ᠵᠤᠬᠢᠶᠠᠭᠴᠢ ᠶᠢᠨ ᠲᠤᠪᠴᠢ ᠨᠠᠮᠳᠠᠷ | ᠰᠠᠶᠢᠨᠵᠢᠷᠭᠠᠯ ᠤᠨ ᠤᠶᠤᠨᠭᠡᠷᠡᠯ᠂ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠪᠡᠭᠡᠳᠦ ᠴᠠᠭᠠᠨ ᠬᠤᠰᠢᠭᠤᠨ ᠤ | ᠤᠤᠯ ᠤᠨ ᠪᠠᠶᠠᠨᠪᠤᠯᠠᠭ ᠰᠤᠮᠤᠨ ᠤ ᠨᠡᠷᠡᠳᠦ ᠭᠠᠴᠠᠭᠠᠨ ᠤ ᠤᠤᠭᠠᠯ᠃ ᠪᠠᠭ᠎ᠠ ᠨᠠᠰᠤᠨ ᠳᠤ ᠪᠠᠨ ᠠᠯᠳᠠᠭ ᠤᠨᠤᠭ | ᠳᠦᠷᠪᠡᠨ ᠵᠢᠯ ᠪᠢᠴᠢᠭ ᠦᠵᠡᠭᠡᠳ᠂ 1975 ᠤᠨ ᠤ 7 ᠳ᠋ᠤᠭᠠᠷ ᠰᠠᠷ᠎ᠠ ᠳᠤ ᠪᠠᠶᠠᠨᠪᠤᠯᠠᠭ ᠳᠤᠮᠳᠠᠳᠤ | ᠰᠤᠷᠭᠠᠭᠤᠯᠢ ᠠᠴᠠ ᠲᠡᠭᠦᠰᠴᠤ ᠭᠡᠷ ᠲᠡᠭᠡᠨ ᠬᠠᠷᠢᠵᠤ ᠮᠠᠯᠴᠢᠨ ᠪᠤᠯᠪᠠ᠃ ᠲᠤᠰ ᠵᠢᠯ ᠤᠨ ᠬᠢᠨᠢ 10 ᠳ᠋ᠤᠭᠠᠷ | ᠰᠠᠷ᠎ᠠ ᠳᠤ ᠦᠪᠦᠷ ᠮᠤᠩᠭᠤᠯ ᠤᠨ ᠮᠤᠩᠭᠤᠯ ᠪᠢᠴᠢᠭ ᠬᠡᠪᠯᠡᠬᠦ ᠦᠢᠯᠡᠳᠪᠦᠷᠢ ᠳᠤ ᠱᠠᠪᠢ ᠠᠵᠢᠯᠴᠢᠨ ᠢᠶᠠᠷ ᠡᠯᠰᠡᠭᠳᠡᠵᠡᠢ | ᠃ ᠬᠡᠦᠬᠡᠳ ᠨᠠᠰᠤᠨ ᠠᠴᠠ ᠪᠠᠨ ᠡᠬᠢᠯᠡᠨ ᠣᠷᠠᠠ ᠵᠤᠬᠢᠶᠠᠯ ᠳᠤ ᠳᠤᠷ᠎ᠠ ᠪᠠᠬ᠎ᠠ ᠲᠠᠢ ᠲᠡᠷᠡ ᠡᠨᠡ ᠬᠤᠭᠤᠴᠠᠭᠠᠨ ᠳᠤ | ᠤᠷᠤᠨ ᠠᠶᠢᠮᠠᠭ ᠤᠨ ᠡᠯ᠎ᠡ ᠰᠤᠨᠢᠨ ᠰᠡᠳᠬᠦᠯ ᠳᠤ ᠰᠢᠯᠦᠭ ᠵᠤᠬᠢᠶᠠᠯ ᠢᠶᠠᠨ ᠨᠡᠶᠢᠲᠡᠯᠡᠭᠦᠯᠳᠡᠭ ᠪᠠᠶᠢᠯ᠎ᠠ᠃ 1980 | ᠤᠨ ᠤ 10 ᠰᠠᠷ᠎ᠠ ᠳᠤ ᠦᠪᠦᠷ ᠮᠤᠩᠭᠤᠯ ᠤᠨ ᠵᠠᠯᠠᠭᠤᠴᠤᠳ ᠰᠡᠳᠭᠦᠯ ᠤᠨ ᠬᠤᠷᠢᠶᠠᠨ ᠳᠤ ᠰᠢᠯᠵᠢᠨ ᠲᠤᠰ | ᠬᠤᠷᠢᠶᠠᠨ ᠤ ᠴᠤᠷ ᠤᠨ ᠭᠠᠭᠴᠠ ᠰᠤᠷᠤᠯᠭ᠎ᠠ ᠶᠢᠨ ᠨᠠᠮᠳᠠᠷ ᠦᠭᠡᠢ ᠨᠠᠶᠢᠷᠠᠭᠤᠯᠤᠭᠴᠢ ᠰᠤᠷᠪᠤᠯᠵᠢᠯᠠᠭᠴᠢ ᠪᠤᠯᠪᠠ᠃ | ᠠᠵᠢᠯ ᠤᠨ ᠶᠠᠪᠤᠴᠠ ᠳᠤᠮᠳᠠ ᠪᠠᠨ ᠲᠡᠷᠡ ᠤᠯᠠᠨ ᠠᠷᠪᠢᠨ ᠰᠤᠷᠪᠤᠯᠵᠢᠯᠠᠭ᠎ᠠ᠂ ᠮᠡᠳᠡᠭᠡᠯᠡᠯ ᠤᠨ ᠤᠷᠠᠨ ᠵᠤᠬᠢᠶᠠᠯ᠂ | ᠰᠢᠯᠦᠭ᠂ ᠨᠠᠶᠢᠷᠠᠭᠤᠯᠤᠯ ᠪᠢᠴᠢᠵᠦ᠂ ᠪᠠᠰᠠ ︽ᠷᠤᠰᠸᠠᠨ ᠬᠠᠭᠠᠯᠭ᠎ᠠ︾᠂ ︽ᠲᠤᠭᠤᠢ ᠬᠤᠯᠠᠭᠠᠶᠢᠯᠠᠭᠴᠢ︾ ᠵᠡᠷᠭᠡ | ᠤᠤᠰᠺᠠ ᠱᠠᠩᠨᠠᠯᠳᠤ ᠳᠡᠯᠡᠬᠡᠢ ᠶᠢᠨ ᠰᠢᠯᠢᠳᠡᠭ ᠺᠢᠨᠤ᠋ ᠶᠢᠨ ᠵᠤᠬᠢᠶᠠᠯ ᠤᠨ ᠲᠤᠪᠴᠢᠯᠠᠯ ᠪᠠ ︽ᠨᠢᠷᠬᠢᠯᠳᠡ︾᠂ ︽ᠰᠤᠨᠤ | ︾ ᠵᠡᠷᠭᠡ ᠳᠡᠯᠡᠬᠡᠢ ᠶᠢᠨ ᠠᠯᠳᠠᠷᠳᠤ ᠪᠦᠲᠦᠭᠡᠯ ᠤᠳ ᠤᠨ ᠲᠤᠪᠴᠢᠯᠠᠯ ᠢ ᠤᠷᠴᠢᠭᠤᠯᠵᠤ ᠤᠡᠭᠰᠢᠬᠴᠢᠳ ᠲᠠᠭᠠᠨ | ᠲᠤᠯᠢᠯᠠᠭᠤᠯᠵᠠᠢ᠃ ᠭᠤᠴᠢ ᠭᠠᠷᠤᠢ ᠪᠦᠲᠦᠭᠡᠯ ᠨᠢ ᠱᠠᠩᠨᠠᠯ ᠬᠦᠬᠢᠬᠦᠯᠦᠯ ᠤᠯᠵᠤ᠂ ︽ᠡᠮᠡᠭᠲᠡᠢ ᠪᠢᠳᠡ ᠤᠡᠭᠰᠢᠵᠤ | ᠪᠠᠶᠢᠨ᠎ᠠ︾ ᠰᠢᠯᠦᠭ ᠨᠢ ᠰᠤᠯᠤᠩᠭ᠎ᠠ ᠱᠠᠩᠨᠠᠯ᠂ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ︽ᠤᠷᠳᠤ ᠠᠶᠠᠨ ᠤ | ᠨᠠᠷᠠ︾ ᠨᠢ ᠤᠷᠤᠨ ᠤ ︽5 · 1︾ ᠢᠨᠵᠧᠨᠧᠷᠢᠩ ᠤᠨ ᠱᠠᠩᠨᠠᠯ ᠬᠦᠷᠳᠡᠭᠰᠡᠨ ᠪᠠᠶᠢᠨ᠎ᠠ᠃ ᠲᠡᠭᠦᠨ ᠤ ᠪᠦᠲᠦᠭᠡᠯ ᠨᠢ | ︽ᠳᠡᠯᠡᠬᠡᠢ ᠶᠢᠨ ᠢᠷᠠᠭᠤ ᠨᠠᠶᠢᠷᠠᠭ︾ ᠵᠡᠷᠭᠡ ᠳᠦᠴᠢᠭᠡᠳ ᠨᠤᠮ ᠲᠡᠪᠳᠡᠷ ᠲᠤ ᠲᠡᠭᠦᠪᠦᠷᠢᠯᠡᠭᠳᠡᠵᠦ᠂ ᠨᠡᠯᠢᠶᠡᠳ | ᠣᠯᠠᠨ ᠰᠢᠯᠦᠭ ᠵᠤᠬᠢᠶᠠᠯ ᠨᠢ ᠬᠢᠲᠠᠳ ᠬᠡᠯᠡ ᠳᠡᠭᠡᠷ᠎ᠡ ᠤᠷᠴᠢᠭᠤᠯᠤᠭᠳᠠᠵᠠᠢ᠃ ︽ᠬᠠᠶᠢᠷ᠎ᠠ ᠶᠢᠨ ᠠᠶᠠᠨ︾ ᠭᠡᠬᠦ | ᠰᠢᠯᠦᠭ ᠤᠨ ᠲᠡᠭᠦᠪᠦᠷᠢ ᠨᠢ 2013 ᠤᠨ ᠳᠤ ᠮᠤᠩᠭᠤᠯ ᠤᠯᠤᠰ ᠲᠤ ᠺᠢᠷᠢᠯ ᠦᠰᠦᠭ ᠢᠶᠠᠷ ᠬᠡᠪᠯᠡᠭᠳᠡᠪᠡ᠃ | ᠮᠡᠳᠡᠭᠡᠯᠡᠯ ᠤᠨ ᠤᠷᠠᠨ ᠵᠤᠬᠢᠶᠠᠯ ︽ᠦᠯᠦᠭᠡᠢ ᠰᠠᠵᠢᠯᠠᠭᠰᠠᠨ ᠬᠦᠮᠦᠰ︾᠂ ᠨᠠᠶᠢᠷᠠᠭᠤᠯᠤᠯ ︽ᠰᠡᠳᠬᠢᠯ ᠳᠤ | ᠦᠯᠡᠳᠡᠭᠰᠡᠨ ᠬᠤᠷᠸ᠎ᠠ︾ ᠨᠢ ᠳᠤᠮᠳᠠᠳᠤ ᠰᠤᠷᠭᠠᠭᠤᠯᠢ ᠶᠢᠨ ᠬᠡᠯᠡ ᠪᠢᠴᠢᠭ ᠲᠤ ᠰᠤᠩᠭᠤᠭᠳᠠᠵᠠᠢ᠃ | ᠲᠡᠷᠡ ︽ᠴᠤᠮᠤᠷᠯᠢᠭ︾ ᠰᠡᠳᠭᠦᠯ ᠤᠨ ᠳᠡᠳ᠋ ᠡᠷᠬᠢᠯᠡᠭᠴᠢ ᠨᠠᠶᠢᠷᠠᠭᠤᠯᠤᠭᠴᠢ᠂ ᠦᠪᠦᠷ ᠮᠤᠩᠭᠤᠯ ᠤᠨ | ᠦᠨᠳᠦᠰᠦᠳᠡᠨ ᠤ ᠵᠠᠯᠠᠭᠤᠴᠤᠳ ᠪᠠᠭᠠᠴᠤᠳ ᠤᠨ ᠰᠡᠳᠭᠦᠯ ᠤᠨ ᠬᠤᠷᠢᠶᠠᠨ ᠤ ᠵᠠᠷ ᠵᠠᠩᠭᠢ ᠲᠠᠷᠬᠠᠭᠠᠬᠤ ᠬᠡᠯᠳᠡᠰ ᠤᠨ | ᠡᠷᠬᠢᠯᠡᠭᠴᠢ ᠶᠢᠨ ᠠᠵᠢᠯ ᠡᠭᠦᠷᠭᠡ ᠡᠭᠦᠷᠭᠡᠯᠡᠵᠦ᠂ 2005 ᠤᠨ ᠳᠤ ᠤᠯᠤᠰ ᠤᠨ ᠲᠤᠮᠢᠯᠠᠯᠲᠠ ᠪᠠᠷ ᠮᠤᠩᠭᠤᠯ | ᠤᠯᠤᠰ ᠤᠨ ᠤᠯᠤᠰ ᠤᠨ ᠶᠡᠭᠡ ᠰᠤᠷᠭᠠᠭᠤᠯᠢ ᠳᠤ ᠵᠤᠴᠢᠨ ᠫᠷᠤᠹᠧᠰᠰᠤᠷ ᠢᠶᠠᠷ ᠨᠢᠭᠡ ᠵᠢᠯ ᠰᠤᠷᠤᠯᠴᠠᠵᠠᠢ᠃ 2006 | ᠤᠨ ᠤ 9 ᠰᠠᠷ᠎ᠠ ᠳᠤ ᠳᠡᠯᠡᠬᠡᠢ ᠶᠢᠨ ᠢᠷᠠᠭᠤ ᠨᠠᠶᠢᠷᠠᠭᠴᠢᠳ ᠤᠨ 26 ᠳ᠋ᠤᠭᠠᠷ ᠤᠳᠠᠭᠠᠨ ᠤ ᠶᠡᠭᠡ ᠬᠤᠷᠠᠯ ᠳᠤ | ᠤᠷᠢᠭᠳᠠᠨ ᠤᠷᠤᠯᠴᠠᠪᠠ᠃ ᠰᠢᠯᠦᠭ ᠤᠨ ᠲᠡᠭᠦᠪᠦᠷᠢ ︽ᠬᠠᠶᠢᠷ᠎ᠠ ᠲᠦᠰᠢᠭᠰᠡᠨ ᠠᠭᠤᠯᠠ︾᠂ ︽ᠬᠠᠶᠢᠷ᠎ᠠ ᠶᠢᠨ ᠠᠶᠠᠨ | ︾᠂ ︽ᠬᠠᠶᠢᠷ᠎ᠠ ᠲᠠᠭᠠᠭᠠᠬᠤ ᠦᠭᠡᠢ ᠬᠤᠷᠸ᠎ᠠ︾᠂ ︽ᠤᠶᠤᠨᠭᠡᠷᠡᠯ ᠤᠨ ᠰᠢᠯᠦᠭ ᠤᠨ ᠲᠡᠭᠦᠪᠦᠷᠢ︾᠂ ᠮᠡᠳᠡᠭᠡᠯᠡᠯ ᠤᠨ | ᠤᠷᠠᠨ ᠵᠤᠬᠢᠶᠠᠯ ᠤᠨ ᠲᠡᠭᠦᠪᠦᠷᠢ ︽ᠤᠷᠳᠤ ᠠᠶᠠᠨ ᠤ ᠨᠠᠷᠠ︾᠂ ᠨᠠᠶᠢᠷᠠᠭᠤᠯᠤᠯ ᠤᠨ ᠲᠡᠭᠦᠪᠦᠷᠢ ︽ᠬᠠᠶᠢᠷ᠎ᠠ | ᠬᠦᠯᠢᠶᠡᠭᠰᠡᠨ ᠰᠠᠷᠭᠠᠢ︾ ᠵᠡᠷᠭᠡ ᠨᠤᠮ ᠢᠶᠠᠨ ᠬᠡᠪᠯᠡᠭᠦᠯᠵᠦ ᠤᠡᠭᠰᠢᠬᠴᠢᠳ ᠤᠨ ᠬᠦᠷᠳᠡᠭᠡᠯ ᠪᠤᠯᠭᠠᠵᠤ᠂ ︽ | ᠦᠷᠬᠦᠯᠵᠢᠯᠡᠯ ᠲᠠᠢ ᠲᠤᠯᠤᠭᠠᠨ ᠡᠳᠦᠷ︾᠂ ︽ᠮᠤᠭᠠᠢ ᠪᠤᠭᠤᠯᠲᠠ︾ ︵ᠵᠠᠯᠭᠠᠮᠵᠢ︶᠂ ︽ᠤᠯᠠᠭᠠᠨ ᠤᠷᠬᠢᠮᠵᠢ ᠶᠢᠨ | ᠲᠠᠪᠠᠯᠭ᠎ᠠ︾᠂ ︽ᠰᠡᠯᠡᠭᠦᠨ ᠤᠷᠴᠢᠯᠠᠩ ᠤᠨ ᠰᠡᠶᠢᠮᠡᠬᠡᠢ︾ ᠵᠡᠷᠭᠡ ᠮᠤᠩᠭᠤᠯ ᠤᠯᠤᠰ ᠤᠨ ᠵᠤᠬᠢᠶᠠᠯᠴᠢᠳ ᠤᠨ | ᠰᠢᠯᠢᠳᠡᠭ ᠷᠤᠮᠠᠨ ᠨᠤᠭᠤᠳ ᠪᠠ ︽ᠮᠤᠩᠭᠤᠯ ᠤᠨ ᠬᠡᠦᠬᠡᠳ ᠤᠨ ᠤᠷᠠᠨ ᠵᠤᠬᠢᠶᠠᠯ ᠤᠨ ᠲᠡᠭᠡᠵᠢ ᠪᠢᠴᠢᠭ︾᠂ ︽ | ᠮᠤᠩᠭᠤᠯ ᠤᠨ ᠵᠠᠯᠠᠭᠤᠴᠤᠳ ᠪᠠᠭᠠᠴᠤᠳ ᠤᠨ ᠤᠷᠠᠨ ᠵᠤᠬᠢᠶᠠᠯ ᠤᠨ ᠳᠡᠭᠡᠵᠢ ᠪᠢᠴᠢᠭ︾ ᠵᠡᠷᠭᠡ ᠨᠤᠮ ᠢ ᠺᠢᠷᠢᠯ | ᠦᠰᠦᠭ ᠠᠴᠠ ᠪᠠᠭᠤᠯᠭᠠᠨ ᠬᠡᠪᠯᠡᠭᠦᠯᠵᠡᠢ᠃ ︽ᠳᠤᠮᠳᠠᠳᠤ ᠤᠯᠤᠰ ᠤᠨ ᠴᠢᠳᠠᠪᠤᠷᠢᠳᠠᠨ ᠤ ᠬᠦᠮᠦᠷᠭᠡ︾᠂ ︽ | ᠳᠤᠮᠳᠠᠳᠤ ᠤᠯᠤᠰ ᠤᠨ ᠤᠳᠤ ᠦᠶ᠎ᠡ ᠶᠢᠨ ᠵᠠᠯᠠᠭᠤ ᠵᠤᠬᠢᠶᠠᠯᠴᠢᠳ ᠤᠨ ᠨᠡᠷᠡᠰ ᠤᠨ ᠲᠤᠯᠢ︾ ᠵᠡᠷᠭᠡ ᠳᠤ ᠨᠠᠮᠳᠠᠷ ᠨᠢ | ᠬᠠᠳᠠᠭᠳᠠᠵᠤ᠂ ︽ᠮᠢᠨᠦ ᠬᠠᠶᠢᠷᠠᠲᠠᠢ ᠦᠪᠦᠷ ᠮᠤᠩᠭᠤᠯ︾ — ᠦᠪᠦᠷ ᠮᠤᠩᠭᠤᠯ ᠤᠨ ᠤᠳᠤ ᠦᠶ᠎ᠡ ᠶᠢᠨ | ᠰᠢᠯᠦᠭ ᠤᠨ ᠰᠤᠩᠭᠤᠮᠠᠯ ᠭᠡᠬᠦ ᠺᠢᠷᠢᠯ ᠦᠰᠦᠭ ᠤᠨ ᠨᠤᠮ ᠲᠤ ᠰᠢᠯᠦᠭ ᠨᠢ ᠰᠤᠩᠭᠤᠭᠳᠠᠵᠤ᠂ ᠮᠤᠩᠭᠤᠯ ᠤᠯᠤᠰ ᠲᠤ | ᠲᠠᠨᠢᠯᠴᠠᠭᠤᠯᠤᠭᠳᠠᠵᠠᠢ᠃ ᠲᠡᠷᠡ ᠪᠠᠰᠠ ︽ᠳᠡᠭᠡᠷᠡᠮ ᠤᠰᠠᠳᠬᠠᠭᠰᠠᠨ ᠦᠡᠭᠭᠡᠷᠡᠯᠲᠡ︾᠂ ︽ᠮᠠᠷᠳᠠᠭᠳᠠᠰᠢ ᠦᠭᠡᠢ | ᠲᠤᠷᠠᠳᠬᠠᠯ︾ ᠵᠡᠷᠭᠡ 100 ᠲᠦᠮᠡᠨ ᠦᠰᠦᠭ ᠤᠨ ᠨᠤᠮ ᠢ ᠮᠤᠩᠭᠤᠯᠴᠢᠯᠠᠵᠤ᠂ 500 ᠲᠦᠮᠡᠨ ᠦᠰᠦᠭ ᠤᠨ | ᠤᠷᠴᠢᠭᠤᠯᠭ᠎ᠠ ᠶᠢᠨ ᠨᠤᠮ ᠤᠨ ᠡᠬᠡ ᠪᠢᠴᠢᠭ ᠢ ᠬᠢᠨᠠᠵᠤ ᠬᠡᠪᠯᠡᠯ ᠳᠤ ᠲᠡᠪᠰᠢᠬᠦᠯᠦᠭᠰᠡᠨ ᠪᠠᠶᠢᠨ᠎ᠠ᠃ | 2018 ᠣᠨ ᠳᠤ᠂ ᠲᠡᠭᠦᠨ ᠤ ︿︿ᠭᠤᠨᠢᠭ ᠲᠤᠭᠠᠴᠢᠭᠰᠠᠨ ᠠᠷᠠᠯ﹀﹀ ᠭᠡᠬᠦ ᠨᠠᠶᠢᠷᠠᠭᠤᠯᠤᠯ ᠨᠢ ᠦᠭᠡᠷᠡᠴᠢᠯᠡᠯᠡᠲᠡ | ᠨᠡᠭᠡᠭᠡᠯᠳᠡ ᠶᠢᠨ 40 ᠵᠢᠯ ᠤᠨ ᠤᠢ ᠳᠤ ᠵᠤᠷᠢᠭᠤᠯᠤᠨ ᠡᠯᠰᠡᠭᠰᠡᠨ ᠮᠣᠩᠭᠤᠯ ᠨᠠᠶᠢᠷᠠᠭᠤᠯᠤᠯ᠂ ᠮᠠᠳᠡᠭᠡᠯᠡᠯ ᠤᠨ ᠣᠷᠠᠨ | ᠵᠤᠬᠢᠶᠠᠯ ᠤᠨ ᠱᠡᠭᠨᠠᠯᠲᠦ ᠣᠷᠣᠯᠳᠣᠭᠠᠨ ᠳᠤ ᠭᠤᠷᠪᠠᠳᠤᠭᠠᠷ ᠲᠡᠰ ᠤᠨ ᠱᠠᠩᠨᠠᠯ ᠬᠦᠷᠲᠡᠵᠤ᠂ ᠰᠢᠯᠦᠭ ︿︿ᠵᠠᠭᠤᠨ | ᠵᠢᠯ ᠤᠨ ᠵᠢᠷᠦᠬᠡ﹀﹀ ᠪᠠᠷ ᠢᠶᠠᠨ ︿︿ᠪᠦᠪᠠᠢ ᠳᠡᠯᠡᠬᠡᠢ 2019﹀﹀ ᠬᠠᠶᠢᠷ᠎ᠠ ᠶᠢᠨ ᠰᠢᠯᠦᠭ ᠤᠨ ᠰᠢᠯᠭᠠᠷᠠᠭᠤᠯᠣᠯᠳᠠ ᠳᠤ | ᠠᠯᠳᠠᠨ ᠪᠦᠪᠡᠶᠢᠳᠦ ᠲᠡᠷᠢᠭᠦᠨ ᠪᠠᠶᠢᠷᠢ ᠶᠢᠨ ᠰᠢᠯᠦᠭᠴᠢ ᠪᠠᠷ ᠲᠣᠳᠣᠷᠠᠭᠰᠠᠨ ᠪᠠᠶᠢᠨ᠎ᠠ᠃ ᠲᠤᠰ ᠵᠢᠯ ᠮᠣᠩᠭᠤᠯ | ᠣᠯᠣᠰ ᠤᠨ ᠵᠣᠬᠢᠶᠠᠯᠴᠢᠳ ᠤᠨ ᠡᠪᠯᠡᠯ ᠤᠨ ᠳ᠋᠊᠂ ᠨᠠᠴᠤᠭᠳᠣᠷᠵᠢ ᠶᠢᠨ ᠬᠤᠯᠪᠤᠭ᠎ᠠ᠂ ᠮᠣᠩᠭᠤᠯ ᠣᠯᠣᠰ ᠤᠨ | ᠪᠠᠭᠠᠨᠠᠭᠤᠷ ᠳᠡᠭᠦᠷᠭᠡ ᠶᠢᠨ ᠰᠣᠶᠣᠯ ᠤᠨ ᠤᠷᠳᠤᠨ ᠠᠴᠠ ᠤᠶᠤᠠᠭᠡᠷᠡᠯ ᠤᠨ ᠦᠪᠦᠷ ᠮᠣᠩᠭᠤᠯ ᠤᠨ ᠦᠪᠡᠷᠳᠡᠭᠡᠨ | ᠵᠠᠰᠠᠬᠤ ᠤᠷᠤᠨ ᠤ ᠤᠳᠬ᠎ᠠ ᠵᠤᠬᠢᠶᠠᠯ᠂ ᠢᠷᠠᠭᠤ ᠨᠠᠶᠢᠷᠠᠭ ᠢ ᠬᠦᠭᠵᠢᠭᠦᠯᠬᠦ ᠦᠢᠯᠡᠰ ᠲᠤ ᠤᠷᠤᠭᠤᠯᠤᠭᠰᠠᠨ ᠬᠤᠪᠢ | ᠨᠡᠮᠡᠷᠢ᠂ ᠬᠢᠴᠢᠶᠡᠯ ᠵᠢᠳᠬᠦᠯ᠂ ᠤᠷᠠᠨ ᠪᠦᠲᠦᠭᠡᠯ ᠢ ᠦᠨᠡᠯᠡᠨ ᠵᠢᠭᠤᠬᠤ ᠪᠢᠴᠢᠭ ᠤᠯᠭᠤᠭᠰᠠᠠ ᠪᠠᠶᠢᠨ᠎ᠠ᠃ | ᠤᠶᠤᠨᠭᠡᠷᠡᠯ ᠤᠷᠢᠳ ᠬᠤᠵᠢᠳ ︽ᠦᠪᠦᠷ ᠮᠤᠩᠭᠤᠯ ᠤᠨ ᠦᠨᠳᠦᠰᠦᠲᠡᠨ ᠤ ᠵᠠᠯᠠᠭᠤᠴᠤᠳ ᠪᠠᠭᠠᠴᠤᠳ ᠤᠨ | ᠰᠡᠳᠭᠦᠯ ᠤᠨ ᠬᠤᠷᠢᠶᠠᠨ︾ ᠤ ᠭᠠᠪᠢᠶᠠᠳᠤ ᠨᠠᠶᠢᠷᠠᠭᠤᠯᠤᠭᠴᠢ᠂ ᠦᠪᠡᠷᠳᠡᠭᠡᠨ ᠵᠠᠰᠠᠬᠤ ᠤᠷᠤᠨ ᠤ ᠲᠡᠷᠢᠭᠦᠨ ᠤ | ᠰᠡᠳᠭᠦᠯᠴᠢ᠂ ᠦᠪᠡᠷᠳᠡᠭᠡᠨ ᠵᠠᠰᠠᠬᠤ ᠣᠷᠣᠨ ᠤ ᠮᠣᠩᠭᠤᠯ ᠪᠢᠴᠢᠭ ᠰᠣᠷᠴᠦ ᠬᠡᠷᠡᠭᠯᠡᠭᠰᠡᠨ ᠲᠡᠷᠢᠭᠦᠨ ᠤ ᠬᠤᠪᠢ | ᠬᠦᠮᠤᠨ᠂ ᠳᠤᠮᠳᠠᠳᠤ ᠤᠯᠤᠰ ᠤᠨ ᠮᠤᠩᠭᠤᠯ ᠰᠡᠳᠭᠦᠯ ᠤᠨ ᠭᠠᠪᠢᠶᠠᠳᠤ ᠨᠠᠶᠢᠷᠠᠭᠤᠯᠤᠭᠴᠢ ᠶᠢᠨ ᠴᠤᠯᠠ ᠶᠢ ᠬᠦᠷᠳᠡᠵᠡᠢ | ᠃ ᠲᠡᠷᠡ ᠪᠣᠯ ᠳᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ᠭᠡᠰᠢᠭᠦᠨ᠂ ᠦᠪᠦᠷ ᠮᠤᠩᠭᠤᠯ ᠤᠨ | ᠵᠤᠬᠢᠶᠠᠯᠴᠢᠳ ᠤᠨ ᠨᠡᠶᠢᠭᠡᠮᠯᠢᠭ ᠤᠨ ᠭᠡᠰᠢᠭᠦᠨ᠂ ᠳᠤᠮᠳᠠᠳᠤ ᠤᠯᠤᠰ ᠤᠨ ᠴᠥᠬᠡᠨ ᠲᠤᠭᠠᠳᠤ ᠦᠨᠳᠦᠰᠦᠲᠡᠨ ᠤ | ᠵᠤᠬᠢᠶᠠᠯᠴᠢᠳ ᠤᠨ ᠨᠡᠶᠢᠭᠡᠮᠯᠢᠭ ᠤᠨ ᠭᠡᠰᠢᠭᠦᠨ᠂ ᠦᠪᠦᠷ ᠮᠤᠩᠭᠤᠯ ᠤᠨ ᠤᠷᠠᠨ ᠵᠤᠬᠢᠶᠠᠯ ᠤᠷᠴᠢᠭᠤᠯᠤᠭᠴᠢᠳ ᠤᠨ | ᠨᠡᠶᠢᠭᠡᠮᠯᠢᠭ ᠤᠨ ᠳᠡᠳ᠋ ᠬᠡᠷᠡᠭ ᠡᠷᠬᠢᠯᠡᠭᠴᠢ ᠶᠤᠮ᠃ | | ᠬᠦᠯᠢᠶᠡᠳᠡᠭ | — ᠤᠶᠤᠠᠭᠡᠷᠡᠯ ᠵᠤᠬᠢᠶᠠᠪᠠ | | ᠢᠷᠡᠨ᠎ᠡ ᠳ᠋ᠧ ᠭᠡᠵᠦ ᠪᠢ ᠴᠢᠮ᠎ᠠ ᠶᠢ ᠪᠠᠨ ᠬᠦᠯᠢᠶᠡᠳᠡᠭ | ᠶᠡᠷᠢ ᠶᠢᠰᠣᠨ ᠲᠡᠭᠷᠢ ᠶᠢ ᠤᠶᠠᠰᠲᠠᠯᠠ ᠬᠦᠯᠢᠶᠡᠳᠡᠭ | ᠢᠳᠡᠬᠡᠯ ᠰᠡᠳᠬᠢᠯ ᠢᠶᠠᠨ ᠬᠡᠪ ᠢᠶᠠᠷ ᠪᠠᠶᠢᠯᠭᠠᠵᠤ | ᠢᠷ ᠲᠠᠢ ᠬᠢᠳᠤᠭ᠎ᠠ ᠳᠡᠭᠡᠷ᠎ᠡ ᠴᠤ ᠵᠤᠭᠰᠣᠵᠣ ᠬᠦᠯᠢᠶᠡᠳᠡᠭ | ᠤᠮᠤᠭᠯᠠᠩ ᠨᠠᠮᠪᠠᠯᠢᠭ ᠴᠢᠮ᠎ᠠ ᠶᠢ ᠪᠠᠨ ᠪᠢ ᠴᠢᠨᠢ | ᠤᠯᠳᠠᠬᠤ ᠦᠭᠡᠢ ᠪᠣᠯᠴᠢᠬᠠᠬᠤ ᠠᠴᠠ ᠠᠶᠤᠵᠤ ᠬᠦᠯᠢᠶᠡᠳᠡᠭ | ᠣᠴᠢ ᠰᠢᠭ᠋ ᠦᠰᠦᠷᠤᠭᠡᠳ ᠨᠠᠳᠠ ᠳᠤ ᠪᠠᠨ ᠢᠷᠡᠨ᠎ᠡ ᠭᠡᠵᠤ | ᠣᠳᠣ ᠲᠠᠢ ᠲᠡᠭᠷᠢ ᠶᠢᠨ ᠳᠤᠤᠷ᠎ᠠ ᠴᠢᠮ᠎ᠠ ᠶᠢ ᠪᠠᠨ ᠬᠦᠯᠢᠶᠡᠳᠡᠭ | ᠣᠷᠴᠢᠯᠠᠩ ᠳᠤ ᠭᠠᠭ᠋ᠠᠴᠠᠬᠠᠨ ᠶᠤᠮ ᠳ᠋ᠠ ᠴᠢ ᠮᠢᠨᠢ ᠭᠡᠵᠦ | ᠤᠭᠤᠰᠤᠷ ᠦᠭᠡᠢ ᠰᠡᠳᠬᠢᠯ ᠳᠡᠷᠪᠢᠨ ᠳᠡᠷᠪᠢᠨ ᠬᠦᠯᠢᠶᠡᠳᠡᠭ | ᠤᠷᠤᠭᠠᠳ ᠢᠷᠡᠬᠦ ᠶᠤᠮ ᠪᠣᠯ ᠬᠡᠷᠪᠡ | ᠤᠭᠤᠴᠢᠬᠤ ᠴᠠᠢ ᠶᠢ ᠨᠢ ᠪᠡᠯᠡᠨ ᠪᠣᠯᠭᠠᠵᠣ ᠬᠦᠯᠢᠶᠡᠳᠡᠭ | ᠦᠠᠳᠦᠷ ᠠᠭᠤᠯᠠ ᠶᠢᠨ ᠵᠢᠷᠤᠬᠡᠨ ᠴᠠᠭᠠᠨ ᠤᠷᠬᠢᠯ ᠰᠢᠭ᠋ ᠴᠢᠮ᠎ᠠ ᠶᠢ ᠪᠠᠨ | ᠡᠳᠦᠷ ᠡᠳᠦᠷ ᠪᠢ ᠤᠷᠤᠨ ᠳᠤ ᠪᠠᠨ ᠵᠤᠭᠰᠣᠵᠣ ᠬᠦᠯᠢᠶᠡᠳᠡᠭ | ᠡᠳᠦᠢ ᠪᠣᠯᠲᠠᠯ᠎ᠠ ᠨᠠᠳᠠ ᠳᠤ ᠪᠠᠨ ᠢᠷᠡᠬᠦ ᠦᠭᠡᠢ ᠶᠤᠮ ᠤᠤ ᠭᠡᠵᠦ | ᠡᠪᠦᠷ ᠢᠶᠠᠨ ᠪᠦᠯᠢᠶᠡᠰᠭᠡᠨ ᠪᠦᠯᠢᠶᠡᠰᠭᠡᠨ ᠬᠦᠯᠢᠶᠡᠳᠡᠭ | ᠬᠠᠯᠠᠭᠤᠨ ᠳᠤᠯᠠᠭᠠᠨ ᠢᠨᠢᠶᠡᠳᠦ ᠪᠠᠨ ᠴᠠᠯᠬᠢᠭᠤᠯᠤᠭᠰᠠᠭᠠᠷ | ᠬᠠᠭᠠᠯᠭ᠎ᠠ ᠶᠢ ᠮᠢᠨᠢ ᠰᠡᠬᠦᠨ ᠤᠷᠤᠵᠦ ᠢᠷᠡᠨ᠎ᠡ ᠭᠡᠵᠤ ᠬᠦᠯᠢᠶᠡᠳᠡᠭ | ᠬᠠᠨ ᠲᠠᠯ᠎ᠠ ᠰᠢᠭ᠋ ᠡᠩᠭᠡᠷ ᠲᠤ ᠪᠠᠨ ᠨᠠᠮ᠎ᠠ ᠶᠢ | ᠬᠠᠶᠢᠯᠲᠠᠯᠠ ᠤᠶᠠᠰᠲᠠᠯᠠ ᠲᠡᠪᠢᠷᠡᠨᠡ ᠭᠡᠵᠤ ᠬᠦᠯᠢᠶᠡᠳᠡᠭ | ᠮᠥᠩᠭᠦᠨ ᠰᠠᠷᠠᠨ ᠤ ᠲᠤᠤᠷ᠎ᠠ ᠴᠢᠮ᠎ᠠ ᠶᠢ ᠪᠠᠨ ᠢᠷᠡᠨ᠎ᠡ ᠭᠡᠵᠤ | ᠮᠦᠳᠳᠦ ᠮᠦᠳᠳᠦ ᠲᠤᠭᠲᠤᠯᠵᠤ ᠬᠦᠯᠢᠶᠡᠳᠡᠭ | ᠮᠦᠷᠦᠭᠡᠳᠦᠭᠰᠡᠨ ᠰᠡᠳᠬᠢᠯ ᠲᠠᠶᠢᠪᠤᠰᠢᠷᠠᠬᠤ ᠠᠷᠭ᠎ᠠ ᠦᠭᠡᠢ | ᠮᠦᠰᠦ ᠪᠣᠯᠲᠠᠯ᠎ᠠ ᠪᠠᠨ ᠴᠠᠩᠳᠤᠨ ᠬᠦᠯᠢᠶᠡᠳᠡᠭ | ᠠᠭᠠᠷᠢᠭ ᠴᠢᠯᠠᠭᠤ ᠰᠢᠭ᠋ ᠬᠦᠳᠡᠷᠬᠡᠨ ᠴᠢᠮ᠎ᠠ ᠶᠢ ᠪᠠᠨ | ᠠᠷᠭᠠᠮᠵᠢᠶ᠎ᠠ ᠲᠠᠢ ᠰᠡᠳᠬᠢᠯ ᠴᠢᠩᠨᠠᠨ ᠬᠦᠯᠢᠶᠡᠳᠡᠭ | ᠠᠯᠲᠠᠨ ᠰᠢᠷᠭᠠᠯ ᠨᠠᠷᠠᠨ ᠤ ᠳᠣᠣᠷ᠎ᠠ | ᠠᠭᠰᠢᠵᠤ ᠤᠨᠠᠲᠠᠯ᠎ᠠ ᠪᠠᠨ ᠴᠢᠮ᠎ᠠ ᠶᠢ ᠪᠠᠨ ᠬᠦᠯᠢᠶᠡᠳᠡᠭ | ᠪᠣᠭᠤᠷᠣᠯ ᠮᠠᠨᠠᠨ ᠲᠠᠲᠠᠭᠰᠠᠨ ᠪᠣᠷᠣᠭᠠᠨ ᠤ ᠳᠣᠮᠳᠠ ᠴᠤ | ᠪᠣᠴᠠᠭᠠᠳ ᠢᠷᠡᠨ᠎ᠡ ᠭᠡᠵᠤ ᠪᠢ ᠴᠢᠮ᠎ᠠ ᠶᠢ ᠪᠠᠨ ᠬᠦᠯᠢᠶᠡᠳᠡᠭ | ᠪᠣᠴᠠᠯᠤᠭᠰᠠᠨ ᠬᠠᠶᠢᠷ᠎ᠠ ᠪᠠᠨ ᠴᠢᠮ᠎ᠠ ᠳᠤ ᠪᠠᠨ ᠯᠠ ᠦᠭᠬᠦᠨ᠎ᠡ ᠭᠡᠵᠦ | ᠪᠤᠯᠬᠢᠭᠰᠠᠨ ᠵᠢᠷᠦᠬᠡ ᠳᠦᠭᠰᠢᠨ ᠳᠦᠭᠰᠢᠨ ᠬᠦᠯᠢᠶᠡᠳᠡᠭ |