ᠠᠭᠤᠯᠠ ᠰᠢᠭ ᠴᠢᠪ ᠴᠢᠮᠡᠭᠡ ᠦᠭᠡᠶᠢᠭᠡᠨ ᠦᠳᠡᠯᠭᠦ ᠰᠠᠨ
ᠨᠡᠶᠢᠲᠡᠯᠡᠭᠰᠡᠨ ᠴᠠᠭ᠄
2020/7/8
ᠵᠤᠬᠢᠶᠠᠭᠴᠢ ᠶᠢᠨ ᠳᠠᠨᠢᠯᠴᠠᠭᠤᠯᠭ᠎ᠠ᠄ ᠬᠦᠳᠦᠬᠦᠶᠢᠳ ᠠᠯᠳᠠᠡᠪᠦ᠋ᠷᠭᠦᠳ ︵ᠪᠢᠷ ᠤᠨ ᠨᠡᠷ᠎ᠡ ᠠ᠊᠂ ᠡᠩᠭᠡᠵᠢᠨ︶᠂ 1982 ᠤᠨ ᠳᠤ ᠰᠢᠯᠤᠭᠤᠨ ᠬᠦᠪᠡᠭᠡᠳᠤ ᠴᠠᠭᠠᠨ ᠬᠤᠰᠢᠭᠤᠨ ᠤ ᠠᠯᠳᠠᠨ ᠭᠠᠳᠠᠰᠤ ᠬᠡᠮᠡᠬᠦ ᠳᠤᠮᠤᠭ ᠬᠦᠯᠯᠡᠭᠰᠡᠨ ᠴᠡᠩᠭᠡᠷ ᠨᠤᠳᠤᠭ ᠲᠤ ᠮᠠᠯᠴᠢᠨ ᠠᠭᠳᠠᠩᠭ᠎ᠠ᠂ ᠷᠢᠨᠴᠢᠮ᠎ᠠ ᠶᠢᠨ ᠭᠤᠯᠤᠮᠳᠠ ᠵᠠᠯᠭᠠᠬᠤ ᠬᠦᠪᠡᠭᠦᠨ ᠨᠢ ᠪᠤᠯᠤᠨ ᠵᠠᠶᠠᠭᠠᠵᠠᠢ᠃ 2000 ᠤᠨ ᠠᠴᠠ ᠡᠬᠢᠯᠠᠨ ᠮᠡᠳᠡᠭᠡ ᠴᠢᠮᠡᠭᠡᠯᠡᠯ᠂ ᠰᠢᠯᠦᠭ ᠨᠠᠶᠢᠷᠠᠭᠤᠯᠤᠯ ᠪᠢᠴᠢᠵᠦ᠂ ᠡᠳᠦᠭᠡ ᠪᠤᠯᠳᠠᠯ᠎ᠠ 300 ᠰᠢᠬᠠᠮ ᠰᠢᠯᠦᠭ ᠨᠠᠶᠢᠷᠠᠭᠤᠯᠤᠯ᠂ ᠦᠬᠦᠯᠡᠯᠭᠡ ᠴᠢᠮᠡᠭᠡᠯᠡᠯ ᠵᠡᠷᠭᠡ ᠢ ᠤᠷᠤᠨ ᠠᠶᠢᠮᠠᠭ ᠤᠨ ᠡᠯ᠎ᠡ ᠰᠡᠳᠬᠦᠯ ᠳᠤ ᠨᠡᠶᠢᠳᠡᠯᠡᠬᠦᠯᠵᠦ ᠤᠯᠠᠨ ᠤᠳᠠᠭ᠎ᠠ ᠱᠠᠩᠨᠠᠯ ᠬᠦᠷᠳᠡᠭᠰᠡᠨ ᠪᠠᠶᠢᠨ᠎ᠠ᠃ 2010 ᠤᠨ ᠳᠤ ︽ᠴᠠᠰᠦ ᠬᠠᠭᠵᠠᠷᠠᠬᠤ ᠴᠢᠮᠡᠭᠡ︾ ᠬᠡᠬᠦ ᠠᠩᠬᠠᠨ ᠤ ᠰᠢᠯᠦᠭ ᠤᠨ ᠳᠡᠭᠦᠪᠦᠷᠢ ᠪᠠᠨ ᠦᠪᠦᠷ ᠮᠤᠩᠭᠤᠯ ᠤᠨ ᠠᠷᠠᠳ ᠤᠨ ᠬᠡᠪᠯᠠᠯ ᠤᠨ ᠬᠤᠷᠢᠶ᠎ᠠ ᠪᠠᠷ ᠬᠡᠪᠯᠡᠬᠦᠯᠪᠡ᠃ᠠᠭᠤᠯᠠ ᠰᠢᠭ ᠴᠢᠪ ᠴᠢᠮᠡᠭᠡ ᠦᠭᠡᠶᠢᠭᠡᠨ ᠦᠳᠡᠯᠭᠦ ᠰᠠᠨ            — ᠠᠯᠳᠠᠨᠪᠦ᠋ᠷᠬᠦᠳ ᠵᠤᠬᠢᠶᠠᠪᠠ  ᠤᠭᠤᠰᠤᠷ ᠦᠭᠡᠢ ᠤᠷᠴᠢᠯᠠᠩ ᠤᠨ ᠵᠢᠪᠠᠷ ᠲᠤ ᠭᠤᠩᠳᠠᠯ᠎ᠠ ᠴᠤᠠᠭᠤᠷ ᠤᠴᠠᠭᠠᠷ ᠦᠭᠡᠢᠲᠦᠯᠦᠪ ᠲᠦᠪᠰᠢᠨᠤᠯᠠᠷᠢᠯ ᠤᠨ ᠡᠴᠡᠰᠢ ᠦᠭᠡᠢ ᠮᠥᠷ ᠢ ᠬᠠᠳᠠᠨ ᠳᠠᠭᠠᠨ ᠰᠢᠩᠭᠡᠭᠡᠵᠤᠤᠷᠤᠰᠢᠬᠤ ᠵᠠᠢ᠂ ᠴᠠᠭ ᠮᠥᠴᠡ ᠶᠢ ᠵᠢᠷᠦᠬᠡ ᠪᠠᠷ ᠢᠶᠠᠨ ᠲᠤᠳᠤᠳᠬᠠᠵᠤᠡᠷᠬᠢᠮᠰᠦᠭ ᠨᠠᠮᠪᠠᠯᠢᠭᠠᠭᠤᠯᠠ ᠮᠡᠳᠦ ᠴᠢᠪ ᠴᠢᠮᠡᠭᠡ ᠦᠭᠡᠶᠢᠬᠡᠨ ᠥᠲᠡᠯᠭᠦ ᠰᠠᠨᠤᠷᠤᠰᠬᠠᠯ ᠤᠰᠤ ᠶᠢ ᠰᠢᠷᠳᠡᠨ ᠴᠢᠩᠨᠠᠵᠤᠤᠨ ᠵᠢᠯ ᠤᠨ ᠵᠢᠰᠤ ᠪᠤᠯᠭᠠᠨ ᠢ ᠲᠤᠯᠢᠳᠠᠵᠤᠲᠤᠳᠤᠷ ᠲᠠᠮᠢᠷᠯᠢᠭᠡᠪᠡᠰᠤ ᠤᠷᠭᠤᠵᠤ ᠪᠠᠰᠠ ᠬᠤᠪᠠᠭ᠋ᠠᠶᠢᠷᠠᠬᠤ ᠶᠢ ᠬᠠᠷᠠᠵᠤᠴᠡᠴᠡᠭᠡᠰ ᠲᠡᠯᠪᠡᠭᠡᠯᠡᠵᠤ ᠪᠠᠰᠠ ᠵᠤᠯᠭᠠᠷᠠᠬᠤ ᠶᠢ ᠮᠡᠳᠡᠷᠡᠵᠤᠨᠦᠰᠡᠷ ᠭᠤᠨᠢᠭᠯᠠᠭᠤᠨᠠᠭᠤᠯᠠ ᠮᠡᠲᠤ ᠴᠢᠪ ᠴᠢᠮᠡᠭᠡ ᠦᠭᠡᠶᠢᠬᠡᠨ ᠦᠲᠡᠯᠬᠦ ᠰᠠᠨᠰᠢᠷᠭᠠᠯ ᠨᠠᠮᠦᠷ ᠰᠡᠭᠦᠯᠴᠢ ᠶᠢᠨ ᠭᠠᠭᠴᠠ ᠨᠠᠪᠴᠢ ᠤᠨᠠᠬᠤ ᠳᠤᠰᠢᠷᠬᠠᠯᠠᠬᠤ ᠨᠠᠮᠠᠭᠠᠨ ᠳᠤ ᠨᠢ ᠦᠨᠦᠴᠢᠨ ᠨᠢᠯᠪᠤᠰᠤ ᠮᠡᠲᠦᠲᠠᠪᠠᠷᠬᠠᠢ ᠪᠦᠩᠵᠢᠭᠢᠨᠡᠬᠦ ᠳᠤᠶᠠᠭ ᠯᠠ ᠦᠷᠦᠴᠡᠨ ᠤ ᠪᠠᠨ ᠭᠦᠨ ᠤᠷᠤᠭᠤ ᠮᠠᠭᠮᠠ ᠪᠠᠷ ᠢᠶᠠᠨ ᠰᠢᠲᠠᠵᠤᠤᠷᠤᠭᠰᠠᠨ ᠪᠤᠤᠷ᠎ᠠ ᠮᠡᠲᠤ ᠲᠠᠴᠢᠭᠢᠨᠠᠬᠤ ᠡᠪᠦᠯ ᠤᠨ ᠶᠢᠰᠤ ᠪᠠᠷᠤᠷᠤᠭ ᠰᠠᠷᠠᠯ ᠮᠠᠨᠠᠨ ᠲᠠᠢ ᠡᠩᠭᠡᠷ ᠪᠡᠯ ᠢᠶᠠᠷ ᠢᠶᠠᠨ ᠬᠦᠯᠦᠷᠴᠤᠤᠷᠲᠤᠬᠠᠨ ᠰᠦᠨᠢ ᠶᠢᠨ ᠤᠳᠤᠳ ᠢ ᠴᠠᠰᠤᠲᠤ ᠤᠷᠭᠢᠯ ᠳᠠᠭᠠᠨ ᠭᠢᠯᠠᠯᠵᠠᠭᠤᠯᠤᠭᠰᠠᠨᠠᠭᠤᠯᠠ ᠮᠡᠲᠦ ᠴᠢᠪ ᠴᠢᠮᠡᠭᠡ ᠦᠭᠡᠶᠢᠬᠡᠨ ᠦᠲᠡᠯᠬᠦ ᠰᠠᠨᠬᠠᠪᠤᠷ ᠤᠨ ᠴᠢᠭᠢᠭ ᠢᠶᠠᠷ ᠤᠨᠢᠶᠠᠷᠲᠤᠵᠤ ᠠᠯᠤᠰ ᠤᠨ ᠪᠠᠷ᠎ᠠ ᠨᠢ ᠬᠦᠬᠡᠷᠡᠭᠰᠡᠨᠬᠠᠩᠭᠠᠢ ᠶᠢᠨ ᠴᠡᠩᠭᠡᠷ ᠠᠮᠢᠰᠬᠤᠯ ᠢᠶᠠᠷ ᠨᠠᠷᠠᠨ ᠤ ᠲᠤᠤᠷ᠎ᠠ ᠲᠦᠬᠦᠯᠵᠡᠭᠰᠡᠨᠬᠠᠶᠢᠯ ᠤᠨ ᠢᠷᠠᠭᠤᠬᠠᠨ ᠬᠠᠷᠭᠢᠶᠠᠨ ᠳᠤ ᠬᠠᠳᠠ ᠠᠰᠬ᠎ᠠ ᠨᠢ ᠲᠠᠭᠤᠯᠠᠴᠢᠬᠠᠭᠰᠠᠨᠵᠦᠰᠡᠷᠡᠭᠡᠳ ᠦᠩᠭᠡᠷᠡᠭᠡᠭᠰᠡᠨ ᠪᠤᠷᠤᠭᠠᠨ ᠤ ᠲᠠᠷᠠᠭ᠎ᠠᠵᠢᠷᠤᠬᠡᠨ ᠲᠠᠯ᠎ᠠ ᠳᠠᠭᠠᠨ ᠰᠤᠯᠤᠩᠭ᠎ᠠ ᠬᠦᠯᠯᠡᠭᠦᠯᠵᠤᠵᠤᠶᠢᠳᠡᠯ ᠦᠭᠡᠢ ᠲᠡᠭᠷᠢ ᠶᠢᠨ ᠲᠠᠩᠨᠠᠢ ᠤᠷᠤᠭᠤ ᠵᠢᠳᠭᠦᠨᠲᠡᠮᠡᠤᠯᠡᠵᠤ ᠦᠪᠡᠷ ᠢ ᠪᠠᠨ ᠭᠠᠶᠢᠬᠠᠭᠤᠯᠤᠭᠰᠠᠨᠠᠭᠤᠯᠠ ᠮᠡᠲᠤ ᠴᠢᠪ ᠴᠢᠮᠡᠭᠡ ᠦᠭᠡᠶᠢᠬᠡᠨ ᠦᠲᠡᠯᠬᠦ ᠰᠠᠨᠶᠢᠷᠲᠢᠨᠴᠤ ᠶᠢᠨ ᠭᠦᠨ ᠤᠬᠠᠭᠠᠨᠲᠠᠨ ᠰᠢᠦ ᠬᠠᠶᠠᠭ᠎ᠠ ᠪᠠᠨᠲᠡᠯᠡᠨ ᠰᠦᠮᠡᠶᠢᠵᠤᠶᠡᠷᠦ ᠳᠡᠭᠡᠨ ᠮᠦᠩᠬᠡ ᠪᠤᠰᠤ ᠶᠢᠨ ᠬᠤᠷᠸ᠎ᠠ ᠶᠢ ᠬᠡᠨᠡᠭᠦᠭᠡᠶᠢᠬᠡᠨ ᠠᠵᠢᠵᠤᠶᠡᠬᠡᠮᠰᠦᠭ ᠠᠲᠠᠯ᠎ᠠ ᠪᠠᠨ ᠪᠤᠷᠤᠭᠵᠢᠭᠤᠨ ᠨᠠᠮᠬᠠᠨ ᠠᠴᠠ ᠪᠠᠨ ᠦᠨᠲᠦᠷᠠᠪᠴᠤ ᠦᠭᠡᠳᠡ ᠪᠠᠨ ᠤᠷᠭᠤᠭᠰᠠᠨᠠᠭᠤᠯᠠ ᠮᠡᠲᠤ ᠴᠢᠪ ᠴᠢᠮᠡᠭᠡ ᠦᠭᠡᠶᠢᠬᠡᠨ ᠦᠳᠡᠯᠬᠦ ᠰᠠᠨᠦᠷᠦᠭᠡᠯ ᠤᠨ ᠲᠤᠮᠳᠠ ᠴᠢᠯᠠᠭᠤ ᠨᠢ ᠶᠦ᠋ᠮᠰᠢᠭ ᠳᠠᠭᠤ ᠦᠭᠡᠢ ᠪᠠᠶᠢᠵᠤᠦᠪᠡᠷ ᠤᠨ ᠢᠶᠠᠨ ᠲᠤᠲᠤᠭᠠᠳᠤ ᠤᠷᠤᠭᠤ ᠲᠠᠯᠠᠢ ᠮᠡᠲᠤ ᠭᠦᠨᠵᠡᠭᠡᠢ ᠲᠡᠯᠡᠵᠤᠦᠷᠦᠪᠴᠢᠬᠡᠨ ᠪᠠᠶᠢᠳᠠᠯ᠎ᠠ ᠪᠠᠨ ᠰᠡᠳᠭᠢᠯ ᠤᠨ ᠴᠡᠨᠡᠭ ᠲᠦᠭᠦᠷᠡᠩᠠᠭᠤᠯᠠ ᠮᠡᠲᠤ ᠴᠢᠪ ᠴᠢᠮᠡᠭᠡ ᠦᠭᠡᠶᠢᠬᠡᠨ ᠦᠳᠡᠯᠬᠦ ᠰᠠᠨᠠᠭᠤᠯᠠᠰ ᠰᠢᠭ ᠪᠠᠨ ᠯᠡ ᠪᠠᠶᠢᠵᠤ ᠴᠢᠳᠠᠪᠠᠯ ᠵᠠᠶᠠᠭ᠎ᠠ ᠬᠠᠵᠠᠶᠢᠬᠤ ᠦᠭᠡᠢ ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号