ᠤᠷᠭᠤᠵᠦ ᠲᠦᠯᠵᠢᠬᠦ ᠤᠷᠢᠬᠠᠨ ᠬᠠᠪᠤᠷ ᠬᠡᠭᠴᠢ ᠮᠦᠨᠴᠦ ᠨᠢᠬᠡᠨ ︽ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ᠂ | ᠤᠴᠠᠷᠠᠭᠰᠠᠨ ᠬᠦᠮᠥᠨ ᠲᠠᠢ ᠪᠠᠨ ᠶᠠᠷᠢᠬᠤ ᠴᠢᠯᠥᠬᠡ ᠦᠬᠡᠢ︾ ᠶᠠᠭᠠᠷᠠᠤ ᠴᠠᠭ ᠣᠯᠠᠷᠢᠯ ᠶᠣᠮᠰᠠᠨ᠃ ᠴᠠᠭᠠᠨ | ᠰᠠᠷ᠎ᠠ ᠶᠢᠨ ᠰᠡᠬᠦᠯᠴᠢ ᠪᠠᠷ ᠪᠢᠳᠡ ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠪᠤᠯᠠᠭᠠᠨᠳᠤᠬᠤᠢ ᠰᠤᠮᠤᠨ ᠤ ᠵᠤᠯᠤ | ᠭᠠᠴᠠᠭ᠎ᠠ ᠪᠠᠷ ᠬᠦᠷᠬᠦ ᠵᠠᠭᠤᠷ᠎ᠠ ᠬᠠᠪᠤᠷ ᠪᠤᠯᠭᠠᠨ ᠮᠡᠨᠳᠦ ᠲᠦᠯ ᠤᠨ ᠮᠠᠶᠢᠯᠠᠭᠠᠨ ᠴᠢᠩᠨᠠᠨ᠂ ᠴᠠᠭ ᠤᠨ ᠰᠠᠶᠢᠬᠠᠨ ᠳᠤ | ᠤᠬᠠᠭᠠᠨ ᠤ ᠪᠠᠶᠢᠴᠠ ᠪᠠᠷ ᠠᠮᠢᠳᠤᠷᠠᠯ ᠢᠶᠠᠨ ᠦᠬᠡᠳᠡ ᠲᠠᠳᠠᠵᠦ ᠶᠠᠪᠤᠭ᠎ᠠ ᠮᠠᠯᠴᠢᠨ ᠵᠠᠯᠠᠭᠤ ᠸᠧᠨ ᠪᠢᠡᠭ ᠤᠨ ᠬᠢ ᠶᠢ | ᠰᠤᠷᠪᠤᠯᠵᠢᠯᠠᠵᠦ ᠪᠢᠯᠡ᠃ | ᠵᠠᠭᠤᠨ ᠲᠦᠯ ᠤᠨ ᠮᠠᠶᠢᠯᠠᠯᠳᠤᠭᠠᠨ ᠤ ᠲᠤᠮᠳᠠ ᠵᠠᠪ ᠴᠢᠯᠥᠬᠡ ᠦᠬᠡᠢ ᠶᠠᠭᠠᠷᠠᠵᠦ ᠪᠠᠶᠢᠭᠰᠠᠨ ᠸᠧᠨ ᠪᠢᠡᠭ ᠪᠤᠯᠤᠨ | ᠲᠡᠬᠦᠨ ᠤ ᠬᠡᠷᠬᠡᠢ ᠯᠢ ᠯᠢ ᠲᠠᠢ ᠠᠭᠤᠯᠵᠠᠵᠦ᠂ ᠲᠦᠷ ᠵᠠᠭᠤᠷ᠎ᠠ ᠲᠦᠯᠵᠢᠬᠦ ᠬᠠᠪᠤᠷ ᠤᠨ ᠲᠦᠯ ᠤᠨ ᠰᠠᠶᠢᠬᠠᠨ ᠵᠤᠭᠤᠭ | ᠲᠡᠯᠬᠡᠬᠦ ᠳᠤ᠄ ︽ᠥᠡᠭᠬᠡᠷᠡᠬᠦ ᠡᠪᠥᠯ ᠰᠦᠷᠡᠬᠡᠢ ᠬᠦᠢᠳᠡᠨ ᠴᠦ ᠬᠠᠪᠤᠷ ᠤᠨ ᠠᠭᠤᠷ ᠤᠷᠤᠵᠦ ᠴᠠᠭᠠᠨ ᠰᠠᠷ᠎ᠠ ᠲᠠᠢ ᠪᠠᠨ | ᠵᠤᠯᠭᠠᠭᠠᠳ ᠲᠡᠭᠷᠢ ᠬᠠᠷᠢᠨ ᠬᠦᠮᠥᠨ ᠤ ᠰᠠᠨᠠᠭ᠎ᠠ ᠪᠠᠷ ᠶᠤᠮ ᠰᠢᠬ ᠰᠠᠶᠢᠬᠠᠨ ᠵᠤᠬᠢᠷᠠᠭᠰᠠᠨ᠃ ᠡᠪᠥᠯ ᠤᠨ ᠲᠦᠯ 12 | ᠰᠠᠷ᠎ᠠ ᠶᠢᠨ ᠲᠤᠮᠳᠠᠴᠢ ᠠᠴᠠ ᠡᠬᠢᠯᠡᠵᠦ 1 ᠰᠠᠷ᠎ᠠ ᠶᠢᠨ ᠠᠷᠪᠠᠳ ᠪᠤᠯᠳᠠᠯ᠎ᠠ ᠬᠤᠷᠠᠭᠠᠯᠠᠬᠤ 110 ᠬᠤᠨᠢᠨ ᠠᠴᠠ | 140 ᠬᠤᠷᠠᠭ᠎ᠠ ᠲᠤᠰᠴᠦ᠂ ᠬᠤᠷᠠᠭ᠎ᠠ ᠪᠦᠷ ᠡᠪᠡᠰᠦ ᠪᠤᠷᠳᠤᠭᠠᠨ ᠳᠤ ᠤᠷᠤᠵᠦ ᠬᠥᠷᠤᠪᠡᠵᠢᠴᠢᠭᠡᠭᠰᠡᠨ᠃ ᠴᠠᠭᠠᠨ | ᠰᠠᠷ᠎ᠠ ᠶᠢᠨ ᠠᠷᠪᠠᠳ ᠢᠶᠠᠷ ᠬᠠᠪᠤᠷ ᠤᠨ ᠲᠦᠯ ᠡᠬᠢᠯᠡᠵᠦ᠂ ᠲᠦᠯᠯᠡᠬᠦ 60 ᠬᠤᠨᠢᠨ ᠠᠴᠠ ᠪᠠᠨ 28 ᠲᠦᠯ ᠲᠤᠰᠴᠦ᠂ | 3 ᠦᠨᠢᠶ᠎ᠡ ᠲᠤᠭᠤᠯᠯᠠᠭᠠᠳ ᠪᠠᠶᠢᠨ᠎ᠠ᠃ ᠲᠡᠵᠢᠭᠡᠯᠭᠡ ᠰᠠᠶᠢᠨ ᠤ ᠶᠤᠮ ᠤᠤ︖ ᠮᠠᠨ ᠤ ᠲᠦᠯ ᠴᠠᠳᠬᠤᠯᠳᠠ | ᠪᠤᠶᠢᠵᠢᠯᠳᠠ ᠰᠦᠷ ᠰᠠᠶᠢᠨ︾ ᠬᠡᠵᠦ ᠵᠦᠳᠡᠷᠡᠭᠰᠡᠨ ᠴᠢᠷᠠᠢ ᠳᠤ ᠪᠠᠨ ᠮᠦᠰᠢᠶᠡᠳᠦ ᠲᠤᠳᠤᠷᠠᠭᠤᠯᠵᠦ᠂ ᠵᠡᠬᠦᠨ ᠪᠠᠷᠠᠭᠤᠨ | ᠬᠠᠰᠢᠶᠠᠨ ᠳᠤ ᠪᠠᠨ ᠲᠦᠯ ᠢᠶᠠᠨ ᠲᠠᠯᠪᠢᠵᠦ ᠶᠠᠭᠠᠷᠠᠬᠤ ᠶᠢᠨ ᠲᠠᠭᠠᠤ ᠶᠠᠷᠢᠨ᠎ᠠ᠃ | ᠸᠧᠨ ᠪᠢᠡᠭ᠂ ᠯᠢ ᠯᠢ ᠬᠤᠶᠠᠭᠤᠯᠠ ᠠᠳᠤᠭᠤ ᠮᠠᠯ ᠢᠶᠠᠨ ᠠᠯᠠᠭ ᠨᠢᠳᠥᠨ ᠤ ᠪᠠᠨ ᠴᠡᠴᠡᠬᠡᠢ ᠮᠡᠳᠦ ᠬᠠᠶᠢᠷᠠᠯᠠᠨ | ᠠᠷᠠᠴᠢᠯᠠᠵᠦ᠂ ᠨᠠᠰᠤᠨ ᠤ ᠵᠠᠯᠠᠭᠤ ᠳᠤ ᠪᠠᠨ ᠨᠠᠷᠠ ᠰᠠᠷ᠎ᠠ ᠲᠠᠢ ᠵᠡᠷᠬᠡᠴᠡᠨ᠂ ᠨᠠᠷᠢᠨ ᠨᠢᠮᠪᠠᠢ ᠪᠤᠳᠤᠵᠦ ᠲᠦᠯᠥᠪᠯᠡᠨ᠂ | ᠵᠤᠷᠢᠭ ᠰᠠᠮᠪᠠᠭ᠎ᠠ ᠲᠠᠢ ᠠᠵᠢᠯᠯᠠᠳᠠᠭ ᠠᠴᠠ ᠠᠵᠢᠯ ᠦᠢᠯᠡᠰ ᠨᠢ ᠤᠨ ᠤᠨ ᠦᠷ᠎ᠡ ᠪᠦᠳᠥᠮᠵᠢᠳᠡᠢ᠂ ᠠᠳᠤᠭᠤ ᠮᠠᠯ ᠨᠢ | ᠵᠢᠯ ᠵᠢᠯ ᠦᠨᠢᠷ ᠥᠰᠥᠯᠳᠡ ᠲᠠᠢ ᠪᠠᠶᠢᠳᠠᠭ᠃ ᠤᠶᠢᠷ᠎ᠠ ᠶᠢᠨ ᠵᠢᠯ ᠤᠨ ᠲᠤᠷᠰᠢ ᠡᠳᠡᠨ ᠤ ᠬᠢᠨ ᠵᠢᠯ ᠪᠦᠷᠢ | ᠲᠡᠭᠰᠢᠳᠬᠡᠬᠡᠳ 150 — 200 ᠲᠦᠯ ᠲᠤᠰᠴᠦ᠂ ᠮᠠᠯ ᠤᠨ ᠬᠠᠮᠠᠭᠠᠯᠠᠯᠳᠠ᠂ ᠲᠦᠯ ᠤᠨ ᠪᠤᠶᠢᠵᠢᠯᠳᠡ ᠶᠢ | 100 % ᠪᠠᠷ ᠪᠠᠳᠤᠯᠠᠵᠦ ᠢᠷᠡᠭᠰᠡᠨ ᠢᠶᠠᠷ ᠮᠠᠯ ᠨᠢ ᠦᠨᠢᠷ ᠥᠰᠴᠦ᠂ ᠵᠢᠯ ᠪᠦᠷᠢ ᠲᠦᠯ ᠤᠨ ᠢᠶᠠᠨ ᠬᠠᠷᠢᠴᠠᠯ ᠢᠶᠠᠷ | 110 — 130 ᠮᠠᠯ ᠬᠤᠳᠠᠯᠳᠤᠳᠠᠭ ᠪᠤᠯᠬᠤᠷ ᠮᠠᠯ ᠠᠵᠦ ᠠᠬᠤᠢ ᠶᠢᠨ ᠦᠢᠯᠡᠳᠪᠤᠷᠢᠯᠡᠯ ᠤᠨ ᠤᠷᠤᠯᠭ᠎ᠠ ᠨᠢ | 20 ᠭᠠᠷᠤᠢ ᠲᠦᠮᠡᠨ ᠲᠦᠬᠦᠷᠢᠭ ᠲᠤ ᠬᠦᠷᠴᠦ᠂ ᠥᠨᠥᠳᠥᠷ ᠨᠤᠳᠤᠭ ᠪᠡᠯᠴᠢᠬᠡᠷ ᠤᠨ ᠢᠶᠠᠨ ᠪᠠᠶᠢᠳᠠᠯ ᠳᠤ | ᠵᠤᠬᠢᠴᠠᠭᠤᠯᠤᠨ᠂ ᠮᠠᠯ ᠢᠶᠠᠨ 240 ᠶᠢᠨ ᠲᠤᠳᠤᠷ᠎ᠠ ᠲᠤᠭᠳᠠᠪᠤᠷᠢᠵᠢᠭᠤᠯᠤᠭᠰᠠᠨ ᠪᠠᠶᠢᠨ᠎ᠠ᠃ | ᠥᠡᠭᠬᠡᠷᠡᠬᠦ ᠵᠢᠯ ᠤᠨ ᠬᠤᠷ᠎ᠠ ᠲᠤᠨᠳᠠᠰᠦ ᠲᠡᠭᠰᠢ ᠦᠬᠡᠢ ᠠᠴᠠ ᠪᠤᠯᠵᠦ᠂ ᠬᠠᠳᠤᠯᠠᠩ ᠪᠡᠯᠴᠢᠬᠡᠷ ᠠᠨᠠᠢ ᠪᠠᠶᠢᠳᠠᠯ | ᠲᠤᠤᠷ᠎ᠠ ᠡᠳᠡᠨ ᠤ ᠬᠢᠨ ᠡᠷᠳᠡ ᠠᠴᠠ ᠪᠡᠯᠡᠳᠬᠡᠯ ᠬᠢᠵᠦ᠂ 8 ᠰᠠᠷ᠎ᠠ ᠶᠢᠨ ᠬᠤᠷᠢᠳ ᠠᠴᠠ ᠪᠤᠰᠤᠳ ᠲᠠᠢ ᠬᠠᠮᠳᠤᠷᠠᠨ | ᠵᠡᠬᠦᠨ ᠦᠵᠥᠮᠥᠴᠢᠨ᠂ ᠤᠯᠠᠭᠠᠢ ᠵᠡᠷᠬᠡ ᠭᠠᠵᠠᠷ ᠠᠴᠠ 10 ᠲᠦᠮᠡᠨ ᠺᠢᠯᠥᠭᠷᠠᠮ ᠬᠠᠭᠤᠴᠢᠨ ᠡᠪᠡᠰᠦ ᠬᠤᠳᠠᠯᠳᠤᠨ | ᠠᠪᠴᠦ᠂ ᠨᠤᠳᠤᠭ ᠠᠴᠠ ᠪᠠᠨ 6 ᠲᠦᠮᠡᠨ ᠺᠢᠯᠥᠭᠷᠠᠮ ᠡᠪᠡᠰᠦ ︵ᠭᠠᠳᠠᠭᠰᠢ ᠪᠠᠨ ᠭᠠᠷᠴᠥ ᠠᠵᠢᠯᠯᠠᠵᠥ ᠪᠠᠶᠢᠭ᠎ᠠ | ᠡᠷᠥᠬᠡ ᠶᠢᠨ ᠬᠠᠳᠤᠯᠠᠩ ᠤᠨ ᠲᠠᠯᠠᠪᠠᠢ ᠶᠢ ᠬᠤᠳᠠᠯᠳᠤᠨ ᠠᠪᠴᠦ ᠬᠠᠳᠤᠭᠰᠠᠨ︶ ᠬᠠᠳᠤᠵᠦ ᠬᠤᠷᠢᠶᠠᠨ ᠨᠥᠬᠡᠴᠡᠯᠡᠭᠰᠡᠨ | ᠪᠦᠬᠡᠳ 3 ᠲᠦᠮᠡᠨ ᠺᠢᠯᠥᠭᠷᠠᠮ ᠪᠤᠷᠳᠤᠭ᠎ᠠ ᠬᠤᠳᠠᠯᠳᠤᠨ ᠠᠪᠴᠠᠢ᠃ ᠡᠶᠢᠨ ᠬᠦ ᠤᠳᠤ ᠪᠤᠯᠳᠠᠯ᠎ᠠ ᠡᠪᠡᠰᠦ ᠪᠤᠷᠳᠤᠭ᠎ᠠ | ᠬᠦᠷᠥᠯᠴᠡᠬᠡᠳᠡᠢ᠂ ᠲᠦᠯ ᠮᠠᠯ ᠨᠢ ᠥᠡᠭᠬᠡ ᠲᠠᠢ ᠲᠤᠷᠨᠢᠭᠤᠨ ᠪᠤᠶᠢᠵᠢᠨ᠎ᠠ᠃ | ᠨᠤᠳᠤᠭ ᠪᠡᠯᠴᠢᠬᠡᠷ ᠢᠶᠠᠨ ᠬᠦᠷᠢᠶᠡᠯᠡᠨ᠂ ᠠᠮᠢ ᠠᠬᠤᠢ ᠪᠠᠨ ᠬᠠᠮᠠᠭᠠᠯᠠᠵᠦ᠂ ᠬᠠᠰᠢᠶ᠎ᠠ ᠰᠠᠷᠠᠪᠴᠢᠨ ᠤ ᠪᠦᠳᠥᠬᠡᠨ | ᠪᠠᠶᠢᠭᠤᠯᠤᠯᠳᠠ ᠶᠢ ᠰᠠᠶᠢᠳᠤᠷ ᠬᠢᠭᠰᠡᠨ ᠠᠴᠠ ᠡᠳᠡᠨ ᠤ ᠤᠨᠳᠤᠷᠤᠭᠤᠯᠬᠤ ᠮᠠᠯ ᠪᠦᠷᠢ ᠳᠤ ᠨᠢ 4 ᠬᠠᠪᠳᠠᠭᠠᠢ | ᠲᠦᠷᠪᠡᠯᠵᠢᠨ ᠮᠧᠲᠷ ᠬᠠᠰᠢᠶ᠎ᠠ ᠰᠠᠷᠠᠪᠴᠢ ᠨᠤᠭᠳᠠᠵᠦ᠂ ᠡᠪᠡᠰᠦ ᠪᠤᠷᠳᠤᠭ᠎ᠠ ᠡᠯᠪᠡᠭ ᠲᠡᠯᠪᠡᠭ᠂ ᠮᠠᠯ ᠰᠦᠷᠥᠭ ᠢᠶᠠᠨ | ᠮᠡᠨᠳᠦ ᠤᠨᠳᠤᠷᠤᠭᠤᠯᠬᠤ ᠳᠤ ᠡᠯ᠎ᠡ ᠲᠠᠯ᠎ᠠ ᠶᠢᠨ ᠰᠠᠭᠤᠷᠢ ᠨᠥᠬᠦᠴᠠᠯ ᠪᠥᠷᠢᠡᠰᠢᠵᠥ᠂ ᠭᠠᠨᠭ᠌ ᠭᠠᠴᠢᠭ᠂ ᠭᠠᠮᠰᠢᠭ | ᠵᠤᠳ ᠲᠠᠢ ᠴᠦ ᠪᠡᠯᠡᠳᠬᠡᠯ ᠲᠠᠢ ᠪᠤᠯᠬᠤᠷ ᠪᠡᠷᠬᠡᠳᠡᠬᠦ ᠶᠠᠪᠤᠳᠠᠯ ᠠᠯᠠᠭ᠎ᠠ ᠪᠤᠯᠵᠠᠢ᠃ | ᠬᠦᠴᠦ ᠬᠦᠳᠡᠯᠮᠥᠷᠢ᠂ ᠬᠦᠯᠥᠰᠤᠨ ᠲᠤᠰᠤᠯ ᠢᠶᠠᠷ ᠢᠶᠠᠨ ᠦᠢᠯᠡᠳᠪᠤᠷᠢᠯᠡᠯ ᠠᠮᠢᠳᠤᠷᠠᠯ ᠢᠶᠠᠨ ᠥᠬᠡᠳᠡ ᠲᠠᠢ | ᠰᠠᠶᠢᠬᠠᠨ ᠪᠤᠯᠭᠠᠵᠦ ᠶᠠᠪᠤᠭ᠎ᠠ ᠶᠢ ᠨᠢ ᠰᠤᠷᠪᠤᠯᠵᠢᠯᠠᠭ᠎ᠠ ᠶᠠᠷᠢᠯᠴᠠᠭ᠎ᠠ ᠠᠴᠠ ᠤᠶᠢᠯᠠᠭᠠᠬᠤ ᠵᠠᠭᠤᠷ᠎ᠠ ᠬᠦᠮᠥᠨ ᠠᠷᠠᠳ ᠤᠨ | ᠮᠠᠨᠢ ᠶᠠᠷᠢᠳᠠᠭ ︽ᠮᠠᠯᠴᠢᠨ ᠬᠦᠮᠥᠨ ᠲᠦᠯ ᠢᠶᠠᠷ ᠲᠡᠭᠵᠢᠷᠡᠵᠦ᠂ ᠱᠦᠯᠦ ᠪᠠᠷ ᠴᠢᠩᠭᠠᠷᠠᠳᠠᠭ ᠶᠤᠮ︾ ᠬᠡᠳᠡᠭ ᠦᠬᠡ | ᠰᠠᠨᠠᠬᠳᠠᠵᠥ᠂ ᠴᠠᠭ ᠲᠠᠢ ᠤᠷᠤᠯᠳᠤᠨ ᠠᠵᠢᠯᠯᠠᠳᠠᠭ ᠸᠧᠨ ᠪᠢᠡᠭ᠂ ᠯᠢ ᠯᠢ ᠬᠤᠶᠠᠷ ᠤᠨ ᠠᠵᠢᠯ ᠶᠠᠪᠤᠳᠠᠯ ᠢ ᠬᠡᠳᠦ | ᠰᠠᠭᠠᠳᠠᠭᠠᠬᠤ ᠪᠤᠯᠪᠠᠤ ᠬᠡᠮᠡᠨ ᠵᠤᠭᠤᠭ ᠶᠠᠷᠢᠶ᠎ᠠ ᠪᠠᠨ ᠥᠨᠳᠥᠷᠯᠡᠬᠦ ᠳᠤ ︽ᠬᠦᠮᠥᠨ ᠬᠦᠳᠡᠯᠮᠥᠷᠢ ᠶᠢᠨ ᠬᠦᠴᠥᠨ ᠳᠤ | ᠠᠮᠢᠳᠤᠷᠠᠨ᠎ᠠ᠂ ᠰᠢᠪᠠᠭᠤ ᠲᠠᠯᠠᠪᠴᠢᠨ ᠤ ᠬᠦᠴᠥᠨ ᠳᠤ ᠨᠢᠰᠥᠨᠡ︾ ᠬᠡᠳᠡᠭ ᠵᠦᠢᠷ ᠦᠬᠡ ᠰᠠᠨᠠᠭᠠᠨ ᠳᠤ ᠤᠷᠭᠤᠯ᠎ᠠ᠃ | |