ᠵᠤᠬᠢᠶᠠᠭᠴᠢ ᠶᠢᠨ ᠳᠤᠪᠴᠢ ᠨᠠᠮᠳᠠᠷ᠄ ᠤ᠂ ᠤᠶᠤᠨᠪᠢᠯᠢᠭ᠌᠂ 1974 ᠤᠨ ᠳᠤ ᠰᠢᠯᠤᠭᠤᠨ ᠬᠦᠪᠡᠭᠡᠲᠦ ᠴᠠᠭᠠᠨ | ᠬᠤᠰᠢᠭᠤᠨ ᠤ ᠮᠢᠩᠭᠠᠨᠲᠤ ᠪᠠᠯᠭᠠᠰᠤᠨ ᠤ ᠪᠠᠶᠠᠨᠪᠤᠯᠠᠭ ᠭᠠᠴᠠᠭᠠᠨ ᠳᠤr ᠤᠷᠲᠤᠨᠠᠰᠤᠨ ᠰᠦᠭᠵᠢᠮᠠ ᠶᠢᠨ ᠤᠤᠭᠠᠨ | ᠬᠦᠪᠡᠭᠦᠨ ᠪᠤᠯᠵᠤ ᠲᠦᠷᠦᠪᠡ᠃ ᠶᠡᠷᠡᠭᠡᠳ ᠤᠨ ᠤ ᠡᠬᠢᠨ ᠠᠴᠠ ᠤᠷᠠᠨ ᠵᠤᠬᠢᠶᠠᠯ ᠳᠤ ᠪᠢᠯᠢᠭ ᠰᠤᠷᠢᠵᠤ ᠤᠳᠤ | ᠪᠤᠯᠲᠠᠯ᠎ᠠ ᠤᠷᠤᠨ ᠠᠶᠢᠮᠠᠭ ᠤᠨ ᠰᠤᠨᠢᠨ ᠰᠡᠳᠬᠦᠯ ᠳᠤ 200 ᠭᠠᠷᠤᠢ ᠰᠢᠯᠦᠭ ᠨᠠᠶᠢᠷᠠᠭᠤᠯᠤᠯ᠂ ᠬᠡᠤᠬᠡᠳ ᠤᠨ | ᠦᠭᠦᠯᠡᠯᠭᠡ᠂ ᠤᠷᠴᠢᠭᠤᠯᠭ᠎ᠠ ᠶᠢᠨ ᠪᠦᠲᠦᠭᠡᠯ ᠨᠡᠶᠢᠲᠡᠯᠡᠭᠦᠯᠵᠤ᠂ ᠤᠷᠢᠳ ᠬᠤᠵᠢᠳ ︿︿ᠨᠠᠮᠢᠷᠠᠭ᠎ᠠ ᠴᠡᠩᠬᠡᠷ ᠪᠤᠷᠤᠭᠠᠨ | ᠤᠷᠤᠭᠠᠰᠠᠢ﹀﹀ ᠬᠡᠮᠡᠬᠦ ᠰᠤᠷᠢᠨᠵᠢᠨ ᠺᠠᠰᠲ ︵ᠠᠶᠠᠯᠭᠤ᠄ ᠰᠦ᠊᠂ ᠬᠦᠭᠵᠢᠯᠲᠦ︶᠂ ᠬᠡᠦᠬᠡᠳ ᠤᠨ ᠰᠢᠯᠦᠭ ᠤᠨ | ᠲᠡᠭᠦᠪᠦᠷᠢ ︿︿ᠮᠦᠩᠭᠦᠨ ᠬᠤᠩᠬᠤᠨ ᠤ ᠵᠢᠩᠭᠢᠨᠡᠭᠡ﹀﹀᠂ ᠰᠢᠯᠤᠭᠤᠨ ᠬᠦᠪᠡᠭᠡᠲᠦ ᠴᠠᠭᠠᠨ ᠬᠤᠰᠢᠭᠤᠨ ᠤ ᠮᠤᠩᠭᠤᠯ | ᠦᠨᠳᠦᠰᠦᠲᠡᠨ ᠤ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠤᠬᠢᠶᠠᠯ ᠤᠨ ᠲᠡᠭᠦᠪᠦᠷᠢ ︿︿ᠴᠠᠬᠠᠷ | ᠬᠠᠨ ᠤ ᠢᠷᠭᠤᠢ﹀﹀ ᠨᠤᠮ ᠢ ᠨᠠᠶᠢᠷᠠᠭᠤᠯᠤᠨ ᠡᠮᠬᠢᠳᠬᠡᠵᠦ ᠦᠨᠡᠯᠡᠯᠲᠡ ᠵᠠᠳᠠᠯᠤᠯᠲᠠ ᠪᠢᠴᠢᠵᠦ ᠬᠡᠪᠯᠡᠭᠦᠯᠪᠡ᠃ 60 | ᠭᠠᠷᠤᠢ ᠵᠤᠬᠢᠶᠠᠯ ᠪᠦᠲᠦᠭᠡᠯ ᠨᠢ ᠲᠡᠭᠦᠪᠦᠷᠢ ᠳᠤ ᠰᠢᠯᠢᠭᠳᠡᠨ ᠬᠡᠪᠯᠡᠭᠳᠡᠵᠦ᠂ 10 ᠭᠠᠷᠤᠢ ᠳᠠᠭᠤᠨ ᠤ ᠰᠢᠯᠦᠭ ᠨᠢ | ᠠᠶᠠᠯᠭᠤ ᠵᠤᠬᠢᠴᠠᠭᠤᠯᠤᠨ ᠰᠤᠷᠢᠨᠵᠢᠨ ᠴᠤᠮᠤᠭ ᠲᠤ ᠰᠤᠩᠭᠤᠭᠳᠠᠪᠠ᠃ ᠲᠦᠪ ᠤᠨ ᠠᠷᠠᠳ ᠤᠨ ᠷᠠᠳᠢᠤ᠋ | ᠨᠡᠪᠲᠡᠷᠡᠭᠦᠯᠭᠡ ᠶᠢᠨ ᠬᠤᠷᠢᠶᠠᠨ ᠤ ᠡᠯᠰᠡᠭᠰᠡᠨ ᠵᠤᠬᠢᠶᠠᠯ ᠤᠨ ᠱᠠᠩᠨᠠᠯ᠂ ᠪᠦᠬᠦ ᠤᠷᠤᠨ ᠤ ︿︿ᠲᠠᠪᠤᠨ ᠨᠢᠭᠡ ᠶᠢᠨ | ᠢᠨᠵᠧᠨᠧᠷᠢᠩ﹀﹀ ᠤᠨ ᠱᠠᠩᠨᠠᠯ᠂ ᠪᠦᠬᠦ ᠤᠷᠤᠨ ᠤ ᠬᠡᠦᠬᠡᠳ ᠤᠨ ᠳᠠᠭᠤᠨ ᠤ ᠦᠭᠡ ᠶᠢᠨ ᠤᠷᠤᠯᠳᠤᠭᠠᠨ ᠤ ᠱᠠᠩᠨᠠᠯ᠂ | ᠪᠦᠬᠦ ᠠᠶᠢᠮᠠᠭ ᠤᠨ ᠤᠯᠠᠭᠠᠨᠮᠦ᠋ᠴᠢᠷ ᠤᠨ ᠵᠤᠬᠢᠶᠠᠨ ᠪᠦᠲᠦᠭᠡᠯᠭᠡ ᠶᠢᠨ ᠱᠠᠩᠨᠠᠯ᠂ ᠪᠦᠬᠦ ᠬᠤᠰᠢᠭᠤᠨ ᠤ ︿︿ᠴᠠᠬᠠᠷ | ᠬᠡᠪᠰᠢ﹀﹀ ᠨᠡᠷᠡᠮᠵᠢᠲᠦ ᠤᠷᠠᠨ ᠵᠤᠬᠢᠶᠠᠯ ᠤᠨ ᠤᠷᠤᠯᠳᠤᠭᠠᠨ ᠤ ᠱᠠᠩᠨᠠᠯ ᠢᠶᠠᠷ ᠮᠢᠯᠢᠶᠠᠯᠭᠠᠵᠤ ᠦᠩᠭᠡᠷᠡᠪᠡ᠃ ︿︿ | ᠨᠠᠮ ᠤᠨ ᠬᠠᠶᠢᠷ᠎ᠠ ᠪᠠᠷ﹀﹀᠂ ︿︿ᠱᠠᠭᠠᠵᠠᠭᠠᠢ ᠢᠩᠭᠢᠵᠦ ᠱᠠᠭᠰᠢᠯᠠ﹀﹀᠂ ︿︿ᠵᠤᠨ ᠰᠠᠶᠢᠬᠠᠨ﹀﹀ ᠬᠡᠭᠦ ᠭᠤᠷᠪᠠᠨ | ᠳᠠᠭᠤᠤ ᠨᠢ ᠪᠠᠭ᠎ᠠ ᠰᠤᠷᠭᠠᠭᠤᠯᠢ ᠶᠢᠨ ᠳᠠᠭᠤᠤ ᠬᠦᠭᠵᠢᠮ ᠤᠨ ᠵᠢᠭᠠᠬᠤ ᠮᠠᠲ᠋ᠧᠷᠢᠶᠠᠯ ᠳᠤ ᠰᠤᠩᠭᠤᠭᠳᠠᠵᠠᠢ᠃ | ᠤᠳᠤ ᠰᠢᠯᠢ ᠶᠢᠨ ᠭᠤᠤᠯ ᠠᠶᠢᠮᠠᠭ ᠤᠨ ᠵᠤᠬᠢᠶᠠᠯᠴᠢᠳ ᠤᠨ ᠡᠪᠯᠡᠯ ᠤᠨ ᠬᠡᠰᠢᠭᠦᠨ᠂ ᠦᠪᠦᠷ ᠮᠤᠩᠭᠤᠯ ᠤᠨ | ᠵᠤᠬᠢᠶᠠᠯᠴᠢᠳ ᠤᠨ ᠡᠪᠯᠡᠯ ᠤᠨ ᠬᠡᠰᠢᠭᠦᠨ᠂ ᠰᠢᠯᠤᠭᠤᠨ ᠬᠦᠪᠡᠭᠡᠲᠦ ᠴᠠᠭᠠᠨ ᠬᠤᠰᠢᠭᠤᠨ ᠤ ᠵᠠᠰᠠᠭ ᠤᠨ ᠤᠷᠳᠤᠨ ᠤ | ᠠᠯᠪᠠᠨ ᠭᠡᠷ ᠤᠨ ᠡᠷᠬᠢᠯᠡᠭᠴᠢ ᠶᠢᠨ ᠳᠤᠰᠢᠶᠠᠯ ᠲᠠᠢ ᠠᠵᠢᠯᠯᠠᠵᠤ ᠪᠠᠶᠢᠨ᠎ᠠ᠃ | | | ᠡᠭᠡ ᠶᠢᠨ ᠰᠦ | | — ᠣ᠊· ᠣᠶᠣᠨᠪᠢᠯᠢᠭ᠌ ᠵᠤᠬᠢᠶᠠᠪᠠ | ᠬᠠᠩᠰᠢ ᠪᠤᠯᠵᠤ ᠲᠤᠪᠤ ᠬᠦᠭᠡᠷᠡᠵᠤ᠂ ᠨᠢᠯᠬ᠎ᠠ ᠨᠤᠭᠤᠭ᠎ᠠ ᠰᠡᠷᠪᠡᠶᠢᠬᠦ ᠴᠠᠭ ᠪᠤᠯᠤᠭᠰᠠᠠ ᠴᠤ ᠠᠳᠠ ᠶᠢᠨ ᠲᠡᠭᠷᠢ | ᠴᠡᠯᠮᠡᠬᠦ ᠶᠠᠩᠵᠤ ᠦᠭᠡᠢ᠂ ᠡᠯᠡᠰᠤᠠ ᠰᠢᠭᠤᠷᠭ᠎ᠠ ᠨᠦᠳᠤᠵᠤ ᠯᠡ ᠪᠠᠶᠢᠨ᠎ᠠ᠃ ︿︿ᠱᠠᠷ﹀﹀ ᠭᠢᠵᠤ ᠪᠠᠶᠢᠠ ᠪᠠᠶᠢᠠ | ᠬᠦᠷᠵᠠ ᠪᠠᠷ ᠤᠳᠬᠤᠠ ᠰᠢᠳᠡᠯᠡᠵᠤ ᠪᠠᠶᠢᠭ᠎ᠠ ᠮᠡᠳᠤ ᠡᠯᠡᠰᠤ ᠰᠢᠷᠤᠢ ᠬᠤᠶᠠᠷ ᠲᠠᠪᠬᠤᠷ ᠴᠤᠩᠬᠤ ᠶᠢ ᠨᠡᠪᠳᠡᠯᠤᠠ | ᠬᠤᠮᠠᠭ ᠲᠤᠭᠤᠰᠤ ᠪᠤᠵᠢᠬᠢᠨᠠᠭᠤᠯᠤᠨᠠ᠃ | ᠠᠶᠢᠵᠠᠮ ᠬᠦᠤ ᠶᠢ ᠠᠮᠳᠠᠳᠤ ᠵᠡᠬᠦᠳᠤᠠ ᠠᠴᠠ ᠪᠠᠨ ᠰᠡᠷᠢᠬᠦ ᠳᠤ ᠬᠤᠩᠬᠤᠳᠤ ᠴᠠᠭᠠᠠ ᠬᠤᠷᠠᠭ᠎ᠠ ᠨᠢ ᠬᠠᠨᠵᠤᠠ | ᠲᠤᠤᠷ᠎ᠠ ᠬᠤᠭᠤᠯᠠᠢ ᠪᠠᠨ ᠬᠠᠭᠠᠷᠠᠳᠠᠯ᠎ᠠ ᠮᠠᠶᠢᠯᠠᠵᠤ ᠪᠠᠶᠢᠬᠤ ᠪᠦᠭᠡᠳ ᠡᠵᠢ ᠨᠢ ᠵᠤᠤᠬᠠᠠ ᠲᠡᠭᠡᠷ᠎ᠡ ᠶᠠᠭᠤ ᠨᠢᠭᠡ ᠶᠢ | ᠪᠤᠴᠠᠯᠭᠠᠵᠤ ᠮᠤᠩᠬᠢᠨᠠᠨᠠ᠃ | ︿︿ᠡᠮᠧ ᠡ︕ ᠮᠢᠨᠤ ᠬᠤᠩᠬᠤᠳᠤ ᠶᠢ ᠶᠠᠭᠠᠬᠢᠭᠠᠳ ᠠᠳᠠ ᠠᠪᠤᠭᠠᠳ ᠢᠷᠡᠭᠰᠡᠠ ᠪᠤᠢ︖ ᠡᠭᠡ ᠳᠤ ᠨᠢ ᠲᠠᠯᠪᠢᠵᠤ | ᠦᠭᠬᠦ ᠦᠭᠡᠢ ᠶᠤᠮ ᠤᠤ︖﹀﹀ | ︿︿ᠠᠢ︕ ᠡᠮᠧ ᠨᠢ ᠬᠤᠨᠢᠠ ᠤ ᠬᠤᠷᠤᠭᠠᠠ ᠳᠤ ᠴᠡᠬᠢᠯᠭᠠᠠ ᠳ᠋ᠧᠩ ᠲᠠᠢ ᠭᠡᠳ ᠰᠦᠨᠢ ᠡᠷᠬᠢᠬᠦ ᠪᠠᠷ ᠭᠠᠷᠤᠭᠰᠠᠠ | ᠦᠭᠡᠢ ᠪᠤᠷᠤᠭᠤᠳᠠᠵᠠᠢ᠃ ᠴᠢᠨᠤ ᠮᠠᠩᠨᠠᠢ ᠬᠠᠯᠵᠠᠠ ᠴᠢᠨᠢ ᠴᠠᠩᠬᠠᠳᠣᠭᠠᠳ ᠁﹀﹀ ᠭᠡᠳ ᠡᠵᠢ ᠨᠢ ᠬᠦᠤ ᠶᠢᠨ | ᠢᠶᠠᠨ ᠦᠭᠡᠳᠡ ᠬᠠᠷᠠᠵᠤ ᠴᠢᠳᠠᠯ ᠦᠭᠡᠢ ᠬᠠᠷᠠᠴᠠ ᠪᠤᠷᠤᠭᠤᠯᠤᠨᠠ᠃ | ︿︿ᠠ︕﹀﹀ ᠭᠡᠳ ᠠᠶᠢᠵᠠᠮ ᠬᠦᠤ ᠰᠠᠨᠳᠣᠷᠣᠨ ᠤᠶᠢᠮᠤᠰᠤ ᠲᠠᠢ ᠪᠠᠨ ᠬᠦᠶᠤᠵᠤ ᠭᠠᠷᠪᠠ᠃ ᠪᠠᠷᠠᠭᠤᠠ ᠬᠠᠰᠢᠶᠠᠠ | ᠤ ᠲᠡᠭᠡᠷ᠎ᠡ ᠰᠢᠨᠡᠭᠡᠠ ᠦᠪᠴᠢᠭᠰᠡᠠ ᠬᠤᠨᠢᠠ ᠤ ᠠᠷᠠᠰᠤ ᠲᠡᠯᠭᠡᠰᠤᠳᠠᠢ ᠮᠦᠷᠳᠡᠭᠡᠠ ᠠᠪᠤ ᠨᠢ ᠡᠷᠭᠢᠠ ᠤ ᠬᠦᠪᠡᠭᠡᠠ | ᠠᠴᠠ ᠬᠦᠷᠵᠠ ᠪᠠᠷᠢᠵᠤ ᠠᠶᠢᠰᠤᠢ᠃ | ︿︿ᠠᠵᠠᠢ ᠡ︕ ᠮᠢᠨᠤ ᠮᠠᠩᠨᠠᠢ ᠬᠠᠯᠵᠠᠠ ᠶᠠᠭᠠᠬᠢᠪᠡ︖﹀﹀ ᠭᠡᠵᠤ ᠠᠶᠢᠵᠠᠮ ᠬᠦᠤ ᠣᠬᠢᠯᠠᠩᠨᠠᠨ ᠠᠰᠠᠭᠤᠯ᠎ᠠ᠃ | ︿︿ᠠᠢ︕ ᠴᠠᠩᠬᠠᠳᠣᠭᠰᠡᠨ ᠪᠤᠯᠤᠯᠳᠠᠢ᠂ ᠦᠷᠯᠤᠭᠡ ᠦᠵᠡᠬᠦ ᠳᠤ ᠬᠤᠷᠤᠭᠠᠠ ᠳᠤ ᠪᠠᠨ ᠳᠡᠷᠡᠶᠢᠴᠢᠬᠡᠬᠡᠳ ᠭᠡᠳᠡᠰᠤ | ᠨᠢ ᠬᠦᠬᠡᠬᠡᠴᠢᠬᠡᠵᠠᠢ᠃ ᠠᠵᠠᠢ ᠨᠢ ᠵᠤᠪᠠᠯᠭ᠎ᠠ ᠶᠢ ᠨᠢ ᠨᠤᠬᠠᠢ ᠰᠢᠪᠠᠭᠤ ᠲᠠᠳᠠᠬᠤ ᠠᠴᠠ ᠠᠶᠤᠭᠠᠳ ᠪᠤᠯᠠᠴᠢᠬᠠᠭᠰᠠᠠ᠃ | ᠨᠤᠤᠰᠤ ᠶᠢ ᠨᠢ ᠴᠤ ᠬᠠᠶᠢᠴᠢᠯᠠᠭᠠᠳᠣᠢ ᠶᠤᠮ ᠴᠢᠨᠢ ᠠᠷᠠᠰᠣ ᠶᠢ ᠨᠢ ᠠᠪᠤᠶ᠎ᠠ ᠯᠠ ᠳ᠋ᠠ᠃ ᠵᠦᠭᠡᠷ᠂ ᠬᠦᠤ ᠮᠢᠨᠢ᠂ | ᠡᠨᠡ ᠬᠠᠷ᠎ᠠ ᠬᠠᠪᠰᠤᠷᠭ᠎ᠠ ᠳᠤ ᠮᠠᠯ ᠭᠡᠮᠳᠤᠬᠦ ᠶᠠᠪᠤᠳᠠᠯ ᠭᠠᠷᠬᠤ ᠯᠠ ᠶᠤᠮ ᠰᠢᠤ︕﹀﹀ ᠭᠡᠵᠤ ᠡᠴᠢᠭᠡ ᠨᠢ | ᠲᠠᠶᠢᠳᠬᠤᠷᠠᠭᠤᠯᠤᠯᠠ᠃ | ᠡᠮᠡᠭᠡ ᠨᠢ ᠴᠤ ᠮᠠᠶᠢᠵᠢᠬᠢᠨᠠᠭᠰᠠᠭᠠᠷ ᠬᠦᠷᠴᠤ ᠢᠷᠡᠭᠡᠳ︿︿ᠬᠦᠤ ᠮᠢᠨᠢ᠂ ᠪᠤᠤ ᠵᠤᠪᠠ᠂ ᠮᠦᠮᠤ ᠨᠢ ᠣᠭᠵᠢᠵᠣ | ᠪᠠᠶᠢᠭᠠᠳ ᠴᠤ ᠭᠡᠰᠡᠠ ᠬᠤᠩᠬᠤᠳᠤ ᠴᠠᠭᠠᠠ ᠢ ᠴᠢᠨᠢ ᠦᠰᠭᠡᠭᠡᠳ ᠦᠭᠴᠢᠭᠡᠨᠠ﹀﹀ ᠭᠡᠵᠤ ᠲᠤᠯᠤᠭᠠᠢ ᠢ ᠨᠢ ᠢᠯᠪᠢᠨ | ᠠᠷᠭᠠᠳᠠᠯ᠎ᠠ᠃ | ᠠᠶᠢᠵᠠᠮ ᠬᠦᠤ ᠮᠠᠩᠨᠠᠢ ᠬᠠᠯᠵᠠᠠ ᠬᠤᠨᠢ ᠪᠠ ᠬᠤᠩᠬᠤᠳᠤ ᠴᠠᠭᠠᠠ ᠬᠤᠷᠠᠭ᠎ᠠ ᠳᠤ ᠪᠠᠨ ᠤᠬᠠᠭᠠᠠ ᠦᠭᠡᠢ ᠬᠠᠶᠢᠷᠠᠳᠠᠢ | ᠶᠤᠮ᠃ ᠭᠤᠷᠪᠠᠠ ᠨᠠᠰᠤᠳᠠᠢ ᠵᠢᠯ ᠲᠤᠷᠭᠠᠠ ᠦᠷᠪᠦᠭᠡ ᠶᠢ ᠨᠢ ᠬᠦᠠᠳᠡᠬᠦ ᠨᠠᠶᠢᠷ ᠲᠤ ᠨᠠᠭᠠᠴᠤ ᠡᠮᠡᠭᠡ ᠨᠢ᠄ ︿︿ᠬᠦᠤ | ᠪᠠᠨ ᠮᠠᠩᠨᠠᠢ ᠬᠠᠯᠵᠠᠠ ᠦᠬᠢᠠ ᠬᠤᠷᠠᠭ᠎ᠠ ᠪᠠᠷ ᠮᠢᠯᠢᠶᠠᠶ᠎ᠠ᠂ ᠮᠢᠩᠭ᠎ᠠ ᠲᠦᠮᠠ ᠪᠠᠷ ᠦᠷᠡᠵᠢᠵᠤ᠂ ᠮᠠᠯᠵᠢᠭᠰᠠᠠ | ᠡᠵᠡᠡ ᠢᠶᠠᠨ ᠪᠠᠶᠠᠰᠬᠠᠭ︕﹀﹀ ᠭᠡᠵᠤ ᠰᠢᠷ᠎ᠡ ᠲᠤᠰᠤ ᠲᠦᠷᠬᠢᠠ ᠢᠷᠤᠭᠡᠭᠡᠳ ᠦᠭᠬᠦᠭᠰᠡᠠ ᠪᠢᠯᠠ᠃ ᠠᠶᠢᠵᠠᠮ ᠬᠦᠤ | ᠴᠤ ᠮᠠᠩᠨᠠᠢ ᠬᠠᠯᠵᠠᠠ ᠬᠤᠷᠠᠭ᠎ᠠ ᠶᠢ ᠦᠮᠴᠢᠷᠭᠡᠵᠤ᠂ ᠲᠡᠬᠦᠤ ᠪᠠᠨ ᠪᠤᠯᠭᠠᠠ ᠲᠤᠭᠯᠠᠭᠰᠠᠭᠠᠷ ᠢᠷᠡᠪᠡ᠃ ᠲᠡᠬᠦᠠ ᠢ | ᠡᠨᠡ ᠵᠢᠯ ᠵᠢᠷᠭᠤᠭ᠎ᠠ ᠬᠦᠷᠴᠤ ᠴᠡᠴᠡᠷᠯᠢᠭ ᠤᠨ ᠶᠡᠭᠡ ᠠᠩᠬᠢ ᠳᠤ ᠤᠷᠤᠬᠤ ᠳᠤ ᠮᠠᠩᠨᠠᠢ ᠬᠠᠯᠵᠠᠠ ᠨᠢ ᠴᠤ ᠵᠤᠰᠠᠭ | ᠲᠡᠭᠡᠷ᠎ᠡ ᠪᠠᠨ ᠮᠢᠠᠳᠠᠰᠤᠠ ᠴᠠᠭᠠᠠ ᠦᠬᠢᠠ ᠬᠤᠷᠠᠭ᠎ᠠ ᠬᠤᠷᠠᠭᠠᠯᠠᠭᠰᠠᠠ ᠢ ᠨᠢ ᠠᠶᠢᠵᠠᠮ ᠬᠦᠤ ᠬᠤᠩᠬᠤ ᠵᠡᠬᠦᠯᠭᠡᠠ | ᠦᠬᠦᠭᠡᠷᠳᠡᠵᠤ᠂ ᠪᠦᠬᠦ ᠭᠡᠷ ᠢᠶᠠᠷ ᠢᠶᠠᠨ ︿︿ᠬᠤᠩᠬᠤᠳᠤ ᠴᠠᠭᠠᠠ﹀﹀ ᠭᠡᠵᠤ ᠨᠡᠷᠡᠯᠡᠬᠦ ᠪᠤᠯᠵᠠᠢ᠃ ᠤᠤᠯ ᠨᠢ ᠮᠠᠩᠨᠠᠢ | ᠬᠠᠯᠵᠠᠠ ᠳᠤ ᠪᠠᠨ ᠠᠬ᠎ᠠ ᠨᠢ ᠪᠤᠯᠤᠭᠠᠳ ᠶᠠᠪᠤᠵᠤ ᠪᠠᠶᠢᠭᠰᠠᠠ ᠬᠦᠤ ᠤᠳᠤ ᠬᠤᠩᠬᠤᠳᠤ ᠴᠠᠭᠠᠠ ᠳᠤ ᠴᠤ ᠠᠬ᠎ᠠ ᠨᠢ | ᠪᠤᠯᠵᠤ᠂ ᠬᠤᠨᠢ ᠨᠢ ᠦᠰᠦᠭᠡᠳ᠂ ᠬᠦᠤ ᠦᠰᠬᠦ ᠦᠭᠡᠢ ᠪᠦᠬᠦ ᠭᠡᠷ ᠤᠨ ᠢᠨᠢᠶᠡᠳᠤᠮ ᠪᠤᠯᠵᠤ᠂ ᠬᠦᠷ ᠪᠠᠶᠠᠰᠤᠯ | ᠪᠢᠯᠬᠠᠳᠠᠭ ᠪᠠᠶᠢᠪᠠ᠃ ᠡᠨᠡ ᠬᠠᠩᠰᠢ ᠶᠢᠨ ᠭᠤᠷᠪᠠᠠ ᠡᠳᠤᠷ ᠤᠨ ᠴᠢᠯᠤᠭᠡ ᠪᠠᠷ ᠠᠶᠢᠵᠠᠮ ᠬᠦᠤ ᠶᠢ ᠬᠦᠳᠡᠭᠡ ᠭᠡᠷ ᠲᠤ | ᠪᠠᠨ ᠢᠷᠡᠬᠦᠯᠡᠷ ᠮᠠᠩᠨᠠᠢ ᠬᠠᠯᠵᠠᠠ ᠨᠢ ᠭᠡᠨᠡᠳᠳᠠ ᠦᠬᠦᠵᠤ᠂ ᠮᠢᠠᠳᠠᠰᠤᠠ ᠴᠠᠭᠠᠠ ᠬᠤᠷᠠᠭ᠎ᠠ ᠦᠨᠦᠴᠢᠷᠡᠭᠡᠳ᠂ | ᠪᠢᠴᠢᠬᠠᠠ ᠬᠦᠤ ᠶᠢ ᠬᠢᠵᠠᠭᠠᠷ ᠦᠭᠡᠢ ᠬᠠᠷᠠᠮᠰᠠᠯ ᠭᠤᠨᠢᠭ ᠲᠤ ᠤᠷᠤᠭᠤᠯᠪᠠ᠃ | ᠡᠭᠡ ᠶᠢᠨ ᠰᠦ ᠠᠴᠠ ᠰᠠᠯᠵᠤ ᠵᠤᠳᠠᠩ ᠤᠭᠵᠢᠯᠭᠠ ᠳᠤ ᠤᠷᠤᠭᠰᠠᠠ ᠬᠤᠩᠬᠤᠳᠤ ᠴᠠᠭᠠᠠ ᠪᠠᠭᠠᠰᠤ ᠠᠯᠳᠠᠭᠠᠳ | ᠬᠤᠶᠠᠷ ᠬᠤᠨᠤᠪᠠ᠃ ᠬᠦᠭᠡᠷᠤᠬᠦᠠ ᠴᠢᠬᠢ ᠨᠢ ᠯᠡᠪᠳᠠᠶᠢᠵᠤ᠂ ᠮᠢᠠᠳᠠᠰᠤᠠ ᠦᠰᠦ ᠨᠢ ᠪᠤᠷᠵᠠᠶᠢᠭᠠᠳ ᠬᠤᠤᠷᠳᠠᠭᠰᠠᠠ | ᠭᠡᠵᠤ ᠰᠦᠷᠡᠭᠡᠢ᠃ ᠡᠮᠡᠭᠡ ᠨᠢ ᠡᠮ ᠨᠠᠶᠢᠷᠠᠭᠤᠯᠬᠤ ᠵᠠᠭᠤᠷ᠎ᠠ᠄ ︿︿ᠠᠢ︕ ᠬᠦᠷᠡᠭᠴᠢ ᠦᠨᠢᠶ᠎ᠠ ᠮᠢᠨᠢ ᠪᠠᠶᠢᠬᠰᠠᠠ ᠴᠤ | ᠪᠤᠯᠤᠭᠠᠰᠠᠢ᠂ ᠰᠦ ᠲᠤᠳᠠᠬᠤ ᠦᠭᠡᠢ ᠶᠤᠮ ᠰᠠᠠ᠂ ᠵᠢᠯ ᠵᠢᠯ ᠲᠦᠯ ᠢᠶᠠᠨ ᠦᠭᠳᠡᠭ ᠭᠡᠰᠢᠭ ᠲᠠᠢ ᠮᠠᠯ ᠳ᠋ᠠ᠂ | ᠬᠠᠶᠢᠷᠠᠠ︕﹀﹀ ᠭᠡᠳ ᠰᠠᠨᠠᠭ᠎ᠠ ᠠᠯᠳᠠᠵᠤ ᠪᠠᠶᠢᠪᠠ᠃ ᠠᠶᠢᠵᠠᠮ ᠬᠦᠤ ᠶᠢᠨ ᠬᠦᠳᠡᠭᠡ ᠭᠡᠷ ᠤᠨ ᠰᠠᠭᠤᠷᠢᠰᠢᠭ᠎ᠠ | ᠭᠠᠴᠠᠭ᠎ᠠ ᠨᠢ ᠨᠢᠳᠤᠨᠤᠠ ᠪᠦᠬᠦ ᠬᠤᠰᠢᠭᠤᠠ ᠤ ᠬᠤᠭᠤᠴᠠᠭ᠎ᠠ ᠲᠠᠢ ᠪᠠᠷ ᠪᠡᠯᠴᠢᠭᠡᠷᠯᠡᠬᠦᠯᠬᠦ ᠶᠢ ᠵᠤᠭᠰᠤᠭᠠᠬᠤ ᠲᠦᠷᠤᠯ | ᠵᠦᠢᠯ ᠳᠤ ᠤᠷᠤᠵᠤ᠂ ᠨᠤᠳᠤᠭ ᠪᠡᠯᠴᠢᠭᠡᠷ ᠤᠨ ᠮᠤ᠋ ᠪᠦᠷᠢ ᠳᠤ ᠵᠤᠬᠢᠬᠤ ᠲᠤᠭᠠᠠ ᠤ ᠨᠦᠬᠦᠪᠦᠷᠢ ᠤᠯᠭᠤᠬᠤ ᠠᠴᠠ | ᠭᠠᠳᠠᠨ᠎ᠠ᠂ ᠡᠷᠤᠭᠡ ᠪᠦᠷᠢ ᠲᠠᠪᠤᠠ ᠪᠤᠳᠠ ᠮᠠᠯ ᠪᠤᠶᠤ ᠬᠤᠷᠢᠠ ᠲᠠᠪᠤᠠ ᠬᠤᠨᠢ ᠮᠠᠯᠵᠢᠵᠤ ᠪᠤᠯᠤᠨ᠎ᠠ ᠭᠡᠵᠤ | ᠲᠤᠭᠳᠠᠭᠠᠵᠠᠢ᠃ ᠡᠳᠠᠠ ᠤ ᠬᠢᠨ ᠤᠤᠯ ᠠᠴᠠ ᠪᠠᠨ ᠰᠠᠶᠢᠠ ᠡᠬᠦᠯᠳᠡᠷ ᠤᠨ ᠨᠠᠷᠢᠠ ᠨᠤᠤᠰᠤᠳᠤ ᠬᠤᠨᠢ ᠮᠠᠯᠵᠢᠵᠤ | ᠪᠠᠶᠢᠭᠰᠠᠠ ᠠᠴᠠ ᠡᠪᠦᠭᠡ ᠡᠮᠡᠭᠡ᠂ ᠠᠪᠤ ᠡᠵᠢ ᠨᠢ ᠶᠠᠷᠢᠯᠴᠠᠭᠠᠳ ᠬᠤᠶᠠᠷ ᠡᠷᠤᠭᠡ ᠶᠢᠨ ᠲᠤᠭ᠎ᠠ ᠪᠠᠷ ᠲᠠᠪᠢᠠ ᠬᠤᠨᠢ | ᠦᠯᠡᠳᠡᠭᠡᠵᠤ᠂ ᠬᠤᠷᠢᠭᠠᠳ ᠪᠤᠳᠠ ᠮᠠᠯ ᠢᠶᠠᠨ ᠦᠩᠭᠡᠷᠡᠬᠦ ᠨᠠᠮᠤᠷ ᠰᠠᠭᠤᠷᠢ ᠪᠠᠷ ᠨᠢ ᠰᠶᠢᠳᠪᠤᠷᠢᠯᠡᠭᠰᠡᠠ ᠪᠠᠶᠢᠵᠠᠢ᠃ | ᠤᠷᠤᠶᠢᠬᠠᠠ ᠬᠤᠩᠬᠤᠳᠤ ᠴᠠᠭᠠᠠ ᠤ ᠪᠠᠭᠠᠰᠤ ᠠᠯᠳᠠᠬᠤ ᠨᠢ ᠠᠶᠠᠳᠠᠬᠤᠯᠠᠷ ᠡᠵᠢ ᠨᠢ ᠴᠠᠢ ᠨᠡᠶᠢᠯᠡᠬᠦᠯᠬᠦ ᠪᠠᠷ | ᠬᠠᠳᠠᠭᠠᠯᠠᠵᠤ ᠪᠠᠶᠢᠭᠰᠠᠠ ︿︿ᠮᠧᠩ ᠨᠢᠤ﹀﹀ ᠲᠡᠮᠳᠡᠭᠳᠤ ᠤᠭᠤᠳᠠ ᠲᠠᠢ ᠰᠦ ᠪᠠᠨ ᠬᠠᠯᠠᠭᠤᠯᠵᠤ ᠤᠭᠵᠢᠭᠠᠳ | ᠭᠡᠳᠡᠰᠤ ᠶᠢ ᠨᠢ ᠪᠦᠠᠳᠤᠶᠢᠯᠭᠡᠪᠡ᠃ ᠬᠤᠶᠠᠷ ᠡᠳᠤᠷ ᠤᠷᠤᠭᠤᠯ ᠨᠢ ᠤᠠᠵᠠᠶᠢᠭᠠᠳ ᠡᠯᠵᠢᠭᠡ ᠤᠶᠠᠮᠠᠷ ᠪᠤᠯᠵᠤ | ᠪᠠᠶᠢᠭᠰᠠᠠ ᠠᠶᠢᠵᠠᠮ ᠬᠦᠦ ᠶᠢᠨ ᠲᠤᠳᠤᠷ᠎ᠠ ᠪᠠᠭ᠎ᠠ ᠴᠤ ᠭᠡᠰᠡᠠ ᠠᠭᠤᠵᠢᠷᠠᠪᠠ᠃ | ᠶᠠᠭᠠᠬᠢᠵᠤ ᠡᠶᠢᠬᠦ ᠶᠢᠨ ᠵᠠᠪ ᠦᠭᠡᠢ ᠰᠤᠷᠭᠠᠭᠤᠯᠢ ᠴᠤᠭᠯᠠᠬᠤ ᠡᠳᠤᠷ ᠨᠢ ᠪᠤᠯᠴᠢᠬᠠᠯ᠎ᠠ᠃ ᠠᠶᠢᠵᠠᠮ ᠬᠦᠤ ᠶᠢ | ᠦᠷᠯᠤᠭᠡ ᠰᠡᠷᠢᠵᠤ ᠬᠤᠪᠴᠠᠰᠤᠯᠠᠭᠠᠳ ᠭᠠᠷᠬᠤ ᠳᠤ ᠦᠨᠤᠳᠤᠷ ᠤᠨ ᠲᠡᠭᠷᠢ ᠨᠢᠭᠤᠷ ᠦᠭᠬᠦᠭᠰᠡᠠ ᠭᠡᠭᠴᠢ ᠵᠢᠭᠳᠡᠢ᠃ | ᠨᠠᠷᠠ ᠲᠤᠯᠠᠶᠢᠵᠤ᠂ ᠰᠠᠯᠬᠢ ᠵᠤᠭᠰᠤᠭᠠᠳ᠂ ᠪᠤᠯᠵᠤᠮᠤᠷ ᠰᠢᠪᠠᠭᠤᠳ ᠮᠤᠳᠤᠠ ᠰᠠᠯᠠᠭᠠᠠ ᠲᠡᠭᠡᠷ᠎ᠡ ᠪᠠᠶᠠᠷᠳᠠᠢ | ᠱᠤᠯᠤᠭᠠᠨᠠᠯᠳᠤᠵᠤ᠂ ᠠᠪᠤ ᠨᠢ ᠲᠡᠬᠦᠠ ᠢ ᠪᠠᠯᠭᠠᠰᠤᠠ ᠳᠤ ᠭᠡᠷ ᠲᠦᠷᠢᠶᠡᠰᠤᠯᠠᠠ ᠰᠠᠭᠤᠭ᠎ᠠ ᠡᠪᠦᠭᠡ ᠲᠡᠭᠡᠷ᠎ᠡ ᠨᠢ | ᠬᠦᠷᠭᠡᠬᠦ ᠪᠠᠷ ᠮᠤᠲ᠋ᠤᠷ ᠲᠡᠷᠭᠡ ᠪᠠᠨ ᠵᠦᠯᠬᠦᠵᠤ ᠠᠷᠴᠢᠠ ᠶᠠᠩᠵᠤᠯᠠᠵᠤ ᠪᠠᠶᠢᠨ᠎ᠠ᠃ ᠲᠡᠷᠳᠡᠭᠡ ᠬᠤᠨᠢᠠ ᠤ ᠬᠤᠷᠤᠭᠠᠠ | ᠠᠴᠠ ᠡᠮᠡᠭᠡ ᠶᠢᠨ ᠬᠢᠨᠢ ᠲᠤᠶᠢᠭ ᠤᠨ ᠲᠠᠭᠤᠤ ᠢᠷᠠᠭᠤᠬᠠᠨ ᠲᠤᠭᠤᠯᠳᠠᠵᠤ᠂ ᠡᠵᠢ ᠨᠢ ᠬᠤᠷᠤᠭᠠᠠ ᠵᠠᠬ᠎ᠠ ᠠᠴᠠ | ᠲᠡᠬᠦᠠ ᠢ ᠲᠠᠯᠠᠯᠵᠤ ᠪᠠᠶᠢᠨ᠎ᠠ᠃ ᠠᠶᠢᠵᠠᠮ ᠬᠦᠤ ᠤᠴᠢᠭᠠᠳ ᠦᠵᠡᠪᠡᠯ ᠬᠠᠷ᠎ᠠ ᠨᠢᠳᠣᠨ ᠬᠤᠨᠢ ᠶᠢ ᠬᠤᠶᠠᠷ ᠬᠤᠷᠠᠭ᠎ᠠ | ᠨᠤᠳᠤᠴᠢᠠ ᠬᠦᠬᠦᠬᠦ ᠪᠦᠭᠡᠳ ᠡᠮᠡᠭᠡ ᠨᠢ ᠪᠠᠶᠢᠠ ᠪᠠᠶᠢᠠ ᠤᠭᠤᠷᠠᠭ ᠢ ᠨᠢ ᠰᠢᠪᠬᠠᠷᠴᠤ ᠬᠤᠩᠬᠤᠳᠤ ᠴᠠᠭᠠᠠ ᠤ ᠰᠡᠬᠦᠯ | ᠲᠡᠭᠡᠷ᠎ᠡ ᠲᠦᠷᠬᠢᠭᠡᠳ ᠡᠭᠡ ᠳᠤ ᠨᠢ ᠦᠨᠦᠷᠳᠤᠬᠦᠯᠤᠠ ᠲᠤᠶᠢᠭᠯᠠᠵᠤ ᠪᠠᠶᠢᠨ᠎ᠠ᠃ ᠡᠵᠢ ᠨᠢ᠄ ︿︿ᠬᠦᠤ ᠮᠢᠨᠢ︕ | ᠬᠤᠩᠬᠤᠳᠤ ᠴᠠᠭᠠᠠ ᠴᠢᠨᠢ ᠡᠭᠡ ᠲᠠᠢ ᠪᠤᠯᠤᠭᠰᠠᠠ᠃ ᠬᠠᠷ᠎ᠠ ᠨᠢᠳᠤᠠ ᠬᠤᠨᠢ ᠴᠢᠨᠢ ᠦᠷᠯᠤᠭᠡ ᠢᠭᠡᠷᠡᠯᠡᠭᠡᠳ | ᠦᠷᠤᠭᠡᠰᠤᠠ ᠨᠢ ᠬᠠᠷᠠᠮᠰᠠᠯᠳᠠᠢ ᠦᠬᠦᠴᠢᠭᠡᠯᠠ᠃ ᠲᠡᠷ ᠰᠠᠶᠢᠳᠠᠢ ᠤᠷᠤᠭᠰᠠᠠ ᠠᠮᠠᠷᠠᠭ ᠬᠤᠨᠢ ᠪᠤᠯᠬᠤᠷ ᠬᠤᠩᠬᠤᠳᠤ | ᠴᠠᠭᠠᠠ ᠢ ᠴᠢᠨᠢᠭᠤᠯᠤᠭᠰᠠᠠ ᠦᠭᠡᠢ ᠠᠪᠴᠢᠬᠠᠯ᠎ᠠ᠃ ᠬᠦᠭᠡᠷᠤᠬᠦᠢ᠂ ᠰᠠᠶᠢᠠ ᠮᠠᠯ︕﹀﹀ ᠭᠡᠵᠤ ᠭᠡᠯᠡᠵᠤ ᠪᠠᠶᠢᠪᠠ᠃ | ᠡᠮᠡᠭᠡ ᠨᠢ ᠴᠤ᠄ ︿︿ᠮᠢᠨᠤ ᠬᠦᠤ ᠤᠳᠤ ᠰᠠᠨᠠᠭ᠎ᠠ ᠠᠮᠤᠷ ᠶᠠᠪᠤ ᠡ︕ ᠡᠭᠡ ᠶᠢᠨ ᠰᠦ ᠭᠡᠵᠤ ᠤᠠᠳᠤᠤ ᠶᠤᠮ ᠰᠢᠤ᠂ | ᠮᠦᠳᠳᠤ ᠬᠦᠷᠪᠡᠵᠢᠴᠢᠭᠡᠨᠠ᠂ ᠮᠦᠮᠤ ᠨᠢ ᠬᠦᠢ ᠦᠩᠬᠡᠷᠡᠬᠡᠬᠡᠳ ᠤᠴᠢᠶ᠎ᠠ﹀﹀ ᠭᠡᠵᠤ ᠲᠠᠶᠢᠳᠬᠤᠷᠠᠭᠤᠯᠪᠠ᠃ | ᠡᠮᠡᠭᠡ ᠶᠢᠨ ᠢᠶᠠᠨ ᠦᠭᠡ ᠶᠢ ᠰᠤᠨᠤᠰᠤᠭᠠᠳ ᠰᠠᠨᠠᠭ᠎ᠠ ᠠᠮᠠᠷᠠᠬᠤ ᠶᠢᠨ ᠬᠠᠮᠳᠤ ᠰᠡᠬᠦᠯ ᠭᠤᠳᠤᠨᠠᠭᠤᠯᠤᠠ ᠮᠦᠮᠤᠭᠡ | ᠬᠠᠶᠢᠷᠠᠳᠠᠢ ᠬᠤᠩᠬᠤᠳᠤ ᠴᠠᠭᠠᠠ ᠢᠶᠠᠨ ᠬᠠᠷᠠᠭᠠᠳ ᠠᠶᠢᠵᠠᠮ ᠬᠦᠤ ᠶᠢᠨ ᠲᠤᠳᠤᠷ᠎ᠠ ᠭᠡᠳᠤᠠ ᠡᠳᠤᠷ ᠤᠨ ᠡᠮᠤᠨ᠎ᠡ | ᠲᠠᠭᠤᠠ ᠤ ᠪᠠᠭᠰᠢ ᠶᠢᠨ ᠬᠢᠨᠢ ᠵᠢᠭᠠᠭᠰᠠᠠ ︿︿ᠰᠢᠷ᠎ᠠ ᠬᠠᠳᠠ﹀﹀ ᠭᠡᠬᠦ ᠴᠠᠬᠠᠷ ᠠᠷᠠᠳ ᠤᠨ ᠲᠠᠭᠤᠤ ᠪᠢᠴᠢᠬᠠᠠ | ᠴᠡᠭᠡᠵᠢᠠ ᠳᠤ ᠨᠢ ᠪᠤᠳᠤᠭᠳᠠᠵᠤ᠂ ᠬᠠᠩᠭᠠᠢ ᠲᠠᠮᠵᠢᠠ ᠲᠠᠭᠤᠷᠢᠰᠬᠤ ᠰᠢᠭ᠋ ᠪᠤᠯᠤᠯ᠎ᠠ᠄ | ︿︿ᠰᠢᠷ᠎ᠡ ᠬᠠᠳᠠᠠ ᠤ ᠤᠷᠤᠢ ᠲᠡᠭᠡᠷ᠎ᠡ | ᠰᠢᠷ᠎ᠡ ᠰᠤᠯᠤᠩᠭ᠎ᠠ ᠲᠠᠳᠠᠨ᠎ᠠ ᠳ᠋ᠠ ᠬᠦᠢ | ᠰᠢᠷ᠎ᠠ ᠤᠭᠤᠷᠠᠭ ᠢᠶᠠᠨ ᠰᠢᠮᠡᠬᠦᠯᠦᠭᠰᠡᠨ | ᠡᠵᠢ ᠶᠢ ᠪᠠᠨ ᠪᠤᠳᠤᠪᠠᠯ ᠳ᠋ᠡᠩ ᠳ᠋ᠣᠩ ᠲᠠᠢ ᠬᠦᠢ ᠁﹀﹀ |