ᠵᠦᠪ ᠰᠤᠩᠭᠤᠯᠳᠠ ᠬᠢᠵᠥ ᠵᠦᠢᠳᠡᠢ ᠵᠤᠬᠢᠴᠠᠭᠤᠯᠵᠥ ᠴᠢᠳᠠᠬᠰᠠᠨ ᠮᠠᠯᠴᠢᠨ
ᠨᠡᠶᠢᠲᠡᠯᠡᠭᠰᠡᠨ ᠴᠠᠭ᠄
2021/3/24
 ᠣᠷᠢᠬᠠᠨ ᠬᠠᠪᠤᠷ ᠠᠶᠠᠷᠯᠠᠨ ᠰᠠᠭᠠᠳᠠᠵᠥ ᠴᠠᠰᠥ ᠮᠥᠰᠥ ᠬᠠᠶᠢᠯᠥᠨ ᠭᠤᠣᠯ ᠭᠤᠷᠤᠬ᠎ᠠ ᠬᠤᠷᠴᠢᠬᠢᠨᠠᠨ ᠣᠷᠣᠰᠣᠬᠰᠠᠨ 3 ᠰᠠᠷ᠎ᠠ ᠶᠢᠨ ᠠᠷᠪᠠᠳ ᠢᠶᠠᠷ ᠰᠢᠯᠥᠭᠤᠨ ᠬᠥᠪᠡᠬᠡᠳᠥ ᠴᠠᠭᠠᠨ ᠬᠤᠰᠢᠭᠤᠨ ᠤ ᠪᠤᠯᠠᠭᠠᠠᠳᠣᠬᠤᠢ ᠰᠣᠮᠣᠨ ᠤ ᠵᠣᠯᠥ ᠭᠠᠴᠠᠭᠠᠨ ᠤ ᠵᠠᠯᠠᠭᠤ ᠮᠠᠯᠴᠢᠨ ᠮᠥᠷᠠᠨ ᠡᠷᠳᠡᠨᠢᠬᠤᠸᠠᠷ ᠤᠨ ᠬᠢᠨ ᠳᠤ ᠬᠥᠷᠴᠥ ᠪᠢᠯᠠ᠃   ᠮᠥᠷᠠᠨ ᠤ ᠬᠢᠨ ᠥᠪᠠᠷ ᠤᠨ 600 ᠭᠠᠷᠣᠢ ᠮᠥ ᠨᠣᠳᠤᠬ ᠲᠠᠢ ᠪᠠᠶᠢᠵᠥ᠂ ᠣᠢᠢᠷ᠎ᠠ ᠵᠡᠷᠬᠡᠯᠡᠳᠡᠭᠡ ᠠᠴᠠ ᠪᠠᠨ 4000 ᠮᠥ ᠪᠠᠯᠴᠢᠬᠡᠷ ᠨᠣᠳᠤᠬ ᠲᠥᠷᠢᠶᠡᠰᠥᠯᠠᠨ 20 ᠭᠠᠷᠣᠢ ᠥᠬᠡᠷ᠂ 200 ᠭᠠᠷᠣᠢ ᠪᠤᠬ ᠮᠠᠯ ᠮᠠᠯᠵᠢᠵᠥ ᠪᠠᠶᠢᠭ᠎ᠠ ᠠᠵᠢ᠃ ᠡᠳᠡᠨ ᠤ ᠬᠢ ᠨᠢᠳᠣᠨᠣᠨ ᠨᠠᠮᠣᠷ 30 ᠲᠣᠨ ᠡᠪᠡᠰᠥ ᠣᠷᠣᠭᠤᠯᠵᠥ᠂ 35 ᠲᠣᠨ ᠨᠣᠭᠤᠭᠠᠨ ᠲᠠᠷᠣᠰᠢ ᠵᠣᠭᠤᠷᠢᠯᠠᠨ᠂ 30 ᠭᠠᠷᠣᠢ ᠲᠣᠨ ᠪᠤᠷᠳᠤᠭ᠎ᠠ ᠪᠡᠯᠡᠳᠬᠡᠭᠰᠡᠨ ᠪᠤᠯᠬᠤᠷ ᠡᠨᠡ ᠬᠠᠪᠤᠷ ᠴᠥ ᠮᠠᠯ ᠨᠢ ᠲᠠᠷᠭᠤᠨ ᠲᠠᠪᠠᠳᠠᠢ ᠣᠠᠳᠣᠷᠴᠥ᠂ ᠨᠢᠳᠣᠨᠣᠨ ᠤ 11 ᠰᠠᠷ᠎ᠠ ᠠᠴᠠ ᠲᠥᠯ ᠢᠶᠠᠨ ᠲᠣᠰᠴᠥ ᠣᠳᠣᠬᠠᠨ ᠪᠤᠯᠳᠠᠯ᠎ᠠ 20 ᠢᠬᠡᠷ᠎ᠠ ᠲᠥᠯ ᠲᠠᠢ ᠪᠠᠨ ᠪᠤᠬ ᠮᠠᠯ ᠤᠨ 200 ᠭᠠᠷᠣᠢ ᠲᠥᠯ ᠲᠣᠰᠣᠬᠰᠠᠨ ᠢᠶᠠᠷ ᠪᠠᠷᠠᠬᠤ ᠥᠬᠡᠢ ᠥᠨᠢᠶ᠎ᠠ ᠨᠢ ᠴᠥ ᠡᠷᠳᠡ ᠲᠣᠭᠤᠯᠯᠠᠵᠥ᠂ ᠣᠳᠥ ᠨᠢᠬᠡᠨᠳᠠ 5 ᠲᠣᠭᠤᠯ ᠲᠣᠰᠣᠭᠠᠳ ᠡᠬᠡ ᠮᠠᠯ ᠲᠥᠯ ᠢᠶᠠᠨ ᠵᠠᠭᠤᠨ ᠤ ᠵᠠᠭᠤ ᠪᠠᠷ ᠣᠡᠳᠣᠷᠣᠭᠤᠯᠣᠨ᠎ᠠ ᠪᠢᠯᠠ᠃   ᠮᠥᠷᠠᠨ᠄ ︽ᠪᠢᠳᠠ ᠬᠤᠶᠠᠭᠤᠯᠠ ᠬᠡᠳᠣᠨ ᠵᠢᠯ ᠤᠨ ᠡᠮᠥᠨ᠎ᠠ ᠬᠤᠳᠠ ᠣᠷᠣᠬᠤ ᠣᠷᠣᠰᠬᠠᠯ ᠢ ᠲᠠᠭᠠᠵᠥ ᠬᠤᠳᠠ ᠣᠷᠣᠭᠠᠳ ᠬᠤᠭᠤᠯᠠᠨ ᠬᠡᠷ ᠡᠷᠬᠢᠯᠠᠵᠥ ᠪᠠᠯᠠ ᠮᠥᠡᠭᠬᠦ ᠪᠠᠨ ᠠᠯᠳᠠᠵᠥ ᠶᠠᠪᠤᠬᠰᠠᠨ ᠪᠤᠯᠬᠤᠷ ᠬᠠᠰᠢᠯᠠ ᠬᠥᠳᠡᠭᠡ ᠪᠠᠨ ᠬᠠᠷᠢᠵᠥ ᠮᠠᠯ ᠢᠶᠠᠨ ᠮᠠᠯᠵᠢᠶ᠎ᠠ ᠬᠡᠵᠥ ᠪᠤᠴᠠᠵᠥ ᠢᠷᠡᠭᠰᠡᠨ ᠶᠣᠮ᠃ ᠡᠬᠢᠯᠡᠬᠡᠳ ᠣᠷᠣᠯᠭ᠎ᠠ ᠮᠠᠨᠢ ᠵᠠᠷᠣᠯᠭ᠎ᠠ ᠳᠤ ᠪᠠᠨ ᠬᠥᠷᠬᠦ ᠥᠬᠡᠢ ᠭᠠᠴᠢᠬᠳᠠᠵᠥ ᠪᠠᠶᠢᠬᠰᠠᠨ᠂ ᠣᠢᠢᠷ᠎ᠠ ᠶᠢᠨ ᠬᠡᠳᠣᠨ ᠵᠢᠯ ᠠᠴᠠ ᠮᠠᠯ ᠤᠨ ᠥᠨ᠎ᠠ ᠥᠰᠥᠭᠰᠡᠨ ᠠᠴᠠ ᠣᠷᠣᠯᠭ᠎ᠠ ᠴᠥ ᠨᠡᠮᠡᠭᠳᠡᠵᠥ ᠮᠠᠯ ᠴᠥ ᠵᠢᠯ ᠲᠠᠷᠠᠭᠠᠯᠠᠨ ᠥᠨᠢᠷ ᠥᠰᠴᠥ ᠠᠮᠢᠳᠣᠷᠠᠯ ᠮᠠᠨᠢ ᠲᠡᠬᠡᠭᠰᠢᠯᠡᠭᠰᠡᠨ᠃ ᠣᠳᠥ ᠴᠥ ᠮᠠᠯ ᠢᠶᠠᠨ ᠮᠠᠯᠵᠢᠭᠠᠳ ᠲᠠᠨᠢᠬᠦᠨ ᠲᠠᠪᠠᠳᠠᠢ ᠠᠮᠢᠳᠣᠷᠠᠨ᠎ᠠ ᠳ᠋ᠠ︾ ᠬᠡᠵᠥ ᠶᠠᠷᠢᠯ᠎ᠠ᠃   ᠮᠥᠷᠠᠨ ᠡᠷᠳᠡᠨᠢᠬᠤᠸᠠᠷ ᠬᠤᠶᠠᠭᠤᠯᠠ ᠬᠥᠳᠡᠭᠡ ᠳᠤ ᠪᠠᠨ ᠬᠠᠷᠢᠵᠥ ᠢᠷᠠᠬᠦ ᠳᠤ ᠥᠪᠠᠷ ᠤᠨ ᠬᠡᠰᠡᠨ ᠴᠥᠬᠡᠪᠤᠷ ᠬᠡᠳᠣᠨ ᠮᠠᠯ ᠲᠠᠢ ᠪᠠᠶᠢᠬᠰᠠᠨ ᠪᠤᠯᠬᠤᠷ ᠠᠪᠤ ᠨᠢ ᠬᠤᠷᠢᠭᠠᠳ ᠬᠤᠨᠢ ᠪᠠᠷ ᠲᠠᠮᠵᠢᠵᠥ᠂ ᠡᠬᠡᠴᠢ ᠲᠠᠬᠦᠥ ᠨᠠᠷ ᠨᠢ ᠵᠣᠭᠤᠰ ᠮᠥᠡᠭᠬᠦ ᠪᠠᠷ ᠲᠣᠰᠠᠯᠠᠨ᠂ ᠠᠶᠢᠯ ᠰᠠᠭᠠᠬᠠᠯᠳᠠ ᠶᠢᠨ ᠬᠢᠨ ᠨᠢ ᠴᠥ ᠴᠢᠳᠠᠯ ᠤᠨ ᠬᠢᠷᠢ ᠪᠠᠷ ᠢᠶᠠᠨ ᠲᠠᠮ ᠲᠣᠰᠠ ᠪᠤᠯᠵᠠᠢ᠃ ︽ᠶᠠᠭᠠᠷᠠᠬᠰᠠᠨ ᠥᠶ᠎ᠠ ᠳᠤ ᠢᠮᠠᠭ᠎ᠠ ᠮᠠᠯᠵᠢ︾ ᠬᠡᠳᠡᠭ ᠢᠶᠠᠷ ᠡᠳᠡ ᠬᠤᠶᠠᠭᠤᠯᠠ ᠭᠠᠷ ᠲᠤ ᠪᠠᠶᠢᠬᠰᠠᠨ ᠪᠠᠭ᠎ᠠ ᠮᠥᠡᠭᠬᠦ ᠪᠠᠷ ᠢᠶᠠᠨ 20 ᠢᠮᠠᠭ᠎ᠠ ᠬᠤᠳᠠᠯᠳᠣᠨ ᠠᠪᠴᠥ ᠮᠠᠯᠵᠢᠬᠤ ᠶᠢᠨ ᠲᠠᠭᠠᠣ ᠳᠤ ᠪᠤᠰᠣᠳ ᠠᠴᠠ ᠰᠥᠷᠥᠭ ᠲᠠᠭᠠᠭᠠᠴᠢᠯᠠᠨ ᠮᠠᠯᠵᠢᠬᠤ᠂ ᠢᠯᠠᠬᠦᠴᠠ ᠪᠠᠯᠴᠢᠬᠡᠷ ᠲᠠᠬᠡᠷ᠎ᠠ ᠪᠠᠨ ᠮᠠᠯ ᠣᠷᠣᠭᠤᠯᠬᠤ ᠵᠠᠷᠬᠡ ᠠᠷᠭ᠎ᠠ ᠪᠠᠷ ᠣᠷᠣᠯᠭ᠎ᠠ ᠪᠠᠨ ᠨᠠᠮᠡᠭᠳᠡᠬᠦᠯᠪᠠ᠃ ᠢᠡᠭᠬᠢᠬᠡᠳ ᠫᠸᠡᠭ ᠬᠤᠷᠤᠭ᠎ᠠ ᠶᠢᠨ ᠪᠥᠳᠥᠬᠡᠨ ᠪᠠᠶᠢᠭᠤᠯᠣᠯᠳᠠ ᠪᠠᠨ ᠪᠥᠷᠢᠡᠰᠢᠬᠦᠯᠵᠥ᠂ ᠣᠷᠢᠳ ᠬᠤᠵᠢᠳ 14 ᠥᠬᠡᠷ ᠬᠤᠳᠠᠯᠳᠣᠨ ᠠᠪᠴᠥ ᠥᠨᠢᠶᠠᠨ ᠳᠤ ᠪᠠᠨ ᠭᠠᠷ ᠬᠡᠬᠡᠯᠳᠥᠬᠦᠯᠬᠡ ᠬᠢᠵᠥ ᠥᠬᠡᠷ ᠤᠨ ᠡᠬᠦᠯᠳᠡᠷ ᠢᠶᠠᠨ ᠰᠠᠶᠢᠵᠢᠷᠠᠭᠤᠯᠣᠬᠰᠠᠨ ᠪᠥᠬᠡᠳ ᠪᠤᠬ ᠮᠠᠯ ᠢᠶᠠᠨ ᠵᠣᠬᠢᠬᠤ ᠬᠠᠷᠢᠴᠠᠯ ᠢᠶᠠᠷ ᠬᠤᠳᠠᠯᠳᠣᠵᠥ᠂ ᠴᠠᠬᠠᠷ ᠡᠬᠦᠯᠳᠡᠷ ᠤᠨ ᠬᠤᠨᠢ ᠮᠠᠯᠵᠢᠬᠤ ᠵᠠᠮ ᠢ ᠰᠣᠩᠭᠤᠨ᠂ ᠣᠷᠣᠯᠭ᠎ᠠ ᠵᠠᠷᠣᠯᠭ᠎ᠠ ᠪᠠᠨ ᠲᠠᠩᠴᠡᠬᠦᠯᠥᠨ ᠴᠢᠷᠮᠠᠶᠢᠨ ᠠᠵᠢᠯᠯᠠᠬᠰᠠᠨ ᠢᠶᠠᠷ ᠴᠢᠨᠡᠬᠡᠯᠢᠭ ᠲᠠᠨᠢᠬᠦᠨ ᠠᠮᠢᠳᠣᠷᠠᠯ ᠲᠠᠢ ᠪᠤᠯᠵᠥ ᠪᠢᠯᠠ᠃
 
ᠢᠷᠡᠯᠲᠡ᠄ ᠰᠢᠯᠢ ᠶᠢᠨ ᠭᠤᠣᠯ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号