ᠡᠭᠡ ᠤᠷᠤᠨ ᠤ ᠮᠢᠨᠢ ᠬᠠᠶᠢᠷᠠᠯᠠᠭᠰᠠᠨ ᠡᠷᠭᠡ ᠴᠢᠯᠦᠭᠡ ᠭᠤ
ᠨᠡᠶᠢᠲᠡᠯᠡᠭᠰᠡᠨ ᠴᠠᠭ᠄
2020/7/8
 ᠵᠤᠬᠢᠶᠠᠭᠴᠢ ᠶᠢᠨ ᠳᠤᠪᠴᠢ ᠨᠠᠮᠳᠠᠷ᠄ ᠰᠢᠵᠢᠷᠴᠡᠴᠡᠭ᠂ ᠰᠢᠯᠤᠭᠤᠨ ᠬᠦᠪᠡᠭᠡᠳᠤ ᠴᠠᠭᠠᠨ ᠬᠤᠰᠢᠭᠤᠨ ᠤ ᠶᠡᠭᠡᠨᠠᠭᠤᠷ ᠰᠤᠮᠨᠤ ᠤ ᠪᠤᠷᠤᠳᠤᠯᠤᠭᠠᠢ ᠭᠠᠴᠠᠭᠠᠨ ᠳᠤ ᠮᠠᠯᠴᠢᠨ ᠠᠪᠤ ᠵᠢᠷᠭᠠᠯ᠂ ᠡᠵᠢ ᠰᠡᠷᠵᠢᠮᠢᠳᠤᠭ ᠤᠨ ᠤᠤᠭᠠᠨ ᠦᠬᠢᠨ ᠨᠢ ᠪᠤᠯᠵᠦ ᠵᠠᠶᠠᠭᠠᠵᠠᠢ᠃ ᠬᠠᠷᠠᠬᠠᠨ ᠪᠠᠭ᠎ᠠ ᠠᠴᠠ ᠨᠤᠮ ᠵᠤᠬᠢᠶᠠᠯ ᠳᠤ ᠳᠤᠷᠠᠳᠠᠢ ᠪᠠᠶᠢᠵᠦ᠂ 2000 ᠤᠨ ᠳᠤ ︽ᠬᠤᠨ ᠭᠠᠯᠠᠭᠤ︾ ᠰᠡᠳᠬᠦᠯ ᠤᠨ ᠡᠷᠬᠢᠯᠡᠭᠰᠡᠨ ︽ᠠᠮᠢᠳᠤᠷᠠᠯ︾ ᠭᠡᠬᠦ ᠢᠵᠢᠯ ᠭᠠᠷᠴᠠᠭᠳᠤ ᠨᠠᠶᠢᠷᠠᠭᠤᠯᠤᠯ ᠤᠨ ᠤᠷᠤᠯᠳᠤᠭᠠᠨ  ᠳᠤ ᠰᠢᠯᠢᠳᠡᠭ ᠪᠠᠶᠢᠷᠢ ᠳᠤ ᠳᠤᠳᠤᠷᠠᠵᠠᠢ᠃ 2004 ᠤᠨ ᠳᠤ ᠠᠩᠬᠠᠨ ᠤ ᠰᠢᠯᠦᠭ ᠢᠶᠠᠨ ︽ᠰᠢᠯᠢ ᠶᠢᠨ ᠭᠤᠤᠯ︾ ᠰᠡᠳᠬᠦᠯ ᠳᠤ ᠨᠡᠶᠢᠳᠡᠯᠡᠬᠦᠯᠵᠦ᠂ 2005 ᠤᠨ ᠳᠤ ᠪᠦᠬᠦ ᠤᠯᠤᠰ ᠤᠨ ᠠᠩᠬᠠᠳᠤᠭᠠᠷ ᠤᠳᠠᠭᠠᠨ ᠤ ︽ᠬᠢᠯᠦᠭᠡᠨ ᠤᠶᠠᠩᠭ᠎ᠠ︾ ᠢᠷᠠᠭᠤ ᠨᠠᠶᠢᠷᠠᠭ ᠤᠨ ᠤᠷᠤᠯᠳᠤᠭᠠᠨ ᠳᠤ ︽ᠳᠡᠮᠡᠭᠡᠨ ᠳᠤ ᠪᠢᠴᠢᠭᠰᠡᠨ ᠰᠢᠯᠦᠭ︾ ᠢᠶᠠᠷ ᠢᠶᠠᠨ ᠬᠦᠷᠠᠯ ᠤᠳᠤᠨ ᠳᠤᠰᠴᠦ ᠪᠢᠯᠡ᠃ 2008 ᠤᠨ ᠳᠤ ᠪᠦᠬᠦ ᠤᠯᠤᠰ ᠤᠨ ︽ᠮᠢᠩᠭᠠᠳᠤ ᠤᠳᠤᠨ︾ ᠰᠢᠯᠦᠭ ᠤᠨ ᠤᠷᠤᠯᠳᠤᠭᠠᠨ ᠤ ᠳᠡᠷᠢᠬᠦᠨ ᠪᠠᠶᠢᠷᠢ᠂ ᠨᠠᠢᠮᠠᠨ ᠮᠤᠵᠢ ᠤᠷᠤᠨ ᠤ ᠠᠩᠬᠠᠳᠤᠭᠠᠷ ᠤᠳᠠᠭᠠᠨ ᠤ ︽ᠮᠦᠡᠭᠭᠡ ᠤᠷᠤᠰᠬᠠᠯ︾ ᠰᠢᠯᠦᠭ ᠤᠨ ᠤᠷᠤᠯᠳᠤᠭᠠᠨ ᠤ ᠭᠤᠷᠪᠠᠳᠤᠭᠠᠷ ᠪᠠᠶᠢᠷᠢ ᠳᠤ ᠳᠤᠳᠤᠷᠠᠪᠠ᠃ 2018 ᠤᠨ ᠳᠤ ︽ᠡᠭᠡ ᠤᠷᠤᠨ ᠤ ᠮᠢᠨᠢ ᠬᠠᠶᠢᠷᠠᠯᠠᠭᠰᠠᠨ ᠡᠷᠭᠡ ᠴᠢᠯᠦᠭᠡ ᠭᠤᠶᠤ ᠡ︾ ᠬᠡᠬᠦ ᠰᠢᠯᠦᠭ ᠨᠢ ᠦᠪᠡᠷᠳᠡᠭᠡᠨ ᠵᠠᠰᠠᠬᠤ ᠤᠷᠤᠨ ᠤ ᠳᠠᠯ᠎ᠠ ᠨᠤᠳᠤᠭ ᠤᠨ ᠰᠤᠶᠤᠯ ᠤᠨ ᠨᠠᠶᠢᠷ ᠤᠨ ᠳᠤᠭᠯᠠᠯᠳᠠ ᠳᠤ ᠰᠤᠩᠭᠤᠭᠳᠠᠭᠰᠠᠨ ᠪᠠᠶᠢᠨ᠎ᠠ᠃  ᠦᠪᠦᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠬᠡᠰᠢᠬᠦᠨ᠂ ᠰᠢᠯᠢ ᠶᠢᠨ ᠭᠤᠤᠯ ᠠᠶᠢᠮᠠᠭ ᠤᠨ ᠵᠤᠬᠢᠶᠠᠯᠴᠢᠳ ᠤᠨ ᠨᠡᠶᠢᠭᠡᠮᠯᠢᠭ ᠤᠨ ᠬᠡᠰᠢᠬᠦᠨ᠂ ᠰᠦᠨᠢᠳ ᠵᠡᠬᠦᠨ ᠬᠤᠰᠢᠭᠤᠨ ᠤ ᠵᠤᠬᠢᠶᠠᠯᠴᠢᠳ ᠤᠨ ᠨᠡᠶᠢᠭᠡᠮᠯᠢᠭ  ᠤᠨ ᠬᠡᠰᠢᠬᠦᠨ᠃ ᠡᠳᠦᠭᠡ ᠰᠦᠨᠢᠳ ᠵᠡᠬᠦᠨ ᠬᠤᠰᠢᠭᠤᠨ ᠤ ᠪᠠᠶᠠᠡᠨᠠᠭᠤᠷ ᠪᠠᠯᠭᠠᠰᠤᠨ ᠤ ᠳᠠᠪᠰᠢᠯᠳᠤ ᠭᠠᠴᠠᠭᠠᠨ ᠳᠤ ᠠᠵᠢᠯᠯᠠᠵᠦ ᠠᠮᠢᠳᠤᠷᠠᠵᠦ ᠪᠤᠢ᠃ ᠡᠭᠡ ᠤᠷᠤᠨ ᠤ ᠮᠢᠨᠢ ᠬᠠᠶᠢᠷᠠᠯᠠᠭᠰᠠᠨ ᠡᠷᠭᠡ ᠴᠢᠯᠦᠭᠡ ᠭᠤᠶᠤ ᠁ — ᠰᠢᠵᠢᠷᠴᠡᠴᠡᠭ ᠵᠤᠬᠢᠶᠠᠪᠠ ᠰᠤᠯᠤᠩᠭ᠎ᠠ ᠳᠠᠳᠠᠬᠤ ᠠᠭᠱᠠᠨ ᠳᠤ  ᠡᠷᠬᠡ ᠴᠢᠯᠦᠭᠡ  ᠬᠤᠷ᠎ᠠ ᠶᠢᠨ ᠳᠤᠰᠤᠯ ᠰᠢᠭ᠋ ᠪᠤᠯᠤᠷᠳᠠᠨ᠎ᠠ ᠰᠤᠮᠤᠨ ᠬᠤᠷᠳᠤᠨ ᠬᠦᠯᠦᠭ ᠤᠳ ᠪᠠᠷᠢᠭᠠᠨ ᠤ ᠭᠠᠵᠠᠷ ᠢᠶᠠᠨ ᠢᠷᠡᠬᠦ ᠳᠤ ᠡᠷᠭᠡ ᠴᠢᠯᠦᠭᠡ ᠰᠤᠪᠤᠳᠤᠨ ᠬᠦᠯᠦᠰᠤᠨ ᠳᠤᠨᠢ ᠬᠢᠯᠳᠤᠭᠠᠨᠠᠨ᠎ᠠ ᠰᠢᠬᠦᠳᠡᠷᠢ ᠶᠢᠨ ᠮᠦᠬᠦᠯᠢᠭ ᠨᠠᠪᠴᠢᠨ ᠳᠡᠭᠡᠷ᠎ᠡ ᠳᠤᠭᠳᠠᠨ ᠪᠦᠡᠭᠵᠢᠭᠡᠨᠡᠬᠦ ᠳᠤ ᠡᠷᠭᠡ ᠴᠢᠯᠦᠭᠡ ᠡᠷᠳᠡᠨᠢ ᠶᠢᠨ ᠦᠷᠠᠯ ᠰᠢᠭ ᠮᠤᠯᠤᠷᠳᠠᠨ᠎ᠠ ᠰᠦᠨᠢ ᠶᠢᠨ ᠰᠠᠷᠠᠨ ᠳᠤ ᠳᠤᠷᠠᠯᠠᠯ ᠠᠰᠠᠬᠤ ᠳᠤ ᠡᠷᠬᠡ ᠴᠢᠯᠦᠭᠡ ᠡᠵᠡᠨ ᠬᠦᠮᠦᠨ ᠰᠢᠭ ᠳᠤᠨᠢᠷᠬᠠᠨ᠎ᠠ ᠡᠭᠡᠮᠦᠭ ᠵᠡᠬᠦᠯᠳᠡ ᠪᠠᠷ ᠢᠶᠠᠨ ᠭᠤᠶᠤᠨ ᠬᠠᠨᠢ ᠪᠠᠨ ᠬᠦᠯᠢᠶᠡᠬᠦ ᠳᠤ ᠡᠷᠬᠡ ᠴᠢᠯᠦᠭᠡ ᠬᠠᠶᠢᠷ᠎ᠠ ᠪᠤᠯᠵᠦ ᠳᠤᠷᠮᠤᠶᠢᠨ᠎ᠠ ᠡᠩᠭᠡᠷ ᠤᠨ ᠳᠤᠪᠴᠢ ᠪᠠᠨ ᠠᠯᠳᠠᠷᠠᠭᠠᠨ ᠦᠷ᠎ᠠ ᠪᠠᠨ ᠬᠦᠬᠦᠬᠦᠯᠬᠦ ᠳᠤ ᠡᠷᠭᠡ ᠴᠢᠯᠦᠭᠡ ᠰᠦ ᠪᠤᠯᠵᠦ ᠠᠰᠬᠠᠷᠠᠨ᠎ᠠ ᠡᠬᠦᠯᠡ ᠨᠠᠷᠠᠨ ᠤ ᠴᠢᠯᠦᠭᠡᠨ ᠳᠤ ᠰᠢᠪᠠᠭᠤᠳ ᠳᠡᠬᠦᠯᠢᠬᠦ ᠳᠤ ᠡᠷᠭᠡ ᠴᠢᠯᠦᠭᠡ ᠠᠭᠠᠷ ᠨᠢ ᠪᠤᠯᠵᠦ ᠳᠠᠯᠠᠪᠴᠢᠯᠠᠳᠠᠭ ᠦᠦᠷ ᠰᠦᠨᠢ ᠶᠢᠨ ᠬᠤᠭᠤᠷᠤᠨᠳᠤ ᠨᠤᠭᠤᠭ᠎ᠠ ᠤᠷᠭᠤᠬᠤ ᠳᠤ ᠡᠷᠭᠡ ᠴᠢᠯᠦᠭᠡ ᠠᠮᠢᠰᠬᠤᠭ᠎ᠠ ᠨᠢ ᠪᠤᠯᠵᠦ ᠰᠡᠷᠡᠯᠵᠡᠳᠡᠭ ᠰᠤᠷᠮᠤᠤᠰᠤᠨ ᠳᠠᠭᠠᠨ ᠨᠢᠭᠤᠳᠠᠭ ᠨᠢᠯᠪᠤᠰᠤ ᠮᠢᠨᠢ ᠰᠤᠪᠤᠳᠷᠠᠨ ᠠᠰᠬᠠᠷᠠᠬᠤ ᠨᠢ ᠡᠷᠭᠡ ᠴᠢᠯᠦᠭᠡᠨ ᠤ ᠦᠵᠡᠰᠬᠦᠯᠠᠩ ᠰᠤᠩᠭᠤᠭᠰᠠᠨ ᠨᠤᠳᠤᠭ ᠮᠢᠨᠢ ᠰᠤᠨᠤᠰᠬᠤᠯᠠᠩ ᠬᠠᠶᠢᠯᠠᠬᠤ ᠨᠢ ᠡᠷᠭᠡ ᠴᠢᠯᠦᠭᠡᠨ ᠤ ᠡᠭᠡᠰᠢᠭᠯᠡᠩ ᠮᠤᠳᠤᠨ ᠤ ᠨᠠᠪᠴᠢᠰ ᠨᠢᠯᠪᠤᠰᠤ ᠪᠤᠯᠵᠦ ᠤᠨᠠᠬᠤ ᠨᠢ ᠡᠷᠭᠡ ᠴᠢᠯᠦᠭᠡ ᠬᠠᠨᠢᠰᠠᠭ ᠪᠠᠶᠢᠬᠤ ᠶᠢᠨ ᠡᠮᠵᠡᠭ ᠮᠤᠨᠤᠰᠤᠨ ᠤ ᠮᠦᠴᠢᠷ  ᠮᠤᠶᠢᠯ ᠵᠢᠮᠢᠰ ᠢᠶᠠᠨ ᠤᠨᠠᠭᠠᠬᠤ ᠨᠢ ᠡᠷᠭᠡ ᠴᠢᠯᠦᠭᠡ ᠳᠠᠩᠰᠤᠭ ᠪᠠᠶᠢᠬᠤ ᠶᠢᠨ ᠳᠡᠮᠳᠡᠭ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号