ᠭᠤᠷᠪᠠᠨ ᠠᠯᠳᠠ ᠶᠢᠨ ᠬᠤᠰᠤᠨ ᠤᠷᠭ᠎ᠠ | — ᠰᠡᠷᠡᠩᠸᠠᠶᠢᠵᠠᠪ ᠵᠤᠬᠢᠶᠠᠪᠠ | ᠠᠷᠤ ᠶᠢᠨ ᠴᠠᠰᠤ ᠬᠠᠶᠢᠯᠵᠦ ᠠᠬᠢ ᠨᠢᠳᠦᠯᠡᠭᠰᠡᠨ ᠳᠤᠩᠭᠠᠯᠠᠭ ᠰᠠᠶᠢᠬᠠᠨ ᠦᠷᠯᠦᠭᠡ ᠪᠢᠯᠡ᠃ ᠠᠯᠠᠭ ᠪᠤᠯᠠᠭ | ᠲᠠᠢ ᠠᠳᠤᠭᠤᠨ ᠰᠦᠷᠦᠭ ᠤᠨ ᠪᠠᠷᠠᠭᠤᠨ ᠬᠤᠶᠢᠳᠤ ᠵᠠᠬ᠎ᠠ ᠠᠴᠠ ᠬᠠᠷ᠎ᠠ᠂ ᠴᠠᠭᠠᠨ ᠬᠤᠶᠠᠷ ᠮᠤᠷᠢ ᠲᠠᠢ ᠬᠦᠮᠦᠨ | ᠱᠤᠭᠰᠢᠭᠤᠯᠤᠨ ᠢᠷᠠᠵᠦ ᠳᠠᠷᠬᠠᠭᠰᠠᠨ ᠠᠳᠤᠭᠤᠨ ᠰᠦᠷᠦᠭ ᠢ ᠳᠠᠯ᠎ᠠ ᠠᠴᠠ ᠨᠢ ᠬᠤᠷᠢᠶᠠᠵᠦ ᠪᠢᠴᠢᠬᠠᠨ ᠳᠤᠪᠤ ᠶᠢᠨ | ᠡᠩᠭᠡᠷ ᠲᠤ ᠪᠦᠭᠡᠮᠨᠡᠷᠡᠬᠦᠯᠪᠠ᠃ | ᠴᠠᠭᠠᠨ ᠮᠤᠷᠢ ᠲᠠᠢ ᠬᠦᠮᠦᠨ ᠨᠢ ᠤᠶᠢᠵᠦ ᠡᠶᠢᠯᠦᠭᠰᠡᠨ ᠪᠤᠷᠤᠯᠠᠭ ᠮᠤᠷᠢ ᠶᠢ ᠠᠮᠠᠭᠠᠶᠢᠳᠠᠨ ᠡᠷᠬᠢᠬᠦᠯᠵᠦ | ᠠᠳᠤᠭᠤᠨ ᠳᠤᠮᠳᠠ ᠤᠷᠤᠭᠤᠯᠳᠠᠯᠠ ᠨᠦᠬᠦᠭᠡ ᠨᠢ ᠤᠷᠭ᠎ᠠ ᠰᠤᠩᠭᠠᠨ ᠬᠤᠷᠤᠶᠢᠯᠳᠤᠵᠦ ᠴᠡᠭᠡᠵᠢ ᠪᠠᠨ ᠳᠦᠷᠢᠰᠬᠢᠪᠠ᠃ | ᠬᠠᠷ᠎ᠠ ᠮᠤᠷᠢ ᠬᠠᠵᠠᠭᠠᠷ ᠵᠤᠤᠵᠠᠢ ᠬᠠᠨᠭ᠍ᠬᠢᠨᠠᠭᠤᠯᠤᠨ ᠳᠤᠪᠳᠤᠯᠵᠦ᠂ ᠳᠠᠪᠢᠷᠠᠪᠠᠯ ᠳᠠᠪᠬᠢᠭᠠᠳ᠂ ᠳᠠᠳᠠᠪᠠᠯ ᠰᠠᠭᠤᠭᠠᠳ᠂ | ᠬᠡᠯᠪᠡᠶᠢᠪᠠᠯ ᠬᠡᠪᠡᠶᠢᠭᠡᠳ᠂ ᠭᠡᠳᠡᠶᠢᠪᠠᠯ ᠭᠡᠯᠳᠦᠷᠢᠭᠡᠳ ᠪᠤᠷᠤᠯᠠᠭ ᠤᠨ ᠬᠤᠶᠢᠨ᠎ᠠ ᠠᠴᠠ ᠰᠡᠬᠦᠳᠡᠷ ᠰᠢᠭ ᠨᠠᠭᠠᠯᠳᠤᠭᠠᠳ | ᠤᠴᠢᠯ᠎ᠠ᠃ ᠦᠨᠦ ᠵᠠᠯᠠᠭᠤ ᠴᠦ ᠤᠨᠤᠭᠰᠠᠨ ᠮᠤᠷᠢᠨ ᠤ ᠪᠠᠨ ᠵᠢᠯᠤᠭᠤ ᠴᠤᠯᠪᠤᠭᠤᠷ ᠢ ᠡᠮᠤᠨ᠎ᠠ ᠪᠦᠬᠦᠷᠭᠡ ᠳᠡᠭᠡᠨ | ᠡᠯᠬᠦᠵᠦ᠂ ᠤᠷᠭ᠎ᠠ ᠪᠠᠨ ᠬᠤᠷᠤᠶᠢᠯᠳᠤᠭᠰᠠᠭᠠᠷ ᠡᠯᠬᠦᠭᠡᠳ ᠠᠪᠤᠯ᠎ᠠ᠃ ᠬᠠᠷ᠎ᠠ ᠴᠡᠭᠡᠵᠢ ᠪᠠᠷ ᠢᠶᠠᠨ ᠤᠷᠭᠠᠯᠠᠭᠤᠯᠤᠭᠰᠠᠨ | ᠬᠠᠨᠭ᠍ᠬᠠᠯ ᠪᠤᠷᠤᠯᠠᠭ ᠬᠠᠷᠠᠶᠢᠨ ᠳᠡᠮᠡᠦᠯᠠᠵᠦ᠂ ᠪᠤᠳᠠᠨ ᠠᠴᠠ ᠪᠤᠳᠠᠩ ᠳᠡᠭᠳᠡᠳᠡᠯᠡ᠂ ᠬᠠᠳᠠᠨ ᠠᠴᠠ ᠬᠠᠶᠢᠷ ᠨᠢᠰᠳᠡᠯᠡ | ᠳᠤᠶᠢᠯᠠᠪᠠ᠃ ᠳᠤᠯᠢ ᠪᠤᠯᠳᠠᠯ᠎ᠠ ᠵᠦᠯᠬᠦᠵᠦ ᠳᠤᠰᠤ ᠨᠡᠪᠳᠡᠷᠡᠳᠡᠯ᠎ᠡ ᠦᠡᠭᠭᠡᠯᠡᠭᠰᠡᠨ ᠭᠤᠸ᠎ᠠ ᠨᠠᠷᠢᠨ ᠤᠷᠭ᠎ᠠ ᠨᠢ ᠭᠤᠷᠪᠠ | ᠳᠦᠷᠪᠠ ᠮᠤᠯᠬᠢᠯᠵᠠᠨ ᠨᠠᠬᠢᠯᠵᠠᠵᠦ᠂ ᠳᠤᠭᠰᠢᠨ ᠪᠤᠷᠤᠯᠠᠭ ᠤᠨ ᠳᠤᠯᠤᠭᠠᠢ ᠠᠴᠠ ᠳᠤᠭᠤᠷᠠᠢ ᠳᠤᠨᠢ ᠬᠦᠷᠳᠡᠯ᠎ᠡ | ᠭᠤᠶᠢᠪᠢᠭᠠᠨᠠᠭᠠᠳ ᠬᠤᠭᠤᠷᠠᠮ᠎ᠠ ᠬᠤᠭᠤᠷᠠᠮ᠎ᠠ ᠰᠢᠬᠠᠵᠦ ᠪᠠᠶᠢᠨ᠎ᠠ᠃ ᠦᠨᠦ ᠵᠠᠯᠠᠭᠤ ᠤᠯᠠᠯᠠᠨ ᠰᠠᠭᠤᠯᠭᠠᠵᠦ ᠤᠭᠴᠠᠷᠠᠨ | ᠳᠠᠳᠠᠵᠦ ᠦᠵᠡᠯ᠎ᠠ᠃ ᠤᠷᠤᠭᠰᠢ ᠳᠦᠷᠢᠨ ᠳᠠᠪᠰᠢᠭᠤᠯᠵᠦ ᠮᠤᠯᠳᠤᠯᠬᠤ ᠭᠡᠵᠦ ᠤᠷᠤᠯᠳᠤᠯ᠎ᠠ᠃ ᠶᠠᠷᠤ ᠨᠢ ᠪᠤᠯᠳᠠᠭ | ᠵᠠᠩ ᠦᠭᠡᠢ᠃ ︽ᠪᠤᠷᠤᠯᠠᠭ ᠤᠨ ᠳᠤᠯᠤᠭᠠᠢ ᠠᠴᠠ ᠪᠦᠳᠦᠨ ᠤᠷᠭ᠎ᠠ ᠠᠪᠬᠤ ᠦᠭᠡᠢ ᠶᠤᠮ ᠪᠠᠶᠢᠨ᠎ᠠ︾ ᠭᠡᠵᠦ | ᠪᠤᠳᠤᠮᠠᠭᠴᠠ ᠵᠠᠩᠭ᠎ᠠ ᠶᠢᠨ ᠴᠡᠭᠡᠵᠢᠨ ᠳᠤ ᠵᠠᠩᠭᠤᠤ ᠤᠷᠤᠭᠰᠠᠨ ᠰᠢᠭ᠋ ᠪᠤᠯᠪᠠ᠃ | ᠴᠠᠭᠠᠨ ᠮᠤᠷᠢ ᠲᠠᠢ ᠬᠦᠮᠦᠨ ᠴᠦ ᠴᠢᠳᠠᠯ ᠮᠡᠳᠡᠨ ᠳᠠᠪᠬᠢᠵᠦ ᠰᠠᠨᠳᠤᠷᠬᠤ ᠳᠠᠭᠠᠨ᠄ ︽ᠵᠠᠩᠭ᠎ᠠ ᠡ᠂ ᠴᠢᠬᠢᠨ ᠤ | ᠬᠢᠨᠢ ᠠᠷᠤ ᠪᠠᠷ ᠳᠠᠳᠠᠵᠦ ᠮᠤᠰᠬᠢ︕ ᠴᠢᠩᠬᠢᠪᠠᠯ ᠬᠠᠮᠢᠭ᠎ᠠ ᠳᠤᠳᠠᠭᠠᠬᠤ ᠶᠤᠮ ᠪᠤᠢ︖︾ ᠭᠡᠵᠦ ᠬᠦᠴᠦᠨ ᠨᠡᠮᠡᠵᠦ | ᠬᠠᠰᠬᠢᠷᠴᠦ ᠪᠠᠶᠢᠯ᠎ᠠ᠃ | ᠪᠤᠷᠤᠯᠠᠭ ᠮᠤᠷᠢ ᠴᠦ ᠪᠤᠭᠵᠤᠷ ᠪᠤᠭᠵᠤᠷ ᠳᠠᠪᠬᠢᠬᠤ ᠪᠤᠯᠤᠯ᠎ᠠ᠃ ᠰᠠᠯᠪᠠᠷᠠᠭᠰᠠᠨ ᠤᠷᠭᠠᠨ ᠤ ᠦᠵᠦᠬᠦᠷ ᠴᠦ | ᠰᠠᠨᠵᠢᠩ ᠰᠠᠨᠵᠢᠩ ᠬᠦᠳᠡᠯᠵᠦ ᠪᠠᠶᠢᠯ᠎ᠠ᠃ ᠴᠠᠭᠠᠨ ᠮᠤᠷᠢ ᠲᠠᠢ ᠬᠦᠮᠦᠨ ᠴᠦ ᠰᠠᠨᠠᠨ ᠰᠠᠨᠠᠨ ᠭᠤᠶᠠᠳᠠᠭᠰᠠᠭᠠᠷ ᠨᠡᠭᠡᠨ | ᠢᠷᠠᠵᠦ᠂ ᠪᠤᠷᠭᠠᠰᠤᠨ ᠤᠷᠭ᠎ᠠ ᠪᠠᠷ ᠪᠤᠷᠤᠯᠠᠭ ᠤᠨ ᠴᠢᠬᠢᠯᠵᠡᠬᠦᠷ ᠢᠶᠠᠷ ᠳᠠᠷᠤᠵᠦ ᠳᠠᠳᠠᠯ᠎ᠠ᠃ ᠬᠤᠷᠳᠤᠨ ᠤᠷᠭᠠᠴᠢ | ᠬᠠᠷ᠎ᠠ ᠶᠢᠨ ᠨᠡᠭᠡᠯᠭᠡ᠂ ᠬᠤᠰᠤ ᠤᠷᠭᠠᠨ ᠤ ᠳᠠᠳᠠᠯᠳᠠ ᠬᠤᠶᠠᠷ ᠲᠤ ᠨᠤᠮᠤᠬᠠᠷᠠᠵᠦ ᠢᠷᠡᠭᠰᠡᠨ ᠪᠤᠷᠤᠯᠠᠭ ᠠᠷᠭ᠎ᠠ ᠦᠭᠡᠢ | ᠠᠷᠤ ᠦᠭᠡᠳᠡ ᠪᠠᠨ ᠡᠷᠬᠢᠭᠡᠳ ᠵᠤᠭᠰᠤᠮᠠᠭᠴᠠ ᠬᠠᠶᠢᠷᠠᠳᠠᠢ ᠤᠷᠭᠠᠨ ᠳᠠᠭᠠᠨ ᠬᠠᠷᠠᠮᠰᠠᠭᠰᠠᠨ ᠵᠠᠩᠭ᠎ᠠ ᠬᠠᠷ᠎ᠠ ᠮᠤᠷᠢᠨ | ᠳᠡᠭᠡᠷ᠎ᠡ ᠠᠴᠠ ᠬᠠᠷᠠᠶᠢᠨ ᠪᠠᠭᠤᠭᠠᠳ ᠪᠤᠷᠤᠯᠠᠭ ᠢ ᠬᠠᠵᠠᠭᠠᠷᠯᠠᠨ ᠠᠪᠴᠦ ᠵᠠᠶᠢᠳᠠᠩ ᠮᠤᠷᠳᠠᠪᠠ᠃ | ᠤᠨᠠᠭᠠᠨ ᠠᠴᠠ ᠪᠠᠨ ᠠᠪᠤᠭᠠᠳ ᠤᠷᠭᠠᠨ ᠤ ᠬᠤᠶᠢᠪᠢᠨ ᠳᠤ ᠤᠷᠤᠭᠠᠳᠤᠢ ᠬᠠᠨᠭ᠍ᠭᠠᠯ ᠪᠤᠷᠤᠯᠠᠭ ᠳᠠᠯ ᠰᠡᠬᠦᠯ | ᠢᠶᠠᠨ ᠪᠤᠰᠬᠠᠨ ᠳᠡᠪᠭᠡᠷᠤᠨ ᠬᠠᠷᠠᠶᠢᠯᠠᠪᠠ᠃ ᠵᠠᠩᠭ᠎ᠠ ᠵᠤ ᠨᠢᠷᠤᠭᠤᠨ ᠳᠤᠨᠢ ᠨᠠᠭᠠᠯᠳᠤᠨ ᠭᠡᠢ ᠵᠠᠢ ᠦᠭᠡᠢ ᠰᠠᠭᠤᠭᠠᠳ | ᠴᠤᠪᠬᠤᠴᠢᠪᠠᠯ ᠳᠠᠰᠢᠭᠤᠷᠳᠠᠵᠦ᠂ ᠬᠦᠨᠳᠤᠷᠪᠠᠯ ᠤᠭᠵᠠᠷᠠᠭᠠᠳ ᠳᠤᠭᠤᠰᠤ ᠮᠠᠨᠠᠷᠠᠭᠤᠯᠤᠨ ᠤᠳᠪᠠ᠃ ᠬᠠᠨᠭ᠍ᠭᠠᠯ | ᠪᠤᠷᠤᠯᠠᠭ ᠠᠩᠬᠠᠨ ᠳᠠᠭᠠᠨ ᠵᠡᠬᠦᠨᠰᠢ ᠪᠠᠨ ᠳᠠᠪᠬᠢᠭᠰᠠᠨ ᠪᠤᠯᠪᠠᠴᠦ ᠬᠠᠳᠠᠨ ᠠᠴᠠ ᠬᠠᠯᠬᠢᠵᠦ᠂ ᠪᠤᠳᠠᠨ ᠠᠴᠠ ᠪᠤᠯᠬᠢᠵᠦ | ᠂ ᠵᠦᠪ ᠳᠠᠯ᠎ᠠ ᠶᠢᠨ ᠬᠢᠨᠢ ᠠᠮᠠ ᠶᠢ ᠨᠢ ᠳᠠᠳᠠᠪᠠᠯ ᠪᠤᠷᠤᠭᠤ ᠳᠠᠯ᠎ᠠ ᠦᠭᠡᠳᠡ ᠪᠠᠨ ᠪᠤᠷᠤᠭᠤᠯᠠᠨ᠂ ᠪᠤᠷᠤᠭᠤ ᠳᠠᠯ᠎ᠠ | ᠶᠢᠨ ᠬᠢᠨᠢ ᠠᠮᠠ ᠶᠢ ᠳᠠᠳᠠᠪᠠᠯ ᠵᠦᠪ ᠳᠠᠯ᠎ᠠ ᠦᠭᠡᠳᠡ ᠪᠠᠨ ᠵᠦᠷᠢᠬᠦᠯᠠᠨ ᠳᠤᠩᠭᠤᠷᠴᠤᠭᠯᠠᠨ ᠶᠠᠪᠤᠭᠰᠠᠭᠠᠷ ᠤᠳᠤᠷ ᠤᠨ | ᠦᠷᠦᠭᠡ ᠶᠢ ᠵᠦᠪ ᠨᠢᠭᠡ ᠡᠷᠬᠢᠵᠦ ᠪᠠᠷᠠᠭᠤᠨ ᠠᠭᠤᠯᠠ ᠶᠢ ᠦᠭᠰᠦᠭᠡᠳ ᠰᠠᠶ᠋ᠢ ᠪᠠᠭ᠋ᠠᠨ ᠨᠤᠮᠤᠬᠠᠷᠠᠵᠦ ᠢᠷᠠᠯ᠎ᠠ᠃ | ᠬᠡᠯᠡᠪᠠᠯ ᠬᠢᠳᠡᠭ᠂ ᠬᠢᠪᠠᠯ ᠪᠦᠳᠦᠭᠡᠳᠡᠭ ᠵᠠᠩ ᠲᠠᠢ ᠵᠠᠩᠭ᠎ᠠ᠂ ᠪᠤᠷᠤᠯᠠᠭ ᠢ ᠨᠤᠮᠤᠬᠠᠷᠠᠭᠤᠯᠵᠦ ᠠᠪᠤᠭᠰᠠᠨ ᠳᠠᠭᠠᠨ | ᠪᠠᠶᠠᠷᠯᠠᠪᠠᠴᠦ ᠬᠤᠰᠤ ᠤᠷᠭᠠᠨ ᠤ ᠪᠠᠨ ᠦᠵᠦᠬᠦᠷ ᠢ ᠬᠤᠭᠤᠯᠤᠭᠰᠠᠨ ᠢᠶᠠᠨ ᠪᠤᠳᠤᠭᠠᠳ ᠭᠡᠮᠰᠢᠪᠠ᠃ ᠡᠨᠡ ᠪᠤᠯ | ᠠᠳᠤᠭᠤᠨ ᠳᠠᠷᠤᠭ᠎ᠠ ᠰᠠᠩᠭ᠎ᠠ ᠶᠢᠨ ︽ᠠᠮᠢ ᠭᠤᠤᠯ︾ ᠭᠡᠵᠦ ᠬᠠᠶᠢᠷᠠᠯᠠᠳᠠᠭ ᠤᠷᠭ᠎ᠠ ᠶᠤᠮ ᠪᠠᠶᠢᠨ᠎ᠠ᠃ ᠰᠠᠩᠭ᠎ᠠ | ᠵᠠᠩᠭ᠎ᠠ ᠬᠤᠶᠠᠷ ᠰᠠᠷᠠᠭᠤᠯᠳᠤᠶᠠᠭ᠎ᠠ ᠬᠤᠷᠰᠢᠶᠠᠨ ᠤ ᠠᠳᠤᠭᠤ ᠶᠢ ᠠᠬᠢᠳᠤ ᠪᠡᠯᠴᠢᠭᠡᠷ ᠳᠠᠭᠠᠭᠤᠯᠵᠦ ᠠᠳᠡ ᠬᠠᠪᠤᠷᠵᠢᠶ᠎ᠠ | ᠪᠠᠷ ᠢᠷᠡᠭᠰᠡᠨ ᠠᠴᠠ ᠨᠠᠰᠢ ᠰᠠᠩᠭ᠎ᠠ ᠳᠠᠷᠤᠭ᠎ᠠ ᠰᠦᠨᠢ ᠮᠠᠨᠠᠵᠦ᠂ ᠵᠠᠩᠭ᠎ᠠ ᠵᠠᠯᠠᠭᠤ ᠡᠳᠦᠷ ᠬᠠᠷᠢᠭᠤᠯᠵᠦ ᠪᠠᠶᠢᠵᠠᠢ᠃ | ᠵᠠᠩᠭ᠎ᠠ ᠶᠢᠨ ᠬᠤᠪᠢ ᠳᠤ ᠬᠡᠯᠡᠪᠠᠯ ᠡᠨᠡᠬᠦ ᠠᠵᠢᠯ ᠤᠨ ᠵᠢᠷᠤᠮ ᠪᠠ ᠠᠬᠠᠮᠠᠳ ᠳᠠᠷᠤᠭ᠎ᠠ ᠰᠠᠩᠭ᠎ᠠ ᠶᠢᠨ ᠦᠭᠡᠨ ᠠᠴᠠ | ᠵᠦᠷᠢᠴᠡᠭᠰᠡᠨ ᠵᠦᠢᠯ ᠦᠭᠡᠢ ᠪᠠᠶᠢᠨ᠎ᠠ᠃ ᠦᠨᠦ ᠦᠷᠯᠦᠭᠡ ᠰᠠᠩᠭ᠎ᠠ ᠶᠢ ᠮᠠᠨᠠᠭᠠᠨ ᠠᠴᠠ ᠬᠠᠷᠢᠵᠦ ᠤᠨᠳᠠᠮᠠᠭᠴᠠ᠂ | ᠰᠠᠷᠠᠭᠤᠯᠳᠤᠶᠠᠭ᠎ᠠ ᠬᠤᠷᠰᠢᠶᠠᠨ ᠤ ᠡᠷᠬᠢᠯᠡᠭᠴᠢ ᠨᠢ ︽ᠪᠤᠷᠤᠯᠠᠭ ᠢ ᠳᠦᠷᠭᠡᠨ ᠠᠪᠤᠭᠠᠳ ᠢᠷ᠎ᠠ︕︾ ᠭᠡᠵᠦ ᠡᠨᠡᠬᠦ | ᠴᠠᠭᠠᠨ ᠮᠤᠷᠢ ᠲᠠᠢ ᠬᠦᠮᠦᠨ ᠢ ᠢᠯᠡᠭᠡᠵᠠᠢ᠃ ᠳᠡᠭᠡᠬᠦᠯᠡᠷ ᠵᠠᠩᠭ᠎ᠠ ︽ᠬᠤᠷᠳᠤᠨ ᠮᠤᠷᠢ ᠲᠠᠢ ᠬᠤᠰᠤ ᠤᠷᠭ᠎ᠠ ᠲᠠᠢ | ᠪᠤᠯ ᠪᠤᠷᠤᠯᠠᠭ ᠢ ᠪᠠᠶᠢᠳᠤᠭᠠᠢ ᠪᠤᠭᠤ ᠶᠢ ᠪᠠᠷᠢᠯᠬᠦᠢ ᠶᠠᠭᠠᠬᠢᠬᠤ ᠪᠤᠢ︾ ᠭᠡᠵᠦ ᠪᠤᠳᠤᠭᠠᠳ ᠦᠪᠡᠷ ᠤᠨ ᠢᠶᠠᠨ ᠤᠷᠭ᠎ᠠ | ᠶᠢ ᠳᠡᠬᠦᠨ ᠳᠤ ᠦᠭᠴᠦ᠂ ᠰᠠᠩᠭ᠎ᠠ ᠶᠢᠨ ᠬᠤᠰᠤ ᠤᠷᠭ᠎ᠠ ᠶᠢ ᠪᠠᠷᠢᠭᠠᠳ ᠬᠤᠷᠳᠤᠨ ᠬᠠᠷ᠎ᠠ ᠶᠢ ᠨᠢ ᠤᠨᠤᠵᠦ | ᠢᠷᠡᠭᠰᠡᠨ ᠨᠢ ᠡᠨᠡ ᠪᠠᠶᠢᠵᠠᠢ᠃ ᠤᠳᠤ ᠭᠡᠨᠡᠳᠳᠡ ᠪᠤᠳᠤᠪᠠᠯ ᠳᠤᠷ᠎ᠠ ᠵᠤᠷᠢᠭ ᠢᠶᠠᠷ ᠢᠶᠠᠨ ᠦᠢᠯᠡᠳᠦᠭᠰᠡᠨ ᠪᠦᠳᠦᠯ | ᠦᠭᠡᠢ ᠡᠨᠡ ᠬᠡᠷᠡᠭ ᠤᠨ ᠬᠤᠶᠢᠨ᠎ᠠ ᠠᠴᠠ ᠭᠡᠮᠰᠢᠨ᠎ᠠ᠃ | ᠡᠨᠡ ᠦᠶ᠎ᠠ ᠳᠤ ᠠᠳᠤᠭᠤ ᠪᠠᠨ ᠤᠳᠤᠷ ᠤᠨ ᠦᠷᠦᠭᠡᠨ ᠤ ᠬᠠᠵᠠᠭᠤ ᠳᠠᠬᠢ ᠠᠳᠤᠭᠤᠨ ᠭᠤᠤ ᠳᠤ | ᠬᠠᠰᠢᠭᠰᠠᠨ ᠪᠦᠭᠡᠳ ᠠᠳᠤᠭᠤ ᠳᠡᠯᠯᠡᠬᠦ ᠳᠤ ᠬᠠᠮᠵᠢᠭᠤᠯᠬᠤ ᠪᠠᠷ ᠢᠷᠡᠭᠰᠡᠨ ᠬᠤᠷᠰᠢᠶᠠᠨ ᠤ ᠬᠢᠨ ᠠᠵᠢᠯ ᠢᠶᠠᠨ | ᠡᠬᠢᠯᠡᠭᠡᠳ ᠬᠦᠯ ᠪᠤᠯᠵᠦ ᠪᠠᠶᠢᠪᠠ᠃ ᠰᠦᠷᠦᠭ ᠲᠡᠭᠡᠨ ᠬᠤᠷᠭᠤᠳᠠᠭᠰᠠᠨ ᠡᠮᠨᠢᠭ ᠪᠤᠷᠤᠯᠠᠭ ᠲᠤ ᠡᠪ ᠵᠠᠷᠤᠪᠠᠴᠦ ᠡᠷ᠎ᠡ | ᠵᠠᠷᠤᠪᠠᠴᠦ ᠵᠠᠩᠭ᠎ᠠ ᠶᠢᠨ ᠶᠠᠪᠤᠬᠤ ᠭᠡᠰᠡᠨ ᠵᠦᠭ ᠲᠤ ᠨᠢᠭᠡ ᠴᠦ ᠠᠯᠬᠤᠬᠤ ᠦᠭᠡᠢ ᠮᠦᠷᠳᠡᠭᠡᠨ ᠤᠳᠤᠷ ᠤᠨ | ᠦᠷᠦᠭᠡᠨ ᠤ ᠵᠦᠭ ᠰᠢᠭᠤᠳ ᠳᠠᠪᠬᠢᠯ᠎ᠠ᠃ | ᠵᠠᠩᠭ᠎ᠠ ᠶᠢ ᠮᠤᠷᠳᠠᠬᠤ ᠳᠤ ᠳᠤᠭ ᠨᠤᠶᠢᠷ ᠲᠠᠭᠠᠨ ᠪᠠᠶᠢᠭᠰᠠᠨ ᠰᠠᠩᠭ᠎ᠠ ᠤᠯᠤᠰ ᠤᠨ ᠡᠮᠤᠨ᠎ᠠ ᠵᠤᠭᠰᠤᠵᠦ | ᠳᠡᠬᠦᠨ ᠤ ᠵᠦᠭ ᠭᠠᠷ ᠢᠶᠠᠨ ᠬᠤᠷᠥᠶᠢᠯᠠᠨ ᠬᠠᠰᠬᠢᠷᠬᠤ ᠶᠢ ᠦᠵᠡᠭᠡᠳ ᠵᠠᠩᠭ᠎ᠠ ᠤᠯᠠᠮ ᠵᠤᠪᠠᠯ᠎ᠠ᠃ ᠰᠠᠩᠭ᠎ᠠ ᠪᠤᠯ | ᠰᠠᠨᠠᠭᠠᠨ ᠳᠠᠭᠠᠨ ᠵᠤᠬᠢᠰ ᠦᠭᠡᠢ ᠵᠦᠢᠯ ᠢ ᠳᠤᠤᠷ᠎ᠠ ᠨᠢ ᠬᠡᠯᠡᠵᠦ ᠭᠠᠷᠭᠠᠳᠠᠭ ᠪᠦᠭᠡᠳ ᠬᠡᠯᠡᠯᠴᠡᠭᠰᠡᠭᠡᠷ ᠪᠠᠶᠢᠵᠦ | ᠬᠡᠷᠡᠬᠦᠯ ᠪᠤᠯᠳᠠᠭ ᠳᠦᠷᠭᠡᠨ ᠠᠭᠤᠷ ᠲᠠᠢ ᠬᠦᠮᠦᠨ ᠪᠢᠯᠡ᠃ ᠵᠠᠷᠢᠮ ᠨᠢ ︽ᠦᠨᠳᠡᠭᠡᠨ ᠳᠤᠭᠤᠭᠠᠨ ᠳᠤ ᠪᠤᠴᠠᠯᠭᠠᠭᠰᠠᠨ | ᠰᠦᠨ︾ ᠭᠡᠵᠦ ᠰᠠᠩᠭ᠎ᠠ ᠶᠢ ᠱᠤᠭᠯᠠᠳᠠᠭ ᠪᠠᠶᠢᠵᠠᠢ᠃ ᠭᠡᠪᠡᠴᠦ ᠠᠭᠤᠷ ᠨᠢ ᠦᠡᠭᠭᠡᠷᠡᠪᠡᠯ ᠳᠤᠭᠤᠯᠭ᠎ᠠ ᠰᠢᠭ᠋ ᠵᠦᠭᠡᠯᠡᠨ | ᠪᠦᠭᠡᠳ ᠴᠠᠭᠠᠬᠠᠨ ᠵᠠᠩ ᠲᠠᠢ ᠬᠦᠮᠦᠨ ᠭᠡᠳᠡᠭ ᠢ ᠡᠨᠡᠬᠦ ᠭᠤᠷᠪᠠᠨ ᠰᠠᠷ᠎ᠠ ᠶᠢᠨ ᠬᠠᠮᠳᠤ ᠠᠮᠢᠳᠤᠷᠠᠯ ᠠᠴᠠ ᠬᠦᠢᠴᠡᠳ | ᠮᠡᠳᠡᠵᠠᠢ᠃ ᠳᠡᠭᠡᠭᠡᠳ ᠡᠪᠦᠭᠡᠨ ᠰᠠᠩᠭ᠎ᠠ ᠶᠢ ᠦᠪᠡᠷ ᠤᠨ ᠠᠬ᠎ᠠ ᠰᠢᠭ ᠢᠶᠠᠨ ᠬᠦᠨᠳᠦᠳᠭᠡᠨ ᠬᠠᠷᠠᠭᠠᠯᠵᠠᠬᠤ ᠪᠦᠭᠡᠳ | ᠡᠨᠡᠬᠦ ᠵᠠᠩ ᠢ ᠨᠢ ᠢᠳᠬᠠᠨ ᠬᠡᠯᠡᠭᠰᠡᠭᠡᠷ ᠪᠠᠶᠢᠵᠦ ᠨᠠᠯᠢᠶᠠᠳ ᠳᠠᠷᠤᠵᠦ ᠠᠪᠴᠠᠢ᠃ ᠳᠡᠶᠢᠮᠤ ᠠᠴᠠ ︽ᠵᠠᠩᠭ᠎ᠠ ᠪᠤᠯ | ᠠᠷᠪᠠᠨ ᠳᠠᠪᠤᠨ ᠤ ᠰᠠᠷ᠎ᠠ ᠰᠢᠭ᠋ ᠳᠤᠩᠭᠠᠯᠠᠭ᠂ ᠠᠷᠴᠢᠭᠰᠠᠨ ᠳᠤᠯᠢ ᠰᠢᠭ᠋ ᠴᠡᠪᠡᠷ ᠬᠦᠦ︾ ᠭᠡᠵᠦ ᠰᠠᠩᠭ᠎ᠠ ᠪᠠᠭ᠋ᠠᠷᠤᠨ | ᠶᠠᠷᠢᠵᠦ᠂ ᠳᠡᠬᠦᠨ ᠤ ᠦᠭᠡ ᠶᠢ ᠰᠠᠶᠢᠨ ᠬᠦᠯᠢᠶᠡᠳᠡᠭ ᠪᠤᠯᠪᠠ᠃ ᠭᠡᠳᠡᠯ᠎ᠡ ᠡᠨᠡᠬᠦ ᠳᠤᠳᠠᠭᠳᠠᠯ ᠨᠢ ᠰᠠᠩᠭ᠎ᠠ ᠵᠠᠩᠭ᠎ᠠ | ᠬᠤᠶᠠᠷ ᠤᠨ ᠪᠦᠯᠬᠦᠮᠳᠡᠯ ᠳᠤ ᠮᠠᠭᠤ ᠪᠤᠯᠬᠤ ᠪᠠᠷ ᠪᠠᠷᠠᠬᠤ ᠦᠭᠡᠢ᠂ ᠰᠠᠷᠠᠭᠤᠯᠳᠤᠶᠠᠭ᠎ᠠ ᠬᠤᠷᠰᠢᠶᠠᠨ ᠤ ᠠᠵᠢᠯ ᠳᠤ | ᠴᠦ ᠨᠦᠯᠦᠭᠡ ᠪᠤᠯᠤᠨ᠎ᠠ ᠭᠡᠵᠦ ᠪᠤᠳᠤᠭᠰᠠᠨ ᠵᠠᠩᠭ᠎ᠠ ᠶᠢᠨ ᠴᠡᠭᠡᠵᠢᠨ ᠳᠤ ᠬᠠᠳᠠ ᠤᠷᠭᠤᠭᠰᠠᠨ ᠰᠢᠭ᠋ ᠪᠤᠯᠤᠯ᠎ᠠ᠃ | ᠰᠠᠶ᠋ᠢ ᠶᠢᠨ ᠴᠠᠭᠠᠨ ᠮᠤᠷᠢ ᠲᠠᠢ ᠬᠦᠮᠦᠨ᠃ ᠵᠠᠩᠭ᠎ᠠ ᠶᠢ ᠳᠤᠰᠴᠦ ᠤᠴᠢᠭᠠᠳ ᠪᠤᠷᠤᠯᠠᠭ ᠮᠤᠷᠢᠨ ᠤ | ᠴᠤᠯᠪᠤᠭᠤᠷ ᠢ ᠰᠠᠷᠪᠠᠶᠢᠨ ᠠᠪᠤᠯ᠎ᠠ᠃ ᠰᠠᠩᠭ᠎ᠠ ᠪᠤᠷᠤᠯᠠᠭ ᠤᠨ ᠵᠦᠪ ᠪᠤᠷᠤᠭᠤ ᠳᠠᠯ᠎ᠠ ᠳᠤᠨᠢ ᠭᠠᠷᠴᠦ ᠳᠤᠭᠤᠷᠢᠨ | ᠦᠵᠡᠭᠡᠳ᠄ | — ᠵᠠᠩᠭ᠎ᠠ ᠮᠢᠨᠢ︕ ᠶᠤᠰᠤᠳᠠᠢ ᠵᠠᠯᠠᠭᠤ ᠬᠦᠮᠦᠨ ᠰᠢᠭ ᠱᠠᠯᠠᠪᠠᠯᠵᠠᠭᠤᠯᠵᠦ ᠪᠠᠶᠢᠨ᠎ᠠ ᠳ᠋ᠠ ᠭᠡᠳ ᠪᠤᠷᠤᠯᠠᠭ ᠤᠨ | ᠳᠤᠯᠤᠭᠠᠢ ᠶᠢ ᠨᠢ ᠢᠯᠪᠢᠬᠦ ᠭᠡᠰᠡᠨ ᠳᠤ ᠪᠤᠷᠤᠯᠠᠭ ᠮᠤᠷᠢ ᠬᠠᠮᠠᠷ ᠢᠶᠠᠨ ᠳᠤᠤᠭᠠᠷᠭᠠᠵᠦ ᠴᠤᠪᠬᠤᠴᠠᠳᠠᠯᠠ ᠡᠮᠤᠨ᠎ᠠ | ᠬᠤᠶᠠᠷ ᠬᠦᠯ ᠨᠢ ᠰᠠᠩᠭ᠎ᠠ ᠶᠢᠨ ᠳᠠᠯᠤ ᠮᠦᠷᠦ ᠠᠴᠠ ᠳᠡᠭᠡᠭᠰᠢ ᠭᠠᠷᠴᠠᠢ᠃ ᠡᠪᠦᠭᠡᠨ ᠭᠤᠸᠠᠢ ᠬᠠᠷ᠎ᠠ ᠪᠠᠭ᠎ᠠ ᠨᠠᠰᠤᠨ | ᠠᠴᠠ ᠪᠠᠨ ᠠᠳᠤᠭᠤ ᠬᠠᠷᠢᠭᠤᠯᠵᠦ᠂ ᠡᠮᠨᠢᠭ ᠳᠤᠭᠰᠢᠨ ᠲᠠᠢ ᠨᠤᠴᠤᠯᠳᠤᠵᠦ ᠳᠠᠳᠤᠭᠰᠠᠨ ᠬᠠᠰᠢᠷ ᠠᠳᠤᠭᠤᠴᠢᠨ | ᠪᠤᠯᠬᠤᠷ ᠠᠷᠠᠢ ᠯᠠ ᠬᠠᠮᠤᠭᠳᠠᠭᠰᠠᠨ ᠦᠭᠡᠢ ᠵᠠᠶᠢᠯᠠᠵᠠᠢ᠃ | — ᠰᠠᠩᠭ᠎ᠠ ᠳᠠᠷᠤᠭ᠎ᠠ ᠡ︕ ᠤᠷᠭ᠎ᠠ ᠁ ᠭᠡᠵᠦ ᠬᠡᠯᠡᠭᠰᠡᠨ ᠦᠭᠡ ᠶᠢ ᠨᠢ ᠡᠯᠬᠦᠵᠦ᠄ | — ᠬᠠ ᠬᠠ︕ ᠤᠷᠭᠠᠨ ᠳᠤ ᠰᠤᠷᠭᠠᠪᠠᠯ ᠵᠢᠷᠭᠤᠭᠠᠨ ᠬᠦᠵᠦᠬᠦᠦ ᠶᠢ ᠭᠠᠷᠭᠠᠬᠤ ᠦᠭᠡᠢ ᠠᠳᠤᠭᠤ ᠪᠤᠯᠬᠤ | ᠶᠤᠮ ᠰᠢᠥ᠂ ᠪᠤᠭᠵᠤᠷᠠᠬᠤ ᠠᠳᠤᠭᠤ ᠪᠢᠰᠢ ᠭᠡᠵᠦ ᠰᠠᠩᠭ᠎ᠠ ᠰᠠᠬᠠᠯ ᠢᠶᠠᠨ ᠵᠠᠰᠠᠪᠠ᠃ | ᠠᠳᠤᠭᠤ ᠳᠡᠯᠯᠡᠵᠦ ᠪᠠᠶᠢᠭᠰᠠᠨ ᠵᠠᠯᠠᠭᠤᠴᠤᠳ ᠪᠤᠷᠤᠯᠠᠭ ᠢ ᠴᠢᠬᠢᠳᠠᠨ ᠴᠤᠷᠪᠤᠳᠠᠵᠦ ᠪᠠᠶᠢᠭᠠᠳ ᠴᠠᠭᠠᠨ ᠮᠤᠷᠢᠨ ᠤ | ᠰᠡᠬᠦᠯ ᠳᠤᠯᠤᠭᠠᠢ ᠲᠠᠢ ᠬᠤᠯᠪᠤᠮᠠᠭᠴᠠ ᠦᠨᠦ ᠬᠦᠮᠦᠨ ᠮᠤᠷᠳᠠᠭᠠᠳ ᠶᠠᠪᠤᠯ᠎ᠠ᠃ ᠰᠠᠩᠭ᠎ᠠ᠄ | — ᠦᠨᠳᠤᠷ ᠮᠤᠨᠳᠠᠭ᠎ᠠ ᠲᠠᠢ᠂ ᠦᠷᠭᠡᠨ ᠳᠠᠰᠢᠶ᠎ᠠ ᠲᠠᠢ᠂ ᠠᠭᠤᠵᠢᠮ ᠠᠮᠢᠰᠬᠤᠭ᠎ᠠ ᠲᠠᠢ᠂ ᠤᠷᠳᠤ ᠪᠡᠶ᠎ᠡ ᠲᠠᠢ | ᠪᠤᠷᠤᠯᠠᠭ ᠮᠢᠨᠢ᠃ ︽ᠡᠷ᠎ᠡ ᠮᠤᠷᠢ ᠭᠠᠷᠬᠤ ᠳᠤ ᠡᠳ᠋ᠯᠡᠬᠦ ᠡᠵᠡᠨ ᠨᠢ ᠳᠦᠷᠦᠳᠡᠭ︾ ᠭᠡᠵᠦ ᠨᠠᠰᠤᠳᠠᠨ ᠤ ᠶᠠᠷᠢᠶᠠᠨ ᠳᠤ | ᠪᠠᠶᠢᠳᠠᠭ ᠰᠠᠨ᠃ ᠡᠨᠡ ᠪᠤᠷᠤᠯᠠᠭ ᠬᠦᠭᠡᠭᠡ ᠰᠠᠷ᠎ᠠ ᠶᠢᠨ ᠬᠤᠷᠢᠳ ᠤᠨ ᠰᠢᠭᠤᠷᠭᠠᠨ ᠢᠶᠠᠷ ᠳᠦᠷᠦᠭᠰᠡᠨ ᠶᠤᠮ ᠰᠢᠥ᠃ | ᠳᠡᠭᠡᠬᠦ ᠳᠤ ᠭᠠᠵᠠᠷ ᠤᠨᠠᠭᠰᠠᠨ ᠦᠭᠡᠢ ᠪᠠᠷ ᠳᠦᠷᠪᠠᠨ ᠬᠦᠯ ᠢᠶᠠᠨ ᠤᠯᠵᠦ ᠬᠢᠰᠬᠢᠭᠡᠳ ᠡᠭᠡ ᠪᠠᠨ ᠳᠠᠭᠠᠵᠦ | ᠳᠠᠪᠬᠢᠭᠰᠠᠨ ᠤᠨᠠᠭ᠎ᠠ ᠶᠤᠮ᠂ ᠯᠠᠪ ᠰᠠᠶᠢᠨ ᠮᠤᠷᠢ ᠪᠤᠯᠤᠨ᠎ᠠ᠃ ᠵᠠᠩᠭ᠎ᠠ ᠴᠦ ᠭᠡᠳ ︽ᠡᠶᠢᠮᠤ ᠵᠠᠯᠠᠭᠤ︾︕ ᠭᠡᠵᠦ | ᠡᠷᠡᠭᠡᠢ ᠬᠤᠷᠤᠭᠤ ᠪᠠᠨ ᠪᠤᠰᠬᠠᠨ ᠢᠨᠢᠶᠡᠭᠰᠡᠭᠡᠷ ᠪᠠᠶᠢᠯ᠎ᠠ᠃ | ᠡᠨᠡ ᠦᠶ᠎ᠠ ᠳᠤ ᠠᠳᠤᠭᠤᠨ ᠭᠤᠤ ᠠᠴᠠ ᠪᠤᠭᠤᠯᠢ ᠴᠢᠷᠦᠭᠰᠡᠨ ᠴᠠᠪᠢᠳᠠᠷ ᠮᠤᠷᠢ ᠡᠶᠢᠯᠤᠨ ᠳᠡᠪᠬᠢᠪᠠ᠃ | ᠬᠡᠳᠦᠨ ᠬᠦᠮᠦᠨ ᠨᠡᠭᠡᠨ ᠬᠦᠶᠦᠵᠦ ᠳᠡᠭᠡᠰᠦᠨ ᠤ ᠬᠢᠨᠢ ᠦᠵᠦᠬᠦᠷ ᠠᠴᠠ ᠪᠠᠷᠢᠬᠤ ᠭᠡᠳ ᠵᠠᠪᠳᠤᠭᠰᠠᠨ ᠦᠭᠡᠢ᠃ | ᠳᠡᠷᠡ ᠴᠠᠪᠢᠳᠠᠷ ᠮᠤᠷᠢ ᠰᠠᠩᠭ᠎ᠠ ᠵᠠᠩᠭ᠎ᠠ ᠬᠤᠶᠠᠷ ᠤᠨ ᠬᠠᠵᠠᠭᠤ ᠪᠠᠷ ᠰᠠᠯᠬᠢ ᠳᠠᠳᠠᠭᠤᠯᠤᠨ ᠭᠠᠷᠤᠮᠠᠭᠴᠠ ᠵᠠᠩᠭ᠎ᠠ | ᠦᠰᠦᠷᠠᠨ ᠬᠦᠶᠦᠵᠦ ᠪᠤᠭᠤᠶᠢᠯᠢ ᠶᠢᠨ ᠦᠵᠦᠬᠦᠷ ᠢ ᠰᠢᠬᠦᠷᠠᠨ ᠠᠳᠬᠤᠵᠦ ᠤᠯᠠᠯᠠᠨ ᠰᠠᠭᠤᠯᠭᠠᠪᠠ᠃ ᠤᠶᠢᠵᠦ | ᠭᠠᠷᠤᠭᠰᠠᠨ ᠴᠠᠪᠢᠳᠠᠷ ᠤᠯᠤᠭᠠᠢ ᠳᠠᠳᠠᠨ ᠬᠦᠮᠦᠷᠢᠵᠦ ᠵᠢᠳᠬᠦᠪᠡᠴᠦ ᠵᠠᠩᠭ᠎ᠠ ᠶᠢᠨ ᠬᠦᠳᠡᠷ ᠳᠤᠮᠤ ᠪᠡᠶ᠎ᠡ ᠨᠢ ᠪᠤᠭᠤᠶᠢᠯᠢ | ᠶᠢᠨ ᠦᠵᠦᠬᠦᠷ ᠲᠤ ᠴᠢᠯᠠᠭᠤ ᠳᠡᠬᠦᠵᠢᠯᠡᠭᠳᠡᠭᠰᠡᠨ ᠰᠢᠭ ᠪᠠᠶᠢᠯ᠎ᠠ᠃ ᠰᠠᠩᠭ᠎ᠠ ᠬᠤᠷᠮᠤᠢ ᠰᠢᠭᠤᠵᠦ᠄ | — ᠤᠤᠬᠠᠢ︕ ᠳᠠᠳᠠ ᠳᠠᠳᠠ︕ ᠭᠡᠵᠦ ᠬᠦᠶᠦᠨ ᠤᠴᠢᠭᠠᠳ ᠬᠠᠮᠵᠢᠯᠴᠠᠨ ᠳᠠᠳᠠᠪᠠ᠃ ᠬᠡᠳᠦᠨ ᠵᠠᠯᠠᠭᠤ | ᠦᠨᠦ ᠴᠠᠪᠢᠳᠠᠷ ᠢ ᠴᠢᠬᠢᠳᠠᠵᠦ ᠳᠠᠷᠤᠭᠠᠳ ᠳᠡᠯ ᠢ ᠨᠢ ᠬᠢᠷᠭᠠᠯᠠ᠃ ᠵᠠᠯᠠᠭᠤᠴᠤᠳ᠄ | — ᠠᠪᠤ ᠡ︕ ᠤᠳᠤ ᠰᠠᠶᠢᠨ ᠬᠤᠭᠤᠯᠠ ᠴᠠᠢ ᠢᠳᠠᠵᠦ ᠤᠤᠭᠤᠭᠠᠳ ᠨᠤᠶᠢᠷᠰᠤᠬᠤ ᠦᠭᠡᠢ ᠦᠦ︖ ᠭᠡᠵᠦ | ᠱᠠᠯᠠᠭᠰᠠᠭᠠᠷ ᠪᠠᠶᠢᠵᠦ ᠭᠡᠷ ᠲᠤᠨᠢ ᠪᠤᠴᠠᠭᠠᠯ᠎ᠠ᠃ | ᠵᠠᠯᠠᠭᠤᠴᠤᠳ ᠨᠠᠯᠢᠶᠠᠳ ᠰᠠᠷᠪᠠ᠂ ᠳᠠᠭ᠎ᠠ ᠶᠢ ᠳᠠᠮᠠᠭᠠᠯᠠᠵᠦ ᠳᠡᠯᠯᠡᠬᠦ ᠵᠠᠪᠰᠠᠷ ᠵᠠᠷᠢᠮ ᠨᠢ᠄ | — ᠵᠠᠩᠭ᠎ᠠ ᠮᠢᠨᠢ ᠴᠡᠷᠢᠭ ᠠᠯᠪᠠᠨ ᠳᠤ ᠤᠳᠠᠭᠠᠨ ᠵᠢᠯ ᠶᠠᠪᠤᠭᠰᠠᠨ ᠪᠤᠯᠪᠠᠴᠦ ᠠᠵᠢᠯ ᠬᠦᠳᠡᠯᠮᠦᠷᠢ ᠬᠢᠬᠦ᠂ | ᠢᠯᠠᠩᠭᠤᠶ᠎ᠠ ᠠᠳᠤᠭᠤ ᠮᠠᠯ ᠲᠠᠢ ᠨᠤᠴᠤᠯᠳᠤᠬᠤ ᠳᠠᠭᠠᠨ ᠡᠷᠡᠯᠭᠡᠥ᠂ ᠡᠪ ᠲᠠᠢ ᠳᠡᠮ ᠲᠠᠢ ᠪᠠᠶᠢᠨ᠎ᠠ ᠳ᠋ᠠ ᠭᠡᠪᠡ᠃ | — ᠰᠠᠩᠭ᠎ᠠ ᠳᠠᠷᠤᠭ᠎ᠠ ᠲᠠᠢ ᠬᠡᠳᠦᠨ ᠰᠠᠷ᠎ᠠ ᠠᠵᠢᠯᠯᠠᠭᠰᠠᠨ ᠤ ᠬᠦᠴᠦ ᠪᠠᠷ ᠰᠠᠶ᠋ᠢ ᠠᠳᠤᠭᠤ ᠬᠠᠷᠢᠭᠤᠯᠬᠤ | ᠠᠩᠬ᠎ᠠ ᠠᠯᠬᠤᠮ ᠤᠨ ᠵᠠᠮ ᠳᠤ ᠤᠷᠤᠯ᠎ᠠ᠃ ︽ᠦᠢᠯᠡᠳᠪᠦᠷᠢᠯᠠᠯ ᠤᠨ ᠮᠡᠷᠭᠡᠵᠢᠯ ᠢ ᠰᠠᠶᠢᠨ ᠰᠤᠷᠤᠨ᠎ᠠ︾ ᠭᠡᠵᠦ | ᠬᠦᠳᠡᠭᠡ ᠤᠴᠢᠬᠤ ᠠᠩᠬᠠᠨ ᠤ ᠪᠠᠨ ᠭᠤᠶᠤᠴᠢᠯᠠᠯ ᠳᠡᠭᠡᠷ᠎ᠡ ᠪᠢᠴᠢᠭᠰᠡᠨ ᠢ ᠪᠡᠶᠡᠯᠡᠬᠦᠯᠵᠦ ᠴᠢᠳᠠᠭ᠎ᠠ ᠦᠭᠡᠢ ᠪᠠᠶᠢᠨ᠎ᠠ | ᠰᠢᠥ︕ ᠭᠡᠵᠦ ᠬᠡᠯᠡᠭᠰᠡᠨ ᠵᠠᠩᠭ᠎ᠠ ᠳᠡᠷᠡ ᠴᠢᠭ ᠢᠶᠠᠷ ᠢᠶᠠᠨ ᠬᠦᠶᠦᠨ ᠶᠠᠪᠤᠵᠦ ᠰᠠᠩᠭ᠎ᠠ ᠳᠤ ᠪᠤᠷᠤᠭᠤ ᠬᠦᠯᠢᠶᠠᠶ᠎ᠠ | ᠭᠡᠵᠦ ᠪᠤᠳᠤᠪᠠᠴᠦ ᠡᠮᠨᠢᠭ ᠰᠢᠳᠤᠯᠠᠩ ᠢ ᠬᠠᠭᠠᠰ ᠳᠠᠯ ᠲᠠᠢ ᠬᠡᠷᠬᠢᠨ ᠳᠠᠯᠪᠢᠵᠦ ᠪᠤᠯᠬᠤ ᠪᠤᠢ᠃ ᠳᠤᠳᠤᠷ᠎ᠠ ᠨᠢ | ᠬᠠᠯᠠᠭᠤᠨ ᠤᠷᠬᠢᠵᠦ ᠳᠤᠯᠤᠭᠠᠢ ᠶᠢᠨ ᠬᠢᠨᠢ ᠬᠦᠯᠦᠰᠤ ᠨᠢᠷᠤᠭᠤ ᠪᠠᠨ ᠳᠠᠭᠠᠵᠦ ᠤᠷᠤᠰᠪᠠ᠃ ︽ᠬᠦᠳᠡᠯᠮᠦᠷᠢ ᠶᠢᠨ | ᠰᠠᠬᠢᠯᠭ᠎ᠠ ᠳᠦᠷᠢᠮ ᠢ ᠴᠢᠩᠳᠠ ᠳᠠᠭᠠᠵᠦ ᠬᠦᠭᠰᠢᠨ ᠵᠠᠯᠠᠭᠤ ᠶᠢ ᠠᠳᠠᠯᠢᠬᠠᠨ ᠬᠦᠨᠳᠦᠳᠭᠡᠨ ᠬᠠᠶᠢᠷᠠᠯᠠᠵᠦ᠂ ᠡᠩ ᠤᠨ | ᠮᠠᠯᠴᠢᠨ ᠤ ᠬᠤᠪᠢ ᠪᠠᠷ ᠡᠷᠡᠰ ᠰᠢᠭᠤᠷᠬᠠᠢ ᠬᠦᠳᠡᠯᠮᠦᠷᠢᠯᠠᠨᠠ︾ ᠭᠡᠵᠦ ᠳᠤᠰ ᠪᠠᠶᠢᠭᠤᠯᠭ᠎ᠠ ᠶᠢᠨ ᠢᠶᠠᠨ ᠨᠠᠮ ᠤᠨ | ᠡᠬᠦᠷ ᠲᠤ ᠡᠷᠬᠦᠳᠡᠯ ᠪᠢᠴᠢᠵᠦ ᠦᠭᠬᠦᠭᠰᠡᠨ ᠢᠶᠠᠨ ᠪᠤᠳᠤᠬᠤ ᠳᠤ ᠡᠨᠡ ᠨᠢ ᠰᠠᠩᠭ᠎ᠠ ᠳᠤ ᠶᠤᠰᠤ ᠠᠯᠳᠠᠭᠰᠠᠨ ᠤᠴᠢᠷ | ᠭᠡᠵᠦ ᠪᠤᠳᠤᠪᠠ᠃ ᠭᠡᠨᠡᠳᠳᠡ᠄ | — ᠵᠠᠩᠭ᠎ᠠ ᠡ︕ ᠮᠠᠢ︕ ᠭᠡᠬᠦ ᠡᠪᠦᠭᠡᠵᠢᠶᠡᠷ ᠬᠦᠮᠦᠨ ᠤ ᠳᠠᠭᠤᠨ ᠠᠷᠤ ᠳᠤᠨᠢ ᠰᠤᠨᠤᠰᠳᠠᠪᠠ᠃ ᠡᠷᠬᠢᠵᠦ | ᠬᠠᠷᠠᠪᠠᠯ ᠰᠠᠩᠭ᠎ᠠ ᠭᠤᠷᠪᠠᠨ ᠠᠯᠳᠠ ᠶᠢᠨ ᠬᠤᠰᠤᠨ ᠤᠷᠭ᠎ᠠ ᠪᠠᠨ ᠪᠠᠷᠢᠭᠰᠠᠭᠠᠷ ᠠᠳᠤᠭᠤᠨ ᠭᠤᠤ ᠶᠢᠨ ᠡᠬᠦᠳᠡᠨ | ᠳᠡᠭᠡᠷ᠎ᠡ ᠵᠤᠭᠰᠤᠵᠦ ᠪᠠᠶᠢᠨ᠎ᠠ᠃ | — ᠳᠠᠷᠤᠭ᠎ᠠ ᠡ︕ ᠲᠠᠨ ᠳᠤ ᠳᠤᠩ ᠤᠰᠤᠯ ᠪᠤᠯᠪᠠ ᠭᠡᠵᠦ ᠰᠢᠳᠤᠯᠠᠩ ᠦᠷᠢᠶ᠎ᠠ ᠴᠢᠬᠢᠳᠡᠭᠰᠡᠨ ᠵᠠᠩᠭ᠎ᠠ | ᠴᠡᠴᠡᠷᠡᠩᠬᠦᠢ ᠳᠤᠤᠭᠠᠷᠬᠤ ᠳᠤ᠂ | — ᠵᠠᠩᠭ᠎ᠠ ᠮᠢᠨᠢ ᠡ︕ ᠤᠷᠭ᠎ᠠ ᠪᠠᠨ ᠲᠠᠨ ᠳᠤ ᠪᠡᠯᠡᠭᠯᠡᠶ᠎ᠡ︕ ᠭᠡᠵᠦ ᠰᠠᠩᠭ᠎ᠠ ᠢᠨᠢᠶᠡᠭᠰᠡᠭᠡᠷ ᠤᠶᠢᠷᠠᠳᠤᠯ᠎ᠠ | ᠃ ᠠᠳᠤᠭᠤ ᠳᠡᠯᠯᠡᠨ ᠳᠠᠮᠠᠭᠠᠯᠠᠵᠦ ᠪᠠᠶᠢᠭᠰᠠᠨ ᠬᠡᠰᠢᠬᠦᠳ ᠤᠨ ᠨᠢᠳᠤ ᠡᠪᠦᠭᠡᠨ ᠤ ᠳᠡᠭᠡᠷ᠎ᠡ ᠳᠦᠪᠯᠡᠷᠡᠪᠡ᠃ | — ᠡᠪᠳᠡᠯᠡᠭᠰᠡᠨ ᠢᠶᠠᠷ ᠢᠶᠠᠨ ᠪᠢ ᠵᠠᠰᠠᠵᠦ ᠦᠭᠬᠦᠶ᠎ᠠ︕ | — ᠡᠪᠳᠡᠯᠡᠭᠰᠡᠨ ᠪᠢᠰᠢ᠂ ᠡᠷᠬᠢᠭᠡᠳ ᠰᠢᠨ᠎ᠡ ᠪᠤᠯᠤᠭᠰᠠᠨ ᠶᠤᠮ᠃ ᠲᠠ ᠦᠵᠡᠭᠡᠴᠢ︕ ᠤᠷᠢᠳᠠ ᠠᠴᠠ ᠪᠠᠨ | ᠤᠯᠠᠮ ᠤᠷᠳᠤ ᠪᠦᠭᠡᠳ ᠭᠤᠶᠤ ᠪᠤᠯᠤᠭᠰᠠᠨ ᠭᠡᠵᠦ ᠰᠠᠩᠭ᠎ᠠ ᠤᠷᠭ᠎ᠠ ᠪᠠᠨ ᠨᠠᠬᠢᠯᠵᠠᠭᠤᠯᠤᠭᠰᠠᠭᠠᠷ ᠵᠠᠩᠭ᠎ᠠ ᠳᠤ ᠦᠭᠬᠦ | ᠭᠡᠯᠡ᠃ ᠵᠠᠩᠭ᠎ᠠ ᠠᠮᠠ ᠨᠡᠭᠡᠭᠡᠵᠦ ᠶᠢᠨ ᠠᠮᠵᠢᠭᠰᠠᠨ ᠦᠭᠡᠢ᠂ ᠠᠷᠤ ᠦᠭᠡᠳᠡ ᠪᠠᠨ ᠤᠬᠤᠷᠢᠵᠦ ᠴᠦ ᠵᠠᠪᠳᠤᠭᠰᠠᠨ | ᠦᠭᠡᠢ᠃ ᠰᠠᠩᠭ᠎ᠠ᠄ | — ᠰᠢᠨ᠎ᠡ ᠨᠡᠶᠢᠭᠡᠮ ᠤᠨ ᠬᠦᠳᠡᠯᠮᠦᠷᠢᠴᠢ ᠪᠠᠭᠠᠳᠤᠷ᠂ ᠰᠠᠷᠠᠭᠤᠯᠳᠤᠶᠠᠭ᠎ᠠ ᠬᠤᠷᠰᠢᠶᠠᠨ ᠤ ᠵᠠᠯᠠᠭᠤ | ᠠᠳᠤᠭᠤᠴᠢᠨ ᠮᠢᠨᠢ ᠡ︕ ᠡᠪᠦᠭᠡᠨ ᠠᠬ᠎ᠠ ᠶᠢᠨ ᠢᠶᠠᠨ ᠦᠴᠦᠭᠡᠨ ᠰᠡᠳᠬᠢᠯ ᠤᠨ ᠪᠡᠯᠡᠭ ᠳᠤᠷᠠᠰᠬᠠᠯ ᠢ ᠠᠪᠬᠤ | ᠪᠤᠯᠪᠠᠦ︕ ᠭᠡᠵᠠᠢ᠃ | — ᠳᠠᠷᠤᠭ᠎ᠠ ᠰᠠᠩᠭ᠎ᠠ ᠁ ᠭᠡᠳᠡᠯ᠎ᠡ᠂ ᠰᠠᠩᠭ᠎ᠠ᠄ | — ᠠᠪᠤ ᠮᠢᠨᠢ ᠦᠰᠬᠦ ᠨᠠᠰᠤᠨ ᠠᠴᠠ ᠪᠠᠨ ᠠᠪᠤᠭᠠᠳ ᠦᠳᠡᠯᠳᠡᠯ᠎ᠡ ᠪᠠᠨ ᠦᠪᠡᠷ ᠤᠨ ᠭᠡᠵᠦ ᠤᠨᠤᠬᠤ ᠮᠤᠷᠢ | ᠦᠭᠡᠢ ᠪᠠᠶᠢᠭᠰᠠᠨ ᠪᠤᠯᠪᠠᠴᠦ ᠡᠪᠦᠭᠡ ᠠᠪᠤ ᠶᠢᠨ ᠦᠯᠡᠳᠡᠭᠡᠭᠰᠡᠨ ᠤᠷᠭ᠎ᠠ ᠡᠨᠡ ᠶᠤᠮ᠃ ᠦᠨᠦᠳᠤᠷ ᠮᠠᠨ ᠤ | ᠬᠤᠷᠰᠢᠶᠠᠨ ᠤ ᠦᠨᠢᠷ ᠵᠤᠵᠠᠭᠠᠨ ᠰᠦᠷᠦᠭ ᠡᠳᠦᠷ ᠢᠷᠡᠬᠦ ᠳᠤᠳᠤᠮ ᠦᠳᠭᠡᠷᠡᠵᠦ ᠪᠠᠶᠢᠨ᠎ᠠ᠃ ᠡᠶᠢᠮᠤ ᠤᠷᠭ᠎ᠠ ᠨᠢᠭᠡ | ᠪᠠᠶᠢᠳᠤᠭᠠᠢ ᠠᠷᠪᠠ ᠴᠦ ᠭᠡᠰᠡᠨ ᠢᠯᠡᠬᠦᠳᠡᠬᠦ ᠦᠭᠡᠢ ᠶᠤᠮ ᠭᠡᠵᠦ᠂ ᠭᠤᠷᠪᠠᠨ ᠠᠯᠳᠠ ᠶᠢᠨ ᠬᠤᠰᠤᠨ ᠤᠷᠭ᠎ᠠ ᠶᠢ | ᠵᠠᠩᠭ᠎ᠠ ᠳᠤ ᠪᠠᠷᠢᠭᠤᠯᠪᠠ᠃ ᠴᠤ᠋ ᠰᠢᠨ᠎ᠡ ᠦᠵᠦᠬᠦᠷ ᠳᠠᠳᠠᠭᠰᠠᠨ ᠤᠷᠭᠠᠨ ᠤ ᠴᠡᠭᠡᠵᠢᠨ ᠳᠤ ᠨᠠᠷᠢᠨ ᠤᠯᠠᠭᠠᠨ ᠭᠬᠢᠪ | ᠤᠶᠠᠵᠦ ᠳᠡᠬᠦᠨ ᠳᠡᠭᠡᠷ᠎ᠡ ᠨᠢ᠄ | ᠰᠠᠷᠠᠭᠤᠯᠳᠤᠶᠠᠭ᠎ᠠ ᠶᠢᠨ ᠢᠶᠠᠨ ᠠᠳᠤᠭᠤ ᠶᠢ ᠳᠦᠮᠡ ᠳᠤ ᠬᠦᠷᠭᠡᠬᠦ ᠪᠠᠷ | ᠰᠠᠩᠭ᠎ᠠ ᠡᠪᠦᠭᠡᠨ ᠴᠢᠳᠠᠯ ᠮᠡᠳᠡᠯ ᠢᠶᠠᠨ ᠰᠢᠪᠬᠠᠨ᠎ᠠ | ᠰᠠᠶᠢᠨ ᠭᠠᠷ᠂ ᠰᠢᠨ᠎ᠡ ᠠᠳᠤᠭᠤᠴᠢᠨ ᠵᠠᠩᠭ᠎ᠠ ᠳᠠᠭᠠᠨ | ᠰᠠᠨᠠᠭ᠎ᠠ ᠰᠡᠳᠬᠢᠯ ᠤᠨ ᠪᠡᠯᠡᠭ ᠪᠤᠯᠭᠠᠶ᠎ᠠ ᠡᠨᠡ ᠤᠷᠭ᠎ᠠ ᠪᠠᠨ ᠁ ᠭᠡᠵᠦ ᠦᠰᠦᠨ ᠪᠢᠷ ᠢᠶᠠᠷ ᠪᠢᠴᠢᠭᠰᠡᠨ ᠪᠠᠶᠢᠪᠠ᠃ | |