ᠪᠤᠳᠢ ᠰᠡᠳᠬᠢᠯ ᠢᠶᠠᠷ ᠡᠵᠡᠯᠡᠬᠦᠯᠬᠦ ᠶᠢ ᠰᠤᠷᠭᠠᠭᠰᠠᠨ ᠰᠢᠯᠦᠭ | — ᠢᠰᠢᠳᠠᠨᠽᠢᠨᠸᠠᠩᠵᠢᠯ ᠵᠤᠬᠢᠶᠠᠪᠠ | ᠦᠪᠡᠷ ᠪᠤᠰᠤᠳ ᠤᠨ ᠳᠤᠰᠠ ᠶᠢ ᠪᠦᠳᠦᠭᠡᠬᠦ ᠨᠢ | ᠦᠷᠤᠴᠠ ᠠᠰᠠᠷᠠᠩᠭᠤᠢ ᠪᠤᠳᠢ ᠰᠡᠳᠬᠢᠯ ᠶᠤᠮ | ᠪᠤᠴᠠᠯᠭᠠᠬᠤ᠂ ᠤᠯᠠᠶᠢᠰᠬᠠᠬᠤ ᠦᠢᠯᠡᠳᠦᠯ ᠤᠨ ᠰᠠᠭᠤᠷᠢ ᠨᠢ | ᠪᠤᠯᠠᠭᠰᠠᠨ ᠴᠤᠭ ᠲᠠᠢ ᠳᠤᠯᠭᠠᠨ ᠳᠠᠬᠢ ᠭᠠᠯ ᠶᠤᠮ᠃ | ᠭᠠᠯᠪᠠ ᠪᠠᠷ ᠬᠠᠷᠠᠩᠭᠤᠢ ᠪᠠᠶᠢᠭᠰᠠᠨ ᠨᠦᠭᠡ | ᠭᠠᠭᠴᠠᠬᠠᠨ ᠵᠤᠯᠠ ᠪᠠᠷ ᠭᠡᠶᠢᠬᠦ ᠴᠠᠭ ᠲᠠᠢ | ᠵᠤᠪᠠᠭᠠᠬᠤ ᠦᠷᠠᠳᠤ ᠬᠢᠯᠢᠨᠴᠠ ᠶᠢ ᠠᠷᠢᠯᠭᠠᠬᠤ ᠳᠤ | ᠵᠤᠷᠢᠭ ᠦᠭᠡᠢ ᠨᠢᠬᠦᠯᠡᠰᠬᠦᠢ ᠪᠠᠷ ᠰᠤᠳᠤᠯᠪᠠᠯ ᠳᠦᠷᠭᠡᠨ᠃ | ᠰᠠᠶᠢᠨ ᠮᠦᠷ ᠲᠤ ᠬᠤᠷᠳᠤᠨ ᠵᠤᠷᠴᠢᠬᠤᠢ ᠳᠤ | ᠰᠠᠶᠢᠬᠠᠨ ᠪᠤᠳᠢ ᠰᠡᠳᠬᠢᠯ ᠬᠡᠷᠡᠭ ᠲᠠᠢ | ᠰᠠᠶᠢᠨ ᠤᠨᠤᠭᠠᠵᠦ ᠬᠤᠷᠳᠤᠨ ᠫᠤᠤᠳᠠᠬᠤ ᠳᠤ | ᠰᠠᠶᠢᠨ ᠨᠠᠶᠢᠷᠠᠯᠭᠠᠳᠤ ᠳᠠᠷᠢ ᠬᠡᠷᠡᠭ ᠲᠠᠢ᠃ | ᠪᠤᠳᠢ ᠰᠡᠳᠬᠢᠯ ᠬᠦᠢᠴᠡᠳ ᠡᠵᠡᠯᠠᠪᠠᠯ | ᠪᠤᠶᠠᠨ ᠤ ᠵᠦᠢᠯ ᠬᠡᠮᠵᠢᠶ᠎ᠠ ᠦᠭᠡᠢ ᠬᠤᠷᠠᠮᠤᠢ | ᠦᠴᠦᠭᠡᠨ ᠭᠠᠯ ᠰᠠᠯᠬᠢᠨ ᠳᠤ ᠬᠦᠭᠡᠷᠡᠪᠠᠯ | ᠡᠴᠢᠨᠡᠭᠡᠨ ᠪᠡᠶ᠎ᠡ ᠳᠠᠬᠢ ᠤᠷᠭᠤᠮᠠᠯ ᠢ ᠰᠦᠢᠳᠭᠡᠬᠦᠯᠦᠮᠤᠢ᠃ | ᠭᠠᠭᠴᠠ ᠦᠷ᠎ᠠ ᠶᠢ ᠪᠤᠳᠢ ᠰᠡᠳᠬᠢᠯ ᠢᠶᠠᠷ ᠦᠭᠪᠠᠯ | ᠭᠠᠯᠪᠠ ᠭᠠᠯᠪᠠ ᠳᠤ ᠦᠷ᠎ᠠ ᠨᠢ ᠪᠠᠷᠠᠭᠳᠠᠬᠤ ᠦᠭᠡᠢ | ᠴᠢᠯᠠᠭᠤᠨ ᠨᠡᠬᠦᠷᠠᠰᠤᠨ ᠠᠭᠤᠯᠠ ᠠᠰᠠᠪᠠᠯ | ᠴᠤᠬᠤᠮ ᠳᠠᠭᠠᠨ ᠭᠠᠯᠪᠠ ᠪᠠᠷ ᠦᠯᠦ ᠤᠨᠳᠠᠷᠠᠬᠤ᠃ | ᠬᠠᠷ᠎ᠠ ᠠᠮᠢ ᠪᠠᠨ ᠢᠮᠠᠭᠳᠠ ᠪᠤᠳᠤᠭᠰᠠᠭᠠᠷ | ᠬᠠᠷᠢ ᠪᠤᠰᠤᠳ ᠢ ᠦᠯᠦ ᠬᠠᠶᠢᠬᠤᠷᠬᠤ ᠨᠢ | ᠬᠠᠷᠠᠬᠤ ᠳᠤ ᠤᠯᠠᠭᠠᠨ ᠦᠡᠭᠭᠡᠳᠦ ᠭᠠᠯ ᠠᠴᠠ | ᠬᠠᠷ᠎ᠠ ᠤᠳᠤᠭ᠎ᠠ ᠪᠠᠭᠠᠬᠢᠨ ᠭᠠᠷᠬᠤ ᠮᠡᠳᠦ᠃ | ᠭᠠᠶᠢᠬᠠᠮᠰᠢᠭᠳᠤ ᠡᠷᠳᠡᠨᠢ ᠪᠤᠳᠢ ᠰᠡᠳᠬᠢᠯ ᠰᠢᠭ | ᠭᠡᠳᠦᠯᠭᠡᠬᠦ ᠠᠷᠭ᠎ᠠ ᠲᠠᠢ ᠨᠢ ᠬᠠᠮᠢᠭ᠎ᠠ ᠴᠦ ᠪᠠᠶᠢᠬᠤ ᠦᠭᠡᠢ | ᠭᠠᠯ ᠤᠨ ᠬᠠᠭᠠᠨ ᠠᠷᠰᠢ ᠠᠴᠠ ᠦᠯᠠᠮᠵᠢ | ᠭᠠᠯ ᠤᠨ ᠳᠡᠭᠷᠢ ᠬᠠᠮᠢᠭ᠎ᠠ ᠴᠦ ᠪᠠᠶᠢᠬᠤ ᠦᠭᠡᠢ᠃ | ᠤᠷᠢᠳᠤ ᠶᠢᠨ ᠬᠠᠮᠤᠭ ᠳᠡᠭᠡᠳᠦᠰ ᠤᠨ ᠴᠠᠳᠢᠭ ᠨᠢ | ᠤᠷᠤᠭᠰᠢ ᠳᠠᠪᠰᠢᠬᠤ ᠶᠢᠨ ᠭᠠᠭᠴᠠᠬᠠᠨ ᠵᠠᠮ | ᠤᠯᠤᠰ ᠳᠠᠶᠠᠭᠠᠷ ᠤᠨ ᠬᠡᠷᠡᠭ ᠢ ᠪᠦᠳᠦᠭᠡᠬᠦ ᠨᠢ | ᠤᠯᠠᠯᠵᠠᠬᠤ ᠭᠠᠯ ᠠᠴᠠ ᠦᠭᠡᠷ᠎ᠡ ᠶᠠᠭᠤ ᠪᠤᠢ︖ | ᠳᠠᠭᠠᠷᠠᠭᠤᠯᠵᠦ ᠪᠤᠰᠤᠳ ᠤᠨ ᠳᠤᠰᠠ ᠶᠢ ᠪᠦᠳᠦᠭᠡᠪᠠᠯ | ᠳᠠᠰᠢᠷᠠᠮ ᠳᠤ ᠨᠢ ᠦᠪᠡᠷ ᠤᠨ ᠳᠤᠰᠠ ᠪᠦᠳᠦᠮᠤᠢ | ᠳᠤᠭᠤᠭ᠎ᠠ ᠲᠠᠢ ᠶᠢ ᠪᠤᠴᠠᠯᠭᠠᠬᠤ ᠶᠡᠭᠡ ᠭᠠᠯ ᠨᠢ | ᠳᠤᠭᠤᠷᠢᠮ ᠤᠶᠢᠷᠠᠬᠠᠨ ᠴᠢᠬᠢᠭ ᠢ ᠬᠠᠳᠠᠭᠠᠮᠤᠢ᠃ |