ᠭᠦᠨ ᠮᠦᠷ ᠤᠨ ᠰᠢᠯᠦᠭ ᠤᠳ ᠤᠷᠤᠰᠢᠪᠠᠢ
ᠨᠡᠶᠢᠲᠡᠯᠡᠭᠰᠡᠨ ᠴᠠᠭ᠄
2020/7/8
ᠭᠦᠨ ᠮᠦᠷ ᠤᠨ ᠰᠢᠯᠦᠭ ᠤᠳ ᠤᠷᠤᠰᠢᠪᠠᠢ       — ᠱᠠᠪᠷᠤᠩ ᠳᠠᠨᠵᠢᠨ ᠵᠤᠬᠢᠶᠠᠪᠠ ᠠᠶ᠎ᠠ ᠭᠠᠶᠢᠬᠠᠮᠰᠢᠭ ᠲᠤ ᠡᠨᠡ ᠽᠠᠮᠪᠦᠳᠢᠪ ᠤᠨ ᠳᠦᠪ ᠳᠤᠮᠳᠠ ᠠᠮᠢᠳᠠᠨ ᠨᠤᠭᠤᠳ ᠤᠨ ᠤᠴᠠᠷᠠᠬᠤᠶ᠎ᠠ ᠪᠡᠷᠭᠡ ᠱᠠᠰᠢᠨ ᠤ ᠳᠡᠷᠭᠡᠳᠡ ᠠᠷᠢᠭᠤᠨ ᠳᠡᠬᠦᠯᠳᠡᠷ ᠪᠡᠶ᠎ᠡ ᠶᠢ ᠤᠯᠵᠦ ᠳᠦᠷᠦᠭᠰᠡᠨ ᠪᠢᠯᠡ᠂ ᠠᠪᠤᠷᠠᠭᠴᠢ ᠪᠤᠭᠳᠠ ᠡᠵᠡᠨ ᠳᠠᠶᠢᠱᠤᠭ ᠮᠠᠨᠳᠠᠯ ᠢᠶᠠᠨ ᠡᠷᠬᠦᠶ᠎ᠠ᠂ ᠭᠠᠳᠠᠭᠠᠳᠤ ᠳᠠᠯᠠᠢ ᠶᠢᠨ ᠳᠡᠷᠳᠡᠭᠡ ᠤᠷᠳᠤᠨ ᠬᠠᠷᠰᠢ ᠲᠤᠷ ᠬᠠᠭᠠᠨ ᠽᠠᠺᠠᠷᠠᠸᠠᠳᠢ ᠶᠢᠨ ᠰᠠᠭᠤᠭᠰᠠᠨ ᠭᠤᠴᠢᠨ ᠬᠤᠶᠠᠷ ᠮᠤᠳᠤᠨ ᠬᠦᠮᠦᠨ ᠲᠠᠢ ᠬᠠᠳᠠᠭᠤ ᠬᠢᠯᠢᠩᠳᠤ ᠨᠠᠢᠮᠠᠨ ᠠᠷᠰᠯᠠᠨ ᠡᠷᠬᠦᠭᠰᠡᠨ ᠰᠢᠷᠡᠭᠡᠨ ᠳᠡᠭᠡᠷ᠎ᠡ ᠬᠠᠮᠤᠭ ᠤᠨ ᠡᠵᠡᠨ ᠳᠦᠮᠡᠨ ᠨᠠᠰᠤᠳᠤ ᠴᠢᠮᠡᠳᠳᠤᠷᠵᠢ ᠶᠤᠭᠠᠨ ᠵᠠᠯᠠᠶ᠎ᠠ᠂ ᠳᠤᠳᠤᠭᠠᠳᠤ ᠪᠡᠭᠡᠵᠢᠩ ᠬᠤᠳᠠ ᠮᠠᠨᠳᠠᠯ ᠤᠨ ᠤᠷᠳᠤᠨ ᠲᠤᠷ ᠳᠤᠨᠤᠮᠠᠯ ᠳᠡᠮᠤᠷ ᠬᠠᠭᠠᠨ ᠤ ᠬᠦᠮᠦᠨ ᠳᠠᠶᠢᠮᠢᠩ ᠤᠨ ᠰᠢᠷᠡᠭᠡᠨ ᠲᠤᠷ ᠳᠤᠨᠤᠮᠠᠯ ᠨᠠᠷᠠᠨ ᠤ ᠭᠡᠷᠡᠯ ᠪᠤᠯᠤᠭᠰᠠᠨ ᠰᠢᠳᠠᠷ ᠸᠠᠩ ᠶᠤᠭᠠᠨ ᠵᠠᠯᠠᠵᠦ ᠳᠤᠮᠳᠠᠳᠤ ᠤᠯᠤᠰ ᠤᠨ ᠰᠦᠷ ᠢᠶᠠᠷ ᠳᠠᠷᠤᠵᠦ ᠡᠷᠭᠡ ᠲᠡᠭᠡᠨ ᠬᠤᠷᠢᠶᠠᠬᠤ ᠪᠤᠯᠳᠤᠭᠠᠢ᠂ ᠮᠠᠨᠵᠤ ᠶᠢᠨ ᠬᠠᠷᠢᠶᠠᠳᠤ ᠮᠦᠭᠳᠡᠨ ᠬᠤᠳᠠ ᠶᠢᠨ ᠤᠷᠳᠤᠨ ᠲᠤᠷ ᠮᠠᠨᠵᠤᠰᠢᠷᠢ ᠪᠤᠭᠳᠠ ᠬᠠᠭᠠᠨ ᠤ ᠡᠷᠳᠡᠨᠢ ᠶᠢᠨ ᠰᠢᠷᠡᠭᠡᠨ ᠲᠤᠷ ᠮᠠᠨ ᠤ ᠬᠠᠯᠬ᠎ᠠ ᠶᠢᠨ ᠠᠪᠠᠳᠠᠢ ᠰᠠᠶᠢᠨ ᠬᠠᠭᠠᠨ ᠤ ᠤᠳᠤᠮ ᠠᠴᠠ ᠮᠠᠩᠯᠠᠢ ᠪᠤᠯᠤᠭᠰᠠᠨ ᠠᠮᠤᠷ ᠪᠠᠶᠠᠰᠬᠤᠯᠠᠩᠳᠦ ᠶᠤᠭᠠᠨ ᠵᠠᠯᠠᠶ᠎ᠠ᠂ ᠡᠷᠳᠡᠨᠢ ᠶᠢᠨ ᠰᠠᠶᠢᠨ ᠪᠤᠶᠠᠨ ᠳᠤ ᠢᠷᠤᠭᠡᠯ ᠤᠨ ᠬᠦᠴᠦᠨ ᠢᠶᠠᠷ ᠡᠨᠡ ᠽᠠᠮᠪᠦᠳᠢᠪ ᠶᠢᠨ ᠤᠷᠤᠨ ᠳᠤ ᠡᠷᠳᠡᠨᠢᠳᠤ ᠪᠡᠶ᠎ᠡ ᠶᠢ ᠤᠯᠤᠨ ᠡᠨᠡᠷᠢᠭᠴᠢ ᠪᠤᠭᠳᠠ ᠬᠠᠭᠠᠨ ᠤ ᠠᠯᠪᠠᠳᠤ ᠱᠠᠪᠢ ᠪᠤᠯᠤᠨ ᠳᠦᠷᠦᠵᠦ ᠡᠬᠦᠷᠢᠳᠠ ᠱᠠᠰᠢᠨ ᠳᠦᠷᠦ ᠶᠢ ᠲᠠᠭᠠᠨ ᠳᠡᠳᠬᠦᠬᠦ ᠪᠤᠯᠳᠤᠭᠠᠢ᠂ ᠬᠠᠭᠠᠨ ᠪᠤᠭᠳᠠ ᠡᠵᠡᠨ ᠤ ᠠᠳᠢᠰᠳᠠᠳ ᠰᠦᠷ ᠰᠦᠯᠳᠠ ᠲᠤᠷ ᠭᠠᠳᠠᠭᠠᠳᠤ ᠶᠢᠨ ᠬᠠᠷᠰᠢᠯᠠᠬᠤ ᠡᠳᠡᠭᠡᠳ ᠨᠤᠭᠤᠳ ᠢ ᠳᠠᠷᠤᠭᠳᠤᠨ ᠬᠠᠮᠤᠭ ᠤᠯᠤᠰ ᠪᠦᠬᠦᠳᠡ ᠡᠷᠭᠡ ᠲᠤᠷ ᠬᠤᠷᠠᠨ ᠴᠢᠭᠤᠯᠵᠦ ᠭᠠᠶᠢᠬᠠᠮᠰᠢᠭ ᠳᠦᠷᠦ ᠳᠦᠮᠡᠨ ᠤᠨ ᠲᠤᠷ ᠪᠠᠳᠤᠳᠠ ᠤᠷᠤᠰᠢᠬᠤ ᠪᠤᠯᠳᠤᠭᠠᠢ᠂ ᠠᠮᠤᠭᠤᠯᠠᠩ ᠲᠤ ᠰᠤᠺᠡᠸᠠᠳᠢ ᠶᠢᠨ ᠳᠠᠷᠢᠶᠠᠯᠠᠩ ᠤᠨ ᠤᠷᠤᠨ ᠠᠴᠠ ᠠᠪᠢᠳᠡ ᠶᠢᠨ ᠬᠤᠪᠢᠯᠭᠠᠨ ᠪᠤᠭᠳᠠ ᠡᠵᠡᠨ ᠭᠡᠭᠡᠭᠡᠨ ᠮᠢᠨᠤ ᠵᠠᠯᠠᠷᠠ ᠠᠯᠢᠪᠠ ᠮᠤᠩᠭᠤᠯ ᠤᠨ ᠱᠠᠪᠢ ᠠᠯᠪᠠᠳᠤ ᠶᠤᠭᠠᠨ ᠠᠳᠢᠰᠯᠤᠭᠰᠠᠨ ᠢᠶᠠᠷ ᠠᠮᠤᠷ ᠵᠠᠶᠠᠭᠠᠨ ᠤ ᠪᠤᠶᠠᠨ ᠢ ᠡᠳ᠋ᠯᠠᠵᠦ ᠴᠡᠩᠭᠡᠬᠦ ᠪᠤᠯᠳᠤᠭᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号