ᠰᠢᠯᠤᠭᠤᠨ ᠬᠥᠪᠡᠭᠡᠲᠥ ᠴᠠᠭᠠᠨ ᠬᠤᠰᠢᠭᠤ ︽ᠬᠤᠨᠢ ᠶᠢ ᠴᠥᠭᠡᠴᠢᠯᠡᠨ ᠥᠭᠡᠷ ᠢ ᠨᠡᠮᠡᠭᠳᠡᠬᠦᠯᠬᠦ︾᠂ ︽ᠠᠵᠤ | ᠠᠬᠤᠢ ᠶᠢᠨ ᠲᠠᠷᠢᠮᠠᠯ ᠤᠨ ᠲᠥᠷᠥᠯ ᠵᠥᠢᠯ ᠤᠨ ᠪᠥᠲᠥᠴᠡ ᠶᠢ ᠰᠢᠯᠢᠲᠡᠭᠵᠢᠬᠦᠯᠥᠨ ᠲᠡᠵᠢᠭᠡᠯ ᠪᠤᠷᠲᠤᠭᠠᠨ ᠤ ᠲᠠᠷᠢᠮᠠᠯ | ᠲᠠᠷᠢᠬᠤ ᠶᠢ ᠥᠷᠭᠡᠳᠭᠡᠬᠦ︾ ᠪᠠᠶᠢᠯᠲᠤᠬᠤ ᠪᠤᠲᠤᠯᠭ᠎ᠠ ᠶᠢᠨ ᠲᠤᠭᠤᠷᠢᠨ ᠳᠤ ᠰᠢᠯᠢᠳᠡᠭ ᠡᠬᠦᠯᠲᠡᠷ ᠤᠨ ᠮᠢᠬᠠᠨ ᠤ ᠥᠭᠡᠷ | ᠂ ᠴᠠᠬᠠᠷ ᠬᠤᠨᠢ᠂ ᠤᠨᠴᠠᠯᠢᠬᠲᠤ ᠲᠠᠷᠢᠮᠠᠯ ᠵᠡᠷᠭᠡ ᠭᠤᠷᠪᠠᠨ ᠲᠤᠮᠤ ᠠᠵᠤ ᠥᠢᠯᠡᠰ ᠢ ᠴᠢᠷᠮᠠᠶᠢᠨ ᠬᠥᠭᠵᠢᠬᠦᠯᠵᠥ᠂ | ᠪᠥᠬᠦ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠬᠠᠨᠭ᠍ᠭᠠᠯᠭ᠎ᠠ ᠶᠢᠨ ᠲᠠᠯ᠎ᠠ ᠶᠢᠨ ᠪᠥᠲᠥᠴᠡ ᠶᠢᠨ ᠴᠢᠨᠠᠷᠲᠠᠢ | ᠥᠭᠡᠷᠡᠴᠢᠯᠡᠯᠲᠡ ᠶᠢ ᠬᠥᠲᠥᠯᠥᠨ ᠲᠠᠭᠠᠭᠤᠯᠵᠥ᠂ ᠲᠠᠷᠢᠶᠠᠯᠠᠩ ᠮᠠᠯ ᠠᠵᠤ ᠠᠬᠤᠢ ᠶᠢᠨ ᠴᠢᠨᠠᠷ ᠰᠠᠶᠢᠲᠠᠢ | ᠬᠥᠭᠵᠢᠯᠲᠡ ᠶᠢ ᠪᠥᠬᠦ ᠬᠥᠴᠥᠨ ᠢᠶᠠᠷ ᠠᠬᠢᠭᠤᠯᠵᠥ᠂ ᠤᠲᠤᠬᠢᠴᠢᠯᠠᠭᠰᠠᠨ ᠮᠠᠯ ᠠᠵᠤ ᠠᠬᠤᠢ ᠶᠢ ᠲᠤᠭᠲᠠᠭᠤᠨ ᠢᠶᠠᠷ | ᠬᠥᠭᠵᠢᠬᠦᠯᠵᠥ ᠪᠠᠶᠢᠨ᠎ᠠ᠃ | ᠪᠤᠯᠠᠭᠠᠨᠲᠤᠬᠤᠢ ᠰᠤᠮᠤ ᠶᠢᠨ ᠥᠵᠡᠩᠲᠡᠢ ᠭᠠᠴᠠᠭᠠᠨ ᠤ ᠮᠠᠯᠴᠢᠨ ᠡᠷᠲᠡᠨᠢᠪᠢᠯᠢᠭ ᠤᠨ ᠬᠢ ᠭᠤᠷᠪᠠᠨ ᠠᠮᠠ | ᠪᠥᠯᠢ ᠲᠠᠢ ᠪᠠᠶᠢᠵᠥ᠂ ᠥᠪᠡᠷ ᠤᠨ 500 ᠭᠠᠷᠤᠢ ᠮᠥ ᠨᠤᠲᠤᠭ ᠪᠡᠯᠴᠢᠭᠡᠷ ᠲᠡᠭᠡᠷ᠎ᠠ ᠪᠠᠨ 3500 ᠮᠥ ᠨᠤᠲᠤᠭ | ᠪᠡᠯᠴᠢᠭᠡᠷ ᠲᠥᠷᠢᠶᠡᠰᠥᠯᠡᠨ ᠴᠠᠬᠠᠷ ᠬᠤᠨᠢ ᠮᠠᠯᠵᠢᠵᠥ ᠪᠠᠶᠢᠭ᠎ᠠ ᠴᠢᠨᠡᠭᠡᠯᠢᠭ ᠠᠶᠢᠯ ᠪᠢᠯᠡ᠃ ᠡᠷᠲᠡᠨᠢᠪᠢᠯᠢᠭ ᠤᠨ ᠬᠢ | ᠤᠤᠯ ᠨᠢ ᠮᠧᠷᠨᠦ᠋ᠰ ᠬᠤᠨᠢ ᠪᠠ ᠥᠭᠡᠷ ᠠᠲᠤᠭᠤ ᠶᠢ ᠵᠡᠷᠭᠡᠪᠡᠷ ᠮᠠᠯᠵᠢᠵᠥ ᠪᠠᠶᠢᠭᠰᠠᠨ ᠢᠶᠠᠨ 2012 ᠤᠨ ᠠᠴᠠ | 6000 ᠲᠥᠭᠦᠷᠢᠭ ᠢᠶᠠᠷ ᠭᠧᠷᠮᠠᠨ ᠤ ᠮᠧᠷᠨᠦ᠋ᠰ ᠬᠤᠴᠠ ᠬᠤᠲᠠᠯᠲᠤᠨ ᠠᠪᠴᠥ ᠬᠤᠨᠢᠨ ᠤ ᠪᠠᠨ ᠡᠬᠦᠯᠲᠡᠷ ᠢ | ᠰᠠᠶᠢᠵᠢᠷᠠᠭᠤᠯᠵᠥ᠂ 2014 ᠤᠨ ᠳᠤ ᠪᠥᠬᠦ ᠠᠶᠢᠮᠠᠭ ᠤᠨ ᠴᠠᠬᠠᠷ ᠬᠤᠨᠢᠨ ᠤ ᠭᠤᠤᠯᠲᠠᠯᠭᠠᠲᠤ ᠰᠥᠷᠥᠭ | ᠪᠤᠶᠢᠵᠢᠭᠤᠯᠤᠭᠰᠠᠨ ᠡᠷᠥᠭᠡ ᠪᠠᠷ ᠲᠤᠭᠲᠠᠭᠠᠭᠲᠠᠪᠠ᠃ ᠡᠲᠡᠨ ᠤ ᠬᠢ ᠨᠢᠲᠤᠨᠤᠨ 45 ᠲᠤᠨ ᠬᠥᠭᠡ ᠡᠪᠡᠰᠥ᠂ 30 | ᠲᠤᠨ ᠪᠤᠷᠲᠤᠭ᠎ᠠ ᠪᠡᠯᠡᠳᠭᠡᠵᠥ᠂ 260 ᠬᠤᠨᠢ ᠡᠪᠤᠯᠵᠢᠬᠦᠯᠥᠭᠰᠡᠨ ᠪᠠᠶᠢᠵᠠᠢ᠃ ᠡᠲᠡᠨ ᠤ ᠬᠢ ᠶᠡᠷᠥ ᠠᠴᠠ ᠡᠪᠤᠯ ᠤᠨ | ᠲᠥᠯ ᠲᠤᠰᠲᠠᠭ ᠪᠠᠶᠢᠵᠥ᠂ ᠨᠢᠳᠤᠨᠤᠨ ᠤ 12 ᠰᠠᠷ᠎ᠠ ᠶᠢᠨ 17 ᠤ ᠡᠲᠥᠷ ᠠᠴᠠ ᠡᠬᠢᠯᠡᠨ ᠲᠥᠯ ᠲᠤᠰᠴᠥ᠂ | ᠪᠢᠲᠠᠨ ᠢ ᠬᠥᠷᠬᠦ ᠳᠤ 150 ᠬᠤᠨᠢ ᠬᠤᠷᠠᠭᠠᠯᠠᠵᠥ᠂ ᠲᠠᠯᠠᠭᠠᠳ ᠬᠤᠨᠢ ᠢᠬᠡᠷᠡᠯᠡᠵᠥ᠂ ᠨᠡᠶᠢᠲᠡ 230 ᠰᠢᠬᠠᠮ | ᠬᠤᠷᠠᠭ᠎ᠠ ᠲᠤᠰᠤᠭᠠᠳ ᠪᠠᠶᠢᠯ᠎ᠠ᠃ ᠨᠢᠲᠤᠨᠤᠨ 380 ᠬᠤᠷᠠᠭ᠎ᠠ ᠲᠤᠰᠴᠥ᠂ ᠲᠠᠪᠤᠨ ᠰᠠᠷ᠎ᠠ ᠠᠴᠠ ᠡᠬᠢᠯᠡᠨ | ᠬᠤᠷᠠᠭ᠎ᠠ ᠪᠠᠨ ᠬᠤᠲᠠᠯᠲᠤᠵᠥ᠂ 360 ᠬᠤᠷᠠᠭ᠎ᠠ ᠪᠠᠨ ᠨᠡᠶᠢᠲᠡ 48 ᠲᠥᠮᠡ 6000 ᠲᠥᠭᠦᠷᠢᠭ ᠢᠶᠠᠷ | ᠬᠤᠲᠠᠯᠲᠤᠵᠥ᠂ 90 ᠪᠥᠲᠥᠬᠦᠨ ᠬᠤᠨᠢ ᠪᠠᠨ 23 ᠲᠥᠮᠡ 6000 ᠭᠠᠷᠤᠢ ᠲᠥᠭᠦᠷᠢᠭ ᠢᠶᠠᠷ ᠬᠤᠲᠠᠯᠲᠤᠵᠥ᠂ ᠮᠠᠯ | ᠬᠤᠲᠠᠯᠲᠤᠭᠰᠠᠨ ᠤᠷᠤᠯᠭ᠎ᠠ ᠨᠢ 70 ᠲᠥᠮᠡ 4000 ᠭᠠᠷᠤᠢ ᠲᠥᠭᠦᠷᠢᠭ ᠲᠤ ᠬᠥᠷᠴᠡᠢ᠃ ᠲᠡᠷᠡ | ᠰᠤᠷᠪᠤᠯᠵᠢᠯᠠᠭᠴᠢ ᠳᠤ᠄ ︽ᠮᠠᠨ ᠤ ᠬᠢ ᠨᠤᠲᠤᠭ ᠪᠠᠭ᠎ᠠ ᠪᠤᠯᠬᠤᠷ ᠬᠤᠨᠢ ᠥᠭᠡᠷ ᠢ ᠵᠡᠷᠭᠡᠪᠡᠷ ᠮᠠᠯᠵᠢᠬᠤ ᠳᠤ ᠭᠠᠵᠠᠷ | ᠬᠥᠷᠬᠦ ᠥᠭᠡᠢ᠂ ᠠᠰᠢᠭ ᠤᠷᠤᠯᠭ᠎ᠠ ᠲᠡᠶᠢᠮᠥ ᠥᠨᠲᠤᠷ ᠪᠢᠰᠢ᠃ ᠲᠡᠭᠡᠬᠦ ᠪᠠᠷ ᠤᠢᠢᠷ᠎ᠠ ᠶᠢᠨ ᠵᠢᠯ ᠠᠴᠠ ᠤᠤᠯ ᠤᠨ | ᠮᠠᠯᠵᠢᠵᠥ ᠪᠠᠶᠢᠭᠰᠠᠨ ᠥᠭᠡᠷ ᠠᠲᠤᠭᠤ ᠪᠠᠨ ᠰᠢᠢᠳᠪᠤᠷᠢᠯᠡᠵᠥ᠂ ᠤᠲᠤ ᠭᠤᠤᠯᠲᠠᠭᠤ ᠭᠧᠷᠮᠠᠨ ᠤ ᠮᠧᠷᠨᠦ᠋ᠰ ᠬᠤᠨᠢ | ᠮᠠᠯᠵᠢᠵᠥ ᠪᠤᠢ᠃ ᠡᠨᠡ ᠡᠬᠦᠯᠲᠡᠷ ᠤᠨ ᠬᠤᠨᠢᠨ ᠤ ᠠᠰᠢᠭ ᠨᠢ ᠰᠠᠶᠢᠨ᠂ ᠵᠢᠱᠢᠶᠡᠯᠡᠬᠦ ᠳᠤ ᠵᠠᠭᠤᠨ ᠬᠤᠨᠢ ᠬᠤᠷᠠᠭᠠᠯᠠᠪᠠᠯ | ᠠᠲᠠᠭ ᠲᠤ ᠪᠠᠨ ᠵᠢᠷᠠ ᠠᠴᠠ ᠲᠠᠯᠠᠭᠠᠳ ᠢᠭᠡᠷᠠ ᠭᠠᠷᠤᠨ᠎ᠠ᠃ ᠲᠡᠭᠡᠬᠦ ᠪᠠᠷ ᠨᠢ ᠵᠠᠭᠤ ᠵᠢᠷᠠ ᠲᠠᠯᠠᠨ ᠬᠤᠨᠢ ᠶᠢᠨ | ᠤᠷᠤᠯᠭ᠎ᠠ ᠶᠢ 1300 ᠲᠥᠭᠦᠷᠢᠭ ᠢᠶᠠᠷ ᠲᠡᠭᠰᠢᠳᠭᠡᠵᠥ ᠪᠤᠲᠤᠬᠤ ᠳᠤ 20 ᠭᠠᠷᠤᠢ ᠲᠥᠮᠡᠨ ᠲᠥᠭᠦᠷᠢᠭ ᠤᠨ | ᠤᠷᠤᠯᠭ᠎ᠠ ᠲᠠᠢ ᠪᠤᠯᠤᠨ᠎ᠠ︾ ᠭᠡᠵᠥ ᠶᠠᠷᠢᠨ᠎ᠠ᠃ | ᠮᠢᠩᠭᠠᠲᠤ ᠪᠠᠯᠭᠠᠰᠤᠨ ᠠᠴᠠ ᠵᠡᠬᠦᠨᠰᠢ 8 ᠺᠢᠯᠤᠮᠧᠲᠷ ᠵᠠᠶᠢᠲᠠᠢ ᠪᠠᠶᠠᠨᠪᠤᠯᠠᠭ ᠭᠠᠴᠠᠭ᠎ᠠ ᠨᠢ 7.8 ᠲᠥᠮᠡᠨ ᠮᠥ | ᠨᠤᠲᠤᠭ ᠪᠡᠯᠴᠢᠭᠡᠷ ᠲᠠᠢ᠂ ᠬᠥᠮᠥᠨ ᠨᠢᠭᠡᠪᠤᠷᠢ ᠶᠢᠨ ᠲᠡᠭᠰᠢᠳᠭᠡᠭᠰᠡᠨ ᠨᠤᠲᠤᠭ ᠪᠡᠯᠴᠢᠭᠡᠷ 150 ᠮᠥ ᠯᠠ ᠪᠠᠶᠢᠲᠠᠭ᠃ | ᠢᠡᠭᠭᠢᠭᠡᠳ ᠲᠤᠰ ᠭᠠᠴᠠᠭ᠎ᠠ ᠨᠢ ᠬᠡᠮᠵᠢᠶ᠎ᠠ ᠲᠠᠢ ᠨᠤᠲᠤᠭ ᠪᠡᠯᠴᠢᠭᠡᠷ ᠤᠨ ᠡᠬᠢ ᠪᠠᠶᠠᠯᠢᠭ ᠢᠶᠠᠨ ᠠᠰᠢᠭᠯᠠᠨ ᠠᠵᠤ | ᠠᠬᠤᠢ ᠶᠢᠨ ᠥᠨᠲᠤᠷ ᠠᠰᠢᠭ ᠡᠬᠦᠳᠴᠥ᠂ ᠠᠮᠢ ᠠᠬᠤᠢ ᠪᠠᠨ ᠬᠠᠮᠠᠭᠠᠯᠠᠵᠥ᠂ ᠰᠢᠯᠢᠲᠡᠭ ᠡᠬᠦᠯᠲᠡᠷ ᠤᠨ ᠥᠨᠲᠤᠷ | ᠥᠷ᠎ᠠ ᠠᠰᠢᠭᠲᠤ ᠮᠠᠯ ᠠᠵᠤ ᠠᠬᠤᠢ ᠶᠢᠨ ᠬᠥᠭᠵᠢᠯᠳᠡ ᠶᠢ ᠮᠠᠯᠴᠢᠳ ᠤᠨ ᠤᠷᠤᠯᠭ᠎ᠠ ᠶᠢ ᠨᠡᠮᠡᠭᠲᠡᠬᠦᠯᠵᠥ᠂ ᠬᠠᠮᠲᠤ ᠪᠠᠷ | ᠴᠢᠨᠡᠭᠡᠯᠢᠭᠵᠢᠬᠦ ᠭᠤᠤᠯ ᠬᠥᠭᠵᠢᠯᠲᠡ ᠶᠢᠨ ᠵᠠᠬᠪᠤᠷ ᠪᠤᠯᠭᠠᠵᠠᠢ᠃ ᠤᠢᠢᠯᠠᠭᠠᠭᠰᠠᠨ ᠢᠶᠠᠷ 2019 ᠤᠨ ᠳᠤ ᠪᠠᠶᠠᠨᠪᠤᠯᠠᠭ | ᠭᠠᠴᠠᠭᠠᠨ ᠤ ᠡᠬᠡᠯᠢᠲᠤ ᠲᠤᠭᠤᠢᠢᠯᠠᠩ ᠨᠢ ᠬᠤᠨᠢ ᠪᠠᠨ ᠴᠥᠭᠡᠴᠢᠯᠡᠨ ᠰᠢᠮᠧᠨ᠋ᠲ᠋ᠠᠷ ᠥᠭᠡᠷ ᠮᠠᠯᠵᠢᠬᠤ ᠵᠠᠮ ᠢᠶᠠᠷ ᠵᠠᠮᠨᠠᠵᠥ᠂ | ᠠᠷᠪᠠᠭᠠᠳ ᠡᠷᠥᠭᠡ ᠨᠢ ᠬᠠᠪᠰᠤᠷᠤᠨ ᠲᠡᠳᠬᠦᠬᠦ ᠨᠢᠭᠡᠴᠢ ᠶᠢᠨ ᠲᠤᠬᠢᠷᠠᠭᠤᠯᠭ᠎ᠠ ᠪᠠᠷ 200 ᠲᠥᠮᠡᠨ ᠲᠥᠭᠦᠷᠢᠭ ᠤᠨ | ᠪᠠᠩᠭᠢ ᠶᠢᠨ ᠵᠢᠭᠡᠯᠡᠯᠭᠡ ᠶᠢ ᠡᠷᠡᠮᠡᠯᠵᠡᠯᠡᠨ ᠤᠯᠵᠥ᠂ ᠨᠠᠶᠠᠭᠠᠳ ᠰᠢᠮᠧᠨ᠋ᠲ᠋ᠠᠷ ᠥᠭᠡᠷ ᠤᠷᠤᠭᠤᠯᠵᠥ᠂ ᠪᠦᠬᠦ ᠠᠶᠢᠮᠠᠭ ᠤᠨ | ᠮᠢᠬᠠᠨ ᠤ ᠥᠭᠡᠷ ᠤᠨ ᠭᠤᠤᠯᠲᠠᠯᠭᠠᠲᠤ ᠰᠥᠷᠥᠭ ᠪᠤᠶᠢᠵᠢᠭᠤᠯᠤᠭᠰᠠᠨ ᠡᠷᠥᠭᠡ ᠪᠠᠷ ᠲᠤᠭᠲᠠᠭᠠᠭᠲᠠᠭᠰᠠᠨ ᠪᠠᠶᠢᠨ᠎ᠠ᠃ | ᠪᠠᠶᠠᠨᠪᠤᠯᠠᠭ ᠭᠠᠴᠠᠭᠠᠨ ᠳᠤ ᠰᠠᠭᠤᠭ᠎ᠠ ᠠᠵᠢᠯᠯᠠᠬᠤ ᠲᠤᠭᠤᠢᠢᠯᠠᠩ ᠤᠨ ᠺᠠᠳ᠋ᠷ ᠭᠠᠨᠭ᠍ᠰᠦ᠋ᠭᠡ ᠰᠤᠷᠪᠤᠯᠵᠢᠯᠠᠭ᠎ᠠ | ᠬᠥᠯᠢᠶᠡᠬᠦ ᠳᠤ ᠪᠠᠨ᠄ ︽ᠲᠤᠭᠤᠢᠢᠯᠠᠩ ᠢᠶᠠᠷ ᠨᠢᠭᠡᠴᠢ ᠪᠤᠯᠭᠠᠵᠥ᠂ ᠮᠠᠨ ᠤ ᠠᠷᠪᠠᠭᠠᠳ ᠡᠷᠥᠭᠡ ᠭᠤᠷᠪᠠᠲᠤᠭᠠᠷ | ᠥᠶ᠎ᠠ ᠠᠴᠠ ᠲᠡᠭᠡᠭᠰᠢᠬᠢ ᠰᠢᠮᠧᠨ᠋ᠲ᠋ᠠᠷ ᠥᠭᠡᠷ ᠤᠷᠤᠭᠤᠯᠵᠥ᠂ ᠥᠪᠡᠷ ᠤᠨ ᠬᠢᠷᠢ ᠲᠡᠩᠴᠡᠬᠦ ᠥᠭᠡᠢ ᠥᠭᠡᠷ ᠢᠶᠠᠨ | ᠪᠥᠬᠦᠨ ᠢ ᠰᠢᠢᠳᠪᠤᠷᠢᠯᠡᠵᠥ᠂ ᠨᠢᠭᠡ ᠲᠤᠭᠤᠢᠢᠯᠠᠩ ᠤᠨ ᠬᠢᠨ ᠪᠤᠯ ᠪᠥᠷ ᠰᠢᠯᠢᠲᠡᠭ ᠡᠬᠦᠯᠲᠡᠷ ᠤᠨ ᠰᠢᠮᠧᠨ᠋ᠲ᠋ᠠᠷ | ᠥᠭᠡᠷ ᠤᠨ ᠭᠤᠤᠯᠲᠠᠯᠭᠠᠲᠤ ᠰᠥᠷᠥᠭ ᠪᠤᠯᠤᠭᠰᠠᠨ᠃ ᠡᠬᠦᠨ ᠢᠶᠠᠷ ᠲᠠᠮᠵᠢᠭᠤᠯᠤᠨ ᠪᠥᠬᠦ ᠭᠠᠴᠠᠭ᠎ᠠ ᠪᠠᠨ ᠪᠥᠷ | ᠭᠤᠤᠯᠲᠠᠯᠭᠠᠲᠤ ᠰᠥᠷᠥᠭ ᠪᠤᠶᠤ ᠰᠢᠮᠧᠨ᠋ᠲ᠋ᠠᠷ ᠥᠭᠡᠷ ᠮᠠᠯᠵᠢᠬᠤ ᠲᠤᠰᠬᠠᠢ ᠭᠠᠴᠠᠭ᠎ᠠ ᠪᠤᠯᠭᠠᠬᠤ ᠪᠠᠷ ᠴᠢᠷᠮᠠᠶᠢᠵᠥ | ᠪᠠᠶᠢᠨ᠎ᠠ︾ ᠭᠡᠪᠠ᠃ | ᠤᠢᠢᠷ᠎ᠠ ᠶᠢᠨ ᠵᠢᠯ ᠠᠴᠠ ᠰᠢᠯᠤᠭᠤᠨ ᠬᠥᠪᠡᠭᠡᠲᠥ ᠴᠠᠭᠠᠨ ᠬᠤᠰᠢᠭᠤ ︽ᠪᠥᠲᠥᠴᠡ ᠶᠢ ᠰᠢᠯᠢᠲᠡᠭᠵᠢᠬᠦᠯᠤᠨ | ᠡᠬᠦᠯᠲᠡᠷ ᠢ ᠰᠠᠶᠢᠵᠢᠷᠠᠭᠤᠯᠵᠥ᠂ ᠰᠠᠶᠢᠨ ᠡᠬᠦᠯᠲᠡᠷ ᠤᠨ ᠬᠤᠨᠢ ᠥᠭᠡᠷ ᠮᠠᠯᠵᠢᠬᠤ ᠠᠵᠤ ᠥᠢᠯᠡᠰ ᠤᠨ ᠬᠥᠭᠵᠢᠯᠲᠡ ᠶᠢ | ᠲᠥᠷᠭᠡᠳᠭᠡᠬᠦ︾ ᠶᠡᠷᠥᠩᠭᠡᠢ ᠰᠡᠳᠬᠢᠴᠡ ᠶᠤᠰᠤᠭᠠᠷ ᠲᠡᠵᠢᠭᠡᠨ ᠥᠷᠡᠵᠢᠬᠦᠯᠬᠦ ᠪᠥᠲᠥᠴᠡ ᠶᠢ ᠥᠳᠲᠡᠷ ᠲᠥᠷᠭᠡᠨ | ᠲᠤᠬᠢᠷᠠᠭᠤᠯᠵᠥ᠂ ᠢᠯᠡᠳᠲᠡ ᠠᠮᠵᠢᠯᠲᠠ ᠤᠯᠤᠭᠰᠠᠨ ᠪᠠᠶᠢᠨ᠎ᠠ᠃ 2020 ᠤᠨ ᠤ ᠮᠠᠯᠵᠢᠯ ᠤᠨ ᠤᠨ ᠤ ᠮᠠᠯ ᠤᠨ | ᠶᠡᠷᠥᠩᠭᠡᠢ ᠲᠤᠭ᠎ᠠ ᠨᠢ 44.29 ᠲᠥᠮᠡ ᠬᠥᠷᠴᠥ᠂ ᠡᠬᠦᠨ ᠳᠤ ᠮᠢᠬᠠᠨ ᠤ ᠥᠭᠡᠷ 12.4 ᠲᠥᠮᠡ᠂ ᠮᠢᠬᠠᠨ ᠤ | ᠬᠤᠨᠢ 31.2 ᠲᠥᠮᠡ ᠪᠠᠶᠢᠵᠥ᠂ ᠮᠠᠯ ᠠᠵᠤ ᠠᠬᠤᠢ ᠶᠢᠨ ᠲᠡᠵᠢᠭᠡᠨ ᠥᠷᠡᠵᠢᠬᠦᠯᠬᠦ ᠪᠥᠲᠥᠴᠡ ᠥᠷᠬᠦᠯᠵᠢᠯᠡᠨ | ᠰᠢᠯᠢᠲᠡᠭᠵᠢᠪᠡ᠃ ᠨᠢᠲᠤᠨᠤᠨ ᠵᠢᠯ 2023 ᠡᠬᠦᠯᠲᠡᠷ ᠤᠨ ᠥᠭᠡᠷ᠂ 280 ᠴᠠᠬᠠᠷ ᠬᠤᠨᠢ ᠤᠷᠤᠭᠤᠯᠵᠥ᠂ 7 | ᠲᠥᠮᠡᠨ ᠥᠭᠡᠷ᠂ 18 ᠲᠥᠮᠡᠨ ᠬᠤᠨᠢ ᠶᠢ ᠡᠬᠦᠯᠲᠡᠷ ᠰᠠᠶᠢᠵᠢᠷᠠᠭᠤᠯᠵᠥ᠂ ᠮᠢᠬᠠᠨ ᠤ ᠥᠭᠡᠷ ᠤᠨ ᠭᠤᠤᠯᠲᠠᠯᠭᠠᠲᠤ | ᠰᠥᠷᠥᠭ 5 ᠶᠢ ᠰᠢᠨ᠎ᠠ ᠪᠠᠷ ᠪᠠᠶᠢᠭᠤᠯᠵᠥ᠂ ᠭᠡᠷ ᠪᠥᠯᠢ ᠶᠢᠨ ᠮᠠᠯᠵᠢᠯ ᠤᠨ ᠲᠠᠯᠠᠪᠠᠢ 40 ᠶᠢ ᠬᠢᠨᠠᠨ ᠲᠤᠭᠲᠠᠭᠠᠭᠰᠠᠨ | ᠪᠠᠶᠢᠨ᠎ᠠ᠃ ᠲᠠᠷᠢᠵᠥ ᠤᠷᠭᠤᠭᠤᠯᠬᠤ ᠥᠷ᠎ᠠ ᠠᠰᠢᠭ ᠢ ᠲᠠᠰᠤᠷᠠᠯᠲᠠ ᠥᠭᠡᠢ ᠲᠡᠭᠡᠭᠰᠢᠯᠡᠬᠦᠯᠵᠥ᠂ ᠲᠠᠷᠢᠮᠠᠯ ᠤᠨ | ᠵᠥᠢᠯᠡᠰ ᠢ ᠨᠡᠶᠢᠲᠡ 25.64 ᠲᠥᠮᠡᠨ ᠮᠥ ᠲᠠᠷᠢᠵᠥ᠂ ᠡᠬᠦᠨ ᠳᠤ ᠤᠨᠴᠠᠯᠢᠬᠲᠤ ᠰᠢᠯᠢᠲᠡᠭ ᠢᠲᠡᠰᠢᠨ ᠨᠤᠭᠤᠭ᠎ᠠ | ᠭᠤᠸ᠎ᠠ ᠵᠢᠮᠢᠰ ᠤᠨ ᠲᠠᠷᠢᠮᠠᠯ ᠤᠨ ᠲᠠᠯᠠᠪᠠᠢ 2 ᠲᠥᠮᠡᠨ ᠮᠥ ᠬᠥᠷᠴᠥ᠂ ᠲᠡᠵᠢᠭᠡᠯ ᠡᠪᠡᠰᠥ ᠪᠤᠷᠲᠤᠭᠠᠨ ᠤ ᠲᠠᠷᠢᠮᠠᠯ ᠤᠨ | ᠲᠠᠯᠠᠪᠠᠢ 8.32 ᠲᠥᠮᠡᠨ ᠮᠥ ᠬᠥᠷᠴᠥ᠂ ᠲᠠᠷᠢᠮᠠᠯ ᠤᠨ ᠶᠡᠷᠥᠩᠭᠡᠢ ᠤᠨᠠᠯᠲᠠ 1.27 ᠲᠥᠮᠡᠨ ᠲᠤᠨ ᠳᠤ ᠬᠥᠷᠴᠡᠢ᠃ | ᠶᠤᠸᠠᠢ ᠱᠸᠡᠭ ᠵᠠᠢ ᠤᠲᠤᠬᠢᠴᠢᠯᠠᠭᠰᠠᠨ ᠮᠠᠯ ᠠᠵᠤ ᠠᠬᠤᠢ ᠶᠢᠨ ᠠᠵᠤ ᠥᠢᠯᠡᠰ ᠤᠨ ᠬᠥᠷᠢᠶᠡᠯᠡᠩ ᠤᠨ ᠪᠤᠷᠲᠤᠨ | ᠲᠠᠷᠭᠤᠯᠠᠭᠤᠯᠬᠤ ᠠᠬᠢᠴᠠ ᠲᠥᠷᠭᠡᠳᠴᠥ᠂ ᠶᠡᠭᠡᠨᠠᠭᠤᠷ ᠰᠤᠮᠤ ᠶᠢᠨ ᠴᠠᠬᠠᠷ ᠬᠤᠨᠢᠨ ᠤ ᠠᠵᠤ ᠥᠢᠯᠡᠰ ᠢᠶᠠᠷ | ᠰᠤᠮᠤ ᠪᠠᠨ ᠬᠥᠴᠥᠷᠭᠡᠭᠵᠢᠬᠦᠯᠬᠦ ᠲᠥᠷᠥᠯ ᠵᠥᠢᠯ ᠢ ᠠᠮᠵᠢᠯᠲᠠ ᠲᠠᠢ ᠬᠡᠷᠡᠭᠵᠢᠬᠦᠯᠵᠥ᠂ 3 ᠭᠠᠵᠠᠷ ᠤᠨ ᠬᠥᠮᠥᠷᠭᠡᠯᠡᠵᠥ | ᠬᠠᠲᠠᠭᠠᠯᠠᠬᠤ᠂ ᠪᠤᠯᠪᠠᠰᠤᠷᠠᠭᠤᠯᠬᠤ᠂ ᠠᠷᠠᠯᠵᠢᠶᠠᠯᠠᠬᠤ ᠶᠢ ᠨᠢᠭᠡ ᠴᠤᠭᠴᠠᠵᠢᠭᠤᠯᠤᠭᠰᠠᠨ ᠲᠡᠵᠢᠭᠡᠯ ᠡᠪᠡᠰᠥᠨ ᠤ | ᠰᠠᠭᠤᠷᠢᠨ ᠠᠰᠢᠭᠯᠠᠯᠲᠠ ᠳᠤ ᠤᠷᠤᠵᠥ᠂ ᠪᠡᠭᠡᠵᠢᠩ ᠥᠪᠤᠷ ᠮᠤᠩᠭᠤᠯ ᠤᠨ ᠲᠠᠷᠢᠶᠠᠯᠠᠩ ᠰᠢᠨᠵᠢᠯᠡᠬᠦ ᠤᠬᠠᠭᠠᠨ | ᠮᠡᠷᠭᠡᠵᠢᠯ ᠤᠨ ᠠᠵᠤ ᠥᠢᠯᠡᠰ ᠤᠨ ᠲᠤᠭᠤᠷᠢᠭ ᠤᠨ ᠬᠡᠪᠴᠢᠶᠡᠵᠢᠭᠰᠡᠨ ᠲᠠᠷᠢᠮᠠᠯ ᠤᠨ ᠲᠠᠯᠠᠪᠠᠢ 2717 ᠮᠥ ᠳᠤ | ᠬᠥᠷᠥᠭᠰᠡᠨ ᠪᠠᠶᠢᠨ᠎ᠠ᠃ | 2021 ᠤᠨ ᠳᠤ ᠲᠤᠰ ᠬᠤᠰᠢᠭᠤ ᠬᠥᠭᠵᠢᠯᠲᠡ ᠶᠢᠨ ᠤᠲᠤᠬᠢ ᠪᠠᠶᠢᠲᠠᠯ ᠪᠠ ᠪᠠᠶᠢᠯᠲᠤᠬᠤ ᠪᠤᠲᠤᠯᠭ᠎ᠠ ᠶᠢᠨ | ᠲᠤᠭᠲᠠᠴᠠ ᠠᠴᠠ ᠲᠠᠷᠢᠶᠠᠯᠠᠩ ᠮᠠᠯ ᠠᠵᠤ ᠠᠬᠤᠢ ᠶᠢᠨ ᠬᠠᠨᠭ᠍ᠭᠠᠯᠭ᠎ᠠ ᠶᠢᠨ ᠲᠠᠯ᠎ᠠ ᠶᠢᠨ ᠪᠥᠲᠥᠴᠡ ᠶᠢᠨ ᠴᠢᠨᠠᠷᠲᠠᠢ | ᠥᠭᠡᠷᠡᠴᠢᠯᠡᠯᠲᠡ ᠶᠢ ᠬᠥᠨᠵᠡᠭᠡᠶᠢᠷᠡᠬᠦᠯᠥᠨ᠂ ︽ᠬᠤᠨᠢ ᠶᠢ ᠴᠥᠭᠡᠴᠢᠯᠡᠨ ᠥᠭᠡᠷ ᠢ ᠨᠡᠮᠡᠭᠳᠡᠬᠦᠯᠬᠦ︾ ︽ᠠᠵᠤ | ᠠᠬᠤᠢ ᠶᠢᠨ ᠲᠠᠷᠢᠮᠠᠯ ᠤᠨ ᠲᠥᠷᠥᠯ ᠵᠥᠢᠯ ᠤᠨ ᠪᠥᠲᠥᠴᠡ ᠶᠢ ᠰᠢᠯᠢᠲᠡᠭᠵᠢᠬᠦᠯᠥᠨ ᠲᠡᠵᠢᠭᠡᠯ ᠪᠤᠷᠲᠤᠭᠠᠨ ᠤ ᠲᠠᠷᠢᠮᠠᠯ ᠢ | ᠲᠠᠷᠢᠬᠤ ᠶᠢ ᠥᠷᠭᠡᠳᠭᠡᠬᠦ︾ ᠪᠠᠶᠢᠯᠲᠤᠬᠤ ᠪᠤᠲᠤᠯᠭ᠎ᠠ ᠶᠢᠨ ᠲᠤᠭᠤᠷᠢᠨ ᠳᠤ ︽3333︾ ᠠᠵᠤ ᠥᠢᠯᠡᠰ ᠤᠨ | ᠬᠥᠭᠵᠢᠯᠲᠡ ᠶᠢᠨ ᠰᠡᠳᠬᠢᠴᠡ ᠶᠢ ᠬᠥᠨᠵᠡᠭᠡᠢ ᠠᠬᠢᠭᠤᠯᠵᠥ᠂ ᠰᠢᠯᠢᠲᠡᠭ ᠴᠢᠨᠠᠷ ᠤᠨ ᠮᠢᠬᠠᠨ ᠤ ᠥᠭᠡᠷ᠂ ᠴᠠᠬᠠᠷ ᠬᠤᠨᠢ | ᠂ ᠤᠨᠴᠠᠯᠢᠬᠲᠤ ᠲᠠᠷᠢᠮᠠᠯ ᠵᠡᠷᠭᠡ ᠭᠤᠷᠪᠠᠨ ᠲᠤᠮᠤ ᠠᠵᠤ ᠥᠢᠯᠡᠰ ᠤᠨ ᠴᠢᠨᠠᠷᠵᠢᠯ ᠢ ᠲᠡᠭᠡᠭᠰᠢᠯᠡᠬᠦᠯᠵᠥ᠂ ᠥᠷ᠎ᠠ | ᠠᠰᠢᠭ ᠢ ᠥᠷᠬᠦᠯᠵᠢᠯᠡᠨ ᠨᠡᠮᠡᠭᠲᠡᠬᠦᠯᠥᠨ᠎ᠠ᠃ | | | | | | | | | | | | | | | !--作者来源等--> | | ᠁ |