ᠵᠤᠬᠢᠶᠠᠭᠴᠢ ᠶᠢᠨ ᠳᠤᠪᠴᠢ ᠨᠠᠮᠳᠠᠷ | ᠳ᠋ᠠᠩᠰᠦ᠋ᠷᠤᠩᠵᠠᠪ᠂ ᠦᠪᠤᠷ ᠮᠤᠩᠭᠤᠯ ᠤᠨ ᠤᠷᠤᠨ ᠤ ᠲᠡᠰ ᠤᠨ ᠪᠤᠳᠠᠰ ᠤᠨ ᠪᠤᠰᠦ ᠰᠤᠶᠤᠯ ᠤᠨ ᠲᠦᠯᠤᠭᠡᠯᠡᠭᠴᠢ | ᠴᠢᠨᠠᠷ ᠲᠠᠢ ᠦᠪᠯᠡᠭᠴᠢ᠂ ᠦᠪᠤᠷ ᠮᠤᠩᠭᠤᠯ ᠤᠨ ᠤᠷᠤᠨ ᠤ ᠲᠡᠰ ᠤᠨ ᠮᠤᠩᠭᠤᠯ ᠡᠮᠨᠡᠯᠭᠡ ᠶᠢᠨ ᠠᠯᠳᠠᠷᠳᠦ ᠡᠮᠴᠢ᠂ | ᠰᠢᠯᠢ ᠶᠢᠨ ᠭᠤᠤᠯ ᠠᠶᠢᠮᠠᠭ ᠤᠨ ᠪᠤᠳᠠᠰ ᠤᠨ ᠪᠤᠰᠦ ᠰᠤᠶᠤᠯ ᠤᠨ ᠰᠢᠯᠢᠳᠡᠭ ᠦᠪᠯᠡᠭᠴᠢ᠂ ᠬᠠᠳᠠᠬᠢᠨ | ᠳ᠋ᠠᠩᠰᠦ᠋ᠷᠤᠩᠵᠠᠪ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠶᠡᠭᠡᠨᠠᠭᠤᠷ ᠰᠤᠮᠤᠨ ᠷᠠᠰᠢᠶᠠᠨ ᠲᠡᠷᠡᠰᠤ ᠳᠤ | 1948 ᠤᠨ ᠳᠤ ᠯᠾᠮᠤᠰᠤ ᠶᠢᠨ ᠶᠡᠭᠡ ᠬᠦᠪᠡᠭᠦᠨ ᠨᠢ ᠪᠤᠯᠵᠤ ᠵᠠᠶᠠᠭᠠᠵᠠᠢ᠃ | ᠤᠷᠢᠳ ᠬᠤᠵᠢᠳ᠂ ᠦᠪᠤᠷ ᠮᠤᠩᠭᠤᠯ ᠤᠨ ᠨᠡᠶᠢᠭᠡᠮ ᠤᠨ ᠰᠢᠡᠵᠢᠯᠡᠭᠦ ᠤᠬᠠᠭᠠᠨ ᠤ ᠭᠦᠷᠢᠶᠡᠯᠡᠩ ᠤᠨ ᠨᠡᠶᠢᠭᠡᠮ ᠤᠨ | ᠰᠢᠡᠵᠢᠯᠡᠭᠦ ᠤᠬᠠᠭᠠᠨ ᠰᠡᠤᠡᠭᠦᠯ ᠤᠨ ᠬᠤᠷᠢᠶᠠᠨ ᠤ ︽ᠲᠡᠤᠭᠡ ᠰᠤᠶᠤᠯ ᠤᠨ ᠨᠢᠭᠡᠳᠤᠭᠡᠷ ᠲᠡᠰ ᠤᠨ ᠱᠠᠩᠨᠠᠯ︾᠂ | ᠦᠪᠤᠷ ᠮᠤᠩᠭᠤᠯ ᠤᠨ ︽ᠬᠤᠶᠠᠳᠤᠭᠠᠷ ᠤᠳᠠᠭᠠᠨ ᠤ ᠠᠷᠠᠤᠨ ᠤᠨ ᠰᠤᠶᠤᠯ ᠤᠨ ᠠᠳᠠᠯᠢᠤᠡᠬᠠᠯ︾ ᠳᠤ ︽ | ᠮᠤᠩᠭᠤᠯᠴᠤᠤᠨ ᠤᠨ ᠪᠦᠰᠨ ᠡᠯᠢᠭᠡᠪᠴᠢ ᠶᠢᠨ ᠰᠤᠶᠤᠯ︾᠂ ︽ᠲᠡᠭᠷᠢ ᠲᠠᠬᠢᠯᠭ᠎ᠠ︾᠂ ︽ᠭᠠᠯ ᠲᠠᠬᠢᠯᠭ᠎ᠠ︾ ᠪᠠᠷ | ᠢᠶᠠᠨ ︽ᠠᠷᠠᠤᠨ ᠨᠡᠷᠡᠮᠵᠢᠳᠦ ᠲᠠᠷᠬᠠᠨ ᠱᠠᠩᠨᠠᠯ︾ ᠢ ᠭᠦᠷᠳᠡᠪᠡ᠃ ︽ᠴᠠᠬᠠᠷ ᠤᠨ ᠴᠠᠭᠠᠨ ᠰᠠᠴᠤᠯᠢ︾᠂ ︽ | ᠷᠠᠰᠢᠶᠠᠨ ᠤ ᠤᠡᠳᠤᠷᠠᠯ︾ ᠭᠡᠭᠦ ᠦᠭᠦᠯᠡᠯ ᠤᠨ ᠲᠡᠭᠦᠪᠤᠷᠢ ᠪᠠᠨ ᠭᠡᠪᠯᠡᠨ ᠲᠠᠷᠬᠠᠭᠠᠪᠠ᠃ | ᠰᠢᠯᠢ ᠶᠢᠨ ᠭᠤᠤᠯ ᠶᠢᠨ ᠤᠤᠠᠬ᠎ᠠ ᠤᠷᠠᠯᠢᠭ ᠤᠨ ᠬᠤᠯᠪᠤᠭᠠᠨ ᠤ ᠬᠢᠨ ᠤ ᠭᠡᠰᠢᠭᠦᠨ᠂ ᠰᠢᠯᠤᠭᠤᠨ ᠭᠦᠪᠡᠭᠡᠳᠦ ᠴᠠᠭᠠᠨ | ᠬᠤᠰᠢᠭᠤᠨ ᠤ ᠤᠤᠠᠬ᠎ᠠ ᠤᠷᠠᠯᠢᠭ ᠤᠨ ᠬᠤᠯᠪᠤᠭᠠᠨ ᠤ ᠵᠠᠩ ᠦᠢᠯᠨ ᠶᠢᠨ ᠨᠡᠶᠢᠭᠡᠮᠯᠢᠭ ᠤᠨ ᠲᠡᠷᠢᠭᠦᠯᠡᠭᠴᠢ᠃ | ᠴᠠᠭᠠᠨ ᠰᠦᠯᠳᠡ ᠶᠢᠨ ᠮᠬᠠᠳᠠᠭᠠᠯ | — ᠬᠠᠳᠠᠬᠢᠨ᠂ ᠳ᠋ᠠᠩᠰᠦ᠋ᠷᠣᠩᠵᠠᠪ | ᠠᠯᠳᠠᠨ ᠨᠠᠷᠠ | ᠠᠷᠪᠠᠨ ᠵᠦᠭ ᠤᠨ ᠢᠪᠡᠭᠡᠯ ᠲᠠᠢ | ᠠᠯᠳᠠᠨ ᠭᠠᠳᠠᠰᠦ | ᠠᠷᠪᠠᠨ ᠵᠦᠭ ᠤᠨ ᠴᠢᠭᠯᠡᠯ ᠲᠠᠢ | ᠤᠳᠤᠳᠠᠢ ᠬᠤᠷᠸ᠎ᠠ | ᠤᠷᠴᠢᠬᠤ ᠨᠡᠭᠦᠳᠡᠯᠡᠯᠡᠭᠦ ᠬᠤᠪᠢᠷᠠᠯ ᠲᠠᠢ | ᠲᠦᠷᠪᠡᠨ ᠤᠯᠠᠷᠢᠯ ᠲᠠᠢ ᠡᠳᠦᠭᠡᠨ | ᠲᠦᠭᠦᠷᠢᠭ ᠤᠠᠠᠳᠠᠷᠭᠠᠢ ᠪᠠᠷ ᠣᠷᠴᠡᠯ ᠲᠠᠢ | ᠠᠷᠪᠠᠨ ᠭᠤᠷᠪᠠᠨ | ᠠᠳᠠᠭ᠎ᠠ ᠲᠡᠭᠷᠢ ᠶᠢᠨ ᠦᠷᠦᠰᠢᠶᠡᠯ ᠲᠠᠢ | ᠪᠠᠳᠠᠷᠠᠩᠭᠤᠢ ᠴᠠᠭᠠᠨ | ᠪᠠᠭᠤᠮᠠᠯ ᠲᠡᠭᠷᠢ ᠶᠢᠨ ᠰᠤᠶᠤᠷᠬᠠᠯ ᠲᠠᠢ | ᠲᠡᠭᠷᠢ ᠲᠦᠭᠦᠷᠢᠭ | ᠲᠠᠯᠡᠭᠡᠢ ᠲᠦᠷᠪᠡᠯᠵᠢᠨ | ᠭᠤᠷᠪᠠᠨ ᠲᠢᠪ ᠢ ᠨᠡᠭᠡᠭᠡᠵᠦ | ᠭᠤᠯᠤᠮᠳᠠ ᠪᠠᠨ ᠲᠤᠯᠠᠰᠠᠨ ᠢᠳᠤᠭᠠᠨ | ᠲᠡᠭᠷᠢ ᠭᠠᠵᠠᠷ ᠲᠡᠭᠡᠳᠤᠰ | ᠲᠡᠭᠡᠳᠦ ᠶᠢᠨ ᠭᠤᠷᠪᠠᠨ ᠰᠢᠳᠦᠭᠡᠨ ᠲᠠᠢ | ᠵᠠᠶᠠᠭᠠᠨ ᠲᠡᠭᠷᠢ ᠪᠠᠨ ᠰᠢᠳᠦᠵᠦ | ᠵᠠᠭᠠᠷᠢᠨ ᠢᠳᠤᠭᠠᠨ ᠤ ᠰᠠᠴᠤᠯᠢ ᠲᠠᠢ | ᠠᠠᠠᠳᠠ ᠭᠦᠯᠦᠭ | ᠠᠯᠳᠠᠨ ᠲᠡᠯᠡᠭᠡᠢ | ᠲᠠᠪᠤᠨ ᠬᠤᠰᠢᠭᠤ ᠮᠠᠯ ᠢᠶᠠᠷ ᠢᠶᠠᠨ | ᠲᠡᠭᠷᠢ ᠶᠢᠨ ᠣᠷᠴᠢᠯ ᠢ ᠠᠵᠬᠠᠯᠠᠨ | ᠲᠦᠮᠡᠨ ᠤᠳᠤᠨ ᠤ ᠨᠡᠭᠦᠳᠡᠯ ᠢᠶᠠᠷ | ᠲᠦᠭᠦᠷᠢᠭ ᠤᠷᠴᠢᠯᠠᠩ ᠢᠶᠠᠨ ᠲᠠᠨᠢᠵᠦ | ᠵᠠᠶᠢᠷᠠᠩ ᠪᠦᠭᠡ ᠶᠢᠨ ᠪᠤᠰᠬᠠᠠᠠᠰᠠᠨ | ᠵᠠᠯᠭ᠎ᠠ ᠤᠳᠤᠨ ᠰᠦᠯᠳᠡ ᠲᠠᠢ | ᠲᠣᠩᠭᠤᠷᠠᠭ ᠠᠳᠠᠯᠢ ᠵᠠᠷᠬᠡᠴᠡᠭᠰᠡᠨ | ᠲᠣᠯᠣᠭᠠᠨ ᠣᠳᠣᠨ ᠰᠦᠯᠳᠡ ᠲᠠᠢ | ᠲᠦᠮᠡᠨ ᠠᠠᠠᠳᠠ ᠶᠢᠨ ᠲᠦᠪᠡᠷᠭᠡᠨ ᠢᠶᠠᠷ | ᠲᠦᠷᠪᠡᠨ ᠲᠠᠯᠠᠢ ᠶᠢ ᠴᠡᠯᠬᠢᠭᠤᠯᠳᠠᠭ | ᠠᠠᠠᠳᠠ ᠶᠢᠨ ᠨᠢᠷᠤᠭᠤᠨ ᠳᠤ ᠮᠤᠷᠳᠠᠵᠦ | ᠠᠳᠠᠯ ᠭᠦᠷᠦᠩᠭᠡ ᠪᠠᠨ ᠪᠤᠰᠬᠠᠳᠠᠭ | ᠰᠠᠭᠠᠯᠢ ᠰᠢᠮ᠎ᠠ ᠶᠢᠨ ᠲᠡᠭᠡᠵᠢ ᠪᠠᠨ | ᠰᠠᠠᠰᠠᠷ ᠬᠤᠷᠸ᠎ᠠ ᠳᠤ ᠰᠠᠴᠤᠳᠠᠭ | ᠲᠠᠶ᠋ᠢᠩ ᠲᠡᠯᠡᠭᠡᠢ ᠶᠢ ᠨᠡᠭᠡᠭᠡᠭᠰᠡᠨ | ᠲᠠᠪᠤᠨ ᠳ᠋ᠢ ᠶᠢᠨ ᠨᠡᠭᠦᠳᠡᠯᠴᠢᠤᠨ | ᠲᠠᠪᠤᠨ ᠬᠤᠰᠢᠭᠤ ᠮᠠᠯ ᠲᠠᠢ | ᠲᠠᠪᠤᠨ ᠲᠡᠭᠷᠢ ᠰᠢᠳᠦᠭᠡᠨ ᠲᠠᠢ | ᠲᠦᠮᠡᠨ ᠤᠨ ᠤ ᠴᠠᠳᠢᠭ ᠲᠠᠢ | ᠲᠦᠷᠦ ᠶᠢᠨ ᠲᠤᠭ ᠰᠦᠯᠳᠡ ᠲᠠᠢ | ᠮᠤᠳᠤᠨ ᠬᠠᠭᠠᠨ ᠤ ᠦᠶ᠎ᠡ ᠠᠴᠠ | ᠮᠤᠨᠢ ᠬᠠᠨ ᠢᠶᠠᠷ ᠨᠤᠳᠤᠭ ᠲᠠᠢ | ᠬᠠᠳᠤᠨ ᠭᠤᠤᠯ ᠤᠨ ᠭᠦᠪᠡᠭᠡᠨ ᠳᠤ | ᠬᠠᠭᠠᠨ ᠲᠦᠷᠦ ᠶᠢᠨ ᠪᠠᠯᠢᠭ ᠲᠠᠢ | ᠮᠤᠷᠢᠨ ᠤᠨᠤᠭ᠎ᠠ | ᠮᠤᠳᠤᠨ ᠲᠡᠷᠭᠡ ᠲᠠᠢ | ᠮᠦᠩᠭᠡ ᠭᠠᠯ | ᠮᠤᠷᠢᠨ ᠬᠡᠶᠢᠮᠤᠷᠢ ᠲᠠᠢ | ᠲᠠᠨ᠎ᠠ ᠶᠢᠨ ᠦᠷᠭᠦᠬᠡ | ᠲᠠᠩᠰᠤᠭ ᠰᠦᠷᠣᠭ᠌ ᠲᠠᠢ | ᠭᠦᠪᠴᠢᠳᠦ ᠨᠤᠮᠦ ᠲᠠᠯᠠᠵᠦ | ᠭᠦᠪᠴᠢᠨ ᠲᠡᠯᠡᠭᠡᠢ ᠪᠠᠷ ᠨᠡᠭᠦᠳᠡᠯ ᠲᠠᠢ | ᠭᠦᠭᠡ ᠮᠦᠩᠭᠡ ᠲᠡᠭᠷᠢ ᠶᠢᠨ | ᠭᠦᠴᠦᠨ ᠲᠡᠭᠦᠰ ᠰᠦᠯᠳᠡ ᠲᠠᠢ | ᠪᠦᠷᠳᠡ ᠴᠢᠨ᠋ᠸ᠎ᠠ ᠶᠢᠨ ᠦᠶ᠎ᠡ ᠠᠴᠠ | ᠪᠠᠭᠤᠮᠠᠯ ᠲᠡᠭᠷᠢ ᠰᠢᠳᠦᠭᠡᠨ ᠲᠠᠢ | ᠬᠤᠸᠠ ᠮᠠᠷᠠᠯ ᠤᠨ ᠵᠠᠬᠢᠨ᠋ᠠᠰᠠᠨ | ᠭᠠᠯᠠᠶᠢᠬᠠᠨ ᠲᠡᠭᠷᠢ ᠲᠠᠬᠢᠯᠭ᠎ᠠ ᠲᠠᠢ | ᠲᠡᠷᠡᠯᠡᠭᠦᠨ ᠮᠤᠩᠭᠤᠯ ᠤᠨ ᠨᠡᠭᠦᠳᠡᠯᠴᠢᠤᠨ | ᠲᠡᠭᠷᠢ ᠶᠢᠨ ᠤᠤᠠᠬ᠎ᠠ ᠶᠢᠨ ᠵᠢᠷᠤᠬᠠᠢ ᠲᠠᠢ | ᠲᠡᠭᠡᠳᠦ ᠶᠢᠨ ᠭᠤᠷᠪᠠᠨ ᠰᠢᠳᠦᠭᠡᠨ ᠤ | ᠲᠡᠭᠷᠢᠯᠢᠭ ᠠᠷᠢᠭᠤᠨ ᠰᠦᠯᠳᠡ ᠲᠠᠢ | ᠲᠤᠪᠤᠨ ᠮᠡᠷᠭᠡᠨ ᠤ ᠦᠶ᠎ᠡ ᠠᠴᠠ | ᠲᠦᠷᠦ ᠤᠯᠤᠰ ᠤᠨ ᠶᠤᠰᠤ ᠲᠠᠢ | ᠪᠤᠷᠬᠠᠨ ᠬᠠᠯᠳᠤᠨ ᠳᠤ ᠪᠤᠰᠬᠠᠠᠠᠰᠠᠨ | ᠪᠤᠭᠤᠷᠤᠯ ᠣᠡᠭᠭᠤᠳ ᠰᠢᠳᠦᠭᠡᠨ ᠲᠠᠢ | ᠶᠡᠷᠨ ᠶᠢᠰᠤᠨ ᠲᠡᠭᠷᠢ ᠠᠴᠠ | ᠶᠢᠰᠤᠨ ᠭᠦᠰᠡᠯ ᠤᠨ ᠲᠠᠯᠠᠯᠭ᠎ᠠ ᠲᠢ | ᠠᠯᠤᠩᠭᠤᠸ᠎ᠠ ᠬᠠᠳᠤᠨ ᠤ ᠤᠯᠠᠮᠵᠢᠯᠬᠠᠰᠠᠨ | ᠠᠯᠳᠠᠨ ᠮᠦᠰᠦ ᠶᠢᠨ ᠰᠤᠷᠭᠠᠯ ᠲᠠᠢ | ᠶᠡᠷᠨ ᠶᠢᠰᠤᠨ ᠲᠡᠭᠷᠢ ᠶᠢᠨ | ᠶᠢᠰᠤᠨ ᠭᠦᠯᠳᠦ ᠰᠦᠯᠳᠡ ᠲᠠᠢ | ᠪᠤᠳᠤᠡᠴᠢᠷ ᠪᠤᠠᠠᠳᠠ ᠡᠵᠡᠨ | ᠪᠤᠬᠤ ᠬᠠᠳᠠᠬᠢᠨ ᠦᠷᠯᠦᠭ ᠲᠠᠢ | ᠲᠦᠷᠦ ᠤᠯᠤᠰ ᠢᠶᠠᠨ ᠪᠠᠶᠢᠭᠤᠯᠤᠠᠠᠰᠠᠨ | ᠲᠡᠤᠭᠡ ᠶᠢᠨ ᠠᠯᠳᠠᠨ ᠴᠠᠳᠢᠭ ᠲᠠᠢ | ᠮᠤᠨᠢ ᠬᠠᠶᠢᠷᠬᠠᠨ ᠤ ᠡᠩᠭᠡᠷ ᠲᠤ | ᠮᠤᠩᠭᠤᠯ ᠬᠡᠯᠨ ᠪᠠᠷ ᠶᠠᠷᠢᠯᠴᠠᠳᠠᠭ | ᠮᠤᠷᠤᠢ ᠰᠡᠯᠡᠮ᠎ᠡ ᠵᠡᠭᠦᠭᠰᠡᠨ | ᠮᠤᠩᠭᠤᠯ ᠤᠠᠠᠰᠠᠭᠠᠳᠠᠨ ᠤ ᠲᠡᠤᠭᠡ ᠲᠠᠢ | ᠮᠤᠷᠢᠨ ᠤᠨᠤᠭᠠᠳᠠᠨ ᠤ ᠮᠦᠷ ᠲᠠᠢ | ᠮᠤᠳᠤᠨ ᠲᠡᠷᠭᠡᠨ ᠤ ᠵᠠᠮ ᠲᠠᠢ | ᠨᠢᠷᠤᠭᠤᠨ ᠮᠤᠩᠭᠤᠯ ᠲᠦᠮᠡᠨ | ᠨᠠᠢᠮᠠᠨ ᠵᠦᠭ ᠲᠤ ᠠᠯᠳᠠᠷ ᠲᠠᠢ | ᠲᠠᠪᠢᠨ ᠲᠠᠪᠣᠨ ᠲᠡᠭᠷᠢ ᠶᠢᠨ | ᠲᠠᠪᠤᠨ ᠭᠦᠯᠳᠦ ᠰᠦᠯᠳᠠ ᠲᠠᠢ | ᠬᠠᠪᠤᠯ ᠬᠠᠭᠠᠨ ᠤ ᠦᠶ᠎ᠡ ᠠᠴᠠ | ᠬᠠᠳᠠᠢ ᠪᠠᠶᠢᠭᠠᠯ ᠢᠶᠠᠷ ᠤᠷᠳᠦ ᠲᠠᠢ | ᠠᠳᠠᠭᠠᠳᠠᠨ ᠲᠠᠶᠢᠰᠤᠨ ᠲᠠᠢ ᠲᠡᠮᠡᠴᠡᠯᠳᠦᠵᠦ | ᠠᠯᠳᠠᠷ ᠨᠡᠷ᠎ᠡ ᠨᠢ ᠲᠠᠭᠤᠷᠢᠰᠤᠠᠠᠰᠠᠨ | ᠲᠠᠷᠬᠠᠨ ᠪᠠᠭᠠᠳᠤᠷ ᠢᠳᠡᠳᠡᠨ ᠨᠢ | ᠲᠠᠩᠰᠤᠭ ᠰᠦᠷᠦᠭ ᠤᠨ ᠡᠵᠡᠤᠨ | ᠠᠯᠳᠠᠢ ᠬᠠᠨ ᠢ ᠲᠦᠰᠢᠵᠦ | ᠠᠷᠤ ᠰᠢᠪᠠᠷ ᠢᠶᠠᠷ ᠨᠡᠭᠦᠳᠡᠯ ᠲᠠᠢ | ᠲᠤᠯᠤᠭᠠᠨ ᠤᠳᠤᠨ ᠰᠢᠳᠦᠭᠡᠨ ᠤ | ᠲᠤᠠᠠᠰᠢᠨ ᠴᠠᠭᠠᠨ ᠰᠦᠯᠳᠡ ᠲᠠᠢ | ᠲᠡᠭᠷᠢ ᠭᠠᠵᠠᠷ ᠲᠠᠢ ᠨᠡᠪᠳᠡᠷᠯᠡᠴᠡᠭᠦ | ᠲᠠᠪ ᠴᠡᠴᠡᠨ ᠪᠦᠭᠡ ᠲᠠᠢ | ᠦᠷᠯᠦᠭ ᠰᠡᠴᠡᠨ ᠵᠠᠩᠵᠤᠤᠨ ᠨᠢ | ᠦᠪᠤᠷ ᠬᠢᠩᠭᠠᠨ ᠢᠶᠠᠷ ᠨᠤᠳᠤᠭ ᠲᠠᠢ | ᠬᠤᠶᠢᠬᠤᠷ ᠲᠦᠷᠢᠮᠡᠭᠡᠶᠢᠯᠡᠭᠴᠢᠤᠨ ᠲᠠᠢ ᠲᠡᠮᠡᠴᠡᠯᠳᠡᠵᠦ | ᠬᠤᠷᠸ᠎ᠠ ᠳᠤ ᠠᠯᠳᠠᠷᠰᠢᠠᠠᠰᠠᠨ ᠴᠠᠳᠢᠭ ᠲᠠᠢ | ᠠᠮᠪᠠᠭᠠᠢ ᠬᠠᠭᠠᠨ ᠤ ᠦᠯᠡᠳᠡᠭᠡᠭᠰᠡᠨ | ᠠᠯᠳᠠᠨ ᠤᠷᠤᠠᠠᠳᠠᠨ ᠤ ᠬᠡᠷᠢᠶᠡᠰ ᠲᠠᠢ | ᠤᠩᠭᠤᠨ ᠰᠬᠠᠯᠠᠭᠠᠷ ᠮᠤᠳᠦ ᠨᠢ | ᠤᠷᠴᠠᠬᠤ ᠬᠤᠷᠸ᠎ᠠ ᠶᠢᠨ ᠭᠦᠴᠦᠨ ᠲᠠᠢ | ᠬᠤᠳᠠᠯᠨ ᠮᠡᠷᠭᠡᠨ ᠬᠠᠭᠠᠨ ᠤ | ᠬᠤᠪᠢᠯᠭᠠᠨ ᠰᠢᠳᠢ ᠲᠠᠢ ᠰᠦᠯᠳᠡᠨ | ᠶᠡᠷᠡ ᠶᠢᠰᠤᠨ ᠲᠡᠭᠷᠢ ᠳᠤ | ᠶᠡᠷᠡ ᠶᠢᠰᠤᠨ ᠴᠠᠭᠠᠠᠠᠴᠢᠨ ᠤ | ᠶᠢᠰᠦ ᠲᠦᠭᠦᠷᠡᠩ ᠰᠠᠴᠤᠬᠤ | ᠶᠢᠰᠦᠭᠡᠢ ᠪᠠᠭᠠᠳᠤᠷ ᠡᠵᠡᠨ ᠤ | ᠶᠢᠰᠤᠨ ᠴᠠᠭᠠᠨ ᠰᠠᠴᠤᠯᠢ ᠶᠢᠨ | ᠶᠢᠰᠦ ᠶᠢᠰᠦ ᠶᠢᠨ ᠲᠠᠯᠠᠯᠭ᠎ᠠ ᠲᠠᠢ | ᠴᠠᠭᠠᠨ ᠱᠤᠩᠬᠤᠷ ᠲᠡᠭᠦᠯᠢᠭᠰᠡᠨ | ᠴᠠᠭᠠᠨ ᠲᠤᠭ ᠰᠦᠯᠳᠡ ᠲᠠᠢ | ᠪᠤᠠᠠᠳᠠ ᠴᠢᠩᠬᠢᠰ ᠬᠠᠭᠠᠨ | ᠪᠤᠷᠬᠠᠨ ᠬᠠᠯᠳᠤᠨ ᠢᠶᠠᠷ ᠲᠦᠪᠯᠡᠨ | ᠲᠡᠭᠷᠯᠢᠭ ᠠᠪᠢᠶᠠᠰ ᠪᠢᠯᠢᠭ ᠢᠶᠠᠷ ᠢᠶᠠᠨ | ᠲᠠᠶᠢᠴᠨ ᠮᠤᠩᠭᠤᠯ ᠢᠶᠠᠨ ᠤᠷᠢᠶᠠᠯᠠᠨ | ᠲᠣᠨᠵᠡ ᠮᠡᠷᠭᠡᠨ ᠪᠤᠳᠤᠯᠭ᠎ᠠ ᠪᠠᠷ ᠢᠶᠠᠨ | ᠲᠦᠮᠡᠨ ᠪᠠᠭᠠᠳᠤᠤᠨ ᠢᠶᠠᠨ ᠲᠠᠶᠢᠴᠢᠯᠠᠨ | ᠬᠠᠷᠢ ᠶᠢᠨ ᠲᠠᠶᠢᠰᠤᠨ ᠢ ᠲᠠᠷᠤᠵᠦ | ᠬᠠᠮᠤᠭ ᠮᠤᠩᠭᠤᠯ ᠢᠶᠠᠨ ᠮᠠᠡᠳᠤᠭᠤᠯᠤᠨ | ᠲᠦᠮᠡᠨ ᠦᠶ᠎ᠡ ᠶᠢᠨ ᠤᠯᠠᠮᠵᠢᠯᠠᠯ ᠲᠠᠢ | ᠲᠦᠷᠦᠯᠭᠢ ᠨᠤᠳᠤᠭ ᠢᠶᠠᠨ ᠨᠢᠭᠡᠳᠦᠭᠡᠨ | ᠲᠠᠶ᠋ᠢᠩ ᠲᠡᠯᠡᠭᠡᠢ ᠶᠢᠨ ᠡᠯᠢᠭᠡᠨ ᠤ | ᠲᠡᠭᠷᠯᠢᠭ ᠲᠦᠷᠦ ᠪᠠᠨ ᠪᠠᠶᠢᠭᠤᠯᠤᠨ | ᠶᠢᠰᠤᠨ ᠭᠦᠯᠳᠦ ᠲᠤᠭ ᠢᠶᠠᠨ | ᠶᠢᠷᠳᠢᠡᠴᠦ ᠶᠢᠨ ᠦᠷᠦᠴᠡᠨ ᠳᠤ ᠪᠤᠰᠬᠠᠨ | ᠴᠢᠩᠬᠢᠰ ᠲᠡᠭᠷᠢ ᠶᠢᠨ ᠲᠠᠩᠨᠠᠢ ᠳᠤ | ᠴᠠᠭᠠᠨ ᠲᠤᠭ ᠢᠶᠠᠨ ᠨᠠᠮᠢᠷᠠᠭᠤᠯᠤᠨ | ᠲᠡᠤᠭᠡ ᠶᠢᠨ ᠠᠯᠳᠠᠨ ᠬᠠᠭᠤᠳᠠᠰᠤᠨ ᠤ | ᠲᠠᠷᠬᠠᠨ ᠴᠤᠯᠨ ᠪᠠᠨ ᠦᠯᠡᠳᠡᠭᠡᠯ᠎ᠡ | ᠰᠠᠭᠠᠷᠠᠯ ᠠᠵᠢᠷᠭᠠᠨ ᠤ ᠲᠡᠯ ᠢᠶᠠᠷ | ᠰᠠᠴᠤᠭ ᠭᠦᠭᠦᠯ ᠵᠤᠭᠤᠠᠠᠯᠠᠭᠤᠯᠤᠠᠠᠰᠠᠨ | ᠡᠷᠳᠡᠨᠢ ᠶᠢᠨ ᠴᠠᠭᠠᠨ ᠭᠡᠭᠦᠨ ᠤ | ᠡᠰᠦᠭ ᠠᠶᠢᠷᠠᠭ ᠤᠨ ᠰᠠᠴᠤᠯᠢ ᠲᠠᠢ | ᠶᠢᠰᠤᠨ ᠲᠡᠭᠷᠢ ᠶᠢᠨ ᠪᠡᠯᠭᠡᠳᠡᠯᠳᠦ | ᠶᠢᠰᠤᠨ ᠭᠦᠯ ᠲᠠᠢ ᠰᠦᠯᠳᠡ | ᠭᠠᠯ ᠤᠨ ᠰᠣᠷ ᠪᠠᠳᠠᠷᠬᠠᠰᠠᠨ | ᠭᠠᠯᠠᠶᠢᠬᠠᠨ ᠲᠡᠭᠷᠢ ᠶᠢᠨ ᠰᠦᠷ ᠲᠠᠢ | ᠨᠠᠷᠠᠨ ᠰᠠᠷᠠᠨ ᠤᠷᠴᠬᠠᠰᠠᠨ | ᠨᠠᠷᠠᠮᠠᠢ ᠬᠤᠷᠸ᠎ᠠ ᠶᠢᠨ ᠪᠠᠭᠳᠠᠭᠠᠮᠵᠢ ᠲᠠᠢ | ᠠᠷᠭ᠎ᠠ ᠪᠢᠯᠢᠭ ᠢ ᠬᠤᠤᠰᠯᠠᠭᠤᠯᠤᠠᠠᠰᠠᠨ | ᠠᠳᠠᠭ᠎ᠠ ᠲᠡᠭᠷᠢ ᠶᠢᠨ ᠭᠦᠴᠦᠨ ᠲᠠᠢ | ᠬᠢᠯᠤᠪᠠᠷ ᠪᠡᠶ᠎ᠡ ᠲᠡᠭᠡᠨ | ᠬᠡᠷᠡᠯᠳᠣ ᠬᠤᠷᠸ᠎ᠠ ᠶᠢᠨ ᠪᠡᠯᠭᠡᠳᠡᠯ ᠲᠠᠢ | ᠲᠤᠭᠤᠢ ᠴᠠᠷ᠎ᠠ ᠶᠢᠨ ᠰᠠᠭᠤᠳᠠᠯ ᠨᠢ | ᠲᠦᠭᠦᠷᠢᠭ ᠤᠷᠴᠢᠯᠠᠩ ᠤᠨ ᠬᠡᠯᠪᠡᠷᠢ ᠲᠠᠢ | ᠶᠡᠷᠨ ᠶᠢᠰᠤᠨ ᠮᠠᠡᠵᠤᠯᠠᠭᠠ ᠨᠢ | ᠶᠢᠰᠤᠨ ᠲᠡᠭᠷᠢ ᠶᠢᠨ ᠲᠤᠭᠠᠯᠠᠯ ᠲᠠᠢ | ᠲᠡᠭᠷᠢ ᠭᠠᠵᠠᠷ ᠲᠠᠢ ᠨᠡᠪᠳᠡᠷᠡᠯᠴᠡᠭᠦ | ᠲᠡᠭᠰᠢᠭᠡᠨ ᠦᠡᠳᠦᠷ ᠰᠢᠯᠪᠢ ᠲᠠᠢ | ᠠᠷᠰᠯᠠᠨ ᠪᠠᠷᠰ ᠮᠡᠯᠡᠭᠡᠢ ᠶᠢᠨ ᠰᠠᠭᠤᠳᠠᠯᠳᠦ | ᠪᠠᠭᠠᠳᠣᠷ ᠭᠦᠴᠦᠳᠦ ᠰᠦᠯᠳᠡ | ᠴᠠᠭᠠᠨ ᠬᠠᠷ᠎ᠠ ᠠᠯᠠᠭ | ᠴᠢᠡᠳᠠᠮᠤᠨᠢ ᠭᠤᠷᠪᠠᠨ ᠰᠦᠯᠳᠡ | ᠪᠡᠯᠨ ᠣᠡᠭᠬᠢ ᠶᠢᠨ ᠴᠢᠮᠡᠭ ᠲᠠᠢ | ᠪᠠᠭᠠᠳᠤᠷ ᠭᠤᠷᠪᠠᠨ ᠰᠦᠯᠳᠡ | ᠴᠠᠭᠠᠨ ᠱᠤᠩᠬᠤᠷ ᠲᠡᠭᠦᠯᠢᠭᠰᠡᠨ | ᠴᠠᠭᠠᠨ ᠲᠤᠭ ᠲᠠᠢ ᠰᠦᠯᠳᠡ | ᠤᠳᠤᠨ ᠵᠢᠷᠤᠬᠠᠢ ᠶᠢᠨ ᠰᠦᠨᠡᠰᠦ ᠲᠠᠢ | ᠤᠮᠤᠭ ᠶᠡᠭᠡᠳᠦ ᠰᠦᠯᠳᠡ | ᠲᠤᠬᠢᠭᠤᠷ ᠤᠳᠤᠨ ᠢᠪᠡᠭᠡᠯ ᠲᠠᠢ | ᠲᠦᠮᠡᠨ ᠤᠨ ᠤ ᠰᠦᠯᠳᠡ | ᠮᠢᠯᠢᠶᠠᠨ ᠲᠡᠭᠷᠢ ᠠᠴᠠ ᠪᠠᠭᠤᠠᠠᠰᠠᠨ | ᠮᠢᠩᠭᠠᠨ ᠪᠢᠯᠢᠭᠦᠨ ᠲᠠᠢ ᠰᠦᠯᠳᠡ | ᠪᠢᠯᠢᠭᠳᠦ ᠡᠭᠦᠯᠡᠨ ᠤᠭᠠᠯᠵᠠ ᠲᠠᠢ | ᠪᠠᠭᠤᠮᠠᠯ ᠲᠡᠭᠷᠢ ᠶᠢᠨ ᠰᠦᠯᠳᠡ | ᠦᠷᠯᠦᠭ ᠵᠠᠩᠵᠤᠨ ᠨᠠᠷ ᠤᠨ | ᠦᠮᠦᠭ ᠨᠢ ᠪᠤᠯᠤᠠᠠᠰᠨ ᠰᠦᠯᠳᠡ | ᠶᠡᠷᠨ ᠶᠢᠰᠤᠨ ᠲᠡᠭᠷᠢ ᠶᠢᠨ | ᠶᠧᠯᠦᠢ ᠤᠪᠢᠳᠤᠰ ᠲᠠᠢ ᠰᠦᠯᠳᠡ | ᠲᠦᠮᠡᠨ ᠣᠨ ᠤ ᠣᠯᠠᠮᠵᠢᠯᠠᠯ ᠲᠠᠢ | ᠲᠦᠷᠦ ᠶᠢᠨ ᠲᠤᠭ ᠲᠠᠢ ᠰᠦᠯᠳᠡ | ᠲᠠᠪᠤᠨ ᠲᠡᠭᠷᠢ ᠶᠢᠨ ᠤᠷᠤᠨ ᠤ | ᠲᠠᠪᠤᠨ ᠦᠩᠭᠡᠳᠦ ᠬᠡᠶᠢᠮᠤᠷᠢ | ᠲᠠᠪᠤᠨ ᠵᠢᠰᠦ ᠢᠯᠭᠠᠳᠠᠭ | ᠲᠡᠭᠷᠢ ᠶᠢᠨ ᠠᠷᠭᠤᠮᠠᠭ ᠭᠦᠯᠦᠭ ᠲᠠᠢ | ᠲᠡᠭᠷᠢ ᠪᠠᠭᠤᠮᠠᠯ ᠤᠩᠭᠤ ᠶᠢᠨ | ᠲᠠᠷᠬᠠᠨ ᠪᠠᠭᠠᠳᠤᠷ ᠰᠦᠷ ᠲᠠᠢ | ᠲᠠᠪᠤᠨ ᠰᠠᠬᠢᠭᠤᠰᠦ ᠤᠳᠤᠨ ᠤ | ᠲᠠᠪᠤᠨ ᠮᠦᠰᠦ ᠶᠢᠨ ᠰᠠᠭᠠᠳᠠᠭ ᠲᠠᠢ | ᠭᠦᠪᠴᠢ ᠨᠢ ᠬᠠᠳᠠᠭᠤ ᠨᠤᠮᠦ | ᠭᠦᠭᠡ ᠰᠢᠷᠢᠨ ᠬᠤᠷᠮᠤᠰᠭᠠ ᠲᠠᠢ | ᠦᠩᠭᠡᠳᠦ ᠠᠷᠠᠰᠤᠨ ᠲᠤᠭᠤᠯᠠᠭ᠎ᠠ ᠶᠢᠨ | ᠦᠪᠴᠢ ᠪᠡᠶ᠎ᠡ ᠶᠢᠨ ᠬᠤᠶᠠᠭᠠ ᠲᠠᠢ | ᠵᠠᠯᠠᠭ᠎ᠠ ᠤᠳᠤᠨ ᠤ ᠪᠡᠯᠭᠡᠳᠦ | ᠵᠢᠳᠡ ᠰᠡᠯᠡᠮ᠎ᠡ ᠶᠢᠨ ᠵᠡᠪᠰᠡᠭ ᠲᠠᠢ | ᠮᠤᠩᠭᠤᠯ ᠭᠦᠮᠦᠨ ᠤ ᠬᠠᠨᠢ | ᠮᠤᠯᠤᠷ ᠡᠷᠳᠡᠨᠢ ᠶᠢᠨ ᠭᠦᠯᠦᠭ ᠲᠠᠢ | ᠭᠦᠭᠡ ᠮᠤᠩᠭᠤᠯ ᠶᠠᠰᠤᠳᠠᠨ ᠤ | ᠭᠦᠭᠵᠢᠯ ᠪᠠᠳᠠᠷᠠᠯ ᠤᠨ ᠬᠡᠶᠢᠮᠤᠷᠢ | ᠭᠦᠭᠡ ᠲᠤᠯᠪᠤᠳᠦ ᠦᠷᠡᠰ ᠤᠨ | ᠭᠦᠰᠡᠯ ᠲᠡᠮᠡᠣᠯᠠᠯ ᠤᠨ ᠬᠡᠶᠢᠮᠤᠷᠢ | ᠤᠳᠤᠳᠦ ᠶᠡᠭᠡ ᠬᠤᠷᠸ᠎ᠠ ᠶᠢᠨ | ᠣᠷᠴᠢᠯ ᠢ ᠢᠯᠡᠤᠡᠭᠡᠭᠰᠡᠨ ᠬᠡᠶᠢᠮᠤᠷᠢ | ᠲᠡᠭᠷᠢ ᠭᠠᠵᠠᠷ ᠲᠡᠭᠡᠳᠤᠰ ᠤᠨ | ᠲᠠᠪᠤᠨ ᠮᠠᠬᠠᠪᠤᠤᠨ ᠤᠨ ᠬᠡᠶᠢᠮᠤᠷᠢ | ᠰᠦᠭ ᠰᠦᠨᠡᠰᠦ ᠶᠢ ᠪᠠᠳᠤᠤᠡᠬᠠᠳᠠᠭ | ᠰᠦᠵᠢᠭ ᠲᠡᠮᠪᠡᠷᠢᠯ ᠲᠠᠢ ᠬᠡᠶᠢᠮᠤᠷᠢ | ᠵᠢᠷᠤᠬᠠᠢ ᠶᠢᠨ ᠤᠬᠠᠭᠠᠨ ᠢᠶᠠᠷ ᠲᠤᠭᠠᠯᠠᠳᠠᠭ | ᠵᠠᠶᠠᠭ᠎ᠠ ᠪᠤᠶᠠᠨ ᠤ ᠬᠡᠶᠢᠮᠤᠷᠢ | ᠲᠡᠭᠷᠢ ᠶᠢᠨ ᠵᠦᠭ ᠢ ᠲᠤᠠᠠᠳᠠᠭᠠᠳᠠᠭ | ᠲᠡᠷᠨᠠᠢ ᠰᠢᠪᠰᠢᠯᠭᠡ ᠲᠠᠢ ᠬᠡᠶᠢᠮᠤᠷᠢ | ᠵᠠᠭᠠᠷᠢᠨ ᠢᠳᠤᠭᠠᠨ ᠤ ᠦᠵᠡᠯᠭᠡᠳᠦ | ᠵᠠᠶᠠᠭᠠᠨ ᠲᠡᠭᠷᠢ ᠶᠢᠨ ᠬᠡᠶᠢᠮᠦᠷᠢ | ᠵᠠᠶᠢᠷᠠᠩ ᠪᠦᠭᠡ ᠶᠢᠨ ᠪᠤᠰᠬᠠᠠᠠᠰᠠᠨ | ᠵᠠᠯᠠᠭ᠎ᠠ ᠤᠳᠤᠨ ᠰᠦᠯᠳᠡ | ᠲᠤᠬᠢᠭᠤᠷ ᠤᠳᠤᠨ ᠰᠦᠨᠡᠰᠦ ᠲᠠᠢ | ᠲᠤᠠᠠᠰᠢᠨ ᠴᠠᠭᠠᠨ ᠰᠦᠯᠳᠡ | ᠲᠡᠭᠷᠢ ᠶᠢᠨ ᠤᠤᠠᠬ᠎ᠠ ᠶᠢ ᠢᠯᠡᠤᠡᠭᠡᠭᠰᠡᠨ | ᠲᠡᠭᠷᠯᠢᠭ ᠠᠷᠢᠭᠤᠨ ᠰᠦᠯᠳᠡ | ᠪᠠᠳᠠᠷᠠᠩᠭᠤᠢ ᠴᠠᠭᠠᠨ ᠲᠡᠭᠷᠢ ᠶᠢᠨ | ᠪᠠᠳᠦ ᠴᠠᠭᠠᠨ ᠰᠦᠯᠳᠡ | ᠲᠡᠭᠷᠯᠢᠭ ᠴᠢᠩᠭᠢᠰ ᠬᠠᠭᠠᠨ ᠤ | ᠲᠠᠶᠢᠴᠢᠨ ᠴᠠᠭᠠᠨ ᠰᠦᠯᠳᠡ | ᠠᠯᠳᠠᠢ ᠬᠠᠳᠠᠢ ᠳᠤ ᠠᠮᠢᠯᠬᠠᠰᠠᠨ | ᠠᠪᠤᠷᠭᠤ ᠲᠤᠠᠠᠰᠢᠨ ᠰᠦᠯᠳᠡ | ᠲᠡᠭᠷᠢ ᠠᠭᠤᠯᠠᠨ ᠳᠤ ᠮᠠᠠᠳᠤᠠᠠᠰᠠᠨ | ᠲᠠᠷᠬᠠᠨ ᠴᠠᠭᠠᠨ ᠰᠦᠯᠳᠡ | ᠪᠠᠶᠢᠭᠠᠯ ᠲᠠᠯᠠᠢ ᠳᠤ ᠨᠠᠮᠢᠷᠬᠠᠰᠠᠨ | ᠪᠠᠭᠠᠳᠤᠷ ᠴᠠᠭᠠᠨ ᠰᠦᠯᠳᠡ | ᠬᠠᠳᠤᠨ ᠭᠤᠤᠯ ᠢᠶᠠᠷ ᠲᠤᠠᠠᠰᠢᠭᠤᠯᠤᠠᠠᠰᠠᠨ | ᠬᠠᠭᠠᠨ ᠲᠦᠷᠦ ᠶᠢᠨ ᠰᠦᠯᠳᠡ | ᠠᠽᠢᠶ᠎ᠡ ᠶᠢᠨ ᠡᠯᠢᠭᠡᠨ ᠳᠤ ᠰᠦᠨᠳᠠᠷᠯᠡᠭᠰᠡᠨ | ᠠᠭᠤᠤ ᠴᠠᠭᠠᠨ ᠰᠦᠯᠳᠡ | ᠢᠰᠡᠭᠡᠢ ᠲᠤᠭᠤᠷᠭᠠᠳᠦ ᠮᠤᠩᠭᠤᠯᠴᠤᠤᠨ ᠤᠨ | ᠢᠯᠭᠤᠠᠠᠰᠠᠨ ᠴᠠᠭᠠᠨ ᠰᠦᠯᠳᠡ | ᠡᠵᠡᠨ ᠲᠦᠷᠦ ᠠᠮᠤᠭᠤᠯᠠᠩ | ᠡᠩᠭᠡ ᠵᠢᠷᠭᠠᠯ ᠤᠨ ᠰᠦᠯᠳᠡ | ᠶᠢᠰᠤᠨ ᠰᠢᠷᠭ᠎ᠠ ᠪᠠᠷ ᠲᠤᠠᠠᠰᠢᠭᠤᠯᠳᠠᠭ | ᠶᠢᠰᠤᠨ ᠲᠡᠭᠷᠢ ᠶᠢᠨ ᠰᠦᠯᠳᠡ | ᠤᠪᠤᠭ ᠠᠶᠢᠮᠠᠭ ᠢᠶᠠᠨ ᠮᠠᠡᠳᠤᠭᠤᠯᠤᠳᠠᠭ | ᠤᠯᠠᠮᠵᠢᠯᠠᠯᠳᠦ ᠴᠠᠭᠠᠨ ᠰᠦᠯᠳᠡ | ᠶᠡᠭᠡ ᠮᠤᠩᠭᠤᠯ ᠤᠯᠤᠰ ᠤᠨ | ᠶᠢᠰᠤᠨ ᠪᠡᠯᠭᠡᠳᠦ ᠰᠦᠯᠳᠡ | ᠴᠢᠩᠬᠢᠰ ᠬᠠᠭᠠᠨ ᠤ ᠮᠠᠡᠳᠤᠭᠤᠯᠤᠠᠠᠰᠠᠨ | ᠴᠠᠭᠠᠨ ᠲᠤᠭ ᠲᠠᠢ ᠰᠦᠯᠳᠡ | ᠴᠬᠠᠯᠠᠰᠢ ᠦᠭᠡᠢ ᠭᠦᠴᠦᠨ ᠲᠠᠢ | ᠴᠠᠭᠠᠨ ᠰᠦᠯᠳᠡ ᠮᠠᠡᠳᠤᠳᠤᠭᠠᠢ | ᠬᠡᠮᠵᠢᠶᠡᠯᠡᠰᠢ ᠦᠭᠡᠢ ᠰᠢᠳᠢ ᠲᠠᠢ | ᠬᠡᠶᠢᠮᠤᠷᠢ ᠰᠦᠯᠳᠡ ᠮᠠᠡᠳᠤᠳᠤᠭᠠᠢ |