ᠤᠷᠴᠢᠮ ᠤᠨ ᠵᠢᠯ ᠤᠨ ︽ᠬᠤᠨᠢ ᠶᠢ ᠴᠥᠭᠡᠴᠢᠯᠡᠵᠥ ᠥᠭᠡᠷ ᠢ ᠨᠡᠮᠡᠭᠳᠡᠬᠦᠯᠬᠦ︾ ᠪᠠᠶᠢᠯᠲᠤᠬᠤ ᠪᠤᠲᠤᠯᠭ᠎ᠠ ᠶᠢᠨ | ᠤᠷᠢᠶᠠᠯᠠᠭ᠎ᠠ ᠪᠠᠷ ᠰᠢᠯᠤᠭᠤᠨ ᠬᠥᠪᠡᠭᠡᠲᠥ ᠴᠠᠭᠠᠨ ᠬᠤᠰᠢᠭᠤᠨ ᠤ ᠤᠯᠠᠭᠠᠨᠴᠠᠪ ᠰᠤᠮᠤ ᠶᠢᠨ ᠰᠠᠶᠢᠨᠪᠤᠯᠠᠭ ᠭᠠᠴᠠᠭᠠᠨ ᠤ | ᠮᠠᠯᠴᠢᠨ ᠬᠤᠤᠰᠪᠠᠶᠠᠷ ᠮᠠᠯ ᠰᠥᠷᠥᠭ ᠤᠨ ᠪᠥᠲᠥᠴᠡ ᠳᠤ ᠪᠠᠨ ᠲᠤᠬᠢᠷᠠᠭᠤᠯᠤᠯᠲᠠ ᠬᠢᠵᠥ ᠮᠠᠯ ᠤᠨ ᠲᠤᠭ᠎ᠠ ᠪᠠᠨ | ᠴᠥᠭᠡᠴᠢᠯᠡᠵᠥ᠂ ᠡᠬᠦᠯᠲᠡᠷ ᠰᠠᠶᠢᠵᠢᠷᠠᠭᠤᠯᠬᠤ ᠠᠵᠢᠯ ᠢ ᠴᠢᠩᠭᠠᠳᠬᠠᠨ ᠡᠬᠦᠯᠲᠡᠷ ᠤᠨ ᠥᠭᠡᠷ ᠮᠠᠯᠵᠢᠵᠥ᠂ ᠴᠢᠨᠡᠭᠡᠯᠢᠭ | ᠠᠮᠢᠲᠤᠷᠠᠯ ᠢᠶᠠᠨ ᠴᠤᠭᠴᠠᠯᠠᠵᠥ ᠶᠠᠪᠤᠨ᠎ᠠ᠃ | ᠬᠤᠤᠰᠪᠠᠶᠠᠷ ᠢ ᠰᠤᠷᠪᠤᠯᠵᠢᠯᠠᠬᠤ ᠪᠠᠷ ᠬᠥᠷᠬᠦ ᠳᠤ ᠲᠡᠷᠡ ᠥᠭᠡᠷ ᠤᠨ ᠬᠥᠯᠲᠡᠬᠦᠰᠥ ᠪᠠᠨ ᠠᠪᠴᠥ ᠪᠠᠶᠢᠯ᠎ᠠ᠃ | ᠵᠠᠳᠠᠭᠠᠢ ᠬᠤᠷᠤᠭᠠᠨ ᠳᠠᠬᠢ ᠲᠠᠷᠭᠤ ᠰᠠᠶᠢᠲᠠᠢ ᠥᠨᠢᠶᠡᠳ ᠠᠴᠠ ᠨᠢ ᠡᠲᠡᠨ ᠤ ᠬᠢ ᠪᠤᠯ ᠮᠠᠯ ᠤᠨ ᠢᠶᠠᠨ ᠲᠡᠵᠢᠭᠡᠯ | ᠪᠤᠷᠲᠤᠭ᠎ᠠ ᠶᠢ ᠬᠥᠷᠥᠯᠴᠡᠭᠡᠲᠡᠢ ᠬᠥᠢᠴᠡᠳ ᠪᠡᠯᠡᠳᠭᠡᠵᠥ᠂ ᠬᠡᠪᠲᠡᠯᠭᠡ ᠬᠤᠷᠤᠭ᠎ᠠ ᠶᠢ ᠨᠢ ᠲᠤᠯᠠᠭᠠᠨ ᠲᠠᠪᠠᠲᠠᠢ | ᠪᠠᠶᠢᠯᠭᠠᠵᠥ᠂ ᠮᠠᠯ ᠰᠥᠷᠥᠭ ᠢᠶᠠᠨ ᠮᠡᠨᠲᠤ ᠡᠪᠤᠯᠵᠢᠬᠦᠯᠲᠡᠭ ᠠᠵᠢᠯᠴᠢ ᠠᠶᠢᠯ ᠪᠤᠯᠬᠤ ᠨᠢ ᠭᠠᠲᠠᠷᠯᠠᠭᠲᠠᠨᠠ᠃ | ᠡᠲᠡᠨ ᠤ ᠬᠢ 2014 ᠤᠨ ᠳᠤ 300 ᠭᠠᠷᠤᠢ ᠬᠤᠨᠢ ᠮᠠᠯᠵᠢᠵᠥ ᠪᠠᠶᠢᠭᠰᠠᠨ ᠢᠶᠠᠨ ᠨᠤᠲᠤᠭ ᠪᠡᠯᠴᠢᠭᠡᠷ ᠢᠪᠴᠤᠤ᠂ | ᠭᠠᠨᠭ᠌ ᠭᠠᠴᠢᠭ᠂ ᠮᠠᠯ ᠤᠨ ᠡᠬᠦᠯᠲᠡᠷ ᠠᠨᠠᠢ ᠵᠡᠷᠭᠡ ᠰᠢᠯᠲᠠᠭᠠᠨ ᠠᠴᠠ ᠰᠥᠷᠥᠭ ᠤᠨ ᠪᠥᠲᠥᠴᠡ ᠳᠤ ᠪᠠᠨ | ᠲᠤᠬᠢᠷᠠᠭᠤᠯᠤᠯᠲᠠ ᠬᠢᠵᠥ᠂ ᠬᠤᠨᠢ ᠪᠠᠨ ᠬᠤᠲᠠᠯᠲᠤᠨ ᠡᠬᠦᠯᠲᠡᠷ ᠤᠨ ᠥᠭᠡᠷ ᠮᠠᠯᠵᠢᠬᠤ ᠵᠠᠮ ᠢ ᠡᠬᠢᠯᠡᠬᠦᠯᠵᠥ᠂ | ᠡᠬᠦᠯᠲᠡᠷ ᠰᠠᠶᠢᠨ ᠪᠤᠬ᠎ᠠ ᠬᠤᠲᠠᠯᠲᠤᠨ ᠠᠪᠴᠥ ᠭᠤᠴᠢᠭᠠᠳ ᠨᠤᠲᠤᠭ ᠤᠨ ᠥᠭᠡᠷ ᠢᠶᠠᠨ ᠢᠲᠡᠭ ᠢᠲᠡᠭ ᠢᠶᠠᠷ | ᠡᠬᠦᠯᠲᠡᠷ ᠢ ᠨᠢ ᠰᠠᠶᠢᠵᠢᠷᠠᠭᠤᠯᠬᠤ ᠠᠵᠢᠯ ᠢ ᠬᠢᠭᠰᠡᠨ ᠪᠠᠶᠢᠨ᠎ᠠ᠃ ᠡᠨᠡ ᠲᠤᠮᠲᠠ ᠭᠤᠷᠪᠠ ᠲᠥᠷᠪᠡᠨ ᠵᠢᠯ ᠪᠤᠯᠪᠠᠯ | ᠪᠤᠬ᠎ᠠ ᠪᠠᠨ ᠨᠢᠭᠡ ᠤᠲᠠᠭ᠎ᠠ ᠰᠤᠯᠢᠬᠤ ᠶᠢᠨ ᠬᠠᠮᠲᠤ ᠤᠷᠤᠯᠭ᠎ᠠ ᠵᠠᠷᠤᠯᠭ᠎ᠠ ᠪᠠᠨ ᠵᠤᠬᠢᠴᠠᠭᠤᠯᠤᠨ ᠨᠤᠲᠤᠭ ᠤᠨ ᠥᠭᠡᠷ | ᠬᠤᠲᠠᠯᠲᠤᠭᠰᠠᠨ ᠤᠷᠤᠯᠭ᠎ᠠ ᠪᠠᠷ ᠢᠶᠠᠨ ᠵᠢᠯ ᠪᠥᠷᠢ ᠰᠢᠮᠧᠨ᠋ᠲ᠋ᠠᠷ ᠥᠨᠢᠶ᠎ᠠ ᠠᠪᠴᠥ ᠡᠬᠦᠯᠲᠡᠷ ᠢ ᠨᠢ ᠰᠠᠶᠢᠵᠢᠷᠠᠭᠤᠯᠵᠥ | ᠢᠷᠡᠭᠰᠡᠨ ᠢᠶᠠᠷ ᠤᠢᠢᠷ᠎ᠠ ᠶᠢᠨ ᠬᠤᠶᠠᠷ ᠵᠢᠯ ᠨᠢᠭᠡ ᠲᠤᠭᠤᠯ ᠨᠢ ᠲᠡᠭᠰᠢᠳᠭᠡᠭᠡᠳ ᠨᠢᠭᠡ ᠲᠥᠮᠡ ᠭᠤᠷᠪᠠ ᠲᠥᠷᠪᠡᠨ | ᠮᠢᠩᠭᠠᠨ ᠲᠥᠭᠦᠷᠢᠭ ᠲᠤ ᠬᠥᠷᠲᠡᠭ ᠪᠤᠯᠤᠭᠰᠠᠨ ᠪᠠᠶᠢᠨ᠎ᠠ᠃ ᠡᠨᠡ ᠲᠤᠬᠠᠢ ᠬᠤᠤᠰᠪᠠᠶᠠᠷ᠄ ︽ᠲᠠᠪᠤ ᠵᠢᠷᠭᠤᠭᠠᠨ | ᠵᠢᠯ ᠤᠨ ᠡᠮᠥᠨ᠎ᠠ ᠮᠠᠨ ᠤ ᠬᠢ ᠬᠤᠨᠢ ᠥᠭᠡᠷ ᠢ ᠬᠤᠤᠰᠯᠠᠭᠤᠯᠤᠨ ᠮᠠᠯᠵᠢᠵᠥ᠂ 300 ᠭᠠᠷᠤᠢ ᠬᠤᠨᠢ᠂ ᠭᠤᠴᠢ | ᠲᠥᠴᠢᠨ ᠥᠭᠡᠷ ᠲᠠᠢ ᠪᠠᠶᠢᠭᠰᠠᠨ᠃ ᠰᠡᠬᠦᠯᠡᠷ ᠨᠢ ᠵᠤᠨ ᠳᠤ ᠪᠠᠨ ᠭᠠᠨᠭ᠌ ᠬᠠᠭᠰᠠᠷᠠᠭᠠᠨ᠂ ᠡᠪᠤᠯ ᠳᠤ ᠪᠠᠨ ᠴᠠᠰᠤ | ᠵᠤᠳ ᠪᠤᠯᠤᠭᠰᠠᠨ ᠢᠶᠠᠷ ᠥᠭᠡᠷ ᠢᠶᠠᠷ ᠭᠤᠤᠯᠲᠠᠭᠤᠯᠤᠨ ᠮᠠᠯᠵᠢᠵᠠᠢ᠃ ᠡᠬᠢᠯᠡᠭᠡᠳ ᠰᠠᠶᠢᠨ ᠡᠬᠦᠯᠲᠡᠷ ᠤᠨ ᠪᠤᠬ᠎ᠠ | ᠲᠠᠯᠪᠢᠵᠥ᠂ ᠴᠥᠭᠡᠨ ᠴᠥᠭᠡᠨ ᠢᠶᠠᠷ ᠰᠠᠶᠢᠨ ᠡᠬᠦᠯᠲᠡᠷ ᠤᠨ ᠥᠭᠡᠷ ᠠᠪᠴᠥ ᠢᠷᠡᠭᠰᠡᠨ ᠢᠶᠠᠷ ᠤᠲᠤ ᠥᠭᠡᠷ ᠤᠨ | ᠡᠬᠦᠯᠲᠡᠷ ᠤᠤᠯ ᠢ ᠪᠤᠲᠤᠪᠠᠯ ᠨᠡᠯᠢᠶᠡᠳ ᠰᠠᠶᠢᠨ ᠪᠤᠯᠤᠭᠰᠠᠨ᠃ ᠮᠠᠨ ᠤ ᠬᠢᠨ ᠤ ᠥᠭᠡᠷ ᠵᠤᠨ ᠳᠤ ᠪᠠᠨ ᠬᠡᠭᠡᠷᠡᠯᠡᠭᠡᠳ | ᠶᠠᠪᠤᠴᠢᠬᠠᠲᠠᠭ ᠪᠤᠯᠬᠤᠷ ᠬᠡᠬᠡᠯᠲᠥᠬᠦᠯᠭᠡ ᠬᠢᠵᠥ ᠲᠡᠶᠢᠯᠬᠦ ᠥᠭᠡᠢ᠂ ᠪᠤᠬ᠎ᠠ ᠪᠠᠨ ᠪᠠᠶᠢᠡᠭᠭᠤ ᠰᠤᠯᠢᠬᠤ ᠴᠢᠬᠤᠯᠠᠲᠠᠢ | ᠪᠤᠯᠬᠤᠷ ᠡᠬᠦᠯᠲᠡᠷ ᠢ ᠰᠠᠶᠢᠵᠢᠷᠠᠭᠤᠯᠵᠥ᠂ ᠲᠤᠭ᠎ᠠ ᠲᠤᠯᠤᠭᠠᠢ ᠶᠢ ᠴᠥᠭᠡᠴᠢᠯᠡᠬᠦ ᠰᠠᠨᠠᠭ᠎ᠠ ᠲᠠᠢ︾ ᠭᠡᠵᠥ ᠶᠠᠷᠢᠨ᠎ᠠ᠃ | ᠬᠤᠤᠰᠪᠠᠶᠠᠷ ᠤᠨ ᠬᠢ ᠭᠤᠷᠪᠠᠨ ᠠᠮᠠ ᠪᠥᠯᠢ ᠲᠠᠢ᠂ ᠠᠪᠤ ᠡᠵᠢ ᠪᠤᠯᠤᠨ ᠠᠬ᠎ᠠ ᠶᠢᠨ ᠬᠢ ᠲᠠᠢ ᠪᠠᠨ ᠨᠡᠶᠢᠲᠡ | 2500 ᠭᠠᠷᠤᠢ ᠮᠥ ᠨᠤᠲᠤᠭ ᠪᠡᠯᠴᠢᠭᠡᠷ ᠲᠡᠭᠡᠷ᠎ᠠ ᠲᠥᠴᠢᠭᠡᠳ ᠰᠢᠮᠧᠨ᠋ᠲ᠋ᠠᠷ ᠥᠭᠡᠷ᠂ ᠭᠤᠴᠢᠭᠠᠳ ᠱᠥᠯᠥᠨ ᠤ ᠬᠤᠨᠢ | ᠮᠠᠯᠵᠢᠵᠥ ᠪᠠᠶᠢᠭ᠎ᠠ ᠴᠢᠨᠡᠭᠡᠯᠢᠭ ᠠᠮᠢᠲᠤᠷᠠᠯ ᠲᠠᠢ ᠠᠶᠢᠯ ᠤᠨ ᠨᠢᠭᠡᠨ ᠶᠤᠮ᠃ ᠨᠢᠲᠤᠨᠤᠨ ᠵᠢᠯ ᠡᠪᠡᠰᠥ ᠪᠠᠨ ᠬᠠᠲᠤᠭᠰᠠᠨ | ᠥᠭᠡᠢ᠂ ᠥᠭᠡᠷ ᠲᠤ ᠪᠠᠨ ᠪᠡᠯᠴᠢᠭᠡᠷ ᠥᠯᠡᠲᠡᠭᠡᠵᠥ᠂ ᠬᠥᠭᠡ ᠡᠪᠡᠰᠥ 46 ᠲᠤᠨ᠂ ᠡᠷᠲᠡᠨᠢ ᠰᠢᠰᠢ ᠶᠢᠨ ᠰᠥᠷᠠᠯ 26 | ᠲᠤᠨ᠂ ᠪᠤᠷᠲᠤᠭ᠎ᠠ 20 ᠲᠤᠨ ᠪᠡᠯᠡᠳᠭᠡᠵᠥ᠂ ᠨᠡᠶᠢᠲᠡ 42 ᠥᠭᠡᠷ᠂ ᠭᠤᠴᠢᠭᠠᠳ ᠱᠥᠯᠥᠨ ᠤ ᠬᠤᠨᠢ | ᠡᠪᠤᠯᠵᠢᠬᠦᠯᠥᠭᠰᠡᠨ ᠪᠠᠶᠢᠯ᠎ᠠ᠃ ᠨᠢᠲᠤᠨᠤᠨ ᠠᠷᠪᠠᠭᠠᠳ ᠥᠭᠡᠷ᠂ ᠲᠥᠴᠢ ᠰᠢᠬᠠᠮ ᠲᠤᠭᠤᠯ ᠬᠤᠲᠠᠯᠲᠤᠭᠠᠳ ᠨᠡᠶᠢᠲᠡ | ᠵᠢᠷᠠᠭᠠᠳ ᠲᠥᠮᠡᠨ ᠲᠥᠭᠦᠷᠢᠭ ᠤᠨ ᠤᠷᠤᠯᠭ᠎ᠠ ᠡᠬᠦᠳᠴᠡᠢ᠃ ᠬᠤᠤᠰᠪᠠᠶᠠᠷ ᠪᠥᠰᠡᠬᠦᠢ ᠲᠠᠢ ᠪᠠᠨ ᠬᠤᠶᠠᠭᠤᠯᠠ | ᠡᠩ ᠤᠨ ᠴᠠᠭ ᠲᠤ ᠥᠭᠡ ᠲᠠᠭᠤ ᠴᠥᠭᠡᠨ ᠲᠠᠢ ᠴᠥ ᠬᠤᠨᠢ ᠮᠠᠯ ᠶᠠᠷᠢᠪᠠᠯ ᠥᠭᠡ ᠨᠢ ᠤᠯᠠᠲᠠᠵᠥ ᠢᠷᠡᠲᠡᠭ᠃ | ᠲᠠᠯᠠᠭᠠᠳ ᠥᠭᠡᠷ ᠲᠡᠵᠢᠭᠡᠵᠥ ᠲᠡᠶᠢᠯᠬᠦ ᠤᠡᠭᠭᠤᠴᠠ ᠪᠤᠯᠤᠨ ᠬᠠᠰᠢᠯᠭ᠎ᠠ᠂ ᠰᠠᠷᠠᠪᠴᠢᠨ ᠬᠤᠷᠤᠭ᠎ᠠ ᠶᠢ ᠬᠤᠤᠰᠪᠠᠶᠠᠷ | ᠠᠵᠢᠯ ᠤᠨ ᠰᠡᠯᠡᠬᠦᠥ ᠴᠠᠭ ᠢᠶᠠᠷ ᠥᠪᠡᠷ ᠢᠶᠠᠨ ᠭᠠᠨᠭ᠍ᠨᠠᠵᠥ ᠪᠠᠭ᠎ᠠ ᠪᠤᠰᠤ ᠵᠠᠷᠤᠲᠠᠯ ᠠᠷᠪᠢᠯᠠᠵᠥ᠂ ᠵᠠᠲᠠᠭᠠᠢ ᠬᠤᠷᠤᠭ᠎ᠠ᠂ | ᠲᠤᠯᠠᠭᠠᠨ ᠫᠸᠡᠭ᠂ ᠬᠤᠷᠤᠭ᠎ᠠ ᠴᠡᠪᠡᠷᠯᠡᠬᠦ ᠭᠤᠷᠪᠠᠨ ᠬᠥᠷᠲᠤᠲᠤ ᠮᠤᠲ᠋ᠤᠷ ᠲᠡᠷᠭᠡ᠂ ᠡᠪᠡᠰᠥ ᠬᠤᠯᠤᠰᠤ ᠪᠠᠨ ᠵᠥᠭᠡᠭᠡᠬᠦ | ᠲᠠᠷᠢᠶᠠᠯᠠᠩ ᠳᠤ ᠬᠡᠷᠡᠭᠰᠡᠬᠦ ᠮᠠᠰᠢᠨ ᠵᠡᠷᠭᠡ ᠰᠠᠭᠤᠷᠢ ᠲᠥᠭᠦᠭᠡᠷᠥᠮᠵᠢ᠂ ᠮᠠᠰᠢᠨ ᠮᠧᠬᠠᠨᠢᠭ ᠢ ᠢᠵᠢ ᠪᠥᠷᠢᠲᠥᠬᠦᠯᠥᠨ ᠮᠠᠯ | ᠠᠵᠤ ᠠᠬᠤᠢ ᠶᠢᠨ ᠬᠥᠭᠵᠢᠯᠲᠡ ᠳᠤ ᠪᠠᠨ ᠪᠠᠲᠤ ᠰᠠᠭᠤᠷᠢ ᠲᠠᠯᠪᠢᠭᠰᠠᠨ ᠪᠠᠶᠢᠨ᠎ᠠ᠃ ︽ᠪᠡᠯᠡᠳᠭᠡᠯ ᠰᠠᠶᠢᠲᠠᠢ ᠪᠤᠯ | ᠪᠡᠷᠭᠡᠲᠡᠬᠦ ᠥᠭᠡᠢ︾ ᠬᠡᠲᠡᠭ᠃ ᠡᠲᠡᠨ ᠤ ᠬᠢ ᠵᠢᠯ ᠪᠥᠷᠢ ᠡᠪᠡᠰᠥ ᠪᠤᠷᠲᠤᠭ᠎ᠠ ᠪᠠᠨ ᠬᠢᠮᠲᠠ ᠥᠶ᠎ᠠ ᠳᠤ | ᠬᠥᠷᠥᠯᠴᠡᠭᠡᠲᠡᠢ ᠤᠷᠤᠭᠤᠯᠵᠥ᠂ ᠡᠪᠤᠯ ᠬᠠᠪᠤᠷ ᠢ ᠠᠵᠢᠭ ᠥᠭᠡᠢ ᠲᠤᠭᠤᠯᠵᠥ᠂ ᠤᠷᠤᠯᠭ᠎ᠠ ᠵᠠᠷᠤᠯᠭ᠎ᠠ ᠪᠠᠨ | ᠵᠤᠬᠢᠴᠠᠭᠤᠯᠵᠥ᠂ ᠠᠮᠢᠲᠤᠷᠠᠯ ᠳᠤ ᠪᠠᠨ ᠨᠠᠷᠢᠨ ᠲᠤᠭᠠᠴᠠᠭ᠎ᠠ ᠬᠢᠵᠥ᠂ ᠠᠵᠢᠯᠴᠢ ᠤᠬᠠᠭᠠᠯᠢᠭ ᠢᠶᠠᠷ ᠴᠢᠨᠡᠭᠡᠯᠢᠭ | ᠠᠮᠢᠲᠤᠷᠠᠯ ᠢᠶᠠᠨ ᠴᠤᠭᠴᠠᠯᠠᠵᠥ ᠶᠠᠪᠤᠨ᠎ᠠ᠃ |