| | ᠭᠡᠷ ᠤᠨ ᠠᠬᠠᠮᠠᠳ ᠪᠤᠯ ᠬᠡᠥᠬᠡᠳ ᠪᠠᠭᠠᠴᠤᠳ ᠤᠨ | ᠪᠠᠭ᠎ᠠ ᠶᠢᠨ ᠦᠶ᠎ᠡ ᠶᠢ ᠪᠡᠶ᠎ᠡ ᠪᠠᠷ ᠢᠶᠠᠨ | ᠨᠦᠯᠦᠭᠡᠯᠡᠵᠦ ᠬᠤᠵᠢᠮ ᠢ ᠨᠢ ᠰᠠᠭᠤᠷᠢᠯᠠᠬᠤ | ᠠᠩᠬᠠᠨ ᠤ ᠪᠠᠭᠰᠢ ᠮᠦᠨ᠃ ᠲᠡᠶᠢᠮᠦ ᠪᠤᠯᠬᠤᠷ ᠠᠪᠤ | ᠡᠵᠢ ᠠᠬᠠᠮᠠᠳ ᠤᠨ ᠦᠭᠡ ᠶᠠᠷᠢᠶ᠎ᠠ ᠦᠢᠯᠡ | ᠠᠵᠢᠯᠯᠠᠭ᠎ᠠ ᠨᠢᠭᠡᠪᠦᠷᠢ ᠨᠢ ᠬᠡᠤᠬᠡᠳ ᠤᠨ | ᠠᠶᠠᠨᠳᠠᠭᠠᠨ ᠤ ᠲᠠᠭᠤᠷᠢᠶᠠᠨ ᠰᠤᠷᠬᠤ ᠵᠦᠢᠯ | ᠪᠤᠯᠵᠤ᠂ ᠬᠤᠵᠢᠮ ᠢᠷᠡᠬᠡᠳᠤᠢ ᠶᠢ ᠨᠢ ᠴᠤ | ᠨᠦᠯᠦᠭᠡᠯᠡᠬᠦ ᠦᠢᠯᠡᠳᠦᠯ ᠲᠠᠢ ᠪᠠᠶᠢᠳᠠᠭ᠃ | ᠬᠡᠥᠬᠡᠳ ᠤᠨ ᠢᠶᠠᠨ ᠬᠤᠵᠢᠮ ᠬᠤᠶᠢᠰᠢᠳᠡ ᠶᠢᠨ | ᠬᠦᠭᠵᠢᠯᠳᠡ ᠶᠢᠨ ᠡᠬᠦᠳᠡᠨ ᠠᠴᠠ ᠭᠡᠷ ᠤᠨ | ᠠᠬᠠᠮᠠᠳ ᠬᠡᠥᠬᠡᠳ ᠤᠨ ᠬᠠᠵᠠᠭᠤ ᠳᠤ ᠶᠠᠭᠤ ᠶᠢ | ᠠᠩᠬᠠᠷᠴᠤ᠂ ᠶᠠᠭᠤ ᠶᠢ ᠴᠡᠭᠡᠷᠯᠡᠪᠡᠯ ᠵᠤᠬᠢᠬᠤ | ᠭᠡᠰᠡᠨ ᠳᠤ ᠵᠦᠪ ᠲᠠᠨᠢᠯᠳᠠ ᠲᠠᠢ ᠪᠠᠶᠢᠪᠠᠯ | ᠵᠤᠬᠢᠨ᠎ᠠ᠃ | ᠬᠡᠥᠬᠡᠳ ᠤᠨ ᠨᠢᠭᠤᠷ ᠲᠡᠭᠡᠷ᠎ᠡ | ᠲᠤᠤᠷᠠᠰᠢᠶᠠᠵᠤ ᠮᠠᠭᠤᠯᠠᠬᠤ ᠶᠢ ᠴᠡᠭᠡᠷᠯᠡᠬᠦ | ᠬᠡᠥᠬᠡᠳ ᠨᠢ ᠦᠭᠡ ᠰᠤᠨᠤᠰᠬᠤ ᠦᠭᠡᠢ ᠠᠯᠢᠶ᠎ᠠ | ᠲᠡᠭᠵᠢᠨ ᠠᠭᠠᠰᠢᠯᠠᠬᠤ ᠪᠤᠶᠤ ᠪᠠᠭ᠎ᠠ ᠰᠠᠭ᠎ᠠ | ᠡᠪᠳᠡᠵᠦ ᠰᠦᠢᠳᠭᠡᠬᠦ ᠠᠵᠢᠯ | ᠬᠢᠬᠦ᠂ ᠬᠡᠷᠡᠬᠦᠯ ᠵᠤᠳᠤᠭᠠᠨ ᠬᠢᠬᠦ᠂ ᠡᠰᠡᠬᠦᠯ᠎ᠡ | ᠶᠠᠮᠠᠷ ᠨᠢᠭᠡ ᠰᠢᠯᠳᠠᠭᠠᠨ ᠠᠴᠠ ᠡᠵᠢ ᠠᠪᠤ | ᠬᠡᠷ ᠤᠨ ᠠᠬᠠᠮᠠᠳ ᠲᠠᠢ ᠪᠠᠨ ᠦᠰᠢᠯᠳᠦᠨ | ᠠᠭᠠᠰᠢᠯᠠᠬᠤ ᠦᠶ᠎ᠡ ᠳᠤ ᠨᠢᠭᠡ ᠪᠦᠯᠦᠭ ᠭᠡᠷ ᠤᠨ | ᠠᠬᠠᠮᠠᠳ ᠲᠤᠷ᠎ᠠ ᠦᠭᠡᠶᠢᠴᠡᠨ ᠠᠭᠤᠷ | ᠬᠦᠷᠬᠦ ᠳᠤ ᠪᠠᠨ ᠬᠡᠥᠬᠡᠳ ᠤᠨ ᠦᠬᠡᠳᠡ ᠠᠴᠠ | ᠬᠢᠯᠪᠠᠷᠬᠠᠨ᠄ ︽ᠡᠨᠡ ᠮᠠᠭᠤ ᠪᠦᠳᠦᠯ ᠦᠭᠡᠢ | ᠶᠠᠭᠤᠮ᠎ᠠ︾᠂ ︽ᠪᠦᠳᠦᠯ ᠦᠭᠡᠢ ᠠᠮᠢᠳᠠᠨ︾᠂ | ︽ᠲᠠᠪᠡᠯ ᠦᠭᠡᠢ ᠶᠠᠭᠤᠮ᠎ᠠ︾᠂ ᠴᠢᠨᠠᠭᠰᠢᠯᠠᠪᠠᠯ | ︽ᠡᠨᠡ ᠮᠠᠭᠤ ᠨᠠᠰᠤᠨ ᠳᠠᠭᠠᠨ ᠲᠡᠪᠡᠯᠡᠬᠦ ᠦᠭᠡᠢ | ᠠᠮᠢᠳᠠᠨ︾ ᠬᠡᠬᠦ ᠮᠡᠳᠦ ᠶᠢᠨ ᠪᠡᠯᠬᠡ ᠦᠭᠡᠢ | ᠮᠠᠭᠤᠰᠢᠶᠠᠭᠰᠠᠨ ᠦᠭᠡ ᠶᠢ ᠰᠢᠳᠡᠳᠡᠭ᠃ | ᠬᠡᠥᠬᠡᠳ ᠨᠢ ᠪᠢᠴᠢᠭ ᠨᠤᠮ ᠢᠶᠠᠨ ᠰᠠᠶᠢᠨ ᠰᠤᠷᠬᠤ | ᠦᠭᠡᠢ ᠪᠤᠶᠤ ᠶᠠᠮᠠᠷ ᠨᠢᠭᠡ ᠵᠦᠢᠯ ᠢ ᠵᠢᠭᠠᠬᠤ | ᠦᠶ᠎ᠠ ᠳᠤ ᠠᠪᠤᠨ ᠲᠤᠷ᠎ᠠ ᠨᠢ ᠰᠤᠷᠴᠤ ᠲᠠᠶᠢᠯᠬᠦ | ᠦᠶ᠎ᠡ ᠳᠤ ᠵᠠᠷᠢᠮ ᠭᠡᠷ ᠤᠨ ᠠᠬᠠᠮᠠᠳ | ᠬᠢᠯᠪᠠᠷᠬᠠᠨ᠄ ︽ᠡᠨᠡ ᠮᠠᠭᠤ ᠬᠡᠥᠬᠡᠳ ᠶᠠᠭᠤ ᠴᠤ | ᠴᠢᠳᠠᠬᠤ | ᠦᠭᠡᠢ︾᠂ ︽ᠡᠷᠬᠢᠬᠦᠦ ᠲᠤᠯᠤᠭᠠᠢ︾᠂ ︽ᠪᠢᠳᠡᠬᠦᠦ | ᠲᠡᠷᠢᠬᠢ︾᠂ ︽ᠬᠦᠯᠳᠡᠬᠦᠦ ᠲᠡᠷᠢᠬᠢ︾᠂ | ︽ᠪᠤᠳᠠᠭᠠᠨ ᠲᠤᠯᠤᠮ︾᠂ ︽ᠪᠤᠳᠠᠭᠠᠨ ᠤ | ᠢᠳᠡᠬᠦᠷ︾᠂ ︽ᠦᠬᠦᠭᠰᠡᠨ ᠮᠢᠬ᠎ᠠ︾᠂ ︽ᠴᠢ ᠴᠤ | ᠶᠠᠭᠤᠮ᠎ᠠ ᠰᠤᠷᠬᠤ ᠶᠠᠭᠤᠮ᠎ᠠ ᠪᠢᠰᠢ︾ ᠁ ᠬᠡᠬᠦ | ᠮᠡᠳᠦ ᠶᠢᠨ ᠪᠡᠯᠬᠡ ᠦᠭᠡᠢ ᠮᠠᠭᠤᠰᠢᠶᠠᠨ | ᠲᠤᠷᠤᠮᠵᠢᠯᠠᠭᠰᠠᠨ ᠦᠭᠡ ᠶᠢ ᠰᠢᠳᠡᠵᠦ | ᠭᠠᠷᠭᠠᠳᠠᠭ᠃ ᠪᠠᠰᠠ ᠵᠠᠷᠢᠮ ᠨᠢ ᠪᠤᠰᠤᠳ ᠤᠨ | ᠬᠠᠵᠠᠭᠤ ᠳᠤ ᠬᠡᠥᠬᠡᠳ ᠤᠨ ᠨᠢᠭᠤᠷ | ᠲᠡᠭᠡᠷ᠎ᠡ ᠨᠢ ᠵᠢᠮᠠᠯᠡᠵᠦ ᠮᠠᠭᠤᠰᠢᠶᠠᠳᠠᠭ᠃ | ᠵᠢᠱᠢᠶᠡᠯᠡᠪᠡᠯ᠂ ︽ᠬᠦᠮᠦᠨ ᠤ ᠬᠡᠥᠭᠡᠳ ᠢ ᠦᠵᠡ᠂ | ᠶᠠᠭᠠᠬᠢᠵᠤ ᠰᠤᠷᠴᠤ ᠪᠠᠶᠢᠨ᠎ᠠ︕ ᠴᠢ ᠯᠠ ᠭᠤᠷᠢ | ᠦᠭᠡᠢ︾᠂ ︽ᠬᠡᠨ ᠬᠡᠨ ᠤ ᠬᠠᠭᠠᠰ ᠢ ᠨᠢ ᠴᠤ | ᠬᠦᠷᠬᠦ ᠦᠭᠡᠢ︾ ᠬᠡᠬᠦ ᠮᠡᠳᠦ ᠪᠠᠷ | ᠮᠠᠭᠤᠰᠢᠶᠠᠳᠠᠭ᠃ ᠦᠨᠠᠨ ᠳᠡᠭᠡᠨ ᠬᠡᠥᠬᠡᠳ | ᠪᠠᠭᠠᠴᠤᠳ ᠲᠤ ᠠᠪᠴᠤ ᠬᠡᠯᠡᠪᠡᠯ ᠲᠠᠳᠡᠨ ᠤ | ᠪᠤᠳᠤᠯ ᠰᠡᠳᠬᠢᠴᠡ᠂ ᠵᠤᠷᠢᠭ ᠰᠠᠨᠠᠭ᠎ᠠ ᠨᠢ ᠮᠠᠰᠢ | ᠪᠠᠭᠤᠷᠠᠢ ᠨᠢᠯᠬᠠᠰᠠᠭ ᠦᠶ᠎ᠠ ᠳᠡᠭᠡᠨ ᠪᠠᠶᠢᠵᠤ | ᠲᠤᠮᠤ ᠬᠦᠮᠦᠨ ᠤ ᠤᠶᠢᠯᠠᠭᠠᠵᠤ ᠲᠡᠮᠵᠢᠬᠦ ᠶᠢ | ᠲᠤᠩ ᠬᠦᠰᠡᠳᠡᠭ᠃ ᠬᠡᠥᠬᠡᠳ ᠤᠨ ᠡᠮᠦᠨ᠎ᠡ | ᠡᠶᠢᠮᠦᠷᠬᠦ ᠮᠠᠭᠤᠰᠢᠶᠠᠨ ᠭᠤᠯᠤᠭᠰᠠᠨ ᠦᠭᠡ ᠶᠢ | ᠤᠯᠠᠨᠳᠠ ᠬᠡᠯᠡᠪᠡᠯ ᠬᠡᠥᠬᠡᠳ ᠤᠨ ᠰᠡᠳᠬᠢᠴᠡ ᠳᠤ | ᠨᠢᠭᠡ ᠵᠦᠢᠯ ᠤᠨ ᠨᠠᠵᠠᠭᠠᠢ ᠲᠦᠷᠦᠭᠳᠡᠯ ᠦᠭᠴᠦ | ᠲᠠᠪᠰᠢᠬᠤ ᠬᠦᠰᠡᠯ ᠪᠠᠶᠢᠭᠰᠠᠨ ᠴᠤ | ᠵᠠᠷᠢᠮ ᠳᠠᠭᠠᠨ ᠤᠷᠮ᠎ᠠ ᠶᠢ ᠨᠢ | ᠨᠠᠵᠠᠭᠠᠶᠢᠷᠠᠭᠤᠯᠴᠢᠬᠠᠳᠠᠭ᠃ ᠮᠠᠨ ᠤ | ᠮᠤᠩᠭᠤᠯ ᠤᠨ ᠦᠭᠡᠨ ᠳᠤ᠄ ︽ᠠᠮᠠᠨ ᠪᠡᠯᠬᠡ ᠨᠢ | ᠬᠠᠮᠢᠭᠠᠰᠢ ᠪᠤᠯ ᠠᠵᠠ ᠶᠢᠨ ᠪᠠᠶᠠᠯᠠᠯ ᠨᠢ | ᠲᠡᠶᠢᠰᠢ ᠪᠠᠨ︾ ᠭᠡᠰᠡᠨ ᠦᠭᠡ ᠪᠠᠶᠢᠳᠠᠭ᠃ | ᠬᠡᠵᠢᠶᠡᠳᠡ ᠵᠢᠮᠡᠯᠡᠭᠳᠡᠨ ᠮᠠᠭᠤᠰᠢᠶᠠᠨ | ᠬᠡᠯᠡᠭᠳᠡᠳᠡᠭ ᠬᠡᠥᠬᠡᠳ ᠦᠨᠡᠨ ᠤᠯᠢᠭ ᠦᠭᠡᠢ | ᠬᠡᠥᠬᠡᠳ ᠪᠤᠯᠴᠢᠬᠠᠭᠰᠠᠨ ᠵᠢᠱᠢᠶ᠎ᠡ ᠨᠠᠳᠠᠳᠤ ᠴᠤ | ᠬᠠᠷᠠᠭᠳᠠᠭᠰᠠᠨ ᠪᠢᠯᠡ᠃ ᠡᠶᠢᠮᠦ ᠠᠴᠠ ᠬᠡᠷ ᠤᠨ | ᠠᠬᠠᠮᠠᠳ ᠪᠤᠯᠤᠭᠰᠠᠳ ᠬᠡᠥᠬᠡᠳ ᠤᠨ ᠢᠶᠠᠨ | ᠠᠵᠢᠯᠯᠠᠭ᠎ᠠ ᠳᠤ ᠬᠠᠨᠳᠤᠬᠤ ᠳᠠᠭᠠᠨ ᠤᠪᠤᠷ | ᠪᠠᠶᠢᠳᠠᠯ ᠦᠭᠡ ᠶᠡᠷᠢᠶ᠎ᠠ ᠪᠠᠨ ᠠᠩᠬᠠᠷᠴᠤ | ᠲᠡᠷᠡᠭᠦ ᠢᠳᠡᠪᠬᠢᠳᠦ ᠦᠢᠯᠡᠳᠦᠯ ᠦᠵᠡᠬᠦᠯᠬᠦ | ᠦᠭᠡᠢ ᠮᠠᠭᠤᠰᠢᠶᠠᠨ ᠲᠤᠷᠤᠮᠵᠢᠯᠠᠭᠰᠠᠨ ᠪᠡᠯᠬᠡ | ᠦᠭᠡᠢ ᠦᠭᠡ ᠶᠠᠷᠢᠶ᠎ᠠ ᠪᠠᠷ ᠬᠠᠨᠳᠤᠬᠤ ᠶᠢ | ᠴᠡᠭᠡᠷᠯᠡᠪᠡᠯ ᠵᠤᠬᠢᠨ᠎ᠡ᠃ | ᠬᠡᠥᠬᠡᠳ ᠤᠨ ᠬᠠᠵᠠᠭᠤ ᠳᠤ ᠠᠪᠤ ᠡᠵᠢ | ᠨᠠᠰᠤᠳᠠᠳ ᠢᠶᠠᠨ ᠬᠦᠨᠳᠦᠯᠡᠬᠦ ᠦᠭᠡᠢ | ᠠᠭᠠᠰᠢᠯᠠᠬᠤ ᠶᠢ ᠴᠡᠭᠡᠷᠯᠡᠬᠦ | ᠭᠤᠷᠪᠠᠨ ᠦᠶ᠎ᠠ ᠶᠢᠨ ᠬᠦᠮᠦᠰ ᠬᠠᠮᠳᠤ | ᠠᠮᠢᠳᠤᠷᠠᠭᠰᠠᠨ ᠦᠶ᠎ᠡ ᠳᠤ ᠢᠳᠡᠷ ᠵᠠᠯᠠᠭᠤ | ᠨᠠᠰᠤᠨ ᠤ ᠭᠡᠷ ᠤᠨ ᠠᠬᠠᠮᠠᠳ | ᠨᠠᠰᠤᠳᠠᠨ ᠲᠠᠢ ᠪᠠᠨ ᠶᠠᠮᠠᠷ ᠨᠢᠭᠡ ᠤᠴᠢᠷ ᠠᠴᠠ | ᠰᠠᠨᠠᠯ ᠨᠢᠭᠡᠳᠬᠦ ᠦᠭᠡᠢ ᠪᠤᠯᠵᠤ ᠵᠦᠷᠢᠴᠡᠯ | ᠡᠬᠦᠰᠬᠦ ᠶᠠᠪᠤᠳᠠᠯ ᠵᠦᠩᠳᠡᠭᠡᠨ ᠬᠠᠷᠠᠭᠳᠠᠳᠠᠭ᠃ | ᠤᠬᠠᠭᠠᠨ ᠲᠠᠢ ᠦᠷ᠎ᠡ ᠬᠡᠥᠬᠡᠳ ᠨᠢ ᠵᠦᠷᠢᠴᠡᠯ | ᠡᠬᠦᠰᠪᠡᠴᠦ ᠡᠪᠳᠡᠶᠢᠬᠡᠨ | ᠰᠢᠢᠳᠪᠦᠷᠢᠯᠡᠴᠢᠬᠡᠳᠡᠭ᠃ ᠬᠡᠬᠦ ᠳᠤ ᠵᠠᠷᠢᠮ | ᠠᠴᠢᠯᠠᠯ ᠵᠢᠷᠤᠮ ᠵᠠᠩ ᠮᠤᠷᠠᠯ ᠢᠶᠠᠷ ᠠᠨᠠᠢ | ᠨᠢᠭᠡ ᠨᠢ ᠲᠡᠶᠢᠮᠦ ᠪᠢᠰᠢ ᠬᠡᠥᠬᠡᠳ | ᠪᠠᠭᠠᠴᠤᠳ ᠤᠨ ᠢᠶᠠᠨ ᠬᠠᠵᠠᠭᠤ ᠳᠤ ᠴᠤ | ᠨᠠᠰᠤᠳᠠᠨ ᠲᠠᠢ ᠪᠠᠨ ᠬᠡᠷᠡᠬᠦᠯ ᠴᠤᠤᠬᠢᠶᠠᠨ | ᠬᠢᠬᠦ᠂ ᠦᠰᠢᠷᠬᠡᠭᠦ᠂ ᠬᠤᠷᠤᠰᠬᠠᠬᠤ᠂ | ᠮᠠᠭᠤᠰᠢᠶᠠᠨ ᠶᠠᠷᠢᠬᠤ᠂ ᠠᠳᠯᠠᠬᠤ ᠵᠡᠷᠭᠡ | ᠪᠠᠶᠢᠳᠠᠯ ᠢ ᠭᠠᠷᠭᠠᠨ ᠲᠡᠭᠡᠷ᠎ᠡ ᠦᠶ᠎ᠡ ᠪᠠᠨ | ᠭᠤᠮᠤᠳᠤᠭᠠᠨ ᠲᠤᠤᠷ᠎ᠠ ᠦᠶ᠎ᠡ ᠳᠡᠭᠡᠨ ᠴᠤ ᠮᠠᠭᠤ | ᠨᠦᠯᠦᠭᠡ ᠦᠵᠡᠬᠦᠯᠳᠡᠭ᠃ ᠡᠬᠦᠨ ᠤ ᠤᠯᠤᠮ ᠠᠴᠠ | ᠦᠪᠡᠷ ᠤᠨ ᠬᠡᠥᠬᠡᠳ ᠨᠢ ᠴᠤ ᠡᠨᠡ ᠵᠠᠩ ᠶᠢ ᠨᠢ | ᠰᠤᠷᠴᠤ᠂ ᠪᠠᠭ᠎ᠠ ᠶᠡᠭᠡ ᠪᠤᠯᠬᠤ ᠲᠠᠢ ᠵᠡᠷᠭᠡ ᠳᠤ | ᠠᠪᠤ ᠡᠵᠢ ᠶᠢᠨ ᠢᠶᠠᠨ ᠦᠭᠡᠳᠡ ᠠᠴᠠ ᠶᠤᠰᠤ | ᠵᠢᠷᠤᠮ ᠦᠭᠡᠢ ᠬᠠᠨᠳᠤᠬᠤ ᠂ ᠠᠴᠢᠯᠠᠯ ᠦᠭᠡᠢ | ᠶᠠᠪᠤᠬᠤ ᠪᠠᠶᠢᠳᠠᠯ ᠢ ᠴᠤ ᠭᠠᠷᠭᠠᠳᠠᠭ᠃ | ᠬᠡᠥᠬᠡᠳ ᠤᠨ ᠬᠠᠵᠠᠭᠤ ᠳᠤ ᠠᠪᠤ ᠡᠵᠢ | ᠪᠤᠯᠤᠭᠰᠠᠳ ᠤᠯᠠᠨ ᠠᠷᠪᠢᠨ ᠬᠡᠷᠡᠬᠦᠯ ᠴᠤᠤᠬᠢᠶᠠᠨ | ᠬᠢᠬᠦ ᠠᠴᠠ ᠴᠡᠭᠡᠷᠯᠡᠬᠦ | ᠨᠢᠭᠡᠨ ᠭᠡᠷ ᠪᠦᠯᠢ ᠳᠤ ᠠᠪᠴᠤ ᠬᠡᠯᠡᠪᠡᠯ | ᠭᠡᠷ ᠤᠨ ᠠᠬᠠᠮᠠᠳ ᠪᠤᠯ ᠬᠡᠥᠬᠡᠳ ᠪᠠᠭᠠᠴᠤᠳ ᠤᠨ | ᠠᠶᠠᠨᠳᠠᠭᠠᠨ ᠤ ᠰᠤᠷᠤᠯᠴᠠᠬᠤ ᠲᠠᠭᠤᠷᠢᠶᠠᠯ | ᠮᠦᠨ᠃ ᠤᠳᠠᠭᠠᠨ ᠬᠤᠨᠤᠭ ᠤᠨ ᠦᠵᠡᠬᠦ᠂ ᠰᠤᠨᠤᠰᠬᠤ᠂ | ᠲᠤᠬᠢᠶᠠᠯᠳᠤᠬᠤ ᠶᠢ ᠪᠠᠭᠳᠠᠭᠠᠰᠠᠨ ᠤᠷᠴᠢᠨ | ᠲᠤᠭᠤᠷᠢᠨ ᠨᠢ ᠬᠡᠥᠬᠡᠳ ᠤᠨ ᠦᠰᠦᠨ | ᠪᠤᠶᠢᠵᠢᠯᠳᠠ ᠳᠤ ᠲᠤᠩ ᠴᠢᠬᠤᠯᠠ ᠨᠦᠯᠦᠭᠡ ᠲᠠᠢ | ᠪᠠᠶᠢᠳᠠᠭ᠃ ᠬᠡᠥᠬᠡᠳ᠂ ᠵᠠᠷᠢᠮ ᠮᠠᠭᠤ ᠵᠦᠢᠯ ᠢ | ᠵᠢᠭᠠᠭᠰᠠᠨ ᠦᠭᠡᠢ ᠴᠤ ᠠᠶᠠᠨᠳᠠᠭᠠᠨ ᠬᠢᠯᠪᠠᠷᠬᠠᠨ | ᠰᠤᠷᠴᠢᠬᠠᠳᠠᠭ᠃ ᠡᠵᠢ ᠠᠪᠤ ᠪᠤᠯᠤᠭᠰᠠᠳ ᠬᠡᠥᠬᠡᠳ | ᠪᠠᠭᠠᠴᠤᠳ ᠤᠨ ᠬᠠᠵᠠᠭᠤ ᠳᠤ ᠬᠡᠷᠡᠬᠦᠯ | ᠴᠤᠤᠬᠢᠶᠠᠨ ᠬᠢᠬᠦ ᠠᠷᠪᠢᠳᠬᠤ ᠳᠤ ᠬᠦᠷᠪᠡᠯ ᠨᠢᠭᠡ | ᠲᠠᠯ᠎ᠠ ᠪᠠᠷ ᠬᠡᠥᠬᠡᠳ ᠪᠠᠭᠠᠴᠤᠳ ᠲᠤ ᠨᠢᠭᠡ | ᠵᠦᠢᠯ ᠤᠨ ᠬᠡᠪ ᠤᠨ ᠪᠤᠰᠤ ᠰᠦᠷᠳᠡᠬᠦᠯᠦᠯ ᠪᠤᠯᠵᠤ | ᠰᠡᠳᠬᠢᠴᠡ ᠶᠢᠨ ᠬᠦᠨᠳᠦ ᠲᠤᠯᠬᠢᠰᠤᠯ ᠢ | ᠠᠪᠴᠢᠷᠠᠬᠤ ᠪᠠᠷ ᠪᠠᠷᠠᠬᠤ ᠦᠭᠡᠢ ᠡᠳᠡᠭᠡᠷ | ᠤᠶᠢᠯᠡ ᠪᠠᠶᠢᠳᠠᠯ ᠨᠢ ᠲᠡᠳᠡᠨ ᠳᠤ ᠲᠤᠩ ᠮᠠᠭᠤ | ᠨᠦᠯᠦᠭᠡ ᠪᠤᠯᠵᠤ ᠦᠯᠡᠳᠡᠳᠡᠭ᠃ ᠬᠡᠥᠬᠡᠳ ᠤᠨ | ᠲᠤᠳᠤᠷ᠎ᠠ ᠬᠠᠳᠠᠩᠰᠢᠨ ᠦᠯᠡᠳᠡᠭᠰᠡᠨ ᠵᠦᠢᠯ ᠨᠢ | ᠬᠤᠵᠢᠮ ᠤᠨ ᠶᠠᠮᠠᠷ ᠨᠢᠭᠡᠨ ᠦᠶ᠎ᠡ ᠳᠤ | ᠰᠠᠨᠠᠭᠠᠴᠢᠯᠭ᠎ᠠ ᠲᠠᠢ ᠪᠤᠶᠤ ᠰᠠᠨᠠᠭᠠᠴᠢᠯᠭ᠎ᠠ | ᠦᠭᠡᠢ ᠪᠠᠷ ᠵᠠᠩᠰᠢᠯ ᠪᠤᠯᠵᠤ ᠢᠯᠡᠷᠡᠳᠡᠭ᠃ | ᠡᠶᠢᠮᠦ ᠠᠴᠠ ᠬᠡᠥᠬᠡᠳ ᠤᠨ ᠢᠶᠠᠨ ᠬᠠᠵᠠᠭᠤ ᠳᠤ | ᠤᠯᠠᠨᠳᠠ ᠬᠡᠷᠡᠯᠳᠡᠬᠦ ᠨᠡᠩ ᠴᠢᠨᠠᠭᠰᠢᠯᠠᠪᠠᠯ | ᠬᠦᠴᠦᠷᠬᠡᠭᠯᠡᠯ ᠶᠠᠪᠤᠭᠤᠯᠬᠤ ᠶᠢ ᠴᠡᠭᠡᠷᠯᠡᠬᠦ | ᠬᠡᠷᠡᠭᠳᠠᠢ᠃ | ᠬᠡᠥᠬᠡᠳ ᠤᠨ ᠬᠠᠵᠠᠭᠤ ᠳᠤ ᠪᠤᠰᠤᠳ ᠢ | ᠮᠠᠭᠤᠯᠠᠵᠤ ᠶᠠᠷᠢᠬᠤ ᠶᠢ ᠴᠡᠭᠡᠷᠯᠡᠬᠦ | ᠵᠠᠷᠢᠮ ᠬᠦᠮᠦᠨ ᠢ ᠮᠠᠭᠤᠯᠠᠬᠤ ᠲᠤᠷᠠᠳᠠᠢ | ᠭᠡᠷ ᠤᠨ ᠠᠬᠠᠮᠠᠳ ᠠᠶᠢᠯ ᠠᠶᠢᠮᠠᠭ ᠤᠨ ᠬᠦᠮᠦᠰ | ᠪᠤᠶᠤ ᠠᠵᠢᠯ ᠨᠢᠭᠡᠳᠡᠨ ᠪᠤᠰᠤᠳ ᠶᠠᠮᠠᠷ ᠨᠢᠭᠡᠨ | ᠡᠳᠡᠭᠡᠳ ᠢᠶᠠᠨ ᠲᠤᠭᠤᠵᠤ ᠶᠠᠳᠠᠭᠰᠠᠨ ᠦᠶ᠎ᠡ ᠳᠤ | ᠭᠡᠷ ᠵᠠᠭᠤᠷ᠎ᠠ ᠪᠠᠨ ᠬᠡᠥᠬᠡᠳ ᠤᠨ ᠬᠠᠵᠠᠭᠤ ᠳᠤ | ᠰᠠᠨᠠᠭᠠᠴᠠᠯᠭᠠᠳᠠᠢ ᠪᠤᠶᠤ ᠰᠠᠨᠠᠭᠠᠴᠠᠯᠭᠠ | ᠦᠭᠡᠢ ᠪᠠᠷ ᠡᠯᠳᠡᠪ ᠢᠶᠠᠷ ᠮᠠᠭᠤᠯᠠᠵᠤ | ᠶᠠᠷᠢᠳᠠᠭ᠃ ᠵᠢᠱᠢᠶᠡᠯᠡᠪᠡᠯ᠂ ᠡᠨᠡ ᠨᠢ ᠶᠠᠮᠠᠷ | ᠶᠠᠮᠠᠷ᠂ ᠲᠡᠷᠡ ᠨᠢ ᠶᠠᠮᠠᠷ ᠶᠠᠮᠠᠷ ᠭᠡᠵᠦ | ᠮᠠᠭᠤᠯᠠᠵᠤ ᠶᠠᠷᠢᠳᠠᠭ ᠪᠤᠶᠤ ᠴᠢᠨᠠᠭᠰᠢᠯᠠᠪᠠᠯ | ᠪᠤᠰᠤᠳ ᠢ ᠵᠦᠬᠡᠵᠦ ᠵᠠᠨᠤᠭᠰᠠᠨ ᠦᠭᠡ ᠶᠢ ᠴᠤ | ᠶᠠᠷᠢᠳᠠᠭ᠃ ᠡᠬᠦᠨ ᠤ ᠤᠯᠠᠮ ᠠᠴᠠ ᠬᠦᠮᠦᠨ ᠢ | ᠮᠠᠭᠤᠯᠠᠵᠤ ᠶᠠᠷᠢᠬᠤ ᠢ ᠠᠷᠪᠢᠨ ᠰᠤᠨᠤᠰᠤᠭᠰᠠᠨ | ᠬᠡᠥᠬᠡᠳ ᠮᠠᠭᠤᠯᠠᠭᠳᠠᠭᠰᠠᠨ ᠬᠦᠮᠦᠨ ᠤ ᠦᠨᠡᠨ | ᠪᠠᠶᠢᠳᠠᠯ ᠢ ᠤᠶᠢᠯᠠᠭᠠᠬᠤ ᠦᠭᠡᠢ ᠴᠤ ᠲᠡᠬᠦᠨ ᠳᠤ | ᠨᠢᠭᠡ ᠵᠦᠢᠯ ᠤᠨ ᠨᠠᠭᠠᠵᠠᠭᠠᠢ᠂ ᠰᠡᠵᠡᠭᠯᠡᠬᠦ | ᠦᠵᠡᠯᠳᠡ᠂ ᠦᠯᠦ ᠲᠤᠭᠤᠬᠤ ᠪᠤᠳᠤᠯ ᠲᠠᠢ ᠪᠤᠯᠳᠠᠭ | ᠪᠤᠶᠤ ᠬᠡᠥᠬᠡᠳᠴᠤ ᠪᠤᠰᠤᠳ ᠢ ᠮᠠᠭᠤᠯᠠᠬᠤ ᠶᠢ | ᠰᠤᠷᠴᠢᠬᠠᠳᠠᠭ᠃ ᠬᠡᠥᠬᠡᠳ ᠤᠨ ᠬᠠᠵᠠᠭᠤ ᠳᠤ | ᠬᠦᠮᠦᠨ ᠢ ᠮᠠᠭᠤᠯᠠᠬᠤ ᠨᠢ ᠬᠡᠥᠬᠡᠳ ᠤᠨ | ᠪᠤᠰᠤᠳ ᠢ ᠬᠦᠨᠳᠦᠳᠭᠡᠵᠦ ᠰᠤᠷᠬᠤ᠂ ᠡᠶ᠎ᠡ | ᠵᠤᠬᠢᠴᠠᠯ ᠲᠠᠢ ᠶᠠᠪᠤᠯᠴᠠᠬᠤ ᠳᠤ ᠴᠤ ᠮᠠᠭᠤ | ᠨᠦᠯᠦᠭᠡ ᠶᠢ ᠠᠪᠴᠢᠠᠳᠠᠭ ᠠᠴᠠ ᠤᠷᠴᠢᠨ | ᠲᠤᠭᠤᠷᠢᠨ ᠢᠶᠠᠨ ᠠᠩᠬᠠᠷᠴᠤ ᠬᠡᠥᠬᠡᠳ ᠤᠨ | ᠬᠠᠵᠠᠭᠤ ᠳᠤ ᠪᠤᠰᠤᠳ ᠢ ᠮᠠᠭᠤᠯᠠᠬᠤ ᠶᠢ | ᠴᠡᠬᠡᠷᠯᠡᠪᠡᠯ ᠵᠤᠬᠢᠨ᠎ᠡ᠃ | ᠬᠡᠥᠬᠡᠳ ᠤᠨ ᠬᠠᠵᠠᠭᠤ ᠳᠤ ᠱᠠᠯᠢᠭ ᠵᠠᠪᠬᠠᠢ | ᠦᠬᠡ ᠶᠡᠷᠢᠬᠤ᠂ ᠠᠮᠠᠨ ᠠᠶ᠎ᠠ ᠪᠠᠷ ᠬᠠᠷᠢᠶᠠᠯ | ᠲᠠᠯᠪᠢᠬᠤ᠂ ᠡᠷᠦᠢ ᠬᠤᠷᠤᠢ ᠦᠭᠡᠢ | ᠠᠭᠠᠰᠢᠯᠠᠬᠤ ᠶᠢ ᠴᠡᠭᠡᠷᠯᠡᠬᠦ | ᠪᠤᠳᠠᠳᠠᠢ ᠠᠮᠢᠳᠤᠷᠠᠯ ᠤᠨ ᠲᠤᠮᠳᠠ ᠤᠷᠴᠢᠨ | ᠲᠤᠭᠤᠷᠢᠨ ᠢ ᠠᠩᠬᠷᠬᠤ ᠦᠭᠡᠢ | ᠬᠡᠥᠬᠡᠳ ᠤᠨ ᠢᠶᠠᠨ ᠬᠠᠵᠠᠭᠤ ᠳᠤ ᠦᠭᠡ | ᠶᠠᠷᠢᠶ᠎ᠠ ᠦᠢᠯᠡ ᠪᠠᠶᠢᠳᠠᠯ ᠢᠶᠠᠨ ᠠᠩᠬᠠᠷᠬᠤ | ᠦᠭᠡᠢ ᠭᠡᠷ ᠤᠨ ᠠᠬᠠᠮᠠᠳ ᠬᠠᠷᠠᠭᠳᠠᠭᠰᠠᠭᠠᠷ | ᠪᠠᠶᠢᠳᠠᠭ᠃ ᠵᠢᠱᠢᠶᠡᠯᠡᠪᠡᠯ᠂ ᠦᠶ᠎ᠡ ᠪᠠᠷᠤᠭ ᠤᠨ | ᠬᠦᠮᠦᠰ ᠵᠠᠭᠤᠷ᠎ᠠ ᠪᠠᠨ ᠵᠤᠭᠤᠭᠳᠠᠵᠤ | ᠶᠠᠷᠢᠯᠴᠠᠬᠤ᠂ ᠬᠠᠷᠢᠯᠴᠠᠨ | ᠱᠤᠭᠯᠠᠯᠴᠠᠬᠤ ᠳᠠᠭᠠᠨ ᠬᠠᠵᠠᠭᠤ ᠳᠤ ᠨᠢ | ᠬᠡᠥᠬᠡᠳ ᠪᠠᠶᠢᠪᠠᠴᠤ ᠬᠠᠮᠢᠶᠠᠷᠤᠯ ᠦᠭᠡᠢ | ᠪᠦᠳᠦᠬᠦᠯᠢᠭ ᠦᠭᠡ ᠪᠠᠷ ᠬᠠᠷᠢᠶᠠᠯᠴᠠᠬᠤ᠂ | ᠴᠢᠨᠠᠭᠰᠢᠯᠠᠪᠠᠯ ᠱᠠᠯᠢᠭ ᠵᠠᠪᠬᠠᠢ ᠪᠠᠷ | ᠱᠤᠤᠯᠠᠯᠴᠠᠨ ᠤᠷᠬᠢᠳᠠᠭ᠃ ᠪᠠᠰᠠ ᠵᠠᠷᠢᠮ ᠭᠡᠷ ᠤᠨ | ᠠᠬᠠᠮᠠᠳ ᠨᠢ ᠶᠠᠷᠢᠶᠠᠨ ᠲᠤᠮᠳᠠ ᠪᠠᠨ ᠠᠮᠠᠨ | ᠠᠶ᠎ᠠ ᠪᠠᠷ ᠬᠠᠷᠢᠶᠠᠯ ᠤᠨ ᠦᠭᠡ | ᠲᠠᠭᠠᠯᠳᠤᠭᠤᠯᠵᠤ ᠶᠠᠷᠢᠳᠠᠭ᠃ ᠡᠳᠡᠭᠡᠷ | ᠪᠠᠶᠢᠳᠠᠯ ᠨᠢ ᠰᠤᠨᠢᠭᠤᠴᠢ ᠵᠠᠩ ᠲᠠᠢ ᠰᠤᠷᠬᠤ | ᠨᠠᠰᠤᠨ ᠳᠠᠭᠠᠨ ᠪᠠᠶᠢᠭ᠎ᠠ ᠬᠡᠥᠬᠡᠳ | ᠪᠠᠭᠠᠴᠤᠳ ᠲᠤ ᠠᠰᠢᠭ ᠦᠭᠡᠢ ᠲᠤᠯᠠ ᠴᠡᠭᠡᠷᠯᠡᠪᠡᠯ | ᠵᠤᠬᠢᠨ᠎ᠠ᠃ | ᠬᠡᠥᠬᠡᠳ ᠤᠨ ᠬᠠᠵᠠᠭᠤ ᠳᠤ ᠬᠠᠥᠯᠢ ᠪᠤᠰᠤ | ᠠᠵᠢᠯᠯᠠᠭ᠎ᠠ ᠭᠠᠷᠭᠠᠬᠤ ᠶᠢ ᠴᠡᠭᠡᠷᠯᠡᠬᠦ | ᠬᠤᠳᠠᠯ ᠬᠡᠯᠡᠬᠦ᠂ ᠬᠤᠯᠠᠭᠠᠢ ᠬᠢᠬᠦ᠂ ᠬᠦᠮᠦᠨ | ᠬᠠᠷᠢᠶᠠᠵᠤ ᠵᠤᠳᠤᠬᠤ᠂ ᠬᠦᠴᠦᠷᠬᠡᠭᠯᠡᠯ | ᠶᠠᠪᠤᠭᠤᠯᠬᠤ᠂ ᠵᠤᠭᠤᠰ ᠮᠦᠷᠦᠶᠢᠴᠡᠬᠦ᠂ ᠬᠤᠤᠷ | ᠲᠠᠳᠠᠬᠤ ᠵᠡᠷᠭᠡ ᠠᠵᠢᠯᠯᠠᠭ᠎ᠠ ᠪᠤᠯ ᠪᠦᠷ ᠬᠠᠥᠯᠢ | ᠪᠤᠰᠤ ᠠᠵᠢᠯᠯᠠᠭ᠎ᠠ ᠮᠦᠨ᠃ ᠨᠡᠶᠢᠭᠡᠮ ᠲᠡᠭᠡᠷᠡᠬᠢ | ᠬᠠᠥᠯᠢ ᠶᠢᠨ ᠤᠬᠠᠮᠰᠠᠷ ᠢᠶᠠᠷ ᠲᠤᠷᠤᠢ ᠬᠡᠪ | ᠴᠢᠨᠠᠷ ᠢᠶᠠᠷ ᠠᠨᠠᠢ ᠵᠠᠷᠢᠮ ᠭᠡᠷ ᠤᠨ ᠠᠬᠠᠮᠠᠳ | ᠡᠳᠡᠭᠡᠷ ᠠᠵᠢᠯᠯᠠᠭ᠎ᠠ ᠶᠢᠨ ᠠᠯᠢ ᠨᠢᠭᠡ ᠳᠤ ᠨᠢ | ᠬᠤᠯᠪᠤᠭᠳᠠᠭᠰᠠᠨ ᠪᠠᠶᠢᠳᠠᠭ᠃ ᠲᠡᠳᠡ ᠦᠪᠡᠷ ᠤᠨ | ᠡᠨᠡ ᠲᠠᠯ᠎ᠠ ᠶᠢᠨ ᠦᠢᠯᠡ ᠠᠵᠢᠯᠯᠠᠭ᠎ᠠ ᠪᠠᠨ | ᠬᠡᠥᠬᠡᠳ ᠪᠠᠭᠠᠴᠤᠳ ᠲᠠᠭᠠᠨ ᠵᠢᠭᠠᠳᠠᠭ ᠦᠭᠡᠢ ᠴᠤ | ᠬᠡᠥᠬᠡᠳ ᠲᠤ ᠦᠵᠡᠭᠳᠡᠭᠰᠡᠨ᠂ | ᠰᠤᠨᠤᠰᠤᠭᠳᠠᠭᠰᠠᠨ ᠨᠦᠯᠦᠭᠡ ᠠᠴᠠ ᠨᠢ ᠪᠤᠯᠵᠤ | ᠶᠠᠪᠤᠭᠠᠨ ᠳᠠᠭᠠᠨ ᠬᠡᠥᠬᠡᠳ ᠨᠢ ᠴᠤ ᠮᠠᠭᠤ ᠶᠢ | ᠰᠤᠷᠴᠢᠬᠠᠳᠠᠭ᠃ ᠮᠠᠨ ᠤ ᠨᠤᠳᠤᠭ ᠲᠤ ᠭᠠᠷᠤᠭᠰᠠᠨ | ᠡᠶᠢᠮᠦ ᠨᠢᠭᠡᠨ ᠵᠢᠱᠢᠶ᠎ᠡ ᠪᠤᠢ᠃ ᠨᠠᠶᠠᠭᠠᠳ | ᠤᠨ ᠤ ᠦᠶ᠎ᠡ ᠳᠤ × × × ᠶᠢᠨ ᠬᠢ ᠭᠠᠭᠴᠠ | ᠠᠶᠢᠯ ᠢᠶᠠᠷ ᠢᠶᠠᠨ ᠡᠯᠡᠰᠦᠨ ᠨᠤᠳᠤᠭ ᠲᠤ | ᠠᠮᠢᠳᠤᠷᠠᠳᠠᠭ᠃ ᠭᠡᠷ ᠤᠨ ᠡᠵᠡᠨ × × × | ᠵᠠᠪᠰᠢᠶᠠᠨ ᠲᠤᠬᠢᠶᠠᠯ ᠤᠯᠠᠳᠠᠭᠰᠠᠭᠠᠷ ᠮᠠᠯ | ᠬᠤᠯᠠᠭᠠᠶᠢᠯᠠᠵᠤ ᠬᠤᠳᠠᠯᠳᠠᠬᠤ ᠪᠤᠶᠤ | ᠨᠠᠮᠤᠷ ᠤᠨ ᠰᠡᠬᠦᠯᠴᠢ ᠶᠢᠨ ᠢᠳᠡᠰᠢ | ᠤᠶᠢᠷᠠᠳᠤᠬᠤ ᠳᠤ ᠪᠤᠰᠤᠳ ᠤᠨ ᠰᠤᠪᠠᠢ ᠲᠠᠷᠭᠤᠨ | ᠮᠠᠯ ᠢ ᠰᠦᠨᠢ ᠪᠦᠷᠦᠢ ᠪᠠᠷ | ᠰᠢᠢᠳᠪᠦᠷᠢᠯᠡᠴᠢᠬᠡᠳᠡᠭ ᠰᠤᠷᠮᠠᠭᠠᠢ ᠡᠷ᠎ᠡ | ᠪᠠᠶᠢᠪᠠ᠃ ᠶᠡᠷᠡᠭᠡᠳ ᠤᠨ ᠪᠤᠯᠬᠤ ᠳᠤ ᠬᠦᠦ ᠨᠢ | ᠡᠷ᠎ᠡ ᠶᠢᠨ ᠵᠡᠷᠭᠡ ᠳᠤ ᠬᠦᠷᠴᠠᠢ᠃ | ᠰᠤᠷᠭᠠᠭᠤᠯᠢ ᠪᠠᠨ ᠵᠤᠭᠰᠤᠨ ᠭᠡᠷ ᠲᠡᠭᠡᠨ | ᠬᠠᠷᠢᠭᠰᠠᠨ ᠬᠦᠦ ᠲᠡᠮᠡᠢ ᠬᠡᠳᠦᠨ ᠵᠢᠯ | ᠪᠤᠯᠤᠭᠰᠠᠨ ᠦᠭᠡᠢ ᠪᠠᠰᠠ ᠡᠴᠢᠭᠡ ᠶᠢᠨ ᠢᠶᠠᠨ | ︽ᠡᠷᠳᠡᠮ︾ ᠢ ᠰᠤᠷᠴᠢᠬᠠᠭᠰᠠᠨ ᠪᠠᠶᠢᠪᠠ᠃ | ᠦᠨᠡᠨ ᠳᠡᠭᠡᠨ ᠡᠨᠡ ᠬᠡᠥᠬᠡᠳ ᠲᠦᠷᠦᠯᠬᠢ ᠡᠶᠢᠮᠦ | ᠠᠵᠢᠯᠯᠠᠭ᠎ᠠ ᠬᠢᠬᠦ ᠤᠳᠤᠮᠯᠠᠯ ᠲᠠᠢ ᠲᠦᠷᠦᠭᠰᠡᠨ | ᠪᠢᠰᠢ ᠶᠤᠮ᠃ ᠭᠤᠤᠯ ᠨᠢ ᠠᠬᠠᠮᠠᠳ ᠨᠢ ᠦᠷ᠎ᠡ | ᠬᠡᠥᠬᠡᠳ ᠢᠶᠠᠨ ᠨᠦᠯᠦᠭᠡᠯᠡᠭᠰᠡᠨ ᠶᠠᠪᠤᠳᠠᠯ | ᠪᠤᠯᠤᠨ᠎ᠠ᠃ ᠮᠠᠵᠢᠶᠠᠩ ᠨᠠᠭᠠᠳᠴᠤ | ᠮᠦᠷᠦᠶᠢᠴᠡᠬᠡᠨ ᠲᠠᠯᠪᠢᠬᠤ ᠲᠤᠷᠠᠳᠠᠢ ᠨᠢᠭᠡᠨ | ᠠᠶᠢᠯ ᠤᠨ ᠬᠡᠥᠬᠡᠳ ᠬᠤᠵᠢᠮ ᠨᠢ ᠮᠦᠨ ᠡᠨᠡ | ᠲᠠᠯ᠎ᠠ ᠳᠤ ᠲᠤᠩ ᠪᠠᠭ᠋ᠠᠳᠠᠢ ᠮᠦᠷᠳᠡᠭᠡᠨ | ᠠᠪᠢᠶᠠᠰ ᠲᠠᠢ ᠪᠠᠶᠢᠵᠤ ᠵᠠᠯᠭᠠᠭᠤᠳᠠ | ᠮᠦᠷᠦᠶᠢᠴᠡᠬᠡᠨ ᠳᠤ ᠤᠷᠤᠯᠴᠠᠵᠤ ᠡᠴᠦᠰ ᠲᠡᠭᠡᠨ | ᠬᠠᠥᠯᠢ ᠪᠠᠷ ᠶᠠᠯᠠᠯᠠᠭᠳᠠᠭᠰᠠᠨ ᠢ | ᠨᠢᠳᠦ ᠪᠠᠷ ᠢᠶᠠᠨ ᠦᠵᠡᠪᠡ᠃ ᠡᠨᠡ ᠨᠢ ᠮᠦᠨ ᠴᠤ | ᠭᠡᠷ ᠤᠨ ᠠᠬᠠᠮᠠᠳ ᠨᠢ ᠬᠡᠥᠬᠡᠳ ᠢᠶᠠᠨ | ᠲᠡᠶᠢᠮᠦᠷᠬᠦ ᠡᠷᠡᠬᠦᠯ ᠪᠤᠰᠤ ᠤᠷᠴᠢᠨ ᠲᠤᠭᠤᠷᠢᠨ | ᠪᠠ ᠦᠢᠯᠡ ᠠᠵᠢᠯᠯᠠᠭ᠎ᠠ ᠪᠠᠷ ᠢᠶᠠᠨ | ᠨᠦᠯᠦᠭᠡᠯᠡᠭᠰᠡᠨ ᠤ ᠤᠷᠰᠢᠭ ᠶᠤᠮ᠃ | ᠬᠡᠥᠬᠡᠳ ᠤᠨ ᠬᠠᠵᠠᠭᠤ ᠳᠤ ᠢᠳᠡᠵᠦ ᠤᠤᠭᠤᠵᠤ | ᠵᠢᠷᠭᠠᠵᠤ ᠴᠡᠩᠭᠡᠬᠦ ᠲᠤᠷᠠᠳᠠᠢ ᠬᠠᠷᠢᠨ ᠬᠢᠬᠦ | ᠲᠤᠷ᠎ᠠ ᠦᠭᠡᠢ ᠵᠠᠯᠬᠠᠭᠤ ᠬᠤᠶᠢᠷᠠᠭᠤ | ᠪᠠᠶᠢᠬᠤ ᠶᠢ ᠴᠡᠭᠡᠷᠯᠡᠬᠦ | ᠴᠠᠭ ᠦᠶ᠎ᠡ ᠬᠦᠭᠵᠢᠵᠦ ᠨᠡᠶᠢᠭᠡᠮ | ᠤᠷᠤᠭᠰᠢᠯᠠᠬᠤ ᠶᠢ ᠲᠠᠭᠠᠯᠳᠤᠨ ᠬᠦᠮᠦᠰ ᠤᠨ | ᠠᠮᠢᠳᠤᠷᠠᠯ ᠤᠨ ᠨᠦᠬᠦᠴᠡᠯ ᠶᠡᠭᠡ ᠪᠠᠷ | ᠰᠠᠶᠢᠵᠢᠷᠠᠪᠠ᠃ ᠡᠨᠡ ᠪᠤᠯ ᠬᠦᠮᠦᠨ ᠪᠤᠯᠭᠠᠨ | ᠬᠦᠰᠡᠳᠡᠭ ᠰᠠᠶᠢᠨ ᠶᠠᠪᠤᠳᠠᠯ ᠮᠦᠨ᠃ ᠬᠡᠶ᠎ᠡ | ᠨᠡᠶᠢᠭᠡᠮ ᠶᠠᠭᠠᠬᠢᠵᠦ ᠬᠦᠭᠵᠢᠭᠰᠡᠨ ᠴᠤ ᠬᠦᠮᠦᠨ | ᠬᠦᠳᠡᠯᠮᠤᠷᠢ ᠠᠴᠠ ᠵᠠᠶᠢᠳᠠᠵᠤ ᠪᠤᠯᠬᠤ | ᠦᠭᠡᠢ ᠨᠢ ᠬᠦᠮᠦᠨ ᠲᠦᠷᠦᠯᠬᠢᠳᠡᠨ ᠤ | ᠬᠦᠭᠵᠢᠯᠳᠡ ᠶᠢᠨ ᠵᠢᠮ᠎ᠡ ᠶᠤᠰᠤ ᠶᠤᠮ᠃ ᠤᠳᠤ ᠶᠢᠨ | ᠪᠠᠶᠢᠳᠠᠯ ᠠᠴᠠ ᠦᠵᠡᠪᠡᠯ᠂ ᠵᠠᠯᠠᠭᠤ | ᠪᠠᠭᠠᠴᠤᠳ ᠤᠨ ᠲᠤᠮᠳᠠ ᠪᠡᠯᠡᠨ ᠢ ᠢᠳᠡᠵᠦ | ᠠᠮᠤᠷ ᠢ ᠡᠳ᠋ᠯᠡᠬᠦ ᠲᠤᠷᠠᠳᠠᠢ ᠬᠦᠮᠦᠰ | ᠤᠯᠠᠰᠢᠷᠠᠵᠤ ᠪᠠᠶᠢᠨ᠎ᠠ᠃ ᠡᠬᠦᠨ ᠤ ᠲᠤᠳᠤᠷᠠᠬᠢ | ᠨᠢᠭᠡ ᠪᠦᠯᠦᠭ ᠨᠢ ᠡᠴᠢᠭᠡ ᠡᠬᠡ ᠶᠢᠨ ᠬᠢᠨᠢ | ᠪᠡᠶᠡᠴᠢ ᠨᠦᠯᠦᠭᠡ ᠲᠠᠢ ᠰᠢᠭᠤᠳ | ᠬᠤᠯᠪᠤᠭ᠎ᠠ ᠲᠠᠢ᠃ ᠬᠡᠥᠬᠡᠳ ᠪᠠᠭᠠᠴᠤᠳ ᠲᠤ | ᠬᠢᠬᠦ ᠡᠨᠡ ᠲᠠᠯ᠎ᠠ ᠶᠢᠨ ᠬᠦᠮᠦᠵᠢᠯ ᠲᠤᠳᠠᠮᠠᠭ | ᠲᠠᠭᠡᠷ᠎ᠡ ᠪᠠᠨ ᠦᠪᠡᠷᠰᠡᠳ ᠢᠶᠠᠨ ᠶᠡᠭᠡ ᠪᠠᠷ | ᠢᠳᠡᠵᠦ ᠤᠤᠭᠤᠵᠤ ᠪᠦᠷᠢᠯᠭᠡᠨ ᠰᠦᠢᠳᠭᠡᠬᠦ᠂ | ᠵᠢᠷᠭᠠᠵᠤ ᠴᠡᠩᠭᠡᠬᠦ᠂ ᠴᠢᠳᠠᠯ ᠤᠨ ᠬᠢᠷᠢ ᠪᠠᠨ | ᠮᠡᠳᠡᠬᠦ ᠦᠭᠡᠢ ᠤᠷᠤᠰᠬᠠᠯ ᠤᠨ ᠵᠦᠢᠯᠡᠰ ᠢ | ᠬᠦᠭᠡᠭᠡᠴᠡᠯᠳᠦᠬᠦ ᠮᠡᠳᠦ ᠪᠠᠷ ᠠᠭᠠᠰᠢᠯᠠᠳᠠᠭ᠃ | ᠡᠨᠡᠬᠦ ᠪᠠᠶᠢᠳᠠᠯ ᠳᠤ ᠨᠢ ᠬᠡᠥᠬᠡᠳ | ᠪᠠᠭᠠᠴᠤᠳ ᠨᠢ ᠴᠤ ᠨᠦᠯᠦᠭᠡᠯᠡᠭᠳᠡᠵᠦ᠂ ᠢᠳᠡᠵᠦ | ᠤᠤᠭᠤᠬᠤ᠂ ᠡᠮᠦᠰᠴᠤ ᠵᠡᠬᠦᠬᠦ ᠲᠤᠷᠠᠳᠠᠢ᠂ | ᠪᠡᠶ᠎ᠡ ᠶᠢᠨ ᠠᠮᠤᠷ ᠲᠤ ᠲᠤᠷᠠᠳᠠᠢ᠂ ᠬᠠᠷᠢᠨ | ᠠᠵᠢᠯ ᠬᠦᠳᠡᠯᠮᠦᠷᠢ ᠳᠤ ᠲᠤᠷ᠎ᠠ ᠦᠭᠡᠢ᠂ | ᠬᠠᠳᠠᠭᠤᠵᠢᠯᠳᠠᠢ ᠰᠤᠷᠤᠯᠴᠠᠯᠭ᠎ᠠ ᠳᠤ ᠲᠤᠷ᠎ᠠ | ᠦᠭᠡᠢ ᠪᠠᠶᠢᠳᠠᠭ᠃ ᠡᠳᠡᠭᠡᠷ ᠢ ᠰᠤᠷᠭᠠᠭᠤᠯᠢ ᠳᠤ | ᠰᠠᠭᠤᠭ᠎ᠠ ᠰᠤᠷᠤᠭᠴᠢ ᠪᠤᠶᠤ ᠨᠡᠶᠢᠭᠡᠮ ᠳᠤ | ᠭᠠᠷᠤᠭᠰᠠᠨ ᠵᠠᠯᠠᠭᠤ ᠪᠠᠭᠠᠴᠤᠳ ᠠᠴᠠ ᠪᠦᠷ ᠤᠯᠵᠤ | ᠬᠠᠷᠠᠨ᠎ᠠ᠃ ᠨᠡᠶᠢᠭᠡᠮ ᠬᠦᠭᠵᠢᠵᠦ ᠬᠦᠮᠦᠨ ᠠᠷᠠᠳ | ᠪᠠᠶᠠᠵᠢᠨ ᠴᠢᠨᠡᠯᠢᠭᠵᠢᠵᠦ ᠪᠠᠶᠢᠭ᠎ᠠ ᠴᠠᠭ | ᠦᠶ᠎ᠡ ᠳᠤ ᠬᠦᠮᠦᠨ ᠪᠤᠯᠭᠠᠨ ᠳᠤ ᠬᠦᠷᠦᠩᠭᠡᠵᠢᠯ | ᠱᠠᠭᠠᠷᠳᠠᠭᠳᠠᠨ᠎ᠠ᠃ ᠬᠡᠬᠦ ᠳᠤ | ᠬᠦᠷᠦᠩᠬᠡᠵᠢᠯ ᠢ ᠬᠦᠳᠡᠯᠮᠤᠷᠢ ᠪᠠᠷ ᠯᠠ | ᠪᠡᠶᠡᠯᠡᠬᠦᠯᠳᠡᠭ᠃ ᠢᠳᠡᠵᠦ ᠤᠤᠭᠤᠵᠤ ᠵᠢᠷᠭᠠᠵᠤ | ᠴᠡᠩᠭᠡᠬᠦ ᠲᠤᠷᠠᠳᠠᠢ᠂ ᠬᠠᠷᠢᠨ ᠬᠢᠬᠦ ᠲᠤᠷ᠎ᠠ | ᠦᠭᠡᠢ ᠵᠠᠯᠬᠠᠭᠤ ᠬᠤᠶᠢᠷᠠᠭᠤ ᠪᠠᠶᠢᠬᠤ ᠳᠤ | ᠬᠦᠷᠪᠡᠯ ᠬᠦᠷᠦᠩᠭᠡ ᠮᠦᠩᠬᠦ ᠪᠠᠷ | ᠨᠢᠮᠬᠡᠨ ᠢ ᠨᠢ ᠬᠡᠯᠡᠬᠦ ᠦᠭᠡᠢ ᠬᠦᠷᠦᠩᠬᠡᠳᠡᠨ | ᠨᠢᠭᠡ ᠨᠢ ᠴᠤ ᠬᠢᠯᠪᠠᠷᠬᠠᠨ ᠲᠤᠷᠤᠶᠢᠳᠠᠨ᠎ᠠ᠃ | ᠡᠶᠢᠮᠦ ᠠᠴᠠ ᠭᠡᠷ ᠤᠨ ᠠᠬᠠᠮᠠᠳ ᠬᠡᠥᠬᠡᠳ | ᠪᠠᠭᠠᠴᠤᠳ ᠤᠨ ᠢᠶᠠᠨ ᠬᠠᠵᠠᠭᠤ ᠳᠤ | ᠠᠮᠢᠳᠤᠷᠠᠯ ᠤᠨ ᠰᠠᠶᠢᠨ ᠰᠠᠶᠢᠬᠠᠨ ᠨᠦᠯᠦᠭᠡ | ᠦᠵᠡᠬᠦᠯᠵᠦ ᠶᠠᠪᠤᠬᠤ ᠬᠡᠷᠡᠭᠳᠠᠢ᠃ | ᠶᠡᠷᠦᠩᠬᠡᠶᠢᠯᠡᠪᠡᠯ᠂ ᠭᠡᠷ ᠤᠨ ᠠᠬᠠᠮᠠᠳ | ᠪᠤᠯᠤᠭᠰᠠᠳ ᠬᠡᠥᠬᠡᠳ ᠪᠠᠭᠠᠴᠤᠳ ᠤᠨ ᠦᠭᠡ | ᠶᠠᠷᠢᠶ᠎ᠠ ᠦᠢᠯᠡ ᠠᠵᠢᠯᠯᠠᠭ᠎ᠠ ᠶᠢᠨ | ᠲᠠᠯ᠎ᠠ ᠪᠠᠷ ᠶᠠᠭᠤ ᠶᠢ ᠬᠢᠵᠦ ᠪᠤᠯᠬᠤ ᠦᠭᠡᠢ᠂ | ᠶᠠᠭᠤ ᠶᠢ ᠠᠩᠬᠠᠷ ᠭᠡᠵᠦ ᠱᠠᠭᠠᠷᠳᠠᠳᠠᠭ ᠪᠤᠯ ᠴᠢ | ᠦᠪᠡᠷᠳᠡᠭᠡᠨ ᠬᠡᠥᠭᠡᠳ ᠪᠠᠭᠠᠴᠤᠳ ᠤᠨ | ᠬᠠᠵᠠᠭᠤ ᠳᠤ ᠲᠡᠷᠡ ᠶᠠᠪᠤᠳᠠᠯ ᠢ ︵ᠦᠭᠡ | ᠶᠠᠷᠢᠶ᠎ᠠ ᠦᠢᠯᠡ ᠠᠵᠢᠯᠯᠠᠭ᠎ᠠ ᠶᠢ︶ | ᠴᠡᠭᠡᠷᠯᠡᠵᠦ᠂ ︽ᠠᠷᠠᠳ ᠢᠷᠭᠡᠳ ᠤᠨ ᠶᠤᠰᠤ | ᠰᠤᠷᠳᠠᠬᠤᠨ ᠤ ᠬᠦᠳᠦᠯᠪᠦᠷᠢ︾ ᠳᠤ | ᠱᠠᠭᠠᠷᠳᠠᠭᠰᠠᠨ ᠠᠭᠤᠯᠭ᠎ᠠ ᠵᠢᠴᠢ | ᠦᠨᠳᠦᠰᠦᠳᠡᠨ ᠤ ᠪᠠᠨ ᠤᠯᠠᠮᠵᠢᠯᠠᠯᠳᠦ ᠵᠠᠩ | ᠦᠢᠯᠡ ᠶᠢᠨ ᠰᠢᠯᠢᠳᠡᠭ ᠰᠠᠶᠢᠬᠠᠨ | ᠵᠦᠢᠯᠡᠰ ᠢᠶᠠᠷ ᠦᠪᠡᠷ ᠢ ᠪᠠᠨ ᠴᠠᠭ ᠦᠷᠬᠦᠯᠵᠢ | ᠱᠠᠭᠠᠷᠳᠠᠵᠤ ᠪᠠᠶᠢᠬᠤ ᠬᠡᠷᠡᠭᠳᠠᠢ᠃ | |