ᠬᠠᠨ ᠬᠠᠶᠢᠷᠬᠠᠨ | — ᠠᠭᠳᠤᠩᠭᠠ ᠵᠤᠬᠢᠶᠠᠪᠠ | ᠴᠡᠯᠮᠡᠭ ᠴᠡᠩᠭᠡᠷ ᠤᠭᠳᠠᠷᠭᠤᠢ ᠶᠢᠨ ᠦᠭᠡᠳᠡ ᠠᠴᠠ ᠵᠢᠰᠤ ᠪᠤᠯᠢᠶᠠᠯᠴᠠᠨ᠂ ᠴᠠᠯ ᠨᠤᠭᠤᠭᠠᠨ ᠬᠢᠯᠢᠩ ᠤᠨ ᠠᠳᠠᠯᠢ | ᠪᠠᠷ ᠬᠢᠯᠳᠦᠭᠡᠨᠡᠭᠰᠡᠨ ᠴᠡᠯᠡᠭᠡᠷ ᠠᠭᠤᠳᠠᠮ ᠳᠠᠯ᠎ᠠ ᠶᠢᠨ ᠳᠤᠮᠳᠠᠭᠤᠷ ᠱᠤᠭᠤᠮ ᠮᠡᠳᠦ ᠳᠤᠷᠠᠶᠢᠬᠤ ᠴᠠᠶᠢᠯᠭᠠᠨ ᠵᠠᠮ ᠢᠶᠠᠷ | ᠠᠶᠠᠨᠴᠢᠨ ᠪᠤᠯᠤᠯᠳᠠᠢ ᠬᠤᠶᠠᠷ ᠮᠤᠷᠢᠳᠠᠨ ᠴᠤᠪᠤᠷᠠᠨ ᠶᠠᠪᠤᠨ᠎ᠠ᠃ | ᠭᠠᠨᠭ᠍ᠳᠠᠭᠰᠠᠨ ᠳᠡᠭᠷᠢ ᠶᠢᠨ ᠴᠤᠷᠬᠢᠮᠠ ᠨᠠᠷᠠᠨ ᠳᠠᠳᠠᠨ ᠤ ᠳᠠᠯᠤ ᠮᠦᠷ ᠠᠴᠠ ᠭᠠᠯ ᠰᠢᠯ ᠢᠶᠠᠷ ᠳᠦᠭᠡᠨᠡᠬᠦ ᠰᠢᠭ | ᠬᠠᠯᠠᠭᠠᠨ᠎ᠠ᠃ ᠵᠤᠨ ᠤ ᠬᠠᠯᠠᠭᠤᠨ ᠳᠤ ᠪᠦᠭᠴᠢᠭᠰᠡᠨ ᠮᠤᠷᠢᠳ ᠠᠮᠢ ᠳᠡᠮᠡᠴᠡᠬᠦ ᠳᠡᠭᠡᠨ ᠵᠤ ᠵᠦᠰᠦᠮᠠᠯ ᠰᠤᠷ ᠵᠢᠯᠤᠭᠤ | ᠶᠢ ᠰᠤᠩᠭᠠᠨ᠂ ᠵᠤᠵᠠᠭᠠᠯᠢᠭ ᠡᠪᠡᠷᠳᠦᠭᠰᠡᠨ ᠠᠯᠠᠭᠠᠨ ᠤ ᠵᠢᠷᠤᠭᠠᠳᠠᠰᠤ ᠶᠢ ᠬᠦᠯᠡᠶᠢᠯᠭᠡᠨ᠂ ᠵᠤᠤᠵᠠᠢ ᠳᠦᠯᠦᠷᠡᠳᠡᠯᠡ | ᠵᠤᠯᠠᠷᠠᠨ ᠢᠯᠠᠭᠠᠷᠬᠠᠨᠠ᠃ ᠬᠠᠷᠢᠨ ᠵᠤᠭᠵᠠᠶᠢᠨ ᠳᠠᠳᠠᠵᠦ ᠠᠷᠠᠢ ᠴᠢᠮᠠᠢᠢ ᠳᠤᠭᠳᠠᠭᠠᠵᠦ ᠶᠠᠳᠠᠨ ᠪᠤᠳᠤᠯᠢᠭᠰᠠᠨ ᠰᠠᠮᠪᠠ | ᠯᠠ ᠦᠪᠡᠷ ᠤᠨ ᠠᠯᠠᠭ᠎ᠠ ᠪᠨ ᠤᠰᠤᠳᠦᠵᠦ ᠴᠦᠪᠦᠷᠢᠬᠦᠳᠡᠭᠰᠡᠨ ᠢ ᠤᠪᠠᠶᠢᠯᠠᠬᠤ ᠴᠢᠯᠦᠭᠡ ᠦᠭᠡᠢ ᠵᠠᠮ ᠬᠦᠭᠡᠭᠡᠨ᠎ᠡ᠃ | ᠠᠱᠢᠬᠦᠢ ᠰᠠᠶᠢᠬᠠᠨ ᠰᠡᠪᠬᠢᠮᠡ ᠳᠤᠬᠢᠶᠠᠯ ᠪᠤᠯᠪᠠ᠃ ᠬᠠᠷᠠᠬᠠᠨ ᠴᠢᠳᠬᠤᠮᠠᠯ ᠫᠠᠯᠠᠨ ᠰᠢᠭ᠋ ᠴᠢᠯᠪᠡᠯᠵᠠᠨ ᠬᠦᠭᠡᠷᠠᠨ | ᠳᠤᠨᠤᠷᠠᠭᠰᠠᠨ ᠤᠭᠳᠠᠷᠭᠤᠢ ᠶᠢᠨ ᠴᠡᠭᠡᠯ ᠳᠤ ᠭᠤᠤᠵᠢᠮᠠᠯ ᠨᠤᠤᠰᠤ ᠬᠡᠶᠢᠰᠬᠦ ᠰᠢᠭ ᠴᠦ ᠦᠵᠡᠭᠳᠡᠮ᠎ᠡ ᠰᠡᠭᠯᠡᠷᠡᠭᠰᠡᠨ | ᠦᠨᠦᠴᠢᠨ ᠴᠠᠭᠠᠨ ᠡᠬᠦᠯᠡ ᠰᠡᠮᠡᠷᠡᠭᠰᠡᠭᠡᠷ ᠪᠠᠶᠢᠵᠦ᠂ ᠡᠮᠤᠨᠡᠬᠢ ᠵᠠᠮ ᠢ ᠨᠢ ᠳᠤᠭᠤᠯᠭ᠎ᠠ ᠪᠠᠷ ᠪᠢᠯᠳᠠᠭᠰᠠᠨ ᠰᠢᠭ᠋ | ᠰᠡᠬᠦᠳᠡᠷᠯᠡᠪᠡ᠃ ᠳᠦᠷ ᠴᠦ ᠬᠡᠰᠡᠨ ᠬᠠᠪᠤᠳᠠᠶᠢᠬᠠᠨ ᠰᠡᠷᠢᠬᠦᠴᠡᠭᠰᠡᠨ ᠰᠠᠮᠪᠠ᠂ ᠨᠠᠷᠢᠨ ᠰᠤᠯᠠᠪᠳᠤᠷ ᠨᠢᠷᠤᠭᠤ ᠪᠠᠨ | ᠮᠤᠰᠬᠢᠯᠵᠠᠭᠤᠯᠤᠨ ᠤᠨᠢᠭᠠᠷ ᠨᠢᠳᠤ ᠪᠠᠨ ᠢᠷᠮᠡᠬᠦᠯᠦᠭᠰᠡᠨ ᠢᠶᠠᠨ ᠡᠩᠭᠡᠷ ᠢᠶᠠᠨ ᠵᠠᠳᠠᠭᠠᠶᠢᠯᠠᠵᠦ᠂ ᠮᠤᠷᠢ ᠰᠡᠭᠡᠬᠦᠯᠦᠨ | ᠨᠦᠬᠦᠭᠡᠬᠢ ᠪᠠᠨ ᠬᠦᠢᠴᠡᠪᠡ᠃ | — ᠳᠠᠮᠪᠢ ᠭᠤᠸᠠᠢ︕ ᠨᠠᠯᠢᠶᠠᠳ ᠳᠦᠬᠦᠴᠢᠭᠡᠯᠡ ᠰᠢᠥ ᠳ᠋ᠠ᠃ ᠡᠨᠡ ᠬᠦ ᠢᠷᠵᠢᠭᠡᠷ ᠨᠤᠭᠤᠭᠠᠨ ᠳᠤᠷᠳᠤᠩ | ᠳᠡᠭᠡᠷ᠎ᠡ ᠴᠠᠭᠠᠨ ᠳᠠᠨ᠎ᠠ ᠰᠠᠭᠤᠯᠭᠠᠭᠰᠠᠨ ᠰᠢᠭ᠋ ᠨᠢᠳᠤ ᠪᠤᠯᠢᠶᠠᠮ᠎ᠠ ᠬᠠᠷᠠᠭᠳᠠᠭᠠᠳ ᠪᠠᠶᠢᠳᠠᠭ ᠳᠠᠯᠠᠨ ᠳᠦᠷᠦᠬᠦᠦ ᠶᠢᠨ | ᠳᠡᠷᠭᠡᠳᠡ ᠠᠮᠤᠰᠬᠢᠭᠡᠰᠠᠢ ᠭᠡᠳ ᠭᠤᠷᠢᠳᠠᠯᠳᠠᠶᠢᠶᠠ ᠡᠪᠰᠢᠶᠡᠯᠭᠡᠪᠡ᠃ | ᠳᠡᠬᠦᠨ ᠤ ᠡᠩᠭᠡᠷ ᠡᠪᠴᠢᠬᠦᠦ ᠪᠠᠨ ᠪᠡᠯᠭᠡᠴᠡᠭᠯᠠᠨ ᠨᠦᠮᠦᠭᠡᠯᠡᠵᠦ᠂ ᠡᠬᠦᠷᠦᠭᠰᠡᠨ ᠰᠢᠷᠢᠨ ᠪᠤᠭᠴᠤ ᠪᠠᠨ ᠬᠦᠷᠳᠡᠯ᠎ᠡ | ᠪᠦᠭᠡᠷᠭᠡᠨ ᠳᠡᠭᠡᠨ ᠬᠠᠳᠤᠷᠤᠭᠰᠠᠨ ᠢ ᠦᠵᠡᠭᠰᠡᠨ ᠳᠠᠮᠪᠢ᠄ | — ᠰᠠᠮᠪᠠ ᠮᠢᠨᠢ ᠡ︕ ᠳᠠᠪᠢᠭᠠᠳᠬᠠᠨ ᠭᠠᠵᠠᠷ ᠶᠠᠪᠤᠵᠦ ᠪᠠᠶᠢᠨ᠎ᠠ᠃ ᠳᠡᠷᠡ ᠤᠯᠠᠭᠠᠨ ᠬᠤᠷᠤᠬᠠᠢ ᠱᠢᠷᠤ ᠪᠠᠷ | ᠪᠦᠷᠢᠭᠰᠡᠨ ᠳᠤᠪᠴᠢ ᠲᠠᠢ ᠳᠤᠭᠤᠷᠴᠤᠭ ᠰᠢᠭ᠋ ᠪᠤᠨᠳᠤᠶᠢᠬᠤ ᠳᠤᠰᠢ ᠶᠢᠨ ᠨᠠᠭᠠᠳᠤᠬᠢ ᠳᠤᠰᠬᠤᠨ ᠬᠦᠷᠪᠠᠯ ᠰᠠᠶ᠋ᠢ | ᠵᠢᠷᠠᠨ ᠭᠠᠵᠠᠷ ᠪᠤᠯᠤᠨ᠎ᠠ ᠭᠡᠵᠦ ᠬᠡᠯᠡᠭᠡᠳ ᠳᠠᠬᠢᠨ᠄ ︽ᠳᠡᠬᠦᠦ ᠮᠢᠨᠢ ᠡ︕ ᠤᠨᠤᠭᠠᠨ ᠳᠤ ᠶᠠᠳᠠᠷᠠᠭᠤ᠂ ᠠᠶᠠᠨ ᠳᠤ | ᠬᠤᠶᠢᠷᠭᠤ ᠶᠤᠮ ᠰᠢᠪ︾ ᠭᠡᠵᠦ ᠬᠡᠯᠡᠬᠦ ᠭᠡᠰᠡᠨ ᠦᠭᠡ ᠪᠠᠨ ᠪᠤᠷᠤᠭᠤᠯᠠᠨ ᠬᠤᠯᠠᠳᠴᠠᠢ᠃ | — ᠡᠨᠡ ᠦᠷᠯᠦᠭᠡ᠂ ᠪᠤᠤᠴᠠᠩ ᠠᠴᠠ ᠮᠤᠷᠳᠠᠭᠠᠳ ᠳᠦᠷᠪᠠᠨ ᠮᠦᠴᠢ ᠮᠢᠨᠢ ᠶᠠᠪᠤᠬᠤ ᠳᠤᠳᠤᠮ ᠡᠪᠭᠡᠷᠡᠯᠳᠦᠨ | ᠬᠦᠰᠢᠭᠡᠳ ᠭᠤᠷᠢ ᠦᠭᠡᠢ ᠭᠡᠰᠡᠨ ᠰᠠᠮᠪᠠ᠂ ᠤᠯᠠᠮ ᠮᠤᠰᠬᠢᠯᠵᠠᠨ ᠰᠢᠯᠢᠨ ᠬᠦᠵᠦᠬᠦᠦ ᠪᠠᠨ ᠳᠤᠤᠭᠠᠷᠭᠠᠪᠠ᠃ | — ᠳᠡᠭᠡᠭᠡᠳ ᠯᠠ ᠪᠢᠵᠠ︕ ᠴᠢᠮᠠᠢᠢ ᠮᠤᠷᠢᠨ ᠳᠤ ᠪᠤᠳᠤᠯᠢᠭᠠᠳ ᠪᠠᠶᠢᠬᠤᠯᠠᠷ ᠬᠠᠷᠠᠬᠤ ᠳᠤᠳᠤᠮ ᠤᠷᠢᠳᠠ ᠤᠷᠢᠳᠠ | ᠶᠢᠨ ᠶᠠᠪᠤᠳᠠᠯ ᠰᠠᠨᠠᠭᠳᠠᠬᠤ ᠶᠤᠮ᠃ | — ᠳᠠᠮᠪᠢ ᠭᠤᠸᠠᠢ᠂ ᠰᠤᠨᠢᠨ ᠶᠠᠭᠤ ᠶᠤᠮ︕ ᠬᠡᠯᠡᠭᠡᠴᠢ ᠁ | — ᠳᠠᠨ ᠤ ᠦᠶ᠎ᠠ ᠶᠢᠨ ᠬᠢ ᠪᠠᠨ ᠶᠠᠷᠢᠭᠠᠳ ᠪᠠᠶᠢᠮᠠᠷ ᠬᠡᠷᠡᠭ ᠨᠠᠳᠠ ᠶᠠᠭᠤ ᠪᠠᠶᠢᠬᠤᠪ ᠭᠡᠵᠦ ᠦᠭᠡ | ᠴᠤᠬᠤᠯᠵᠠᠭᠤᠯᠤᠭᠰᠠᠨ ᠳᠠᠮᠪᠢ᠂ ᠳᠡᠬᠦᠨ ᠤ ᠯᠠᠪᠯᠠᠬᠤ ᠠᠴᠠ ᠶᠠᠷᠰᠢᠭᠯᠠᠭᠰᠠᠨ ᠰᠢᠭ᠋ ᠢᠰᠭᠡᠷᠤᠨ ᠠᠶᠠᠯᠠᠭᠤᠯᠵᠦ᠂ ᠮᠤᠷᠢ | ᠬᠡᠶᠢᠷᠭᠡᠬᠦᠯᠤᠨ ᠪᠡᠶ᠎ᠡ ᠦᠨᠳᠡᠶᠢᠯᠭᠡᠵᠡᠢ᠃ | ᠳᠡᠬᠦᠨ ᠤ ᠮᠤᠷᠢ ᠪᠠᠨ ᠳᠠᠪᠢᠷᠠᠨ ᠬᠠᠳᠠᠷᠢᠭᠤᠯᠤᠨ᠂ ᠬᠠᠨᠠᠭᠠᠷ ᠮᠦᠷᠦ ᠪᠠᠨ ᠳᠡᠩᠭᠡᠯᠵᠡᠬᠦᠯᠦᠨ᠂ ᠵᠡᠬᠦᠭᠰᠡᠨ ᠰᠢᠷᠢᠨ | ᠪᠤᠭᠴᠤ ᠪᠠᠨ ᠳᠡᠭᠰᠢᠯᠡᠬᠦ ᠨᠢ ᠬᠦᠷᠳᠡᠯ᠎ᠡ ᠪᠤᠳᠤᠯᠢᠭᠤ ᠬᠦᠮᠦᠨ ᠤ ᠬᠤᠷᠤ ᠶᠢ ᠮᠠᠭᠠᠵᠢᠬᠤ ᠮᠡᠳᠦ ᠪᠤᠯᠤᠨ ᠰᠠᠮᠪᠠ ᠶᠢ | ᠳᠠᠴᠢᠶᠠᠳᠠᠭᠤᠯᠪᠠ᠃ | ᠤᠤᠯ ᠨᠢ ᠳᠠᠮᠪᠢ ᠶᠢ ᠬᠦᠢᠴᠡᠵᠦ ᠢᠷᠡᠭᠡᠳ ᠳᠦᠷᠦᠭᠡ ᠬᠠᠪᠢᠷᠠᠭᠤᠯᠤᠨ ᠬᠦᠦᠬᠢᠬᠦᠯᠵᠦ ᠶᠠᠪᠤᠬᠤ ᠬᠡᠰᠡᠨ ᠴᠦ | ᠱᠦᠬᠦᠷᠭᠡᠢ ᠰᠢᠨᠠᠭ᠎ᠠ ᠪᠠᠷ ᠤᠰᠤ ᠤᠤᠭᠤᠭᠰᠠᠨ ᠰᠢᠭ᠋ ᠬᠤᠭᠤᠰᠤᠷᠠᠪᠠ᠃ ᠭᠡᠪᠡᠴᠦ ᠳᠡᠬᠦᠨ ᠤ ᠬᠡᠯᠡᠭᠰᠡᠨ ᠢᠶᠠᠷ ᠵᠠᠮ | ᠤᠨ ᠵᠤᠭ᠎ᠠ ᠪᠤᠯᠭᠠᠮᠠ ᠰᠡᠳᠦᠪ ᠤᠯᠤᠭᠰᠠᠨ ᠳᠠᠭᠠᠨ ᠳᠡᠮᠡᠢ ᠭᠤᠮᠤᠳᠠᠭᠰᠠᠨ ᠦᠭᠡᠢ᠃ ᠭᠠᠭᠴᠠ ᠬᠦ ᠳᠠᠮᠪᠢ ᠶᠢᠨ | ᠭᠤᠶᠢᠭᠤᠷᠠᠭᠤᠯᠬᠤ ᠪᠠᠷ ᠪᠠᠷᠤᠭ ᠬᠦᠭᠡᠭᠡᠵᠦ ᠬᠦᠢᠴᠠᠨ ᠳᠡᠬᠦᠨ ᠤ ᠬᠤᠶᠢᠰᠢ ᠡᠷᠬᠢᠨ ᠬᠠᠷᠠᠵᠦ ᠦᠨᠳᠡᠶᠢᠯᠭᠡᠬᠦ ᠪᠠᠷ | ᠬᠤᠴᠤᠷᠤᠰᠬᠢᠨ ᠪᠠᠶᠢᠵᠦ ᠶᠠᠪᠤᠭᠰᠠᠭᠠᠷ ᠠᠷᠪᠠᠨ ᠬᠡᠳᠦᠨ ᠭᠠᠵᠠᠷ ᠢ ᠳᠦᠳᠡᠯ ᠦᠭᠡᠢ ᠠᠭᠤᠳᠠᠯᠤᠭᠰᠠᠨ ᠪᠠᠶᠢᠪᠠ᠃ | ᠴᠤᠬᠤᠮ ᠵᠢᠷᠠᠨ ᠭᠠᠵᠠᠷ ᠤᠨ ᠬᠢᠨᠢ ᠦᠵᠦᠬᠦᠷ ᠲᠤ ᠠᠭᠤᠯᠵᠠᠯᠳᠤᠪᠠ᠃ | — ᠴᠢᠮᠠᠢᠢ ᠠᠶᠠᠨ ᠳᠤ ᠴᠠᠭᠠᠷᠠᠭᠤᠯᠵᠦ ᠠᠪᠬᠤ ᠪᠠᠷ ᠳᠦᠷᠦᠬᠦᠯᠡᠭᠡᠳ ᠪᠠᠶᠢᠯ᠎ᠠ ᠪᠢ᠃ ᠰᠠᠮᠪᠠ ᠮᠢᠨᠢ ᠤᠯᠠᠮ | ᠶᠠᠳᠠᠷᠠᠭᠰᠠᠨ ᠪᠠᠶᠢᠬ᠎ᠠ᠃ ᠳᠠᠨᠠᠢ ᠬᠦᠷᠢᠶᠠᠨ ᠤ ᠦᠨᠦ ᠰᠤᠳᠪᠠ ᠶᠢᠨ ᠠᠪᠤ᠄ ︽ᠬᠤᠳᠠ ᠭᠠᠵᠠᠷ ᠤᠳᠠᠭᠠᠨ ᠰᠠᠭᠤᠵᠦ᠂ | ᠬᠤᠶᠠᠩ ᠳᠤ ᠪᠠᠷᠢᠭᠳᠠᠬᠤ ᠠᠴᠠ ᠬᠤᠨᠢ ᠪᠠᠨ ᠳᠠᠭᠠᠵᠦ ᠬᠡᠯᠳᠦᠷᠢᠭᠰᠡᠨ ᠨᠢ ᠳᠡᠭᠡᠷ᠎ᠡ᠃ ᠰᠢᠯᠢ ᠶᠢᠨ ᠤᠭᠤᠨᠤ ᠰᠢᠭ᠋ | ᠰᠤᠷᠤᠭᠰᠠᠨ ᠪᠢ ᠰᠢᠩᠭᠡᠯᠢᠭ ᠲᠤ ᠤᠷᠤᠭᠰᠠᠨ ᠳᠠᠯᠠᠨ ᠬᠡᠯᠡᠳᠦ ᠴᠡᠭᠴᠡᠦᠭᠡᠢ ᠰᠢᠭ ᠬᠤᠷᠢᠭᠳᠠᠬᠤ ᠠᠴᠠ ᠰᠢᠨ᠎ᠡ ᠠᠭᠠᠷ | ᠢᠶᠠᠨ ᠠᠮᠠ ᠮᠡᠳᠡᠨ ᠳᠠᠳᠠᠶ᠎ᠠ︾ ᠭᠡᠯᠡ ᠭᠡᠪᠡ ᠦᠦ︖ | — ᠳᠡᠷᠡ ᠨᠠᠰᠤᠳᠠᠨ ᠳᠡᠭᠡᠵᠦ ᠪᠠᠶᠢᠭᠠᠳ ᠬᠠᠷᠢᠭᠰᠠᠨ᠂ ᠭᠡᠪᠡᠴᠦ ᠪᠢ ᠁ ᠲᠠᠨ ᠤ ᠬᠡᠯᠡᠭᠰᠡᠨ ᠰᠠᠶ᠋ᠢ ᠶᠢᠨ ᠬᠢ | ᠶᠢ ᠴᠢᠨᠢ ᠶᠠᠷᠢᠭᠤᠯᠬᠤ ᠬᠡᠰᠡᠨ ᠦᠭᠡᠢ ᠶᠤᠮ ᠪᠤᠯ︖ ᠬᠠᠨ ᠬᠠᠶᠢᠷᠬᠠᠨ ᠢ ᠨᠠᠭᠠᠰᠢ ᠨᠢ ᠬᠡᠵᠢᠶ᠎ᠠ ᠢᠷᠡᠳᠡᠭ ᠪᠤᠯᠪᠠ ᠦᠦ | ᠭᠡᠳ ᠪᠠᠶᠢᠨ᠎ᠠ᠃ | — ᠬᠠᠨ ᠬᠠᠶᠢᠷᠬᠠᠨ ᠭᠡᠬᠦ ᠠᠴᠠ ᠤᠯᠠᠨ ᠶᠠᠭᠤᠮ᠎ᠠ ᠪᠤᠳᠤᠭᠳᠠᠯ᠎ᠠ᠃ | — ᠶᠠᠭ ᠳᠠᠶᠢᠨ ᠤ ᠦᠶ᠎ᠠ ᠶᠢᠨ ᠬᠢ ᠪᠠᠨ ᠦᠦ᠂ ᠲᠠ ᠫᠠᠷᠲ᠋ᠢᠽᠠᠨ ᠤ ᠪᠠᠨ ᠳᠤᠬᠠᠢ ᠬᠡᠯᠡᠵᠦ ᠪᠠᠶᠢᠨ᠎ᠠ ᠦᠦ︖ | ᠰᠤᠨᠢᠨ ᠰᠠᠶᠢᠬᠠᠨ ᠶᠠᠭᠤᠮ᠎ᠠ ᠰᠤᠨᠤᠰᠴᠢᠬᠠᠬᠤ ᠰᠢᠭ᠋ ᠪᠤᠳᠤᠵᠦ᠂ ᠳᠡᠭᠡᠵᠦ ᠵᠢᠳᠬᠦᠬᠦᠯᠦᠭᠡᠳ ᠁ | — ᠰᠠᠮᠪᠠ ᠮᠢᠨᠢ ᠫᠠᠷᠲ᠋ᠢᠽᠠᠨ ᠤ ᠳᠤᠬᠠᠢ ᠶᠠᠷᠢᠭᠠᠳ ᠪᠠᠶᠢᠬᠤ ᠴᠦ ᠶᠠᠭᠤ ᠪᠠᠶᠢᠬᠤᠪ᠃ ᠬᠠᠷᠢᠨ ᠁ ᠭᠡᠵᠦ | ᠬᠡᠯᠡᠭᠡᠳ ᠳᠦᠷ ᠡᠭᠡᠳᠡᠷᠡᠵᠦ ᠠᠪᠤᠯ᠎ᠠ᠃ ᠳᠠᠬᠢᠨ ᠰᠠᠮᠪᠠ ᠶᠢ ᠱᠠᠯᠠᠬᠤ ᠪᠠᠷ ᠡᠷᠬᠢᠨ ᠳᠤᠭᠤᠷᠢᠨ ᠢ ᠠᠵᠢᠵᠦ ᠰᠢᠷᠳᠡᠪᠡ᠃ | | ᠳᠡᠭᠡᠭᠡᠳ ᠰᠡᠶᠢᠮᠡᠭᠡᠢ ᠱᠠ ᠪᠠᠷ ᠪᠦᠳᠡᠭᠡᠭᠰᠡᠨ ᠰᠢᠭ ᠰᠦᠮᠡᠯᠵᠡᠬᠦ ᠬᠤᠶᠢᠳᠤ ᠵᠦᠭ ᠤᠨ ᠠᠭᠤᠯᠠᠰ ᠢ ᠰᠢᠷᠪᠢᠨ | ᠬᠠᠷᠠᠭᠰᠠᠨ ᠳᠠᠮᠪᠢ᠄ ︽ᠰᠠᠶ᠋ᠢ ᠶᠢᠨ ᠦᠡᠭᠭᠡᠷᠡᠭᠰᠡᠨ ᠤᠯᠠᠭᠠᠨ ᠬᠠᠳᠠᠳᠤ ᠠᠴᠠ ᠦᠭᠰᠦᠬᠦᠯᠦᠨ᠂ ᠬᠠᠨ᠎ᠠ ᠬᠠᠳᠠ ᠶᠢᠨ | ᠭᠤᠤᠯ ᠢᠶᠠᠷ ᠳᠠᠮᠵᠢᠭᠤᠯᠤᠭᠰᠠᠭᠠᠷ᠂ ᠳᠡᠷᠳᠡᠭᠡ ᠰᠡᠬᠦᠶᠢᠨ ᠬᠠᠷᠠᠭᠳᠠᠬᠤ ᠬᠠᠨ ᠬᠠᠶᠢᠷᠬᠠᠨ ᠳᠤ ᠳᠤᠯᠭᠠᠪᠠᠯ᠂ ᠨᠢᠭᠡ | ᠦᠯᠢᠭᠡᠷ ᠶᠠᠷᠢᠴᠢᠬᠠᠮᠠᠷ ᠪᠠᠶᠢᠨ᠎ᠠ︾ ᠭᠡᠪᠡ᠃ | — ᠨᠡᠭᠡᠷᠡᠨ᠂ ᠳᠡᠭᠡᠯ ᠳ᠋ᠠ︕ | — ᠬᠠᠷᠢᠨ ᠭᠡᠮ︕ ᠡᠮᠡᠭᠡᠯ ᠳᠡᠭᠡᠨ ᠪᠡᠭᠴᠡᠭᠡᠨᠡᠭᠡᠳ ᠪᠠᠶᠢᠳᠠᠭ ᠬᠤᠷᠢ ᠭᠠᠷᠤᠶᠢᠬᠠᠨ ᠨᠠᠰᠤᠳᠠᠢ ᠡᠷ᠎ᠡ ᠳᠤ ᠶᠠᠷᠢᠬᠤ | ᠭᠡᠰᠡᠨ ᠠᠴᠠ ᠶᠤᠮ ᠦᠦ︖ ᠬᠠᠯᠠᠭᠤᠨ ᠳᠤ ᠠᠩᠭᠠᠭᠰᠠᠨ ᠠᠴᠠ ᠶᠤᠮ ᠦᠦ︖ ᠶᠠᠭᠤ ᠴᠦ ᠬᠡᠰᠡᠨ ᠬᠤᠭᠤᠯᠠᠢ ᠮᠢᠨᠢ | ᠵᠠᠭᠠᠳᠤᠨᠠᠭᠠᠳ ᠪᠠᠶᠢᠨ᠎ᠠ ᠁ | — ᠫᠦᠬᠦ︕ ᠨᠠᠮᠠᠢᠢ ᠪᠠᠰᠤᠵᠦ ᠪᠠᠶᠢᠨ᠎ᠠ ᠦᠦ︖ ᠪᠢ ᠴᠢᠨᠢ ᠳᠠᠭ᠎ᠠ ᠶᠢᠨ ᠤᠪᠤᠭᠠᠨ ᠤ ᠳᠠᠬᠢᠯᠭᠠᠨ ᠳᠤ ᠦᠷᠢᠶ᠎ᠠ | ᠰᠤᠷᠢᠵᠦ ᠱᠠᠩ ᠠᠪᠴᠦ ᠪᠠᠶᠢᠭᠰᠠᠨ ᠶᠤᠮ︕ | — ᠵᠠ᠂ ᠤᠤᠬᠠᠢ︕ ᠬᠤᠰᠢᠭᠤ ᠤᠪᠤᠭᠠᠨ ᠳᠠᠭᠠᠨ ᠮᠤᠷᠢ ᠤᠷᠤᠯᠳᠤᠭᠠᠵᠦ ᠳᠡᠷᠢᠬᠦᠨ ᠱᠠᠩ ᠠᠪᠴᠦ ᠪᠠᠶᠢᠯ᠎ᠠ | ᠬᠡᠳᠡᠭ ᠪᠤᠯᠤᠭᠠᠰᠠᠢ᠂ ᠬᠠᠷᠢᠨ ᠴᠦ᠄ ︽ᠮᠠᠭᠤ ᠡᠮ ᠤᠤᠭᠤᠬᠤ ᠠᠴᠠ ᠰᠠᠶᠢᠨ ᠦᠭᠡᠨ ᠳᠤ ᠡᠪᠡᠳᠴᠢᠨ ᠠᠶᠠᠳᠠᠨᠠ︾ | ᠭᠡᠳᠡᠭᠴᠢᠯᠠᠨ ᠬᠤᠭᠤᠯᠠᠢ ᠮᠢᠨᠢ ᠡᠳᠡᠭᠡᠬᠦ ᠶᠠᠭᠤᠨ ᠤ ᠮᠠᠭᠠᠳ ᠭᠡᠵᠦ ᠦᠰᠬᠡᠬᠦᠯᠦᠭᠰᠡᠨ ᠳᠠᠮᠪᠢ᠂ ᠡᠮᠡᠭᠡᠯ ᠤᠨ | ᠵᠦᠭᠡᠯᠡᠪᠴᠢ ᠪᠤᠯᠭᠠᠨ ᠳᠤᠬᠤᠭᠰᠠᠨ ᠳᠤᠯᠤᠨ ᠨᠤᠤᠷ ᠬᠢᠴᠠ ᠲᠠᠢ ᠡᠷᠢᠶᠠᠨ ᠦᠷᠮᠦᠭ ᠰᠢᠭ ᠢᠶᠠᠨ ᠠᠯᠠᠭᠯᠠᠬᠤ ᠳᠠᠷᠢᠶᠠᠨ | ᠤ ᠱᠠᠩᠰᠢ ᠶᠢᠨ ᠴᠠᠭᠠᠳᠤᠬᠢ ᠠᠳᠠᠷ ᠢ ᠨᠢᠳᠤᠯᠠᠨ᠄ | — ᠵᠠ ᠪᠠᠶᠢᠵᠠ᠃ ᠡᠷᠡᠬᠦᠯ ᠭᠠᠵᠠᠷ ᠤᠨ ᠠᠮᠢᠰᠬᠤᠯ ᠡᠮ ᠭᠡᠳᠡᠭ ᠪᠢᠵᠠ᠃ ᠳᠡᠨᠳᠡ ᠳᠦᠷ ᠠᠮᠤᠰᠬᠢᠵᠦ᠂ ᠦᠪᠡᠷ | ᠤᠨ ᠬᠤᠭᠤᠯᠠᠢ ᠲᠠᠢ ᠪᠠᠨ ᠴᠢᠨᠤ ᠬᠤᠶᠠᠩ ᠢ ᠳᠤᠮᠨᠤᠶᠠ ᠭᠡᠵᠦ ᠢᠨᠢᠶᠡᠮᠰᠦᠭᠯᠠᠨ ᠮᠤᠷᠢ ᠡᠷᠬᠢᠬᠦᠯᠦᠨ ᠵᠠᠮ ᠠᠴᠠ | ᠭᠠᠷᠴᠠᠢ᠃ | ᠨᠢᠷᠤᠭᠤ ᠬᠦᠡᠭᠭᠡᠷᠡᠭᠰᠡᠨ ᠮᠤᠷᠢᠳ ᠬᠦᠯᠦᠰᠤᠨ ᠦᠨᠦᠷ ᠠᠴᠠ ᠪᠠᠨ ᠰᠦᠷᠬᠦᠨ ᠡᠷᠬᠢᠭᠡᠳ᠂ ᠰᠠᠯᠬᠢᠨ ᠦᠭᠡᠳᠡ | ᠬᠠᠷᠠᠵᠦ ᠵᠤᠭᠰᠤᠨ ᠬᠠᠨᠭ᠍ᠬᠤᠨ ᠠᠬᠢ ᠳᠡᠷᠢᠬᠦᠳᠡᠨ ᠬᠠᠨᠭ᠍ᠬᠤᠯᠤᠭᠰᠠᠨ ᠰᠤᠷᠭᠤᠭ ᠠᠭᠠᠷ ᠳᠠᠳᠠᠬᠤ ᠳᠠᠭᠠᠨ ᠪᠦᠭᠡᠮ | ᠢᠯᠠᠭ᠎ᠠ ᠶᠢ ᠰᠤᠷᠤᠵᠦ ᠠᠪᠤᠭᠠᠳ ᠬᠦᠯ ᠴᠠᠪᠴᠢᠯᠠᠨ ᠳᠤᠷᠬᠢᠵᠦ ᠪᠠᠶᠢᠪᠠ᠃ | ᠠᠮᠢᠰᠬᠤᠭ᠎ᠠ ᠳᠠᠷᠤᠭᠰᠠᠨ ᠮᠤᠷᠢᠳ ᠬᠠᠮᠠᠷ ᠰᠡᠷᠳᠡᠶᠢᠯᠭᠡᠨ ᠴᠢᠬᠢ ᠰᠤᠯᠪᠢᠵᠦ᠂ ᠬᠦᠯ ᠴᠢᠩᠭᠠᠷᠠᠨ ᠳᠠᠳᠠᠰᠢ ᠨᠡᠮᠡᠨ᠎ᠡ᠃ | ᠠᠶᠠᠨ ᠤ ᠵᠤᠭ᠎ᠠ᠂ ᠦᠭᠡᠨ ᠤ ᠨᠠᠶᠢᠷᠠᠭ ᠪᠤᠯᠤᠭᠰᠠᠨ ᠬᠠᠨ ᠬᠠᠶᠢᠷᠬᠠᠨ ᠤ ᠦᠯᠢᠭᠡᠷ ᠢ ᠤᠯᠠᠭᠠᠨ ᠬᠠᠳᠠᠳᠤ ᠠᠴᠠ | ᠡᠬᠢᠯᠠᠪᠠ᠄ | — ᠵᠡ ᠳᠡᠭᠡᠪᠠᠯ᠂ ᠤᠨ ᠤᠨ ᠠᠴᠠ ᠤᠨᠴᠠ ᠬᠦᠢᠳᠡᠨ ᠡᠪᠤᠯ ᠪᠠᠶᠢᠪᠠ᠃ ᠤᠷᠤᠨ ᠨᠤᠳᠤᠭ ᠢᠶᠠᠨ ᠬᠠᠮᠠᠭᠠᠯᠠᠭᠰᠠᠨ | ᠪᠢᠳᠡ᠂ ᠡᠨᠡ ᠳᠦᠬᠦᠮ ᠢᠶᠠᠷ ᠡᠳᠦᠷᠵᠢᠨ ᠰᠦᠨᠢᠵᠢᠨ ᠴᠠᠭᠳᠠᠨ ᠬᠡᠭᠵᠢᠬᠦᠯᠵᠦ ᠪᠠᠶᠢᠯ᠎ᠠ᠃ ᠳᠡᠭᠡᠬᠦ ᠳᠡᠭᠡᠨ ᠬᠠᠮᠢᠭ᠎ᠠ | ᠠᠴᠠ ᠬᠠᠮᠢᠭ᠎ᠠ ᠬᠦᠷᠬᠦ ᠳᠤ ᠬᠡᠳᠦ ᠦᠨᠳᠡᠶᠢᠯᠭᠡᠪᠡᠯ ᠬᠦᠷᠳᠡᠭ ᠢᠶᠠᠨ ᠰᠤᠬᠤᠷ ᠬᠦᠮᠦᠨ ᠤ ᠠᠯᠬᠤᠭ᠎ᠠ ᠳᠤᠭᠠᠯᠠᠨ | ᠮᠡᠳᠡᠳᠡᠭ ᠰᠢᠭ ᠠᠨᠳᠠᠯ ᠦᠭᠡᠢ ᠪᠤᠯᠴᠢᠬᠠᠭᠰᠠᠨ ᠪᠠᠶᠢᠯ᠎ᠠ᠃ ᠳᠠᠶᠢᠨ ᠳᠠᠵᠢᠨ ᠬᠡᠳᠡᠭ ᠴᠡᠷᠢᠭ ᠬᠦᠮᠦᠨ ᠢ ᠳᠡᠶᠢᠮᠤ | ᠮᠡᠷᠭᠡᠨ ᠪᠤᠯᠭᠠᠴᠢᠬᠠᠳᠠᠭ ᠶᠤᠮ ᠪᠠᠶᠢᠨ᠎ᠠ᠃ ᠤᠳᠤ ᠬᠠᠷᠢᠨ ᠴᠢ ᠦᠨᠡᠮᠰᠢᠬᠦ ᠦᠭᠡᠢ ᠪᠠᠶᠢᠵᠦ ᠴᠦ ᠪᠤᠯᠤᠯ ᠦᠭᠡᠢ︕ | ᠳᠡᠭᠡᠪᠡᠴᠦ ᠁ | ᠳᠡᠷᠡ ᠰᠦᠨᠢ᠂ ᠡᠨᠡ ᠤᠯᠠᠭᠠᠨ ᠬᠠᠳᠠᠳᠤ ᠠᠴᠠ ᠮᠤᠷᠳᠠᠯ᠎ᠠ᠃ ᠰᠦᠨᠢ ᠶᠢᠨ ᠰᠢᠭᠤᠷᠭ᠎ᠠ ᠨᠢᠳᠤ ᠨᠢᠭᠤᠷ ᠦᠭᠡᠢ ᠶᠢ | ᠬᠡᠯᠡᠬᠦ ᠦᠦ᠃ ᠴᠤᠬᠤᠮ ᠮᠠᠨ ᠤ ᠡᠷᠳᠡᠮ ᠴᠦ ᠤᠷᠬᠤᠳᠠᠢ ᠪᠤᠯᠤᠯ᠎ᠠ᠃ ᠡᠨᠡ ᠬᠠᠪᠢ ᠪᠠᠷ ᠦᠭᠰᠦᠬᠦ ᠳᠤᠳᠤᠮ | ᠤᠨᠤᠭᠠᠷᠢ ᠮᠤᠷᠢᠳ ᠰᠢᠭᠤᠷᠭᠠᠨ ᠳᠤ ᠭᠤᠶᠠᠳᠠᠭᠤᠯᠤᠨ ᠪᠤᠴᠠᠵᠦ ᠤᠷᠤᠭᠤᠳᠠᠬᠤ ᠭᠡᠳ ᠤᠨᠤᠭᠰᠠᠨ ᠬᠦᠮᠦᠰ ᠴᠦ ᠠᠷᠤ | ᠪᠦᠭᠡᠷᠭᠡ ᠠᠴᠠ ᠪᠠᠨ ᠮᠤᠯᠳᠤ ᠦᠯᠢᠶᠡᠭᠳᠡᠬᠦ ᠭᠡᠳ ᠮᠤᠷᠢ ᠪᠠᠨ ᠵᠠᠯᠠᠵᠦ ᠶᠠᠪᠤᠭ᠎ᠠ ᠪᠢᠳᠡ ᠳᠡᠷᠭᠡ ᠴᠢᠷᠦᠭᠰᠡᠨ ᠬᠦᠮᠦᠨ | ᠰᠢᠭ ᠤᠷᠤᠭᠰᠢ ᠳᠦᠷᠢᠰᠬᠢᠭᠡᠳ ᠪᠠᠶᠢᠯ᠎ᠠ᠃ ᠡᠨᠡ ᠬᠠᠪᠢ ᠴᠦᠮ ᠳᠡᠭᠡᠨ ᠵᠠᠭᠤᠷᠠᠳᠤ ᠶᠢᠨ ᠤᠷᠤᠨ ᠪᠠᠶᠢᠭᠰᠠᠨ | ᠪᠤᠯᠬᠤᠷ ᠮᠠᠨ ᠤ ᠪᠤᠶᠤ ᠭᠤᠮᠢᠨᠳᠠᠩ ᠤᠨ ᠰᠦᠰᠦᠭᠳᠡᠳ ᠵᠦᠡᠭᠳᠡᠭᠡᠨ ᠨᠢᠭᠤᠴᠠ ᠪᠠᠶᠢᠭᠰᠠᠨ᠃ ᠳᠡᠭᠡᠬᠦᠯᠠᠷ ᠪᠤᠤᠴᠠᠩ | ᠳᠤ ᠡᠬᠦᠷᠯᠡᠭᠰᠡᠨ ᠮᠤᠩᠭᠤᠯ ᠤᠷᠪᠠᠮᠠᠯ ᠢᠶᠠᠷ ᠰᠢᠷᠪᠤᠰᠤ ᠪᠤᠯᠭᠠᠭᠰᠠᠨ ᠠᠷᠪᠠᠨ ᠳᠦᠷᠪᠡᠳᠦᠭᠡᠷ ᠴᠤᠪᠤᠭ᠎ᠠ ᠭᠡᠳᠡᠭ | ᠳᠡᠭᠡᠷᠡᠮ ᠤᠨ ᠳᠡᠭᠡᠷ᠎ᠡ ᠭᠤᠮᠢᠨᠳᠠᠩ ᠤᠨ ᠮᠠᠰᠢᠨ ᠲᠠᠢ ᠳᠡᠭᠡᠷᠡᠮ ᠤᠨ ᠳᠦᠭᠵᠢᠷᠡᠵᠦ ᠪᠠᠶᠢᠬᠤ ᠶᠢ ᠮᠡᠳᠡᠪᠡ᠃ ᠡᠳᠦᠷ ᠨᠢ | ᠶᠡᠭᠡ ᠴᠡᠷᠢᠭ ᠤᠨ ᠳᠤᠷᠰᠢᠭᠤᠯ ᠤᠨ ᠬᠡᠰᠡᠭ ᠲᠠᠢ ᠠᠭᠤᠯᠵᠠᠭᠰᠠᠨ ᠪᠤᠯᠬᠤᠷ ᠳᠡᠳᠡᠨ ᠳᠤ ᠬᠡᠯᠡᠵᠦ᠂ ᠶᠡᠭᠡ ᠴᠡᠷᠢᠭ | ᠲᠡᠭᠡᠨ ᠬᠡᠯᠡᠬᠦ ᠭᠡᠵᠦ ᠶᠠᠭᠠᠷᠠᠨ ᠪᠤᠴᠠᠭᠰᠠᠨ ᠨᠢ ᠳᠡᠷᠡ᠃ | ᠡᠬᠦᠷᠭᠡ ᠪᠠᠨ ᠪᠡᠶᠡᠯᠡᠬᠦᠯᠦᠭᠰᠡᠨ ᠪᠢᠳᠡ ᠦᠦᠷ ᠤᠨ ᠭᠤᠵᠤᠩ ᠭᠡᠭᠡ ᠪᠠᠷ ᠤᠷᠪᠤᠭ ᠲᠤ ᠬᠦᠷᠦᠯ᠎ᠠ᠃ ᠪᠢᠳᠡ ᠮᠤᠷᠢᠳ | ᠢᠶᠠᠨ ᠠᠮᠠᠷᠠᠭᠤᠯᠬᠤ ᠶᠢᠨ ᠢᠯᠳᠠᠷᠠ ᠴᠠᠭ ᠤᠨ ᠪᠠᠶᠢᠳᠠᠯ ᠢ ᠳᠠᠩᠰᠠᠨ᠂ ᠠᠵᠢᠯᠯᠠᠬᠤ ᠪᠠᠷᠢᠭᠠᠳᠠ ᠳᠤ ᠬᠠᠮᠵᠢᠵᠦ᠂ | ᠬᠦᠨᠡᠰᠦᠨ ᠤ ᠳᠡᠷᠭᠡ ᠨᠦᠭᠦᠳ ᠢ ᠠᠷᠤ ᠳᠠᠯ᠎ᠠ ᠤᠷᠤᠭᠤ ᠭᠠᠷᠭᠠᠵᠦ ᠠᠮᠵᠢᠭᠠᠳ᠂ ᠠᠷᠠᠳ ᠲᠤ ᠬᠡᠯᠡᠵᠦ᠂ ᠳᠠᠷᠢᠶ᠎ᠠ | ᠳᠦᠮᠦᠰᠦ ᠶᠢ ᠵᠤᠭᠤᠷᠢᠯᠠᠭᠤᠯᠪᠠ᠃ ᠡᠳᠦᠷ ᠬᠤᠨᠤᠭ ᠤᠨ ᠶᠤᠰᠤᠭᠠᠷ ᠳᠤᠭᠠᠯᠠᠪᠠᠯ ᠦᠨᠵᠢᠭᠰᠡᠨ ᠤᠬᠠᠭᠠᠨ ᠲᠠᠢ ᠶᠤᠮ᠃ | | ᠮᠠᠨ ᠤ ᠤᠯᠤᠭᠰᠠᠨ ᠮᠡᠳᠡᠭᠡ ᠬᠤᠳᠠᠯ ᠪᠤᠯᠤᠭᠰᠠᠨ ᠰᠢᠭ᠋ ᠳᠠᠭ ᠪᠠᠶᠢᠯ᠎ᠠ᠃ ᠦᠦᠷ ᠢᠶᠠᠷ ᠤᠡᠭᠭᠤᠶᠢᠭᠰᠠᠨ ᠳᠡᠭᠷᠢ | ᠮᠠᠨᠳᠤᠬᠤ ᠨᠠᠷᠠᠨ ᠲᠠᠢ ᠠᠳᠠᠭᠠᠷᠬᠠᠨ ᠵᠠᠳᠠᠷᠠᠵᠦ ᠪᠠᠶᠢᠯ᠎ᠠ᠃ | ᠰᠡᠮᠡᠷᠭᠡᠢ ᠰᠠᠮᠪᠠᠢ ᠶᠢᠨ ᠴᠠᠭᠠᠨ᠎ᠠ ᠳᠡᠬᠦᠵᠢᠯᠡᠭᠳᠡᠭᠰᠡᠨ ᠮᠦᠡᠭᠬᠦᠨ ᠳᠤᠯᠢ ᠮᠡᠳᠦ ᠴᠠᠶᠢᠪᠤᠷᠳᠠᠭᠰᠠᠨ ᠨᠠᠷᠢᠨ ᠵᠢᠪᠠᠷᠳᠤ | ᠤᠭᠳᠠᠷᠭᠤᠢ ᠳᠤ ᠭᠤᠷᠪᠠᠨ ᠳᠠᠪᠬᠤᠷ ᠬᠦᠷᠢᠶᠡᠯᠡᠭᠳᠡᠵᠦ᠂ ᠢᠯᠴᠢ ᠴᠦ ᠦᠭᠡᠢ ᠰᠢᠯᠪᠠᠯᠵᠠᠨᠠ᠃ ᠦᠷᠯᠦᠭᠡ ᠶᠢᠨ | ᠰᠢᠭᠤᠷᠭᠠᠨ ᠳᠤ ᠴᠤᠬᠢᠭᠳᠠᠨ ᠡᠮᠡᠭᠡᠯ ᠳᠡᠭᠡᠨ ᠡᠪᠭᠡᠷᠡᠨ ᠤᠷᠤᠬᠤ ᠰᠢᠬᠠᠮ ᠪᠤᠯᠤᠭᠰᠠᠨ ᠮᠤᠷᠢᠳ᠂ ᠰᠢᠵᠢᠮ ᠳᠡᠭᠡᠨ | ᠳᠤᠶᠢᠯᠠᠵᠦ ᠰᠢᠪᠬᠠᠷᠳᠠᠳᠠᠯᠠ ᠵᠠᠨᠴᠢᠭᠤᠯᠤᠭᠰᠠᠨ ᠡᠮᠨᠢᠭ ᠤᠳ ᠮᠡᠳᠦ ᠴᠡᠴᠡᠷᠡᠯᠳᠦᠵᠦ ᠪᠠᠶᠢᠪᠠ᠃ | ᠭᠡᠳᠡᠯ᠎ᠡ ᠪᠠᠶᠢᠨ᠎ᠠ ᠦᠦ︕ ᠢᠷᠸ᠎ᠠ ᠶᠢᠨ ᠳᠤᠬᠢᠶ᠎ᠠ ᠪᠤᠯᠪᠠ᠂ ᠬᠠᠷᠠᠭᠤᠯ ᠤᠨ ᠪᠠᠴᠢᠮ ᠮᠡᠳᠡᠭᠡ ᠪᠠᠷ ᠶᠠᠭᠤᠨ ᠤ ᠡᠮᠤᠨ᠎ᠠ | ᠤᠷᠪᠤᠭ ᠤᠨ ᠤᠷᠢᠳᠤᠬᠢ ᠤᠷᠤᠢ ᠳᠡᠭᠡᠷ᠎ᠡ ᠭᠠᠷᠴᠦ ᠦᠵᠠᠯ᠎ᠠ᠃ ᠬᠦᠷ ᠴᠠᠰᠤᠨ ᠳᠤ ᠰᠦᠬᠦᠳᠴᠦ ᠬᠦᠴᠢᠷᠳᠡᠭᠰᠡᠨ | ᠭᠤᠮᠢᠨᠳᠠᠩ ᠤᠨ ᠮᠠᠰᠢᠨ ᠨᠤᠭᠤᠳ ᠮᠤᠲ᠋ᠤᠷ ᠢᠶᠠᠨ ᠬᠦᠴᠦᠯᠠᠨ ᠬᠦᠷᠴᠢᠬᠢᠨᠡᠬᠦᠯᠵᠦ᠂ ᠮᠠᠨ ᠤ ᠰᠤᠷᠠᠭ ᠢ ᠮᠡᠳᠡᠭᠰᠡᠨ | ᠪᠤᠯᠤᠯᠳᠠᠢ ᠨᠠᠳᠠ ᠤᠷᠤᠭᠤ ᠤᠪᠤᠰ ᠤᠪᠤᠰ ᠬᠦᠳᠡᠯᠵᠦ. ᠪᠠᠶᠢᠯ᠎ᠠ᠃ ᠦᠵᠡᠰᠡ ᠴᠠᠰᠤᠳᠤ ᠭᠠᠵᠠᠷ ᠳᠡᠪᠳᠡᠭᠰᠡᠨ ᠮᠠᠰᠢᠨ | ᠤ ᠤᠪᠤᠯᠵᠠᠬᠤ ᠨᠢ ᠴᠠᠭᠠᠨ ᠢᠰᠡᠭᠡᠢ ᠳᠡᠭᠡᠷ᠎ᠡ ᠪᠦᠭᠳᠦᠯᠵᠡᠬᠦ ᠦᠮᠡᠭᠡᠢ ᠬᠤᠷᠤᠬᠠᠢ ᠶᠢᠨ ᠠᠳᠠᠯᠢ ᠪᠠᠷ ᠤᠤᠯ ᠭᠠᠵᠠᠷ | ᠠᠴᠠ ᠪᠠᠨ ᠰᠠᠯᠤᠯ ᠦᠭᠡᠢ ᠪᠠᠷ ᠦᠳᠦᠭ ᠳᠦᠳᠦᠭ ᠬᠠᠷᠠᠭᠳᠠᠨ᠂ ᠮᠠᠰᠢᠨ ᠤ ᠮᠥᠨ ᠴᠢᠨᠠᠷ ᠢᠶᠠᠨ ᠠᠯᠳᠠᠵᠠᠢ᠃ ᠨᠢᠭᠡ | ᠦᠵᠡᠬᠦ ᠳᠤ ᠡᠬᠦᠷ ᠤᠨ ᠵᠦᠭᠡᠢ ᠪᠤᠳᠠᠷᠠᠭᠰᠠᠨ ᠰᠢᠭ᠋ ᠴᠦ ᠳᠦᠡᠭᠬᠢᠨᠡᠪᠡᠴᠦ᠂ ᠵᠦᠭᠡᠢ ᠶᠢᠨ ᠠᠳᠠᠯᠢ ᠪᠠᠷ ᠰᠢᠭᠤᠳ | ᠳᠤᠪᠳᠤᠯᠬᠤ ᠠᠶᠤᠯ ᠦᠭᠡᠢ ᠨᠢ ᠬᠠᠪᠤᠯᠢᠭ ᠪᠠᠶᠢᠯ᠎ᠠ᠃ ᠭᠠᠭᠴᠠ ᠬᠡᠳᠦ ᠬᠡᠳᠦᠨ ᠵᠠᠮ ᠳᠤᠪᠳᠤᠯᠤᠭᠰᠠᠨ ᠳᠠᠶᠢᠰᠤᠨ᠂ | ᠮᠦᠴᠡᠭᠡᠷᠭᠡᠬᠦ ᠡᠳᠡᠭᠡᠳ ᠦᠭᠡᠢ ᠶᠠᠪᠤᠭ᠎ᠠ ᠨᠢ ᠢᠯᠡᠷᠭᠡᠢ᠃ ᠭᠡᠪᠡᠴᠦ ᠳ᠋ᠠᠯᠢᠨ ᠵᠢᠩᠽᠢ ᠠᠴᠠ ᠠᠷᠪᠠᠭᠠᠳ ᠮᠠᠰᠢᠨ | ᠭᠠᠷᠴᠦ ᠮᠠᠨ ᠤ ᠪᠠᠷᠠᠭᠤᠨ ᠬᠤᠶᠢᠳᠤᠬᠢ ᠴᠠᠭᠠᠨ ᠪᠤᠮᠪᠠ ᠬᠡᠳᠡᠭ ᠭᠠᠵᠠᠷ ᠦᠭᠡᠳᠡ ᠰᠤᠭᠤᠷᠠᠬᠤ ᠳᠤ ᠬᠠᠰᠢᠶᠠᠳᠤ ᠶᠢᠨ | ᠳᠡᠨᠳᠡᠬᠢ ᠮᠠᠰᠢᠨ ᠤ ᠵᠠᠷᠢᠮ ᠨᠢ ᠪᠠᠷ᠎ᠠ ᠦᠭᠡᠢ ᠪᠤᠯᠵᠦ ᠪᠠᠶᠢᠪᠠ᠃ ᠮᠠᠨ ᠢ ᠶᠡᠭᠡ ᠴᠡᠷᠢᠭ ᠭᠡᠵᠦ ᠠᠨᠳᠠᠭᠤᠷᠠᠨ | ᠰᠦᠷᠳᠡᠭᠰᠡᠨ ᠪᠤᠶᠤ ᠡᠰᠡᠬᠦᠯ᠎ᠠ ᠴᠦᠭᠡᠨ ᠳᠤᠨᠢ ᠪᠠᠰᠤᠮᠵᠢᠯᠠᠭᠰᠠᠨ ᠢ ᠪᠤᠤ ᠮᠡᠳᠡ᠃ ᠬᠠᠨ᠎ᠠ ᠬᠠᠳᠠ ᠶᠢᠨ ᠭᠤᠤᠯ ᠢᠶᠠᠷ | ᠬᠠᠪᠴᠢᠬᠤ ᠬᠤᠮᠤᠷᠠᠭᠠ ᠪᠤᠯᠭᠠᠬᠤ ᠰᠠᠨᠠᠭᠠᠳᠠᠢ ᠨᠢ ᠢᠪ ᠢᠯᠠ᠃ | ᠪᠢᠳᠡ᠂ ᠶᠡᠭᠡ ᠴᠡᠷᠢᠭ ᠤᠨ ᠳᠤᠷᠰᠢᠭᠤᠯ ᠤᠨ ᠬᠡᠰᠡᠭ ᠲᠠᠢ ᠠᠭᠤᠯᠵᠠᠨ᠂ ᠬᠠᠨ ᠬᠠᠶᠢᠷᠬᠠᠨ ᠤ ᠤᠷᠴᠢᠮ ᠪᠠᠶᠢᠭᠰᠠᠨ | ᠶᠡᠭᠡ ᠴᠡᠷᠢᠭ ᠲᠡᠭᠡᠨ ᠮᠡᠳᠡᠭᠡ ᠦᠭᠬᠦᠭᠰᠡᠨ ᠪᠤᠯᠬᠤᠷ ᠠᠭᠠᠵᠢᠭᠤᠬᠠᠨ ᠪᠠᠶᠢᠪᠠ᠃ ᠮᠠᠨ ᠤ ᠳᠦᠰᠢᠭ ᠭᠡᠪᠡᠯ ᠳᠡᠷᠡ | ᠬᠠᠷᠠᠭᠳᠠᠵᠦ ᠪᠠᠶᠢᠭ᠎ᠠ ᠳᠦᠰᠢᠶᠠᠳᠤ ᠶᠢᠨ ᠤᠨᠴᠠ ᠠᠭᠤᠯᠠ ᠪᠠᠶᠢᠯ᠎ᠠ ᠭᠡᠵᠦ ᠳᠠᠰᠢᠭᠤᠷ ᠵᠠᠩᠭᠠᠨ ᠤᠷᠪᠤᠭ ᠤᠨ ᠴᠢᠭ | ᠲᠤ ᠵᠢᠭᠠᠭᠰᠠᠨ ᠳᠠᠮᠪᠢ᠄ ︽ᠳᠡᠷᠡ ᠡᠳᠦᠷ ᠤᠨ ᠭᠡᠨᠡᠨ ᠭᠡᠭᠴᠢ ᠶᠢ ᠶᠠᠷᠢᠰᠢ ᠦᠭᠡᠢ︾ ᠭᠡᠳ ᠵᠤᠬᠢᠰᠬᠤ ᠰᠢᠭ᠋ | ᠳᠤᠭᠤᠢ ᠪᠤᠯᠤᠨ ᠬᠠᠨ ᠬᠠᠶᠢᠷᠬᠠᠨ ᠵᠦᠭ ᠰᠢᠨᠤᠯᠳᠠᠶᠢᠶᠠ ᠬᠠᠷᠠᠪᠠ᠃ | ᠪᠢᠳᠡ ᠨᠢᠭᠡᠪᠦᠷᠢ ᠨᠢᠵᠡᠭᠡᠳ ᠮᠠᠰᠢᠨ ᠲᠠᠢ ᠪᠠᠶᠢᠯᠳᠤᠬᠤ ᠬᠤᠮᠤᠷᠭᠠᠨ ᠳᠤ ᠤᠷᠤᠯ᠎ᠠ᠃ ᠮᠠᠨ ᠢ ᠳᠦᠰᠢᠶᠠᠳᠤ ᠶᠢᠨ ᠪᠠᠯ | ᠢᠶᠠᠷ ᠪᠠᠭᠤᠳᠠᠯ᠎ᠠ ᠴᠠᠭᠠᠨ ᠪᠤᠮᠪᠠ ᠪᠠᠷ ᠬᠡᠷᠦᠵᠦ ᠳᠤᠪᠳᠤᠯᠤᠭᠰᠠᠨ ᠮᠠᠰᠢᠨ ᠨᠤᠭᠤᠳ ᠤᠯᠠᠮ ᠮᠦᠷᠦᠶᠢᠴᠡᠵᠦ ᠭᠠᠷᠤᠯ᠎ᠠ᠃ | | ᠮᠠᠨ ᠤ ᠬᠤᠷᠳᠤᠨ ᠬᠦᠯᠦᠭ ᠤᠳ ᠮᠢᠨᠢ ᠳᠡᠭᠡᠰᠦᠳᠠᠨ ᠢᠷᠡᠬᠦ ᠳᠠᠶᠢᠰᠤᠨ ᠤ ᠰᠤᠮᠤᠨ ᠳᠤᠤᠭᠤᠷ ᠰᠢᠨ᠎ᠡ ᠴᠠᠷᠬᠢ | ᠳᠠᠳᠠᠭᠤᠯᠤᠨ ᠰᠤᠨᠵᠦ ᠪᠠᠶᠢᠯ᠎ᠠ᠃ ᠵᠤᠳ ᠳᠤᠷᠬᠤᠨ ᠭᠡᠴᠡᠬᠦᠦ ᠪᠠᠶᠢᠭᠰᠠᠨ ᠨᠢ ᠳᠠᠶᠢᠰᠤᠨ ᠢ ᠬᠤᠷᠢᠭᠯᠠᠬᠤ ᠪᠠᠶᠢᠭᠠᠯᠢ | ᠶᠢᠨ ᠳᠤᠳᠬᠠᠷ ᠪᠤᠯᠵᠦ ᠮᠠᠨ ᠳᠤ ᠳᠤᠰᠠ ᠪᠤᠯᠵᠦ ᠪᠠᠶᠢᠯ᠎ᠠ᠃ ᠭᠡᠪᠡᠴᠦ ᠮᠠᠰᠢᠨ ᠤ ᠺᠠᠫᠢᠨ ᠳᠡᠭᠡᠷ᠎ᠡ ᠠᠴᠠ | ᠱᠦᠬᠦᠷᠳᠡᠯᠡᠨ ᠰᠦᠷᠴᠢᠯᠡᠬᠦ ᠫᠦᠯᠧᠮᠶᠦᠲ ᠤᠨ ᠰᠤᠮᠤᠨ ᠪᠤᠷᠤᠭ᠎ᠠ ᠨᠢ ᠴᠢᠬᠢᠨ ᠳᠤ ᠬᠠᠳᠠᠵᠦ ᠡᠪ ᠦᠭᠡᠢ ᠪᠠᠶᠢᠪᠠ᠃ | ᠶᠠᠭ ᠮᠠᠨ ᠢ ᠳᠠᠶᠢᠰᠤᠨ ᠤ ᠫᠤᠤ ᠶᠢᠨ ᠤᠪᠤᠤ ᠲᠠᠢ ᠤᠨᠤᠭᠤᠷᠤᠯᠳᠤᠨ ᠦᠡᠭᠭᠡᠷᠡᠬᠦ ᠦᠶ᠎ᠠ ᠮᠠᠨ ᠤ ᠬᠢ ᠠᠴᠠ ᠨᠢᠭᠡ | ᠮᠤᠷᠢ ᠠᠯᠠᠭᠳᠠᠵᠦ ᠬᠦᠮᠦᠨ ᠨᠢ ᠶᠠᠪᠠᠭᠠᠷᠠᠪᠠ᠃ ᠨᠠᠮᠠᠢᠢ ᠫᠠᠯ ᠪᠠᠭᠤᠭᠠᠳ ᠶᠠᠪᠤᠳᠠᠯ᠎ᠠ᠂ ᠳᠡᠷᠭᠡᠳᠡ ᠮᠢᠨᠢ ᠳᠠᠪᠬᠢᠵᠦ | ᠪᠠᠶᠢᠭᠰᠠᠨ ᠰᠠᠩᠵᠠᠢ ᠭᠡᠳᠡᠭ ᠪᠠᠶᠢᠯᠳᠤᠭᠴᠢ ᠭᠠᠯᠯᠠᠵᠦ ᠪᠠᠶᠢᠭᠰᠠᠨ ᠫᠤᠤ ᠪᠠᠨ ᠡᠬᠦᠷᠦᠮᠡᠭᠴᠡ ᠮᠤᠷᠢ ᠪᠠᠨ ᠤᠷᠭᠠᠨ ᠳᠤ | ᠰᠠᠭᠤᠯᠭᠠᠬᠤ ᠰᠢᠭ᠋ ᠬᠦᠴᠦᠳᠠᠢ ᠬᠡᠯᠪᠡᠷᠢᠨ ᠪᠡᠶ᠎ᠡ ᠪᠦᠭᠳᠦᠶᠢᠬᠦ ᠨᠢ ᠦᠵᠡᠭᠳᠡᠪᠡ ᠁ | ᠪᠢᠳᠡ ᠳᠠᠶᠢᠰᠤᠨ ᠤ ᠬᠤᠮᠤᠷᠠᠭᠠ ᠠᠴᠠ ᠮᠤᠯᠳᠤᠷᠠᠨ ᠠᠭᠤᠯᠠ ᠳᠠᠪᠠᠪᠠ᠃ | ᠰᠠᠩᠵᠠᠢ ᠪᠠᠷ ᠳᠡᠬᠦᠷᠦᠬᠦᠯᠵᠦ ᠮᠡᠨᠳᠦ ᠭᠠᠷᠤᠭᠰᠠᠨ ᠠᠵᠢᠯᠯᠠᠬᠤ ᠪᠠᠷᠢᠭᠠᠳᠠ ᠶᠢᠨ ᠬᠢᠳᠡᠳ ᠨᠦᠬᠦᠷ᠂ ᠦᠪᠡᠷ ᠤᠨ | ᠮᠤᠷᠢ ᠪᠠᠨ ᠠᠯᠠᠭᠤᠯᠤᠭᠰᠠᠨ ᠳᠤ ᠬᠠᠷᠠᠰᠬᠤ ᠪᠤᠯᠪᠠᠴᠦ ᠮᠤᠩᠭᠤᠯ ᠪᠠᠶᠢᠯᠳᠤᠭᠴᠢ ᠶᠢᠨ ᠡᠷᠡᠯᠭᠡᠭ ᠵᠤᠷᠢᠭ ᠲᠤ | ᠱᠠᠭᠰᠢᠷᠠᠨ ᠬᠠᠨ᠎ᠠ ᠬᠠᠳᠠ ᠶᠢᠨ ᠭᠤᠤᠯ ᠢᠶᠠᠷ ᠵᠡᠬᠦᠨᠰᠢ ᠴᠤᠪᠤᠷᠠᠬᠤ ᠳᠠᠶᠢᠰᠤᠨ ᠤ ᠮᠠᠰᠢᠨ ᠢ ᠬᠤᠷᠤᠭᠤ ᠳᠠᠷᠤᠨ ᠵᠢᠷᠠᠨ | ᠭᠤᠷᠪᠠ ᠪᠤᠯᠳᠠᠯ᠎ᠠ ᠳᠤᠭᠠᠯᠠᠪᠠ᠃ | ᠳᠡᠭᠡᠭᠡᠳ ᠫᠢᠭ᠋ ᠳᠦᠬᠦᠷᠠᠩ ᠬᠦᠮᠦᠨ ᠪᠢᠰᠢ ᠪᠤᠯ ᠶᠡᠭᠡ ᠫᠤᠤ ᠠᠴᠢᠭᠰᠠᠨ ᠮᠠᠰᠢᠨ ᠨᠤᠭᠤᠳ ᠬᠠᠨ ᠬᠠᠶᠢᠷᠬᠠᠨ ᠤ | ᠵᠦᠭ ᠳᠠᠪᠬᠢᠯᠳᠤᠨ ᠰᠢᠭᠤᠷᠭᠠᠨ ᠤ ᠳᠤᠮᠳᠠᠭᠤᠷ ᠵᠢᠯᠡᠶᠢᠪᠠ᠃ | — ᠮᠠᠨ ᠤ ᠶᠡᠭᠡ ᠴᠡᠷᠢᠭ ᠵᠦᠭᠡᠷ ᠦᠦ︖ ᠭᠡᠰᠡᠨ ᠰᠠᠮᠪᠠ᠂ ᠶᠠᠭ ᠤᠳᠤ ᠪᠤᠯᠵᠦ ᠪᠠᠶᠢᠬᠤ ᠰᠢᠭ᠋ ᠰᠤᠴᠢᠰᠬᠢᠨ | ᠦᠷᠪᠦᠯᠵᠡᠵᠦ ᠠᠰᠠᠭᠤᠪᠠ᠃ | ᠳᠡᠭᠡᠬᠦ ᠳᠤ ᠬᠠᠨᠠᠭᠠᠷ ᠦᠨᠳᠤᠷ ᠬᠠᠨ ᠬᠠᠶᠢᠷᠬᠠᠨ ᠤ ᠤᠨᠢᠶᠠᠷᠳᠤᠬᠤ ᠠᠴᠠ ᠪᠠᠨ ᠤᠯᠠᠮ ᠳᠤᠳᠤᠷᠠᠬᠤ ᠨᠤᠶᠠᠨ ᠤᠷᠬᠢᠯ | ᠢ ᠬᠠᠷᠠᠵᠦ ᠬᠦᠯᠢᠷᠡᠭᠰᠡᠨ ᠳᠠᠮᠪᠢ᠂ ᠳᠡᠬᠦᠨ ᠤ ᠦᠭᠡᠳᠡ ᠠᠴᠠ᠄ ︽ᠵᠦᠭᠡᠷ ᠪᠠ ᠵᠡᠳᠭᠡᠷ ᠲᠠᠢ ᠨᠢ︾ ᠳᠡᠨᠳᠡ ᠪᠠᠨ | ᠮᠡᠳᠡᠭᠳᠡᠬᠦ ᠦᠭᠡᠢ ᠪᠠᠶᠢᠯ᠎ᠠ᠃ ᠭᠡᠪᠡᠴᠦ᠂ ᠮᠠᠨ ᠤ ᠫᠠᠷᠲ᠋ᠢᠽᠠᠨ ᠤ ᠬᠢᠨ ᠵᠡᠭᠡᠰᠦᠳᠠᠢ ᠶᠢᠨ ᠤᠷᠤᠢ ᠪᠠᠷ ᠳᠠᠮᠵᠢᠨ | ᠳᠤᠭᠤᠭᠰᠢ ᠪᠠᠭᠤᠵᠦ ᠶᠠᠪᠤᠯ᠎ᠠ ᠭᠡᠵᠦ ᠦᠭᠡ ᠪᠠᠨ ᠦᠷᠬᠦᠯᠵᠢᠯᠡᠬᠦᠯᠵᠠᠢ᠃ | — ᠮᠠᠨ ᠢ ᠳᠡᠶᠢᠰᠢ ᠨᠢ ᠠᠬᠢᠬᠤ ᠳᠤᠳᠤᠮ ᠰᠢᠭᠤᠷᠭᠠᠨ ᠨᠡᠮᠡᠭᠳᠡᠵᠦ ᠪᠠᠶᠢᠯ᠎ᠠ᠃ ᠤᠯᠠᠮ ᠵᠢᠭᠳᠡᠢ ᠬᠠᠴᠢᠨ ᠪᠤᠯᠵᠦ᠂ | ᠳᠠᠶᠢᠰᠤᠨ ᠤ ᠦᠡᠭᠭᠡᠷᠡᠭᠰᠡᠨ ᠮᠦᠷ ᠲᠤ ᠠᠳᠤᠭᠤᠨ ᠰᠡᠭ ᠭᠡᠪᠳᠡᠵᠦ ᠪᠠᠶᠢᠪᠠ᠃ ᠮᠠᠨ ᠤ ᠶᠡᠭᠡ ᠴᠡᠷᠢᠭ ᠳᠠᠶᠢᠰᠤᠨ ᠤ | ᠮᠡᠳᠡᠭᠡ ᠶᠢ ᠤᠯᠤᠭᠠᠳ ᠠᠷᠠᠳ ᠤᠨ ᠠᠳᠤᠭᠤ ᠨᠤᠭᠤᠳ ᠢ ᠪᠠᠷᠳᠠᠭ᠎ᠠ ᠪᠠᠷᠢᠭᠤᠯᠵᠦ ᠪᠠᠶᠢᠵᠠᠢ᠃ ᠶᠠᠭ ᠶᠡᠭᠡ ᠵᠠᠮ ᠤᠨ | ᠳᠡᠷᠭᠡᠳᠡ ᠪᠠᠶᠢᠭᠰᠠᠨ ᠠᠳᠤᠭᠤᠨ ᠤ ᠬᠡᠳᠦᠨ ᠠᠵᠢᠷᠭ᠎ᠠ ᠠᠳᠤᠭᠤ ᠨᠢ᠂ ᠤᠯᠠᠨ ᠮᠠᠰᠢᠨ ᠤ ᠳᠠᠭᠤᠨ ᠢᠶᠠᠷ ᠦᠷᠬᠦᠵᠦ | ᠠᠭᠤᠯᠠ ᠦᠭᠡᠳᠡ ᠬᠤᠮᠢᠷᠠᠯᠳᠤᠨ᠂ ᠤᠯᠠᠨ ᠲᠠᠢ ᠪᠠᠨ ᠨᠡᠶᠢᠯᠡᠵᠠᠢ᠃ | ᠳᠡᠭᠡᠬᠦᠯᠠᠷ ᠰᠢᠭᠤᠷᠭᠠᠨ ᠳᠤᠮᠳᠠᠭᠤᠷ ᠠᠳᠡᠬᠦᠷᠡᠭᠰᠡᠨ ᠳᠠᠶᠢᠰᠤᠨ ᠪᠦᠰᠡᠯᠠᠨ ᠳᠦᠷᠢᠵᠦ ᠤᠷᠤᠵᠠᠢ᠃ ᠳᠡᠭᠡᠭᠡᠳ ᠵᠤᠵᠢᠭ | ᠰᠢᠭ᠋ ᠢᠳᠡᠰᠢᠯᠡᠳᠡᠭ ᠬᠦᠭᠰᠢᠨ ᠬᠡᠬᠦᠦ ᠨᠦᠭᠦᠳ ᠤᠨ ᠵᠠᠷᠢᠮ ᠨᠢ ᠬᠢᠯᠢᠰ ᠠᠪᠳᠠᠭᠰᠠᠨ ᠨᠢ ᠳᠡᠷᠡ ᠪᠠᠶᠢᠵᠠᠢ᠃ ᠳᠡᠨᠳᠡ | ᠠᠴᠠ ᠴᠠᠭᠠᠰᠢ ᠨᠢ ᠶᠠᠪᠤᠬᠤ ᠳᠤ ᠵᠢᠪᠠᠷ ᠶᠡᠭᠡ᠂ ᠭᠡᠪᠡᠴᠦ ᠳᠠᠷᠢ ᠶᠢᠨ ᠬᠡᠨᠭᠰᠢᠬᠦᠦ ᠦᠨᠦᠷᠳᠡᠬᠦ ᠰᠢᠭ ᠪᠤᠯᠤᠭᠠᠳ | ᠪᠠᠶᠢᠪᠠ᠃ | ᠬᠠᠷᠠᠩᠭᠤᠶᠢᠯᠠᠨ ᠪᠦᠷᠬᠦᠭᠳᠡᠵᠦ ᠰᠢᠭᠤᠷᠭᠠᠯᠠᠬᠤ ᠶᠢᠨ ᠵᠠᠭᠤᠷ᠎ᠠ ᠬᠠᠶᠠ ᠨᠢᠭᠡ ᠬᠡᠶᠢᠬᠦ ᠳᠤ ᠬᠠᠨ ᠬᠠᠶᠢᠷᠬᠠᠨ ᠤ ᠪᠠᠶᠢᠴᠠ | ᠮᠡᠳᠡᠭᠳᠡᠨ ᠠᠰᠬ᠎ᠠ ᠬᠠᠳᠠ ᠨᠤᠷᠠᠬᠤ ᠰᠢᠭ᠋, ᠠᠶᠤᠮᠰᠢᠭᠳᠤ ᠠᠨᠢᠷ ᠦᠷᠬᠦᠯᠵᠢᠯᠠᠨ ᠬᠦᠯᠳᠡᠬᠦᠦ ᠬᠦᠷᠦᠰᠦ ᠶᠢ | ᠳᠤᠩᠰᠤᠯᠭᠠᠬᠤ ᠳᠤᠤᠯᠢᠶᠠᠨ ᠳᠦᠷᠦᠬᠦᠴᠢ ᠶᠢᠨ ᠺᠠᠫᠢᠨ ᠳᠡᠭᠡᠷ᠎ᠡ ᠠᠴᠠ ᠫᠤᠤᠳᠠᠭᠰᠠᠨ ᠲᠠᠢ ᠠᠳᠠᠯᠢ ᠰᠤᠨᠤᠰᠳᠠᠵᠦ | ᠪᠠᠶᠢᠪᠠ᠃ | ᠡᠶᠢᠮᠤ ᠦᠶ᠎ᠠ ᠬᠦᠮᠦᠨ ᠤ ᠪᠠ ᠦᠪᠡᠷ ᠤᠨ ᠬᠢ ᠶᠢ ᠢᠯᠭᠠᠬᠤ ᠪᠠᠷᠢᠮᠳᠠ ᠦᠭᠡᠢ ᠪᠤᠯᠪᠠᠴᠦ ᠮᠠᠨ ᠤ ᠶᠡᠭᠡ ᠴᠡᠷᠢᠭ ᠲᠤ | ᠮᠢᠨᠤᠮᠢᠶᠤᠲ ᠴᠦ ᠪᠠᠶᠢᠭᠠᠳᠤᠢ ᠴᠠᠭ ᠪᠤᠯᠬᠤᠷ ᠮᠠᠰᠢᠨ ᠤ ᠳᠡᠭᠡᠷ᠎ᠡ ᠭᠤᠵᠤᠯᠵᠠᠵᠦ ᠪᠠᠶᠢᠭᠰᠠᠨ ᠶᠡᠭᠡ ᠫᠤᠤ ᠨᠢ ᠰᠠᠭᠤᠷᠢᠨ | ᠳᠠᠭᠠᠨ ᠤᠡᠭᠬᠢᠯᠳᠠᠭᠤᠯᠤᠨ ᠨᠢᠷᠭᠡᠬᠦᠯᠵᠦ ᠪᠠᠶᠢᠬᠤ ᠨᠢ ᠦᠵᠡᠭᠳᠡᠬᠦ ᠮᠡᠳᠦ ᠡᠯᠳᠡᠪ ᠤᠨ ᠪᠤᠳᠤᠯ ᠳᠤ ᠬᠦᠷᠭᠡᠵᠦ ᠪᠢᠯᠡ᠃ | ᠠᠶᠤᠯ ᠳᠦᠭᠰᠢᠬᠦᠷᠢ ᠳᠤᠬᠢᠶᠠᠯᠳᠤᠬᠤ ᠳᠤ ᠠᠨᠳᠠ ᠳᠠᠨᠢᠯ ᠢᠶᠠᠨ ᠪᠤᠳᠤᠨ᠎ᠠ ᠭᠡᠵᠦ ᠦᠨᠡᠨ ᠰᠢᠥ᠃ ᠤᠷᠵᠢᠳᠤᠷ ᠰᠦᠨᠢ | ᠳᠤᠷᠰᠢᠭᠤᠯ ᠤᠨ ᠬᠡᠰᠡᠭ ᠢ ᠡᠷᠢᠵᠦ ᠤᠴᠢᠬᠤ ᠦᠶ᠎ᠠ ᠪᠠᠶᠠᠨ ᠭᠤᠤ ᠭᠡᠳᠡᠭ ᠳᠤᠰᠬᠤᠨ ᠤ ᠵᠠᠬ᠎ᠠ ᠳᠤ ᠮᠠᠨᠠᠭᠠᠴᠢᠨ ᠤ | ᠪᠠᠨ ᠤᠷᠤᠨ ᠳᠤ ᠵᠤᠭᠰᠤᠵᠦ ᠪᠠᠶᠢᠭᠰᠠᠨ ᠬᠤᠶᠠᠳᠤᠭᠠᠷ ᠰᠤᠮᠤᠨ ᠳᠠᠷᠤᠭ᠎ᠠ ᠶᠢ ᠬᠡᠨ ᠠᠴᠠ ᠴᠦ ᠡᠮᠤᠨ᠎ᠠ ᠪᠤᠳᠤᠵᠦ | ᠭᠠᠷᠤᠯ᠎ᠠ ᠪᠢ᠃ ᠳᠡᠷᠡ ᠮᠢᠨᠢ ᠨᠠᠮᠠᠢᠢ ᠳᠠᠨᠢᠭᠠᠳ᠄ ︽ᠮᠠᠨᠠᠭᠠᠨ ᠤ ᠬᠦᠮᠦᠨ ᠢ ᠳᠦᠷ ᠪᠦᠯᠢᠶᠡᠰᠭᠡ ᠭᠡᠳ ᠤᠷᠤᠨ | ᠳᠤᠨᠢ ᠵᠤᠭᠰᠤᠭᠠᠳ ᠴᠢᠮᠠᠢᠢ ᠢᠷᠡᠬᠦ ᠪᠠᠷ ᠰᠤᠴᠢᠯᠠ︾ ᠭᠡᠵᠦ ᠬᠡᠯᠡᠭᠡᠳ ᠨᠠᠳᠠ ᠲᠠᠢ ᠬᠠᠮᠳᠤ ᠤᠷᠤᠭᠰᠠᠨ ᠶᠤᠮ᠃ | ᠳᠡᠭᠡᠭᠡᠳ ᠬᠤᠪᠴᠠᠰᠦᠨ ᠳᠠᠭᠠᠨ ᠨᠠᠭᠠᠯᠳᠤᠭᠰᠠᠨ ᠴᠠᠰᠦ ᠶᠢ ᠭᠦᠪᠢᠬᠦ ᠳᠡᠭᠡᠨ ᠭᠤᠵᠤᠯᠢᠭ ᠳᠤᠭᠤᠷᠢᠭ ᠳᠦᠪᠯᠡᠬᠦᠨ | ᠴᠢᠷᠠᠢ ᠪᠠᠨ ᠪᠠᠷᠤᠶᠢᠯᠭᠠᠨ ᠰᠢᠩᠭᠡᠨ ᠬᠠᠷ᠎ᠠ ᠬᠦᠮᠦᠰᠭᠡ ᠪᠠᠨ ᠵᠠᠩᠬᠢᠳᠤᠨ᠂ ᠮᠠᠯᠠᠭᠠᠢ ᠶᠢᠨ ᠰᠤᠷ ᠲᠤ ᠪᠠ ᠬᠦᠮᠦᠰᠭᠡ | ᠳᠡᠭᠡᠨ ᠪᠠᠷᠢᠯᠳᠤᠭᠰᠠᠨ ᠴᠠᠩ ᠢ ᠡᠪᠦᠭᠡᠨ ᠬᠦᠮᠦᠨ ᠤ ᠰᠠᠬᠠᠯ ᠤᠨ ᠮᠦᠰᠦ ᠶᠢ ᠡᠮᠵᠡᠭᠯᠡᠨ ᠠᠷᠢᠯᠭᠠᠳᠠᠭ ᠰᠢᠭ᠋ ᠰᠡᠮᠭᠡᠨ | ᠢᠶᠠᠷ ᠬᠦᠨᠳᠡᠵᠦ ᠪᠠᠶᠢᠭᠠᠳ ᠮᠢᠨᠤ ᠶᠠᠷᠢᠭᠰᠠᠨ ᠢ ᠪᠠᠰᠤᠮᠵᠢᠯᠠᠵᠦ ᠪᠢᠯᠡ᠃ | ᠮᠢᠨᠤ ᠦᠭᠡᠳᠡ ᠠᠴᠠ ᠡᠷᠢᠶᠠᠯᠠᠯ ᠦᠭᠡᠢ ᠬᠡᠯᠡᠭᠰᠡᠨ ᠪᠤᠶᠤ ᠡᠰᠡᠬᠦᠯ᠎ᠠ ᠶᠡᠭᠡ ᠴᠡᠷᠢᠭ ᠤᠨ ᠳᠤᠷᠰᠢᠭᠤᠯ ᠤᠨ ᠬᠡᠰᠡᠭ ᠢ | ᠬᠠᠷᠢᠭᠤᠴᠠᠭᠰᠠᠨ ᠳᠠᠭᠠᠨ ᠦᠦ︖ ᠪᠤᠤ ᠮᠡᠳᠡ᠂ ᠳᠡᠭᠡᠭᠡᠳ᠄ ︽ᠰᠢᠯᠤᠭᠤᠨ ᠴᠠᠭᠠᠨ ᠬᠤᠰᠢᠭᠤᠨ ᠤ ᠠᠯᠳᠠᠡᠭᠠᠳᠠᠰᠤ | ᠨᠠᠭᠤᠷ ᠠᠴᠠ᠂ ᠡᠨᠡ ᠵᠤᠨ ᠴᠠᠭᠠᠨ ᠳᠠᠪᠤᠰᠤ ᠳᠡᠭᠡᠷᠡᠮᠳᠡᠭᠰᠡᠨ ᠳᠡᠳᠡ ᠬᠠᠭᠤᠴᠢᠨ ᠳᠠᠭᠤᠤ ᠪᠠᠨ ᠳᠠᠭᠤᠯᠠᠬᠤ ᠭᠡᠵᠦ | ᠪᠠᠶᠢᠯᠬᠦᠢ᠃ ᠪᠢ ᠪᠤᠯ ᠬᠦᠬᠡᠬᠤᠳᠠ ᠳ᠋ᠠᠠᠲ᠋ᠦ᠋ᠡᠭ ᠤᠨ ᠬᠠᠷ᠎ᠠ ᠭᠡᠷ ᠤᠳ ᠲᠤ ᠪᠠᠶᠢᠬᠤ ᠳᠠᠭᠠᠨ ᠦᠯᠵᠠᠢ ᠲᠠᠢ ᠡᠳᠦᠷ | ᠶᠤᠯᠪᠤᠡᠭ ᠬᠤᠭᠤᠯᠠᠨ ᠤ ᠤᠬᠢᠶᠠᠳᠠᠰᠤ ᠬᠠᠷᠠᠵᠦ᠂ ᠢᠷᠸ᠎ᠠ ᠶᠢᠨ ᠮᠠᠭᠤ ᠡᠳᠦᠷ ᠲᠡᠭᠡᠨ ᠴᠠᠬᠢᠯᠭᠠᠨ ᠰᠢᠷᠡᠭᠡ ᠵᠠᠶᠢᠳᠠᠯᠠᠵᠦ | ᠪᠠᠶᠢᠭᠰᠠᠨ ᠬᠦᠮᠦᠨ ᠪᠤᠯᠬᠤᠷ ᠪᠦᠷ ᠮᠡᠳᠡᠨ᠎ᠡ᠃ ᠤᠳᠤ ᠮᠠᠨ ᠤ ᠨᠠᠢᠮᠠᠨ ᠵᠠᠮ ᠤᠨ ᠴᠡᠷᠢᠭ ᠤᠳ ᠪᠡᠭᠡᠵᠢᠩ ᠪᠠ | ᠪᠤᠭᠤᠳᠤ ᠶᠢᠨ ᠳᠡᠮᠤᠷ ᠵᠠᠮ ᠤᠳ ᠢ ᠭᠡᠷᠴᠢᠯᠠ ᠭᠡᠰᠡᠨ᠃ ᠳᠡᠭᠡᠪᠠᠯ ᠳ᠋ᠠᠲ᠋ᠦ᠋ᠡᠭ ᠤᠨ ᠾᠸᠥ ᠴᠢᠤᠸᠠᠨ ᠤ ᠨᠡᠬᠦᠷᠠᠰᠤ | ᠬᠤᠮᠰᠠᠳᠠᠬᠤ ᠨᠢ ᠯᠠᠪᠳᠠᠢ᠃ ᠨᠤᠭᠤᠭ᠎ᠠ ᠴᠠᠭ᠎ᠠ ᠳᠠᠷᠤᠬᠤ ᠳᠠᠪᠤᠰᠤ ᠪᠠᠨ ᠤᠯᠤᠭᠰᠠᠨ ᠳᠡᠳᠡ ᠬᠦᠷᠵᠠᠩ ᠳᠠᠭ | ᠳᠡᠭᠡᠷᠡᠮᠳᠡᠬᠦ ᠪᠠᠷ ᠢᠷᠡᠨ᠎ᠡ ᠪᠠᠶᠢᠨ᠎ᠠ ᠰᠢᠥ᠃ ᠴᠠᠬᠠᠷ ᠨᠤᠳᠤᠭ ᠲᠤ ᠭᠤᠮᠢᠨᠳᠠᠩ ᠤᠨ ᠮᠠᠰᠢᠨ ᠲᠠᠢ ᠳᠡᠭᠡᠷᠡᠮ ᠲᠠᠢ | ᠪᠠᠶᠢᠯᠳᠤᠵᠦ ᠪᠠᠶᠢᠭᠠᠳ ᠳᠠᠮᠢᠷ ᠢ ᠨᠢ ᠮᠡᠳᠡᠭᠰᠡᠨ᠃ ᠠᠵᠠᠳ ᠪᠤᠯᠭᠠᠵᠦ ᠪᠠᠶᠢᠭᠠᠳ ᠤᠤᠯᠭᠠᠯᠠᠨ ᠳᠤᠪᠳᠤᠯᠳᠠᠭ ᠵᠤᠷᠰᠢᠯ | ᠢ ᠨᠢ ᠡᠵᠡᠮᠰᠢᠭᠰᠡᠨ᠃ ᠶᠠᠭᠤᠨ ᠳᠤᠨᠢ ᠰᠦᠷᠳᠡᠬᠦ ᠪᠤᠢ︖︾ ᠭᠡᠰᠡᠨ ᠶᠤᠮ ᠰᠠᠨ᠃ ᠳᠡᠷᠡ ᠵᠤᠨ ᠨᠢ ᠮᠠᠨ ᠤ | ᠫᠠᠷᠲ᠋ᠢᠽᠠᠨ ᠶᠡᠭᠡ ᠴᠡᠷᠢᠭ ᠤᠨ ᠬᠠᠮᠳᠤ ᠦᠭᠡᠷᠴᠢᠨ ᠤᠪᠤᠭ᠎ᠠ ᠪᠠᠷ ᠰᠠᠭᠤᠷᠢᠯᠠᠨ ᠭᠤᠮᠢᠨᠳᠠᠩ ᠲᠠᠢ ᠪᠠᠶᠢᠯᠳᠤᠬᠤ ᠳᠤ | ᠰᠠᠷᠬᠢ ᠶᠢᠨ ᠭᠤᠤ ᠭᠡᠳᠡᠭ ᠭᠠᠵᠠᠷ ᠴᠠᠭ ᠲᠠᠭᠠᠨ ᠪᠠᠭᠤᠳᠠᠯᠯᠠᠵᠦ ᠶᠠᠪᠤᠭᠰᠠᠨ ᠶᠤᠮ᠃ ᠳᠡᠨᠳᠡ ᠬᠤᠰᠤᠨ ᠤ | ᠦᠯᠵᠢᠷᠡᠭᠰᠡᠨ ᠳᠡᠷᠡᠰᠦ ᠲᠠᠢ ᠳᠠᠭᠰᠢᠷᠠᠨ ᠢᠯᠵᠡᠷᠡᠭᠰᠡᠨ ᠦᠮᠡᠭᠡᠢ ᠯᠠᠭ ᠢ ᠭᠠᠷ ᠢᠶᠠᠷ ᠢᠶᠠᠨ ᠮᠠᠯᠳᠠᠵᠦ᠂ | ᠪᠤᠳᠠᠬᠢᠶᠠᠷᠠᠭᠰᠠᠨ ᠤᠰᠤᠨ ᠳᠤ ᠮᠠᠩᠬᠢᠷ ᠬᠤᠯᠢᠭᠰᠠᠨ ᠬᠤᠨᠤᠭ ᠪᠤᠳᠠᠭ᠎ᠠ ᠴᠢᠨᠠᠵᠦ ᠦᠯᠯᠠᠨ ᠶᠠᠪᠤᠬᠤ ᠳᠠᠭᠠᠨ ᠳᠤᠳᠤᠨᠤ | ᠪᠠᠷ ᠳᠠᠨᠢᠯᠴᠠᠭᠰᠠᠨ ᠶᠤᠮᠰᠠᠨ᠃ ᠳᠡᠷᠡ ᠮᠢᠨᠢ ᠬᠤᠨᠭ᠍ᠬᠢᠯᠳᠤᠭ ᠱᠠᠬᠠᠢ ᠪᠠᠨ ᠬᠤᠯᠬᠢᠬᠤ ᠪᠠᠷ ᠰᠠᠭᠠᠯᠳᠤᠷᠭᠠᠯᠠᠨ ᠤᠶᠠᠭᠠᠳ | ᠬᠤᠸᠠ ᠮᠤᠷᠢ ᠪᠠᠨ ᠢᠨᠴᠠᠭᠠᠬᠤ ᠪᠠᠷ ᠨᠠᠮᠠᠢᠢ ᠭᠤᠮᠢᠨᠳᠠᠩ ᠠᠴᠠ ᠠᠪᠴᠢᠷᠠᠭᠰᠠᠨ ᠮᠠᠯ ᠶᠤᠮ ᠭᠡᠳ ᠦᠪᠡᠷ ᠤᠨ | ᠮᠠᠦ᠋ᠽᠸᠧᠷ ᠢᠶᠠᠨ ᠵᠦᠯᠬᠦᠬᠦ ᠳᠤ ᠭᠤᠮᠢᠨᠳᠠᠩ ᠠᠴᠠ ᠮᠤᠰᠬᠢᠭᠰᠠᠨ ᠭᠡᠵᠦ ᠬᠡᠯᠡᠭᠡᠳ ᠦᠪᠡᠷ ᠤᠨ ᠰᠢᠯᠵᠠᠷᠬᠠᠢ | ᠡᠪᠴᠢᠬᠦᠦ ᠪᠠᠨ ᠭᠤᠮᠢᠨᠳᠠᠩ ᠢᠶᠠᠷ ᠡᠷᠡᠬᠦᠳᠡᠬᠦᠯᠬᠦ ᠳᠤ ᠰᠤᠷᠪᠢ ᠳᠤᠭᠳᠠᠭᠰᠠᠨ ᠶᠤᠮ ᠭᠡᠵᠦ ᠬᠤᠷᠤᠰᠳᠠᠭ ᠪᠠᠶᠢᠯ᠎ᠠ᠃ | ᠳᠡᠭᠡᠭᠡᠳ ᠶᠤᠮ ᠦᠦ︖ ᠡᠰᠡᠬᠦᠯ᠎ᠠ ᠪᠠᠶᠠᠨ ᠭᠤᠤ ᠳᠤ ᠠᠭᠤᠯᠵᠠᠯᠳᠤᠭᠠᠳ ᠬᠠᠮᠳᠤ ᠮᠤᠷᠳᠠᠭᠰᠠᠨ ᠠᠴᠠ ᠶᠤᠮ ᠦᠦ︖ | ᠮᠢᠨᠤ ᠨᠢᠳᠤᠨ ᠳᠤ ᠢᠯᠡ ᠪᠤᠯᠤᠭᠠᠳ ᠪᠠᠶᠢᠭᠰᠠᠨ ᠢ ᠶᠠᠭᠤ ᠬᠡᠯᠡᠬᠦ ᠪᠤᠢ ᠁ | — ᠳᠡᠷᠡ ᠯᠦᠭᠯᠡᠶᠢᠵᠦ ᠬᠠᠷᠠᠭᠳᠠᠵᠦ ᠪᠠᠶᠢᠭ᠎ᠠ ᠬᠠᠨ ᠬᠠᠶᠢᠷᠬᠠᠨ ᠪᠤᠯ ᠬᠠᠳᠠᠨ ᠵᠤᠷᠢᠭᠳᠤ ᠪᠠᠭᠠᠳᠤᠷ ᠤᠨ ᠮᠢᠨᠢ | ᠬᠤᠪᠢᠯᠭᠠᠨ ᠮᠥᠨ᠃ ᠬᠠᠨᠠᠭᠠᠷ ᠦᠨᠳᠤᠷ ᠳᠠᠷᠬᠠᠨ ᠤᠷᠬᠢᠯ ᠳᠤᠨᠢ ᠬᠠᠷᠬᠢᠰ ᠭᠤᠮᠢᠨᠳᠠᠩ ᠬᠠᠯᠳᠠᠵᠦ ᠴᠢᠳᠠᠭᠠᠳᠤᠢ | ᠪᠠᠶᠢᠵᠦ ᠪᠢᠯᠡ᠃ ᠳᠡᠬᠦᠨ ᠤ ᠠᠷᠢᠭᠤᠨ ᠤᠷᠬᠢᠯ ᠨᠢ ᠠᠯᠤᠰ ᠤᠨ ᠠᠪᠠᠭ᠎ᠠ ᠶᠢᠨ ᠰᠢᠯᠢ ᠶᠢ ᠦᠡᠭᠭᠡᠶᠢᠨ ᠰᠢᠷᠳᠡᠳᠡᠭ᠃ | ᠠᠰᠬ᠎ᠠ ᠪᠠᠷᠳᠠᠭ᠎ᠠ ᠪᠠᠷ ᠢᠶᠠᠨ ᠠᠷᠠᠳ ᠳᠦᠮᠡᠨ ᠢᠶᠠᠨ ᠳᠠᠶᠢᠰᠤᠨ ᠠᠴᠠ ᠬᠠᠮᠠᠭᠠᠯᠠᠬᠤ ᠪᠤᠭᠤᠮᠳᠠ ᠪᠤᠯᠵᠦ ᠠᠤᠭ᠎ᠠ | ᠰᠦᠷᠯᠢᠭ ᠢᠶᠠᠷ ᠢᠶᠠᠨ ᠠᠳᠠᠭᠠᠳᠠᠨ ᠭᠤᠮᠢᠨᠳᠠᠩ ᠢ ᠬᠠᠰᠢᠵᠦ ᠪᠠᠶᠢᠭᠰᠠᠨ᠃ ᠳᠡᠷᠡ ᠤᠳᠤ ᠪᠢᠳᠡᠨ ᠤ ᠦᠭᠡᠳᠡ ᠠᠴᠠ | ᠬᠠᠯᠠᠶᠢᠨ ᠬᠠᠷᠠᠵᠦ ᠪᠠᠶᠢᠨ᠎ᠠ︕ ᠬᠠᠷᠠᠩᠭᠤᠢ ᠰᠢᠭᠤᠷᠭᠠᠨ ᠳᠤᠮᠳᠠᠭᠤᠷ ᠡᠭᠡ ᠤᠷᠤᠨ ᠢᠶᠠᠨ ᠪᠠᠳᠤᠯᠠᠨ ᠡᠷᠭᠡ ᠴᠢᠯᠦᠭᠡ | ᠪᠠᠨ ᠤᠯᠬᠤ ᠪᠠᠷ ᠳᠡᠮᠡᠴᠡᠵᠦ ᠪᠠᠶᠢᠭᠰᠠᠨ ᠨᠠᠳᠠ ᠬᠠᠨ ᠬᠠᠶᠢᠷᠬᠠᠨ ᠮᠢᠨᠢ ᠪᠠᠶᠢᠭᠠᠯᠢ ᠶᠢᠨ ᠪᠠᠬᠢᠯᠠᠯᠳᠠ ᠰᠢᠭ ᠴᠦ | ᠤᠮᠤᠭᠰᠢᠭᠤᠯᠵᠦ ᠪᠠᠶᠢᠭᠰᠠᠨ ᠳ᠋ᠠ᠃ ᠤᠳᠤ ᠴᠦ ᠬᠡᠰᠡᠨ ᠳᠠᠪᠬᠤᠷ ᠤᠳᠬ᠎ᠠ ᠪᠦᠷᠢᠯᠳᠦᠭᠡᠳ ᠮᠢᠨᠤ ᠶᠠᠷᠢᠬᠤ ᠬᠡᠰᠡᠨ | ᠦᠯᠢᠭᠡᠷ ᠤᠨ ᠤᠬᠢ ᠪᠤᠯᠤᠭᠠᠳ ᠪᠠᠶᠢᠭ᠎ᠠ ᠨᠢ ᠡᠨᠡ︕ | — ᠲᠠᠨ ᠤ ᠶᠠᠷᠢᠬᠤ ᠦᠯᠢᠭᠡᠷ ᠢ ᠰᠤᠨᠤᠰᠴᠦ ᠶᠠᠪᠤᠭᠠᠳ ᠡᠴᠢᠨᠠᠨ ᠭᠠᠵᠠᠷ ᠠᠭᠤᠳᠠᠯᠠᠭᠰᠠᠨ ᠢᠶᠠᠨ ᠴᠦ ᠮᠡᠳᠡᠭᠰᠡᠨ | ᠦᠭᠡᠢ ᠦᠡᠭᠭᠡᠷᠡᠯᠡ᠃ ᠳᠠᠮᠪᠢ ᠭᠤᠸᠠᠢ ᠴᠠᠭᠠᠰᠢ ᠨᠢ ᠶᠠᠷᠢᠭᠠᠷᠠᠢ᠃ | — ᠬᠠᠨ ᠬᠠᠶᠢᠷᠬᠠᠨ ᠤ ᠬᠠᠪᠴᠢᠯ ᠤᠳ ᠲᠤ ᠪᠠᠶᠢᠭᠰᠠᠨ ᠮᠠᠨ ᠤ ᠶᠡᠭᠡ ᠴᠡᠷᠢᠭ ᠳᠤᠷᠰᠢᠭᠤᠯ ᠤᠨ ᠬᠡᠰᠡᠭ ᠤᠨ | ᠮᠡᠳᠡᠭᠡ ᠪᠠᠷ ᠪᠡᠯᠡᠳᠭᠡᠯ ᠲᠠᠢ ᠪᠠᠶᠢᠵᠦ᠂ ᠳᠡᠷᠡ ᠬᠠᠪᠢ ᠶᠢᠨ ᠠᠳᠤᠭᠤ ᠨᠤᠭᠤᠳ ᠢ ᠪᠡᠷᠭᠡ ᠪᠠᠷᠳᠠᠭᠠᠨ ᠳᠤ | ᠰᠢᠯᠵᠢᠬᠦᠯᠦᠭᠰᠡᠨ ᠪᠠᠶᠢᠵᠠᠢ᠃ | ᠬᠠᠨ ᠬᠠᠶᠢᠷᠬᠠᠨ ᠢ ᠪᠤᠯᠳᠤ ᠳᠤᠨᠢ ᠪᠦᠰᠡᠯᠠᠨ ᠳᠤᠪᠳᠤᠯᠤᠭᠰᠠᠨ ᠳᠠᠶᠢᠰᠤᠨ ᠤ ᠴᠢᠮᠡᠭᠡ ᠪᠠᠷ ᠵᠢᠡᠡᠰᠠᠭᠠᠯ ᠳᠤ ᠤᠷᠤᠵᠠᠢ | ᠃ ᠦᠨᠡᠨ ᠳᠡᠭᠡᠨ ᠨᠢᠭᠡᠯᠭᠡᠨ ᠬᠤᠷᠢᠶ᠎ᠠ ᠴᠡᠷᠢᠭ ᠪᠠᠶᠢᠭᠰᠠᠨ ᠪᠤᠯᠪᠠᠴᠦ ᠰᠢᠭᠤᠷᠭᠠᠨ ᠤ ᠳᠤᠮᠳᠠᠭᠤᠷ ᠵᠢᠱᠢᠵᠦ ᠭᠠᠷᠤᠭᠰᠠᠨ | ᠦᠭᠡᠢ ᠪᠠᠷ ᠮᠤᠩᠬᠠᠷᠠᠭᠰᠠᠨ ᠭᠤᠮᠢᠨᠳᠠᠩ ᠳᠡᠭᠡᠷᠡᠮ ᠭᠠᠭᠴᠠ ᠬᠦ ᠤᠯᠠᠨ ᠮᠤᠷᠢᠳ ᠤᠨ ᠴᠠᠷᠬᠢ ᠪᠠᠷ ᠳᠦᠷᠢᠮᠭᠡᠶᠢᠯᠠᠨ | ᠳᠠᠪᠰᠢᠵᠦ ᠮᠠᠨ ᠤ ᠴᠡᠷᠢᠭ ᠤᠨ ᠪᠠᠶᠢᠭᠰᠠᠨ ᠠᠶᠢᠯ ᠠᠴᠠ ᠰᠤᠷᠠᠭᠯᠠᠵᠠᠢ᠃ ᠳᠡᠭᠡᠬᠦ ᠳᠤ ᠮᠠᠨᠠᠶᠢᠬᠢᠨ ᠠᠷᠠᠳ᠄ ︽ᠠ | ᠮᠡᠳᠡᠬᠦ ᠦᠭᠡᠢ᠂ ᠭᠠᠭᠴᠠ ᠮᠠᠨ ᠤ ᠬᠤᠳᠠᠨ ᠤ ᠨᠢᠭᠡ ᠬᠤᠷᠢᠶ᠎ᠠ ᠴᠡᠷᠢᠭ ᠪᠠᠶᠢᠭᠰᠠᠨ ᠪᠠᠶᠢᠯ᠎ᠠ︾ ᠭᠡᠬᠦᠴᠢᠯᠠᠨ ᠰᠦᠷ | ᠪᠠᠳᠠᠷᠠᠭᠤᠯᠤᠨ ᠬᠡᠯᠡᠳᠡᠭ ᠠᠵᠢ᠃ | ᠤᠯᠠᠨ ᠮᠤᠷᠢᠨ ᠤ ᠴᠡᠷᠬᠢ ᠪᠠᠷ ᠡᠵᠡᠷᠭᠡᠭᠯᠠᠨ ᠳᠠᠪᠰᠢᠬᠤ ᠳᠠᠶᠢᠰᠤᠨ ᠮᠠᠰᠢᠨ ᠢᠶᠠᠨ ᠤᠡᠭᠬᠢᠯᠳᠤᠭᠤᠯᠬᠤ ᠦᠭᠡᠢ ᠪᠤᠯᠪᠠᠯ | ᠡᠷᠬᠢ ᠭᠠᠨᠭ᠍ᠭ᠎ᠠ ᠳᠤ ᠮᠤᠬᠤᠷᠳᠠᠨ ᠶᠠᠪᠠᠭᠠᠨ ᠴᠡᠷᠢᠭ ᠢᠶᠠᠨ ᠠᠰᠬᠠᠵᠦ ᠭᠠᠷᠴᠠᠢ᠃ | ᠳᠡᠭᠡᠭᠡᠳ ᠴᠢᠨᠤ ᠰᠠᠶ᠋ᠢᠬᠠᠨ ᠠᠰᠠᠭᠤᠭᠰᠠᠨ ︽ᠵᠦᠭᠡᠷ ᠦᠦ︖︾ ᠭᠡᠳᠡᠭ ᠰᠢᠷᠭᠠᠭᠤ ᠳᠤᠯᠤᠯᠳᠤᠭᠠᠨ ᠪᠤᠯᠤᠭᠰᠠᠨ | ᠶᠤᠮ᠃ | ᠳᠠᠶᠢᠰᠤᠨ ᠤ ᠶᠠᠪᠠᠭᠠᠨ ᠴᠡᠷᠢᠭ ᠲᠡᠭᠡᠨ ᠵᠠᠮ ᠨᠡᠭᠡᠭᠡᠬᠦ ᠬᠡᠰᠡᠨ ᠶᠡᠭᠡ ᠫᠤᠤ ᠶᠢᠨ ᠰᠤᠮᠤ ᠠᠭᠤᠯᠠ ᠦᠭᠡᠳᠡ ᠰᠦᠷᠬᠢᠷᠡᠬᠦ | ᠳᠤ᠂ ᠳᠠᠶᠢᠰᠤᠨ ᠤ ᠳᠠᠪᠰᠢᠯᠳᠠ ᠶᠢ ᠡᠰᠡᠷᠬᠦᠴᠡᠬᠦ ᠮᠠᠨ ᠤ ᠶᠡᠭᠡ ᠴᠡᠷᠢᠭ ᠤᠨ ᠭᠷᠠᠨᠠᠲ ᠤᠨ ᠳᠡᠯᠪᠡᠷᠡᠯᠳᠡ᠂ ᠠᠯᠠᠨ | ᠪᠠᠶᠢᠯᠳᠤᠬᠤ ᠬᠤᠶᠠᠷ ᠡᠳᠡᠭᠡᠳ ᠤᠨ ᠱᠤᠤᠬᠢᠶᠠᠨ ᠨᠡᠶᠢᠯᠡᠯᠳᠦᠭᠡᠳ ᠳᠦᠮᠠᠨ ᠠᠳᠤᠭᠤᠨ ᠤ ᠳᠦᠪᠡᠷᠭᠡᠨ ᠪᠤᠶᠤ ᠬᠠᠭᠤᠷᠠᠢ | ᠦᠶᠡᠷ ᠤᠨ ᠦᠵᠦᠭᠦᠷ ᠰᠢᠭ ᠳᠦᠰᠦᠷ ᠤᠨ ᠭᠠᠵᠠᠷ ᠨᠠᠯᠠᠵᠦ ᠪᠠᠶᠢᠵᠠᠢ᠃ ᠦᠨᠳᠤᠷ ᠠᠭᠤᠯᠠ ᠶᠢᠨ ᠤᠷᠤᠢ ᠠᠴᠠ | ᠬᠦᠨ ᠵᠠᠪᠠ ᠤᠷᠤᠭᠤ ᠪᠦᠮᠪᠦᠷᠢᠬᠦᠯᠦᠭᠰᠡᠨ ᠦᠭᠡᠷ ᠴᠢᠯᠠᠭᠤᠨ ᠤ ᠳᠤᠶᠢᠯᠠᠯᠳᠠ᠂ ᠠᠰᠬ᠎ᠠ ᠬᠠᠳᠠ ᠶᠢ ᠳᠠᠭᠠᠷᠢᠯᠠᠨ | ᠬᠦᠴᠦᠨ ᠨᠡᠮᠡᠭᠳᠡᠭᠡᠳ ᠠᠶᠤᠩᠭᠠᠨ ᠳᠤ ᠬᠠᠳᠠ ᠨᠤᠷᠠᠬᠤ ᠮᠡᠳᠦ ᠠᠶᠤᠮᠰᠢᠭᠳᠠᠢ ᠨᠢᠷᠴᠢᠬᠢᠨᠠᠨ ᠠᠭᠠᠷ ᠢ | ᠬᠤᠶᠢᠯᠠᠷᠠᠭᠤᠯᠤᠨ ᠰᠢᠪᠳᠤᠷᠬᠤ ᠶᠢᠨ ᠰᠠᠴᠠᠭᠤ ᠠᠭᠤᠯᠠ ᠠᠪᠠᠷᠢᠬᠤ ᠳᠠᠶᠢᠰᠤᠨ ᠳᠤ ᠨᠢᠭᠡ ᠳᠠᠯ᠎ᠠ ᠶᠢᠨ ᠳᠠᠶᠢᠰᠤᠨ | ᠪᠤᠯᠵᠠᠢ᠃ ᠢᠯᠠᠩᠭᠤᠶ᠎ᠠ ᠳᠡᠰᠬᠢᠮᠠ ᠬᠦᠢᠳᠡᠨ ᠨᠢ ᠳᠠᠯ᠎ᠠ ᠭᠠᠵᠠᠷ ᠦᠰᠴᠦ ᠳᠤᠳᠤᠭᠠᠳᠤ ᠶᠢᠨ ᠳᠠᠶᠢᠨ ᠳᠤ ᠤᠯᠠᠮ | ᠦᠯᠴᠢᠷᠰᠢᠭᠰᠡᠨ ᠮᠠᠨ ᠤ ᠬᠢᠨ ᠳᠤ ᠵᠢᠷ ᠤᠨ ᠬᠡᠷᠡᠭ ᠪᠤᠯᠪᠠᠴᠦ ᠬᠦᠶᠦᠮᠠᠯ ᠠᠪᠰᠠᠨ ᠳᠠᠭᠠᠨ ᠳᠡᠭᠡᠭᠡᠭᠳᠡᠵᠦ ᠦᠬᠦᠯ ᠢᠶᠠᠨ | ᠡᠷᠢᠵᠦ ᠢᠷᠡᠭᠰᠡᠨ ᠭᠤᠮᠢᠨᠳᠠᠩ ᠳᠡᠭᠡᠷᠡᠮ ᠳᠤ ᠯᠠ ᠳᠡᠭᠷᠢ ᠶᠢᠨ ᠬᠢᠯᠢᠩ ᠮᠡᠳᠦ ᠠᠵᠢ᠃ ᠮᠠᠨ ᠤ ᠶᠡᠭᠡ ᠴᠡᠷᠢᠭ ᠪᠤᠯ | ᠦᠪᠡᠷ ᠠᠴᠠ ᠪᠠᠨ ᠬᠡᠳᠦᠨ ᠬᠤᠪᠢ ᠠᠬᠠᠳᠠᠬᠤ ᠬᠦᠴᠦᠷᠭᠡᠭ ᠳᠠᠶᠢᠰᠤᠨ ᠲᠠᠢ ᠪᠠᠶᠢᠯᠳᠤᠭᠰᠠᠨ ᠨᠢ ᠭᠠᠷᠴᠠᠭ᠎ᠠ ᠦᠭᠡᠢ | ᠪᠤᠯᠪᠠᠴᠦ ᠭᠠᠵᠠᠷ ᠤᠨ ᠪᠠᠶᠢᠴᠠ ᠶᠢ ᠠᠰᠢᠭᠯᠠᠨ ᠬᠠᠨ ᠬᠠᠶᠢᠷᠬᠠᠨ ᠢᠶᠠᠷ ᠦᠮᠦᠭ ᠪᠤᠯᠭᠠᠨ ᠴᠢᠳᠠᠭᠰᠠᠨ ᠪᠤᠯᠬᠤᠷ | ᠳᠠᠶᠢᠰᠤᠨ ᠤ ᠳᠠᠪᠰᠢᠯᠳᠠ ᠶᠢ ᠨᠢᠴᠤᠭᠠᠨ ᠪᠠᠶᠢᠵᠠᠢ᠃ ᠭᠡᠳᠡᠯ᠎ᠡ ᠵᠢᠷᠠᠨ ᠭᠤᠷᠪᠠᠨ ᠮᠠᠰᠢᠨ ᠳᠤ ᠠᠴᠢᠭᠳᠠᠵᠦ ᠢᠷᠡᠭᠰᠡᠨ | ᠭᠤᠮᠢᠨᠳᠠᠩ ᠤᠨ ᠳᠠᠶᠢᠰᠤᠨ ᠬᠤᠶᠠᠷ ᠮᠢᠩᠭᠠᠭᠠᠳ ᠬᠦᠮᠦᠨ ᠤ ᠳᠤᠭᠠᠨ ᠳᠠᠭᠠᠨ ᠡᠷᠳᠦᠵᠦ᠂ ᠵᠡᠪᠰᠡᠭ ᠤᠨ ᠬᠤᠷᠴᠠ | ᠳᠠᠭᠠᠨ ᠪᠠᠯᠮᠠᠳ ᠳᠠᠭᠠᠷᠢᠯᠳᠠ ᠵᠤᠬᠢᠶᠠᠵᠦ ᠪᠠᠶᠢᠵᠠᠢ᠃ | ᠳᠡᠭᠡᠬᠦ ᠳᠤ ᠮᠠᠨ ᠤ ᠶᠡᠭᠡ ᠴᠡᠷᠢᠭ ᠤᠨ ᠬᠤᠷᠢᠶ᠎ᠠ ᠶᠠᠮᠤᠨ ᠤ ᠡᠳᠡᠭᠡᠳ ᠨᠢ ᠠᠨᠠᠩ ᠭᠡᠳᠡᠭ ᠬᠠᠪᠴᠢᠯ ᠳᠤ ᠳᠠᠶᠢᠰᠤᠨ | ᠤ ᠺᠤᠮᠠᠨᠳᠠ ᠪᠠᠶᠢᠬᠤ ᠶᠢ ᠰᠠᠭᠤᠳᠠᠯ ᠤᠨ ᠵᠢᠵᠢᠭ ᠮᠠᠰᠢᠨ ᠢᠶᠠᠷ ᠤᠯᠵᠦ ᠮᠡᠳᠡᠵᠠᠢ᠃ ᠳᠡᠭᠡᠭᠡᠳ ᠺᠤᠮᠠᠨᠳᠠ ᠶᠢ | ᠰᠤᠯᠠᠷᠠᠭᠤᠯᠬᠤ ᠶᠠᠪᠤᠳᠠᠯ ᠢ ᠳᠡᠬᠦᠨ ᠤ ᠤᠶᠢᠷᠠᠯᠴᠠᠭ᠎ᠠ ᠪᠠᠶᠢᠬᠤ ᠬᠠᠶᠢᠭᠤᠯ ᠤᠨ ᠡᠬᠦᠷᠭᠡ ᠬᠦᠢᠴᠡᠳᠭᠡᠬᠦ ᠬᠤᠶᠠᠳᠤᠭᠠᠷ | ᠰᠤᠮᠤᠨ ᠳᠠᠷᠤᠭ᠎ᠠ ᠳᠤ ᠳᠤᠰᠢᠶᠠᠭᠰᠠᠨ ᠠᠵᠢ᠃ ᠬᠤᠷᠢᠶ᠎ᠠ ᠶᠠᠮᠤᠨ ᠤ ᠳᠤᠰᠢᠶᠠᠯ ᠢ ᠠᠪᠤᠭᠰᠠᠨ ᠳᠡᠷᠡ ᠰᠤᠮᠤᠨ | ᠳᠠᠷᠤᠭ᠎ᠠ ᠦᠪᠡᠷ ᠢᠶᠠᠨ ᠪᠡᠶᠡᠯᠡᠬᠦᠯᠬᠦ ᠶᠢᠨ ᠳᠦᠯᠦᠭᠡ ᠶᠠᠳᠠᠷᠠᠭᠤᠯᠢᠭ ᠪᠠᠶᠢᠯᠳᠤᠭᠴᠢ ᠠᠴᠠ ᠪᠠᠨ ᠤᠷᠳᠤ ᠫᠤᠤ ᠠᠪᠴᠦ᠂ | ᠬᠡᠳᠦᠨ ᠬᠦᠮᠤᠨ ᠲᠠᠢ ᠬᠠᠮᠳᠤ ᠪᠠᠷ ᠰᠠᠭᠤᠳᠠᠯ ᠤᠨ ᠵᠢᠵᠢᠭ ᠮᠠᠰᠢᠨ ᠤᠷᠤᠭᠤ ᠤᠶᠢᠷᠠᠳᠤᠵᠦ ᠤᠴᠢᠵᠠᠢ᠃ ᠠᠭᠤᠯᠠ | ᠶᠢᠨ ᠨᠤᠭᠤᠯᠤᠭ᠎ᠠ ᠪᠠᠷ ᠭᠡᠳᠡᠵᠦ ᠤᠴᠢᠬᠤ ᠬᠦᠮᠦᠰ ᠢ ᠮᠡᠳᠡᠭᠰᠡᠨ ᠦᠭᠡᠢ ᠪᠠᠶᠢᠭᠰᠠᠨ ᠳᠠᠶᠢᠰᠤᠨ ᠤ ᠬᠤᠷᠢᠶᠠᠨ | ᠳᠠᠷᠤᠭ᠎ᠠ ᠨᠢ ᠦᠪᠡᠷ ᠤᠨ ᠭᠠᠯ ᠤᠨ ᠬᠦᠴᠦᠨ ᠳᠤ ᠤᠮᠤᠷᠬᠠᠭᠯᠠᠨ ᠮᠠᠨ ᠤ ᠴᠡᠷᠢᠭ ᠠᠴᠠ ᠠᠮᠢᠳᠤ ᠬᠡᠯᠡ ᠪᠠᠶᠢᠪᠠᠯ | ᠴᠢᠩᠭ᠎ᠠ ᠦᠴᠢᠭᠯᠡᠨ ᠦᠨᠡᠨ ᠬᠦᠴᠦᠨ ᠢ ᠤᠯᠠᠯᠠᠬᠤ ᠪᠠᠷ ᠶᠠᠭᠠᠷᠠᠨ᠎ᠠ᠃ | ᠠᠴᠢᠶᠠᠨ ᠤ ᠮᠠᠰᠢᠨ ᠤ ᠺᠠᠫᠢᠨ ᠢᠶᠠᠷ ᠺᠤᠮᠠᠨᠳᠠ ᠶᠢᠨ ᠳᠠᠪᠴᠠᠩ ᠬᠢᠭᠰᠡᠨ ᠳᠠᠶᠢᠰᠤᠨ ᠤ ᠬᠤᠷᠢᠶᠠᠨ ᠳᠠᠷᠤᠭ᠎ᠠ ᠦᠪᠡᠷ | ᠤᠨ ᠴᠡᠷᠢᠭ ᠤᠨ ᠠᠭᠤᠯᠠ ᠠᠪᠠᠷᠢᠭᠰᠠᠭᠠᠷ ᠪᠠᠶᠢᠬᠤ ᠳᠠᠭᠠᠨ ᠬᠦᠯᠢᠭᠡᠷ ᠮᠦᠰᠦᠨ ᠠᠭᠤᠯᠠ ᠶᠢ ᠳᠠᠪᠠᠵᠦ ᠶᠠᠳᠠᠨ | ᠭᠤᠯᠭᠤᠷᠢᠵᠦ ᠪᠠᠶᠢᠬᠤ ᠰᠢᠭ᠋ ᠤᠬᠤᠷᠢᠨ ᠪᠠᠭᠤᠵᠦ᠂ ᠠᠷᠤ ᠳᠠᠭᠠᠨ ᠫᠤᠤ ᠪᠠᠷᠢᠭᠰᠠᠨ ᠳᠠᠷᠤᠭ᠎ᠠ ᠶᠢᠨ ᠢᠶᠠᠨ ᠬᠦᠴᠦ ᠪᠠᠷ | ᠳᠠᠬᠢᠨ ᠠᠪᠠᠷᠢᠬᠤ ᠳᠤ ᠬᠢᠯᠢᠩᠨᠠᠨ ᠤᠯᠠᠮ ᠭᠡᠭᠰᠡᠯᠵᠡᠵᠦ ᠪᠠᠶᠢᠪᠠ᠃ | ᠳᠡᠷᠡ ᠦᠶ᠎ᠠ ᠳᠤᠳᠤᠭᠠᠳᠤ ᠶᠢᠨ ᠳᠠᠶᠢᠨ ᠪᠤᠯᠤᠭᠰᠠᠨ ᠠᠴᠠ ᠨᠠᠭᠠᠰᠢ ᠭᠤᠮᠢᠨᠳᠠᠩ ᠤᠨ ᠤᠳᠠᠭ᠎ᠠ ᠳᠠᠷᠠᠭᠠᠯᠠᠨ | ᠬᠠᠯᠳᠠᠬᠤ ᠳᠤ ᠳᠠᠶᠢᠰᠤᠨ ᠤ ᠵᠡᠷᠯᠢᠭ ᠰᠤᠮᠤᠨ ᠳᠤ ᠬᠤᠯᠴᠤᠷᠠᠵᠦ ᠢᠷᠡᠭᠰᠡᠨ ᠴᠢᠪᠴᠢᠮᠠ ᠬᠠᠳᠠ ᠲᠠᠢ ᠬᠠᠨ | ᠬᠠᠶᠢᠷᠬᠠᠨ ᠪᠤᠯ ᠳᠦᠭ ᠳᠦᠮᠡᠨ ᠤᠨ ᠤ ᠳᠤᠷᠰᠢᠳᠠ ᠤᠷᠤᠰᠢᠭᠰᠠᠨ ᠦᠪᠡᠷᠮᠢᠴᠡ ᠰᠦᠷᠯᠢᠭ ᠢᠶᠠᠨ ᠬᠠᠮᠠᠭᠠᠯᠠᠭᠰᠠᠨ | ᠰᠢᠭ᠋ ᠢᠶᠠᠷ ᠠᠷᠠᠳ ᠤᠨ ᠪᠠᠶᠢᠯᠳᠤᠭᠴᠢ ᠶᠢ ᠬᠤᠨᠭ᠍ᠬᠢᠯ ᠳᠠᠭᠠᠨ ᠠᠭᠤᠯᠵᠦ ᠵᠡᠷᠯᠢᠭ ᠠᠷᠢᠶᠠᠳᠠᠨ ᠠᠴᠠ ᠠᠴᠢᠷ ᠦᠷ᠎ᠠ | ᠪᠠᠨ ᠰᠤᠭᠤᠪᠴᠢᠯᠠᠨ ᠬᠠᠮᠠᠭᠠᠯᠠᠵᠦ ᠪᠠᠶᠢᠬᠤ ᠮᠡᠳᠦ ᠪᠠᠷ ᠡᠨᠡ ᠰᠢᠷᠭᠠᠭᠤ ᠳᠤᠯᠤᠯᠳᠤᠭᠠᠨ ᠳᠤ ᠪᠦᠳᠦᠮᠠᠯ ᠪᠠᠬᠢᠯᠠᠯᠳᠠ | ᠪᠤᠯᠵᠦ ᠪᠠᠶᠢᠯ᠎ᠠ᠃ ᠬᠠᠳᠠ ᠴᠢᠯᠠᠭᠤ᠂ ᠵᠠᠷ ᠵᠡᠪᠰᠡᠭ ᠤᠨ ᠠᠯᠢ ᠳᠤᠬᠢᠷᠠᠮᠵᠢᠳᠠᠢ ᠪᠠᠷ ᠳᠠᠶᠢᠰᠤᠨ ᠤ ᠬᠡᠷᠡᠯ ᠮᠠᠩᠨᠠᠢ | ᠦᠭᠡᠳᠡ ᠬᠠᠷᠢᠭᠤ ᠪᠠᠷᠢᠵᠦ ᠪᠠᠶᠢᠪᠠ᠃ ᠳᠠᠶᠢᠰᠤᠨ ᠬᠡᠳᠦᠢ ᠪᠠᠷ ᠵᠤᠵᠠᠭᠠᠨ ᠬᠦᠴᠦᠨ ᠲᠠᠢ ᠪᠤᠯᠪᠠᠴᠦ ᠠᠰᠢᠭᠳᠤ | ᠵᠢᠡᠡᠰᠠᠭᠠᠯ ᠢᠶᠠᠨ ᠠᠯᠳᠠᠭᠰᠠᠨ ᠳᠤᠯᠠ ᠳᠠᠪᠰᠢᠯᠳᠠ ᠪᠦᠷᠢ ᠳᠡᠭᠡᠨ ᠠᠷᠠᠳ ᠤᠨ ᠴᠡᠷᠢᠭ ᠤᠨ ᠡᠮᠤᠨ᠎ᠠ ᠠᠷᠢᠭᠤᠨ | ᠬᠠᠶᠢᠷᠬᠠᠨ ᠤ ᠬᠦᠷᠦᠰᠦᠨ ᠳᠤ ᠪᠤᠵᠠᠷ ᠨᠦᠵᠢ ᠨᠢᠯᠤᠵᠦ ᠮᠢᠬᠠᠨ ᠳᠤᠯᠤᠮ ᠤᠳ ᠳᠡᠰᠬᠡᠶᠢᠷᠠᠯᠳᠤᠨ ᠪᠤᠯᠠᠢ ᠤᠷᠬᠢᠭᠤᠯᠵᠦ | ᠪᠠᠶᠢᠵᠠᠢ᠃ | ᠠᠰᠬ᠎ᠠ ᠬᠠᠳᠠ ᠬᠤᠯᠴᠤᠷᠠᠨ ᠡᠮᠳᠡᠷᠡᠪᠡᠴᠦ ᠬᠠᠳᠠᠨ ᠪᠠᠬᠢᠯᠠᠯᠳᠠ ᠲᠠᠢ ᠪᠠᠶᠢᠯᠳᠤᠭᠴᠢᠳ ᠤᠨ ᠭᠠᠨᠭ᠌ ᠪᠤᠯᠤᠳ ᠰᠦᠰᠦ | ᠶᠢ ᠬᠡᠷᠬᠢᠨ ᠰᠢᠨᠳᠠᠷᠠᠭᠤᠯᠬᠤ ᠠᠵᠢ᠃ | ᠤᠤᠯ ᠨᠢ ᠮᠠᠨ ᠤ ᠬᠠᠶᠢᠭᠤᠯ ᠤᠨ ᠨᠢᠭᠡᠨ ᠰᠠᠯᠠᠭ᠎ᠠ ᠶᠢ ᠺᠤᠮᠠᠨᠳᠠᠯᠠᠭᠰᠠᠨ ᠬᠤᠶᠠᠳᠤᠭᠠᠷ ᠰᠤᠮᠤᠨ ᠳᠠᠷᠤᠭ᠎ᠠ᠂ | ᠬᠤᠷᠢᠶᠠᠨ ᠶᠠᠮᠤᠨ ᠤ ᠳᠤᠰᠢᠶᠠᠯ ᠢ ᠳᠦᠬᠦᠷᠠᠩ ᠪᠡᠶᠡᠯᠡᠬᠦᠯᠵᠦ᠂ ᠳᠠᠶᠢᠰᠤᠨ ᠤ ᠤᠬᠤᠷᠢᠯᠳᠠ ᠶᠢᠨ ᠪᠦᠷᠢᠶ᠎ᠠ ᠶᠢ | ᠬᠤᠷᠳᠤᠯᠠᠭᠰᠠᠨ ᠪᠠᠶᠢᠵᠠᠢ᠃ ᠭᠠᠪᠰᠢᠭᠠᠢ ᠪᠤᠶᠤ ᠬᠠᠶᠢᠭᠤᠯ ᠤᠨ ᠠᠵᠢᠯ ᠢ ᠵᠡᠷᠭᠡᠴᠡᠬᠦᠯᠦᠨ ᠬᠦᠢᠴᠡᠳᠭᠡᠭᠰᠡᠨ ᠳᠡᠬᠦᠨ ᠢ | ᠬᠠᠭᠤᠴᠢᠨ ᠤᠷᠤᠨ ᠳᠠᠭᠠᠨ ᠢᠷᠡᠬᠦ ᠦᠶ᠎ᠠ ᠳᠠᠶᠢᠰᠤᠨ ᠤ ᠮᠠᠰᠢᠨ ᠨᠢ ᠭᠡᠨᠡᠳᠡᠬᠦᠯᠦᠨ ᠳᠤᠪᠳᠤᠯᠬᠤ ᠳᠤᠬᠢᠶᠠᠯᠳᠤᠵᠠᠢ᠃ | ᠳᠠᠬᠢᠨ ᠭᠡᠨᠡᠳᠳᠡ ᠶᠢᠨ ᠬᠤᠪᠢᠷᠠᠯ ᠳᠤ ᠤᠷᠤᠵᠦ᠂ ᠨᠢᠭᠡᠨᠳᠡ ᠬᠠᠪᠴᠢᠭᠳᠠᠭᠰᠠᠨ ᠳᠤᠯᠠ ᠪᠠᠶᠢᠯᠳᠤᠭᠴᠢᠳ ᠢᠶᠠᠨ | ᠵᠦᠭᠯᠡᠬᠦᠯᠦᠨ ᠪᠠᠶᠢᠯᠳᠤᠵᠠᠢ ᠁ | ᠰᠢᠩᠭᠡᠬᠦ ᠨᠠᠷᠠᠨ ᠤ ᠬᠠᠮᠳᠤ ᠰᠢᠩᠭᠡᠷᠡᠭᠰᠡᠨ ᠳᠠᠭᠠᠷᠢᠯᠳᠠ᠂ ᠰᠤᠪᠤᠷᠠᠬᠤ ᠨᠠᠷᠠᠨ ᠤ ᠬᠠᠮᠳᠤ ᠰᠤᠨᠵᠢᠷᠠᠭᠰᠠᠨ ᠫᠤᠤᠳᠠᠯᠳᠠ | ᠪᠠᠷ ᠳᠤᠯᠤᠯᠳᠤᠭᠠᠨ ᠳᠠᠭᠤᠰᠬᠤ ᠳᠤ ᠬᠦᠷᠴᠠᠢ᠃ ᠬᠦᠯᠳᠡᠬᠦᠦ ᠴᠡᠳᠡᠭ ᠠᠭᠤᠯᠠ ᠵᠠᠪᠠ ᠳᠤ ᠳᠠᠶᠢᠰᠤᠨ ᠤ ᠤᠬᠤᠷᠢᠯᠳᠠ | ᠶᠢᠨ ᠪᠦᠷᠢᠶ᠎ᠠ ᠳᠤᠷᠬᠢᠳᠠᠯ᠎ᠠ ᠬᠢᠨᠭᠰᠢᠭᠡᠨᠡᠵᠠᠢ᠃ ᠨᠢᠭᠡᠨᠳᠡ ᠪᠡᠭᠡᠷᠡᠵᠦ ᠪᠡᠷᠪᠡᠶᠢᠯᠳᠦᠭᠰᠡᠨ ᠴᠡᠷᠢᠭ ᠢᠶᠠᠷ ᠢᠶᠠᠨ ᠮᠢᠬᠠᠨ | ᠳᠤᠯᠤᠮ ᠢᠶᠠᠨ ᠳᠡᠬᠦᠯᠭᠡᠭᠰᠡᠨ ᠳᠠᠶᠢᠰᠤᠨ ᠤ ᠺᠤᠮᠠᠨᠳᠠ ᠨᠢᠭᠡᠨ ᠦᠶ᠎ᠠ ᠱᠤᠪᠤᠭᠠᠷᠠᠯᠳᠤᠭᠠᠳ ᠬᠠᠯᠢᠭᠤᠳᠠᠢ ᠶᠢᠨ ᠰᠦᠮ᠎ᠡ | ᠵᠦᠭ ᠪᠤᠰᠤᠳ ᠢᠶᠠᠨ ᠵᠠᠮᠴᠢᠯᠠᠨ ᠳᠦᠷᠦᠬᠦᠯᠡᠵᠠᠢ᠃ | ᠬᠠᠯᠢᠭᠤᠳᠠᠢ ᠶᠢᠨ ᠰᠦᠮ᠎ᠡ ᠶᠢᠨ ᠬᠤᠸᠠᠷᠠᠭ ᠤᠳ ᠢ ᠳᠤᠭᠠᠡᠭ ᠳᠤᠨᠢ ᠬᠤᠷᠢᠵᠦ᠂ ᠱᠠᠪᠢ ᠨᠠᠷ ᠤᠨ ᠪᠠᠶᠢᠰᠢᠩ ᠢ | ᠡᠵᠡᠷᠭᠡᠭᠯᠡᠭᠰᠡᠨ ᠳᠠᠶᠢᠰᠤᠨ ᠰᠦᠮ᠎ᠡ ᠶᠢᠨ ᠬᠠᠭᠠᠯᠭ᠎ᠠ ᠪᠠ ᠯᠠᠮᠠ ᠨᠠᠷ ᠤᠨ ᠳᠦᠯᠡᠰᠢ ᠶᠢ ᠬᠠᠭᠤᠷᠠᠶᠢᠯᠠᠨ ᠳᠦᠯᠡᠵᠦ᠂ | ᠠᠪᠳᠠᠷ᠎ᠠ ᠬᠤᠷᠭᠤ ᠶᠢ ᠬᠤᠭᠤᠰᠤᠯᠠᠨ ᠪᠠᠯᠢᠩ ᠳᠠᠬᠢᠯ ᠢ ᠦᠯᠡᠳᠡᠭᠡᠯ ᠦᠭᠡᠢ ᠢᠳᠡᠵᠠᠢ᠃ ᠪᠠᠰᠠ ᠤᠯᠠᠨ ᠮᠠᠰᠢᠨ ᠢᠶᠠᠨ | ᠰᠦᠮ᠎ᠡ ᠶᠢᠨ ᠭᠤᠷᠤ ᠶᠢ ᠳᠠᠭᠠᠭᠤᠯᠤᠨ ᠳᠤᠳᠤᠷᠯᠠᠨ ᠪᠠᠬᠢᠯᠡᠭᠡᠳ ᠳᠦᠷᠪᠠᠨ ᠵᠦᠭ ᠨᠠᠢᠮᠠᠨ ᠵᠤᠪᠬᠢᠰ ᠲᠤ ᠬᠠᠯᠢᠭᠤᠳᠠᠢ | ᠶᠢᠨ ᠰᠦᠮ᠎ᠡ ᠶᠢᠨ ᠳᠤᠩᠴᠢᠳ ᠤᠨ ᠵᠤᠯᠠ ᠠᠴᠠ ᠢᠯᠭᠠᠷᠠᠮ᠎ᠠ ᠴᠠᠬᠢᠯᠭᠠᠨ ᠳ᠋ᠸᠡᠭ ᠠᠰᠠᠭᠠᠵᠠᠢ᠃ ᠮᠠᠨ ᠤ ᠦᠳᠦᠭᠡᠬᠦ | ᠭᠡᠰᠡᠭ ᠬᠦᠮᠦᠰ ᠢ ᠰᠦᠨᠢ ᠶᠢᠨ ᠳᠠᠭᠠᠷᠢᠯᠳᠠ ᠭᠡᠵᠦ ᠠᠶᠤᠨ᠂ ᠫᠦᠯᠧᠮᠢᠶᠤᠲ ᠢᠶᠠᠨ ᠬᠡᠯᠬᠢᠬᠦᠯᠦᠨ ᠫᠤᠤᠳᠠᠵᠦ ᠪᠠᠶᠢᠭᠰᠠᠨ | ᠃ ᠪᠢᠳᠡ ᠶᠡᠭᠡ ᠴᠡᠷᠢᠭ ᠢ ᠡᠷᠢᠨ ᠤᠴᠢᠬᠤ ᠳᠠᠭᠠᠨ ᠵᠢᠩᠨᠡᠬᠦᠷ ᠤᠨ ᠬᠠᠪᠬᠠᠭᠠᠰᠤ ᠶᠢ ᠠᠪᠤᠭᠰᠠᠨ ᠭᠡᠷ ᠲᠤ ᠪᠠᠷᠢᠭᠰᠠᠨ | ᠱᠦᠯᠦᠨ ᠳᠤᠰᠤᠨ ᠳ᠋ᠸᠡᠭ ᠤᠨ ᠭᠡᠷᠡᠯ ᠰᠢᠭ ᠰᠦᠳᠡᠭᠡᠨᠡᠬᠦ ᠴᠠᠬᠢᠯᠭᠠᠨ ᠳ᠋ᠸᠡᠭ ᠢ ᠰᠢᠭᠤᠷᠭᠠᠨ ᠳᠤᠳᠤᠭᠤᠷ ᠬᠠᠷᠠᠵᠦ᠂ | ᠵᠡᠯ᠎ᠡ ᠫᠤᠤᠵᠢᠩ ᠰᠢᠭ᠋ ᠳᠠᠷᠴᠢᠬᠢᠨᠠᠬᠤ ᠫᠦᠯᠧᠮᠢᠶᠤᠲ ᠤᠨ ᠴᠢᠮᠡᠭᠡ ᠶᠢ ᠳᠤᠭᠤᠯᠵᠦ ᠶᠠᠪᠤᠯ᠎ᠠ᠃ ᠳᠠᠶᠢᠰᠤᠨ ᠤ ᠰᠦᠷ | ᠮᠠᠨᠳᠤᠭᠤᠯᠤᠭᠰᠠᠨ ᠰᠦᠮ᠎ᠡ ᠶᠢᠨ ᠭᠤᠷᠤ ᠠᠴᠠ ᠤᠨᠠᠯ ᠮᠦᠷᠬᠦᠯ ᠬᠢᠪᠠᠴᠦ ᠬᠠᠭᠠᠰ ᠡᠳᠦᠷ ᠲᠤ ᠬᠦᠷᠴᠦ ᠪᠤᠯᠬᠤ | ᠭᠠᠵᠠᠷ ᠤᠳ ᠲᠤ ᠬᠤᠨᠤᠭᠰᠠᠨ ᠶᠡᠭᠡ ᠴᠡᠷᠢᠭ ᠤᠨ ᠮᠠᠨᠠᠭᠠᠴᠢᠨ ᠠᠴᠠ ᠪᠤᠰᠤᠳ ᠨᠢ ᠮᠠᠨ ᠤ ᠦᠭᠡᠳᠡ ᠠᠴᠠ ᠬᠠᠮᠠᠷ | ᠳᠠᠳᠠᠨ ᠳᠤᠭ ᠨᠤᠶᠢᠷ ᠲᠠᠭᠠᠨ ᠪᠠᠶᠢᠯᠴᠠᠪᠠ᠃ | ᠬᠠᠷᠢᠨ ᠰᠤᠨᠤᠰᠬᠤ ᠳᠤ ᠳᠠᠶᠢᠰᠤᠨ ᠤ ᠺᠤᠮᠠᠨᠳᠠ ᠨᠤᠭᠤᠳ ᠨᠢ ᠮᠤᠩᠭᠤᠯ ᠯᠠᠮᠠ ᠨᠠᠷ ᠲᠤ ᠶᠡᠭᠡᠮᠰᠦᠭ ᠯᠠᠷᠵᠢᠶ᠎ᠠ | ᠦᠵᠡᠬᠦᠯᠬᠦ ᠭᠡᠰᠡᠨ ᠰᠢᠭ ᠢᠶᠠᠷ ᠦᠬᠦᠳᠡᠯ ᠤᠳ ᠠᠴᠠ ᠪᠠᠨ ᠡᠷᠬᠢᠮᠯᠠᠨ ᠭᠠᠷᠭᠠᠭᠰᠠᠨ ᠨᠢᠭᠡᠨ ᠬᠡᠬᠦᠷ ᠲᠤ ᠵᠤᠯᠠ | ᠪᠠᠷᠢᠭᠤᠯᠤᠨ ᠰᠦᠨᠡᠰᠦ ᠳᠤᠨᠢᠯᠤᠭᠤᠯᠬᠤ ᠶᠢᠨ ᠳᠦᠯᠦᠭᠡ ᠠᠯᠪᠠᠨ ᠤ ᠢᠷᠤᠭᠡᠯ ᠬᠤᠷᠠᠭᠤᠯᠤᠭᠰᠠᠨ ᠭᠡᠳᠡᠭ᠃ ᠴᠤᠬᠤᠮ | ᠴᠠᠪᠠ ᠶᠢᠨ ᠦᠭᠡᠢ ᠢᠷᠤᠭᠡᠯ ᠠᠪᠬᠤ ᠶᠢ ᠪᠠᠷᠤᠭ ᠦᠵᠡᠭᠡᠳᠦᠢ ᠯᠠᠮᠠ ᠨᠠᠷ ᠬᠡᠳᠦᠢ ᠪᠠᠷ ᠵᠤᠭᠴᠢᠨ ᠤᠮᠵᠠᠳ ᠤᠨ | ᠳᠤᠬᠢᠷᠠᠯᠳᠠ ᠦᠭᠡᠢ ᠪᠤᠯᠪᠠᠴᠦ ᠶᠤᠰᠤᠴᠢᠯᠠᠨ ᠬᠦᠢᠴᠡᠳᠭᠡᠭᠰᠡᠨ ᠭᠡᠳᠡᠭ᠃ ᠮᠠᠷᠭᠠᠳᠠ ᠨᠢ ᠬᠠᠷ᠎ᠠ ᠦᠷᠯᠦᠭᠡᠬᠦᠷ | ᠪᠤᠰᠤᠭᠰᠠᠨ ᠳᠠᠶᠢᠰᠤᠨ ᠬᠤᠶᠠᠷ ᠮᠠᠰᠢᠨ ᠳᠦᠬᠦᠷᠠᠩ ᠠᠴᠢᠭᠰᠠᠨ ᠮᠢᠬᠠᠨ ᠳᠤᠯᠤᠮ ᠢᠶᠠᠨ ᠰᠢᠭᠤᠳᠠᠶᠢᠴᠢᠯᠠᠨ | ᠳᠠᠷᠤᠭᠤᠯᠤᠨ ᠪᠦᠳᠡᠭᠡᠵᠦ᠂ ᠰᠢᠭᠤᠳ ᠰᠢᠯᠤᠭᠤᠨ ᠪᠤᠴᠠᠭᠰᠠᠨ ᠪᠠᠶᠢᠪᠠ᠃ ᠮᠠᠰᠢᠨ ᠳᠠᠭᠠᠨ ᠦᠮᠦᠭ ᠪᠤᠯᠬᠤ ᠳᠤᠰᠢᠶᠠᠯ | ᠲᠠᠢ ᠭᠠᠷᠴᠦ ᠢᠷᠡᠭᠰᠡᠨ ᠠᠷᠪᠠᠨ ᠳᠦᠷᠪᠡᠳᠦᠭᠡᠷ ᠴᠤᠪᠤᠭ᠎ᠠ ᠶᠢᠨ ᠮᠤᠷᠢᠳᠤ ᠳᠡᠭᠡᠷᠡᠮ ᠨᠢ ᠮᠠᠨ ᠤ ᠦᠯᠢᠭᠡᠷ ᠤᠨ | ᠤᠷᠤᠰᠢᠯ ᠪᠦᠯᠦᠭ ᠲᠤ ᠭᠠᠷᠤᠭᠰᠠᠨ ᠤᠯᠠᠭᠠᠨ ᠬᠠᠳᠠᠳᠤ ᠶᠢᠨ ᠳᠡᠨᠳᠡ ᠨᠢᠳᠤ ᠴᠠᠪᠴᠢᠯᠠᠬᠤ ᠦᠭᠡᠢ ᠪᠤᠯᠤᠭᠰᠠᠨ ᠵᠠᠩ | ᠤᠪᠤᠭᠳᠤ ᠬᠤᠷᠢᠶᠠᠨ ᠳᠠᠷᠤᠭ᠎ᠠ ᠳᠠᠭᠠᠨ ᠭᠠᠰᠢᠭᠤᠳᠠᠨ ᠭᠤᠨᠢᠭᠳᠤ ᠰᠤᠷᠭᠠᠮᠵᠢ ᠪᠠᠷ ᠨᠢ ᠭᠠᠨᠵᠤᠭ᠎ᠠ ᠳᠠᠭᠠᠨ | ᠬᠤᠭᠤᠰᠤᠨ ᠳᠠᠯᠢᠩ ᠳᠤᠬᠤᠵᠦ᠂ ᠭᠠᠷ ᠲᠠᠭᠠᠨ ᠡᠪᠭᠡᠭᠰᠡᠨ ᠬᠤᠶᠢᠪᠢ ᠪᠠᠷᠢᠵᠦ ᠪᠤᠴᠠᠭᠰᠠᠨ ᠭᠡᠳᠡᠭ᠃ | ᠬᠠᠨ ᠬᠠᠶᠢᠷᠬᠠᠨ ᠤ ᠠᠨᠠᠩ ᠭᠡᠳᠡᠭ ᠬᠠᠪᠴᠢᠯ ᠳᠤ ᠪᠤᠴᠠᠵᠦ ᠢᠷᠡᠬᠦ ᠳᠡᠭᠡᠨ ᠳᠠᠶᠢᠰᠤᠨ ᠤ ᠮᠠᠰᠢᠨ ᠳᠤ | ᠬᠠᠪᠴᠢᠭᠳᠠᠭᠰᠠᠨ ᠬᠤᠶᠠᠳᠤᠭᠠᠷ ᠰᠤᠮᠤᠨ ᠳᠠᠷᠤᠭ᠎ᠠ ᠪᠤᠯ ᠬᠤᠷᠴᠠ ᠳᠦᠷᠭᠡᠨ ᠪᠦᠭᠡᠳ ᠴᠤᠴᠠᠭᠠᠰᠢ ᠦᠭᠡᠢ ᠪᠠᠷ | ᠪᠠᠶᠢᠯᠳᠤᠭᠴᠢᠳ ᠢᠶᠠᠨ ᠬᠢᠷ᠎ᠠ ᠦᠭᠡᠳᠡ ᠳᠠᠪᠠᠭᠤᠯᠤᠨ ᠦᠪᠡᠷ ᠢᠶᠠᠨ ᠳᠠᠶᠢᠰᠤᠨ ᠲᠠᠢ ᠳᠤᠯᠤᠯᠳᠠᠨ ᠪᠠᠶᠢᠭᠠᠳ ᠨᠢᠭᠡᠨ | ᠳᠦᠨᠳᠦᠭᠡᠷ ᠬᠠᠳᠠ ᠶᠢᠨ ᠳᠡᠷᠭᠡᠳᠡ ᠬᠦᠷᠴᠠᠢ᠃ ᠳᠠᠬᠢᠨ ᠴᠠᠭᠠᠰᠢ ᠤᠬᠤᠷᠢᠬᠤ ᠭᠡᠪᠡᠯ ᠤᠯᠠᠮ ᠳᠦᠭᠰᠢᠬᠦᠷᠢᠳᠠᠢ | ᠪᠤᠯᠵᠠᠢ᠃ ᠳᠡᠷᠡ ᠪᠤᠯ ᠮᠤᠨᠳᠠᠵᠦ ᠤᠷᠳᠤ ᠫᠤᠤ ᠲᠠᠢ ᠪᠠᠶᠢᠭᠰᠠᠨ ᠪᠤᠯᠬᠤᠷ ᠳᠠᠶᠢᠰᠤᠨ ᠠᠴᠠ ᠳᠤᠩᠳᠠᠷᠠᠭᠤᠯᠤᠨ | ᠬᠠᠰᠢᠪᠠ᠃ ᠭᠡᠨᠡᠳᠳᠡ ᠤᠷᠳᠤ ᠫᠤᠤ ᠶᠢᠨ ᠢᠶᠠᠨ ᠰᠤᠮᠤ ᠦᠭᠡᠢ ᠪᠤᠯᠤᠭᠰᠠᠨ ᠢ ᠮᠡᠳᠡᠭᠡᠳ ᠮᠠᠦ᠋ᠽᠧᠷ ᠤᠨ ᠰᠤᠮᠤ ᠶᠢ | ᠪᠠᠷᠳᠠᠮ ᠨᠤᠭᠤ ᠭᠠᠵᠠᠷ ᠳᠠᠶᠢᠰᠤᠨ ᠢ ᠢᠷᠡᠳᠡᠯ᠎ᠡ ᠳᠤᠭᠤᠢ ᠬᠡᠪᠳᠡᠵᠦ ᠪᠠᠶᠢᠬᠤ ᠳᠠᠭᠠᠨ ᠰᠡᠳᠬᠢᠯ ᠰᠢᠭᠤᠳᠴᠦ | ᠪᠡᠯᠡᠳᠭᠡᠭᠰᠡᠨ ᠶᠤᠮ ᠪᠠᠶᠢᠨ᠎ᠠ᠃ ᠠᠮᠢᠳᠤ ᠬᠡᠯᠡ ᠪᠠᠷᠢᠬᠤ ᠳᠤᠰᠢᠶᠠᠯ ᠲᠠᠢ ᠢᠷᠡᠭᠰᠡᠨ ᠳᠠᠶᠢᠰᠤᠨ ᠤᠨᠴᠠ ᠪᠠᠷ ᠢᠶᠠᠨ | ᠦᠯᠡᠳᠡᠭᠰᠡᠨ ᠨᠢᠭᠡᠯᠭᠡᠨ ᠬᠦᠮᠦᠨ ᠢ ᠪᠠᠰᠤᠮᠵᠢᠯᠠᠨ ᠤᠬᠤᠷᠢᠬᠤ ᠵᠠᠮ ᠢ ᠬᠠᠰᠢᠨ ᠭᠠᠯᠯᠠᠵᠦ ᠤᠯᠠᠮ ᠤᠶᠢᠷᠠᠳᠤᠨ ᠢᠷᠠᠵᠠᠢ | ᠃ ᠳᠡᠭᠡᠳᠡᠯ᠎ᠡ ᠮᠠᠦ᠋ᠽᠧᠷ ᠢᠶᠠᠨ ᠬᠠᠷᠠᠭᠠᠯᠠᠨ ᠫᠤᠤᠳᠠᠵᠦ ᠳᠠᠶᠢᠰᠤᠨ ᠢ ᠬᠡᠪᠳᠡᠰᠬᠢᠬᠦ ᠵᠠᠭᠤᠷ᠎ᠠ ᠬᠤᠸᠠ ᠮᠤᠷᠢᠨ ᠳᠠᠭᠠᠨ | ᠨᠠᠶᠢᠳᠠᠵᠦ ᠠᠭᠤᠯᠠ ᠦᠭᠡᠳᠡ ᠳᠠᠪᠬᠢᠭᠤᠯᠵᠠᠢ᠃ ᠬᠠᠪᠢᠷᠭ᠎ᠠ ᠳᠠᠯ᠎ᠠ ᠠᠴᠠ ᠨᠢ ᠬᠠᠰᠢᠨ ᠫᠤᠤᠳᠠᠵᠦ ᠪᠠᠶᠢᠭᠰᠠᠨ | ᠳᠠᠶᠢᠰᠤᠨ ᠶᠠᠪᠠᠭᠠᠯᠠᠨ ᠪᠠᠷᠢᠪᠴᠢᠯᠠᠬᠤ ᠪᠠᠷ ᠮᠤᠷᠢ ᠶᠢ ᠨᠢ ᠫᠤᠤᠳᠠᠵᠠᠢ᠃ ᠬᠢᠷ᠎ᠠ ᠳᠤ ᠭᠠᠷᠤᠭᠰᠠᠨ ᠪᠠᠶᠢᠯᠳᠤᠭᠴᠢᠳ ᠨᠢ | ᠦᠪᠡᠷ ᠤᠨ ᠳᠠᠷᠤᠭ᠎ᠠ ᠶᠢ ᠪᠠᠨ ᠦᠮᠦᠭᠯᠡᠨ ᠠᠪᠬᠤ ᠭᠡᠳ ᠠᠯᠢ ᠪᠤᠯᠬᠤ ᠪᠠᠷ ᠳᠤᠰᠠᠯᠠᠵᠠᠢ᠃ | ᠭᠠᠭᠴᠠ ᠨᠠᠶᠢᠳᠠᠯᠭ᠎ᠠ ᠪᠤᠯᠤᠭᠰᠠᠨ ᠮᠤᠷᠢᠨ ᠤ ᠪᠠᠨ ᠬᠦᠯ ᠤᠳ ᠢ ᠳᠠᠰᠤ ᠫᠤᠤᠳᠠᠭᠤᠯᠤᠭᠰᠠᠨ ᠳᠡᠷᠡ᠂ ᠬᠠᠳᠠ | ᠴᠢᠯᠠᠭᠤ ᠪᠠᠷ ᠬᠠᠯᠬᠠᠯᠠᠨ ᠬᠦᠷ ᠴᠠᠰᠤᠨ ᠳᠤ ᠬᠦᠯ ᠠᠯᠳᠠᠭᠰᠠᠭᠠᠷ ᠪᠠᠶᠢᠵᠦ᠂ ᠴᠠᠪᠴᠢᠮ᠎ᠠ ᠡᠩᠭᠡᠷ ᠲᠤ ᠰᠢᠬᠠᠭᠳᠠᠵᠠᠢ᠃ | ᠤᠳᠤ ᠳᠠᠷᠤᠭ᠎ᠠ ᠶᠢᠨ ᠢᠶᠠᠨ ᠳᠤᠰᠢᠶᠠᠯ ᠢᠶᠠᠷ ᠬᠢᠷ᠎ᠠ ᠳᠤ ᠭᠠᠷᠤᠭᠰᠠᠨ ᠪᠠᠶᠢᠯᠳᠤᠭᠴᠢᠳ ᠳᠡᠬᠦᠨ ᠤ ᠤᠯᠠᠮ | ᠭᠠᠭᠴᠠᠭᠠᠷᠳᠠᠨ ᠳᠠᠶᠢᠰᠤᠨ ᠳᠤ ᠰᠢᠬᠠᠭᠳᠠᠭᠰᠠᠨ ᠢ ᠦᠵᠡᠭᠡᠳ ᠤᠯᠠᠮ ᠭᠡᠮᠰᠢᠪᠠ᠃ ᠭᠡᠪᠡᠴᠦ ᠴᠠᠪᠴᠢᠮ᠎ᠠ ᠡᠩᠭᠡᠷ | ᠤᠷᠤᠭᠤ ᠭᠠᠯᠯᠠᠬᠤ ᠠᠷᠭ᠎ᠠ ᠦᠭᠡᠢ ᠪᠤᠯᠵᠦ ᠳᠦᠨᠳᠦᠭᠡᠷ ᠬᠠᠳᠠᠨ ᠳᠤ ᠳᠤᠯᠵᠦ ᠢᠷᠡᠭᠰᠡᠨ ᠳᠠᠶᠢᠰᠤᠨ ᠢ ᠬᠤᠷᠢᠭᠯᠠᠵᠦ | ᠠᠯᠤᠰ ᠢᠶᠠᠷ ᠳᠤᠰᠠᠯᠠᠵᠠᠢ᠃ ᠬᠠᠪᠢᠷᠭ᠎ᠠ ᠳᠠᠯ᠎ᠠ ᠠᠴᠠ ᠨᠢ ᠤᠶᠢᠷᠠᠳᠤᠨ ᠰᠢᠬᠠᠬᠤ ᠳᠠᠶᠢᠰᠤᠨ ᠠᠴᠠ ᠬᠡᠳᠦᠨ ᠬᠦᠮᠦᠨ ᠤ | ᠳᠤᠩᠳᠠᠷᠠᠨ ᠤᠨᠠᠬᠤ ᠶᠢ ᠦᠵᠡᠭᠡᠳ ᠳᠠᠶᠢᠰᠤᠨ ᠤ ᠪᠦᠷᠢᠶ᠎ᠠ ᠳᠤᠤᠭᠠᠷᠬᠤ ᠪᠠᠷ ᠤᠡᠭᠭᠤᠶᠢᠴᠢᠬᠠᠭᠰᠠᠨ ᠪᠠᠶᠢᠪᠠ᠃ ᠬᠢᠷ᠎ᠠ | ᠳᠤ ᠭᠠᠷᠤᠭᠰᠠᠨ ᠳᠡᠳᠡ ᠬᠠᠪᠢᠷᠭ᠎ᠠ ᠳᠠᠯ᠎ᠠ ᠶᠢᠨ ᠳᠠᠶᠢᠰᠤᠨ ᠢ ᠴᠠᠪᠴᠢᠮ᠎ᠠ ᠡᠩᠭᠡᠷ ᠠᠴᠠ ᠭᠠᠷᠴᠦ ᠢᠷᠡᠬᠦ ᠳᠤ | ᠪᠠᠷᠢᠪᠴᠢᠯᠠᠭᠰᠠᠨ ᠪᠤᠯᠤᠯᠳᠠᠢ᠂ ᠬᠦᠮᠦᠨ ᠳᠠᠭᠤᠭᠰᠠᠨ ᠦᠭᠡᠢ ᠳᠤᠯᠠ ᠳᠡᠳᠡ ᠳᠠᠶᠢᠰᠤᠨ ᠢ ᠤᠬᠤᠷᠢᠬᠤ ᠳᠤᠨᠢ ᠪᠠᠰᠠ | ᠴᠦᠭᠡᠷᠡᠬᠦᠯᠵᠠᠢ᠃ | 1947 ᠳ᠋ᠤᠭᠠᠷ ᠤᠨ ᠤ 12 ᠳ᠋ᠤᠭᠠᠷ ᠰᠠᠷ᠎ᠠ ᠶᠢᠨ 1 ᠤ ᠦᠷᠯᠦᠭᠡᠬᠦᠷ ᠪᠠᠷᠳᠠᠭ᠎ᠠ ᠠᠪᠴᠦ ᠭᠤᠮᠢᠨᠳᠠᠩ ᠲᠠᠢ | ᠪᠠᠶᠢᠯᠳᠤᠬᠤ ᠪᠠᠷ ᠪᠡᠯᠡᠳᠭᠡᠭᠰᠡᠨ ᠮᠠᠨ ᠤ ᠳᠦᠯᠦᠪᠯᠡᠭᠡ ᠳᠠᠶᠢᠰᠤᠨ ᠤ ᠳᠤᠭᠤᠯᠭᠠᠨ ᠰᠦᠰᠦ ᠪᠠᠷ ᠬᠤᠭᠤᠰᠤᠨ ᠪᠤᠯᠪᠠ᠃ | ᠦᠴᠦᠭᠡᠳᠦᠷᠭᠡᠨ ᠮᠠᠰᠢᠨ ᠬᠤᠯᠬᠢᠭᠰᠠᠨ ᠳᠠᠶᠢᠰᠤᠨ ᠤ ᠮᠦᠷ ᠢ ᠰᠦᠨᠢ ᠶᠢᠨ ᠰᠢᠭᠤᠷᠭ᠎ᠠ ᠬᠡᠵᠢᠶᠠᠨ ᠤ ᠠᠷᠢᠭᠤᠳᠬᠠᠨ᠂ | ᠵᠢᠭᠤᠳᠠᠭᠰᠠᠨ ᠳᠠᠶᠢᠰᠤᠨ ᠤ ᠳᠠᠭᠰᠢᠷᠠᠭᠤᠯᠤᠭᠰᠠᠨ ᠬᠦᠶᠦᠳᠡᠯ ᠢ ᠴᠦ ᠬᠡᠰᠡᠨ ᠦᠷᠯᠦᠭᠡ ᠶᠢᠨ ᠰᠢᠭᠤᠷᠭ᠎ᠠ ᠴᠡᠪᠡᠷᠯᠠᠵᠦ | ᠪᠠᠶᠢᠪᠠ᠃ | ᠬᠠᠨ ᠬᠠᠶᠢᠷᠬᠠᠨ ᠤ ᠰᠦᠷᠯᠢᠭ ᠤᠷᠬᠢᠯ ᠤᠳ ᠲᠠᠭᠠᠨ ᠰᠦ ᠡᠷᠬᠦᠭᠰᠡᠨ ᠮᠠᠯᠴᠢᠳ᠂ ᠠᠷᠠᠳ ᠤᠨ ᠴᠡᠷᠢᠭ ᠤᠨ | ᠨᠤᠳᠤᠭ ᠢᠶᠠᠨ ᠬᠠᠮᠠᠭᠠᠯᠠᠵᠦ ᠪᠠᠶᠢᠬᠤ ᠳᠤ ᠪᠠᠶᠠᠰᠤᠨ ᠬᠠᠯᠢᠭᠤᠳᠠᠢ ᠶᠢᠨ ᠰᠦᠮ᠎ᠡ ᠠᠴᠠ ᠵᠢᠭᠤᠳᠠᠭᠰᠠᠨ ᠳᠠᠶᠢᠰᠤᠨ ᠤ | ᠠᠷᠤ ᠠᠴᠠ ᠤᠰᠤ ᠰᠠᠴᠤᠵᠦ ᠪᠠᠶᠢᠯ᠎ᠠ ᠭᠡᠳᠡᠭ ᠢ ᠨᠢᠭᠤᠷ ᠢᠶᠠᠨ ᠬᠦᠯᠳᠡᠭᠡᠭᠡᠳ ᠠᠶᠢᠯ ᠳᠤ ᠰᠤᠪᠢᠯᠠᠵᠦ ᠪᠠᠶᠢᠭᠰᠠᠨ ᠮᠠᠨ | ᠤ ᠨᠢᠭᠡ ᠪᠠᠶᠢᠯᠳᠤᠭᠴᠢ ᠦᠵᠡᠵᠦ ᠭᠡᠨ᠎ᠡ ᠪᠢᠯᠡ᠃ | ᠳᠡᠨᠳᠡᠬᠢ ᠮᠠᠯᠴᠢᠳ ᠢᠶᠠᠷ ᠰᠠᠴᠤᠯᠢ ᠡᠷᠬᠦᠬᠦᠯᠳᠡᠭ ᠰᠢᠯᠤᠭᠤᠨ ᠴᠠᠭᠠᠨ ᠬᠤᠰᠢᠭᠤᠨ ᠤ ᠨᠠᠢᠮᠠᠳᠤᠭᠠᠷ ᠰᠤᠮᠤᠨ ᠳᠤ | ᠰᠢᠳᠦᠭᠳᠡᠭᠰᠡᠨ ᠬᠠᠨ ᠬᠠᠶᠢᠷᠬᠠᠨ ᠤ ᠨᠢᠷᠤᠭᠤᠳ ᠦᠪᠴᠢ ᠴᠠᠶᠢᠯᠵᠠᠵᠠᠢ᠃ ᠳᠡᠬᠦᠨ ᠤ ᠨᠢᠭᠡᠨ ᠵᠢᠯᠠᠭ᠎ᠠ ᠳᠤ ᠠᠷᠠᠳ | ᠤᠨ ᠪᠠᠶᠢᠯᠳᠤᠭᠴᠢ ᠬᠦᠯᠳᠡᠬᠦᠦ ᠴᠢᠯᠠᠭᠤ ᠬᠤᠪᠬᠤᠯᠤᠨ ᠠᠪᠴᠢᠷᠠᠵᠦ᠂ ᠳᠦᠷ ᠵᠠᠭᠤᠷ᠎ᠠ ᠶᠢᠨ ᠵᠠᠪᠰᠠᠷ ᠯᠠᠪᠠᠷᠢᠯᠠᠭᠰᠠᠨ | ᠳᠠᠪᠴᠠᠩ ᠲᠠᠢ ᠰᠤᠪᠤᠷᠭᠠᠯᠠᠭᠰᠠᠨ ᠤᠪᠤᠭ᠎ᠠ ᠪᠤᠰᠬᠠᠵᠦ ᠳᠠᠯᠪᠢᠪᠠ᠃ | ᠳᠡᠭᠡᠬᠦ ᠳᠤ ᠦᠴᠦᠭᠡᠳᠦᠷ ᠰᠤᠮᠤᠨ ᠳᠠᠷᠤᠭ᠎ᠠ ᠳᠠᠭᠠᠨ ᠫᠤᠤ ᠪᠠᠨ ᠦᠭᠬᠦᠭᠡᠳ ᠤᠳᠤ ᠪᠤᠯᠳᠠᠯ᠎ᠠ ᠤᠯᠵᠦ ᠠᠪᠤᠭᠠᠳᠤᠢ | ᠪᠠᠶᠢᠭᠰᠠᠨ ᠳᠡᠷᠡ ᠪᠠᠶᠢᠯᠳᠤᠭᠴᠢ ᠳᠦᠨᠳᠦᠭᠡᠷ ᠬᠠᠳᠠᠨ ᠤ ᠳᠡᠨᠳᠡ ᠠᠴᠠ ᠴᠢᠯᠠᠭᠤ ᠬᠤᠪᠬᠤᠯᠠᠵᠦ ᠪᠠᠶᠢᠭᠰᠠᠨ ᠬᠦᠮᠦᠨ | ᠤ ᠤᠯᠤᠭᠰᠠᠨ ᠫᠤᠤ ᠠᠴᠠ ᠦᠪᠡᠷ ᠤᠨ ᠫᠤᠤ ᠪᠠᠨ ᠳᠠᠨᠢᠵᠠᠢ᠃ ᠳᠡᠭᠡᠭᠡᠳ ᠵᠢᠭᠤᠷᠠᠭᠰᠠᠨ ᠪᠠ ᠦᠭᠡᠢ ᠶᠢ ᠮᠡᠳᠡᠬᠦ ᠪᠠᠷ | ᠮᠠᠰᠢᠨ ᠶᠢ ᠨᠡᠭᠡᠭᠡᠵᠦ᠂ ᠳᠤᠳᠤᠷ᠎ᠠ ᠠᠴᠠ ᠨᠢ ᠪᠢᠴᠢᠬᠠᠨ ᠬᠠᠭᠤᠳᠠᠰᠤ ᠤᠯᠤᠭᠠᠳ ᠦᠯᠦ ᠮᠡᠳᠡᠬᠦ ᠶᠢᠨ ᠡᠷᠭᠡ ᠪᠠᠷ | ᠤᠡᠭᠰᠢᠵᠦ ᠴᠦ ᠴᠢᠳᠠᠭᠰᠠᠨ ᠦᠭᠡᠢ ᠳᠡᠭᠡᠭᠰᠢ ᠳᠤᠰᠢᠶᠠᠵᠠᠢ᠃ | ᠠᠨᠠᠩ ᠤᠨ ᠬᠠᠪᠴᠢᠯ ᠳᠤ ᠡᠩᠨᠡᠭᠰᠡᠨ ᠶᠡᠭᠡᠮᠰᠦᠭ ᠵᠢᠡᠡᠰᠠᠭᠠᠯ ᠦᠭᠡᠳᠡ ᠠᠴᠠ ᠠᠭᠤᠯᠠ ᠶᠢᠨ ᠨᠦᠭᠡᠯᠭᠡᠨ ᠴᠦ ᠭᠡᠰᠡᠨ | ᠡᠷᠬᠢᠮ ᠪᠤᠯᠪᠠᠰᠤᠷᠠᠯ ᠳᠤ ᠡᠮᠭᠡᠨᠢᠬᠦ ᠬᠦᠭᠵᠢᠮ ᠤᠨ ᠠᠳᠠᠯᠢ ᠪᠠᠷ ᠤᠶᠠᠷᠠᠯᠳᠠᠶᠠ ᠬᠠᠤᠬᠢᠨᠠ᠃ ᠶᠠᠭ ᠴᠠᠪᠴᠢᠮ᠎ᠠ ᠡᠩᠭᠡᠷ | ᠤᠨ ᠳᠡᠭᠡᠬᠦᠷ ᠤᠷᠢᠶᠠᠯᠳᠤᠨ ᠪᠤᠷᠵᠠᠩᠳᠠᠬᠤ ᠮᠦᠡᠭᠬᠦᠨ ᠴᠠᠭᠠᠨ ᠴᠠᠰᠤ ᠴᠦ ᠬᠡᠰᠡᠨ ᠡᠭᠡ ᠤᠷᠤᠨᠴᠢ ᠬᠦᠮᠦᠰ ᠤᠨ | ᠭᠤᠨᠢᠭ ᠢ ᠳᠤᠬᠤᠨᠢᠭᠤᠯᠤᠨ ᠳᠠᠶᠢᠳᠬᠠᠷᠠᠭᠤᠯᠬᠤ ᠮᠡᠳᠦ ᠪᠠᠷ ᠠᠶᠠᠷᠬᠠᠨ ᠬᠢᠯᠠᠭᠠᠯᠠᠵᠦ ᠳᠤᠭᠤᠭᠰᠢ ᠪᠠᠭᠤᠨ᠎ᠠ᠃ ᠳᠡᠷᠡ | ᠨᠢ ᠮᠠᠨ ᠤ ᠳᠠᠶᠢᠴᠢᠳ ᠤᠨ ᠠᠩᠬᠢ ᠶᠢᠨ ᠬᠠᠶᠢᠷ᠎ᠠ ᠠᠴᠠ ᠳᠤᠰᠤᠯᠤᠭᠤᠯᠬᠤ ᠬᠠᠯᠠᠭᠤᠨ ᠨᠢᠯᠪᠤᠰᠤ ᠳᠤ | ᠳᠤᠬᠢᠶᠠᠯᠳᠤᠮᠠᠭᠴᠠ ᠪᠦᠮᠪᠦᠯᠵᠠᠨ ᠳᠤᠰᠤᠯᠤᠭᠰᠠᠭᠠᠷ ᠪᠡᠯᠪᠡᠰᠦᠷᠡᠭᠰᠡᠳ ᠤᠨ ᠡᠪᠴᠢᠬᠦᠨ ᠳᠤᠨᠢ ᠬᠦᠷᠬᠦ ᠶᠢᠨ ᠰᠠᠴᠠᠭᠤ | ᠴᠠᠷᠴᠠᠭᠰᠠᠭᠠᠷ ᠁ | — ᠬᠦᠨᠳᠤᠳᠤ ᠭᠠᠰᠢᠭᠤᠳᠠᠯ ᠤᠨ ᠡᠩᠨᠡᠭᠡᠨ ᠤ ᠡᠮᠤᠨᠡᠬᠢ ᠮᠦᠡᠭᠬᠦᠨ ᠳᠤᠪᠤᠷᠤᠤ ᠰᠢᠭ᠋ ᠦᠵᠡᠭᠳᠡᠬᠦ ᠴᠠᠰᠤᠨ ᠤᠪᠤᠭ᠎ᠠ | ᠤᠷᠤᠭᠤ ᠳᠤᠰ ᠬᠤᠷᠢᠶᠠᠨ ᠳᠠᠷᠤᠭ᠎ᠠ ᠨᠢ ᠰᠢᠭᠤᠳ ᠤᠴᠢᠪᠠ᠃ ᠦᠴᠦᠭᠡᠳᠦᠷ ᠦᠳᠡᠰᠢ ᠳᠠᠶᠢᠨ ᠤ ᠳᠠᠯᠠᠪᠠᠢ ᠶᠢ | ᠱᠦᠬᠦᠷᠳᠡᠬᠦ ᠳᠤ ᠬᠦᠨᠳᠤᠳᠤ ᠴᠢᠨᠳᠠᠷ ᠢᠶᠠᠨ ᠦᠪᠡᠷ ᠤᠨ ᠭᠠᠷ ᠢᠶᠠᠷ ᠠᠮᠢᠯᠠᠭᠤᠯᠤᠭᠰᠠᠨ ᠪᠤᠯᠬᠤᠷ ᠰᠢᠭᠤᠳ | ᠤᠴᠢᠭᠰᠠᠨ ᠨᠢ ᠳᠡᠷᠡ ᠪᠠᠶᠢᠪᠠ᠃ | ᠳᠠᠶᠢᠨ ᠬᠦ ᠴᠠᠪᠴᠢᠮ᠎ᠠ ᠡᠩᠭᠡᠷ ᠲᠤ ᠭᠠᠷᠤᠭᠰᠠᠨ ᠦᠴᠦᠭᠡᠳᠦᠷ ᠤᠨ ᠬᠡᠷᠡᠭ ᠤᠨ ᠦᠨᠡᠨ ᠨᠢ ᠢᠯᠡᠷᠡᠪᠡ᠃ ᠵᠢᠡᠡᠰᠠᠭᠠᠯ | ᠳᠠᠬᠢ ᠪᠠᠶᠢᠯᠳᠤᠭᠴᠢᠳ ᠨᠢᠳᠤ ᠳᠠᠯᠳᠠᠷᠢᠭᠤᠯᠤᠨ ᠰᠠᠨᠠᠮᠰᠠᠷ ᠦᠭᠡᠢ ᠪᠦᠬᠦᠶᠢᠴᠡᠭᠡᠪᠡ᠃ ᠤᠯᠠᠨ ᠬᠦᠮᠦᠰ ᠢ ᠳᠡᠷᠢᠬᠦᠨ | ᠡᠷᠬᠦᠨ ᠭᠤᠨᠢᠷᠬᠠᠨ ᠬᠠᠷᠠᠬᠤᠶ᠎ᠠ᠄ | ᠵᠦᠪ ᠭᠠᠷ ᠤᠨ ᠬᠤᠮᠤᠬᠠᠢ ᠬᠤᠷᠤᠭᠤ ᠪᠠᠷ ᠶᠠᠭᠤ ᠶᠤᠮ ᠭᠤᠬᠠᠳᠠᠭᠰᠠᠨ ᠬᠡᠪ ᠲᠡᠭᠡᠨ ᠪᠠᠷᠠᠭᠤᠨ ᠴᠢᠮᠠᠷᠬᠠᠢ ᠶᠢᠨ | ᠳᠡᠳᠦᠶᠢᠭᠡᠨ ᠠᠴᠠ ᠨᠠᠷᠢᠨ ᠴᠠᠷᠠᠭ᠎ᠠ ᠵᠡᠬᠦᠨᠰᠢ ᠳᠡᠯᠪᠡ ᠭᠠᠷᠤᠭᠰᠠᠨ ᠬᠡᠬᠦᠷ ᠢ ᠳᠠᠶᠢᠴᠢᠨ ᠳᠠᠷᠤᠭ᠎ᠠ ᠨᠠᠷ ᠨᠢ | ᠡᠩᠬᠦᠷᠠᠶᠢᠯᠠᠨ ᠳᠡᠪᠡᠷᠢᠵᠦ ᠠᠪᠤᠭᠠᠳ ᠯᠠᠪᠠᠷᠢᠯᠠᠭᠰᠠᠨ ᠳᠠᠪᠴᠠᠩ ᠲᠠᠢ ᠰᠤᠪᠤᠷᠭᠠᠯᠠᠭᠰᠠᠨ ᠤᠪᠤᠭ᠎ᠠ ᠦᠭᠡᠳᠡ ᠠᠪᠠᠴᠢᠵᠦ | ᠤᠷᠤᠰᠢᠭᠤᠯᠪᠠ᠃ ᠳᠡᠬᠦᠨ ᠤ ᠬᠦᠵᠦᠬᠦᠨ ᠳᠤᠨᠢ ᠠᠮᠢᠳᠤ ᠰᠡᠷᠡᠬᠦᠨ ᠪᠠᠶᠢᠬᠤ ᠳᠠᠭᠠᠨ ᠡᠭᠡᠯᠳᠦᠷᠭᠡᠯᠡᠭᠳᠡᠵᠦ ᠪᠠᠶᠢᠳᠠᠭ | ᠮᠠᠦ᠋ᠽᠧᠷ ᠤᠨ ᠬᠢᠨᠢ ᠤᠭᠤᠰᠤᠷ ᠨᠢ ᠵᠠᠩᠬᠢᠯᠠᠭ᠎ᠠ ᠪᠠᠷ ᠢᠶᠠᠨ ᠳᠠᠰᠤᠷᠠᠭᠠᠳ ᠴᠢᠰᠤ ᠴᠠᠰᠤ ᠬᠤᠯᠢᠯᠳᠤᠨ ᠬᠦᠯᠳᠡᠵᠠᠢ᠃ | ᠳᠡᠬᠦᠨ ᠤ ᠰᠢᠷᠬ᠎ᠠ ᠰᠡᠪ ᠨᠢ ᠴᠦ ᠬᠡᠰᠡᠨ ᠮᠤᠬᠤᠷᠳᠠᠳᠠᠯᠠ ᠠᠯᠠᠨ ᠪᠠᠶᠢᠯᠳᠤᠵᠦ ᠪᠠᠶᠢᠭᠠᠳ ᠭᠤᠷᠢᠳᠠᠯ ᠦᠭᠡᠢ ᠪᠤᠯᠬᠤ | ᠳᠠᠭᠠᠨ ᠡᠴᠦᠰ ᠤᠨ ᠨᠠᠨᠳᠢᠨ ᠵᠤᠷᠢᠭ ᠪᠠᠷᠢᠭᠰᠠᠨ ᠢ ᠦᠵᠡᠬᠦᠯᠦᠨ᠎ᠠ᠃ ᠦᠴᠦᠭᠡᠳᠦᠷ ᠦᠳᠡᠰᠢ ᠦᠪᠡᠷ ᠢᠶᠠᠨ ᠢᠷᠠᠵᠦ | ᠪᠠᠶᠢᠴᠠᠭᠠᠭᠰᠠᠨ ᠬᠤᠷᠢᠶᠠᠨ ᠳᠠᠷᠤᠭ᠎ᠠ ᠨᠢ ᠳᠡᠬᠦᠨ ᠤ ᠪᠠᠷᠠᠭᠤᠨ ᠠᠯᠠᠭ᠎ᠠ ᠶᠢᠨ ᠭᠡᠭᠵᠡᠷᠡᠭᠰᠡᠨ ᠪᠠ ᠮᠠᠦ᠋ᠽᠧᠷ ᠤᠨ ᠬᠢᠨᠢ | ᠤᠭᠤᠰᠤᠷ ᠤᠨ ᠳᠠᠰᠤᠯᠤᠭᠳᠠᠭᠰᠠᠨ ᠢᠶᠠᠷ ᠴᠦ ᠬᠡᠰᠡᠨ ᠳᠠᠶᠢᠰᠤᠨ ᠤ ᠤᠬᠤᠷᠢᠯᠳᠠ ᠶᠢᠨ ᠪᠦᠷᠢᠶ᠎ᠠ ᠭᠡᠨᠭᠰᠢᠯᠡᠬᠦ ᠦᠶ᠎ᠠ | ᠪᠠᠷ ᠪᠤᠯᠤᠭᠰᠠᠨ ᠡᠯ᠎ᠡ ᠶᠠᠪᠤᠳᠠᠯ ᠢ ᠮᠡᠳᠡᠭᠡᠳ ᠦᠪᠡᠷ ᠤᠨ ᠮᠠᠶᠤᠤᠵᠠ ᠬᠢᠭᠰᠡᠨ ᠳᠠᠩᠽᠢ ᠪᠠᠷ ᠪᠦᠳᠡᠭᠡᠭᠰᠡᠨ ᠶᠤᠮ | ᠪᠠᠶᠢᠵᠠᠢ᠃ ᠪᠠᠰᠠ ᠳᠡᠬᠦᠨ ᠤ ᠰᠤᠮᠤᠨ ᠤ ᠨᠢᠭᠡᠨ ᠶᠠᠳᠠᠷᠠᠭᠤ ᠪᠠᠶᠢᠯᠳᠤᠭᠴᠢ ᠶᠢᠨ ᠠᠪᠴᠢᠷᠠᠨ ᠳᠤᠰᠢᠶᠠᠭᠰᠠᠨ | ᠪᠢᠴᠢᠬᠠᠨ ᠬᠠᠭᠤᠳᠠᠰᠤ ᠶᠢᠨ ᠳᠡᠭᠡᠷ᠎ᠡ᠄ ︽ᠠᠷᠪᠠᠨ ᠨᠢᠭᠡᠳᠦᠭᠡᠷ ᠰᠠᠷ᠎ᠠ ᠶᠢᠨ ᠬᠤᠪᠢᠨ ᠤ ᠨᠠᠮ ᠤᠨ ᠳᠠᠳᠠᠪᠤᠷᠢ᠂ | ᠦᠨᠡᠨᠪᠠᠳᠤ ᠠᠴᠠ︾ ᠭᠡᠵᠦ ᠪᠢᠴᠢᠭᠰᠡᠨ ᠤ ᠳᠡᠷᠭᠡᠳᠡ ᠨᠢ ᠨᠠᠮᠠᠢᠢ ᠨᠠᠮ ᠤᠨ ᠵᠢᠩᠬᠢᠨᠢ ᠬᠡᠰᠢᠬᠦᠨ ᠳᠤ ᠤᠯᠠᠷᠢᠭᠤᠯᠤᠨ | ᠦᠭᠬᠦ ᠶᠢ ᠁ ᠭᠡᠳ ᠬᠠᠷᠠᠨᠳᠠ ᠪᠠᠷ ᠪᠢᠴᠢᠭᠰᠡᠨ ᠠᠴᠠ ᠴᠦ ᠢᠯᠡᠳᠳᠡ᠃ ᠪᠠᠰᠠ ᠳᠦᠨᠳᠦᠭᠡᠷ ᠬᠠᠳᠠᠨ ᠤ ᠳᠡᠨᠳᠡ | ᠠᠴᠠ ᠬᠤᠸᠠ ᠮᠤᠷᠢᠨ ᠳᠠᠭᠠᠨ ᠮᠤᠷᠳᠠᠬᠤ ᠦᠶ᠎ᠠ ᠪᠡᠯᠡᠳᠭᠡᠨ ᠳᠠᠯᠪᠢᠵᠦ᠂ ᠤᠷᠳᠤ ᠫᠤᠤ ᠪᠠᠨ ᠴᠠᠰᠦᠨ ᠳᠤ | ᠰᠢᠷᠭᠤᠭᠤᠯᠤᠨ ᠳᠠᠯᠪᠢᠭᠰᠠᠨ ᠨᠢ ᠳᠤᠳᠤᠷᠬᠠᠢ ᠠᠵᠢ᠃ | ᠳᠠᠶᠢᠴᠢᠨ ᠨᠦᠬᠦᠷ ᠢᠶᠠᠨ ᠤᠷᠤᠰᠢᠭᠤᠯᠤᠭᠰᠠᠨ ᠳᠠᠪᠤᠳᠤᠭᠠᠷ ᠬᠤᠷᠢᠶᠠᠨ ᠳᠠᠷᠤᠭ᠎ᠠ ᠨᠢᠭᠡᠨ ᠦᠡᠭᠭᠡᠭᠳᠡᠭᠰᠡᠨ ᠪᠢᠴᠢᠬᠠᠨ | ᠬᠠᠭᠤᠳᠠᠰᠤ ᠶᠢ ᠪᠠᠷᠢᠵᠦ ᠳᠦᠷᠦᠯᠬᠢ ᠰᠢᠷᠬᠢᠮᠠᠯ ᠬᠦᠨ ᠤᠬᠤᠷᠬᠠᠢ ᠪᠠᠨ ᠤᠳᠠᠳᠠᠯ᠎ᠠ ᠠᠨᠢᠪᠴᠢᠨ ᠵᠤᠭᠰᠤᠨ ᠪᠠᠶᠢᠭᠠᠳ | ᠳᠠᠯᠠᠶᠢᠭᠴᠢ ᠶᠢᠨ ᠢᠶᠠᠨ ᠦᠢᠯᠡ ᠶᠠᠪᠤᠳᠠᠯ ᠢ ᠳᠤᠪᠴᠢᠯᠠᠨ ᠬᠡᠯᠡᠪᠡ᠄ | — ᠦᠨᠡᠨᠪᠠᠳᠤ᠂ ᠵᠡᠬᠦᠨ ᠳᠦᠮᠡᠳ ᠤᠨ ᠮᠤᠩᠭᠤᠯ ᠬᠦᠮᠤᠨ᠃ ᠬᠤᠷᠢᠨ ᠬᠤᠶᠠᠷᠳᠠᠢ᠃ ᠳᠤᠮᠳᠠᠳᠤ ᠤᠯᠤᠰ ᠤᠨ ᠡᠪ | ᠬᠠᠮᠳᠤ ᠨᠠᠮ ᠤᠨ ᠪᠡᠯᠡᠳᠭᠡᠯ ᠬᠡᠰᠢᠬᠦᠨ᠂ ᠦᠴᠦᠭᠡᠳᠦᠷᠭᠡᠨ ᠪᠤᠯᠳᠠᠯ᠎ᠠ ᠦᠪᠦᠷ ᠮᠤᠩᠭᠤᠯ ᠤᠨ ᠦᠪᠡᠰᠦᠪᠡᠨ | ᠬᠠᠮᠠᠭᠠᠯᠠᠬᠤ ᠴᠡᠷᠢᠭ ᠤᠨ ᠠᠷᠪᠠᠨ ᠵᠢᠷᠭᠤᠳᠤᠭᠠᠷ ᠳ᠋ᠢᠸᠢᠽᠢ ᠶᠢᠨ ᠳᠠᠪᠤᠳᠤᠭᠠᠷ ᠬᠤᠷᠢᠶᠠᠨ ᠤ ᠬᠤᠶᠠᠳᠤᠭᠠᠷ ᠰᠤᠮᠤᠨ ᠤ | ᠳᠠᠷᠤᠭ᠎ᠠ ᠪᠠᠶᠢᠪᠠ᠃ | 1945 ᠤᠨ ᠤ ᠨᠠᠮᠤᠷ᠂ ᠳᠡᠮᠤᠷ ᠤᠨ ᠦᠷᠳᠡᠭᠡ ᠭᠡᠳᠡᠭ ᠭᠠᠵᠠᠷ ᠬᠤᠪᠢᠰᠬᠠᠯ ᠳᠤ ᠤᠷᠤᠯᠴᠠᠨ᠂ ᠦᠪᠡᠷ ᠤᠨ | ᠬᠠᠮᠳᠤ ᠰᠤᠷᠤᠭᠴᠢᠳ ᠢᠶᠠᠨ ᠴᠢᠯᠦᠭᠡᠯᠡᠬᠦ ᠪᠠᠷ ᠬᠠᠭᠤᠷᠮᠠᠭ ᠮᠤᠩᠭᠤᠯ ᠬᠢᠵᠠᠭᠠᠷ ᠤᠨ ᠴᠡᠷᠢᠭ ᠤᠨ ᠨᠤᠶᠠᠳ ᠤᠨ | ᠰᠤᠷᠭᠠᠭᠤᠯᠢ ᠳᠤ ᠤᠴᠢᠭᠠᠳ ᠭᠤᠮᠢᠨᠳᠠᠩ ᠳᠤ ᠵᠠᠪᠰᠢᠶᠠᠨ ᠪᠤᠰᠤ ᠪᠠᠷᠢᠭᠳᠠᠵᠠᠢ᠃ ᠬᠦᠬᠡᠬᠤᠳᠠ᠂ ᠳ᠋ᠠᠲ᠋ᠦ᠋ᠡᠭ᠂ | ᠴᠢᠭᠤᠯᠤᠯᠳᠤ ᠬᠤᠳᠠ ᠵᠡᠷᠭᠡ ᠶᠢᠨ ᠭᠠᠵᠠᠷ ᠮᠢᠬ᠎ᠠ ᠶᠠᠰᠤᠨ ᠳᠤ ᠳᠤᠯᠤᠭᠰᠠᠨ ᠬᠦᠨᠳᠤ ᠦᠴᠢᠭ ᠢ ᠵᠢᠯ ᠢᠯᠡᠬᠦᠦ | ᠡᠳ᠋ᠯᠠᠨ ᠵᠤᠪᠠᠭᠰᠠᠨ ᠪᠤᠯᠪᠠᠴᠦ ᠬᠤᠪᠢᠰᠬᠠᠯ ᠢᠶᠠᠨ ᠬᠤᠳᠠᠯᠳᠤᠨ ᠦᠢᠯᠡᠰ ᠢᠶᠠᠨ ᠵᠠᠳᠠᠷᠠᠭᠤᠯᠬᠤ ᠶᠢ ᠶᠡᠷᠤ ᠰᠡᠳᠬᠢᠭᠰᠡᠨ | ᠦᠭᠡᠢ ᠪᠠᠶᠢᠵᠠᠢ᠃ ᠳᠡᠬᠦᠨ ᠤ ᠠᠵᠢᠯᠯᠠᠭ᠎ᠠ ᠪᠠᠷ ᠭᠠᠷᠤᠭᠰᠠᠨ ᠨᠦᠬᠦᠳ ᠢᠶᠠᠨ ᠡᠬᠦᠪᠡᠷ ᠪᠠᠶᠢᠳᠠᠭ ᠢ ᠰᠤᠨᠤᠷ | ᠰᠡᠷᠬᠦᠯᠠᠩ ᠵᠠᠯᠠᠭᠤ ᠬᠤᠪᠢᠰᠬᠠᠯᠴᠢ ᠮᠢᠨᠢ ᠰᠤᠨᠤᠰᠴᠦ᠂ ᠭᠤᠮᠢᠨᠳᠠᠩ ᠤᠨ ᠤᠷᠤᠨ ᠳᠤᠭ᠎ᠠ ᠪᠠᠨ ᠪᠦᠭᠯᠡᠬᠦ ᠪᠠᠷ | ᠪᠤᠤᠴᠠᠩ ᠳᠤ ᠢᠯᠡᠭᠡᠭᠰᠡᠨ ᠢ ᠳᠠᠯᠢᠮᠳᠠᠭᠤᠯᠤᠨ ᠮᠠᠨ ᠤ ᠳ᠋ᠢᠸᠢᠽᠢ ᠳᠤ ᠡᠨᠡ ᠵᠢᠯ ᠤᠨ ᠨᠢᠭᠡᠳᠦᠭᠡᠷ ᠰᠠᠷ᠎ᠠ ᠶᠢᠨ | ᠢᠷᠡᠭᠰᠡᠨ ᠶᠤᠮ᠃ ᠳᠠᠶᠢᠨ ᠬᠦ ᠱᠲ᠋ᠠᠪᠴᠢᠨ ᠠᠴᠠ ᠪᠠᠨ ᠰᠤᠮᠤᠨ ᠳᠠᠷᠤᠭ᠎ᠠ ᠳᠤ ᠰᠢᠯᠵᠢᠨ ᠳᠤᠯᠤᠯᠳᠤᠭᠠᠨ ᠪᠦᠷᠢ ᠯᠠ | ᠭᠠᠪᠰᠢᠭᠠᠢ ᠪᠤᠶᠤ ᠬᠠᠶᠢᠭᠤᠯ ᠳᠤ ᠵᠢᠳᠬᠦᠵᠦ ᠪᠠᠶᠢᠭᠰᠠᠨ ᠢ ᠪᠢᠳᠡ ᠮᠡᠳᠡᠨ᠎ᠡ᠃ ᠦᠨᠡᠨᠪᠠᠳᠤ ᠪᠠᠭᠠᠳᠤᠷ ᠮᠢᠨᠢ ᠠᠷᠢᠭᠤᠨ | ᠭᠡᠷᠢᠶᠠᠰ ᠦᠭᠡ ᠪᠠᠨ ᠦᠯᠡᠳᠡᠭᠡᠵᠠᠢ᠃ ᠤᠳᠤ ᠡᠨᠡ ᠬᠠᠭᠤᠳᠠᠰᠤᠨ ᠳᠤ ᠪᠢᠴᠢᠭᠰᠡᠨ ᠢ ᠳ᠋ᠢᠸᠢᠽᠢ ᠶᠢᠨ ᠤᠯᠤᠰ ᠳᠦᠷᠦ | ᠶᠢᠨ ᠭᠠᠵᠠᠷ ᠲᠤ ᠮᠡᠳᠡᠬᠦᠯᠦᠨ ᠠᠯᠪᠠᠨ ᠶᠤᠰᠤᠭᠠᠷ ᠵᠦᠪᠰᠢᠶᠡᠷᠡᠬᠦᠯᠬᠦ ᠶᠤᠮ᠃ ᠳᠡᠭᠡᠪᠠᠯ ᠦᠪᠦᠷ ᠮᠤᠩᠭᠤᠯ ᠤᠨ | ᠹᠷᠤᠨ᠋ᠲ — ᠴᠠᠬᠠᠷ ᠨᠤᠳᠤᠭ ᠤᠨ ᠪᠤᠭᠤᠮᠳᠠ ᠪᠤᠯᠤᠭᠰᠠᠭᠠᠷ ᠪᠠᠶᠢᠭ᠎ᠠ ᠬᠠᠨ ᠬᠠᠶᠢᠷᠬᠠᠨ ᠳᠤ ᠤᠤᠯᠭᠠᠯᠠᠨ | ᠳᠤᠪᠳᠤᠯᠤᠭᠰᠠᠨ ᠭᠤᠮᠢᠨᠳᠠᠩ ᠤᠨ ᠳᠡᠭᠡᠷᠡᠮ ᠲᠠᠢ ᠪᠠᠭᠠᠳᠤᠷᠯᠠᠨ ᠪᠠᠶᠢᠯᠳᠤᠵᠦ ᠨᠠᠰᠤ ᠪᠠᠷᠠᠵᠠᠢ᠃ ᠳᠡᠬᠦᠨᠴᠢᠯᠠᠨ | ᠠᠷᠠᠳ ᠳᠦᠮᠡᠨ ᠤ ᠨᠠᠶᠢᠳᠠᠪᠦᠷᠢ ᠶᠢ ᠶᠤᠰᠤᠴᠢᠯᠠᠨ ᠪᠡᠶᠡᠯᠡᠬᠦᠯᠦᠭᠰᠡᠨ ᠢᠶᠠᠷ ᠪᠠᠷᠠᠬᠤ ᠦᠭᠡᠢ ᠢᠯᠠᠩᠭᠤᠶ᠎ᠠ ᠡᠪ ᠬᠠᠮᠳᠤ | ᠨᠠᠮ ᠤᠨ ᠰᠢᠯᠢᠳᠡᠭ ᠬᠡᠰᠢᠬᠦᠨ ᠤ ᠶᠤᠰᠤᠭᠠᠷ ᠨᠠᠮᠴᠢ ᠴᠢᠨᠠᠷ ᠢᠶᠠᠨ ᠦᠨᠡᠨ ᠪᠠᠳᠤ ᠲᠠᠢ ᠪᠠᠷ ᠦᠵᠡᠬᠦᠯᠵᠠᠢ᠃ ᠳᠡᠬᠦᠨ | ᠤ ᠠᠷᠢᠭᠤᠨ ᠦᠢᠯᠡᠰ ᠢ ᠵᠠᠯᠭᠠᠮᠵᠢᠯᠠᠨ ᠳᠡᠬᠦᠨ ᠤ ᠦᠰᠢᠶ᠎ᠠ ᠬᠤᠷᠤᠰᠤᠯ ᠢ ᠨᠡᠭᠡᠮᠵᠢᠯᠠᠨ ᠬᠦᠢᠴᠡᠳᠭᠡᠬᠦ ᠪᠠᠷ | ᠪᠠᠭᠠᠳᠤᠷᠯᠠᠨ ᠪᠠᠶᠢᠯᠳᠤᠶᠠ︕ ᠭᠡᠵᠦ ᠪᠢᠯᠡ᠃ | ᠳᠡᠭᠡᠳᠡᠯ᠎ᠡ ᠠᠷᠪᠠᠨ ᠬᠤᠷᠤᠭᠤᠨ ᠤ ᠠᠯᠢᠨ ᠢ ᠤᠭᠳᠤᠯᠪᠠᠴᠦ ᠠᠶᠤᠤᠯᠢᠬᠠᠢ ᠰᠢᠮᠰᠢᠷᠠᠨ᠎ᠠ ᠭᠡᠳᠡᠭ ᠢᠶᠠᠷ ᠮᠠᠨ ᠤ | ᠫᠠᠷᠲ᠋ᠢᠽᠠᠨ ᠤ ᠬᠢᠨ ᠦᠪᠡᠷ ᠤᠨ ᠳᠠᠶᠢᠴᠢᠨ ᠨᠦᠬᠦᠷ ᠠᠴᠠ ᠪᠠᠨ ᠦᠨᠢᠳᠡ ᠠᠩᠬᠢᠵᠢᠷᠠᠭᠰᠠᠨ ᠮᠡᠳᠦ ᠭᠠᠰᠢᠭᠤᠳᠠᠨ | ᠪᠠᠶᠢᠪᠠ︕ ᠳᠡᠬᠦᠨ ᠤ ᠠᠮᠢᠳᠤ ᠰᠡᠷᠡᠬᠦᠨ ᠳᠡᠭᠡᠨ ᠶᠠᠷᠢᠳᠠᠭ ᠦᠭᠡ ᠶᠢ ᠪᠠ ᠨᠠᠰᠤ ᠪᠠᠷᠠᠬᠤ ᠶᠢᠨ ᠡᠮᠤᠨ᠎ᠠ | ᠦᠵᠡᠬᠦᠯᠦᠭᠰᠡᠨ ᠠᠷᠢᠭᠤᠨ ᠦᠢᠯᠡᠰ ᠢ ᠰᠡᠳᠬᠢᠯ ᠳᠡᠭᠡᠨ ᠰᠢᠩᠭᠡᠭᠡᠨ ᠪᠤᠳᠤᠵᠦ ᠪᠠᠶᠢᠭᠰᠠᠨ ᠮᠢᠨᠤ ᠪᠡᠶ᠎ᠡ᠄ | ᠳᠠᠯᠠᠶᠢᠭᠴᠢ ᠪᠠᠭᠠᠳᠤᠷ ᠦᠨᠡᠨᠪᠠᠳᠤ ᠮᠢᠨᠢ︕ ᠲᠠ ᠪᠤᠯ ᠬᠡᠯᠡᠳᠡᠭ ᠢᠶᠠᠨ ᠪᠡᠶᠡᠯᠡᠬᠦᠯᠵᠠᠢ᠃ ᠳᠡᠷᠡ ᠠᠭᠰᠠᠨ ᠳᠤ | ᠠᠭᠤᠳᠠᠮ ᠳᠠᠯᠪᠢᠭᠤ ᠪᠠᠷ ᠪᠠᠶᠢᠯᠳᠤᠨ᠄ ︽ᠳᠦᠷᠦᠭᠰᠡᠨ ᠨᠢ ᠠᠭᠤᠤ᠂ ᠦᠬᠦᠭᠰᠡᠨ ᠨᠢ ᠠᠯᠳᠠᠷᠳᠠᠢ︾ ᠭᠡᠳᠡᠭ ᠢ | ᠦᠵᠡᠬᠦᠯᠵᠠᠢ᠃ ᠴᠢᠨᠤ ᠮᠦᠡᠭᠭᠡ ᠳᠠᠭᠤᠷᠢᠰᠬᠠᠯᠳᠠᠢ ᠦᠢᠯᠡᠰ ᠴᠤᠬᠠᠭ ᠳᠡᠭᠡᠳᠦ ᠦᠵᠡᠯ ᠰᠤᠷᠳᠠᠯ ᠴᠢᠨᠢ ᠮᠢᠨᠤ | ᠬᠠᠯᠠᠭᠤᠨ ᠴᠢᠰᠤ ᠶᠢ ᠡᠷᠬᠢᠯᠳᠤᠵᠦ ᠪᠠᠶᠢᠭᠰᠠᠨ ᠴᠠᠭ ᠲᠤ ᠨᠠᠳᠠ ᠰᠦᠯᠳᠠ ᠪᠤᠯᠤᠭ︕ ᠨᠠᠮ᠂ ᠠᠷᠠᠳ ᠳᠦᠮᠡᠨ᠂ | ᠡᠭᠡ ᠤᠷᠤᠨ ᠤ ᠪᠠᠨ ᠡᠮᠤᠨ᠎ᠠ ᠴᠢᠮ᠎ᠠ ᠰᠢᠭ᠋ ᠰᠢᠯᠭᠠᠭᠤᠯᠬᠤ ᠳᠤ ᠪᠦᠷ ᠪᠡᠯᠡᠭᠡᠨ︕ ᠭᠡᠵᠦ ᠠᠮᠠᠯᠳᠠᠵᠦ ᠪᠠᠶᠢᠯ᠎ᠠ ᠭᠡᠳ | ᠳᠠᠮᠪᠢ ᠶᠢ ᠰᠡᠬᠦᠷᠠᠰᠤ ᠠᠯᠳᠠᠬᠤ ᠪᠠᠷ ᠰᠠᠨᠳᠤᠷᠤᠭᠰᠠᠨ ᠰᠠᠮᠪᠠ ᠶᠠᠭᠠᠬᠢᠭᠰᠠᠨ ᠶᠤᠮ᠂ ᠬᠠᠷᠢᠭᠤ ᠳᠤᠨᠢ᠄ | — ᠳᠠᠮᠪᠢ ᠭᠤᠸᠠᠢ ᠳᠠᠤᠯᠠᠢ ᠶᠢᠨ ᠭᠤᠤᠯ ᠳᠤ ᠳᠡᠷᠡ ᠳ᠋ᠢᠸᠢᠽᠢ ᠶᠢᠨ ᠰᠦᠢᠳᠦᠭᠰᠡᠨ ᠴᠢᠨᠢ ᠨᠠᠮᠤᠷ ᠤᠨ ᠬᠢᠨᠢ ᠬᠡᠷᠡᠭ | ᠪᠢᠵᠠ︖ ᠭᠡᠪᠡ᠃ | — ᠳᠡᠶᠢᠮᠤ᠂ ᠰᠠᠮᠪᠠ ᠮᠢᠨᠢ︕ ᠶᠠᠭᠤ ᠪᠤᠢ︖ | — ᠳᠡᠷᠡ ᠨᠠᠮᠤᠷ᠂ ᠰᠢᠷᠬ᠎ᠠ ᠲᠠᠢ ᠬᠠᠷᠢᠵᠦ ᠢᠷᠡᠭᠰᠡᠨ ᠨᠠᠭᠠᠴᠦ ᠠᠬ᠎ᠠ ᠮᠢᠨᠢ ᠨᠠᠳᠠ ᠶᠠᠷᠢᠭᠰᠠᠨ ᠶᠤᠮ ᠭᠡᠵᠦ | ᠨᠢᠯᠪᠤᠰᠤ ᠡᠷᠬᠢᠯᠳᠤᠬᠦᠯᠦᠨ ᠬᠡᠯᠡᠵᠠᠢ᠃ | — ᠨᠠᠭᠠᠴᠦ ᠭᠡᠭᠡ ᠲᠠᠢ ᠴᠢᠨᠢ ᠠᠭᠤᠯᠵᠠᠪᠠᠯ ᠳᠡᠬᠦᠨ ᠤ ᠳᠤᠬᠠᠢ ᠮᠡᠳᠡᠨ᠎ᠡ ᠪᠠᠶᠢᠨ᠎ᠠ ᠰᠢᠥ᠃ | — ᠨᠠᠭᠠᠴᠦ ᠮᠢᠨᠢ ᠳᠡᠷᠡ ᠴᠢᠭ ᠢᠶᠠᠷ ᠢᠶᠠᠨ ᠰᠢᠷᠬ᠎ᠠ ᠪᠠᠨ ᠳᠠᠭᠠᠭᠠᠭᠰᠠᠨ ᠦᠭᠡᠢ ᠪᠠᠷ ᠨᠠᠰᠤ ᠪᠠᠷᠠᠭᠰᠠᠨ ᠪᠢᠯᠡ᠃ | ᠳᠠᠨ ᠤ ᠶᠠᠷᠢᠵᠦ ᠪᠠᠶᠢᠭ᠎ᠠ ᠦᠨᠡᠨᠪᠠᠳᠤ ᠪᠠᠭᠠᠳᠤᠷ ᠢ ᠳᠤᠷᠠᠰᠤᠭᠠᠳ ᠳᠡᠷᠡ ᠦᠭᠡᠢ ᠪᠤᠯ ᠳᠡᠬᠡᠳᠦᠬᠦᠯᠡ ᠶᠢᠨ ᠢᠶᠠᠨ | ᠶᠠᠹᠠᠨ ᠳᠤ ᠶᠠᠰᠤ ᠳᠠᠯᠪᠢᠵᠦ ᠴᠢᠳᠠᠬᠤ ᠦᠭᠡᠢ ᠭᠡᠳ ᠶᠠᠷᠢᠳᠠᠭ ᠢ ᠮᠠᠷᠳᠠᠭᠠᠳᠤᠢ ᠪᠠᠶᠢᠨ᠎ᠠ᠃ | — ᠳᠡᠶᠢᠮᠤ᠂ ᠳᠡᠭᠡᠪᠠᠯ ᠳᠡᠷᠡ ᠤᠳᠠᠭ᠎ᠠ ᠳᠠᠶᠢᠰᠤᠨ ᠤ ᠮᠠᠰᠢᠨ ᠳᠤ ᠠᠪᠳᠠᠬᠤ ᠰᠢᠬᠠᠭᠰᠠᠨ ᠬᠤᠷᠢᠶ᠎ᠠ ᠶᠠᠮᠤᠨ ᠢᠶᠠᠨ | ᠦᠨᠡᠨᠪᠠᠳᠤ ᠪᠤᠯ ᠮᠡᠨᠳᠤ ᠭᠠᠷᠭᠠᠭᠰᠠᠨ ᠢ ᠬᠡᠯᠡᠭᠰᠡᠨ ᠪᠠᠶᠢᠯᠬᠦᠢ᠃ | — ᠪᠠᠭᠠᠳᠤᠷᠯᠢᠭ ᠰᠦᠰᠦᠷᠭᠡᠭ ᠳᠠᠷᠤᠭ᠎ᠠ ᠪᠠᠶᠢᠯ᠎ᠠ ᠭᠡᠳᠡᠭ᠃ ᠳᠡᠷᠡ ᠨᠠᠮᠤᠷ ᠳᠠᠶᠢᠰᠤᠨ ᠤ ᠮᠠᠰᠢᠨ ᠢ ᠦᠪᠡᠷ ᠢᠶᠠᠨ | ᠪᠦᠭᠯᠡᠨ ᠬᠠᠰᠢᠵᠦ᠂ ᠬᠤᠷᠢᠶ᠎ᠠ ᠶᠠᠮᠤᠨ ᠤ ᠬᠤᠯᠪᠤᠭᠠᠴᠢᠳ ᠳᠤ ᠪᠠᠶᠢᠭᠰᠠᠨ ᠮᠢᠨᠤ ᠨᠠᠭᠠᠴᠦ ᠠᠬ᠎ᠠ ᠶᠢ ᠰᠢᠷᠬᠠᠳᠤᠭᠠᠳ | ᠪᠠᠶᠢᠬᠤ ᠳᠤ ᠳᠦᠡᠭᠭᠡᠵᠦ ᠠᠮᠢᠳᠤ ᠭᠠᠷᠭᠠᠯ᠎ᠠ ᠭᠡᠳᠡᠭ ᠶᠤᠮ᠃ | — ᠳᠡᠷᠡ ᠦᠶ᠎ᠠ ᠬᠠᠨ ᠬᠠᠶᠢᠷᠬᠠᠨ ᠤ ᠤᠷᠴᠢᠮ ᠤᠨ ᠮᠠᠯᠴᠢᠳ ᠡᠩᠬᠦᠷᠠᠢ ᠪᠠᠭᠠᠳᠤᠷ ᠤᠨ ᠢᠶᠠᠨ ᠠᠷᠢᠭᠤᠨ ᠦᠢᠯᠡᠰ | ᠢ ᠬᠦᠨᠳᠤᠳᠭᠡᠨ ᠡᠷᠬᠦᠮᠵᠢᠯᠡᠬᠦ ᠭᠡᠯᠡ᠃ ᠦᠪᠦᠷ ᠮᠤᠩᠭᠤᠯ ᠤᠨ ᠨᠠᠮ ᠤᠨ ᠬᠤᠷᠢᠶ᠎ᠠ ᠠᠴᠠ ᠴᠤᠬᠤᠯᠠᠨ ᠪᠠᠳᠤᠯᠠᠵᠦ | ᠪᠢᠯᠡ᠃ ᠪᠠᠰᠠ ᠦᠨᠡᠨᠪᠠᠳᠤ ᠶᠢᠨ ᠱᠠᠷᠢᠯ ᠢ ᠤᠯᠠᠭᠠᠬᠤᠳᠠ ᠳᠠᠬᠢ ᠦᠷᠡᠭᠳᠡᠭᠰᠡᠨ ᠪᠠᠭᠠᠳᠤᠷ ᠤᠨ ᠰᠤᠪᠤᠷᠭ᠎ᠠ ᠳᠤ | ᠰᠢᠯᠵᠢᠬᠦᠯᠦᠨ ᠦᠪᠦᠷ ᠮᠤᠩᠭᠤᠯ ᠤᠨ ᠰᠢᠯᠢᠳᠡᠭ ᠬᠦᠪᠡᠬᠦᠳ ᠤᠨ ᠠᠯᠳᠠᠨ ᠬᠠᠭᠤᠳᠠᠰᠤᠨ᠎ᠠ ᠦᠨᠢᠳᠡ ᠳᠡᠮᠳᠡᠭᠯᠡᠪᠡ᠃ | ᠡᠷᠭᠡ ᠴᠢᠯᠦᠭᠡᠨ ᠤ ᠳᠡᠮᠡᠴᠡᠯ ᠤᠨ ᠭᠡᠷᠡᠴᠢ ᠠᠰᠢᠳᠠ ᠶᠢᠨ ᠮᠠᠭᠳᠠᠭᠠᠯ ᠤᠨ ᠤᠬᠢ ᠪᠤᠯᠤᠭᠰᠠᠨ ᠦᠨᠡᠨᠪᠠᠳᠤ ᠶᠢᠨ | ᠦᠢᠯᠡ ᠶᠠᠪᠤᠳᠠᠯ ᠪᠠ ᠬᠠᠨ ᠬᠠᠶᠢᠷᠬᠠᠨ ᠤ ᠠᠤᠭ᠎ᠠ ᠰᠦᠷᠯᠢᠭ ᠨᠢ ᠬᠤᠤᠰᠯᠠᠨ ᠰᠢᠯᠦᠭᠯᠡᠭᠳᠡᠵᠦ ᠪᠠᠶᠢᠨ᠎ᠠ᠃ ᠮᠠᠨ ᠤ | ᠠᠷᠠᠳ ᠳᠦᠮᠡᠨ ᠦᠪᠡᠷ ᠤᠨ ᠰᠢᠳᠦᠭᠡᠨ ᠪᠤᠯᠤᠭᠰᠠᠨ ᠬᠠᠨ ᠬᠠᠶᠢᠷᠬᠠᠨ ᠢᠶᠠᠨ ᠪᠠᠭᠠᠳᠤᠷ ᠤᠨ ᠢᠶᠠᠨ ᠨᠡᠷ᠎ᠡ ᠪᠠᠷ | ᠨᠡᠷᠡᠶᠢᠳᠦᠭᠡᠳ ᠬᠠᠨᠤᠭᠰᠠᠨ ᠦᠭᠡᠢ ᠤᠳᠤ ᠰᠢᠯᠤᠭᠤᠨ ᠴᠠᠭᠠᠨ ᠬᠤᠰᠢᠭᠤᠨ ᠤ ᠶᠡᠭᠡᠨᠭᠬᠢ ᠨᠤᠳᠤᠭ ᠢ ᠬᠠᠮᠤᠷᠤᠭᠰᠠᠨ | ᠵᠠᠬᠢᠷᠭ᠎ᠠ ᠦᠨᠡᠨᠪᠠᠳᠤ ᠰᠤᠮᠤ ᠭᠡᠰᠡᠨ ᠨᠢ ᠳᠠᠪᠬᠤᠷ ᠤᠳᠬ᠎ᠠ ᠲᠠᠢ ᠶᠤᠮ᠃ ᠬᠤᠶᠠᠭᠤᠯᠠ ᠠᠷᠠᠳ ᠤᠨ ᠵᠦᠪᠯᠠᠯ ᠳᠤ | ᠰᠠᠨᠠᠯ ᠳᠠᠯᠪᠢᠵᠦ᠂ ᠳᠡᠷᠡ ᠰᠤᠮᠤᠨ ᠳᠤ ᠠᠵᠢᠯᠯᠠᠬᠤ ᠪᠠᠷ ᠭᠤᠶᠤᠶ᠎ᠠ᠃ | ᠠᠶᠢᠮᠠᠭ᠂ ᠤᠷᠤᠨ᠂ ᠤᠯᠤᠰ ᠲᠠᠭᠠᠨ ᠡᠷᠬᠦᠮᠵᠢᠯᠡᠭᠳᠡᠭᠰᠡᠨ ᠦᠨᠡᠨᠪᠠᠳᠤ ᠠᠭᠤᠯᠠ ᠶᠢᠨ ᠨᠤᠶᠠᠨ ᠤᠷᠬᠢᠯ ᠳᠤ ᠭᠠᠷᠴᠦ | ᠪᠠᠶᠢᠭᠠᠳ ᠡᠵᠡᠨ ᠤ ᠬᠢᠨᠢ ᠳᠤᠬᠠᠢ ᠳᠠᠬᠢᠵᠦ ᠶᠠᠷᠢᠯᠴᠠᠶ᠎ᠠ᠃ ᠴᠤᠬᠤᠮ ᠦᠭᠡᠨ ᠠᠴᠠ ᠪᠤᠯᠵᠦ ᠪᠠᠶᠢᠭᠠᠳ᠂ ᠦᠨᠡᠨᠪᠠᠳᠤ | ᠰᠤᠮᠤᠨ ᠳᠤ ᠢᠷᠠᠵᠠᠢ᠃ | — ᠨᠡᠭᠡᠷᠡᠨ ᠡᠷ᠎ᠡ ᠬᠦᠮᠦᠨ ᠤ ᠵᠤᠷᠢᠭ ᠪᠠᠳᠠᠷᠠᠮ᠎ᠠ ᠦᠯᠢᠭᠡᠷ ᠲᠤ᠂ ᠡᠨᠡ ᠵᠠᠮ ᠤᠨ ᠬᠤᠯᠠ ᠶᠢ ᠠᠩᠵᠢᠶᠠᠷᠠᠭᠰᠠᠨ | ᠦᠭᠡᠢ ᠪᠠᠷ ᠶᠠᠪᠤᠯ᠎ᠠ᠃ ᠤᠷᠬᠢᠯ ᠳᠤᠨᠢ ᠭᠠᠷᠬᠤ ᠦᠭᠡᠢ ᠴᠦ ᠭᠡᠰᠡᠨ ᠳᠡᠷᠭᠡᠳᠡ ᠨᠢ ᠬᠦᠷᠴᠦ ᠯᠠᠪᠯᠠᠨ ᠬᠠᠷᠠᠭᠠᠳ | ᠳᠠᠬᠢᠨ ᠬᠡᠯᠡᠬᠦᠯᠦᠨᠡ ᠭᠡᠰᠡᠨ ᠰᠡᠮᠪᠠ ᠮᠤᠷᠢᠨ ᠳᠤ ᠴᠠᠭᠠᠷᠠᠭᠰᠠᠨ ᠠᠴᠠ ᠦᠦ︖ ᠦᠷᠯᠦᠭᠡᠬᠦᠷ ᠪᠤᠳᠤᠯᠢᠭᠰᠠᠨ ᠦᠭᠡᠢ | ᠰᠢᠭ ᠢᠶᠠᠷ ᠤᠡᠭᠭᠤᠷᠠᠶᠢᠳᠤᠨ ᠳᠦᠷᠦᠬᠦᠯᠡᠵᠠᠢ᠃ | ᠰᠠᠮᠪᠠ ᠶᠢᠨ ᠴᠢᠰᠤ ᠬᠠᠯᠠᠭᠤᠷᠠᠨ ᠪᠠᠭᠠᠳᠤᠷ ᠤᠨ ᠦᠯᠢᠭᠡᠷ ᠲᠤ ᠤᠮᠤᠭᠰᠢᠭᠰᠠᠨ ᠢ ᠦᠵᠡᠭᠡᠳ ᠪᠠᠶᠠᠷᠯᠠᠭᠰᠠᠨ ᠳᠠᠮᠪᠢ | ᠠᠷᠤ ᠠᠴᠠ ᠨᠢ ᠱᠠᠯᠠᠪᠳᠠᠨ ᠮᠤᠷᠢ ᠪᠠᠨ ᠬᠠᠳᠠᠷᠢᠭᠤᠯᠪᠠ |