ᠵᠣᠬᠢᠶᠠᠭᠴᠢ ᠶᠢᠨ ᠲᠣᠪᠴᠢ ᠨᠠᠮᠲᠠᠷ᠄ ᠪᠦ᠊᠂ ᠬᠤᠪᠢᠰᠬᠠᠯᠲᠤ᠂ ᠠᠷᠤᠯᠠᠳ ᠤᠪᠤᠭ ᠲᠠᠢ᠂ ᠰᠢᠯᠤᠭᠤᠨ ᠬᠦᠪᠡᠭᠡᠳᠦ | ᠴᠠᠭᠠᠨ ᠬᠤᠰᠢᠭᠤᠨ ᠤ ᠦᠨᠡᠨᠪᠠᠲᠤ ᠰᠤᠮᠤᠨ ᠤ ᠠᠷᠤ ᠲᠣᠯᠤᠭ᠎ᠠ ᠪᠠᠷ ᠨᠤᠲᠤᠭ ᠲᠠᠢ᠃ ︽ᠮᠥᠩᠭᠦᠨ ᠬᠤᠩᠬᠤ ᠶᠢᠨ | ᠵᠢᠩᠭᠢᠨᠡᠭᠡ︾᠂ ︽ᠴᠠᠬᠠᠷ ᠬᠠᠨ ᠤ ᠢᠷᠭᠤᠢ︾ ᠭᠡᠬᠦ ᠬᠤᠶᠠᠷ ᠨᠤᠮ ᠲᠠᠢ᠃ ᠬᠤᠶᠠᠷ ᠵᠠᠭᠤ ᠭᠠᠷᠤᠢ ᠰᠢᠯᠦᠭ᠂ | ᠨᠠᠶᠢᠷᠠᠭᠤᠯᠤᠯ᠂ ᠲᠠᠭᠤᠤ ᠶᠢᠨ ᠰᠢᠯᠦᠭ ᠤᠨ ᠪᠦᠲᠦᠭᠡᠯ ᠢᠶᠠᠨ ᠣᠷᠤᠨ ᠠᠶᠢᠮᠠᠭ ᠤᠨ ᠰᠤᠨᠢᠨ ᠰᠡᠳᠬᠦᠯ ᠳᠤ | ᠨᠡᠶᠢᠲᠡᠯᠡᠭᠦᠯᠵᠡᠢ᠃ ︽ᠰᠢᠨ᠎ᠡ ᠲᠡᠪᠡᠯ ᠢᠶᠠᠨ ᠡᠮᠦᠰᠦᠭᠡᠳ︾ ᠬᠡᠬᠦ ᠰᠢᠯᠦᠭ ᠨᠢ ᠪᠠᠭ᠎ᠠ ᠰᠤᠷᠭᠠᠭᠤᠯᠢ ᠶᠢᠨ | ᠬᠤᠶᠠᠳᠤᠭᠠᠷ ᠤᠨ ᠤ ᠰᠤᠷᠬᠤ ᠪᠢᠴᠢᠭ ᠲᠤ ᠰᠤᠩᠭᠤᠭᠳᠠᠨ ᠣᠷᠤᠵᠠᠢ᠃ ︽ᠰᠢᠯᠢ ᠶᠢᠨ ᠭᠤᠣᠯ ᠤᠨ ᠤᠳᠬ᠎ᠠ | ᠵᠤᠬᠢᠶᠠᠯ ᠤᠨ ᠤᠷᠠᠯᠢᠭ ᠤᠨ ᠴᠢᠭᠤᠯᠭᠠᠨ︾ ︵ᠬᠡᠤᠬᠡᠳ ᠤᠨ ᠤᠷᠠᠨ ᠵᠤᠬᠢᠶᠠᠯ ᠤᠨ ᠪᠣᠳᠢ᠂ ᠢᠷᠠᠭᠤ ᠨᠠᠶᠢᠷᠠᠭ ᠤᠨ | ᠪᠣᠳᠢ᠂ ᠲᠠᠭᠤᠤ ᠶᠢᠨ ᠰᠢᠯᠦᠭ ᠤᠨ ᠪᠣᠳᠢ︶᠂ ︽ᠰᠢᠯᠢ ᠶᠢᠨ ᠭᠤᠤᠯ ᠤᠨ ᠮᠤᠩᠭᠤᠯ ᠤᠳᠬ᠎ᠠ ᠵᠤᠬᠢᠶᠠᠯ ᠤᠨ | ᠰᠤᠩᠭᠤᠮᠠᠯ︾ ︵ᠭᠢᠲᠠᠳ ᠬᠡᠪᠯᠡᠯ︶᠂ ︽ᠤᠨᠠᠭᠠᠨ ᠤᠬᠠᠭᠠᠨ — ᠬᠡᠤᠬᠡᠳ ᠤᠨ ᠤᠷᠠᠨ ᠵᠤᠬᠢᠶᠠᠯ ᠤᠨ ᠰᠢᠯᠢᠮᠡᠯ︾ | ᠵᠡᠷᠭᠡ ᠲᠡᠭᠦᠪᠦᠷᠢ ᠳᠤ ᠪᠦᠲᠦᠭᠡᠯ ᠨᠢ ᠰᠤᠩᠭᠤᠭᠳᠠᠪᠠ᠃ ︽ᠮᠢᠩᠭᠠᠨᠲᠤ ᠤᠳᠤᠨ︾ ᠰᠢᠯᠦᠭ ᠤᠨ ᠤᠷᠤᠯᠳᠤᠭᠠᠨ ᠤ | ᠭᠤᠷᠪᠠᠳᠤᠭᠠᠷ ᠲᠠᠰ᠂ ︽ᠦᠪᠦᠷ ᠮᠤᠩᠭᠤᠯ ᠤᠨ ᠵᠠᠯᠠᠭᠤᠴᠤᠳ︾ ᠰᠡᠳᠬᠦᠯ ᠤᠨ ᠡᠯᠰᠡᠭᠰᠠᠡ ᠵᠤᠬᠢᠶᠠᠯ ᠤᠨ | ᠤᠷᠤᠯᠳᠤᠭᠠᠨ ᠤᠨ ᠭᠤᠷᠪᠠᠳᠤᠭᠠᠷ ᠪᠠᠶᠢᠷᠢ᠂ ︽ᠴᠠᠬᠠᠷ ᠬᠡᠪᠰᠢ︾ ᠵᠤᠬᠢᠶᠠᠯ ᠤᠨ ᠤᠷᠤᠯᠲᠤᠭᠠᠨ ᠤ ᠭᠤᠷᠪᠠᠳᠤᠭᠠᠷ | ᠲᠡᠰ᠂ ᠪᠦᠬᠦ ᠤᠷᠤᠨ ᠤ ᠰᠤᠶᠤᠯ ᠤᠨ ᠲᠤᠮᠤ ᠤᠷᠤᠨ ᠢ ᠪᠦᠳᠦᠭᠡᠨ ᠪᠠᠶᠢᠭᠤᠯᠬᠤ ᠳᠤ ᠵᠤᠷᠢᠭᠤᠯᠤᠭᠰᠠᠨ ᠲᠠᠭᠤᠤ ᠶᠢᠨ | ᠰᠢᠯᠦᠭ ᠤᠨ ᠰᠢᠯᠭᠠᠷᠠᠭᠤᠯᠤᠯᠲᠠ ᠳᠤ ᠭᠤᠷᠪᠠᠲᠤᠭᠠᠷ ᠲᠡᠰ ᠤᠨ ᠱᠠᠩᠨᠠᠯ ᠬᠦᠷᠲᠡᠵᠡᠢ᠃ ᠠᠷᠪᠠᠭᠠᠳ ᠲᠠᠭᠤᠤ ᠨᠢ ︽ | ᠲᠠᠯ᠎ᠠ ᠨᠤᠲᠤᠭ ᠤᠨ ᠰᠢᠨ᠎ᠡ ᠲᠠᠭᠤᠯᠠᠯ︾᠂ ︽ᠨᠠᠶᠢᠵᠠ ᠶᠢᠨ ᠰᠡᠳᠬᠢᠯ︾᠂ ︽ᠬᠤᠯᠠ ᠶᠠᠪᠤᠭᠰᠠᠨ ᠬᠠᠶᠢᠷ᠎ᠠ︾ | ᠵᠡᠷᠭᠡ ᠺᠠᠰᠧᠲ᠂ ᠴᠤᠮᠤᠭ ᠲᠤ ᠤᠷᠤᠭᠰᠠᠨ ᠪᠠᠶᠢᠨ᠎ᠠ᠃ | ᠦᠪᠦᠷ ᠮᠤᠩᠭᠤᠯ ᠤᠨ ᠵᠤᠬᠢᠶᠠᠯᠴᠢᠳ ᠤᠨ ᠨᠡᠶᠢᠭᠡᠮᠯᠢᠭ ᠤᠨ ᠬᠡᠰᠢᠭᠦᠨ᠂ ᠤᠷᠤᠨ ᠤ ᠲᠡᠰ ᠤᠨ ᠬᠢᠴᠢᠶᠡᠯ ᠲᠦᠷᠦᠯ | ᠤᠨ ᠲᠠᠭᠠᠭᠤᠯᠤᠭᠴᠢ᠂ ᠲᠤᠮᠳᠠᠳᠤ ᠰᠤᠷᠭᠠᠭᠤᠯᠢ ᠶᠢᠨ ᠲᠡᠭᠡᠳᠦ ᠲᠡᠰ ᠤᠨ ᠪᠠᠭᠰᠢ᠂ ᠣᠳᠤ ᠬᠤᠰᠢᠭᠤᠨ ᠤ ᠪᠠᠨ | ᠮᠢᠩᠭᠠᠨᠲᠤ ᠪᠠᠭ᠎ᠠ ᠰᠤᠷᠭᠠᠭᠤᠯᠢ ᠳᠤ ᠪᠠᠭᠰᠢᠯᠠᠵᠤ ᠪᠤᠢ᠃ | ︽ᠲᠤᠷᠠᠲᠠᠢ ᠰᠠᠶᠢᠬᠠᠨ ᠨᠤᠲᠤᠭ︾ ᠬᠡᠮᠡᠬᠦ ᠪᠣᠭᠤᠨᠢ ᠰᠢᠯᠦᠭ ᠤᠳ | — ᠪᠦ᠊᠂ ᠬᠤᠪᠢᠰᠬᠠᠯᠲᠤ ᠵᠤᠬᠢᠶᠠᠪᠠ | | ᠲᠤᠭᠤᠷᠤᠤ ᠲᠤᠭᠤᠷᠤᠤ ᠲᠤᠤᠭᠠᠷᠤᠨᠠ | ᠲᠤᠭᠤᠷᠢᠮ ᠤᠨ ᠤᠰᠤᠨ ᠮᠡᠯᠮᠡᠷᠡᠨ᠎ᠡ | ᠲᠤᠷᠠᠲᠠᠢ ᠰᠠᠶᠢᠬᠠᠨ ᠨᠤᠲᠤᠭ ᠲᠤ ᠪᠠᠨ | ᠲᠤᠭᠤᠷᠤᠤ ᠰᠢᠪᠠᠭᠤ ᠴᠡᠩᠭᠡᠯᠲᠦᠨᠡ | ᠭᠠᠯᠠᠭᠤ ᠭᠠᠯᠠᠭᠤ ᠭᠠᠩᠭᠠᠨᠠᠨᠠ | ᠭᠠᠩᠭ᠎ᠠ ᠶᠢᠨ ᠨᠠᠭᠤᠷ ᠮᠡᠯᠮᠡᠷᠡᠨ᠎ᠡ | ᠭᠠᠩᠭᠠᠩ ᠰᠠᠶᠢᠬᠠᠨ ᠨᠤᠲᠤᠭ ᠲᠤ ᠪᠠᠨ | ᠭᠠᠯᠠᠭᠤ ᠰᠢᠪᠠᠭᠤ ᠭᠦᠭᠵᠢᠯᠳᠦᠨᠡ᠃ | ᠮᠢᠨᠤ ᠡᠵᠢ | | ᠵᠦᠢᠲᠡᠢ ᠦᠭᠡ ᠪᠠᠷ ᠦᠰᠭᠡᠭᠰᠡᠨ | ᠮᠢᠨᠤ ᠡᠵᠢ | ᠵᠢᠵᠢᠭᠬᠡᠨ ᠬᠦᠷᠡᠩ ᠠᠪᠳᠠᠷ᠎ᠠ ᠲᠠᠢ | ᠵᠢᠵᠢᠭᠬᠡᠨ ᠬᠦᠷᠡᠩ ᠠᠪᠳᠠᠷ᠎ᠠ ᠳᠤ ᠨᠢ | ᠮᠦᠰᠦᠨ ᠰᠢᠬᠢᠷ ᠲᠠᠢ ᠪᠤᠯᠬᠤᠷ | ᠪᠢᠳᠡ ᠭᠤᠷᠢᠯᠠᠳᠠᠭ | ᠪᠤᠭᠤᠷᠤᠯ ᠡᠵᠢ ᠶᠢ ᠮᠢᠨᠢ ᠡᠷᠭᠢᠬᠦ ᠪᠠᠷ | ᠪᠤᠷᠠᠮ᠂ ᠰᠢᠬᠢᠷ᠂ ᠦᠵᠦᠮ ᠲᠠᠢ ᠢᠷᠡᠨ᠎ᠡ | ᠠᠶᠢᠯ ᠠᠶᠢᠮᠠᠭ ᠤᠨ ᠬᠢᠨ | ᠬᠡᠦᠬᠡᠳ ᠰᠢᠤᠬᠠᠳ ᠠᠴᠠ ᠪᠠᠨ ᠨᠢᠭᠤᠵᠤ | ᠬᠦᠷᠡᠩ ᠠᠪᠳᠠᠷ᠎ᠠ ᠳᠤ ᠪᠠᠨ ᠬᠠᠳᠠᠭᠠᠯᠠᠨ᠎ᠠ | ᠮᠦᠰᠦᠨ ᠰᠢᠬᠢᠷ ᠢᠶᠠᠨ | ᠵᠢᠭᠠᠬᠠᠨ ᠪᠤᠭᠤᠷᠤᠯ ᠡᠵᠢ ᠮᠢᠨᠢ | ᠵᠢᠵᠢᠭᠬᠡᠨ ᠬᠦᠷᠡᠩ ᠠᠪᠳᠠᠷ᠎ᠠ ᠲᠠᠢ | ᠵᠢᠵᠢᠭᠬᠡᠨ ᠬᠦᠷᠡᠩ ᠠᠪᠳᠠᠷ᠎ᠠ ᠳᠤ ᠨᠢ | ᠮᠦᠰᠦᠨ ᠰᠢᠬᠢᠷ ᠬᠠᠳᠠᠭᠠᠯᠠᠰᠤᠲᠠᠢ | ᠬᠦᠮᠦᠨ ᠤᠨ ᠬᠡᠦᠬᠡᠳ ᠢᠷᠡᠪᠡᠯ | ᠬᠦᠨᠡᠶᠢᠷᠬᠡᠵᠦ ᠴᠢᠳᠠᠳᠠᠭ ᠦᠭᠡᠢ | ᠬᠦᠷᠡᠩ ᠠᠪᠳᠠᠷ᠎ᠠ ᠲᠠᠢ ᠰᠢᠬᠢᠷ ᠠᠴᠠ ᠪᠠᠨ | ᠭᠦᠷᠲᠡᠭᠡᠯ ᠪᠤᠯᠭᠠᠨ ᠲᠦᠭᠡᠭᠡᠨ᠎ᠡ᠃ | | ᠱᠠᠷ | | ᠬᠦᠳᠡᠭᠡᠨ ᠤ ᠵᠢᠵᠢᠭᠬᠡᠨ ᠰᠤᠷᠭᠠᠭᠤᠯᠢ ᠳᠤ | ᠬᠦᠯᠪᠦᠷᠢ ᠶᠢᠨ ᠱᠠᠷ ᠪᠠᠶᠢᠳᠠᠭ | ᠬᠡᠦᠬᠡᠳ ᠤᠨ ᠤᠰᠤ ᠶᠢ ᠵᠦᠭᠡᠭᠡᠬᠦ ᠪᠠᠷ | ᠡᠳᠦᠷᠵᠢᠨ ᠰᠤᠮᠤ ᠤᠷᠤᠳᠠᠭ | ᠰᠤᠮᠤ ᠰᠤᠷᠭᠠᠭᠤᠯᠢ ᠶᠢᠨ ᠬᠤᠭᠤᠷᠤᠨᠳᠤ | ᠡᠳᠦᠷ ᠢ ᠪᠠᠷᠠᠳᠠᠭ ᠴᠦ | ᠰᠤᠷᠤᠭᠴᠢ ᠬᠡᠦᠬᠡᠳ ᠤᠨ ᠲᠦᠯᠦᠭᠡ | ᠰᠢᠷᠪᠦᠰᠦ ᠪᠠᠨ ᠰᠤᠨᠲᠠᠯ᠎ᠠ ᠭᠡᠯᠳᠦᠷᠢᠳᠡᠭ | ᠨᠤᠮᠤᠬᠠᠨ ᠪᠤᠯᠬᠤᠷ ᠨᠤᠤᠯᠠᠳᠠᠭ | ᠨᠢᠷᠤᠭᠤᠨ ᠳᠡᠭᠡᠷ᠎ᠡ ᠨᠢ ᠤᠨᠤᠳᠠᠭ | ᠵᠦᠪ ᠪᠤᠷᠤᠭᠤ ᠦᠭᠡᠢ ᠵᠡᠭᠦᠭᠳᠡᠭᠡᠳ | ᠴᠦᠬᠦᠷᠡᠩ ᠢ ᠨᠢ ᠳᠠᠩᠳᠠ ᠪᠠᠷᠠᠳᠠᠭ | ᠵᠠᠭᠠᠨ ᠰᠢᠭ᠋ ᠲᠤᠮᠤ ᠪᠡᠶ᠎ᠡ ᠲᠠᠢ | ᠵᠠᠯᠬᠠᠭᠤ ᠬᠦᠷᠦᠮᠡᠷ ᠠᠯᠬᠤᠳᠠᠯ ᠲᠠᠢ | ᠪᠠᠷᠤᠭ ᠤᠨ ᠶᠠᠭᠤᠮᠠᠨ ᠳᠤ ᠠᠯᠵᠠᠬᠤ ᠦᠭᠡᠢ | ᠪᠠᠶᠢᠮ᠎ᠠ ᠬᠤᠯᠠ ᠠᠴᠠ ᠴᠦ ᠵᠢᠳᠬᠦᠳᠡᠭ | ᠬᠡᠦᠬᠡᠳ ᠬᠦᠷᠲᠡᠯ᠎ᠡ ᠬᠦᠯᠦᠴᠢᠬᠡᠳᠡᠭ | ᠬᠦᠩᠭᠡᠨ ᠨᠤᠮᠤᠬᠠᠨᠵᠠᠩ ᠲᠠᠢ ᠱᠠᠷ | ᠬᠤᠷᠰᠢᠶᠡᠨ ᠳᠤ ᠬᠦᠷᠲᠡᠯ᠎ᠡ ᠤᠨᠤᠴᠢᠬᠠᠳᠠᠭ | ᠬᠤᠷᠤᠬᠠᠢ ᠬᠦᠳᠡᠯᠭᠡᠮᠡᠷ ᠱᠠᠷ | ᠬᠦᠳᠡᠭᠡᠨ ᠤ ᠵᠢᠵᠢᠭᠬᠡᠨ ᠰᠤᠷᠭᠠᠭᠤᠯᠢ ᠳᠤ | ᠬᠦᠯᠪᠦᠷᠢ ᠶᠢᠨ ᠱᠠᠷ ᠪᠠᠶᠢᠳᠠᠭ | ᠬᠦᠮᠦᠨ ᠤ ᠰᠠᠨᠠᠭ᠎ᠠ ᠲᠠᠢ ᠱᠠᠷ | ᠬᠦᠮᠦᠨ ᠠᠴᠠ ᠴᠦ ᠳᠠᠪᠠᠮᠠᠷ ᠱᠠᠷ᠃ | | ᠬᠠᠪᠤᠷ | ᠴᠤᠩᠬᠤ ᠪᠠᠷ ᠨᠠᠷᠠ ᠠᠰᠬᠠᠷᠠᠨ᠎ᠠ | ᠭᠠᠳᠠᠨ᠎ᠠ | ᠬᠡᠦᠬᠡᠳ ᠤᠳ ᠲᠤᠭᠯᠠᠯᠠᠳᠤᠨᠠ | ᠤᠯᠠᠷᠢᠯ ᠤᠨ ᠬᠠᠪᠤᠷ | ᠬᠦᠮᠦᠨ ᠤ ᠬᠠᠪᠤᠷ | ᠭᠦᠰᠡᠯ ᠨᠢᠭᠡᠲᠡᠢ ᠳᠠᠭᠤᠯᠠᠯᠳᠤᠨ᠎ᠠ᠃ | | | ᠴᠠᠭᠠᠨ ᠰᠠᠷ᠎ᠠ | ᠴᠠᠭᠠᠨ ᠰᠠᠷ᠎ᠠ ᠪᠤᠯᠬᠤ ᠪᠠᠷ | ᠮᠠᠨᠠᠶᠢᠬᠢᠨ | ᠭᠡᠶᠢᠴᠢᠳ ᠵᠤᠴᠢᠨ ᠳᠦᠭᠦᠷᠡᠩ | ᠴᠠᠰᠣ ᠰᠢᠳᠡᠯᠡᠭᠰᠡᠨ | ᠮᠤᠷᠢᠲᠠᠳ | ᠪᠠᠶᠠᠷ ᠭᠦᠷ ᠲᠠᠢ ᠤᠮᠤᠭᠯᠠᠩ | ᠡᠵᠢ ᠶᠢᠨ ᠠᠯᠠᠭᠠᠨ ᠠᠴᠠ | ᠬᠡᠦᠬᠡᠳ ᠤᠳ | ᠠᠮᠲᠠᠲᠠᠢ ᠰᠢᠬᠢᠷ ᠳᠤᠰᠤᠨ᠎ᠠ | ᠠᠳᠬᠤ ᠰᠢᠬᠢᠷ ᠲᠠᠢ | ᠪᠢᠳᠡ | ᠠᠩᠭᠠᠶᠢᠳᠠᠯᠠ ᠪᠠᠨ ᠢᠨᠢᠶᠡᠯᠳᠦᠨ᠎ᠡ᠃ | | ᠪᠤᠯᠵᠤᠮᠤᠷ ᠤᠨ ᠦᠭᠡ | ᠵᠢᠵᠢᠭᠬᠡᠨ ᠬᠤᠶᠠᠷ ᠪᠤᠯᠵᠤᠮᠤᠷ | ᠵᠢᠩᠳᠡᠭᠦᠨ ᠬᠦᠢᠲᠡᠨ ᠳᠤ ᠭᠠᠳᠠᠭ᠎ᠠ | ᠪᠡᠶ᠎ᠡ ᠪᠡᠶ᠎ᠡ ᠪᠠᠨ ᠨᠠᠯᠠᠵᠤ | ᠢᠯᠴᠢ ᠢᠯᠴᠢᠨ ᠳᠤ ᠪᠠᠨ ᠳᠤᠯᠠᠭᠠᠴᠠᠨ᠎ᠠ | ᠡᠵᠢ ᠶᠢᠨ ᠵᠢᠭᠠᠭᠰᠠᠨ ᠡᠷᠳᠡᠮ ᠳ᠋ᠡ | ᠦᠪᠯᠡᠵᠦ ᠪᠢᠳᠡ ᠠᠪᠤᠭᠰᠠᠨ ᠳ᠋ᠠ | ᠡᠯ᠎ᠡ ᠬᠠᠯᠠ ᠦᠵᠡᠭᠰᠡᠨ ᠪᠤᠯᠬᠤᠷ | ᠡᠨᠡᠬᠡᠨ ᠬᠦᠢᠲᠡᠨ ᠳᠤ ᠠᠯᠵᠠᠬᠤ ᠪᠠᠷ ᠦᠭᠡᠢ | ᠬᠠᠯᠠᠭ᠎ᠠ | | ᠦᠷᠯᠦᠬᠡ ᠪᠤᠰᠬᠤ ᠪᠠᠷ | ᠡᠪᠦᠯ | ᠴᠤᠩᠬᠤᠨ ᠲᠡᠬᠡᠷ᠎ᠡ ᠰᠠᠭᠤᠴᠢᠬᠠᠭᠰᠠᠨ ᠪᠠᠶᠢᠯ᠎ᠠ | ᠭᠤᠤᠯ ᠦᠲᠡ ᠳᠤ | ᠡᠩᠭᠡᠷ ᠲᠦᠬᠦᠷᠡᠩ ᠨᠢᠯᠪᠦᠰᠦ ᠲᠠᠢ | ᠮᠡᠯᠮᠡᠷᠡᠴᠢᠬᠡᠭᠰᠡᠨ ᠵᠤᠭᠰᠤᠵᠤ ᠪᠠᠶᠢᠪᠠ | ᠦᠲᠡᠰᠢ ᠬᠠᠷᠢᠨ | ᠠᠷᠠᠰᠤᠨ ᠲᠠᠬᠤ ᠲᠠᠢ ᠪᠠᠨ | ᠡᠭᠡᠯᠵᠢ ᠬᠠᠯᠠᠭᠠᠨ ᠳᠤ ᠪᠠᠨ ᠭᠠᠷᠴᠢᠬᠠᠭᠰᠠᠨ ᠪᠠᠶᠢᠪᠠ | ᠰᠢᠪᠠᠭᠤᠳ ᠤᠨ ᠬᠦᠰᠡᠯ | ᠲᠠᠯᠢ ᠵᠢᠬᠦᠷ ᠮᠢᠨᠢ | ᠬᠤᠯᠠᠭᠤᠭᠰᠠᠨ ᠴᠤ ᠶᠠᠭᠠᠬᠢᠬᠤᠪ | ᠲᠡᠩᠳᠡᠬᠦᠦ ᠠᠮᠠᠷᠠᠭ | ᠨᠤᠳᠤᠭ ᠢᠶᠠᠨ ᠵᠤᠷᠢᠬᠤ ᠶᠤᠮ ᠡ | ᠭᠠᠵᠠᠷ ᠤᠨ ᠬᠤᠯᠠ ᠳᠤ | ᠠᠩᠭᠠᠭᠰᠠᠨ ᠴᠤ ᠶᠠᠭᠠᠬᠢᠬᠤᠪ | ᠭᠠᠨᠭ᠍ᠭᠠᠡᠭ ᠪᠠᠶᠢᠭᠠᠯᠢ ᠲᠠᠢ | ᠨᠤᠲᠤᠭ ᠢᠶᠠᠨ ᠴᠢᠭᠯᠡᠬᠦ ᠶᠤᠮ ᠡ |