ᠤᠶᠠᠩᠭ᠎ᠠ ᠶᠢᠨ ᠴᠡᠩᠭᠡᠷ ᠦᠯᠦᠭᠡᠢ ︵ᠨᠠᠶᠢᠷᠠᠭᠤᠯᠤᠯ︶
ᠨᠡᠶᠢᠲᠡᠯᠡᠭᠰᠡᠨ ᠴᠠᠭ᠄
2020/7/8
ᠤᠶᠠᠩᠭ᠎ᠠ ᠶᠢᠨ ᠴᠡᠩᠭᠡᠷ ᠦᠯᠦᠭᠡᠢ ︵ᠨᠠᠶᠢᠷᠠᠭᠤᠯᠤᠯ︶        — ᠳᠤ᠋᠂ ᠵᠢᠭᠵᠢᠳᠰᠦ᠋ᠷᠦᠩ ᠵᠤᠬᠢᠶᠠᠪᠠ ᠡᠪᠤᠯ ᠤᠨ ᠴᠠᠰᠦ᠂ ᠬᠠᠪᠤᠷ ᠤᠨ ᠰᠠᠯᠬᠢ᠂ ᠵᠤᠨ ᠤ ᠬᠤᠷ᠎ᠠ᠂ ᠨᠠᠮᠤᠷ ᠤᠨ ᠨᠠᠷᠠ ᠶᠢ ᠤᠯᠠᠨᠳᠠ ᠡᠭᠡᠯᠵᠢᠯᠠᠨ ᠦᠡᠭᠭᠡᠷᠡᠭᠰᠡᠨ ᠤᠶᠠᠩᠭ᠎ᠠ ᠶᠢᠨ ᠳᠠᠯ᠎ᠠ ᠮᠢᠨᠢ ᠦᠶ᠎ᠠ ᠦᠶ᠎ᠠ ᠴᠠᠶᠢᠵᠦ᠂ ᠦᠶ᠎ᠠ ᠦᠶ᠎ᠠ ᠬᠦᠭᠡᠷᠠᠵᠦ᠂ ᠦᠶ᠎ᠠ ᠦᠶ᠎ᠠ ᠦᠷᠡᠯᠡᠬᠦ ᠳᠤ ᠪᠠᠨ ᠬᠠᠪᠤᠷ ᠤᠨ ᠳᠡᠷᠢᠬᠦᠨ ᠰᠠᠷ᠎ᠠ ᠬᠦᠷᠴᠦ ᠢᠷᠡᠬᠦ ᠳᠤ ᠦᠷᠯᠦᠭᠡ ᠨᠢ ᠪᠤᠭᠤᠷᠤᠯᠳᠤᠨ᠂ ᠡᠳᠦᠷ ᠨᠢ ᠴᠡᠯᠭᠡᠷᠳᠡᠨ᠂ ᠦᠳᠡᠰᠢ ᠨᠢ ᠴᠡᠩᠭᠡᠷᠳᠡᠨ᠂ ᠮᠤᠩᠭᠤᠯᠴᠤᠳ ᠤᠨ ᠬᠦᠡᠭᠬᠢᠨᠠᠮ᠎ᠠ ᠢᠷᠠᠭᠤ ᠮᠤᠷᠢᠨ ᠬᠤᠭᠤᠷ ᠤᠨ ᠮᠢᠨᠢ ᠤᠷᠳᠤ ᠪᠤᠭᠤᠨᠢ ᠤᠶᠠᠩᠭᠠᠯᠢᠭ ᠠᠶᠠᠰ ᠰᠢᠭ ᠢᠶᠠᠷ ᠶᠠᠭᠠᠨ ᠨᠤᠭᠤᠭᠠᠨ ᠰᠢᠷ᠎ᠠ ᠴᠠᠭᠠᠨ ᠦᠡᠭᠭᠡ ᠦᠡᠭᠭᠡ ᠪᠠᠷ ᠰᠤᠯᠤᠩᠭᠠᠷᠠᠨ ᠳᠤᠶᠠᠭᠠᠷᠠᠵᠦ᠂ ᠬᠤᠷᠸ᠎ᠠ ᠶᠢᠷᠳᠢᠨᠴᠦ ᠶᠢᠨ ᠬᠦᠮᠦᠨ ᠠᠳᠤᠭᠤᠰᠤᠨ ᠳᠤ ᠬᠢᠮᠤᠰᠤᠨ ᠳᠤᠯᠢᠨ ᠳᠡᠳᠦᠢ ᠬᠠᠷᠠᠮᠴᠢ ᠦᠭᠡᠢ ᠦᠭᠬᠢᠶᠡᠮᠦᠷᠴᠢ ᠦᠭᠯᠢᠭᠡᠴᠢ ᠪᠠᠷ ᠢᠶᠠᠨ ᠭᠠᠶᠢᠬᠠᠭᠳᠠᠨ᠎ᠠ ᠪᠢᠯᠠ᠃ ᠦᠡᠭᠰᠢᠭ ᠵᠢᠯ ᠤᠨ ᠡᠪᠤᠯ ᠤᠨ ᠡᠳᠦᠷ ᠤᠳ ᠲᠤ ᠤᠭᠳᠠᠷᠭᠤᠢ ᠶᠢᠨ ᠳᠠᠩᠨᠠᠢ ᠬᠦᠡᠭᠬᠦᠶᠢᠨ ᠴᠡᠩᠭᠡᠷᠯᠡᠵᠦ᠂ ᠳᠡᠷᠳᠡᠭᠡ ᠤᠨᠢᠶᠠᠷᠳᠤᠬᠤ ᠴᠡᠩᠭᠡᠷ ᠠᠭᠤᠯᠠᠰ ᠤᠨ ᠳᠡᠭᠡᠬᠦᠷ ᠬᠤᠷᠮᠤᠰᠳᠠ ᠶᠢᠨ ᠴᠠᠭᠠᠨ ᠡᠬᠦᠯᠡᠰ ᠬᠡᠰᠡᠭ ᠬᠡᠰᠡᠭ ᠢᠶᠠᠷ ᠵᠤᠯᠠᠭᠰᠠᠨ ᠬᠦᠪᠤᠡᠭ ᠰᠢᠭ ᠬᠦᠪᠪᠦᠯᠵᠡᠨ ᠨᠡᠬᠦᠳᠡᠯᠯᠡᠨ᠎ᠡ᠃ ᠤᠯᠠᠭᠠᠨ ᠶᠠᠭᠠᠨ ᠱᠢᠷᠤ ᠰᠤᠪᠤᠳ ᠤᠨ ᠤᠨᠵᠢᠯᠠᠭᠠᠳᠤ ᠦᠨᠳᠦᠷ ᠦᠨᠳᠦᠷ ᠪᠤᠷᠤ ᠮᠠᠩᠬ᠎ᠠ ᠪᠠᠷ ᠬᠦᠷᠢᠶᠡᠯᠡᠬᠦᠯᠦᠭᠰᠡᠨ ᠤᠶᠠᠩᠭ᠎ᠠ ᠶᠢᠨ ᠨᠤᠭᠤᠭᠠᠨ ᠳᠠᠯ᠎ᠠ ᠶᠢᠨ ᠮᠢᠨᠢ ᠬᠦᠨᠳᠡᠢ ᠵᠢᠯᠠᠭ᠎ᠠ  ᠪᠠᠷ ᠬᠦᠷᠠᠩ ᠤᠯᠠᠭᠠᠨ ᠵᠢᠰᠤᠮ ᠤᠨ ᠳᠡᠮᠡᠭᠡ ᠦᠭᠡᠷ ᠤᠨ ᠰᠦᠷᠦᠭ ᠳᠠᠯ᠎ᠠ ᠳᠡᠭᠡᠷ᠎ᠡ ᠰᠠᠴᠤᠭᠰᠠᠨ ᠦᠵᠦᠮ ᠴᠢᠪᠠᠭ᠎ᠠ ᠰᠢᠭ ᠳᠠᠷᠬᠠᠨ ᠪᠡᠯᠴᠢᠭᠡᠷᠯᠡᠵᠦ᠂ ᠨᠠᠷᠠᠨ ᠡᠩᠭᠡᠷ ᠤᠨ ᠨᠠᠯᠠᠭᠠᠷ ᠤᠷᠳᠤ ᠪᠠᠯ ᠢᠶᠠᠷ ᠬᠤᠨᠢᠨ ᠰᠦᠷᠦᠭ ᠨᠤᠤᠷᠠᠨ᠎ᠠ᠃ ᠬᠦᠭᠡᠯᠵᠢᠮ᠎ᠠ ᠴᠡᠯᠮᠡᠭ ᠠᠭᠠᠷ ᠢᠶᠠᠷ ᠨᠢ ᠳᠠᠯᠠᠨ ᠬᠡᠯᠡᠳᠦ ᠴᠡᠭᠴᠦᠭᠡᠢ ᠠᠳᠤᠭᠤᠴᠢᠨ ᠡᠷ᠎ᠡ ᠶᠢᠨ ᠤᠶᠠᠩᠭᠠᠯᠠᠭᠤᠨ ᠢᠰᠭᠡᠷᠤᠭᠡ ᠪᠠᠷ ᠢᠰᠭᠡᠷᠤᠨ ᠵᠢᠷᠬᠢᠨ᠎ᠠ᠃ ᠰᠦᠨᠢ ᠶᠢᠨ ᠬᠦᠨ ᠳᠤ ᠤᠶᠠᠩᠭ᠎ᠠ ᠶᠢᠨ ᠳᠠᠯ᠎ᠠ ᠶᠢᠨ ᠮᠢᠨᠢ ᠮᠦᠡᠭᠭᠡ ᠨᠤᠭᠤᠭᠠᠨ ᠵᠡᠭᠡᠷᠭᠡᠨ᠎ᠡ ᠨᠤᠭᠤᠭᠠᠷᠠᠭᠰᠠᠨ ᠬᠦᠨ ᠴᠦᠡᠭᠬᠦᠷᠭᠡ ᠠᠴᠠ ᠵᠠᠷᠠᠭ᠎ᠠ ᠤᠶᠠᠩᠭᠠᠯᠠᠨ ᠮᠦᠭᠡᠷᠡᠵᠦ᠂ ᠤᠭᠤᠯᠢ᠂ ᠰᠢᠷ᠎ᠠ ᠰᠢᠪᠠᠭᠤ ︽ᠬᠢᠳ ᠬᠢᠳ︾᠂ ︽ᠬᠦᠢ ᠬᠠᠢ︾ ᠳᠠᠭᠤᠯᠠᠨ ᠪᠦᠵᠢᠭᠯᠡᠨᠡᠮ᠃ ᠤᠷᠢᠬᠠᠨ ᠬᠠᠪᠤᠷ ᠤᠷᠭᠤᠮᠠᠯ ᠳᠦᠮᠡᠨ ᠪᠤᠳᠠᠰ ᠳᠡᠯᠭᠡᠷᠡᠨ ᠴᠡᠴᠡᠭᠯᠡᠵᠦ᠂ ᠤᠰᠤᠨ ᠤ ᠭᠠᠨᠭ᠍ᠭᠠᠡᠭ ᠭᠠᠯᠠᠭᠤᠳ ᠭᠠᠨᠭ᠍ᠭᠠᠨᠠᠨ ᠭᠤᠨᠭ᠍ᠭᠠᠨᠠᠵᠦ ᠤᠷᠠᠨ ᠬᠦᠬᠦᠭᠡ ᠳᠤᠩᠭᠤᠳᠤᠨ᠂ ᠨᠢᠯᠬ᠎ᠠ ᠨᠢᠷᠠᠢ ᠳᠦᠯ ᠮᠠᠶᠢᠯᠠᠨ ᠮᠦᠭᠡᠷᠡᠬᠦ ᠨᠢ ᠶᠠᠭ ᠤᠶᠠᠬᠠᠨ ᠬᠦᠭᠵᠢᠮ ᠮᠡᠳᠦ ᠢᠷᠠᠭᠤᠯᠢᠭ ᠠᠵᠢ᠃ ᠵᠤᠰᠠᠭᠠᠯ ᠤᠨ ᠠᠶᠢᠯ ᠤᠨ ᠵᠢᠭᠳᠡᠷᠡᠭᠰᠡᠨ ᠤᠯᠠᠨ ᠮᠤᠩᠭᠤᠯ ᠬᠡᠷ ᠤᠨ ᠳᠡᠯᠭᠡᠴᠡ ᠳᠡᠭᠡᠷ᠎ᠡ᠂ ᠴᠡᠮᠴᠡᠭᠡᠷ ᠴᠠᠭᠠᠨ ᠠᠭᠠᠷᠤᠤᠯ ᠬᠤᠷᠤᠳ ᠳᠤᠰ ᠳᠠᠭᠠᠪᠤᠷᠢᠯᠠᠨ ᠢᠷᠠᠶᠢᠯᠴᠠᠨ᠎ᠠ᠃ ᠤᠶᠠᠩᠭ᠎ᠠ ᠶᠢᠨ ᠳᠠᠯ᠎ᠠ ᠶᠢᠨ ᠴᠡᠯᠭᠡᠷ ᠨᠤᠭᠤᠭᠠᠨ ᠳᠡᠨᠵᠢᠨ ᠳᠡᠭᠡᠷ᠎ᠡ ᠨᠢ ᠦᠡᠭᠭᠡ ᠦᠡᠭᠭᠡ ᠶᠢᠨ ᠭᠤᠶᠤ ᠳᠡᠷᠯᠢᠭ ᠡᠮᠤᠰᠦᠭᠰᠡᠨ ᠮᠠᠯᠴᠢᠳ ᠬᠤᠷᠠᠨ ᠴᠤᠭᠯᠠᠷᠠᠨ ᠴᠡᠭᠡ ᠪᠠᠷᠢᠨ᠂ ᠱᠦᠬᠦᠰᠦ ᠡᠷᠬᠦᠵᠦ᠂ ᠤᠶᠠᠩᠭ᠎ᠠ ᠶᠢᠨ ᠪᠤᠯᠠᠭ ᠢᠶᠠᠨ ᠳᠠᠬᠢᠨ᠂ ᠮᠤᠷᠢ ᠤᠷᠤᠯᠳᠤᠨ ᠪᠦᠭᠡ ᠪᠠᠷᠢᠯᠳᠤᠵᠦ ᠨᠠᠭᠠᠳᠤᠨ ᠴᠡᠩᠭᠡᠯᠳᠦᠨ᠎ᠠ᠃ ᠤᠶᠠᠩᠭ᠎ᠠ ᠶᠢᠨ ᠨᠠᠭᠤᠷ ᠵᠠᠬᠠᠯᠠᠵᠦ ᠪᠤᠢ ᠴᠠᠭ ᠲᠤ ᠪᠤᠯᠠᠭ ᠤᠨ ᠤᠰᠤᠨ ᠠᠴᠠ ᠬᠠᠨᠤᠳᠠᠯ᠎ᠠ ᠪᠠᠨ ᠤᠤᠭᠤᠭᠰᠠᠨ ᠠᠳᠤᠭᠤᠳ ᠳᠠᠯ ᠪᠤᠰᠬᠠᠨ ᠰᠡᠬᠦᠯ ᠪᠠᠭᠠᠳᠠᠯᠠᠯᠠᠨ ᠤᠡᠭᠭᠤᠯᠳᠤᠨ ᠤᠡᠭᠭᠤᠯᠳᠤᠨ ᠳᠠᠪᠬᠢᠯᠳᠤᠨᠠᠮ᠃ ᠡᠪᠡᠰᠦ ᠬᠠᠳᠤᠯᠠᠩ ᠢᠶᠠᠨ ᠳᠡᠭᠡᠭᠡᠭᠰᠡᠨ ᠠᠴᠢᠶᠠᠨ ᠤ ᠤᠯᠠᠭᠠᠨ ᠲᠷᠠᠺᠲ᠋ᠤᠷ ᠤᠳ ᠤᠳᠤᠭ᠎ᠠ ᠳᠤᠭᠤᠰᠤ ᠮᠠᠨᠠᠷᠠᠭᠠᠨ ᠬᠦᠷᠴᠢᠬᠢᠨᠠᠨ ᠬᠦᠷᠴᠢᠬᠢᠨᠠᠨ ᠦᠡᠭᠭᠡᠷᠡᠨ᠎ᠡ᠃ ᠤᠭᠤᠳᠤᠨ᠎ᠠ ᠶᠢᠨ ᠴᠤᠭᠯᠠᠭᠤᠯᠤᠭᠰᠠᠨ ᠠᠬᠢ ᠰᠢᠷᠠᠯᠵᠢ ᠶᠢᠨ ᠨᠤᠭᠤᠭᠠᠨ ᠬᠦᠶᠦᠭᠡ ᠠᠴᠠ ᠠᠩᠬᠢᠯᠤᠮ᠎ᠠ ᠦᠨᠦᠷ ᠰᠡᠩᠬᠢᠨᠡᠨ᠎ᠡ᠃ ᠢᠵᠢᠯᠢ ᠠᠴᠠ ᠪᠠᠨ ᠰᠠᠯᠵᠦ ᠰᠠᠷᠨᠢᠭᠰᠠᠨ ᠪᠤᠳᠤᠭᠤ ᠳᠤᠷᠤᠮ ᠤᠳ ᠤᠶᠠᠩᠭ᠎ᠠ ᠶᠢᠨ ᠳᠠᠯ᠎ᠠ ᠳᠤ ᠪᠡᠯᠴᠢᠭᠡ ᠤᠯᠠᠨ ᠳᠡᠮᠡᠭᠡᠨ ᠤ ᠳᠤᠮᠳᠠ ᠤᠶᠠᠩᠭᠠᠯᠠᠭᠤᠯᠤᠨ ᠪᠤᠶᠢᠯᠠᠨ᠎ᠠ᠃ ᠤᠶᠠᠩᠭ᠎ᠠ ᠶᠢᠨ ᠨᠠᠷᠢᠨ ᠳᠠᠯ᠎ᠠ ᠮᠢᠨᠢ᠂ ᠲᠠ ᠪᠤᠯ ᠬᠤᠷᠸ᠎ᠠ ᠶᠢᠷᠳᠢᠨᠴᠦ ᠳᠤ ᠠᠯᠠᠭ᠎ᠠ  ᠶᠢᠨ ᠴᠢᠨᠡᠭᠡᠭᠡᠨ ᠦᠵᠡᠭᠳᠡᠵᠦ ᠪᠠᠶᠢᠪᠠᠴᠦ ᠠᠮᠢᠳᠠᠨ ᠬᠦᠮᠦᠨ ᠳᠤ ᠬᠠᠷᠢᠨ ᠶᠤᠰᠤᠳᠠᠢ ᠯᠠ ᠠᠮᠢ ᠠᠮᠢᠵᠢᠷᠠᠯ ᠤᠨ ᠠᠯᠳᠠᠨ ᠪᠤᠶᠠᠨ ᠢ ᠢᠪᠡᠭᠡᠨ ᠰᠤᠶᠤᠷᠬᠠᠭᠴᠢ ᠠᠪᠤᠷᠠᠯ ᠤᠨ ᠬᠡᠭᠡᠨ ᠦᠯᠦᠭᠡᠢ ᠮᠢᠨᠢ ᠬᠡᠮᠡᠷ ᠰᠠᠨ᠃ ᠡᠩᠭᠡ ᠶᠢᠨ ᠠᠯᠳᠠᠨ ᠬᠦᠷᠦᠰᠦᠨ ᠳᠤᠤᠷᠠᠬᠢ ᠳᠤᠨᠳᠠᠷᠠᠰᠢ ᠦᠭᠡᠢ ᠮᠦᠡᠭᠭᠡ ᠶᠢᠨ ᠷᠠᠰᠢᠶᠠᠨ ᠤᠰᠤ ᠪᠠᠷ ᠢᠶᠠᠨ ᠡᠨᠡ ᠨᠤᠳᠤᠭ ᠤᠨ ᠢᠶᠠᠨ ᠬᠦᠮᠦᠨ ᠠᠷᠠᠳ ᠢ ᠤᠮᠳᠠᠯᠠᠨ ᠳᠡᠵᠢᠭᠡᠵᠦ᠂ ᠢᠳᠡᠭᠳᠡᠭᠰᠡᠨ ᠳᠤᠪᠤ ᠬᠦᠭᠡᠷᠡᠳᠡᠭ ᠤᠨ ᠠᠳᠠᠯᠢ ᠢᠳᠡᠭᠡᠳ ᠳᠠᠭᠤᠰᠤᠰᠢ ᠦᠭᠡᠢ ᠢᠳᠡ ᠰᠢᠮᠡᠳᠦ ᠣᠭ᠍ᠶᠦ ᠨᠤᠭᠤᠭᠠᠨ ᠪᠡᠯᠴᠢᠭᠡᠷ ᠢᠶᠠᠷ ᠢᠶᠠᠨ ᠡᠷᠬᠢᠮ ᠠᠵᠢᠯᠰᠠᠭ ᠮᠠᠯᠴᠢᠳ ᠤᠨ ᠢᠶᠠᠨ ᠦᠨᠢᠷ ᠵᠤᠵᠠᠭᠠᠨ ᠮᠠᠯ ᠰᠦᠷᠦᠭ ᠢ ᠨᠢ ᠮᠢᠩᠭ᠎ᠠ ᠳᠦᠮᠡ ᠪᠠᠷ ᠦᠰᠭᠡᠨ ᠦᠷᠠᠵᠢᠬᠦᠯᠵᠦ᠂ ᠡᠳ᠋ᠯᠠᠵᠦ ᠰᠠᠭᠤᠭᠠᠳ ᠪᠠᠷᠠᠰᠢ ᠦᠭᠡᠢ ᠦᠯᠵᠠᠢ ᠪᠤᠶᠠᠨᠳᠤ ᠠᠯᠳᠠᠨ ᠰᠢᠷᠤᠢ ᠪᠠᠨ ᠡᠯᠪᠡᠷᠢᠯ ᠤᠨ ᠬᠠᠶᠢᠷᠠᠳᠤ ᠡᠵᠡᠳ ᠲᠤ ᠪᠠᠨ ᠦᠶ᠎ᠠ ᠤᠯᠠᠷᠢᠭᠤᠯᠤᠨ ᠨᠤᠳᠤᠭᠯᠠᠭᠤᠯᠤᠨ ᠢᠪᠡᠭᠡᠭᠰᠡᠨ ᠨᠤᠭᠤᠭᠠᠨ ᠪᠠᠶᠢᠭᠠᠯᠢ᠂ ᠨᠤᠮᠴᠢ ᠡᠷᠳᠡᠮᠳᠡᠳ ᠤᠨ ᠬᠢᠨᠢ ᠤᠶᠠᠩᠭᠠᠯᠠᠨ ᠳᠠᠭᠤᠯᠠᠳᠠᠭ ᠤᠶᠠᠩᠭ᠎ᠠ ᠶᠢᠨ ᠴᠡᠩᠭᠡᠷᠭᠡᠨ ᠦᠯᠦᠭᠡᠢ ᠲᠠ ᠳᠡᠨᠡᠶᠢᠨ ᠳᠡᠨᠡᠶᠢᠭᠰᠡᠭᠡᠷ ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号