠲᠤ ᠨᠢᠬᠡᠨ ᠲᠠᠯᠠᠪᠠᠢ ᠭᠤᠶᠢᠳᠠ ᠰᠠᠶᠢᠬᠠᠨ ᠲᠤᠭᠯᠠᠯᠳᠠ ᠰᠤᠨᠢᠷᠬᠠᠭᠤᠯᠤᠭᠰᠠᠨ ᠪᠦᠬᠡᠳ | ᠲᠡᠳᠡᠨ ᠤ ᠦᠨᠳᠥᠷ ᠦᠨᠡᠯᠡᠯᠳᠡ ᠶᠢ ᠬᠦᠷᠳᠡᠪᠡ᠃ 2013 ᠤᠨ ᠳᠤ᠂ ᠳᠠᠭᠤᠤ ᠪᠦᠵᠢᠭᠳᠦ ᠵᠦᠴᠦᠭᠡ ︽ | ᠮᠢᠩᠭᠠᠨᠳᠤ︾ ᠨᠢ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠪᠠᠳᠤᠭᠠᠷ ᠬᠤᠭᠤᠴᠠᠭᠠᠨ ᠤ ᠳᠠᠯ᠎ᠠ | ᠨᠤᠳᠤᠭ ᠤᠨ ᠰᠤᠶᠤᠯ ᠤᠨ ᠨᠠᠶᠢᠷ ᠤᠨ ︽ᠰᠢᠯᠢᠳᠡᠭ ᠵᠦᠴᠦᠭᠡ ᠨᠠᠶᠢᠷᠠᠭᠤᠯᠤᠭᠴᠢ ᠶᠢᠨ ᠱᠠᠩᠨᠠᠯ︾ ᠪᠤᠯᠤᠨ ︽ | ᠰᠢᠯᠢᠳᠡᠭ ᠰᠤᠩᠭᠤᠭᠳᠠᠭᠰᠠᠨ ᠵᠦᠴᠦᠭᠡ ᠶᠢᠨ ᠱᠠᠩᠨᠠᠯ︾ ᠢ ᠬᠦᠷᠳᠡᠵᠤ᠂ ᠦᠪᠡᠷᠳᠡᠭᠡᠨ ᠵᠠᠰᠠᠬᠤ ᠤᠷᠤᠨ ᠤ ︽ᠲᠠᠯ᠎ᠠ | ᠨᠤᠳᠤᠬ ᠢᠶᠠᠨ ᠮᠠᠬᠳᠠᠨ ᠲᠠᠭᠤᠯᠠᠵᠤ᠂ ᠬᠦᠮᠦᠨ ᠠᠷᠠᠳ ᠢᠶᠠᠨ ᠤᠶᠠᠩᠭᠠᠯᠠᠨ ᠲᠤᠭᠠᠴᠢᠬᠤ︾ ᠰᠢᠯᠢᠳᠡᠭ ᠵᠦᠴᠦᠭᠡ ᠪᠠᠷ | ᠰᠤᠩᠭᠤᠭᠳᠠᠵᠤ᠂ 8 ᠠᠶᠢᠮᠠᠭ ᠬᠤᠳᠠ ᠳᠤ ᠳᠤᠭᠤᠷᠢᠨ ᠳᠤᠭᠯᠠᠵᠤ᠂ ᠦᠵᠡᠭᠴᠢ ᠤᠯᠠᠨ ᠤ ᠬᠠᠯᠠᠭᠤᠨ ᠳᠠᠭᠠᠰᠢᠶᠠᠯ ᠢ | ᠤᠯᠤᠭᠰᠠᠨ ᠶᠤᠮ᠃ | 2014 ᠤᠨ ᠤ ᠡᠬᠢᠨ ᠳᠤ᠂ ᠪᠦᠵᠢᠭᠳᠦ ᠵᠦᠴᠦᠭᠡ ᠶᠢᠨ ᠳᠠᠭᠤᠤ ᠬᠦᠭᠵᠢᠮ᠂ ᠪᠦᠵᠢᠭ ᠤᠨ | ᠳᠠᠶᠢᠰᠠᠨ ᠤ ᠤᠷᠠᠯᠢᠭ᠂ ᠪᠦᠵᠢᠭ ᠤᠨ ᠭᠡᠰᠡᠭᠯᠡᠯ᠂ ᠦᠵᠡᠮᠵᠢ ᠠᠬᠤᠢ ᠶᠢᠨ ᠳᠤᠭᠯᠠᠯᠳᠠ᠂ ᠦᠯᠢᠭᠡᠷ ᠤᠨ ᠦᠢᠯᠡ | ᠶᠠᠪᠤᠳᠠᠯ ᠢ ᠳᠠᠬᠢᠨ ᠨᠠᠶᠢᠷᠠᠭᠤᠯᠵᠤ᠂ 6 ᠰᠠᠷ᠎ᠠ ᠶᠢᠨ 15 ᠤ ᠡᠳᠦᠷ ᠦᠪᠤᠷ ᠮᠤᠩᠭᠤᠯ ᠤᠨ ᠲᠧᠯᠧᠢᠰ ᠬᠤᠷᠢᠶᠠᠨ ᠤ | ᠳᠤᠮᠤ ᠭᠡᠯᠪᠡᠷᠢ ᠶᠢᠨ ᠤᠷᠠᠯᠢᠭ ᠤᠨ ᠫᠷᠤᠭ᠍ᠷᠠᠮ ᠢ ᠰᠡᠬᠦᠳᠡᠷᠯᠡᠨ ᠰᠢᠩᠭᠡᠭᠡᠭᠦ ᠳᠤᠰᠬᠠᠢ ᠪᠦᠯᠬᠦᠮ ᠶᠢ ᠤᠷᠢᠵᠤ᠂ | ᠰᠢᠯᠢ ᠶᠢᠨ ᠭᠤᠤᠯ ᠳᠠᠭᠤᠤ ᠪᠦᠵᠢᠭ ᠤᠨ ᠬᠦᠷᠢᠶᠡᠯᠡᠩ ᠳᠤ ᠰᠡᠬᠦᠳᠡᠷᠯᠡᠨ ᠰᠢᠩᠭᠡᠭᠡᠵᠤ᠂ ᠭᠡᠷᠡᠯᠯᠢᠭ ᠳᠠᠪᠠᠭ ᠪᠤᠯᠭᠠᠨ | ᠦᠢᠯᠡᠳᠴᠦ᠂ ᠦᠪᠡᠷᠳᠡᠭᠡᠨ ᠵᠠᠰᠠᠬᠤ ᠤᠷᠤᠨ ᠵᠢᠴᠢ ᠤᠯᠤᠰ ᠤᠨ ︽5.1 ᠢᠠᠵᠧᠨᠧᠷᠢᠩ︾ ᠤᠨ ᠱᠠᠩᠨᠠᠯ ᠢ ᠬᠢᠨᠠᠨ | ᠰᠢᠯᠭᠠᠷᠠᠭᠤᠯᠬᠤ ᠳᠤᠭᠤᠶᠢᠯᠠᠩ ᠲᠤ ᠬᠦᠷᠭᠡᠬᠦ ᠪᠠᠷ ᠪᠠᠶᠢᠨ᠎ᠠ᠃ ᠰᠢᠯᠢ ᠶᠢᠨ ᠭᠤᠤᠯ ᠠᠶᠢᠮᠠᠭ ᠤᠨ ᠭᠡᠷᠡᠯ | ᠵᠢᠷᠤᠭᠴᠢᠳ ᠤᠨ ᠨᠡᠶᠢᠭᠡᠮᠯᠢᠭ ᠤᠨ ᠨᠡᠷᠡᠳᠤ ᠭᠡᠷᠡᠯ ᠵᠢᠷᠤᠭᠴᠢᠨ ᠶᠢ ᠤᠷᠢᠵᠤ ᠵᠦᠴᠦᠭᠡ ᠶᠢᠨ ᠵᠢᠷᠤᠭ ᠰᠡᠬᠦᠳᠡᠷ ᠢ | ᠠᠪᠬᠠᠭᠤᠯᠪᠠ᠃ ᠭᠤᠷᠪᠠ ᠤᠳᠠᠭᠠᠨ ᠤ ᠵᠠᠰᠠᠨ ᠨᠠᠶᠢᠷᠠᠭᠤᠯᠭ᠎ᠠ ᠶᠢ ᠳᠠᠮᠵᠢᠨ᠂ ᠪᠦᠵᠢᠭᠳᠦ ᠵᠦᠴᠦᠭᠡ ᠶᠢᠨ ᠠᠭᠤᠯᠭ᠎ᠠ | ᠪᠠ ᠬᠡᠯᠪᠡᠷᠢ ᠰᠢᠨ᠎ᠡ ᠰᠡᠪᠡᠬᠦᠨ᠂ ᠨᠦᠯᠥᠬᠡᠯᠡᠯ ᠤᠨ ᠬᠦᠴᠥᠨ ᠴᠢᠩᠭ᠎ᠠ ᠰᠤᠶᠤᠯ ᠤᠷᠠᠯᠢᠭ ᠤᠨ ᠰᠤᠳᠤᠨ ᠪᠦᠳᠥᠬᠡᠯ | ᠪᠤᠯᠵᠦ ᠴᠢᠳᠠᠵᠠᠢ᠃ | ᠤᠳᠤᠬᠠᠨ ᠳᠤ ᠪᠦᠵᠢᠭᠳᠦ ᠵᠦᠴᠦᠭᠡ ︽ᠮᠢᠩᠭᠠᠳᠤ︾ ᠨᠢᠭᠡᠨᠳᠡ ᠦᠪᠠᠷᠳᠡᠭᠡᠨ ᠵᠠᠰᠠᠬᠤ ᠤᠷᠤᠨ ᠤ | ᠠᠷᠪᠠᠨ ᠬᠤᠶᠠᠳᠤᠭᠠᠷ ᠬᠤᠭᠤᠴᠠᠭᠠᠨ ᠤ ᠤᠶᠤᠨ ᠤ ᠪᠤᠯᠪᠠᠰᠤᠨ ᠤ ᠪᠠᠶᠢᠭᠤᠯᠤᠯᠳᠠ ᠶᠢᠨ ︽5.1 ᠢᠠᠵᠧᠨᠧᠷᠢᠩ︾ | ᠤᠨ ᠱᠠᠩᠨᠠᠯ ᠢ ᠬᠦᠷᠳᠡᠪᠡ᠂ ᠳᠠᠷᠠᠭ᠎ᠠ ᠠᠯᠬᠤᠮ ᠳᠤ ᠤᠯᠤᠰ ᠤᠨ ︽5.1 ᠢᠠᠵᠧᠨᠧᠷᠢᠩ︾ ᠤᠨ ᠱᠠᠩᠨᠠᠯ ᠢ | ᠡᠷᠡᠮᠡᠯᠵᠡᠬᠦ ᠪᠤᠯᠤᠨ᠎ᠡ᠃ | | | | | | |