ᠭᠤᠷᠪᠠᠨ ᠲᠤᠮᠤ ᠠᠵᠤ ᠥᠢᠯᠡᠰ ᠢ ᠴᠢᠷᠮᠠᠶᠢᠨ ᠬᠥᠭᠵᠢᠬᠦᠯᠵᠥ ᠰᠢᠯᠤᠭᠤᠨ ᠬᠥᠪᠡᠭᠡᠲᠥ ᠴᠠᠭᠠᠨ ᠬᠤᠰᠢᠭᠤ  ᠮᠠᠯ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠥ ᠪᠠᠶᠢᠨ᠎ᠠ
ᠨᠡᠶᠢᠲᠡᠯᠡᠭᠰᠡᠨ ᠴᠠᠭ᠄
2021/3/24
 ᠰᠢᠯᠤᠭᠤᠨ ᠬᠥᠪᠡᠭᠡᠲᠥ ᠴᠠᠭᠠᠨ ᠬᠤᠰᠢᠭᠤ ︽ᠬᠤᠨᠢ ᠶᠢ ᠴᠥᠭᠡᠴᠢᠯᠡᠨ ᠥᠭᠡᠷ ᠢ ᠨᠡᠮᠡᠭᠳᠡᠬᠦᠯᠬᠦ︾᠂ ︽ᠠᠵᠤ ᠠᠬᠤᠢ ᠶᠢᠨ ᠲᠠᠷᠢᠮᠠᠯ ᠤᠨ ᠲᠥᠷᠥᠯ ᠵᠥᠢᠯ ᠤᠨ ᠪᠥᠲᠥᠴᠡ ᠶᠢ ᠰᠢᠯᠢᠲᠡᠭᠵᠢᠬᠦᠯᠥᠨ ᠲᠡᠵᠢᠭᠡᠯ ᠪᠤᠷᠲᠤᠭᠠᠨ ᠤ ᠲᠠᠷᠢᠮᠠᠯ ᠲᠠᠷᠢᠬᠤ ᠶᠢ ᠥᠷᠭᠡᠳᠭᠡᠬᠦ︾ ᠪᠠᠶᠢᠯᠲᠤᠬᠤ ᠪᠤᠲᠤᠯᠭ᠎ᠠ ᠶᠢᠨ ᠲᠤᠭᠤᠷᠢᠨ ᠳᠤ ᠰᠢᠯᠢᠳᠡᠭ ᠡᠬᠦᠯᠲᠡᠷ ᠤᠨ ᠮᠢᠬᠠᠨ ᠤ ᠥᠭᠡᠷ ᠂ ᠴᠠᠬᠠᠷ ᠬᠤᠨᠢ᠂ ᠤᠨᠴᠠᠯᠢᠬᠲᠤ ᠲᠠᠷᠢᠮᠠᠯ ᠵᠡᠷᠭᠡ ᠭᠤᠷᠪᠠᠨ ᠲᠤᠮᠤ ᠠᠵᠤ ᠥᠢᠯᠡᠰ ᠢ ᠴᠢᠷᠮᠠᠶᠢᠨ ᠬᠥᠭᠵᠢᠬᠦᠯᠵᠥ᠂ ᠪᠥᠬᠦ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠬᠠᠨᠭ᠍ᠭᠠᠯᠭ᠎ᠠ ᠶᠢᠨ ᠲᠠᠯ᠎ᠠ ᠶᠢᠨ ᠪᠥᠲᠥᠴᠡ ᠶᠢᠨ ᠴᠢᠨᠠᠷᠲᠠᠢ ᠥᠭᠡᠷᠡᠴᠢᠯᠡᠯᠲᠡ ᠶᠢ ᠬᠥᠲᠥᠯᠥᠨ ᠲᠠᠭᠠᠭᠤᠯᠵᠥ᠂ ᠲᠠᠷᠢᠶᠠᠯᠠᠩ ᠮᠠᠯ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢ ᠪᠥᠬᠦ ᠬᠥᠴᠥᠨ ᠢᠶᠠᠷ ᠠᠬᠢᠭᠤᠯᠵᠥ᠂ ᠤᠲᠤᠬᠢᠴᠢᠯᠠᠭᠰᠠᠨ ᠮᠠᠯ ᠠᠵᠤ ᠠᠬᠤᠢ ᠶᠢ ᠲᠤᠭᠲᠠᠭᠤᠨ ᠢᠶᠠᠷ ᠬᠥᠭᠵᠢᠬᠦᠯᠵᠥ ᠪᠠᠶᠢᠨ᠎ᠠ᠃   ᠪᠤᠯᠠᠭᠠᠨᠲᠤᠬᠤᠢ ᠰᠤᠮᠤ ᠶᠢᠨ ᠥᠵᠡᠩᠲᠡᠢ ᠭᠠᠴᠠᠭᠠᠨ ᠤ ᠮᠠᠯᠴᠢᠨ ᠡᠷᠲᠡᠨᠢᠪᠢᠯᠢᠭ ᠤᠨ ᠬᠢ ᠭᠤᠷᠪᠠᠨ ᠠᠮᠠ ᠪᠥᠯᠢ ᠲᠠᠢ ᠪᠠᠶᠢᠵᠥ᠂ ᠥᠪᠡᠷ ᠤᠨ 500 ᠭᠠᠷᠤᠢ ᠮᠥ ᠨᠤᠲᠤᠭ ᠪᠡᠯᠴᠢᠭᠡᠷ ᠲᠡᠭᠡᠷ᠎ᠠ ᠪᠠᠨ 3500 ᠮᠥ ᠨᠤᠲᠤᠭ ᠪᠡᠯᠴᠢᠭᠡᠷ ᠲᠥᠷᠢᠶᠡᠰᠥᠯᠡᠨ ᠴᠠᠬᠠᠷ ᠬᠤᠨᠢ ᠮᠠᠯᠵᠢᠵᠥ ᠪᠠᠶᠢᠭ᠎ᠠ ᠴᠢᠨᠡᠭᠡᠯᠢᠭ ᠠᠶᠢᠯ ᠪᠢᠯᠡ᠃ ᠡᠷᠲᠡᠨᠢᠪᠢᠯᠢᠭ ᠤᠨ ᠬᠢ ᠤᠤᠯ ᠨᠢ ᠮᠧᠷᠨᠦ᠋ᠰ ᠬᠤᠨᠢ ᠪᠠ ᠥᠭᠡᠷ ᠠᠲᠤᠭᠤ ᠶᠢ ᠵᠡᠷᠭᠡᠪᠡᠷ ᠮᠠᠯᠵᠢᠵᠥ ᠪᠠᠶᠢᠭᠰᠠᠨ ᠢᠶᠠᠨ 2012 ᠤᠨ ᠠᠴᠠ 6000 ᠲᠥᠭᠦᠷᠢᠭ ᠢᠶᠠᠷ ᠭᠧᠷᠮᠠᠨ ᠤ ᠮᠧᠷᠨᠦ᠋ᠰ ᠬᠤᠴᠠ ᠬᠤᠲᠠᠯᠲᠤᠨ ᠠᠪᠴᠥ ᠬᠤᠨᠢᠨ ᠤ ᠪᠠᠨ ᠡᠬᠦᠯᠲᠡᠷ ᠢ ᠰᠠᠶᠢᠵᠢᠷᠠᠭᠤᠯᠵᠥ᠂ 2014 ᠤᠨ ᠳᠤ ᠪᠥᠬᠦ ᠠᠶᠢᠮᠠᠭ ᠤᠨ ᠴᠠᠬᠠᠷ ᠬᠤᠨᠢᠨ ᠤ ᠭᠤᠤᠯᠲᠠᠯᠭᠠᠲᠤ ᠰᠥᠷᠥᠭ ᠪᠤᠶᠢᠵᠢᠭᠤᠯᠤᠭᠰᠠᠨ ᠡᠷᠥᠭᠡ ᠪᠠᠷ ᠲᠤᠭᠲᠠᠭᠠᠭᠲᠠᠪᠠ᠃ ᠡᠲᠡᠨ ᠤ ᠬᠢ ᠨᠢᠲᠤᠨᠤᠨ 45 ᠲᠤᠨ ᠬᠥᠭᠡ ᠡᠪᠡᠰᠥ᠂ 30 ᠲᠤᠨ ᠪᠤᠷᠲᠤᠭ᠎ᠠ ᠪᠡᠯᠡᠳᠭᠡᠵᠥ᠂ 260 ᠬᠤᠨᠢ ᠡᠪᠤᠯᠵᠢᠬᠦᠯᠥᠭᠰᠡᠨ ᠪᠠᠶᠢᠵᠠᠢ᠃ ᠡᠲᠡᠨ ᠤ ᠬᠢ ᠶᠡᠷᠥ ᠠᠴᠠ ᠡᠪᠤᠯ ᠤᠨ ᠲᠥᠯ ᠲᠤᠰᠲᠠᠭ ᠪᠠᠶᠢᠵᠥ᠂ ᠨᠢᠳᠤᠨᠤᠨ ᠤ 12 ᠰᠠᠷ᠎ᠠ ᠶᠢᠨ 17 ᠤ ᠡᠲᠥᠷ ᠠᠴᠠ ᠡᠬᠢᠯᠡᠨ ᠲᠥᠯ ᠲᠤᠰᠴᠥ᠂ ᠪᠢᠲᠠᠨ ᠢ ᠬᠥᠷᠬᠦ ᠳᠤ 150 ᠬᠤᠨᠢ ᠬᠤᠷᠠᠭᠠᠯᠠᠵᠥ᠂ ᠲᠠᠯᠠᠭᠠᠳ ᠬᠤᠨᠢ ᠢᠬᠡᠷᠡᠯᠡᠵᠥ᠂ ᠨᠡᠶᠢᠲᠡ 230 ᠰᠢᠬᠠᠮ ᠬᠤᠷᠠᠭ᠎ᠠ ᠲᠤᠰᠤᠭᠠᠳ ᠪᠠᠶᠢᠯ᠎ᠠ᠃ ᠨᠢᠲᠤᠨᠤᠨ 380 ᠬᠤᠷᠠᠭ᠎ᠠ ᠲᠤᠰᠴᠥ᠂ ᠲᠠᠪᠤᠨ ᠰᠠᠷ᠎ᠠ ᠠᠴᠠ ᠡᠬᠢᠯᠡᠨ ᠬᠤᠷᠠᠭ᠎ᠠ ᠪᠠᠨ ᠬᠤᠲᠠᠯᠲᠤᠵᠥ᠂ 360 ᠬᠤᠷᠠᠭ᠎ᠠ ᠪᠠᠨ ᠨᠡᠶᠢᠲᠡ 48 ᠲᠥᠮᠡ 6000 ᠲᠥᠭᠦᠷᠢᠭ ᠢᠶᠠᠷ ᠬᠤᠲᠠᠯᠲᠤᠵᠥ᠂ 90 ᠪᠥᠲᠥᠬᠦᠨ ᠬᠤᠨᠢ ᠪᠠᠨ 23 ᠲᠥᠮᠡ 6000 ᠭᠠᠷᠤᠢ ᠲᠥᠭᠦᠷᠢᠭ ᠢᠶᠠᠷ ᠬᠤᠲᠠᠯᠲᠤᠵᠥ᠂ ᠮᠠᠯ ᠬᠤᠲᠠᠯᠲᠤᠭᠰᠠᠨ ᠤᠷᠤᠯᠭ᠎ᠠ ᠨᠢ 70 ᠲᠥᠮᠡ 4000 ᠭᠠᠷᠤᠢ ᠲᠥᠭᠦᠷᠢᠭ ᠲᠤ ᠬᠥᠷᠴᠡᠢ᠃ ᠲᠡᠷᠡ ᠰᠤᠷᠪᠤᠯᠵᠢᠯᠠᠭᠴᠢ ᠳᠤ᠄ ︽ᠮᠠᠨ ᠤ ᠬᠢ ᠨᠤᠲᠤᠭ ᠪᠠᠭ᠎ᠠ ᠪᠤᠯᠬᠤᠷ ᠬᠤᠨᠢ ᠥᠭᠡᠷ ᠢ ᠵᠡᠷᠭᠡᠪᠡᠷ ᠮᠠᠯᠵᠢᠬᠤ ᠳᠤ ᠭᠠᠵᠠᠷ ᠬᠥᠷᠬᠦ ᠥᠭᠡᠢ᠂ ᠠᠰᠢᠭ ᠤᠷᠤᠯᠭ᠎ᠠ ᠲᠡᠶᠢᠮᠥ ᠥᠨᠲᠤᠷ ᠪᠢᠰᠢ᠃ ᠲᠡᠭᠡᠬᠦ ᠪᠠᠷ ᠤᠢᠢᠷ᠎ᠠ ᠶᠢᠨ ᠵᠢᠯ ᠠᠴᠠ ᠤᠤᠯ ᠤᠨ ᠮᠠᠯᠵᠢᠵᠥ ᠪᠠᠶᠢᠭᠰᠠᠨ ᠥᠭᠡᠷ ᠠᠲᠤᠭᠤ ᠪᠠᠨ ᠰᠢᠢᠳᠪᠤᠷᠢᠯᠡᠵᠥ᠂ ᠤᠲᠤ ᠭᠤᠤᠯᠲᠠᠭᠤ ᠭᠧᠷᠮᠠᠨ ᠤ ᠮᠧᠷᠨᠦ᠋ᠰ ᠬᠤᠨᠢ ᠮᠠᠯᠵᠢᠵᠥ ᠪᠤᠢ᠃ ᠡᠨᠡ ᠡᠬᠦᠯᠲᠡᠷ ᠤᠨ ᠬᠤᠨᠢᠨ ᠤ ᠠᠰᠢᠭ ᠨᠢ ᠰᠠᠶᠢᠨ᠂ ᠵᠢᠱᠢᠶᠡᠯᠡᠬᠦ ᠳᠤ ᠵᠠᠭᠤᠨ ᠬᠤᠨᠢ ᠬᠤᠷᠠᠭᠠᠯᠠᠪᠠᠯ ᠠᠲᠠᠭ ᠲᠤ ᠪᠠᠨ ᠵᠢᠷᠠ ᠠᠴᠠ ᠲᠠᠯᠠᠭᠠᠳ ᠢᠭᠡᠷ᠎ᠠ ᠭᠠᠷᠤᠨ᠎ᠠ᠃ ᠲᠡᠭᠡᠬᠦ ᠪᠠᠷ ᠨᠢ ᠵᠠᠭᠤ ᠵᠢᠷᠠ ᠲᠠᠯᠠᠨ ᠬᠤᠨᠢ ᠶᠢᠨ ᠤᠷᠤᠯᠭ᠎ᠠ ᠶᠢ 1300 ᠲᠥᠭᠦᠷᠢᠭ ᠢᠶᠠᠷ ᠲᠡᠭᠰᠢᠳᠭᠡᠵᠥ ᠪᠤᠲᠤᠬᠤ ᠳᠤ 20 ᠭᠠᠷᠤᠢ ᠲᠥᠮᠡᠨ ᠲᠥᠭᠦᠷᠢᠭ ᠤᠨ ᠤᠷᠤᠯᠭ᠎ᠠ ᠲᠠᠢ ᠪᠤᠯᠤᠨ᠎ᠠ︾ ᠭᠡᠵᠥ ᠶᠠᠷᠢᠨ᠎ᠠ᠃   ᠮᠢᠩᠭᠠᠲᠤ ᠪᠠᠯᠭᠠᠰᠤᠨ ᠠᠴᠠ ᠵᠡᠬᠦᠨᠰᠢ 8 ᠺᠢᠯᠤᠮᠧᠲᠷ ᠵᠠᠶᠢᠲᠠᠢ ᠪᠠᠶᠠᠨᠪᠤᠯᠠᠭ ᠭᠠᠴᠠᠭ᠎ᠠ ᠨᠢ 7.8 ᠲᠥᠮᠡᠨ ᠮᠥ ᠨᠤᠲᠤᠭ ᠪᠡᠯᠴᠢᠭᠡᠷ ᠲᠠᠢ᠂ ᠬᠥᠮᠥᠨ ᠨᠢᠭᠡᠪᠤᠷᠢ ᠶᠢᠨ ᠲᠡᠭᠰᠢᠳᠭᠡᠭᠰᠡᠨ ᠨᠤᠲᠤᠭ ᠪᠡᠯᠴᠢᠭᠡᠷ 150 ᠮᠥ ᠯᠠ ᠪᠠᠶᠢᠲᠠᠭ᠃ ᠢᠡᠭᠭᠢᠭᠡᠳ ᠲᠤᠰ ᠭᠠᠴᠠᠭ᠎ᠠ ᠨᠢ ᠬᠡᠮᠵᠢᠶ᠎ᠠ ᠲᠠᠢ ᠨᠤᠲᠤᠭ ᠪᠡᠯᠴᠢᠭᠡᠷ ᠤᠨ ᠡᠬᠢ ᠪᠠᠶᠠᠯᠢᠭ ᠢᠶᠠᠨ ᠠᠰᠢᠭᠯᠠᠨ ᠠᠵᠤ ᠠᠬᠤᠢ ᠶᠢᠨ ᠥᠨᠲᠤᠷ ᠠᠰᠢᠭ ᠡᠬᠦᠳᠴᠥ᠂ ᠠᠮᠢ ᠠᠬᠤᠢ ᠪᠠᠨ ᠬᠠᠮᠠᠭᠠᠯᠠᠵᠥ᠂ ᠰᠢᠯᠢᠲᠡᠭ ᠡᠬᠦᠯᠲᠡᠷ ᠤᠨ ᠥᠨᠲᠤᠷ ᠥᠷ᠎ᠠ ᠠᠰᠢᠭᠲᠤ ᠮᠠᠯ ᠠᠵᠤ ᠠᠬᠤᠢ ᠶᠢᠨ ᠬᠥᠭᠵᠢᠯᠳᠡ ᠶᠢ ᠮᠠᠯᠴᠢᠳ ᠤᠨ ᠤᠷᠤᠯᠭ᠎ᠠ ᠶᠢ ᠨᠡᠮᠡᠭᠲᠡᠬᠦᠯᠵᠥ᠂ ᠬᠠᠮᠲᠤ ᠪᠠᠷ ᠴᠢᠨᠡᠭᠡᠯᠢᠭᠵᠢᠬᠦ ᠭᠤᠤᠯ ᠬᠥᠭᠵᠢᠯᠲᠡ ᠶᠢᠨ ᠵᠠᠬᠪᠤᠷ ᠪᠤᠯᠭᠠᠵᠠᠢ᠃ ᠤᠢᠢᠯᠠᠭᠠᠭᠰᠠᠨ ᠢᠶᠠᠷ 2019 ᠤᠨ ᠳᠤ ᠪᠠᠶᠠᠨᠪᠤᠯᠠᠭ ᠭᠠᠴᠠᠭᠠᠨ ᠤ ᠡᠬᠡᠯᠢᠲᠤ ᠲᠤᠭᠤᠢᠢᠯᠠᠩ ᠨᠢ ᠬᠤᠨᠢ ᠪᠠᠨ ᠴᠥᠭᠡᠴᠢᠯᠡᠨ ᠰᠢᠮᠧᠨ᠋ᠲ᠋ᠠᠷ ᠥᠭᠡᠷ ᠮᠠᠯᠵᠢᠬᠤ ᠵᠠᠮ ᠢᠶᠠᠷ ᠵᠠᠮᠨᠠᠵᠥ᠂ ᠠᠷᠪᠠᠭᠠᠳ ᠡᠷᠥᠭᠡ ᠨᠢ ᠬᠠᠪᠰᠤᠷᠤᠨ ᠲᠡᠳᠬᠦᠬᠦ ᠨᠢᠭᠡᠴᠢ ᠶᠢᠨ ᠲᠤᠬᠢᠷᠠᠭᠤᠯᠭ᠎ᠠ ᠪᠠᠷ 200 ᠲᠥᠮᠡᠨ ᠲᠥᠭᠦᠷᠢᠭ ᠤᠨ ᠪᠠᠩᠭᠢ ᠶᠢᠨ ᠵᠢᠭᠡᠯᠡᠯᠭᠡ ᠶᠢ ᠡᠷᠡᠮᠡᠯᠵᠡᠯᠡᠨ ᠤᠯᠵᠥ᠂ ᠨᠠᠶᠠᠭᠠᠳ ᠰᠢᠮᠧᠨ᠋ᠲ᠋ᠠᠷ ᠥᠭᠡᠷ ᠤᠷᠤᠭᠤᠯᠵᠥ᠂ ᠪᠦᠬᠦ ᠠᠶᠢᠮᠠᠭ ᠤᠨ ᠮᠢᠬᠠᠨ ᠤ ᠥᠭᠡᠷ ᠤᠨ ᠭᠤᠤᠯᠲᠠᠯᠭᠠᠲᠤ ᠰᠥᠷᠥᠭ ᠪᠤᠶᠢᠵᠢᠭᠤᠯᠤᠭᠰᠠᠨ ᠡᠷᠥᠭᠡ ᠪᠠᠷ ᠲᠤᠭᠲᠠᠭᠠᠭᠲᠠᠭᠰᠠᠨ ᠪᠠᠶᠢᠨ᠎ᠠ᠃ ᠪᠠᠶᠠᠨᠪᠤᠯᠠᠭ ᠭᠠᠴᠠᠭᠠᠨ ᠳᠤ ᠰᠠᠭᠤᠭ᠎ᠠ ᠠᠵᠢᠯᠯᠠᠬᠤ ᠲᠤᠭᠤᠢᠢᠯᠠᠩ ᠤᠨ ᠺᠠᠳ᠋ᠷ ᠭᠠᠨᠭ᠍ᠰᠦ᠋ᠭᠡ ᠰᠤᠷᠪᠤᠯᠵᠢᠯᠠᠭ᠎ᠠ ᠬᠥᠯᠢᠶᠡᠬᠦ ᠳᠤ ᠪᠠᠨ᠄ ︽ᠲᠤᠭᠤᠢᠢᠯᠠᠩ ᠢᠶᠠᠷ ᠨᠢᠭᠡᠴᠢ ᠪᠤᠯᠭᠠᠵᠥ᠂ ᠮᠠᠨ ᠤ ᠠᠷᠪᠠᠭᠠᠳ ᠡᠷᠥᠭᠡ ᠭᠤᠷᠪᠠᠲᠤᠭᠠᠷ ᠥᠶ᠎ᠠ ᠠᠴᠠ ᠲᠡᠭᠡᠭᠰᠢᠬᠢ ᠰᠢᠮᠧᠨ᠋ᠲ᠋ᠠᠷ ᠥᠭᠡᠷ ᠤᠷᠤᠭᠤᠯᠵᠥ᠂ ᠥᠪᠡᠷ ᠤᠨ ᠬᠢᠷᠢ ᠲᠡᠩᠴᠡᠬᠦ ᠥᠭᠡᠢ ᠥᠭᠡᠷ ᠢᠶᠠᠨ ᠪᠥᠬᠦᠨ ᠢ ᠰᠢᠢᠳᠪᠤᠷᠢᠯᠡᠵᠥ᠂ ᠨᠢᠭᠡ ᠲᠤᠭᠤᠢᠢᠯᠠᠩ ᠤᠨ ᠬᠢᠨ ᠪᠤᠯ ᠪᠥᠷ ᠰᠢᠯᠢᠲᠡᠭ ᠡᠬᠦᠯᠲᠡᠷ ᠤᠨ ᠰᠢᠮᠧᠨ᠋ᠲ᠋ᠠᠷ ᠥᠭᠡᠷ ᠤᠨ ᠭᠤᠤᠯᠲᠠᠯᠭᠠᠲᠤ ᠰᠥᠷᠥᠭ ᠪᠤᠯᠤᠭᠰᠠᠨ᠃ ᠡᠬᠦᠨ ᠢᠶᠠᠷ ᠲᠠᠮᠵᠢᠭᠤᠯᠤᠨ ᠪᠥᠬᠦ ᠭᠠᠴᠠᠭ᠎ᠠ ᠪᠠᠨ ᠪᠥᠷ ᠭᠤᠤᠯᠲᠠᠯᠭᠠᠲᠤ ᠰᠥᠷᠥᠭ ᠪᠤᠶᠤ ᠰᠢᠮᠧᠨ᠋ᠲ᠋ᠠᠷ ᠥᠭᠡᠷ ᠮᠠᠯᠵᠢᠬᠤ ᠲᠤᠰᠬᠠᠢ ᠭᠠᠴᠠᠭ᠎ᠠ ᠪᠤᠯᠭᠠᠬᠤ ᠪᠠᠷ ᠴᠢᠷᠮᠠᠶᠢᠵᠥ ᠪᠠᠶᠢᠨ᠎ᠠ︾ ᠭᠡᠪᠠ᠃   ᠤᠢᠢᠷ᠎ᠠ ᠶᠢᠨ ᠵᠢᠯ ᠠᠴᠠ ᠰᠢᠯᠤᠭᠤᠨ ᠬᠥᠪᠡᠭᠡᠲᠥ ᠴᠠᠭᠠᠨ ᠬᠤᠰᠢᠭᠤ ︽ᠪᠥᠲᠥᠴᠡ ᠶᠢ ᠰᠢᠯᠢᠲᠡᠭᠵᠢᠬᠦᠯᠤᠨ ᠡᠬᠦᠯᠲᠡᠷ ᠢ ᠰᠠᠶᠢᠵᠢᠷᠠᠭᠤᠯᠵᠥ᠂ ᠰᠠᠶᠢᠨ ᠡᠬᠦᠯᠲᠡᠷ ᠤᠨ ᠬᠤᠨᠢ ᠥᠭᠡᠷ ᠮᠠᠯᠵᠢᠬᠤ ᠠᠵᠤ ᠥᠢᠯᠡᠰ ᠤᠨ ᠬᠥᠭᠵᠢᠯᠲᠡ ᠶᠢ ᠲᠥᠷᠭᠡᠳᠭᠡᠬᠦ︾ ᠶᠡᠷᠥᠩᠭᠡᠢ ᠰᠡᠳᠬᠢᠴᠡ ᠶᠤᠰᠤᠭᠠᠷ ᠲᠡᠵᠢᠭᠡᠨ ᠥᠷᠡᠵᠢᠬᠦᠯᠬᠦ ᠪᠥᠲᠥᠴᠡ ᠶᠢ ᠥᠳᠲᠡᠷ ᠲᠥᠷᠭᠡᠨ ᠲᠤᠬᠢᠷᠠᠭᠤᠯᠵᠥ᠂ ᠢᠯᠡᠳᠲᠡ ᠠᠮᠵᠢᠯᠲᠠ ᠤᠯᠤᠭᠰᠠᠨ ᠪᠠᠶᠢᠨ᠎ᠠ᠃ 2020 ᠤᠨ ᠤ ᠮᠠᠯᠵᠢᠯ ᠤᠨ ᠤᠨ ᠤ ᠮᠠᠯ ᠤᠨ ᠶᠡᠷᠥᠩᠭᠡᠢ ᠲᠤᠭ᠎ᠠ ᠨᠢ 44.29 ᠲᠥᠮᠡ ᠬᠥᠷᠴᠥ᠂ ᠡᠬᠦᠨ ᠳᠤ ᠮᠢᠬᠠᠨ ᠤ ᠥᠭᠡᠷ 12.4 ᠲᠥᠮᠡ᠂ ᠮᠢᠬᠠᠨ ᠤ ᠬᠤᠨᠢ 31.2 ᠲᠥᠮᠡ ᠪᠠᠶᠢᠵᠥ᠂ ᠮᠠᠯ ᠠᠵᠤ ᠠᠬᠤᠢ ᠶᠢᠨ ᠲᠡᠵᠢᠭᠡᠨ ᠥᠷᠡᠵᠢᠬᠦᠯᠬᠦ ᠪᠥᠲᠥᠴᠡ ᠥᠷᠬᠦᠯᠵᠢᠯᠡᠨ ᠰᠢᠯᠢᠲᠡᠭᠵᠢᠪᠡ᠃ ᠨᠢᠲᠤᠨᠤᠨ ᠵᠢᠯ 2023 ᠡᠬᠦᠯᠲᠡᠷ ᠤᠨ ᠥᠭᠡᠷ᠂ 280 ᠴᠠᠬᠠᠷ ᠬᠤᠨᠢ ᠤᠷᠤᠭᠤᠯᠵᠥ᠂ 7 ᠲᠥᠮᠡᠨ ᠥᠭᠡᠷ᠂ 18 ᠲᠥᠮᠡᠨ ᠬᠤᠨᠢ ᠶᠢ ᠡᠬᠦᠯᠲᠡᠷ ᠰᠠᠶᠢᠵᠢᠷᠠᠭᠤᠯᠵᠥ᠂ ᠮᠢᠬᠠᠨ ᠤ ᠥᠭᠡᠷ ᠤᠨ ᠭᠤᠤᠯᠲᠠᠯᠭᠠᠲᠤ ᠰᠥᠷᠥᠭ 5 ᠶᠢ ᠰᠢᠨ᠎ᠠ ᠪᠠᠷ ᠪᠠᠶᠢᠭᠤᠯᠵᠥ᠂ ᠭᠡᠷ ᠪᠥᠯᠢ ᠶᠢᠨ ᠮᠠᠯᠵᠢᠯ ᠤᠨ ᠲᠠᠯᠠᠪᠠᠢ 40 ᠶᠢ ᠬᠢᠨᠠᠨ ᠲᠤᠭᠲᠠᠭᠠᠭᠰᠠᠨ ᠪᠠᠶᠢᠨ᠎ᠠ᠃ ᠲᠠᠷᠢᠵᠥ ᠤᠷᠭᠤᠭᠤᠯᠬᠤ ᠥᠷ᠎ᠠ ᠠᠰᠢᠭ ᠢ ᠲᠠᠰᠤᠷᠠᠯᠲᠠ ᠥᠭᠡᠢ ᠲᠡᠭᠡᠭᠰᠢᠯᠡᠬᠦᠯᠵᠥ᠂ ᠲᠠᠷᠢᠮᠠᠯ ᠤᠨ ᠵᠥᠢᠯᠡᠰ ᠢ ᠨᠡᠶᠢᠲᠡ 25.64 ᠲᠥᠮᠡᠨ ᠮᠥ ᠲᠠᠷᠢᠵᠥ᠂ ᠡᠬᠦᠨ ᠳᠤ ᠤᠨᠴᠠᠯᠢᠬᠲᠤ ᠰᠢᠯᠢᠲᠡᠭ ᠢᠲᠡᠰᠢᠨ ᠨᠤᠭᠤᠭ᠎ᠠ ᠭᠤᠸᠠ ᠵᠢᠮᠢᠰ ᠤᠨ ᠲᠠᠷᠢᠮᠠᠯ ᠤᠨ ᠲᠠᠯᠠᠪᠠᠢ 2 ᠲᠥᠮᠡᠨ ᠮᠥ ᠬᠥᠷᠴᠥ᠂ ᠲᠡᠵᠢᠭᠡᠯ ᠡᠪᠡᠰᠥ ᠪᠤᠷᠲᠤᠭᠠᠨ ᠤ ᠲᠠᠷᠢᠮᠠᠯ ᠤᠨ ᠲᠠᠯᠠᠪᠠᠢ 8.32 ᠲᠥᠮᠡᠨ ᠮᠥ ᠬᠥᠷᠴᠥ᠂ ᠲᠠᠷᠢᠮᠠᠯ ᠤᠨ ᠶᠡᠷᠥᠩᠭᠡᠢ ᠤᠨᠠᠯᠲᠠ 1.27 ᠲᠥᠮᠡᠨ ᠲᠤᠨ ᠳᠤ ᠬᠥᠷᠴᠡᠢ᠃ ᠶᠤᠸᠠᠢ ᠱᠸᠡᠭ ᠵᠠᠢ ᠤᠲᠤᠬᠢᠴᠢᠯᠠᠭᠰᠠᠨ ᠮᠠᠯ ᠠᠵᠤ ᠠᠬᠤᠢ ᠶᠢᠨ ᠠᠵᠤ ᠥᠢᠯᠡᠰ ᠤᠨ ᠬᠥᠷᠢᠶᠡᠯᠡᠩ ᠤᠨ ᠪᠤᠷᠲᠤᠨ ᠲᠠᠷᠭᠤᠯᠠᠭᠤᠯᠬᠤ ᠠᠬᠢᠴᠠ ᠲᠥᠷᠭᠡᠳᠴᠥ᠂ ᠶᠡᠭᠡᠨᠠᠭᠤᠷ ᠰᠤᠮᠤ ᠶᠢᠨ ᠴᠠᠬᠠᠷ ᠬᠤᠨᠢᠨ ᠤ ᠠᠵᠤ ᠥᠢᠯᠡᠰ ᠢᠶᠠᠷ ᠰᠤᠮᠤ ᠪᠠᠨ ᠬᠥᠴᠥᠷᠭᠡᠭᠵᠢᠬᠦᠯᠬᠦ ᠲᠥᠷᠥᠯ ᠵᠥᠢᠯ ᠢ ᠠᠮᠵᠢᠯᠲᠠ ᠲᠠᠢ ᠬᠡᠷᠡᠭᠵᠢᠬᠦᠯᠵᠥ᠂ 3 ᠭᠠᠵᠠᠷ ᠤᠨ ᠬᠥᠮᠥᠷᠭᠡᠯᠡᠵᠥ ᠬᠠᠲᠠᠭᠠᠯᠠᠬᠤ᠂ ᠪᠤᠯᠪᠠᠰᠤᠷᠠᠭᠤᠯᠬᠤ᠂ ᠠᠷᠠᠯᠵᠢᠶᠠᠯᠠᠬᠤ ᠶᠢ ᠨᠢᠭᠡ ᠴᠤᠭᠴᠠᠵᠢᠭᠤᠯᠤᠭᠰᠠᠨ ᠲᠡᠵᠢᠭᠡᠯ ᠡᠪᠡᠰᠥᠨ ᠤ ᠰᠠᠭᠤᠷᠢᠨ ᠠᠰᠢᠭᠯᠠᠯᠲᠠ ᠳᠤ ᠤᠷᠤᠵᠥ᠂ ᠪᠡᠭᠡᠵᠢᠩ ᠥᠪᠤᠷ ᠮᠤᠩᠭᠤᠯ ᠤᠨ ᠲᠠᠷᠢᠶᠠᠯᠠᠩ ᠰᠢᠨᠵᠢᠯᠡᠬᠦ ᠤᠬᠠᠭᠠᠨ ᠮᠡᠷᠭᠡᠵᠢᠯ ᠤᠨ ᠠᠵᠤ ᠥᠢᠯᠡᠰ ᠤᠨ ᠲᠤᠭᠤᠷᠢᠭ ᠤᠨ ᠬᠡᠪᠴᠢᠶᠡᠵᠢᠭᠰᠡᠨ ᠲᠠᠷᠢᠮᠠᠯ ᠤᠨ ᠲᠠᠯᠠᠪᠠᠢ 2717 ᠮᠥ ᠳᠤ ᠬᠥᠷᠥᠭᠰᠡᠨ ᠪᠠᠶᠢᠨ᠎ᠠ᠃   2021 ᠤᠨ ᠳᠤ ᠲᠤᠰ ᠬᠤᠰᠢᠭᠤ ᠬᠥᠭᠵᠢᠯᠲᠡ ᠶᠢᠨ ᠤᠲᠤᠬᠢ ᠪᠠᠶᠢᠲᠠᠯ ᠪᠠ ᠪᠠᠶᠢᠯᠲᠤᠬᠤ ᠪᠤᠲᠤᠯᠭ᠎ᠠ ᠶᠢᠨ ᠲᠤᠭᠲᠠᠴᠠ ᠠᠴᠠ ᠲᠠᠷᠢᠶᠠᠯᠠᠩ ᠮᠠᠯ ᠠᠵᠤ ᠠᠬᠤᠢ ᠶᠢᠨ ᠬᠠᠨᠭ᠍ᠭᠠᠯᠭ᠎ᠠ ᠶᠢᠨ ᠲᠠᠯ᠎ᠠ ᠶᠢᠨ ᠪᠥᠲᠥᠴᠡ ᠶᠢᠨ ᠴᠢᠨᠠᠷᠲᠠᠢ ᠥᠭᠡᠷᠡᠴᠢᠯᠡᠯᠲᠡ ᠶᠢ ᠬᠥᠨᠵᠡᠭᠡᠶᠢᠷᠡᠬᠦᠯᠥᠨ᠂ ︽ᠬᠤᠨᠢ ᠶᠢ ᠴᠥᠭᠡᠴᠢᠯᠡᠨ ᠥᠭᠡᠷ ᠢ ᠨᠡᠮᠡᠭᠳᠡᠬᠦᠯᠬᠦ︾ ︽ᠠᠵᠤ ᠠᠬᠤᠢ ᠶᠢᠨ ᠲᠠᠷᠢᠮᠠᠯ ᠤᠨ ᠲᠥᠷᠥᠯ ᠵᠥᠢᠯ ᠤᠨ ᠪᠥᠲᠥᠴᠡ ᠶᠢ ᠰᠢᠯᠢᠲᠡᠭᠵᠢᠬᠦᠯᠥᠨ ᠲᠡᠵᠢᠭᠡᠯ ᠪᠤᠷᠲᠤᠭᠠᠨ ᠤ ᠲᠠᠷᠢᠮᠠᠯ ᠢ ᠲᠠᠷᠢᠬᠤ ᠶᠢ ᠥᠷᠭᠡᠳᠭᠡᠬᠦ︾ ᠪᠠᠶᠢᠯᠲᠤᠬᠤ ᠪᠤᠲᠤᠯᠭ᠎ᠠ ᠶᠢᠨ ᠲᠤᠭᠤᠷᠢᠨ ᠳᠤ ︽3333︾ ᠠᠵᠤ ᠥᠢᠯᠡᠰ ᠤᠨ ᠬᠥᠭᠵᠢᠯᠲᠡ ᠶᠢᠨ ᠰᠡᠳᠬᠢᠴᠡ ᠶᠢ ᠬᠥᠨᠵᠡᠭᠡᠢ ᠠᠬᠢᠭᠤᠯᠵᠥ᠂ ᠰᠢᠯᠢᠲᠡᠭ ᠴᠢᠨᠠᠷ ᠤᠨ ᠮᠢᠬᠠᠨ ᠤ ᠥᠭᠡᠷ᠂ ᠴᠠᠬᠠᠷ ᠬᠤᠨᠢ ᠂ ᠤᠨᠴᠠᠯᠢᠬᠲᠤ ᠲᠠᠷᠢᠮᠠᠯ ᠵᠡᠷᠭᠡ ᠭᠤᠷᠪᠠᠨ ᠲᠤᠮᠤ ᠠᠵᠤ ᠥᠢᠯᠡᠰ ᠤᠨ ᠴᠢᠨᠠᠷᠵᠢᠯ ᠢ ᠲᠡᠭᠡᠭᠰᠢᠯᠡᠬᠦᠯᠵᠥ᠂ ᠥᠷ᠎ᠠ ᠠᠰᠢᠭ ᠢ ᠥᠷᠬᠦᠯᠵᠢᠯᠡᠨ ᠨᠡᠮᠡᠭᠲᠡᠬᠦᠯᠥᠨ᠎ᠠ᠃

 
ᠢᠷᠡᠯᠲᠡ᠄ ᠰᠢᠯᠢ ᠶᠢᠨ ᠭᠤᠣᠯ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号