ᠵᠠᠯᠴᠢᠩᠵᠠᠪ ᠶᠢᠨ ᠪᠦᠳᠦᠭᠡᠯ — —ᠪᠤᠯᠠᠭᠠᠨᠳᠤᠬᠤᠢ
ᠨᠡᠶᠢᠲᠡᠯᠡᠭᠰᠡᠨ ᠴᠠᠭ᠄
2020/7/8
 ᠵᠤᠬᠢᠶᠠᠭᠴᠢ ᠶᠢᠨ ᠳᠠᠨᠢᠯᠴᠠᠭᠤᠯᠭ᠎ᠠ᠄ ᠵᠠᠯᠴᠢᠩᠵᠠᠪ᠂ 1949 ᠤᠨ ᠳᠤ ᠰᠢᠯᠤᠭᠤᠨ ᠬᠦᠪᠡᠭᠡᠳᠤ ᠴᠠᠭᠠᠨ ᠬᠤᠰᠢᠭᠤᠨ ᠤ ᠪᠤᠯᠭᠠᠨᠳᠤᠬᠤᠢ ᠰᠤᠮᠤᠨ ᠤ ᠰᠡᠨᠵᠢ ᠶᠢᠨ ᠪᠤᠯᠠᠭ ᠭᠠᠴᠠᠭᠠᠨ ᠳᠤ ᠳᠦᠷᠦᠪᠠ᠃ ᠭᠠᠴᠠᠭᠠᠨ ᠤ ᠠᠵᠢᠯ ᠎ ᠳᠤ ᠭᠤᠴᠢ ᠭᠠᠷᠤᠢ ᠵᠢᠯ ᠰᠢᠭᠤᠷᠬᠠᠶᠢᠯᠠᠵᠦ᠂ ᠰᠤᠮᠤ ᠬᠤᠰᠢᠭᠤ ᠳᠡᠰ ᠤᠨ ᠨᠠᠮ ᠤᠨ ᠳᠦᠯᠦᠭᠡᠯᠡᠭᠴᠢ᠂ ᠠᠷᠠᠳ ᠤᠨ ᠳᠦᠯᠦᠭᠡᠯᠡᠭᠴᠢ ᠪᠠᠷ ᠤᠯᠠᠨᠳᠠ ᠰᠤᠩᠭᠤᠭᠳᠠᠨ ᠳᠦᠮᠡᠨ ᠤᠯᠠᠨ ᠢᠶᠠᠨ ᠳᠦᠯᠦᠭᠡᠯᠡᠵᠦ ᠳᠦᠷᠦ ᠶᠢᠨ ᠶᠠᠪᠤᠳᠠᠯ ᠢ ᠵᠦᠪᠳᠡᠯᠴᠡᠵᠦ ᠶᠠᠪᠤᠪᠠ᠃ ︽ᠪᠤᠯᠭᠠᠨ ᠳᠤᠬᠤᠢ︾᠂ ︽ᠪᠠᠶᠠᠨ ᠴᠠᠭᠠᠨ ᠬᠤᠨᠭ᠍ᠭᠤᠷ ᠤᠪᠤᠭ᠎ᠠ︾᠂ ︽ᠡᠯᠢᠭᠡᠨ ᠬᠠᠶᠢᠷᠠᠳᠤ ᠰᠡᠨᠵᠢ ᠶᠢᠨ ᠪᠤᠯᠠᠭ ᠮᠢᠨᠢ︾ ᠵᠡᠷᠭᠡ ᠬᠤᠶᠠᠷ ᠵᠠᠭᠤ ᠰᠢᠬᠠᠮ ᠰᠢᠯᠦᠭ᠂ ᠳᠠᠭᠤᠤ ᠶᠢᠨ ᠦᠭᠡ ᠪᠢᠴᠢᠵᠦ ᠪᠠᠶᠢᠨ᠎ᠠ᠃  ᠪᠤᠯᠠᠭᠠᠨᠳᠤᠬᠤᠢ         — ᠵᠠᠯᠴᠢᠩᠵᠠᠪ ᠠᠳᠤᠭᠤ ᠮᠠᠯ ᠤᠨ ᠭᠡᠰᠢᠭ ᠲᠠᠯᠠᠯᠵᠤ ᠠᠷᠢᠭᠤᠬᠠᠨ ᠤᠷᠬᠢᠯᠤᠬᠰᠠᠨ ᠰᠠᠨᠵᠢ ᠶᠢᠨ ᠪᠤᠯᠠᠭ᠂ ᠲᠠᠷᠠᠭ ᠠᠶᠢᠷᠠᠭ ᠰᠢᠭ᠋ ᠱᠤᠤᠬᠢᠨ ᠪᠤᠷᠬᠢᠯᠵᠤ ᠰᠡᠷᠢᠬᠦᠦ ᠲᠠᠳᠠᠬᠰᠠᠨ ᠰᠡᠬᠦᠵᠢ ᠶᠢᠨ ᠪᠤᠯᠠᠭ᠂ ᠬᠤᠯᠠ ᠶᠢᠨ ᠭᠠᠨᠭ᠌ ᠵᠠᠮ ᠵᠤᠷᠠᠶᠢᠨ ᠬᠢᠯᠠᠯᠵᠠᠬᠰᠠᠨ ᠬᠦᠭᠵᠢᠶᠠᠨ ᠨᠡᠷᠭᠢᠶᠠᠨᠳᠤ ᠪᠤᠯᠠᠭᠠᠨᠳᠤᠬᠤᠢ᠂ ᠨᠤᠭᠤᠯᠤᠭ᠎ᠠ ᠲᠤᠬᠤᠢ ᠳᠠᠭᠠᠨ ᠰᠦᠷᠦᠭ ᠪᠠᠨ ᠪᠡᠯᠴᠢᠬᠦᠯᠵᠤ ᠬᠦᠬᠡᠷᠡᠨ ᠴᠡᠩᠬᠡᠷᠳᠦᠭᠰᠡᠨ ᠲᠤᠬᠤᠢ ᠶᠢᠨ ᠬᠤᠳᠳᠤᠭ᠂   ᠰᠦ ᠰᠠᠭᠠᠯᠢ ᠶᠢᠨ ᠲᠡᠭᠡᠵᠢ ᠪᠠᠷ ᠠᠷᠢᠭᠤᠰᠤᠬᠰᠠᠨ   ᠰᠦᠯᠳᠡ ᠬᠡᠶᠢᠮᠤᠷᠢ ᠲᠠᠢ ᠨᠤᠳᠤᠭ ᠤᠰᠤᠨ   ᠠᠷᠠᠳ ᠤᠨ ᠲᠠᠭᠤᠤ ᠶᠢᠨ ᠮᠦᠡᠭᠬᠡ ᠶᠢᠨ ᠤᠶᠠᠩᠭ᠎ᠠ ᠲᠠᠢ   ᠠᠰᠢᠳᠠ ᠶᠢᠨ ᠢᠷᠦᠬᠡᠯ ᠲᠠᠢ ᠪᠤᠯᠠᠭᠠᠨᠳᠤᠬᠤᠢ᠃ ᠰᠠᠷᠠᠨ ᠤ ᠬᠡᠭᠡᠨ ᠳᠤ ᠬᠠᠭᠤᠴᠢ ᠬᠦᠤᠨᠢᠷᠵᠤᠰᠠᠶᠢᠬᠠᠨ ᠲᠤᠨᠢᠶᠠᠷᠠᠳᠠᠬᠰᠠᠨ ᠬᠦᠨ ᠨᠠᠭᠤᠷ᠂ᠦᠬᠡᠳᠡ ᠪᠠᠨ ᠬᠤᠷᠤᠶᠢᠯᠠᠬᠰᠠᠨ ᠶᠢᠰᠦ ᠶᠢᠨ ᠤᠪᠤᠭ᠎ᠠ ᠲᠠᠢᠦᠯᠡᠮᠵᠢ ᠶᠢᠨ ᠭᠡᠰᠢᠭᠳᠦ ᠦᠵᠢᠨᠳᠡᠢ᠂ᠬᠦᠰᠡᠯ ᠤᠨ ᠠᠷᠢᠭᠤᠨ ᠵᠦᠡᠭᠨᠠᠯ ᠪᠡᠯᠭᠡᠳᠡᠭᠰᠡᠨᠬᠠᠶᠢᠷ᠎ᠠ ᠶᠢᠨ ᠰᠢᠳᠦᠬᠡᠨ ᠴᠠᠭᠠᠨ ᠤᠪᠤᠭ᠎ᠠ᠂ᠬᠦᠮᠦᠨ ᠤ ᠬᠤᠶᠢᠴᠢᠰ ᠲᠤ ᠤᠬᠠᠭᠠᠨ ᠰᠡᠯᠪᠢᠭᠰᠡᠨᠮᠦᠡᠭᠭᠡ ᠶᠢᠨ ᠭᠡᠯᠬᠢᠶᠡᠳᠤ ᠬᠤᠯᠪᠤᠭ᠎ᠠ ᠶᠢᠨ ᠭᠤᠤᠯ᠂ᠡᠷᠭᠦᠴᠡ ᠪᠠᠷᠢᠴᠠ ᠪᠠᠨ ᠲᠡᠭᠡᠵᠢᠯᠡᠨ ᠰᠢᠳᠦᠭᠰᠡᠨᠦᠯᠢᠬᠡᠷ ᠲᠤᠮᠤᠬᠳᠤ ᠨᠤᠳᠤᠭ ᠤᠰᠤᠨᠠᠷᠠᠳ ᠤᠨ ᠲᠠᠭᠤᠤ ᠶᠢᠨ ᠮᠦᠡᠭᠬᠡ ᠶᠢᠨ ᠤᠶᠠᠩᠭ᠎ᠠ ᠲᠠᠢᠠᠰᠢᠳᠠ ᠶᠢᠨ ᠢᠷᠦᠬᠡᠯ ᠲᠠᠢ ᠪᠤᠯᠠᠭᠠᠨᠳᠤᠬᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号