ᠭᠤ᠂ ᠴᠤᠶᠢᠷᠠᠪᠵᠠᠢ ᠎ ᠤᠨ ᠪᠦᠳᠦᠭᠡᠯ —ᠠᠪᠤ ᠶᠢᠨ ᠰᠡᠳᠬᠢᠯ
ᠨᠡᠶᠢᠲᠡᠯᠡᠭᠰᠡᠨ ᠴᠠᠭ᠄
2020/7/8
 ᠠᠪᠤ ᠶᠢᠨ ᠰᠡᠳᠬᠢᠯ — ᠭᠤ᠂ ᠴᠤᠶᠢᠷᠠᠪᠵᠠᠢ ᠵᠤᠬᠢᠶᠠᠪᠠ ᠭᠤᠯᠢᠶ᠎ᠠ ᠳᠤᠩᠭᠤᠳᠤᠭᠰᠠᠨ ᠨᠠᠮᠤᠷ ᠤᠨ ᠴᠠᠭ ᠪᠢᠯᠡ᠃ ᠨᠠᠮᠤᠷᠵᠢᠶᠠᠨ ᠳᠠᠭᠠᠨ ᠪᠠᠭᠤᠭᠰᠠᠨ ᠡᠪᠦᠭᠡᠨ ᠫᠠᠭᠪᠠ ᠭᠡᠷ ᠎ ᠢᠶᠠᠨ ᠪᠠᠷᠢᠵᠦ ᠡᠬᠢᠯᠠᠪᠠ᠃ ᠬᠠᠨ᠎ᠠ ᠪᠠᠨ ᠴᠠᠭᠠᠷᠢᠭᠯᠠᠭᠠᠳ ᠳᠤᠭᠤᠨᠤ ᠪᠠᠨ ᠭᠤᠷᠪᠠᠨ ᠤᠨᠢ ᠪᠠᠷ ᠤᠴᠢᠭᠯᠠᠨ ᠳᠤᠯᠵᠦ᠂ ᠳᠤᠭᠤᠨᠤ ᠶᠢᠨ ᠵᠡᠭᠡᠭ ᠤᠨ ᠬᠤᠶᠠᠷ ᠬᠠᠵᠠᠭᠤ ᠳᠤ ᠳᠤᠰᠪᠦᠷᠢ ᠨᠢᠭᠡ ᠤᠨᠢ ᠬᠠᠳᠬᠤᠭᠠᠳ ᠬᠤᠶᠢᠨ᠎ᠠ ᠡᠮᠤᠨ᠎ᠠ ᠳᠠᠯ᠎ᠠ ᠎ ᠳᠤᠨᠢ ᠳᠠᠬᠢᠭᠠᠳ ᠨᠢᠭᠡ ᠨᠢᠭᠡ ᠤᠨᠢ ᠬᠠᠳᠬᠤᠮᠠᠭᠴᠠ ᠳᠤᠭᠤᠨᠤ ᠨᠢ ᠯᠠᠪᠳᠠᠭᠤᠨ ᠳᠤᠭᠳᠠᠵᠦ ᠳᠦᠳᠡᠯ ᠦᠭᠡᠢ ᠤᠨᠢ ᠎ ᠪᠠᠨ ᠬᠠᠳᠬᠤᠵᠦ ᠪᠠᠷᠠᠭᠠᠭᠠᠳ ᠳᠤᠳᠤᠷ᠎ᠠ ᠪᠦᠰᠡᠯᠡᠬᠦᠷ ᠢ ᠨᠢ ᠠᠯᠳᠠᠯᠠᠨ ᠴᠢᠩᠭᠠᠯᠠᠵᠦ ᠳᠤᠭᠤᠷᠭ᠎ᠠ ᠳᠡᠭᠡᠪᠦᠷ ᠢ ᠨᠢ ᠨᠦᠮᠦᠷᠭᠡᠵᠦ ᠭᠠᠳᠠᠷ ᠪᠦᠰᠡᠯᠡᠬᠦᠷ ᠢ ᠨᠢ ᠳᠠᠳᠠᠭᠠᠳ ᠤᠭᠤᠰᠤᠷ ᠢᠶᠠᠨ ᠤᠶᠠᠵᠦ ᠡᠷᠦᠭᠡ ᠪᠠᠨ ᠡᠮᠤᠰᠭᠡᠭᠡᠳ ᠵᠢᠩ ᠳᠠᠩ ᠪᠤᠯᠪᠠ᠃ ᠫᠠᠭᠪᠠ᠂ ᠭᠤᠯᠤᠮᠳᠠ ᠪᠠᠨ ᠪᠤᠰᠬᠠᠵᠦ ᠳᠤᠭᠤᠭ᠎ᠠ ᠰᠢᠨᠠᠭ᠎ᠠ ᠨᠡᠶᠢᠯᠡᠬᠦᠯᠵᠦ ᠵᠠᠪᠳᠤᠭᠠᠳᠤᠢ ᠪᠠᠶᠢᠳᠠᠯ᠎ᠠ ᠬᠤᠯᠠ ᠠᠴᠠ ᠮᠤᠷᠢᠨ ᠳᠦᠪᠡᠷᠭᠡᠨ ᠰᠤᠨᠤᠰᠳᠠᠬᠤᠯᠠᠷ ᠭᠡᠷ ᠠᠴᠠ ᠭᠠᠷᠴᠦ ᠦᠵᠡᠬᠦ ᠳᠤ ᠰᠢᠳᠳᠠᠨ ᠤ ᠭᠠᠵᠠᠷ ᠤᠨ ᠪᠢᠴᠢᠭ ᠵᠦᠭᠡᠭᠡᠭᠴᠢ ᠮᠤᠷᠢᠨ ᠠᠴᠠ ᠪᠠᠨ ᠪᠠᠭᠤᠭᠠᠳ ᠴᠤᠮᠤᠵᠦ ᠪᠠᠶᠢᠯ᠎ᠠ᠃ ︽ᠶᠠᠭᠤᠳᠠᠢ ᠰᠠᠶᠢᠬᠠᠨ ᠪᠤᠢ︖︾ ᠭᠡᠵᠦ ᠫᠠᠭᠪᠠ ᠤᠷᠢᠳᠠᠪᠠᠷ ᠮᠡᠨᠳᠦᠯᠡᠬᠦ ᠳᠤ ᠰᠢᠤᠳᠠᠨᠴᠢ᠄ ︽ᠴᠠᠬᠢᠯᠭᠠᠨ ᠮᠡᠳᠡᠭᠡ︕︾ ᠭᠡᠳ ᠫᠠᠭᠪᠠ ᠳᠤ ᠭᠠᠷᠳᠠᠭᠤᠯᠬᠤ ᠳᠤ ᠫᠠᠭᠪᠠ ᠳᠤᠰᠴᠦ ᠠᠪᠤᠭᠠᠳ ᠳᠠᠬᠢᠨ ᠳᠡᠬᠦᠨ ᠎ ᠳᠤ ᠪᠤᠴᠠᠭᠠᠨ ᠦᠭᠴᠦ᠄ ︽ᠬᠠᠷᠠᠯᠠ ᠭᠡᠮ ᠳ᠋ᠠ᠂ ᠪᠢ ᠴᠢᠨᠢ ᠶᠠᠭᠤ ᠬᠠᠢ ᠦᠭᠡᠢ ᠳᠤᠰᠤᠭᠠᠳ ᠠᠪᠬᠤ ᠨᠢ ᠶᠠᠭᠤ ᠪᠢᠯᠡ︖ ᠳᠡᠷᠡ ᠮᠡᠳᠡᠳᠡᠭ ᠎ ᠲᠤ ᠮᠡᠷᠭᠡᠨ ᠴᠤᠬᠤᠷ ᠮᠡᠳᠡᠬᠦ ᠦᠭᠡᠢ ᠳᠤ ᠡᠷᠢᠶᠠᠨ ᠴᠤᠬᠤᠷ ᠴᠢᠨᠢ ᠶᠠᠭᠤ ᠭᠡᠬᠦ ᠨᠢ ᠪᠤᠢ︖︾ ᠭᠡᠬᠦ ᠳᠤ ᠰᠢᠤᠳᠠᠨᠴᠢ ᠎ ᠶᠢᠨ ᠴᠢᠷᠠᠢ ᠳᠡᠷᠡ ᠳᠤᠤᠷ᠎ᠠ ᠪᠠᠨ ᠬᠤᠵᠠᠶᠢᠭᠠᠳ᠄ ︽ᠵᠤᠯ ᠪᠤᠰᠤ ᠮᠡᠳᠡᠭᠡ ᠪᠠᠶᠢᠨ᠎ᠠ᠂ ᠬᠦᠦ ᠴᠢᠨᠢ ᠳᠡᠷᠡ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠭ᠎ᠠ ᠬᠦᠦ ᠴᠢᠨᠢ ᠡ᠊ ᠡ᠊ ᠡᠪᠡᠳᠦᠯ᠎ᠠ ᠭᠡᠰᠡᠨ ᠮᠠᠭᠤ ᠮᠡᠳᠡᠭᠡ︾ ᠭᠡᠵᠦ ᠦᠭᠡ ᠪᠠᠨ ᠳᠠᠰᠤᠯᠳᠠᠭᠤᠯᠤᠨ ᠬᠡᠯᠡᠭᠡᠳ ᠳᠠᠬᠢᠨ ︽ᠳᠡᠭᠡᠷ᠎ᠡ ᠨᠢ ᠡᠪᠡᠳᠴᠢᠨ ᠤ ᠪᠠᠶᠢᠳᠠᠯ ᠠᠶᠤᠮᠰᠢᠭᠳᠠᠢ ᠭᠡᠵᠦ ᠪᠠᠶᠢᠨ᠎ᠠ᠃ ᠳᠡᠶᠢᠮᠤ ᠶᠡᠭᠡ ᠬᠤᠳᠠ ᠭᠠᠵᠠᠷ ᠡᠮᠨᠡᠯᠭᠡ ᠶᠢᠨ ᠨᠦᠬᠦᠴᠡᠯ ᠴᠦ ᠶᠠᠷᠢᠶᠠᠨ ᠦᠭᠡᠢ ᠰᠠᠶᠢᠨ ᠳ᠋ᠠ᠂ ᠴᠢᠮ᠎ᠠ ᠳᠤ ᠶᠠᠭᠠᠷᠠᠥ ᠮᠡᠳᠡᠭᠡ ᠶᠠᠪᠤᠭᠤᠯᠤᠭᠰᠠᠨ ᠢ ᠦᠵᠡᠪᠠᠯ ᠬᠤᠷᠳᠤᠨ᠂ ᠬᠤᠷᠳᠤᠨ ᠶᠠᠪᠤᠭᠰᠠᠨ ᠨᠢ ᠳᠡᠭᠡᠷ᠎ᠡ ᠡ︾ ᠭᠡᠵᠦ ᠬᠡᠯᠡᠭᠡᠳ ᠮᠤᠷᠢ ᠤᠷᠤᠭᠤ ᠪᠠᠨ ᠬᠦᠶᠦᠪᠠ᠃ ᠫᠠᠭᠪᠠ ᠶᠢᠨ ᠳᠤᠯᠤᠭᠠᠢ ᠳᠤ ᠳᠦᠮᠡᠨ ᠵᠢᠩ ᠤᠨ ᠮᠠᠨᠴᠤᠷᠭ᠎ᠠ ᠪᠠᠭᠤᠭᠰᠠᠨ ᠮᠡᠳᠦ ᠮᠡᠳᠡᠭᠡ ᠠᠯᠳᠠᠪᠠ᠃ ᠫᠠᠭᠪᠠ ᠭᠠᠪ ᠭᠠᠭᠴᠠᠭᠠᠷ ᠢᠶᠠᠨ ᠨᠠᠮᠤᠷᠵᠢᠶᠠᠨ ᠳᠠᠭᠠᠨ ᠰᠠᠶ᠋ᠢᠬᠠᠨ ᠪᠤᠰᠬᠠᠭᠰᠠᠨ ᠮᠤᠩᠭᠤᠯ ᠭᠡᠷ ᠤᠨ ᠡᠬᠦᠳᠡᠨ ᠳᠤ ᠮᠠᠭᠤᠵᠢᠷᠠᠨ ᠤᠨᠠᠭᠰᠠᠨ ᠢᠶᠠᠨ ᠮᠡᠳᠡᠯ᠎ᠡ᠃ ᠭᠠᠯ ᠭᠤᠯᠤᠮᠳᠠ ᠪᠠᠨ ᠵᠠᠯᠭᠠᠭᠤᠯᠵᠦ ᠠᠶᠢᠯ ᠡᠷᠦᠭᠡ ᠪᠠᠨ ᠦᠭᠡᠳᠡᠯᠡᠬᠦᠯᠵᠦ ᠶᠠᠪᠤᠬᠤ ᠭᠡᠵᠦ ᠬᠡᠵᠢᠶᠠᠳᠠ ᠪᠠᠶᠠᠷᠯᠠᠵᠦ ᠶᠠᠪᠤᠳᠠᠭ ᠫᠠᠭᠪᠠ ᠶᠢᠨ ᠭᠠᠭᠴᠠ ᠬᠦᠦ ᠶᠢᠨ ᠬᠢᠨᠢ ᠳᠤᠬᠠᠢ ᠡᠶᠢᠮᠤ ᠵᠤᠯ ᠪᠤᠰᠤ ᠮᠡᠳᠡᠭᠡ ᠳᠡᠬᠦᠨ ᠤ ᠵᠢᠷᠤᠭᠡ ᠤᠷᠤᠭᠤ ᠬᠢᠳᠤᠭ᠎ᠠ ᠪᠠᠷ ᠰᠢᠪᠡᠭᠰᠡᠨ ᠰᠢᠭ ᠪᠤᠯᠵᠠᠢ᠃ ᠬᠦᠨᠳᠤ ᠡᠪᠡᠳᠴᠢᠨ ᠲᠠᠢ᠂ ᠠᠶᠤᠮᠰᠢᠭᠳᠠᠢ ᠭᠡᠨ᠎ᠡ᠃ ᠡᠶᠢᠮᠤ ᠳᠡᠶᠢᠮᠤ ᠪᠤᠯᠴᠢᠬᠠᠭᠠᠳ ᠡᠪᠦᠭᠡᠨ ᠨᠠᠮᠠᠢᠢ ᠬᠠᠭᠤᠷᠴᠦ ᠪᠠᠶᠢᠭ᠎ᠠ ᠪᠢᠰᠢ ᠪᠢᠵᠠ ᠳ᠋ᠠ᠂ ᠯᠠᠪ ᠯᠠ ᠬᠠᠭᠤᠷᠴᠦ ᠪᠠᠶᠢᠭ᠎ᠠ ᠡ︕ ᠠᠶᠤᠮᠰᠢᠭᠳᠠᠢ ᠭᠡᠳᠡᠭ ᠦᠭᠡᠨ ᠳᠤ ᠠᠯᠢ ᠪᠠᠶᠢᠳᠠᠭ ᠨᠢ ᠪᠤᠢ ᠭᠡᠵᠦ ᠳᠡᠷᠡ ᠪᠤᠳᠤᠭᠠᠳ ᠠᠪᠤᠯ᠎ᠠ᠃ ᠫᠠᠭᠪᠠ ᠪᠡᠶ᠎ᠡ ᠪᠠᠨ ᠠᠯᠪᠠᠳᠠᠵᠦ ᠡᠬᠦᠳᠡ ᠤᠷᠤᠭᠤ ᠪᠠᠨ ᠤᠭᠤᠬᠢᠪᠠ᠃ ᠡᠬᠦᠳᠡ ᠨᠢ ᠤᠡᠭᠭᠤᠶᠢᠵᠦ ᠪᠠᠶᠢᠭ᠎ᠠ ᠪᠤᠯᠪᠠᠴᠦ ᠳᠤᠯᠭ᠎ᠠ ᠳᠤᠨᠢ ᠭᠠᠯ ᠦᠭᠡᠢ ᠬᠠᠪ ᠬᠠᠷ᠎ᠠ ᠯᠠ ᠬᠠᠷᠠᠭᠳᠠᠪᠠ ᠁ ᠫᠠᠭᠪᠠ᠄ ︽ᠬᠦᠦ ᠮᠢᠨᠢ᠂ ᠬᠦᠦ ᠮᠢᠨᠢ︕︾ ᠭᠡᠵᠦ ᠨᠢᠭᠡᠨᠳᠡ ᠪᠠᠷᠬᠢᠷᠠᠭᠠᠳ ᠳᠠᠬᠢᠨ ᠮᠠᠭᠤᠵᠢᠷᠠᠨ ᠤᠨᠠᠵᠠᠢ᠃ ᠫᠠᠭᠪᠠ ᠳᠠᠬᠢᠨ ᠰᠡᠷᠬᠦᠬᠦ ᠳᠤ ᠬᠠᠮᠤᠭ ᠪᠡᠶ᠎ᠡ ᠨᠢ ᠱᠠᠯ ᠨᠤᠶᠢᠳᠠᠨ ᠪᠤᠯᠤᠭᠰᠠᠨ ᠪᠠᠶᠢᠪᠠ᠃ ᠵᠤᠷᠪᠤᠰ ᠪᠤᠷᠤᠭᠠᠨ ᠳᠤ ᠳᠠᠭᠠᠷᠢᠭᠳᠠᠭᠰᠠᠨ ᠢᠶᠠᠨ ᠳᠡᠷᠡ ᠮᠡᠳᠡᠭᠰᠡᠨ ᠦᠭᠡᠢ ᠪᠤᠯᠪᠠᠴᠦ ᠪᠤᠷᠤᠭᠠᠨ ᠬᠠᠷᠢᠨ ᠳᠡᠬᠦᠨ ᠢ ᠰᠡᠷᠬᠦᠭᠡᠬᠦ ᠳᠤ ᠬᠦᠴᠦᠳᠠᠢ ᠳᠤᠰᠠ ᠬᠦᠷᠭᠡᠭᠰᠡᠨ ᠪᠠᠶᠢᠵᠦ ᠰᠢᠥ᠃ ᠠᠷᠢᠯᠤᠭᠰᠠᠨ ᠪᠤᠷᠤᠭᠠᠨ ᠤ ᠠᠷᠳᠠᠭ ᠡᠬᠦᠯᠡ ᠠᠯᠤᠰ ᠳᠡᠭᠷᠢ ᠶᠢᠨ ᠬᠠᠶᠠᠭᠠᠨ ᠳᠤ ᠤᠴᠢᠭᠠᠳ ᠳᠤᠭᠳᠠᠪᠠ᠃ ᠪᠠᠷᠠᠭᠤᠨ ᠬᠤᠶᠢᠨ᠎ᠠ ᠠᠴᠠ ᠪᠠᠰᠠ ᠨᠢᠭᠡ ᠪᠦᠭᠡᠮ ᠬᠠᠷ᠎ᠠ ᠡᠬᠦᠯᠡ ᠨᠡᠳᠦᠭᠡᠨᠡᠨ ᠭᠠᠷᠴᠦ ᠢᠷᠠᠯ᠎ᠠ᠃ ︽ᠪᠤᠷᠬᠠᠨ ᠮᠢᠨᠢ ᠡ᠂ ᠳᠡᠭᠷᠢ ᠨᠠᠮᠠᠢᠢ ᠪᠤᠷᠤᠭᠤ ᠨᠢᠳᠤ ᠪᠠᠷ ᠦᠵᠡᠪᠡ ᠦᠦ︖ ᠶᠠᠪᠤᠭᠰᠠᠭᠠᠷ ᠪᠠᠶᠢᠭᠠᠳ ᠭᠠᠭᠴᠠ ᠬᠦᠦ ᠶᠢᠨ ᠮᠢᠨᠢ ᠬᠦᠵᠦᠬᠦᠦ ᠤᠷᠤᠭᠤ ᠦᠬᠦᠯ ᠤᠨ ᠴᠠᠯᠮ᠎ᠠ ᠶᠠᠭᠤᠨ ᠳᠤ ᠪᠠᠭᠤᠯᠭᠠᠭᠰᠠᠨ ᠪᠤᠢ︖︾ ᠭᠡᠵᠦ ᠮᠦᠡᠭᠭᠡ ᠬᠦᠭᠡ ᠳᠡᠭᠷᠢ ᠭᠤᠮᠤᠳᠠᠯ ᠮᠡᠳᠡᠬᠦᠯᠦᠭᠰᠡᠨ ᠪᠤᠯᠪᠠᠴᠦ ᠮᠦᠡᠭᠭᠡ ᠬᠦᠭᠡ ᠳᠡᠭᠷᠢ ᠴᠡᠯᠳᠡᠶᠢᠭᠡᠳ ᠦᠴᠦᠭᠡᠨ ᠴᠦ ᠬᠠᠷᠢᠭᠤ ᠦᠭᠡᠢ᠃ ᠫᠠᠭᠪᠠ ᠬᠤᠶᠠᠷ ᠭᠠᠷ ᠢᠶᠠᠷ ᠢᠶᠠᠨ ᠭᠠᠵᠠᠷ ᠠᠯᠠᠭᠠᠳᠠᠵᠦ᠄ ︽ᠠᠯᠳᠠᠨ ᠳᠡᠯᠡᠭᠡᠢ ᠡ᠂ ᠴᠢ ᠠᠯᠠᠭᠠᠨ ᠴᠢᠨᠡᠭᠡᠨ ᠪᠤᠯᠵᠦ ᠠᠳᠤᠷᠢᠪᠠ ᠦᠦ︖ ᠠᠶ᠎ᠠ ᠬᠦᠦ ᠮᠢᠨᠢ ᠴᠢᠮ᠎ᠠ ᠳᠤ ᠶᠠᠮᠠᠷ ᠯᠠ ᠬᠤᠤᠷ ᠢᠶᠠᠨ ᠬᠦᠷᠭᠡᠯ᠎ᠡ ᠳ᠋ᠠ︾ ᠭᠡᠵᠦ ᠭᠤᠨᠢᠭᠯᠠᠨ ᠤᠬᠢᠯᠠᠭᠰᠠᠨ ᠪᠤᠯᠪᠠᠴᠦ ᠠᠳᠠᠷ ᠭᠠᠵᠠᠷ ᠬᠦᠯᠳᠡᠴᠢᠭᠡᠭᠰᠡᠨ ᠶᠤᠮ ᠰᠢᠭ ᠦᠴᠦᠭᠡᠨ ᠳᠡᠳᠥᠢ ᠴᠦ ᠬᠠᠷᠢᠭᠤ ᠦᠭᠡᠢ᠃ ᠫᠠᠭᠪᠠ ᠪᠠᠶᠢᠳᠠᠭ ᠬᠦᠴᠦ ᠪᠠᠨ ᠭᠠᠷᠭᠠᠵᠦ ᠡᠪᠦᠳᠦᠭ ᠢᠶᠠᠨ ᠳᠦᠰᠢᠨ ᠪᠤᠰᠴᠦ ᠦᠯᠮᠡᠢ ᠳᠡᠭᠡᠷ᠎ᠡ ᠪᠠᠨ ᠵᠤᠭᠰᠤᠯ᠎ᠠ᠃ ᠬᠦᠭᠡ ᠳᠡᠭᠷᠢ ᠳᠡᠭᠡᠷ᠎ᠡ ᠠᠴᠠ ᠨᠢ ᠶᠡᠭᠦᠷᠡᠭᠡᠳ ᠢᠷᠡᠬᠦ‍ ᠰᠢᠭ ᠪᠤᠯᠤᠯ᠎ᠠ᠃ ᠠᠳᠠᠷ ᠭᠠᠵᠠᠷ ᠴᠦᠮᠦᠷᠡᠭᠡᠳ ᠤᠷᠤᠬᠤ ᠰᠢᠭ᠋ ᠪᠤᠯᠤᠯ᠎ᠠ᠃ ᠳᠡᠷᠡ ᠳᠠᠶᠢᠪᠠᠯᠵᠠᠨ ᠬᠠᠶᠢᠪᠠᠯᠵᠠᠵᠦ ᠭᠡᠷ ᠤᠨ ᠡᠬᠦᠳᠡᠨ ᠳᠤ ᠤᠴᠢᠭᠠᠳ ᠳᠤᠳᠤᠭᠰᠢ ᠪᠠᠨ ᠱᠠᠭᠠᠶᠢᠪᠠ᠃ ᠬᠤᠪ ᠬᠤᠭᠤᠰᠤᠨ ᠡ᠂ ᠶᠠᠭᠤ ᠴᠦ ᠦᠭᠡᠢ ᠬᠤᠪ ᠬᠤᠭᠤᠰᠤᠨ ᠡ᠃ ᠶᠠᠪᠤᠶ᠎ᠠ᠂ ᠪᠢ ᠶᠠᠪᠤᠶ᠎ᠠ᠂ ᠮᠢᠨᠤ ᠬᠦᠦ ᠶᠠᠭ ᠭᠠᠯ ᠵᠠᠯᠠᠭᠤ ᠨᠠᠰᠤᠨ ᠳᠠᠭᠠᠨ ᠪᠠᠶᠢᠨ᠎ᠠ᠃ ᠶᠠᠭ ᠯᠠ ᠡᠷᠳᠡᠮ ᠰᠤᠷᠬᠤ ᠴᠠᠭ ᠲᠠᠭᠠᠨ ᠪᠠᠶᠢᠨ᠎ᠠ᠃ ᠮᠠᠯᠴᠢᠳ ᠤᠨ ᠬᠡᠥᠭᠡᠳ ᠶᠡᠭᠡ ᠰᠤᠷᠭᠠᠭᠤᠯᠢ ᠳᠤ ᠪᠠᠶᠢᠭ᠎ᠠ ᠨᠢ ᠬᠡᠳᠦ ᠯᠠ ᠪᠢᠯᠠ ᠳ᠋ᠠ᠃ ᠬᠦᠦ ᠮᠢᠨᠢ ᠳᠡᠶᠢᠮᠤ ᠵᠠᠯᠠᠭᠤ ᠪᠠᠷ ᠢᠶᠠᠨ ᠦᠬᠦᠵᠦ ᠪᠤᠯᠬᠤ ᠦᠭᠡᠢ᠂ ᠠᠮᠢᠳᠤᠷᠠᠬᠤ ᠯᠠ ᠶᠤᠰᠤᠳᠠᠢ ᠭᠡᠵᠦ ᠠᠮᠠᠨ ᠳᠠᠭᠠᠨ ᠳᠦᠳᠦᠨᠡᠵᠦ ᠪᠠᠶᠢᠬᠤ ᠨᠢ ᠦᠪᠡᠷ ᠤᠨ ᠬᠢᠨᠢ ᠴᠢᠬᠢᠨ ᠳᠤ ᠠᠷᠠᠢ ᠴᠢᠮᠠᠢ ᠪᠦᠦᠷ ᠳᠦᠦᠷ ᠰᠤᠨᠤᠰᠳᠠᠬᠤ ᠰᠢᠭ᠋ ᠪᠤᠯᠪᠠ᠃ ᠳᠡᠷᠡᠭᠡᠨ ᠵᠠᠭᠤᠷ᠎ᠠ ᠳᠤ ᠳᠡᠬᠦᠨ ᠤ ᠳᠠᠮᠢᠷ ᠬᠦᠴᠦ ᠨᠢᠭᠡᠨᠳᠡ ᠰᠤᠯᠠᠷᠠᠭᠠᠳ ᠴᠤᠭ ᠰᠦᠯᠳᠠ ᠨᠢᠭᠡᠨᠳᠠ ᠪᠠᠭᠤᠷᠠᠭᠰᠠᠨ ᠎ ᠢᠶᠠᠨ ᠦᠪᠡᠷ ᠢᠶᠠᠨ ᠮᠡᠳᠡᠯ᠎ᠡ᠃ ᠤᠳᠤ ᠪᠢ ᠶᠠᠭᠤ ᠭᠡᠬᠦ ᠪᠢᠯᠡ᠃ ᠬᠦᠭᠰᠢᠨ ᠠᠴᠠ ᠨᠠᠳᠠ ᠳᠤ ᠦᠯᠡᠳᠡᠭᠡᠵᠦ ᠦᠭᠬᠦᠭᠰᠡᠨ ᠭᠠᠭᠴᠠ ᠬᠦᠦ ᠪᠠᠨ ᠪᠢ ᠴᠢᠨᠢ ᠶᠡᠭᠡ ᠰᠤᠷᠭᠠᠭᠤᠯᠢ ᠬᠦᠷᠳᠡᠯ᠎ᠡ ᠶᠠᠪᠤᠭᠤᠯᠵᠦ ᠬᠦᠯ ᠢ ᠨᠢ ᠳᠦᠷᠦᠭᠡᠨ ᠳᠤ ᠭᠠᠷ ᠢ ᠨᠢ ᠭᠠᠨᠵᠤᠭᠠᠨ ᠳᠤ ᠬᠦᠷᠭᠡᠭᠡᠳ ᠤᠳᠤ ᠳᠡᠷᠡ ᠮᠠᠭᠤ ᠦᠬᠦᠯ ᠤᠨ ᠮᠠᠩᠭᠤᠰ ᠲᠤ ᠠᠯᠳᠠᠭᠠᠳ ᠶᠠᠪᠤᠭᠤᠯᠴᠢᠬᠠᠨ᠎ᠠ ᠭᠡᠵᠦ ᠦᠦ ᠭᠡᠵᠦ ᠪᠤᠳᠤᠭᠠᠳ᠄ ︽ᠴᠢᠬᠢᠶᠡᠳᠤᠷᠤᠤ︕ ᠪᠢ ᠬᠦᠮᠦᠨ ᠪᠤᠯᠵᠦ ᠳᠦᠷᠦᠭᠡᠳ ᠬᠦᠵᠦᠬᠦᠦ ᠳᠤᠯᠤᠭᠠᠢ ᠳᠡᠬᠦᠵᠢᠯᠡᠭᠰᠡᠨ ᠠᠴᠠ ᠠᠪᠤᠭᠠᠳ ᠬᠦᠮᠦᠨ ᠳᠤ ᠮᠠᠭᠤ ᠶᠠᠪᠤᠭᠰᠠᠨ ᠨᠢ ᠶᠠᠭᠤ ᠪᠢᠯᠡ᠃ ᠪᠢ ᠭᠡᠳᠡᠭ ᠬᠦᠮᠦᠨ ᠡᠳᠦᠢ ᠪᠤᠯᠳᠠᠯ᠎ᠠ ᠰᠢᠷᠭᠤᠯᠵᠢ ᠶᠢ ᠴᠦ ᠠᠯᠠᠭᠠᠳᠤᠢ ᠰᠢᠥ᠃ ᠠ ᠳᠡᠶᠢᠮᠤ ᠡ᠂ ᠮᠠᠨ ᠤ ᠳᠡᠭᠡᠳᠦᠰ ᠢ ᠶᠡᠭᠡᠯᠡ ᠶᠠᠯ᠎ᠠ ᠲᠠᠢ ᠶᠠᠪᠤᠭᠰᠠᠨ ᠭᠡᠵᠦ ᠬᠠᠷᠢᠶᠠᠵᠦ ᠪᠠᠶᠢᠬᠤ ᠶᠢ ᠳᠡᠷᠡ ᠵᠢᠯ ᠤᠨ ᠰᠠᠮᠠᠭᠤᠨ ᠳᠤ ᠳᠡᠷᠭᠡᠨ ᠤ ᠪᠤᠯᠤ ᠠᠴᠠ ᠤᠶᠠᠭᠳᠠᠵᠦ ᠪᠠᠶᠢᠬᠤ ᠳᠠᠭᠠᠨ ᠰᠤᠨᠤᠰᠤᠭᠰᠠᠨ ᠶᠤᠮ᠃ ᠦᠨᠡᠭᠡᠷ ᠳᠡᠶᠢᠮᠤ ᠭᠡᠨ᠎ᠡ ᠪᠢᠯᠡ᠃ ᠮᠠᠨ ᠤ ᠳᠡᠭᠡᠳᠦᠰ ᠴᠢᠩᠬᠢᠰ ᠪᠤᠭᠳᠠ ᠠᠽᠢᠶ᠎ᠠ ᠡᠸᠦ᠋ᠷᠦᠫᠠ ᠬᠤᠶᠠᠷ ᠳᠢᠪ ᠎ ᠢ ᠰᠤᠨᠳᠠᠯᠠᠨ ᠶᠠᠪᠤᠬᠤ ᠳᠠᠭᠠᠨ ᠯᠠ ᠬᠦᠮᠦᠨ ᠠᠷᠪᠢᠨ ᠠᠯᠠᠭᠰᠠᠨ ᠭᠡᠨ᠎ᠡ ᠪᠢᠯᠡ᠃ ᠬᠡᠨᠭ︕ ᠦᠨᠡᠨ ᠳᠡᠶᠢᠮᠤ ᠪᠠᠷ ᠪᠤᠳᠤᠬᠤ ᠳᠤ ᠳᠡᠷᠡ ᠦᠰ ᠢ ᠦᠬᠦᠯ ᠤᠨ ᠬᠠᠷ᠎ᠠ ᠮᠠᠩᠭᠤᠰ ᠭᠠᠭᠴᠠ ᠨᠠᠳᠠᠳᠠᠢ ᠪᠤᠳᠤᠨ᠎ᠠ ᠦᠦ ᠳ᠋ᠠ᠃ ᠳᠡᠭᠷᠢ ᠭᠠᠵᠠᠷ ᠎ ᠢ ᠳᠤᠩᠰᠤᠯᠭᠠᠭᠰᠠᠨ ᠶᠡᠭᠡ ᠳᠠᠶᠢᠨ ᠳᠤ ᠬᠡᠳᠦᠨ ᠬᠦᠮᠦᠨ ᠦᠬᠦᠬᠦ ᠨᠢ ᠦᠳᠦ ᠬᠤᠷᠤᠬᠠᠢ ᠨᠢᠴᠠᠷᠠᠬᠤ ᠠᠴᠠ ᠦᠭᠡᠷ᠎ᠡ ᠶᠠᠭᠤ ᠪᠢᠯᠡ︾ ᠭᠡᠵᠦ ᠳᠦᠳᠦᠨᠡᠬᠦ ᠨᠢ ᠴᠤᠬᠤᠮ ᠬᠡᠨ ᠳᠡᠭᠡᠨ ᠬᠡᠯᠡᠵᠦ ᠪᠠᠶᠢᠬᠤ ᠶᠢ ᠪᠤᠤ ᠮᠡᠳᠡ᠂ ᠳᠡᠷᠡ ᠬᠠᠭᠠᠯᠭᠠᠨ ᠎ ᠤ ᠬᠠᠴᠠᠷ ᠢ ᠳᠦᠰᠢᠨ ᠵᠤᠭᠰᠤᠪᠠ᠃ ︽ᠪᠢ ᠶᠠᠪᠤᠶ᠎ᠠ᠂ ᠪᠢ ᠶᠠᠪᠤᠶ᠎ᠠ︾ ᠭᠡᠵᠦ ᠫᠠᠭᠪᠠ ᠨᠢᠭᠡ ᠶᠠᠭᠤᠮ᠎ᠠ ᠶᠢ ᠨᠢᠳᠤᠷᠭᠠᠳᠠᠵᠦ ᠪᠠᠶᠢᠪᠠ᠃ ᠫᠠᠭᠪᠠ ᠦᠪᠡᠷ ᠎ ᠢᠶᠠᠨ ᠵᠤᠭᠤᠰᠤᠨ ᠤ ᠪᠢᠴᠢᠬᠠᠨ ᠠᠪᠳᠠᠷ᠎ᠠ ᠶᠢ ᠵᠤᠳᠤᠵᠦ ᠪᠠᠶᠢᠬᠤ ᠶᠢ ᠭᠡᠨᠡᠳᠳᠡ ᠮᠡᠳᠡᠯ᠎ᠡ᠃ ᠫᠠᠭᠪᠠ ᠡᠪᠤᠷ ᠢᠶᠠᠨ ᠳᠡᠮᠳᠡᠷᠬᠢᠯᠠᠨ ᠨᠢᠭᠡᠨ ᠬᠡᠯᠬᠢᠶ᠎ᠠ ᠳᠦᠯᠬᠢᠬᠦᠷ ᠭᠠᠷᠭᠠᠵᠦ ᠪᠢᠴᠢᠬᠠᠨ ᠠᠪᠳᠠᠷ᠎ᠠ ᠪᠠᠨ ᠬᠤᠷᠳ᠋ᠬᠢᠳᠠᠯ᠎ᠠ ᠨᠡᠭᠡᠭᠡᠵᠦ ᠨᠢᠭᠡᠨ ᠪᠠᠭᠯᠠᠭ᠎ᠠ ᠵᠤᠭᠤᠰ ᠡᠪᠦᠷᠳᠦᠯᠡᠪᠡ᠃ ᠫᠠᠭᠪᠠ ᠰᠤᠭᠳᠤᠭᠤ ᠬᠦᠮᠦᠨ ᠰᠢᠭ ᠳᠡᠨᠳᠦᠷ ᠮᠦᠨᠳᠦᠷ ᠭᠡᠭᠰᠡᠭᠡᠷ ᠡᠬᠦᠳᠡᠨ ᠳᠡᠭᠡᠨ ᠬᠦᠷᠦᠭᠡᠳ ᠳᠠᠬᠢᠨ ᠭᠤᠯᠤᠮᠳᠠ ᠤᠷᠤᠭᠤ ᠪᠠᠨ ᠬᠠᠷᠠᠵᠦ ᠦᠵᠡᠭᠡᠳ᠄ ︽ᠪᠢ ᠶᠠᠭᠤᠨ ᠳᠤ ᠭᠡᠬᠦ ᠪᠤᠢ︖ ᠪᠢ ᠶᠠᠭᠤ ᠪᠠᠨ ᠬᠠᠷᠠᠵᠦ ᠰᠠᠭᠤᠬᠤ ᠪᠤᠢ︖ ᠡᠴᠢᠭᠡ ᠶᠢᠨ ᠬᠢᠨᠢ ᠳᠤᠯᠤᠭᠠᠢ ᠡᠬᠦᠨ ᠢ ᠪᠢ ᠪᠦᠷ ᠳᠦᠢᠮᠡᠷᠳᠡᠴᠢᠭᠡᠶ᠎ᠠ᠃ ᠨᠢᠭᠡᠮᠤᠰᠤᠨ ᠦᠨᠡᠰᠦᠨ ᠳᠤᠪᠷᠤᠭ ᠪᠤᠯᠭᠠᠶ᠎ᠠ᠃ ᠳᠡᠭᠡᠭᠡᠳ ᠰᠠᠨᠠᠭ᠎ᠠ ᠠᠮᠠᠷᠠᠶ᠎ᠠ᠃ ᠰᠠᠬᠠᠯ ᠢᠶᠠᠨ ᠵᠠᠰᠠᠶ᠎ᠠ︾ ᠭᠡᠵᠦ ᠡᠷᠦᠢ ᠬᠤᠷᠤᠢ ᠦᠭᠡᠢ ᠶᠠᠷᠢᠵᠦ ᠪᠠᠶᠢᠳᠠᠯ᠎ᠠ ᠨᠢᠭᠡᠨ ᠵᠤᠷᠪᠤᠰ ᠰᠠᠯᠬᠢᠨ ᠳᠡᠬᠦᠨ ᠢ ᠰᠡᠷᠢᠬᠦᠴᠡᠬᠦᠯᠦᠨ ᠤᠬᠠᠭᠠᠨ ᠤᠷᠤᠭᠤᠯᠪᠠ᠃ ᠨᠠᠮᠤᠷ ᠴᠠᠭ ᠤᠨ ᠴᠡᠴᠡᠭ ᠤᠨ ᠦᠨᠦᠷ ᠨᠤᠭᠤᠭᠠᠨ ᠤ ᠦᠨᠦᠷ ᠠᠷᠤ ᠶᠢᠨ ᠠᠭᠤᠯᠠ ᠶᠢᠨ ᠠᠭᠠᠷᠦ ᠽᠠᠨᠳᠠᠨ ᠤ ᠦᠨᠦᠷ ᠢ ᠰᠠᠯᠬᠢ ᠠᠪᠴᠢᠷᠠᠭᠰᠠᠨ ᠪᠤᠯᠤᠯᠳᠠᠢ ᠳᠤᠩ ᠰᠠᠶᠢᠬᠠᠨ ᠰᠠᠨᠠᠭᠳᠠᠪᠠ᠃ ︽ᠭᠡᠨᠭ︕ ᠦᠬᠦᠯ ᠤᠨ ᠴᠢᠳᠬᠦᠷ ᠨᠠᠳᠠ ᠤᠷᠤᠭᠤ ᠠᠮᠠ ᠠᠩᠭᠠᠶᠢᠭᠠᠳ ᠢᠷᠡᠬᠦᠯᠠᠷ ᠳᠡᠷᠡ ᠭᠠᠶᠢᠬᠠᠯ ᠳᠤ ᠴᠢ ᠪᠠᠭᠤᠵᠦ ᠦᠭᠴᠦ ᠪᠠᠶᠢᠭ᠎ᠠ ᠮᠡᠳᠦ ᠦᠪᠡᠷ ᠤᠨ ᠭᠤᠯᠤᠮᠳᠠ ᠪᠠᠨ ᠦᠪᠡᠷ ᠢᠶᠠᠨ ᠬᠠᠷᠠᠯᠠᠭᠤᠯᠬᠤ ᠭᠡᠵᠦ ᠦᠦ︖ ᠪᠤᠯᠬᠤ ᠦᠭᠡᠢ ᠶᠠᠭᠠᠬᠢᠭᠰᠠᠨ ᠴᠦ ᠪᠤᠯᠬᠤ ᠦᠭᠡᠢ︾ ᠭᠡᠵᠦ ᠶᠠᠮᠠᠷ ᠨᠢᠭᠡᠨ ᠬᠦᠮᠤᠨ ᠳᠡᠬᠦᠨ ᠤ ᠴᠢᠬᠢᠨ ᠳᠤ ᠰᠢᠪᠡᠨᠡᠬᠦ‍ ᠰᠢᠭ ᠪᠤᠯᠪᠠ᠃ ᠫᠠᠭᠪᠠ ᠨᠢᠳᠤ ᠡᠷᠬᠦᠨ ᠳᠦᠷᠪᠠᠨ ᠵᠦᠭ ᠢ ᠠᠵᠢᠭᠯᠠᠵᠦ ᠦᠵᠡᠪᠠᠯ ᠶᠠᠭᠤ ᠴᠦ ᠠᠯᠠᠭ᠎ᠠ᠂ ᠭᠠᠭᠴᠠ ᠬᠦ ᠳᠡᠬᠦᠨ ᠤ ᠠᠳᠤᠭᠤᠯᠳᠠᠭ ᠨᠢᠭᠡᠨ ᠰᠦᠷᠦᠭ ᠠᠳᠤᠭᠤ ᠨᠢ ᠬᠤᠯᠠ ᠶᠢᠨ ᠪᠡᠯᠴᠢᠭᠡᠷ ᠲᠤ ᠢᠳᠡᠰᠢᠯᠡᠵᠦ ᠪᠠᠶᠢᠬᠤ ᠬᠠᠷᠠᠭᠳᠠᠨ᠎ᠠ᠃ ᠫᠠᠭᠪᠠ ᠨᠢᠭᠡᠨ ᠤᠬᠠᠭᠠᠨ ᠵᠠᠯᠭᠠᠭᠰᠠᠨ ᠴᠢᠨᠢ ᠬᠤᠰᠢᠭᠤᠨ ᠳᠦᠪ ᠳᠡᠭᠡᠷ᠎ᠡ ᠢᠷᠡᠴᠢᠭᠡᠭᠰᠡᠨ ᠪᠠᠶᠢᠪᠠ᠃ ᠬᠤᠨᠤᠭ ᠤᠨ ᠭᠠᠵᠠᠷ ᠪᠠᠭᠤᠳᠠᠯ ᠤᠨ ᠭᠡᠷ ᠲᠤ ᠡᠪᠦᠷ ᠲᠠᠬᠢ ᠪᠠᠨ ᠬᠢᠴᠢᠶᠡᠶ᠎ᠡ ᠭᠡᠵᠦ ᠪᠤᠳᠤᠭᠠᠳ ᠳᠡᠮᠳᠡᠷᠢᠵᠦ ᠦᠵᠡᠪᠠᠯ ᠳᠡᠷᠡ ᠨᠢ ᠬᠡᠪ ᠢᠶᠠᠷ ᠢᠶᠠᠨ ᠪᠠᠶᠢᠬᠤᠯᠠᠷ ᠰᠠᠨᠠᠭ᠎ᠠ ᠨᠢ ᠤᠡᠭᠭᠤᠶᠢᠬᠤ ᠰᠢᠭ᠋ ᠪᠤᠯᠪᠠ᠃ ᠳᠡᠷᠭᠡᠨ ᠦᠷᠳᠡᠭᠡᠨ ᠳᠤ ᠤᠴᠢᠬᠤ ᠳᠤ ᠳᠡᠬᠦᠨ ᠤ ᠳᠠᠨᠢᠳᠠᠭ ᠨᠢᠭᠡᠨ ᠺᠠᠳ᠋ᠷ ᠲᠠᠢ ᠳᠠᠭᠠᠷᠢᠯᠳᠤᠪᠠ᠃ ᠫᠠᠭᠪᠠ ᠭᠠᠭᠴᠠᠮᠤᠰᠤᠨ ᠦᠰᠦᠷᠴᠦ ᠤᠴᠢᠭᠠᠳ ᠳᠡᠬᠦᠨ ᠢ ᠪᠠᠵᠠᠭᠳᠠᠨ ᠠᠪᠤᠭᠠᠳ᠄ ︽ᠴᠢ ᠨᠠᠳᠠᠳᠤ ᠬᠡᠯᠡᠵᠦ ᠦᠭ᠂ ᠮᠢᠨᠤ ᠬᠦᠦ ᠴᠤᠬᠤᠮ ᠶᠠᠭᠠᠬᠢᠪᠠ︖ ᠡᠷᠳᠡᠮ ᠨᠤᠮ ᠰᠤᠷᠴᠦ ᠪᠠᠶᠢᠭ᠎ᠠ ᠬᠦᠮᠦᠨ ᠰᠢᠦ᠂ ᠮᠠᠨ ᠤ ᠭᠡᠳᠡᠭ ᠠᠶᠢᠯ ᠬᠡᠳᠦᠨ ᠦᠶ᠎ᠠ ᠪᠠᠷ ᠢᠶᠠᠨ ᠰᠤᠬᠤᠷ ᠶᠠᠪᠤᠭᠰᠠᠨ᠂ ᠤᠳᠤ ᠰᠠᠶ᠋ᠢ ᠨᠢᠳᠤ ᠪᠠᠨ ᠨᠡᠭᠡᠭᠡᠬᠦᠯᠠᠷ ᠦᠬᠦᠯ ᠤᠨ ᠬᠠᠷ᠎ᠠ ᠮᠠᠩᠭᠤᠰ ᠬᠦᠦ ᠤᠷᠤᠭᠤ ᠮᠢᠨᠢ ᠁︾ ᠭᠡᠳ ᠵᠢᠭᠤᠷᠠᠯᠳᠤᠬᠤ ᠳᠤ ᠳᠡᠷᠡ ᠺᠠᠳ᠋ᠷ ᠰᠤᠴᠢᠨ ᠬᠡᠯᠮᠡᠭᠳᠡᠵᠦ᠄ ︽ᠲᠠ ᠴᠢᠨᠢ ᠰᠤᠯᠢᠶᠠᠷᠠᠴᠢᠬᠠᠪᠠ ᠦᠦ︖ ᠶᠠᠭᠤ ᠶᠠᠷᠢᠵᠦ ᠪᠠᠶᠢᠬᠤ ᠶᠤᠮ᠃ ᠬᠤᠳᠠᠯ ᠪᠠᠶᠢᠯᠬᠦᠢ ᠳ᠋ᠠ᠂ ᠯᠠᠪ ᠬᠤᠳᠠᠯ ᠶᠤᠮ᠃ ᠲᠠᠨ ᠤ ᠪᠡᠶ᠎ᠡ ᠴᠢᠨᠢ ᠵᠦᠭᠡᠷ ᠦᠦ︖︾ ᠭᠡᠵᠦ ᠬᠡᠯᠡᠭᠡᠳ ᠫᠠᠭᠪᠠ ᠶᠢ ᠯᠠᠪᠯᠠᠨ ᠬᠠᠷᠠᠪᠠᠯ᠂ ᠨᠢᠳᠤ ᠨᠢ ᠠᠶᠠᠭᠠᠨ ᠴᠢᠨᠡᠭᠡᠨ ᠪᠤᠯᠵᠦ ᠴᠠᠭᠠᠨ ᠨᠢᠳᠤ ᠨᠢ ᠤᠪ ᠤᠯᠠᠭᠠᠨ᠂ ᠬᠠᠷ᠎ᠠ ᠨᠢᠳᠤ ᠨᠢ ᠪᠤᠯᠠᠩᠬᠢᠷᠳᠤᠭᠠᠳ ᠰᠤᠷᠮᠤᠤᠰᠤ ᠨᠢ ᠨᠢᠯᠪᠤᠰᠤᠨ ᠳᠤ ᠳᠡᠪᠳᠦᠭᠡᠳ ᠵᠤᠪᠬᠢ ᠨᠢ ᠬᠦᠷᠳᠡᠯ᠎ᠡ ᠤᠯᠠᠶᠢᠵᠠᠢ᠃ ᠳᠡᠬᠦᠨ ᠢ ᠪᠠᠵᠠᠭᠳᠠᠭᠰᠠᠨ ᠭᠠᠷ ᠨᠢ ᠳᠠᠯᠪᠢᠬᠤ ᠶᠢ ᠮᠡᠳᠡᠬᠦ ᠦᠭᠡᠢ ᠵᠢᠭᠤᠷᠠᠭᠰᠠᠨ ᠪᠦᠭᠡᠳ ᠳᠠᠬᠢᠭᠠᠳ ᠵᠢᠭᠠᠬᠠᠨ ᠳᠠᠪᠰᠢᠭᠤᠯᠪᠠᠯ ᠳᠡᠬᠦᠨ ᠢ ᠨᠢᠴᠠᠯᠠᠮᠠᠷ ᠰᠢᠬᠠᠭᠤ ᠪᠠᠶᠢᠨ᠎ᠠ᠃ ᠳᠡᠷᠡ ᠺᠠᠳ᠋ᠷ ᠳᠤᠳᠤᠷ᠎ᠠ ᠪᠠᠨ ᠬᠦᠮᠦᠨ ᠭᠠᠯᠵᠠᠭᠤᠷᠠᠪᠠᠯ ᠡᠶᠢᠮᠤ ᠪᠠᠶᠢᠳᠠᠭ ᠭᠡᠵᠦ ᠰᠤᠨᠤᠰᠤᠭᠰᠠᠨ ᠪᠠᠶᠢᠵᠠᠢ᠃ ᠳᠡᠷᠡ ᠪᠠᠶᠢᠳᠠᠭ ᠬᠦᠴᠦ ᠪᠠᠨ ᠭᠠᠷᠭᠠᠵᠦ ᠨᠢᠭᠡ ᠯᠠ ᠳᠤᠭᠳᠤᠷᠠᠭᠠᠳ ᠡᠪᠦᠭᠡᠨ ᠤ ᠭᠠᠷ ᠢ ᠠᠯᠳᠠᠭᠤᠯᠤᠨ ᠭᠡᠷ ᠵᠦᠭ ᠢᠶᠠᠨ ᠳᠠᠯ᠎ᠠ ᠶᠢᠨ ᠬᠦᠷᠦᠭᠡᠰᠦ ᠰᠢᠭ ᠵᠢᠷᠪᠢᠭᠡᠨᠡᠨ ᠬᠦᠶᠦᠪᠠ᠃ ᠫᠠᠭᠪᠠ ᠳᠡᠬᠦᠨ ᠤ ᠠᠷᠤ ᠠᠴᠠ ᠪᠤᠷᠪᠢᠳᠠᠨ ᠬᠦᠭᠡᠭᠡᠵᠦ ᠬᠦᠢᠴᠡᠮᠡᠷ ᠬᠦᠢᠴᠡᠮᠡᠷ ᠪᠤᠯᠤᠭᠠᠳ ᠭᠡᠨᠡᠳᠳᠡ᠄ ︽ᠡᠨᠡ ᠬᠦᠮᠦᠨ ᠰᠠᠶ᠋ᠢ ᠶᠠᠭᠤ ᠭᠡᠯ᠎ᠡ ᠳ᠋ᠠ᠂ ᠬᠤᠳᠠᠯ ᠭᠡᠪᠡ ᠦᠦ᠂ ᠵᠠ ᠳ᠋ᠠ᠂ ᠶᠠᠭᠤᠨ ᠰᠠᠶᠢᠨ ᠶᠤᠮ᠂ ᠬᠤᠳᠠᠯ ᠯᠠ ᠪᠤᠯᠤᠭᠠᠰᠠᠢ︕ ᠳᠡᠭᠡᠪᠡᠯ ᠰᠠᠶᠢᠨ᠂ ᠳᠡᠭᠡᠪᠡᠯ ᠦᠨᠡᠭᠡᠷ ᠰᠠᠶᠢᠨ ᠳ᠋ᠠ᠂ ᠪᠢ ᠳᠡᠶᠢᠮᠤ ᠶᠢ ᠯᠠ ᠬᠦᠰᠡᠵᠦ ᠪᠠᠶᠢᠨ᠎ᠠ᠂ ᠪᠢ ᠳᠡᠶᠢᠮᠤ ᠶᠢ ᠯᠠ ᠬᠦᠰᠡᠵᠦ ᠪᠠᠶᠢᠨ᠎ᠠ︾ ᠭᠡᠵᠦ ᠳᠦᠳᠦᠨᠡᠭᠡᠳ ᠠᠯᠬᠤᠮ ᠵᠤᠭᠰᠤᠵᠦ ᠬᠤᠶᠢᠰᠢ ᠡᠷᠬᠢᠪᠠ᠃ ᠳᠡᠷᠭᠡᠨ ᠦᠷᠳᠡᠭᠡᠨ ᠤ ᠴᠤᠩᠬᠤᠨ ᠳᠡᠭᠡᠷ᠎ᠡ ᠪᠧᠯᠧᠲ ᠠᠪᠬᠤ ᠬᠦᠮᠦᠨ ᠤᠪᠤᠭᠠᠷᠠᠵᠦ ᠪᠠᠶᠢᠪᠠ᠃ ᠫᠠᠭᠪᠠ ᠦᠨᠳᠤᠷ ᠳᠠᠭᠤ ᠪᠠᠷ᠄ ︽ᠲᠠ ᠨᠠᠷ ᠵᠠᠶᠢᠯᠠᠵᠦ ᠪᠠᠢ᠂ ᠪᠢ ᠤᠷᠢᠳᠠᠪᠠᠷ ᠠᠪᠤᠶ᠎ᠠ᠂ ᠲᠠ ᠨᠠᠷ ᠨᠠᠮᠠᠢᠢ ᠬᠠᠷᠠᠭᠠᠯᠵᠠᠨ ᠦᠷᠦᠰᠢᠶᠡᠭᠡᠷᠠᠢ︕ ᠲᠠ ᠨᠠᠷ ᠵᠠᠶᠢᠯᠠᠵᠦ ᠪᠠᠢ ᠭᠡᠮ ᠳ᠋ᠠ᠂ ᠬᠠ ᠬᠦ᠋ ᠶᠠᠭᠠᠬᠢᠭᠰᠠᠨ ᠦᠭᠡ ᠬᠠᠮᠠᠷ ᠮᠡᠳᠡᠳᠡᠭ ᠦᠭᠡᠢ ᠤᠯᠤᠰ ᠤᠳ ᠪᠤᠢ︾ ᠭᠡᠵᠦ ᠪᠠᠷᠬᠢᠷᠠᠬᠤ ᠳᠤ ᠦᠨᠦᠬᠢ ᠪᠦᠭᠡᠮᠨᠡᠷᠡᠵᠦ ᠪᠠᠶᠢᠭᠰᠠᠨ ᠤᠯᠤᠰ ᠤᠳ ᠬᠤᠶᠠᠷ ᠳᠡᠰᠢ ᠪᠠᠨ ᠬᠠᠭᠠᠷᠠᠪᠠ᠃ ᠪᠧᠯᠧᠲ ᠬᠤᠳᠠᠯᠳᠤᠭᠴᠢ ᠭᠠᠶᠢᠬᠠᠭᠰᠠᠨ ᠮᠠᠶ᠋ᠢᠭᠳᠠᠢ ᠪᠠᠷ ᠵᠠᠮ ᠮᠦᠷ ᠢ ᠨᠢ ᠠᠰᠠᠭᠤᠵᠦ  ᠪᠧᠯᠧᠲ ᠢ ᠨᠢ ᠬᠤᠳᠠᠯᠳᠤᠨ ᠦᠭᠪᠠ᠃ ᠡᠳᠡᠨᠤᠰ ᠶᠠᠭᠠᠬᠢᠭᠠᠳ ᠨᠠᠳᠠᠳᠤ ᠡᠶᠢᠮᠤ ᠠᠮᠠᠷᠬᠠᠨ ᠵᠠᠶᠢᠯᠠᠭᠠᠳ ᠦᠭᠴᠢᠭᠡᠪᠡ ᠳ᠋ᠠ᠂ ᠯᠠᠪ ᠮᠢᠨᠤ ᠬᠦᠦ ᠶᠢᠨ ᠳᠤᠬᠠᠢ ᠯᠠᠪᠳᠠᠢ ᠮᠡᠳᠡᠭᠡ ᠰᠤᠨᠤᠰᠤᠭᠠᠳ ᠡᠪᠦᠭᠡᠨ ᠨᠠᠮᠠᠢᠢ ᠦᠷᠦ ᠡᠪᠡᠳᠦᠨ ᠨᠠᠶᠢᠷ ᠳᠠᠯᠪᠢᠯ᠎ᠠ ᠪᠠᠶᠢᠬᠤ ᠡ︕ ᠡᠰᠡᠬᠦᠯ᠎ᠠ ᠮᠢᠨᠤ ᠪᠦᠳᠦᠬᠦᠨ ᠳᠠᠭᠤᠨ ᠳᠤ ᠰᠦᠷᠳᠡᠪᠡ ᠦᠦ︖ ᠠ︕ ᠳᠡᠶᠢᠮᠤ ᠰᠢᠥ᠃ ᠮᠠᠨ ᠤ ᠳᠡᠭᠡᠳᠦᠰ ᠪᠤᠯ ᠶᠡᠭᠡ ᠳᠠᠭᠤ ᠲᠠᠢ ᠳᠤᠮᠤ ᠡᠷ᠎ᠡ ᠪᠠᠶᠢᠵᠦ ᠭᠡᠨ᠎ᠡ ᠪᠢᠯᠡ᠃ ᠠᠷᠪᠠᠨ ᠳᠦᠮᠡᠨ ᠴᠡᠷᠢᠭ ᠢ ᠠᠷᠪᠠᠨ ᠬᠤᠷᠤᠭᠤ ᠪᠠᠨ ᠳᠠᠷᠤᠵᠦ ᠳᠤᠭᠠᠯᠠᠭᠠᠳ ᠬᠤᠷᠤᠮᠬᠠᠨ ᠵᠠᠭᠤᠷ᠎ᠠ ᠴᠤᠭᠯᠠᠭᠤᠯᠳᠠᠭ ᠶᠤᠮ ᠭᠡᠨ᠎ᠡ ᠪᠢᠯᠡ ᠭᠡᠵᠦ ᠪᠤᠳᠤᠭᠠᠳ ᠳᠡᠬᠦᠨ ᠢᠶᠠᠨ ᠢᠯᠠ ᠭᠠᠷᠭᠠᠵᠦ ᠬᠡᠯᠡᠭᠰᠡᠨ ᠦᠭᠡᠢ᠃ ᠡᠴᠦᠰ ᠤᠨ ᠡᠴᠦᠰ ᠲᠡᠭᠡᠨ ᠫᠠᠭᠪᠠ ᠬᠤᠯᠠ ᠶᠢᠨ ᠠᠶᠠᠨ ᠢ ᠳᠤᠭᠤᠯᠵᠦ ᠦᠪᠡᠷ ᠤᠨ ᠵᠤᠷᠢᠭᠰᠠᠨ ᠭᠠᠵᠠᠷ ᠲᠠᠭᠠᠨ ᠢᠷᠠᠯ᠎ᠠ᠃ ᠬᠤᠳᠠ ᠶᠢᠨ ᠬᠦᠯ ᠦᠢᠮᠡᠭᠡᠨ ᠭᠡᠵᠦ ᠠᠶᠢᠬᠤᠪᠳᠤᠷ ᠶᠤᠮ᠃ ᠵᠠᠮ ᠪᠠᠭᠳᠠᠬᠤ ᠦᠭᠡᠢ ᠴᠢᠬᠢᠯᠳᠦᠭᠰᠡᠨ ᠬᠦᠮᠦᠰ ᠡᠪᠦᠭᠡᠨ ᠫᠠᠭᠪᠠ ᠳᠤ ᠦᠴᠦᠭᠡᠨ ᠴᠦ ᠨᠠᠶᠢᠷ ᠳᠠᠯᠪᠢᠬᠤ ᠦᠭᠡᠢ ᠪᠠᠶᠢᠯ᠎ᠠ᠃ ᠫᠠᠭᠪᠠ ᠳᠤᠨᠤᠯᠵᠢᠨ ᠵᠠᠮ ᠳᠡᠭᠡᠷ᠎ᠡ ᠵᠠᠢ ᠭᠠᠷᠬᠤ ᠶᠢ ᠬᠠᠭᠠᠰ ᠡᠳᠦᠷ ᠬᠦᠯᠢᠶᠡᠭᠰᠡᠨ ᠪᠤᠯᠪᠠᠴᠦ ᠳᠡᠬᠦᠨ ᠳᠤ ᠨᠠᠶᠢᠷ ᠬᠠᠶᠠᠭᠰᠠᠨ ᠬᠦᠮᠦᠨ ᠨᠢᠭᠡ ᠴᠦ ᠭᠠᠷᠤᠭᠰᠠᠨ ᠦᠭᠡᠢ᠂ ᠫᠠᠭᠪᠠ ᠠᠷᠭ᠎ᠠ ᠶᠠᠳᠠᠬᠤ ᠳᠠᠭᠠᠨ ᠶᠠᠭᠠᠬᠢᠬᠤ ᠪᠢᠯᠡ ᠭᠡᠵᠦ ᠮᠡᠭᠡᠶᠢᠷᠡᠵᠦ ᠪᠠᠶᠢᠳᠠᠯ᠎ᠠ ᠨᠢᠭᠡᠨ ᠬᠦᠮᠦᠨ ᠬᠠᠵᠠᠭᠤ ᠠᠴᠠ ᠨᠢ ᠨᠤᠳᠤᠷᠴᠦ ᠬᠠᠮᠢᠭ᠎ᠠ ᠤᠴᠢᠬᠤ ᠶᠤᠮ ᠳᠡᠷᠭᠡᠨ ᠳᠤ ᠰᠠᠭᠤᠬᠤ ᠦᠭᠡᠢ ᠦᠦ ᠭᠡᠵᠦ ᠠᠰᠠᠭᠤᠬᠤ ᠳᠤ ᠡᠪᠦᠭᠡᠨ᠂ ᠬᠦᠦ ᠶᠢᠨ ᠢᠶᠠᠨ ᠠᠳᠠᠷᠠᠰ ᠢ ᠭᠠᠷᠭᠠᠵᠦ ᠳᠡᠬᠦᠨ ᠳᠤ ᠦᠵᠡᠬᠦᠯᠬᠦ ᠳᠤ ᠳᠡᠷᠡ ᠳᠠᠪᠤᠨ ᠬᠤᠷᠤᠭᠤ ᠪᠠᠨ ᠭᠠᠷᠭᠠᠵᠦ ᠪᠠᠶᠢᠭ᠎ᠠ ᠨᠢ ᠯᠠᠪ ᠯᠠ ᠳᠠᠪᠤᠨ ᠳᠦᠬᠦᠷᠢᠭ ᠠᠪᠤᠨ᠎ᠠ ᠭᠡᠵᠦ ᠪᠠᠶᠢᠨ᠎ᠠ ᠭᠡᠵᠦ ᠮᠡᠳᠡᠭᠡᠳ ᠳᠤᠯᠤᠭᠠᠢ ᠳᠤᠬᠢᠨ ᠵᠦᠪᠰᠢᠶᠡᠷᠡᠪᠡ᠃ ᠫᠠᠭᠪᠠ ᠶᠢ ᠶᠡᠭᠡ ᠰᠤᠷᠭᠠᠭᠤᠯᠢ ᠶᠢᠨ ᠡᠬᠦᠳᠡᠨ ᠳᠡᠭᠡᠷ᠎ᠡ ᠪᠠᠭᠤᠯᠭᠠᠯ᠎ᠠ᠃ ᠬᠡᠳᠦᠨ ᠡᠳᠦᠷ ᠤᠨ ᠵᠠᠮ ᠤᠨ ᠵᠦᠳᠡᠷᠡᠯ ᠎ ᠠᠴᠠ ᠪᠤᠯᠵᠦ ᠡᠪᠦᠭᠡᠨ ᠫᠠᠭᠪᠠ ᠶᠢᠨ ᠴᠢᠰᠤᠨ ᠳᠠᠷᠤᠯᠳᠠ ᠨᠢ ᠳᠡᠭᠡᠭᠰᠢᠯᠡᠵᠦ ᠦᠨᠳᠤᠷ ᠠᠰᠠᠷ ᠤᠨ ᠡᠮᠤᠨ᠎ᠠ ᠮᠠᠨᠠᠷᠠᠨ ᠤᠨᠠᠪᠠ᠃ ︽ᠬᠠᠮᠢᠭᠠᠬᠢ ᠡᠪᠦᠭᠡᠨ ᠪᠤᠯᠴᠢᠬᠠᠪᠠ︖︾ ︽ᠰᠤᠯᠢᠶ᠎ᠠ ᠤᠯᠢᠶ᠎ᠠ ᠲᠠᠢ ᠬᠦᠮᠦᠨ ᠴᠦ ᠶᠤᠮ ᠦᠦ︖︾ ︽ᠶᠠᠭᠤ ᠪᠤᠯᠤᠭᠰᠠᠨ ᠴᠦ ᠭᠡᠷ ᠲᠤ ᠤᠷᠤᠭᠤᠯᠤᠭᠠᠳ ᠴᠠᠢ ᠤᠰᠤ ᠤᠤᠭᠤᠯᠭᠠᠵᠦ ᠰᠡᠷᠭᠦᠭᠡᠭᠡᠳ ᠠᠰᠠᠭᠤᠶ᠎ᠠ︕︾ ᠬᠡᠳᠦᠨ ᠰᠤᠷᠤᠭᠴᠢ ᠬᠠᠮᠵᠢᠯᠴᠠᠨ ᠡᠪᠦᠭᠡᠨ ᠢ ᠪᠠᠶᠢᠷᠢ ᠶᠢᠨ ᠭᠡᠷ ᠲᠤ ᠤᠷᠤᠭᠤᠯᠤᠨ ᠬᠡᠪᠳᠡᠬᠦᠯᠦᠭᠡᠳ ᠬᠠᠯᠪᠠᠭ᠎ᠠ ᠬᠠᠯᠪᠠᠭ᠎ᠠ ᠪᠠᠷ ᠤᠰᠤ ᠤᠤᠭᠤᠯᠭᠠᠵᠦ ᠰᠡᠭᠡᠭᠡᠷᠡᠬᠦᠯᠦᠨ ᠠᠰᠠᠭᠤᠭᠰᠠᠨ ᠴᠢᠨᠢ᠄ ︽ᠮᠢᠨᠤ ᠬᠦᠦ ᠴᠤᠬᠤᠮ ᠶᠠᠭᠠᠬᠢᠪᠠ︖︾ ︽ᠲᠠᠨ ᠤ ᠬᠦᠦ ᠴᠢᠨᠢ ᠬᠡᠨ ᠭᠡᠳᠡᠭ ᠪᠤᠢ︖︾ ︽ᠠᠷᠰᠯᠠᠨ︾ ︽ᠠ︕ ᠲᠠ ᠴᠢᠨᠢ ᠳᠡᠭᠡᠪᠡᠯ ᠠᠷᠰᠯᠠᠨ ᠤ ᠠᠪᠤ ᠨᠢ ᠪᠠᠶᠢᠨ᠎ᠠ ᠰᠢᠳᠠ︾ ᠭᠡᠵᠦ ᠨᠢᠭᠡᠨ ᠵᠠᠯᠠᠭᠤ ᠳᠠᠭᠤ ᠠᠯᠳᠠᠪᠠ᠃ ᠡᠪᠦᠭᠡᠨ ᠤ ᠴᠢᠷᠠᠢ ᠬᠤᠵᠠᠶᠢᠭᠠᠳ ᠰᠠᠬᠠᠯ ᠨᠢ ᠨᠢᠭᠡ ᠨᠢᠭᠡ ᠪᠠᠷ ᠢᠶᠠᠨ ᠰᠠᠷᠪᠠᠶᠢᠨ ᠪᠤᠰᠤᠯ᠎ᠠ᠃ ᠬᠤᠶᠠᠷ ᠨᠢᠳᠤᠨ ᠠᠴᠠ ᠎ ᠨᠢ ᠭᠡᠷᠡᠯ ᠳᠤᠸᠠᠯᠠᠬᠤ ᠰᠢᠭ᠋ ᠪᠤᠯᠤᠭᠠᠳ ᠳᠦᠪ ᠳᠦᠬᠦᠷᠢᠭ ᠪᠤᠯᠤᠨ ᠪᠦᠯᠳᠡᠶᠢᠨ ᠳᠤᠭᠳᠠᠯ᠎ᠠ᠃ ︽ᠠᠪᠤ ᠲᠠ ᠪᠤᠤ ᠰᠠᠨᠳᠤᠷᠠ︾ ᠭᠡᠵᠦ ᠪᠤᠭᠤᠨᠢᠪᠳᠤᠷ ᠪᠡᠶ᠎ᠡ ᠲᠠᠢ ᠨᠢᠭᠡᠨ ᠵᠠᠯᠠᠭᠤ ᠡᠪᠦᠭᠡᠨ ᠳᠤ ᠬᠡᠯᠡᠪᠡ᠃ ᠡᠪᠦᠭᠡᠨ ᠭᠡᠷ ᠲᠤ ᠪᠠᠶᠢᠭ᠎ᠠ ᠬᠦᠮᠦᠰ ᠢ ᠨᠢᠳᠤ ᠰᠠᠯᠭᠠᠯ ᠦᠭᠡᠢ ᠰᠢᠷᠳᠡᠭᠡᠳ᠄ ︽ᠮᠢᠨᠤ ᠬᠦᠦ ᠴᠤᠬᠤᠮ ᠶᠠᠭᠠᠬᠢᠪᠠ︖︾ ᠭᠡᠵᠦ ᠠᠰᠠᠭᠤᠯ᠎ᠠ᠃ ︽ᠬᠦᠦ ᠴᠢᠨᠢ ᠬᠦᠨᠳᠤ ᠡᠪᠡᠳᠴᠢᠯᠠᠯ᠎ᠠ᠃ ᠭᠡᠬᠦ ᠳᠡᠭᠡᠨ ᠳᠡᠶᠢᠮᠤ ᠬᠦᠨᠳᠤ ᠪᠢᠰᠢ ᠶᠤᠮ᠃ ᠬᠠᠯᠠᠭᠤᠨ ᠬᠦᠢᠳᠡᠨ ᠬᠠᠷᠰᠢᠭᠰᠠᠨ ᠠᠴᠠ ᠪᠤᠯᠵᠦ ᠠᠷᠪᠠᠭᠠᠳ ᠡᠳᠦᠷ ᠭᠡᠪᠳᠡᠭᠰᠡᠨ ᠶᠤᠮ᠃ ᠰᠡᠬᠦᠯᠡᠷ ᠨᠢ ᠦᠯᠭᠡᠨ ᠰᠠᠯᠭᠠᠨ ᠬᠤᠶᠠᠷ ᠰᠠᠷ᠎ᠠ ᠢᠯᠡᠬᠦᠦ ᠶᠠᠪᠤᠯ᠎ᠠ᠃ ᠭᠡᠨᠡᠳᠳᠡ ᠨᠢᠭᠡᠨ ᠡᠳᠦᠷ ᠰᠦᠷᠡᠭᠡᠢ ᠬᠠᠯᠠᠭᠤᠷᠠᠭᠠᠳ ᠪᠢᠳᠡ ᠪᠦᠬᠦᠳᠡᠭᠡᠷ ᠢᠶᠠᠨ ᠡᠮᠨᠡᠯᠭᠡ ᠳᠤ ᠬᠦᠷᠭᠡᠨ ᠦᠭᠴᠦ ᠰᠠᠭᠤᠯᠭᠠᠬᠤ ᠳᠤ ᠡᠮᠴᠢ ᠠᠶᠤᠮᠰᠢᠭᠳᠠᠢ ᠭᠡᠰᠡᠨ ᠦᠭᠡ ᠬᠡᠯᠡᠭᠡᠳ ᠠᠪᠬᠤᠯᠠᠷ ᠪᠢᠳᠡ ᠲᠠᠨ ᠳᠤ ᠴᠠᠬᠢᠯᠭᠠᠨ ᠮᠡᠳᠡᠭᠡ ᠶᠠᠪᠤᠭᠤᠯᠤᠭᠰᠠᠨ ᠶᠤᠮ᠃ ᠳᠠᠷᠠᠭᠠᠬᠠᠨ ᠨᠢ ᠭᠠᠶᠢᠭᠤᠢ ᠪᠤᠯᠬᠤ ᠳᠤ ᠪᠢᠳᠡ ᠪᠠᠰᠠ ᠭᠠᠶᠢᠭᠤᠢ ᠪᠤᠯᠴᠢᠬᠠᠯ᠎ᠠ ᠭᠡᠳ ᠴᠠᠬᠢᠯᠭᠠᠨ ᠮᠡᠳᠡᠭᠡ ᠶᠠᠪᠤᠭᠤᠯᠤᠭᠰᠠᠨ ᠰᠢᠦ᠃ ᠳᠡᠷᠡ ᠦᠶ᠎ᠠ ᠳᠤ ᠲᠠ ᠨᠢᠭᠡᠨᠳᠡ ᠭᠠᠷᠤᠭᠠᠳ ᠢᠷᠠᠵᠦ ᠰᠢᠦ᠃ ᠨᠠᠰᠤᠳᠠᠨ ᠢ ᠰᠤᠴᠢᠭᠠᠴᠢᠬᠠᠯ᠎ᠠ︾ ᠭᠡᠵᠦ ᠬᠡᠯᠡᠬᠦ ᠳᠤ ᠫᠠᠭᠪᠠ᠄ ︽ᠳᠡᠭᠡᠭᠡᠳ ᠬᠦᠦ ᠮᠢᠨᠢ ᠬᠠᠮᠢᠭ᠎ᠠ ᠪᠠᠶᠢᠨ᠎ᠠ ᠪᠤᠢ︖︾ ︽ᠡᠮᠨᠡᠯᠭᠡ ᠳᠤ ᠪᠠᠶᠢᠨ᠎ᠠ᠃ ᠤᠳᠤ ᠢᠯᠡᠷᠡᠢ ᠪᠤᠯᠬᠤ ᠵᠦᠭ ᠲᠡᠭᠡᠨ ᠬᠠᠨᠳᠤᠭᠰᠠᠨ ᠰᠢᠥ︾ ᠭᠡᠵᠦ ᠨᠢᠭᠡᠨ ᠵᠠᠯᠠᠭᠤ ᠬᠡᠯᠡᠬᠦ ᠳᠤ ᠫᠠᠭᠪᠠ᠄ ︽ᠠ ᠳᠡᠶᠢᠮᠤ ᠦᠦ︖ ᠳᠡᠶᠢᠮᠤ ᠯᠠ ᠪᠠᠶᠢᠬᠤ ᠶᠤᠰᠤᠳᠠᠢ ᠳ᠋ᠠ᠃ ᠮᠢᠨᠤ ᠬᠦᠦ ᠭᠠᠯ ᠭᠤᠯᠤᠮᠳᠠ ᠵᠠᠯᠭᠠᠮᠵᠢᠯᠠᠬᠤ ᠶᠤᠰᠤᠳᠠᠢ ᠰᠢᠥ᠃ ᠳᠡᠷᠡ ᠪᠤᠯ ᠮᠢᠨᠤ ᠠᠮᠢ ᠭᠤᠤᠯ ᠮᠥᠨ︾ ᠭᠡᠵᠦ ᠫᠠᠭᠪᠠ ᠡᠪᠦᠭᠡᠨ ᠬᠡᠯᠡᠭᠡᠳ ᠬᠦᠷᠠᠯ ᠬᠦᠮᠦᠨ ᠰᠢᠭ᠋ ᠬᠦᠯᠢᠷᠠᠨ ᠵᠤᠭᠰᠤᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号