ᠭᠤᠷᠪᠠᠨ ᠠᠯᠳᠠ ᠶᠢᠨ ᠬᠤᠰᠤᠨ ᠤᠷᠭ᠎ᠠ
ᠨᠡᠶᠢᠲᠡᠯᠡᠭᠰᠡᠨ ᠴᠠᠭ᠄
2020/7/8
ᠭᠤᠷᠪᠠᠨ ᠠᠯᠳᠠ ᠶᠢᠨ ᠬᠤᠰᠤᠨ ᠤᠷᠭ᠎ᠠ          — ᠰᠡᠷᠡᠩᠸᠠᠶᠢᠵᠠᠪ ᠵᠤᠬᠢᠶᠠᠪᠠ     ᠠᠷᠤ ᠶᠢᠨ ᠴᠠᠰᠤ ᠬᠠᠶᠢᠯᠵᠦ ᠠᠬᠢ ᠨᠢᠳᠦᠯᠡᠭᠰᠡᠨ ᠳᠤᠩᠭᠠᠯᠠᠭ ᠰᠠᠶᠢᠬᠠᠨ ᠦᠷᠯᠦᠭᠡ ᠪᠢᠯᠡ᠃ ᠠᠯᠠᠭ ᠪᠤᠯᠠᠭ ᠎ ᠲᠠᠢ ᠠᠳᠤᠭᠤᠨ ᠰᠦᠷᠦᠭ ᠤᠨ ᠪᠠᠷᠠᠭᠤᠨ ᠬᠤᠶᠢᠳᠤ ᠵᠠᠬ᠎ᠠ ᠠᠴᠠ ᠬᠠᠷ᠎ᠠ᠂ ᠴᠠᠭᠠᠨ ᠬᠤᠶᠠᠷ ᠮᠤᠷᠢ ᠲᠠᠢ ᠬᠦᠮᠦᠨ ᠱᠤᠭᠰᠢᠭᠤᠯᠤᠨ ᠢᠷᠠᠵᠦ ᠳᠠᠷᠬᠠᠭᠰᠠᠨ ᠠᠳᠤᠭᠤᠨ ᠰᠦᠷᠦᠭ ᠢ ᠳᠠᠯ᠎ᠠ ᠠᠴᠠ ᠨᠢ ᠬᠤᠷᠢᠶᠠᠵᠦ ᠪᠢᠴᠢᠬᠠᠨ ᠳᠤᠪᠤ ᠶᠢᠨ ᠡᠩᠭᠡᠷ ᠲᠤ ᠪᠦᠭᠡᠮᠨᠡᠷᠡᠬᠦᠯᠪᠠ᠃    ᠴᠠᠭᠠᠨ ᠮᠤᠷᠢ ᠲᠠᠢ ᠬᠦᠮᠦᠨ ᠨᠢ ᠤᠶᠢᠵᠦ ᠡᠶᠢᠯᠦᠭᠰᠡᠨ ᠪᠤᠷᠤᠯᠠᠭ ᠮᠤᠷᠢ ᠶᠢ ᠠᠮᠠᠭᠠᠶᠢᠳᠠᠨ ᠡᠷᠬᠢᠬᠦᠯᠵᠦ ᠠᠳᠤᠭᠤᠨ ᠳᠤᠮᠳᠠ ᠤᠷᠤᠭᠤᠯᠳᠠᠯ᠎ᠠ ᠨᠦᠬᠦᠭᠡ ᠨᠢ ᠤᠷᠭ᠎ᠠ ᠰᠤᠩᠭᠠᠨ ᠬᠤᠷᠤᠶᠢᠯᠳᠤᠵᠦ ᠴᠡᠭᠡᠵᠢ ᠪᠠᠨ ᠳᠦᠷᠢᠰᠬᠢᠪᠠ᠃ ᠬᠠᠷ᠎ᠠ ᠮᠤᠷᠢ ᠬᠠᠵᠠᠭᠠᠷ ᠵᠤᠤᠵᠠᠢ ᠬᠠᠨᠭ᠍ᠬᠢᠨᠠᠭᠤᠯᠤᠨ ᠳᠤᠪᠳᠤᠯᠵᠦ᠂ ᠳᠠᠪᠢᠷᠠᠪᠠᠯ ᠳᠠᠪᠬᠢᠭᠠᠳ᠂ ᠳᠠᠳᠠᠪᠠᠯ ᠰᠠᠭᠤᠭᠠᠳ᠂ ᠬᠡᠯᠪᠡᠶᠢᠪᠠᠯ ᠬᠡᠪᠡᠶᠢᠭᠡᠳ᠂ ᠭᠡᠳᠡᠶᠢᠪᠠᠯ ᠭᠡᠯᠳᠦᠷᠢᠭᠡᠳ ᠪᠤᠷᠤᠯᠠᠭ ᠤᠨ ᠬᠤᠶᠢᠨ᠎ᠠ ᠠᠴᠠ ᠰᠡᠬᠦᠳᠡᠷ ᠰᠢᠭ ᠨᠠᠭᠠᠯᠳᠤᠭᠠᠳ ᠤᠴᠢᠯ᠎ᠠ᠃ ᠦᠨᠦ ᠵᠠᠯᠠᠭᠤ ᠴᠦ ᠤᠨᠤᠭᠰᠠᠨ ᠮᠤᠷᠢᠨ ᠤ ᠪᠠᠨ ᠵᠢᠯᠤᠭᠤ ᠴᠤᠯᠪᠤᠭᠤᠷ ᠢ ᠡᠮᠤᠨ᠎ᠠ ᠪᠦᠬᠦᠷᠭᠡ ᠳᠡᠭᠡᠨ ᠡᠯᠬᠦᠵᠦ᠂ ᠤᠷᠭ᠎ᠠ ᠪᠠᠨ ᠬᠤᠷᠤᠶᠢᠯᠳᠤᠭᠰᠠᠭᠠᠷ ᠡᠯᠬᠦᠭᠡᠳ ᠠᠪᠤᠯ᠎ᠠ᠃ ᠬᠠᠷ᠎ᠠ ᠴᠡᠭᠡᠵᠢ ᠪᠠᠷ ᠢᠶᠠᠨ ᠤᠷᠭᠠᠯᠠᠭᠤᠯᠤᠭᠰᠠᠨ ᠬᠠᠨᠭ᠍ᠬᠠᠯ ᠪᠤᠷᠤᠯᠠᠭ ᠬᠠᠷᠠᠶᠢᠨ ᠳᠡᠮᠡᠦᠯᠠᠵᠦ᠂ ᠪᠤᠳᠠᠨ ᠠᠴᠠ ᠪᠤᠳᠠᠩ ᠳᠡᠭᠳᠡᠳᠡᠯ᠎ᠡ᠂ ᠬᠠᠳᠠᠨ ᠠᠴᠠ ᠬᠠᠶᠢᠷ ᠨᠢᠰᠳᠡᠯ᠎ᠡ ᠳᠤᠶᠢᠯᠠᠪᠠ᠃ ᠳᠤᠯᠢ ᠪᠤᠯᠳᠠᠯ᠎ᠠ ᠵᠦᠯᠬᠦᠵᠦ ᠳᠤᠰᠤ ᠨᠡᠪᠳᠡᠷᠡᠳᠡᠯ᠎ᠡ ᠦᠡᠭᠭᠡᠯᠡᠭᠰᠡᠨ ᠭᠤᠸ᠎ᠠ ᠨᠠᠷᠢᠨ ᠤᠷᠭ᠎ᠠ ᠨᠢ ᠭᠤᠷᠪᠠ ᠳᠦᠷᠪᠠ ᠮᠤᠯᠬᠢᠯᠵᠠᠨ ᠨᠠᠬᠢᠯᠵᠠᠵᠦ᠂ ᠳᠤᠭᠰᠢᠨ ᠪᠤᠷᠤᠯᠠᠭ ᠤᠨ ᠳᠤᠯᠤᠭᠠᠢ ᠠᠴᠠ ᠳᠤᠭᠤᠷᠠᠢ ᠳᠤᠨᠢ ᠬᠦᠷᠳᠡᠯ᠎ᠡ ᠭᠤᠶᠢᠪᠢᠭᠠᠨᠠᠭᠠᠳ ᠬᠤᠭᠤᠷᠠᠮ᠎ᠠ ᠬᠤᠭᠤᠷᠠᠮ᠎ᠠ ᠰᠢᠬᠠᠵᠦ ᠪᠠᠶᠢᠨ᠎ᠠ᠃ ᠦᠨᠦ ᠵᠠᠯᠠᠭᠤ ᠤᠯᠠᠯᠠᠨ ᠰᠠᠭᠤᠯᠭᠠᠵᠦ ᠤᠭᠴᠠᠷᠠᠨ ᠳᠠᠳᠠᠵᠦ ᠦᠵᠡᠯ᠎ᠠ᠃ ᠤᠷᠤᠭᠰᠢ ᠳᠦᠷᠢᠨ ᠳᠠᠪᠰᠢᠭᠤᠯᠵᠦ ᠮᠤᠯᠳᠤᠯᠬᠤ ᠭᠡᠵᠦ ᠤᠷᠤᠯᠳᠤᠯ᠎ᠠ᠃ ᠶᠠᠷᠤ ᠨᠢ ᠪᠤᠯᠳᠠᠭ ᠵᠠᠩ ᠦᠭᠡᠢ᠃ ︽ᠪᠤᠷᠤᠯᠠᠭ ᠤᠨ ᠳᠤᠯᠤᠭᠠᠢ ᠠᠴᠠ ᠪᠦᠳᠦᠨ ᠤᠷᠭ᠎ᠠ ᠠᠪᠬᠤ ᠦᠭᠡᠢ ᠶᠤᠮ ᠪᠠᠶᠢᠨ᠎ᠠ︾ ᠭᠡᠵᠦ ᠪᠤᠳᠤᠮᠠᠭᠴᠠ ᠵᠠᠩᠭ᠎ᠠ ᠶᠢᠨ ᠴᠡᠭᠡᠵᠢᠨ ᠳᠤ ᠵᠠᠩᠭᠤᠤ ᠤᠷᠤᠭᠰᠠᠨ ᠰᠢᠭ᠋ ᠪᠤᠯᠪᠠ᠃      ᠴᠠᠭᠠᠨ ᠮᠤᠷᠢ ᠲᠠᠢ ᠬᠦᠮᠦᠨ ᠴᠦ ᠴᠢᠳᠠᠯ ᠮᠡᠳᠡᠨ ᠳᠠᠪᠬᠢᠵᠦ ᠰᠠᠨᠳᠤᠷᠬᠤ ᠳᠠᠭᠠᠨ᠄ ︽ᠵᠠᠩᠭ᠎ᠠ ᠡ᠂ ᠴᠢᠬᠢᠨ ᠤ ᠬᠢᠨᠢ ᠠᠷᠤ ᠪᠠᠷ ᠳᠠᠳᠠᠵᠦ ᠮᠤᠰᠬᠢ︕ ᠴᠢᠩᠬᠢᠪᠠᠯ ᠬᠠᠮᠢᠭ᠎ᠠ ᠳᠤᠳᠠᠭᠠᠬᠤ ᠶᠤᠮ ᠪᠤᠢ︖︾ ᠭᠡᠵᠦ ᠬᠦᠴᠦᠨ ᠨᠡᠮᠡᠵᠦ ᠬᠠᠰᠬᠢᠷᠴᠦ ᠪᠠᠶᠢᠯ᠎ᠠ᠃     ᠪᠤᠷᠤᠯᠠᠭ ᠮᠤᠷᠢ ᠴᠦ ᠪᠤᠭᠵᠤᠷ ᠪᠤᠭᠵᠤᠷ ᠳᠠᠪᠬᠢᠬᠤ ᠪᠤᠯᠤᠯ᠎ᠠ᠃ ᠰᠠᠯᠪᠠᠷᠠᠭᠰᠠᠨ ᠤᠷᠭᠠᠨ ᠤ ᠦᠵᠦᠬᠦᠷ ᠴᠦ ᠰᠠᠨᠵᠢᠩ ᠰᠠᠨᠵᠢᠩ ᠬᠦᠳᠡᠯᠵᠦ ᠪᠠᠶᠢᠯ᠎ᠠ᠃ ᠴᠠᠭᠠᠨ ᠮᠤᠷᠢ ᠲᠠᠢ ᠬᠦᠮᠦᠨ ᠴᠦ ᠰᠠᠨᠠᠨ ᠰᠠᠨᠠᠨ ᠭᠤᠶᠠᠳᠠᠭᠰᠠᠭᠠᠷ ᠨᠡᠭᠡᠨ ᠢᠷᠠᠵᠦ᠂ ᠪᠤᠷᠭᠠᠰᠤᠨ ᠤᠷᠭ᠎ᠠ ᠪᠠᠷ ᠪᠤᠷᠤᠯᠠᠭ ᠤᠨ ᠴᠢᠬᠢᠯᠵᠡᠬᠦᠷ ᠢᠶᠠᠷ ᠳᠠᠷᠤᠵᠦ ᠳᠠᠳᠠᠯ᠎ᠠ᠃ ᠬᠤᠷᠳᠤᠨ ᠤᠷᠭᠠᠴᠢ ᠬᠠᠷ᠎ᠠ ᠶᠢᠨ ᠨᠡᠭᠡᠯᠭᠡ᠂ ᠬᠤᠰᠤ ᠤᠷᠭᠠᠨ ᠤ ᠳᠠᠳᠠᠯᠳᠠ ᠬᠤᠶᠠᠷ ᠲᠤ ᠨᠤᠮᠤᠬᠠᠷᠠᠵᠦ ᠢᠷᠡᠭᠰᠡᠨ ᠪᠤᠷᠤᠯᠠᠭ ᠠᠷᠭ᠎ᠠ ᠦᠭᠡᠢ ᠠᠷᠤ ᠦᠭᠡᠳᠡ ᠪᠠᠨ ᠡᠷᠬᠢᠭᠡᠳ ᠵᠤᠭᠰᠤᠮᠠᠭᠴᠠ ᠬᠠᠶᠢᠷᠠᠳᠠᠢ ᠤᠷᠭᠠᠨ ᠳᠠᠭᠠᠨ ᠬᠠᠷᠠᠮᠰᠠᠭᠰᠠᠨ ᠵᠠᠩᠭ᠎ᠠ ᠬᠠᠷ᠎ᠠ ᠮᠤᠷᠢᠨ ᠳᠡᠭᠡᠷ᠎ᠡ ᠠᠴᠠ ᠬᠠᠷᠠᠶᠢᠨ ᠪᠠᠭᠤᠭᠠᠳ ᠪᠤᠷᠤᠯᠠᠭ ᠢ ᠬᠠᠵᠠᠭᠠᠷᠯᠠᠨ ᠠᠪᠴᠦ ᠵᠠᠶᠢᠳᠠᠩ ᠮᠤᠷᠳᠠᠪᠠ᠃      ᠤᠨᠠᠭᠠᠨ ᠠᠴᠠ ᠪᠠᠨ ᠠᠪᠤᠭᠠᠳ ᠤᠷᠭᠠᠨ ᠤ ᠬᠤᠶᠢᠪᠢᠨ ᠳᠤ ᠤᠷᠤᠭᠠᠳᠤᠢ ᠬᠠᠨᠭ᠍ᠭᠠᠯ ᠪᠤᠷᠤᠯᠠᠭ ᠳᠠᠯ ᠰᠡᠬᠦᠯ ᠎ ᠢᠶᠠᠨ ᠪᠤᠰᠬᠠᠨ ᠳᠡᠪᠭᠡᠷᠤᠨ ᠬᠠᠷᠠᠶᠢᠯᠠᠪᠠ᠃ ᠵᠠᠩᠭ᠎ᠠ ᠵᠤ ᠨᠢᠷᠤᠭᠤᠨ ᠳᠤᠨᠢ ᠨᠠᠭᠠᠯᠳᠤᠨ ᠭᠡᠢ ᠵᠠᠢ ᠦᠭᠡᠢ ᠰᠠᠭᠤᠭᠠᠳ ᠴᠤᠪᠬᠤᠴᠢᠪᠠᠯ ᠳᠠᠰᠢᠭᠤᠷᠳᠠᠵᠦ᠂ ᠬᠦᠨᠳᠤᠷᠪᠠᠯ ᠤᠭᠵᠠᠷᠠᠭᠠᠳ ᠳᠤᠭᠤᠰᠤ ᠮᠠᠨᠠᠷᠠᠭᠤᠯᠤᠨ ᠤᠳᠪᠠ᠃ ᠬᠠᠨᠭ᠍ᠭᠠᠯ ᠪᠤᠷᠤᠯᠠᠭ ᠠᠩᠬᠠᠨ ᠳᠠᠭᠠᠨ ᠵᠡᠬᠦᠨᠰᠢ ᠪᠠᠨ ᠳᠠᠪᠬᠢᠭᠰᠠᠨ ᠪᠤᠯᠪᠠᠴᠦ ᠬᠠᠳᠠᠨ ᠠᠴᠠ ᠬᠠᠯᠬᠢᠵᠦ᠂ ᠪᠤᠳᠠᠨ ᠠᠴᠠ ᠪᠤᠯᠬᠢᠵᠦ ᠂ ᠵᠦᠪ ᠳᠠᠯ᠎ᠠ ᠶᠢᠨ ᠬᠢᠨᠢ ᠠᠮᠠ ᠶᠢ ᠨᠢ ᠳᠠᠳᠠᠪᠠᠯ ᠪᠤᠷᠤᠭᠤ ᠳᠠᠯ᠎ᠠ ᠦᠭᠡᠳᠡ ᠪᠠᠨ ᠪᠤᠷᠤᠭᠤᠯᠠᠨ᠂ ᠪᠤᠷᠤᠭᠤ ᠳᠠᠯ᠎ᠠ ᠎ ᠶᠢᠨ ᠬᠢᠨᠢ ᠠᠮᠠ ᠶᠢ ᠳᠠᠳᠠᠪᠠᠯ ᠵᠦᠪ ᠳᠠᠯ᠎ᠠ ᠦᠭᠡᠳᠡ ᠪᠠᠨ ᠵᠦᠷᠢᠬᠦᠯᠠᠨ ᠳᠤᠩᠭᠤᠷᠴᠤᠭᠯᠠᠨ ᠶᠠᠪᠤᠭᠰᠠᠭᠠᠷ ᠤᠳᠤᠷ ᠤᠨ ᠦᠷᠦᠭᠡ ᠶᠢ ᠵᠦᠪ ᠨᠢᠭᠡ ᠡᠷᠬᠢᠵᠦ ᠪᠠᠷᠠᠭᠤᠨ ᠠᠭᠤᠯᠠ ᠶᠢ ᠦᠭᠰᠦᠭᠡᠳ ᠰᠠᠶ᠋ᠢ ᠪᠠᠭ᠋ᠠᠨ ᠨᠤᠮᠤᠬᠠᠷᠠᠵᠦ ᠢᠷᠠᠯ᠎ᠠ᠃     ᠬᠡᠯᠡᠪᠠᠯ ᠬᠢᠳᠡᠭ᠂ ᠬᠢᠪᠠᠯ ᠪᠦᠳᠦᠭᠡᠳᠡᠭ ᠵᠠᠩ ᠲᠠᠢ ᠵᠠᠩᠭ᠎ᠠ᠂ ᠪᠤᠷᠤᠯᠠᠭ ᠢ ᠨᠤᠮᠤᠬᠠᠷᠠᠭᠤᠯᠵᠦ ᠠᠪᠤᠭᠰᠠᠨ ᠳᠠᠭᠠᠨ ᠪᠠᠶᠠᠷᠯᠠᠪᠠᠴᠦ ᠬᠤᠰᠤ ᠤᠷᠭᠠᠨ ᠤ ᠪᠠᠨ ᠦᠵᠦᠬᠦᠷ ᠢ ᠬᠤᠭᠤᠯᠤᠭᠰᠠᠨ ᠢᠶᠠᠨ ᠪᠤᠳᠤᠭᠠᠳ ᠭᠡᠮᠰᠢᠪᠠ᠃ ᠡᠨᠡ ᠪᠤᠯ ᠠᠳᠤᠭᠤᠨ ᠳᠠᠷᠤᠭ᠎ᠠ ᠰᠠᠩᠭ᠎ᠠ ᠶᠢᠨ ︽ᠠᠮᠢ ᠭᠤᠤᠯ︾ ᠭᠡᠵᠦ ᠬᠠᠶᠢᠷᠠᠯᠠᠳᠠᠭ ᠤᠷᠭ᠎ᠠ ᠶᠤᠮ ᠪᠠᠶᠢᠨ᠎ᠠ᠃ ᠰᠠᠩᠭ᠎ᠠ ᠵᠠᠩᠭ᠎ᠠ ᠬᠤᠶᠠᠷ ᠰᠠᠷᠠᠭᠤᠯᠳᠤᠶᠠᠭ᠎ᠠ ᠬᠤᠷᠰᠢᠶᠠᠨ ᠤ ᠠᠳᠤᠭᠤ ᠶᠢ ᠠᠬᠢᠳᠤ ᠪᠡᠯᠴᠢᠭᠡᠷ ᠳᠠᠭᠠᠭᠤᠯᠵᠦ ᠠᠳᠡ ᠬᠠᠪᠤᠷᠵᠢᠶ᠎ᠠ ᠎ ᠪᠠᠷ ᠢᠷᠡᠭᠰᠡᠨ ᠠᠴᠠ ᠨᠠᠰᠢ ᠰᠠᠩᠭ᠎ᠠ ᠳᠠᠷᠤᠭ᠎ᠠ ᠰᠦᠨᠢ ᠮᠠᠨᠠᠵᠦ᠂ ᠵᠠᠩᠭ᠎ᠠ ᠵᠠᠯᠠᠭᠤ ᠡᠳᠦᠷ ᠬᠠᠷᠢᠭᠤᠯᠵᠦ ᠪᠠᠶᠢᠵᠠᠢ᠃ ᠵᠠᠩᠭ᠎ᠠ ᠶᠢᠨ ᠬᠤᠪᠢ ᠳᠤ ᠬᠡᠯᠡᠪᠠᠯ ᠡᠨᠡᠬᠦ ᠠᠵᠢᠯ ᠤᠨ ᠵᠢᠷᠤᠮ ᠪᠠ ᠠᠬᠠᠮᠠᠳ ᠳᠠᠷᠤᠭ᠎ᠠ ᠰᠠᠩᠭ᠎ᠠ ᠶᠢᠨ ᠦᠭᠡᠨ ᠠᠴᠠ ᠵᠦᠷᠢᠴᠡᠭᠰᠡᠨ ᠵᠦᠢᠯ ᠦᠭᠡᠢ ᠪᠠᠶᠢᠨ᠎ᠠ᠃ ᠦᠨᠦ ᠦᠷᠯᠦᠭᠡ ᠰᠠᠩᠭ᠎ᠠ ᠶᠢ ᠮᠠᠨᠠᠭᠠᠨ ᠠᠴᠠ ᠬᠠᠷᠢᠵᠦ ᠤᠨᠳᠠᠮᠠᠭᠴᠠ᠂ ᠰᠠᠷᠠᠭᠤᠯᠳᠤᠶᠠᠭ᠎ᠠ ᠬᠤᠷᠰᠢᠶᠠᠨ ᠤ ᠡᠷᠬᠢᠯᠡᠭᠴᠢ ᠨᠢ ︽ᠪᠤᠷᠤᠯᠠᠭ ᠢ ᠳᠦᠷᠭᠡᠨ ᠠᠪᠤᠭᠠᠳ ᠢᠷ᠎ᠠ︕︾ ᠭᠡᠵᠦ ᠡᠨᠡᠬᠦ ᠴᠠᠭᠠᠨ ᠮᠤᠷᠢ ᠲᠠᠢ ᠬᠦᠮᠦᠨ ᠢ ᠢᠯᠡᠭᠡᠵᠠᠢ᠃ ᠳᠡᠭᠡᠬᠦᠯᠡᠷ ᠵᠠᠩᠭ᠎ᠠ ︽ᠬᠤᠷᠳᠤᠨ ᠮᠤᠷᠢ ᠲᠠᠢ ᠬᠤᠰᠤ ᠤᠷᠭ᠎ᠠ ᠲᠠᠢ ᠪᠤᠯ ᠪᠤᠷᠤᠯᠠᠭ ᠢ ᠪᠠᠶᠢᠳᠤᠭᠠᠢ ᠪᠤᠭᠤ ᠶᠢ ᠪᠠᠷᠢᠯᠬᠦᠢ ᠶᠠᠭᠠᠬᠢᠬᠤ ᠪᠤᠢ︾ ᠭᠡᠵᠦ ᠪᠤᠳᠤᠭᠠᠳ ᠦᠪᠡᠷ ᠤᠨ ᠢᠶᠠᠨ ᠤᠷᠭ᠎ᠠ ᠎ ᠶᠢ ᠳᠡᠬᠦᠨ ᠳᠤ ᠦᠭᠴᠦ᠂ ᠰᠠᠩᠭ᠎ᠠ ᠶᠢᠨ ᠬᠤᠰᠤ ᠤᠷᠭ᠎ᠠ ᠶᠢ ᠪᠠᠷᠢᠭᠠᠳ ᠬᠤᠷᠳᠤᠨ ᠬᠠᠷ᠎ᠠ ᠶᠢ ᠨᠢ ᠤᠨᠤᠵᠦ ᠢᠷᠡᠭᠰᠡᠨ ᠨᠢ ᠡᠨᠡ ᠪᠠᠶᠢᠵᠠᠢ᠃ ᠤᠳᠤ ᠭᠡᠨᠡᠳᠳᠡ ᠪᠤᠳᠤᠪᠠᠯ ᠳᠤᠷ᠎ᠠ ᠵᠤᠷᠢᠭ ᠢᠶᠠᠷ ᠢᠶᠠᠨ ᠦᠢᠯᠡᠳᠦᠭᠰᠡᠨ ᠪᠦᠳᠦᠯ ᠦᠭᠡᠢ ᠡᠨᠡ ᠬᠡᠷᠡᠭ ᠤᠨ ᠬᠤᠶᠢᠨ᠎ᠠ ᠠᠴᠠ ᠭᠡᠮᠰᠢᠨ᠎ᠠ᠃      ᠡᠨᠡ ᠦᠶ᠎ᠠ ᠳᠤ ᠠᠳᠤᠭᠤ ᠪᠠᠨ ᠤᠳᠤᠷ ᠤᠨ ᠦᠷᠦᠭᠡᠨ ᠤ ᠬᠠᠵᠠᠭᠤ ᠳᠠᠬᠢ ᠠᠳᠤᠭᠤᠨ ᠭᠤᠤ ᠳᠤ ᠬᠠᠰᠢᠭᠰᠠᠨ ᠪᠦᠭᠡᠳ ᠠᠳᠤᠭᠤ ᠳᠡᠯᠯᠡᠬᠦ ᠳᠤ ᠬᠠᠮᠵᠢᠭᠤᠯᠬᠤ ᠪᠠᠷ ᠢᠷᠡᠭᠰᠡᠨ ᠬᠤᠷᠰᠢᠶᠠᠨ ᠤ ᠬᠢᠨ ᠠᠵᠢᠯ ᠢᠶᠠᠨ ᠡᠬᠢᠯᠡᠭᠡᠳ ᠬᠦᠯ ᠪᠤᠯᠵᠦ ᠪᠠᠶᠢᠪᠠ᠃ ᠰᠦᠷᠦᠭ ᠲᠡᠭᠡᠨ ᠬᠤᠷᠭᠤᠳᠠᠭᠰᠠᠨ ᠡᠮᠨᠢᠭ ᠪᠤᠷᠤᠯᠠᠭ ᠲᠤ ᠡᠪ ᠵᠠᠷᠤᠪᠠᠴᠦ ᠡᠷ᠎ᠡ ᠵᠠᠷᠤᠪᠠᠴᠦ ᠵᠠᠩᠭ᠎ᠠ ᠶᠢᠨ ᠶᠠᠪᠤᠬᠤ ᠭᠡᠰᠡᠨ ᠵᠦᠭ ᠲᠤ ᠨᠢᠭᠡ ᠴᠦ ᠠᠯᠬᠤᠬᠤ ᠦᠭᠡᠢ ᠮᠦᠷᠳᠡᠭᠡᠨ ᠤᠳᠤᠷ ᠤᠨ ᠦᠷᠦᠭᠡᠨ ᠤ ᠵᠦᠭ ᠰᠢᠭᠤᠳ ᠳᠠᠪᠬᠢᠯ᠎ᠠ᠃      ᠵᠠᠩᠭ᠎ᠠ ᠶᠢ ᠮᠤᠷᠳᠠᠬᠤ ᠳᠤ ᠳᠤᠭ ᠨᠤᠶᠢᠷ ᠲᠠᠭᠠᠨ ᠪᠠᠶᠢᠭᠰᠠᠨ ᠰᠠᠩᠭ᠎ᠠ ᠤᠯᠤᠰ ᠤᠨ ᠡᠮᠤᠨ᠎ᠠ ᠵᠤᠭᠰᠤᠵᠦ ᠳᠡᠬᠦᠨ ᠤ ᠵᠦᠭ ᠭᠠᠷ ᠢᠶᠠᠨ ᠬᠤᠷᠥᠶᠢᠯᠠᠨ ᠬᠠᠰᠬᠢᠷᠬᠤ ᠶᠢ ᠦᠵᠡᠭᠡᠳ ᠵᠠᠩᠭ᠎ᠠ ᠤᠯᠠᠮ ᠵᠤᠪᠠᠯ᠎ᠠ᠃ ᠰᠠᠩᠭ᠎ᠠ ᠪᠤᠯ ᠰᠠᠨᠠᠭᠠᠨ ᠳᠠᠭᠠᠨ ᠵᠤᠬᠢᠰ ᠦᠭᠡᠢ ᠵᠦᠢᠯ ᠢ ᠳᠤᠤᠷ᠎ᠠ ᠨᠢ ᠬᠡᠯᠡᠵᠦ ᠭᠠᠷᠭᠠᠳᠠᠭ ᠪᠦᠭᠡᠳ ᠬᠡᠯᠡᠯᠴᠡᠭᠰᠡᠭᠡᠷ ᠪᠠᠶᠢᠵᠦ ᠬᠡᠷᠡᠬᠦᠯ ᠪᠤᠯᠳᠠᠭ ᠳᠦᠷᠭᠡᠨ ᠠᠭᠤᠷ ᠲᠠᠢ ᠬᠦᠮᠦᠨ ᠪᠢᠯᠡ᠃ ᠵᠠᠷᠢᠮ ᠨᠢ ︽ᠦᠨᠳᠡᠭᠡᠨ ᠳᠤᠭᠤᠭᠠᠨ ᠳᠤ ᠪᠤᠴᠠᠯᠭᠠᠭᠰᠠᠨ ᠰᠦᠨ︾ ᠭᠡᠵᠦ ᠰᠠᠩᠭ᠎ᠠ ᠶᠢ ᠱᠤᠭᠯᠠᠳᠠᠭ ᠪᠠᠶᠢᠵᠠᠢ᠃ ᠭᠡᠪᠡᠴᠦ ᠠᠭᠤᠷ ᠨᠢ ᠦᠡᠭᠭᠡᠷᠡᠪᠡᠯ ᠳᠤᠭᠤᠯᠭ᠎ᠠ ᠰᠢᠭ᠋ ᠵᠦᠭᠡᠯᠡᠨ ᠪᠦᠭᠡᠳ ᠴᠠᠭᠠᠬᠠᠨ ᠵᠠᠩ ᠲᠠᠢ ᠬᠦᠮᠦᠨ ᠭᠡᠳᠡᠭ ᠢ ᠡᠨᠡᠬᠦ ᠭᠤᠷᠪᠠᠨ ᠰᠠᠷ᠎ᠠ ᠶᠢᠨ ᠬᠠᠮᠳᠤ ᠠᠮᠢᠳᠤᠷᠠᠯ ᠠᠴᠠ ᠬᠦᠢᠴᠡᠳ ᠮᠡᠳᠡᠵᠠᠢ᠃ ᠳᠡᠭᠡᠭᠡᠳ ᠡᠪᠦᠭᠡᠨ ᠰᠠᠩᠭ᠎ᠠ ᠶᠢ ᠦᠪᠡᠷ ᠤᠨ ᠠᠬ᠎ᠠ ᠰᠢᠭ ᠢᠶᠠᠨ ᠬᠦᠨᠳᠦᠳᠭᠡᠨ ᠬᠠᠷᠠᠭᠠᠯᠵᠠᠬᠤ ᠪᠦᠭᠡᠳ ᠡᠨᠡᠬᠦ ᠵᠠᠩ ᠢ ᠨᠢ ᠢᠳᠬᠠᠨ ᠬᠡᠯᠡᠭᠰᠡᠭᠡᠷ ᠪᠠᠶᠢᠵᠦ ᠨᠠᠯᠢᠶᠠᠳ ᠳᠠᠷᠤᠵᠦ ᠠᠪᠴᠠᠢ᠃ ᠳᠡᠶᠢᠮᠤ ᠠᠴᠠ ︽ᠵᠠᠩᠭ᠎ᠠ ᠪᠤᠯ ᠠᠷᠪᠠᠨ ᠳᠠᠪᠤᠨ ᠤ ᠰᠠᠷᠠ ᠰᠢᠭ᠋ ᠳᠤᠩᠭᠠᠯᠠᠭ᠂ ᠠᠷᠴᠢᠭᠰᠠᠨ ᠳᠤᠯᠢ ᠰᠢᠭ᠋ ᠴᠡᠪᠡᠷ ᠬᠦᠦ︾ ᠭᠡᠵᠦ ᠰᠠᠩᠭ᠎ᠠ ᠪᠠᠭ᠋ᠠᠷᠤᠨ ᠶᠠᠷᠢᠵᠦ᠂ ᠳᠡᠬᠦᠨ ᠤ ᠦᠭᠡ ᠶᠢ ᠰᠠᠶᠢᠨ ᠬᠦᠯᠢᠶᠡᠳᠡᠭ ᠪᠤᠯᠪᠠ᠃ ᠭᠡᠳᠡᠯ᠎ᠡ ᠡᠨᠡᠬᠦ ᠳᠤᠳᠠᠭᠳᠠᠯ ᠨᠢ ᠰᠠᠩᠭ᠎ᠠ ᠵᠠᠩᠭ᠎ᠠ ᠬᠤᠶᠠᠷ ᠤᠨ ᠪᠦᠯᠬᠦᠮᠳᠡᠯ ᠳᠤ ᠮᠠᠭᠤ ᠪᠤᠯᠬᠤ ᠪᠠᠷ ᠪᠠᠷᠠᠬᠤ ᠦᠭᠡᠢ᠂ ᠰᠠᠷᠠᠭᠤᠯᠳᠤᠶᠠᠭ᠎ᠠ ᠬᠤᠷᠰᠢᠶᠠᠨ ᠤ ᠠᠵᠢᠯ ᠳᠤ ᠴᠦ ᠨᠦᠯᠦᠭᠡ ᠪᠤᠯᠤᠨ᠎ᠠ ᠭᠡᠵᠦ ᠪᠤᠳᠤᠭᠰᠠᠨ ᠵᠠᠩᠭ᠎ᠠ ᠶᠢᠨ ᠴᠡᠭᠡᠵᠢᠨ ᠳᠤ ᠬᠠᠳᠠ ᠤᠷᠭᠤᠭᠰᠠᠨ ᠰᠢᠭ᠋ ᠪᠤᠯᠤᠯ᠎ᠠ᠃     ᠰᠠᠶ᠋ᠢ ᠶᠢᠨ ᠴᠠᠭᠠᠨ ᠮᠤᠷᠢ ᠲᠠᠢ ᠬᠦᠮᠦᠨ᠃ ᠵᠠᠩᠭ᠎ᠠ ᠶᠢ ᠳᠤᠰᠴᠦ ᠤᠴᠢᠭᠠᠳ ᠪᠤᠷᠤᠯᠠᠭ ᠮᠤᠷᠢᠨ ᠤ ᠴᠤᠯᠪᠤᠭᠤᠷ ᠢ ᠰᠠᠷᠪᠠᠶᠢᠨ ᠠᠪᠤᠯ᠎ᠠ᠃ ᠰᠠᠩᠭ᠎ᠠ ᠪᠤᠷᠤᠯᠠᠭ ᠤᠨ ᠵᠦᠪ ᠪᠤᠷᠤᠭᠤ ᠳᠠᠯ᠎ᠠ ᠳᠤᠨᠢ ᠭᠠᠷᠴᠦ ᠳᠤᠭᠤᠷᠢᠨ ᠦᠵᠡᠭᠡᠳ᠄    — ᠵᠠᠩᠭ᠎ᠠ ᠮᠢᠨᠢ︕ ᠶᠤᠰᠤᠳᠠᠢ ᠵᠠᠯᠠᠭᠤ ᠬᠦᠮᠦᠨ ᠰᠢᠭ ᠱᠠᠯᠠᠪᠠᠯᠵᠠᠭᠤᠯᠵᠦ ᠪᠠᠶᠢᠨ᠎ᠠ ᠳ᠋ᠠ ᠭᠡᠳ ᠪᠤᠷᠤᠯᠠᠭ ᠤᠨ ᠳᠤᠯᠤᠭᠠᠢ ᠶᠢ ᠨᠢ ᠢᠯᠪᠢᠬᠦ ᠭᠡᠰᠡᠨ ᠳᠤ ᠪᠤᠷᠤᠯᠠᠭ ᠮᠤᠷᠢ ᠬᠠᠮᠠᠷ ᠢᠶᠠᠨ ᠳᠤᠤᠭᠠᠷᠭᠠᠵᠦ ᠴᠤᠪᠬᠤᠴᠠᠳᠠᠯ᠎ᠠ ᠡᠮᠤᠨ᠎ᠠ ᠬᠤᠶᠠᠷ ᠬᠦᠯ ᠨᠢ ᠰᠠᠩᠭ᠎ᠠ ᠶᠢᠨ ᠳᠠᠯᠤ ᠮᠦᠷᠦ ᠠᠴᠠ ᠳᠡᠭᠡᠭᠰᠢ ᠭᠠᠷᠴᠠᠢ᠃ ᠡᠪᠦᠭᠡᠨ ᠭᠤᠸᠠᠢ ᠬᠠᠷ᠎ᠠ ᠪᠠᠭ᠎ᠠ ᠨᠠᠰᠤᠨ ᠎ ᠠᠴᠠ ᠪᠠᠨ ᠠᠳᠤᠭᠤ ᠬᠠᠷᠢᠭᠤᠯᠵᠦ᠂ ᠡᠮᠨᠢᠭ ᠳᠤᠭᠰᠢᠨ ᠲᠠᠢ ᠨᠤᠴᠤᠯᠳᠤᠵᠦ ᠳᠠᠳᠤᠭᠰᠠᠨ ᠬᠠᠰᠢᠷ ᠠᠳᠤᠭᠤᠴᠢᠨ ᠪᠤᠯᠬᠤᠷ ᠠᠷᠠᠢ ᠯᠠ ᠬᠠᠮᠤᠭᠳᠠᠭᠰᠠᠨ ᠦᠭᠡᠢ ᠵᠠᠶᠢᠯᠠᠵᠠᠢ᠃      — ᠰᠠᠩᠭ᠎ᠠ ᠳᠠᠷᠤᠭ᠎ᠠ ᠡ︕ ᠤᠷᠭ᠎ᠠ ᠁ ᠭᠡᠵᠦ ᠬᠡᠯᠡᠭᠰᠡᠨ ᠦᠭᠡ ᠶᠢ ᠨᠢ ᠡᠯᠬᠦᠵᠦ᠄     — ᠬᠠ ᠬᠠ︕ ᠤᠷᠭᠠᠨ ᠳᠤ ᠰᠤᠷᠭᠠᠪᠠᠯ ᠵᠢᠷᠭᠤᠭᠠᠨ ᠬᠦᠵᠦᠬᠦᠦ ᠶᠢ ᠭᠠᠷᠭᠠᠬᠤ ᠦᠭᠡᠢ ᠠᠳᠤᠭᠤ ᠪᠤᠯᠬᠤ ᠶᠤᠮ ᠰᠢᠥ᠂ ᠪᠤᠭᠵᠤᠷᠠᠬᠤ ᠠᠳᠤᠭᠤ ᠪᠢᠰᠢ ᠭᠡᠵᠦ ᠰᠠᠩᠭ᠎ᠠ ᠰᠠᠬᠠᠯ ᠢᠶᠠᠨ ᠵᠠᠰᠠᠪᠠ᠃ ᠠᠳᠤᠭᠤ ᠳᠡᠯᠯᠡᠵᠦ ᠪᠠᠶᠢᠭᠰᠠᠨ ᠵᠠᠯᠠᠭᠤᠴᠤᠳ ᠪᠤᠷᠤᠯᠠᠭ ᠢ ᠴᠢᠬᠢᠳᠠᠨ ᠴᠤᠷᠪᠤᠳᠠᠵᠦ ᠪᠠᠶᠢᠭᠠᠳ ᠴᠠᠭᠠᠨ ᠮᠤᠷᠢᠨ ᠤ ᠰᠡᠬᠦᠯ ᠳᠤᠯᠤᠭᠠᠢ ᠲᠠᠢ ᠬᠤᠯᠪᠤᠮᠠᠭᠴᠠ ᠦᠨᠦ ᠬᠦᠮᠦᠨ ᠮᠤᠷᠳᠠᠭᠠᠳ ᠶᠠᠪᠤᠯ᠎ᠠ᠃ ᠰᠠᠩᠭ᠎ᠠ᠄     — ᠦᠨᠳᠤᠷ ᠮᠤᠨᠳᠠᠭ᠎ᠠ ᠲᠠᠢ᠂ ᠦᠷᠭᠡᠨ ᠳᠠᠰᠢᠶ᠎ᠠ ᠲᠠᠢ᠂ ᠠᠭᠤᠵᠢᠮ ᠠᠮᠢᠰᠬᠤᠭ᠎ᠠ ᠲᠠᠢ᠂ ᠤᠷᠳᠤ ᠪᠡᠶ᠎ᠡ ᠲᠠᠢ ᠪᠤᠷᠤᠯᠠᠭ ᠮᠢᠨᠢ᠃ ︽ᠡᠷ᠎ᠡ ᠮᠤᠷᠢ ᠭᠠᠷᠬᠤ ᠳᠤ ᠡᠳ᠋ᠯᠡᠬᠦ ᠡᠵᠡᠨ ᠨᠢ ᠳᠦᠷᠦᠳᠡᠭ︾ ᠭᠡᠵᠦ ᠨᠠᠰᠤᠳᠠᠨ ᠤ ᠶᠠᠷᠢᠶᠠᠨ ᠳᠤ ᠪᠠᠶᠢᠳᠠᠭ ᠰᠠᠨ᠃ ᠡᠨᠡ ᠪᠤᠷᠤᠯᠠᠭ ᠬᠦᠭᠡᠭᠡ ᠰᠠᠷ᠎ᠠ ᠶᠢᠨ ᠬᠤᠷᠢᠳ ᠤᠨ ᠰᠢᠭᠤᠷᠭᠠᠨ ᠢᠶᠠᠷ ᠳᠦᠷᠦᠭᠰᠡᠨ ᠶᠤᠮ ᠰᠢᠥ᠃ ᠳᠡᠭᠡᠬᠦ ᠳᠤ ᠭᠠᠵᠠᠷ ᠤᠨᠠᠭᠰᠠᠨ ᠦᠭᠡᠢ ᠪᠠᠷ ᠳᠦᠷᠪᠠᠨ ᠬᠦᠯ ᠢᠶᠠᠨ ᠤᠯᠵᠦ ᠬᠢᠰᠬᠢᠭᠡᠳ ᠡᠭᠡ ᠪᠠᠨ ᠳᠠᠭᠠᠵᠦ ᠳᠠᠪᠬᠢᠭᠰᠠᠨ ᠤᠨᠠᠭ᠎ᠠ ᠶᠤᠮ᠂ ᠯᠠᠪ ᠰᠠᠶᠢᠨ ᠮᠤᠷᠢ ᠪᠤᠯᠤᠨ᠎ᠠ᠃ ᠵᠠᠩᠭ᠎ᠠ ᠴᠦ ᠭᠡᠳ ︽ᠡᠶᠢᠮᠤ ᠵᠠᠯᠠᠭᠤ︾︕ ᠭᠡᠵᠦ ᠡᠷᠡᠭᠡᠢ ᠬᠤᠷᠤᠭᠤ ᠪᠠᠨ ᠪᠤᠰᠬᠠᠨ ᠢᠨᠢᠶᠡᠭᠰᠡᠭᠡᠷ ᠪᠠᠶᠢᠯ᠎ᠠ᠃      ᠡᠨᠡ ᠦᠶ᠎ᠠ ᠳᠤ ᠠᠳᠤᠭᠤᠨ ᠭᠤᠤ ᠠᠴᠠ ᠪᠤᠭᠤᠯᠢ ᠴᠢᠷᠦᠭᠰᠡᠨ ᠴᠠᠪᠢᠳᠠᠷ ᠮᠤᠷᠢ ᠡᠶᠢᠯᠤᠨ ᠳᠡᠪᠬᠢᠪᠠ᠃ ᠬᠡᠳᠦᠨ ᠬᠦᠮᠦᠨ ᠨᠡᠭᠡᠨ ᠬᠦᠶᠦᠵᠦ ᠳᠡᠭᠡᠰᠦᠨ ᠤ ᠬᠢᠨᠢ ᠦᠵᠦᠬᠦᠷ ᠠᠴᠠ ᠪᠠᠷᠢᠬᠤ ᠭᠡᠳ ᠵᠠᠪᠳᠤᠭᠰᠠᠨ ᠦᠭᠡᠢ᠃ ᠳᠡᠷᠡ ᠴᠠᠪᠢᠳᠠᠷ ᠮᠤᠷᠢ ᠰᠠᠩᠭ᠎ᠠ ᠵᠠᠩᠭ᠎ᠠ ᠬᠤᠶᠠᠷ ᠤᠨ ᠬᠠᠵᠠᠭᠤ ᠪᠠᠷ ᠰᠠᠯᠬᠢ ᠳᠠᠳᠠᠭᠤᠯᠤᠨ ᠭᠠᠷᠤᠮᠠᠭᠴᠠ ᠵᠠᠩᠭ᠎ᠠ ᠦᠰᠦᠷᠠᠨ ᠬᠦᠶᠦᠵᠦ ᠪᠤᠭᠤᠶᠢᠯᠢ ᠶᠢᠨ ᠦᠵᠦᠬᠦᠷ ᠢ ᠰᠢᠬᠦᠷᠠᠨ ᠠᠳᠬᠤᠵᠦ ᠤᠯᠠᠯᠠᠨ ᠰᠠᠭᠤᠯᠭᠠᠪᠠ᠃ ᠤᠶᠢᠵᠦ ᠭᠠᠷᠤᠭᠰᠠᠨ ᠴᠠᠪᠢᠳᠠᠷ ᠤᠯᠤᠭᠠᠢ ᠳᠠᠳᠠᠨ ᠬᠦᠮᠦᠷᠢᠵᠦ ᠵᠢᠳᠬᠦᠪᠡᠴᠦ ᠵᠠᠩᠭ᠎ᠠ ᠶᠢᠨ ᠬᠦᠳᠡᠷ ᠳᠤᠮᠤ ᠪᠡᠶ᠎ᠡ ᠨᠢ ᠪᠤᠭᠤᠶᠢᠯᠢ ᠎ ᠶᠢᠨ ᠦᠵᠦᠬᠦᠷ ᠲᠤ ᠴᠢᠯᠠᠭᠤ ᠳᠡᠬᠦᠵᠢᠯᠡᠭᠳᠡᠭᠰᠡᠨ ᠰᠢᠭ ᠪᠠᠶᠢᠯ᠎ᠠ᠃ ᠰᠠᠩᠭ᠎ᠠ ᠬᠤᠷᠮᠤᠢ ᠰᠢᠭᠤᠵᠦ᠄      — ᠤᠤᠬᠠᠢ︕ ᠳᠠᠳᠠ ᠳᠠᠳᠠ︕ ᠭᠡᠵᠦ ᠬᠦᠶᠦᠨ ᠤᠴᠢᠭᠠᠳ ᠬᠠᠮᠵᠢᠯᠴᠠᠨ ᠳᠠᠳᠠᠪᠠ᠃ ᠬᠡᠳᠦᠨ ᠵᠠᠯᠠᠭᠤ ᠦᠨᠦ ᠴᠠᠪᠢᠳᠠᠷ ᠢ ᠴᠢᠬᠢᠳᠠᠵᠦ ᠳᠠᠷᠤᠭᠠᠳ ᠳᠡᠯ ᠢ ᠨᠢ ᠬᠢᠷᠭᠠᠯ᠎ᠠ᠃ ᠵᠠᠯᠠᠭᠤᠴᠤᠳ᠄      — ᠠᠪᠤ ᠡ︕ ᠤᠳᠤ ᠰᠠᠶᠢᠨ ᠬᠤᠭᠤᠯᠠ ᠴᠠᠢ ᠢᠳᠠᠵᠦ ᠤᠤᠭᠤᠭᠠᠳ ᠨᠤᠶᠢᠷᠰᠤᠬᠤ ᠦᠭᠡᠢ ᠦᠦ︖ ᠭᠡᠵᠦ ᠱᠠᠯᠠᠭᠰᠠᠭᠠᠷ ᠪᠠᠶᠢᠵᠦ ᠭᠡᠷ ᠲᠤᠨᠢ ᠪᠤᠴᠠᠭᠠᠯ᠎ᠠ᠃      ᠵᠠᠯᠠᠭᠤᠴᠤᠳ ᠨᠠᠯᠢᠶᠠᠳ ᠰᠠᠷᠪᠠ᠂ ᠳᠠᠭ᠎ᠠ ᠶᠢ ᠳᠠᠮᠠᠭᠠᠯᠠᠵᠦ ᠳᠡᠯᠯᠡᠬᠦ ᠵᠠᠪᠰᠠᠷ ᠵᠠᠷᠢᠮ ᠨᠢ᠄     — ᠵᠠᠩᠭ᠎ᠠ ᠮᠢᠨᠢ ᠴᠡᠷᠢᠭ ᠠᠯᠪᠠᠨ ᠳᠤ ᠤᠳᠠᠭᠠᠨ ᠵᠢᠯ ᠶᠠᠪᠤᠭᠰᠠᠨ ᠪᠤᠯᠪᠠᠴᠦ ᠠᠵᠢᠯ ᠬᠦᠳᠡᠯᠮᠦᠷᠢ ᠬᠢᠬᠦ᠂ ᠢᠯᠠᠩᠭᠤᠶ᠎ᠠ ᠠᠳᠤᠭᠤ ᠮᠠᠯ ᠲᠠᠢ ᠨᠤᠴᠤᠯᠳᠤᠬᠤ ᠳᠠᠭᠠᠨ ᠡᠷᠡᠯᠭᠡᠥ᠂ ᠡᠪ ᠲᠠᠢ ᠳᠡᠮ ᠲᠠᠢ ᠪᠠᠶᠢᠨ᠎ᠠ ᠳ᠋ᠠ ᠭᠡᠪᠡ᠃     — ᠰᠠᠩᠭ᠎ᠠ ᠳᠠᠷᠤᠭ᠎ᠠ ᠲᠠᠢ ᠬᠡᠳᠦᠨ ᠰᠠᠷ᠎ᠠ ᠠᠵᠢᠯᠯᠠᠭᠰᠠᠨ ᠤ ᠬᠦᠴᠦ ᠪᠠᠷ ᠰᠠᠶ᠋ᠢ ᠠᠳᠤᠭᠤ ᠬᠠᠷᠢᠭᠤᠯᠬᠤ ᠠᠩᠬ᠎ᠠ ᠠᠯᠬᠤᠮ ᠤᠨ ᠵᠠᠮ ᠳᠤ ᠤᠷᠤᠯ᠎ᠠ᠃ ︽ᠦᠢᠯᠡᠳᠪᠦᠷᠢᠯᠠᠯ ᠤᠨ ᠮᠡᠷᠭᠡᠵᠢᠯ ᠢ ᠰᠠᠶᠢᠨ ᠰᠤᠷᠤᠨ᠎ᠠ︾ ᠭᠡᠵᠦ ᠬᠦᠳᠡᠭᠡ ᠤᠴᠢᠬᠤ ᠠᠩᠬᠠᠨ ᠤ ᠪᠠᠨ ᠭᠤᠶᠤᠴᠢᠯᠠᠯ ᠳᠡᠭᠡᠷ᠎ᠡ ᠪᠢᠴᠢᠭᠰᠡᠨ ᠢ ᠪᠡᠶᠡᠯᠡᠬᠦᠯᠵᠦ ᠴᠢᠳᠠᠭ᠎ᠠ ᠦᠭᠡᠢ ᠪᠠᠶᠢᠨ᠎ᠠ ᠰᠢᠥ︕ ᠭᠡᠵᠦ ᠬᠡᠯᠡᠭᠰᠡᠨ ᠵᠠᠩᠭ᠎ᠠ ᠳᠡᠷᠡ ᠴᠢᠭ ᠢᠶᠠᠷ ᠢᠶᠠᠨ ᠬᠦᠶᠦᠨ ᠶᠠᠪᠤᠵᠦ ᠰᠠᠩᠭ᠎ᠠ ᠳᠤ ᠪᠤᠷᠤᠭᠤ ᠬᠦᠯᠢᠶᠠᠶ᠎ᠠ ᠭᠡᠵᠦ ᠪᠤᠳᠤᠪᠠᠴᠦ ᠡᠮᠨᠢᠭ ᠰᠢᠳᠤᠯᠠᠩ ᠢ ᠬᠠᠭᠠᠰ ᠳᠠᠯ ᠲᠠᠢ ᠬᠡᠷᠬᠢᠨ ᠳᠠᠯᠪᠢᠵᠦ ᠪᠤᠯᠬᠤ ᠪᠤᠢ᠃ ᠳᠤᠳᠤᠷ᠎ᠠ ᠨᠢ ᠬᠠᠯᠠᠭᠤᠨ ᠤᠷᠬᠢᠵᠦ ᠳᠤᠯᠤᠭᠠᠢ ᠶᠢᠨ ᠬᠢᠨᠢ ᠬᠦᠯᠦᠰᠤ ᠨᠢᠷᠤᠭᠤ ᠪᠠᠨ ᠳᠠᠭᠠᠵᠦ ᠤᠷᠤᠰᠪᠠ᠃ ︽ᠬᠦᠳᠡᠯᠮᠦᠷᠢ ᠶᠢᠨ ᠰᠠᠬᠢᠯᠭ᠎ᠠ ᠳᠦᠷᠢᠮ ᠢ ᠴᠢᠩᠳᠠ ᠳᠠᠭᠠᠵᠦ ᠬᠦᠭᠰᠢᠨ ᠵᠠᠯᠠᠭᠤ ᠶᠢ ᠠᠳᠠᠯᠢᠬᠠᠨ ᠬᠦᠨᠳᠦᠳᠭᠡᠨ ᠬᠠᠶᠢᠷᠠᠯᠠᠵᠦ᠂ ᠡᠩ ᠤᠨ ᠮᠠᠯᠴᠢᠨ ᠤ ᠬᠤᠪᠢ ᠪᠠᠷ ᠡᠷᠡᠰ ᠰᠢᠭᠤᠷᠬᠠᠢ ᠬᠦᠳᠡᠯᠮᠦᠷᠢᠯᠠᠨ᠎ᠠ︾ ᠭᠡᠵᠦ ᠳᠤᠰ ᠪᠠᠶᠢᠭᠤᠯᠭ᠎ᠠ ᠶᠢᠨ ᠢᠶᠠᠨ ᠨᠠᠮ ᠤᠨ ᠡᠬᠦᠷ ᠲᠤ ᠡᠷᠬᠦᠳᠡᠯ ᠪᠢᠴᠢᠵᠦ ᠦᠭᠬᠦᠭᠰᠡᠨ ᠢᠶᠠᠨ ᠪᠤᠳᠤᠬᠤ ᠳᠤ ᠡᠨᠡ ᠨᠢ ᠰᠠᠩᠭ᠎ᠠ ᠳᠤ ᠶᠤᠰᠤ ᠠᠯᠳᠠᠭᠰᠠᠨ ᠤᠴᠢᠷ ᠭᠡᠵᠦ ᠪᠤᠳᠤᠪᠠ᠃ ᠭᠡᠨᠡᠳᠳᠡ᠄      — ᠵᠠᠩᠭ᠎ᠠ ᠡ︕ ᠮᠠᠢ︕ ᠭᠡᠬᠦ ᠡᠪᠦᠭᠡᠵᠢᠶᠡᠷ ᠬᠦᠮᠦᠨ ᠤ ᠳᠠᠭᠤᠨ ᠠᠷᠤ ᠳᠤᠨᠢ ᠰᠤᠨᠤᠰᠳᠠᠪᠠ᠃ ᠡᠷᠬᠢᠵᠦ ᠬᠠᠷᠠᠪᠠᠯ ᠰᠠᠩᠭ᠎ᠠ ᠭᠤᠷᠪᠠᠨ ᠠᠯᠳᠠ ᠶᠢᠨ ᠬᠤᠰᠤᠨ ᠤᠷᠭ᠎ᠠ ᠪᠠᠨ ᠪᠠᠷᠢᠭᠰᠠᠭᠠᠷ ᠠᠳᠤᠭᠤᠨ ᠭᠤᠤ ᠶᠢᠨ ᠡᠬᠦᠳᠡᠨ ᠳᠡᠭᠡᠷ᠎ᠡ ᠵᠤᠭᠰᠤᠵᠦ ᠪᠠᠶᠢᠨ᠎ᠠ᠃      — ᠳᠠᠷᠤᠭ᠎ᠠ ᠡ︕ ᠲᠠᠨ ᠳᠤ ᠳᠤᠩ ᠤᠰᠤᠯ ᠪᠤᠯᠪᠠ ᠭᠡᠵᠦ ᠰᠢᠳᠤᠯᠠᠩ ᠦᠷᠢᠶ᠎ᠠ ᠴᠢᠬᠢᠳᠡᠭᠰᠡᠨ ᠵᠠᠩᠭ᠎ᠠ ᠴᠡᠴᠡᠷᠡᠩᠬᠦᠢ ᠳᠤᠤᠭᠠᠷᠬᠤ ᠳᠤ᠂      — ᠵᠠᠩᠭ᠎ᠠ ᠮᠢᠨᠢ ᠡ︕ ᠤᠷᠭ᠎ᠠ ᠪᠠᠨ ᠲᠠᠨ ᠳᠤ ᠪᠡᠯᠡᠭᠯᠡᠶ᠎ᠡ︕ ᠭᠡᠵᠦ ᠰᠠᠩᠭ᠎ᠠ ᠢᠨᠢᠶᠡᠭᠰᠡᠭᠡᠷ ᠤᠶᠢᠷᠠᠳᠤᠯ᠎ᠠ ᠃ ᠠᠳᠤᠭᠤ ᠳᠡᠯᠯᠡᠨ ᠳᠠᠮᠠᠭᠠᠯᠠᠵᠦ ᠪᠠᠶᠢᠭᠰᠠᠨ ᠬᠡᠰᠢᠬᠦᠳ ᠤᠨ ᠨᠢᠳᠤ ᠡᠪᠦᠭᠡᠨ ᠤ ᠳᠡᠭᠡᠷ᠎ᠡ ᠳᠦᠪᠯᠡᠷᠡᠪᠡ᠃      — ᠡᠪᠳᠡᠯᠡᠭᠰᠡᠨ ᠢᠶᠠᠷ ᠢᠶᠠᠨ ᠪᠢ ᠵᠠᠰᠠᠵᠦ ᠦᠭᠬᠦᠶ᠎ᠠ︕      — ᠡᠪᠳᠡᠯᠡᠭᠰᠡᠨ ᠪᠢᠰᠢ᠂ ᠡᠷᠬᠢᠭᠡᠳ ᠰᠢᠨ᠎ᠡ ᠪᠤᠯᠤᠭᠰᠠᠨ ᠶᠤᠮ᠃ ᠲᠠ ᠦᠵᠡᠭᠡᠴᠢ︕ ᠤᠷᠢᠳᠠ ᠠᠴᠠ ᠪᠠᠨ ᠤᠯᠠᠮ ᠤᠷᠳᠤ ᠪᠦᠭᠡᠳ ᠭᠤᠶᠤ ᠪᠤᠯᠤᠭᠰᠠᠨ ᠭᠡᠵᠦ ᠰᠠᠩᠭ᠎ᠠ ᠤᠷᠭ᠎ᠠ ᠪᠠᠨ ᠨᠠᠬᠢᠯᠵᠠᠭᠤᠯᠤᠭᠰᠠᠭᠠᠷ ᠵᠠᠩᠭ᠎ᠠ ᠳᠤ ᠦᠭᠬᠦ ᠭᠡᠯ᠎ᠡ᠃ ᠵᠠᠩᠭ᠎ᠠ ᠠᠮᠠ ᠨᠡᠭᠡᠭᠡᠵᠦ ᠶᠢᠨ ᠠᠮᠵᠢᠭᠰᠠᠨ ᠦᠭᠡᠢ᠂ ᠠᠷᠤ ᠦᠭᠡᠳᠡ ᠪᠠᠨ ᠤᠬᠤᠷᠢᠵᠦ ᠴᠦ ᠵᠠᠪᠳᠤᠭᠰᠠᠨ ᠦᠭᠡᠢ᠃ ᠰᠠᠩᠭ᠎ᠠ᠄      — ᠰᠢᠨ᠎ᠡ ᠨᠡᠶᠢᠭᠡᠮ ᠤᠨ ᠬᠦᠳᠡᠯᠮᠦᠷᠢᠴᠢ ᠪᠠᠭᠠᠳᠤᠷ᠂ ᠰᠠᠷᠠᠭᠤᠯᠳᠤᠶᠠᠭ᠎ᠠ ᠬᠤᠷᠰᠢᠶᠠᠨ ᠤ ᠵᠠᠯᠠᠭᠤ ᠠᠳᠤᠭᠤᠴᠢᠨ ᠮᠢᠨᠢ ᠡ︕ ᠡᠪᠦᠭᠡᠨ ᠠᠬ᠎ᠠ ᠶᠢᠨ ᠢᠶᠠᠨ ᠦᠴᠦᠭᠡᠨ ᠰᠡᠳᠬᠢᠯ ᠤᠨ ᠪᠡᠯᠡᠭ ᠳᠤᠷᠠᠰᠬᠠᠯ ᠢ ᠠᠪᠬᠤ ᠪᠤᠯᠪᠠᠦ︕ ᠭᠡᠵᠠᠢ᠃     — ᠳᠠᠷᠤᠭ᠎ᠠ ᠰᠠᠩᠭ᠎ᠠ ᠁ ᠭᠡᠳᠡᠯ᠎ᠡ᠂ ᠰᠠᠩᠭ᠎ᠠ᠄      — ᠠᠪᠤ ᠮᠢᠨᠢ ᠦᠰᠬᠦ ᠨᠠᠰᠤᠨ ᠠᠴᠠ ᠪᠠᠨ ᠠᠪᠤᠭᠠᠳ ᠦᠳᠡᠯᠳᠡᠯ᠎ᠡ ᠪᠠᠨ ᠦᠪᠡᠷ ᠤᠨ ᠭᠡᠵᠦ ᠤᠨᠤᠬᠤ ᠮᠤᠷᠢ ᠦᠭᠡᠢ ᠪᠠᠶᠢᠭᠰᠠᠨ ᠪᠤᠯᠪᠠᠴᠦ ᠡᠪᠦᠭᠡ ᠠᠪᠤ ᠶᠢᠨ ᠦᠯᠡᠳᠡᠭᠡᠭᠰᠡᠨ ᠤᠷᠭ᠎ᠠ ᠡᠨᠡ ᠶᠤᠮ᠃ ᠦᠨᠦᠳᠤᠷ ᠮᠠᠨ ᠤ ᠬᠤᠷᠰᠢᠶᠠᠨ ᠤ ᠦᠨᠢᠷ ᠵᠤᠵᠠᠭᠠᠨ ᠰᠦᠷᠦᠭ ᠡᠳᠦᠷ ᠢᠷᠡᠬᠦ ᠳᠤᠳᠤᠮ ᠦᠳᠭᠡᠷᠡᠵᠦ ᠪᠠᠶᠢᠨ᠎ᠠ᠃ ᠡᠶᠢᠮᠤ ᠤᠷᠭ᠎ᠠ ᠨᠢᠭᠡ ᠪᠠᠶᠢᠳᠤᠭᠠᠢ ᠠᠷᠪᠠ ᠴᠦ ᠭᠡᠰᠡᠨ ᠢᠯᠡᠬᠦᠳᠡᠬᠦ ᠦᠭᠡᠢ ᠶᠤᠮ ᠭᠡᠵᠦ᠂ ᠭᠤᠷᠪᠠᠨ ᠠᠯᠳᠠ ᠶᠢᠨ ᠬᠤᠰᠤᠨ ᠤᠷᠭ᠎ᠠ ᠶᠢ ᠵᠠᠩᠭ᠎ᠠ ᠳᠤ ᠪᠠᠷᠢᠭᠤᠯᠪᠠ᠃ ᠴᠤ᠋ ᠰᠢᠨ᠎ᠡ ᠦᠵᠦᠬᠦᠷ ᠳᠠᠳᠠᠭᠰᠠᠨ ᠤᠷᠭᠠᠨ ᠤ ᠴᠡᠭᠡᠵᠢᠨ ᠳᠤ ᠨᠠᠷᠢᠨ ᠤᠯᠠᠭᠠᠨ ᠭᠬᠢᠪ ᠤᠶᠠᠵᠦ ᠳᠡᠬᠦᠨ ᠳᠡᠭᠡᠷ᠎ᠡ ᠨᠢ᠄ ᠰᠠᠷᠠᠭᠤᠯᠳᠤᠶᠠᠭ᠎ᠠ ᠶᠢᠨ ᠢᠶᠠᠨ ᠠᠳᠤᠭᠤ ᠶᠢ ᠳᠦᠮᠡ ᠳᠤ ᠬᠦᠷᠭᠡᠬᠦ ᠪᠠᠷ ᠰᠠᠩᠭ᠎ᠠ ᠡᠪᠦᠭᠡᠨ ᠴᠢᠳᠠᠯ ᠮᠡᠳᠡᠯ ᠢᠶᠠᠨ ᠰᠢᠪᠬᠠᠨ᠎ᠠ ᠰᠠᠶᠢᠨ ᠭᠠᠷ᠂ ᠰᠢᠨ᠎ᠡ ᠠᠳᠤᠭᠤᠴᠢᠨ ᠵᠠᠩᠭ᠎ᠠ ᠳᠠᠭᠠᠨ ᠰᠠᠨᠠᠭ᠎ᠠ ᠰᠡᠳᠬᠢᠯ ᠤᠨ ᠪᠡᠯᠡᠭ ᠪᠤᠯᠭᠠᠶ᠎ᠠ ᠡᠨᠡ ᠤᠷᠭ᠎ᠠ ᠪᠠᠨ ᠁ ᠭᠡᠵᠦ ᠦᠰᠦᠨ ᠪᠢᠷ ᠢᠶᠠᠷ ᠪᠢᠴᠢᠭᠰᠡᠨ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号