ᠬᠤᠨᠢ ︵ᠦᠭᠦᠯᠡᠯᠭᠡ︶ | — ᠡᠷᠳᠡᠨᠢᠳᠤᠭᠳᠠᠬᠤ ᠵᠤᠬᠢᠶᠠᠪᠠ | ᠪᠤᠷᠤᠨᠢᠳᠤᠨ ᠪᠠᠭ᠎ᠠ ᠳᠤ ᠪᠠᠨ ᠬᠤᠨᠢᠨ ᠠᠴᠠ ᠶᠡᠭᠡ ᠠᠶᠤᠳᠠᠭ ᠬᠡᠥᠭᠡᠳ ᠪᠠᠶᠢᠵᠠᠢ᠃ ᠬᠤᠷᠠᠭᠠᠨ ᠠᠷᠠᠰᠤᠨ | ᠬᠤᠴᠢᠯᠭ᠎ᠠ ᠪᠠᠨ ᠬᠠᠷᠠᠭᠰᠠᠭᠠᠷ ᠪᠠᠶᠢᠵᠦ ᠨᠢᠳᠤ ᠨᠢ ᠰᠢᠯᠤᠨ ᠪᠦᠮᠪᠦᠭᠡ ᠰᠢᠭ ᠳᠤᠭᠳᠠᠴᠢᠬᠠᠬᠤ ᠪᠦᠭᠡᠳ ᠬᠡᠨᠡᠳᠳᠡ ᠯᠠ | ᠬᠠᠷᠠᠭᠰᠠᠨ ᠶᠠᠭᠤᠮᠠᠨ ᠠᠴᠠ ᠪᠠᠨ ᠠᠶᠤᠨ ᠴᠢᠴᠢᠭ᠎ᠠ ᠠᠯᠳᠠᠳᠠᠯ᠎ᠠ ᠤᠬᠢᠯᠠᠨ᠎ᠠ᠃ ᠡᠬᠦᠳᠡ ᠪᠠᠷ ᠬᠤᠨᠢ ᠱᠠᠭᠠᠶᠢᠵᠦ | ᠪᠠᠶᠢᠬᠤ ᠶᠢ ᠦᠵᠡᠭᠰᠡᠭᠡᠷ ᠯᠠ ᠠᠶᠤᠬᠤ ᠳᠤ ᠪᠠᠨ ᠨᠢᠳᠤ ᠪᠠᠨ ᠳᠠᠭᠯᠠᠨ ᠪᠠᠷᠬᠢᠷᠠᠵᠦ ᠠᠪᠤ ᠡᠵᠢ ᠪᠠᠨ ᠰᠠᠨᠳᠤᠷᠭᠠᠬᠤ | ᠠᠵᠢ᠃ | ᠠᠪᠤ ᠨᠢ ᠠᠷᠭ᠎ᠠ ᠶᠠᠳᠠᠬᠤ ᠳᠤ ᠪᠠᠨ ᠦᠵᠡᠯᠭᠡ ᠳᠤᠮ ᠬᠢᠳᠡᠭ ᠬᠦᠮᠦᠨ ᠳᠤ ᠬᠦᠷᠴᠦ ᠵᠤᠪᠠᠯᠠᠩ ᠢᠶᠠᠨ | ᠳᠤᠭᠠᠴᠠᠬᠤ ᠳᠤ | — ᠬᠦᠦ ᠶᠢᠨ ᠴᠢᠨᠢ ᠰᠦᠨᠡᠰᠦ ᠶᠡᠷᠤ ᠪᠤᠰᠤ ᠶᠢᠨ ᠠᠷᠢᠭᠤᠨ ᠶᠤᠮ ᠪᠠᠶᠢᠨ᠎ᠠ᠂ ᠨᠡᠷ᠎ᠡ ᠶᠢ ᠨᠢ ᠰᠤᠯᠢᠵᠦ᠂ | ᠠᠶᠤᠭᠰᠠᠨ ᠶᠠᠭᠤᠮᠠᠨ ᠤ ᠬᠢᠨᠢ ᠨᠡᠷ᠎ᠡ ᠪᠠᠷ ᠨᠡᠷᠡᠯᠡᠪᠠᠯ ᠰᠠᠶᠢᠨ ᠪᠤᠯᠤᠨ᠎ᠠ︕ ᠬᠡᠰᠡᠨ ᠢᠶᠠᠷ ᠳᠡᠬᠦᠨ ᠳᠤ ᠪᠤᠷᠤᠨᠢᠳᠤᠨ | ᠬᠡᠭᠴᠢ ᠨᠡᠷ᠎ᠡ ᠦᠭᠬᠦᠭᠰᠡᠨ ᠪᠠᠶᠢᠪᠠ᠃ | ᠨᠡᠷ᠎ᠡ ᠶᠢ ᠨᠢ ᠰᠤᠯᠢᠭᠰᠠᠨ ᠠᠴᠠ ᠬᠤᠶᠢᠰᠢ ᠪᠤᠷᠤᠨᠢᠳᠤᠨ ᠬᠤᠨᠢᠨ ᠠᠴᠠ ᠠᠶᠤᠬᠤ ᠪᠠᠨ ᠪᠤᠯᠢᠵᠦ᠂ ᠬᠤᠨᠢᠨ ᠤ | ᠰᠡᠬᠦᠯ ᠢ ᠠᠮᠳᠠᠷᠬᠠᠨ ᠬᠦᠬᠦᠵᠦ ᠨᠡᠩ ᠴᠤ ᠬᠤᠨᠢᠨ ᠤ ᠪᠦᠭᠡᠷ᠎ᠡ ᠶᠢ ᠪᠤᠯ ᠴᠢᠨᠠᠵᠦ ᠪᠤᠯᠤᠭ᠎ᠠ ᠦᠭᠡᠢ ᠪᠠᠶᠢᠳᠠᠯ᠎ᠠ | ᠢᠳᠡᠨ᠎ᠡ ᠬᠡᠵᠦ ᠤᠷᠢᠯᠠᠨᠠ᠃ | ᠪᠤᠷᠤᠨᠢᠳᠤᠨ᠂ ᠠᠷᠪᠠ ᠬᠦᠷᠬᠦ ᠳᠤ ᠯᠠ ᠬᠤᠨᠢ ᠳᠦᠰᠢᠵᠦ ᠦᠭᠬᠦ ᠴᠢᠳᠠᠯ ᠲᠠᠢ ᠪᠤᠯᠪᠠ᠃ ᠬᠡᠬᠦ ᠳᠡᠭᠡᠨ ᠬᠤᠨᠢ | ᠳᠦᠰᠢᠬᠦ ᠪᠤᠯ ᠳᠡᠬᠦᠨ ᠤ ᠬᠠᠮᠤᠭ ᠤᠨ ᠬᠢᠬᠦ ᠳᠤᠷ᠎ᠠ ᠦᠭᠡᠢ ᠠᠵᠦ ᠨᠢ ᠶᠤᠮ᠃ ᠡᠨ᠋ᠨ ᠬᠡᠥᠭᠡᠳ ᠭᠠᠷ ᠲᠠᠭᠠᠨ ᠴᠢᠰᠤ | ᠪᠢᠯᠳᠠᠬᠤ ᠳᠤᠷ᠎ᠠ ᠦᠭᠡᠢ ᠮᠦᠷᠳᠡᠭᠡᠨ ᠰᠡᠪᠡᠰᠦ ᠪᠠᠭᠠᠰᠤ᠂ ᠴᠢᠰᠤᠨ ᠤ ᠦᠨᠦᠷ ᠲᠤ ᠳᠤᠳᠤᠷ᠎ᠠ ᠪᠤᠯᠬᠢᠬᠤ ᠶᠢ ᠶᠠᠭᠠᠬᠢᠶ᠎ᠠ | ᠃ ᠳᠡᠭᠡᠪᠡᠴᠦ ᠦᠭᠡᠷ᠎ᠠ ᠬᠦᠮᠦᠨ ᠤᠯᠳᠠᠬᠤ ᠦᠭᠡᠢ ᠪᠤᠯᠬᠤᠷ ᠡᠨ᠋ᠨ ᠠᠵᠦ ᠨᠢ ᠳᠡᠬᠦᠨ ᠳᠤ ᠠᠷᠭ᠎ᠠ ᠦᠭᠡᠢ | ᠤᠨᠤᠭᠳᠠᠨ᠎ᠠ᠃ ᠳᠡᠳᠡᠨ ᠤ ᠬᠤᠳᠠᠨ ᠳᠤ ᠬᠦᠬᠡᠪᠤᠬᠠ ᠬᠡᠭᠴᠢ ᠮᠠᠯ ᠵᠠᠷᠤᠳᠠᠭ ᠬᠦᠮᠦᠨ ᠪᠠᠶᠢᠳᠠᠭ᠃ ᠡᠨ᠋ᠨ ᠬᠦᠮᠦᠨ ᠤ | ᠠᠵᠢᠯᠯᠠᠬᠤ ᠬᠡᠭᠴᠢ ᠬᠤᠷᠳᠤᠨ᠂ ᠬᠤᠨᠢ ᠪᠠᠨ ᠤᠨᠠᠭᠠᠮᠠᠭᠴᠠ ᠯᠠ ᠦᠷᠦᠴᠢᠯᠠᠨᠠ᠂ ᠭᠠᠷ ᠢᠶᠠᠨ ᠤᠷᠤᠭᠤᠯᠵᠦ ᠭᠤᠤᠯ | ᠢ ᠨᠢ ᠳᠠᠰᠤᠯᠠᠮᠠᠭᠴᠠ ᠯᠠ ᠬᠤᠨᠢ ᠨᠢ ᠦᠬᠦᠴᠢᠭᠡᠳᠡᠭ᠃ ᠳᠡᠬᠦᠨ ᠤ ᠵᠠᠷᠤᠭᠰᠠᠨ ᠮᠠᠯ᠂ ᠦᠭᠡᠷ ᠬᠤᠨᠢ ᠬᠡᠰᠡᠨ ᠦᠭᠡᠢ | ᠶᠠᠭᠠᠬᠢᠵᠦ ᠴᠦ ᠠᠮᠵᠢᠯ ᠦᠭᠡᠢ ᠬᠤᠷᠳᠤᠨ ᠦᠬᠦᠨ᠎ᠠ᠃ ᠳᠡᠭᠡᠭᠡᠳ ᠬᠡᠳᠦᠭᠡᠨ ᠨᠢᠳᠤᠷᠠᠮᠠᠭᠴᠠ ᠯᠠ ᠠᠷᠠᠰᠦ ᠶᠢ ᠨᠢ | ᠦᠪᠴᠢᠵᠦ ᠶᠠᠭᠤ ᠶᠠᠭᠤ ᠦᠭᠡᠢ ᠬᠦᠵᠡᠭᠡ ᠶᠢ ᠨᠢ ᠭᠠᠷᠭᠠᠴᠢᠬᠠᠭᠰᠠᠨ ᠪᠠᠶᠢᠳᠠᠭ᠃ ᠪᠤᠷᠤᠨᠢᠳᠤᠨ ᠠᠳᠡ ᠳᠡᠨᠳᠡ ᠨᠢ | ᠭᠠᠷᠴᠦ ᠳᠦᠰᠢᠵᠦ ᠦᠭᠬᠦᠨ᠎ᠡ᠃ ᠭᠠᠷ ᠲᠠᠭᠠᠨ ᠴᠢᠰᠤ ᠪᠢᠯᠳᠠᠬᠤ ᠠᠴᠠ ᠬᠢᠴᠢᠶᠠᠨ ᠬᠦᠨᠳᠡᠶᠢᠭᠡᠨ ᠪᠠᠷᠢᠨ᠎ᠠ᠃ | ᠬᠦᠬᠡᠪᠤᠬᠠ ᠤᠴᠠᠭᠠᠷᠳᠠᠵᠦ | — ᠮᠢᠬ᠎ᠠ ᠢᠳᠡᠵᠦ ᠴᠢᠳᠠᠨ᠎ᠠ ᠦᠦ︖ ᠬᠡᠵᠦ ᠵᠠᠩᠨᠠᠨ᠎ᠠ᠃ | ᠬᠦᠬᠡᠪᠤᠬᠠ ᠮᠠᠯ ᠵᠠᠷᠤᠬᠤ ᠳᠤ ᠪᠠᠨ ᠰᠠᠶᠢᠨ ᠮᠦᠷᠳᠡᠭᠡᠨ ᠢᠳᠡᠭᠡ ᠵᠤᠭᠤᠭᠯᠠᠬᠤ ᠳᠤ ᠪᠠᠨ ᠴᠤ ᠰᠠᠶᠢᠨ᠃ ᠦᠭᠡᠬᠦ | ᠴᠢᠰᠤ ᠨᠠᠭᠠᠯᠳᠤᠭᠰᠠᠨ ᠬᠢᠳᠤᠭ᠎ᠠ ᠪᠠᠨ ᠭᠤᠳᠤᠯ ᠤᠨ ᠳᠦᠷᠠᠢ ᠳᠤ ᠪᠠᠨ ᠬᠡᠳᠦ ᠦᠷᠦᠭᠡᠳ ᠯᠠ ᠤᠷᠤᠭᠰᠢ ᠰᠠᠭᠤᠪᠠᠯ | ᠪᠦᠳᠦᠬᠦᠨ ᠦᠭᠡᠷ ᠤᠨ ᠠᠮᠠᠨ ᠬᠦᠵᠦᠬᠦᠦ᠂ ᠰᠡᠭᠡᠷ ᠬᠠᠪᠢᠷᠭ᠎ᠠ ᠲᠠᠢ ᠨᠢ ᠳᠠᠯᠪᠢᠭᠠᠳ ᠤᠷᠤᠭᠤᠯᠴᠢᠬᠠᠳᠠᠭ᠃ | ᠳᠡᠭᠡᠭᠡᠳ ᠯᠠ ︽ᠤᠷᠢᠳᠤ ᠮᠠᠨ ᠤ ᠬᠢᠨ ᠳᠤ ᠨᠢᠭᠡ ᠵᠢᠩᠴᠢᠨ ᠪᠠᠶᠢᠭᠰᠠᠨ᠂ ᠠᠶᠠᠨ ᠵᠢᠩ ᠳᠤ ᠶᠠᠪᠤᠬᠤ ᠠᠴᠠ ᠡᠮᠤᠨ᠎ᠠ | ᠰᠢᠳᠤᠯᠠᠩ ᠬᠤᠨᠢ ᠵᠠᠷᠤᠵᠦ ᠮᠢᠬ᠎ᠠ ᠶᠢ ᠨᠢ ᠪᠦᠬᠦᠨ ᠢ ᠢᠳᠡᠴᠢᠭᠡᠭᠡᠳ ᠱᠦᠯᠦᠨ ᠳᠤ ᠨᠢ ᠪᠠᠰᠠ ᠨᠢᠭᠡ ᠸᠠᠭᠠᠷ ᠭᠤᠯᠢᠷ | ᠴᠢᠨᠠᠵᠦ ᠢᠳᠡᠴᠢᠭᠡᠭᠡᠳ ᠭᠠᠷᠪᠠᠯ ᠳᠤᠯᠤᠭᠠᠨ ᠬᠤᠨᠤᠭ ᠬᠡᠯᠡᠨ ᠳᠡᠭᠡᠷ᠎ᠡ ᠪᠠᠨ ᠬᠠᠷ᠎ᠠ ᠴᠠᠢ ᠠᠴᠠ ᠦᠭᠡᠷ᠎ᠡ ᠶᠠᠭᠤᠮ᠎ᠠ | ᠳᠠᠯᠪᠢᠳᠠᠭ ᠦᠭᠡᠢ ᠁︾ ᠬᠡᠴᠢᠭᠡᠭᠰᠡᠨ ᠱᠦᠯᠦᠨ ᠳᠤ ᠴᠢᠨᠠᠭᠰᠠᠨ ᠭᠤᠯᠢᠷ ᠢ ᠬᠤᠨᠢ ᠦᠷᠬᠦᠮᠡᠷ ᠳᠠᠭᠤ ᠲᠠᠢ | ᠬᠡᠭᠴᠢ ᠤᠭᠤᠴᠢᠨᠠ᠃ ᠪᠤᠷᠤᠨᠢᠳᠤᠨ ᠪᠤᠯ ᠴᠢᠰᠤ ᠬᠠᠷᠠᠯ᠎ᠠ ᠯᠠ ᠬᠡᠪᠠᠯ ᠶᠠᠭᠤᠮ᠎ᠠ ᠢᠳᠡᠵᠦ ᠴᠢᠳᠠᠳᠠᠭ ᠦᠭᠡᠢ᠃ | ᠬᠦᠵᠡᠭᠡ ᠴᠦᠯᠳᠤ ᠶᠢᠨ ᠪᠤᠴᠠᠯᠬᠤ ᠦᠨᠦᠷ ᠢᠶᠠᠷ ᠤᠭᠰᠢᠭᠤᠯᠵᠦ ᠪᠦᠭᠡᠯᠵᠢᠭᠡᠳ ᠭᠠᠷᠤᠭᠠᠳ ᠶᠠᠪᠤᠨ᠎ᠠ᠃ | ᠦᠯᠦᠰᠬᠦ ᠶᠢᠨ ᠡᠷᠭᠡᠨ ᠳᠤ ᠦᠳᠡᠰᠢ ᠨᠢ ᠵᠢᠭᠠᠯ ᠵᠢᠭᠤᠯ ᠰᠦ ᠤᠭᠤᠴᠢᠵᠦ᠂ ᠬᠤᠶᠠᠷ ᠭᠤᠷᠪᠠᠨ ᠬᠤᠨᠤᠭ ᠪᠤᠯᠤᠭᠠᠳ | ᠱᠦᠯᠦ ᠬᠤᠭᠤᠯᠠᠨ ᠳᠤ ᠤᠷᠤᠳᠠᠭ ᠪᠠᠶᠢᠪᠠ᠃ | ᠪᠤᠷᠤᠨᠢᠳᠤᠨ ᠤ ᠵᠠᠯᠠᠭᠤ ᠪᠠᠭ᠎ᠠ ᠨᠠᠰᠤᠨ ᠳᠠᠬᠢ ᠬᠠᠮᠤᠭ ᠤᠨ ᠬᠢᠬᠦ ᠳᠤᠷ᠎ᠠ ᠦᠭᠡᠢ ᠠᠵᠦ ᠪᠤᠯ ᠬᠤᠨᠢ ᠳᠦᠰᠢᠬᠦ | ᠠᠵᠦ ᠶᠤᠮ᠃ ᠳᠡᠭᠡᠬᠦ ᠳᠤ ᠬᠦᠬᠡᠪᠤᠬᠠ ᠤᠤᠯ ᠤᠨ ᠠᠳᠠᠯᠢ ᠠᠶᠢᠯ ᠳᠤᠭᠤᠷᠢᠵᠦ ᠮᠠᠯ ᠵᠠᠷᠤᠵᠦ ᠮᠢᠬ᠎ᠠ | ᠵᠤᠭᠤᠭᠯᠠᠴᠢᠬᠠᠭᠰᠠᠨ ᠶᠠᠪᠤᠨ᠎ᠠ᠃ ︽ᠬᠤᠨᠢ ᠦᠭᠡᠷ ᠤᠨ ᠠᠮᠢ ᠭᠤᠤᠯ ᠢ ᠳᠠᠰᠤᠯᠬᠤ ᠨᠢ ᠳᠡᠬᠦᠨ ᠤ ᠬᠠᠮᠤᠭ ᠤᠨ ᠬᠢᠬᠦ | ᠳᠤᠷ᠎ᠠ ᠲᠠᠢ ᠠᠵᠢᠯ ᠨᠢ ᠪᠠᠶᠢᠬᠤ ᠡ ᠁︾ ᠬᠡᠵᠦ ᠪᠤᠷᠤᠨᠢᠳᠤᠨ ᠪᠤᠳᠤᠳᠠᠭ ᠪᠤᠯᠬᠤᠷ ᠬᠠᠷᠠᠬᠠᠨ ᠪᠠᠭ᠎ᠠ ᠠᠴᠠ ᠪᠠᠨ | ᠬᠦᠬᠡᠪᠤᠬᠠ ᠭᠡᠳᠡᠭ ᠬᠦᠮᠦᠨ ᠳᠤ ᠳᠠᠭᠠᠬᠦᠢ᠃ ᠨᠢᠭᠡ ᠤᠳᠠᠭ᠎ᠠ ᠬᠦᠬᠡᠪᠤᠬᠠ ᠠᠶᠢᠯ ᠳᠤ ᠢᠳᠡᠰᠢ ᠭᠠᠷᠭᠠᠵᠦ | ᠶᠠᠳᠠᠷᠠᠭᠠᠳ ᠤᠷᠤ ᠳᠦᠰᠢᠨ ᠬᠤᠷᠬᠢᠷᠠᠵᠦ ᠪᠠᠶᠢᠬᠤ ᠲᠠᠢ ᠪᠤᠷᠤᠨᠢᠳᠤᠨ ᠳᠠᠭᠠᠷᠠᠯᠳᠤᠵᠦ ᠳᠡᠬᠦᠨ ᠤ ᠳᠦᠷᠠᠢ ᠳᠤ | ᠪᠠᠶᠢᠭᠰᠠᠨ ᠮᠠᠯ ᠵᠠᠷᠤᠳᠠᠭ ᠬᠢᠳᠤᠭ᠎ᠠ ᠶᠢ ᠨᠢ ᠰᠡᠮᠡᠭᠡᠨ ᠠᠪᠤᠭᠠᠳ ᠭᠠᠯ ᠳᠤ ᠬᠢᠴᠢᠭᠡᠭᠰᠡᠨ ᠪᠠᠶᠢᠪᠠ᠃ ᠬᠦᠬᠡᠪᠤᠬᠠ | ᠰᠠᠶᠢᠨ ᠬᠢᠳᠤᠭ᠎ᠠ ᠪᠠᠨ ᠠᠯᠳᠠᠵᠦ ︽ᠬᠠᠶᠢᠷᠠᠨ ᠬᠢᠳᠤᠭ᠎ᠠ᠂ ᠬᠠᠶᠢᠷᠠᠨ ᠬᠢᠳᠤᠭ᠎ᠠ ᠁︾ ᠬᠡᠮᠡᠨ ᠬᠡᠳᠦᠨ ᠡᠳᠦᠷ | ᠬᠠᠷᠠᠮᠰᠠᠨ ᠦᠭᠡᠶᠢᠯᠡᠭᠰᠡᠨ ᠪᠤᠯᠪᠠᠴᠦ ᠳᠡᠮᠡᠢ ᠤᠳᠠᠯ ᠦᠭᠡᠢ ᠳᠠᠷᠬᠠᠨ ᠢᠶᠠᠷ ᠪᠠᠰᠠ ᠨᠢᠭᠡ ᠰᠠᠶᠢᠨ ᠬᠢᠳᠤᠭ᠎ᠠ | ᠳᠠᠪᠳᠠᠭᠤᠯᠵᠦ ᠠᠪᠴᠠᠢ᠃ ᠳᠡᠭᠡᠭᠡᠳ ᠯᠠ ᠠᠶᠢᠯ ᠳᠤ ᠵᠠᠯᠠᠭᠳᠠᠵᠦ ᠶᠠᠪᠤᠨ᠎ᠠ᠂ ᠪᠤᠷᠤᠨᠢᠳᠤᠨ ᠦᠰᠬᠦ ᠳᠤᠳᠤᠮ | ᠬᠦᠬᠡᠪᠤᠬᠠ ᠶᠢ ᠦᠵᠡᠨ ᠶᠠᠳᠠᠬᠤ ᠪᠤᠯᠪᠠ᠃ | ᠪᠤᠷᠤᠨᠢᠳᠤᠨ᠂ ᠰᠤᠷᠭᠠᠭᠤᠯᠢ ᠰᠤᠶᠤᠯ ᠤᠨ ᠮᠦᠷ ᠢ ᠳᠤᠨᠳᠠᠭᠤᠷ ᠬᠦᠭᠡᠭᠡᠵᠦ ᠬᠡᠨᠡᠳᠳᠡ ᠨᠢᠭᠡ ᠡᠳᠦᠷ ᠠᠯᠠᠭ᠎ᠠ | ᠪᠤᠯᠵᠠᠢ᠃ ᠬᠡᠵᠢᠶ᠎ᠠ ᠰᠡᠬᠦᠯ ᠳᠤ ᠨᠢ ᠬᠦᠮᠪᠤᠮ ᠬᠡᠶᠢᠳ ᠲᠤ ᠨᠤᠮ ᠰᠤᠷᠴᠦ ᠪᠠᠶᠢᠭ᠎ᠠ ᠬᠡᠳᠡᠭ ᠢ ᠰᠤᠨᠤᠰᠤᠭᠠᠳ | ᠬᠡᠷ ᠤᠨ ᠬᠦᠮᠦᠰ ᠨᠢ ᠰᠠᠨᠠᠭ᠎ᠠ ᠠᠮᠠᠷᠠᠭᠰᠠᠨ ᠠᠵᠢ᠃ ᠬᠡᠳᠦᠨ ᠵᠢᠯ ᠤᠨ ᠬᠢᠨᠢ ᠳᠠᠷᠠᠭ᠎ᠠ᠂ ᠬᠤᠷᠤᠭ᠎ᠠ ᠪᠠᠯᠭᠠᠰᠤᠨ ᠳᠠᠬᠢ | ᠭᠠᠨᠵᠤᠤᠷ ᠰᠦᠮ᠎ᠡ ᠵᠠᠰᠠᠭᠳᠠᠵᠦ᠂ ᠬᠤᠰᠢᠭᠤᠨ ᠤ ᠱᠠᠰᠢᠨ ᠰᠤᠷᠳᠠᠬᠤᠨ ᠤ ᠬᠠᠮᠢᠶ᠎ᠠ ᠲᠠᠢ ᠨᠢᠭᠡᠴᠡ ᠠᠴᠠ | ᠪᠤᠷᠤᠨᠢᠳᠤᠨ ᠢ ᠭᠠᠨᠵᠤᠤᠷ ᠰᠦᠮ᠎ᠡ ᠶᠢᠨ ᠱᠠᠪᠷᠤᠩ ᠬᠡᠭᠡᠨ ᠢᠶᠠᠷ ᠵᠠᠯᠠᠵᠦ ᠠᠪᠴᠢᠷᠠᠪᠠ᠃ | ᠡᠶᠢᠨᠬᠦ ᠪᠤᠷᠤᠨᠢᠳᠤᠨ ᠬᠤᠷᠤᠭ᠎ᠠ ᠪᠠᠯᠭᠠᠰᠤᠨ ᠳᠠᠬᠢ ᠬᠠᠮᠤᠭ ᠤᠨ ᠬᠦᠨᠳᠦᠳᠠᠢ ᠬᠦᠮᠦᠨ ᠪᠤᠯᠵᠦ ᠬᠠᠷ᠎ᠠ | ᠳᠡᠷᠢᠬᠦᠳᠡᠳ ᠳᠡᠬᠦᠨ ᠳᠤ ᠢᠷᠠᠵᠦ ᠮᠦᠷᠬᠦᠨ᠎ᠠ᠃ ᠮᠦᠷᠬᠦᠯ ᠬᠢᠵᠦ ᠪᠠᠶᠢᠭ᠎ᠠ ᠰᠦᠰᠦᠭᠳᠡᠳ ᠤᠨ ᠳᠤᠳᠤᠷ᠎ᠠ ᠵᠢᠷ ᠤᠨ | ᠢᠷᠭᠡᠳ᠂ ᠵᠡᠷᠭᠡ ᠪᠠᠨ ᠠᠬᠢᠭᠤᠯᠬᠤ ᠬᠡᠰᠡᠨ ᠳᠤᠰᠢᠶᠠᠯᠳᠠᠨ᠂ ᠮᠦᠡᠭᠬᠦ ᠠᠬᠤᠶᠢᠯᠠᠬᠤ ᠷᠢᠳᠢ ᠬᠦᠰᠡᠭᠴᠢᠳ ᠬᠡᠳ ᠯᠠ | ᠶᠢᠷᠳᠢᠨᠴᠦ ᠶᠢᠨ ᠶᠢᠰᠦᠨ ᠰᠢᠳᠢ ᠶᠢᠨ ᠬᠦᠮᠦᠰ ᠪᠠᠶᠢᠯᠴᠠᠨ᠎ᠠ᠃ | ᠨᠠᠷᠠ ᠪᠢᠳᠡᠬᠦᠦ ᠨᠢᠭᠡᠨ ᠦᠷᠯᠦᠭᠡ᠂ ᠪᠤᠷᠤᠨᠢᠳᠤᠨ ᠰᠦᠮ᠎ᠡ ᠶᠢᠨ ᠡᠬᠦᠳᠡ ᠪᠠᠨ ᠨᠡᠭᠡᠭᠡᠬᠦ ᠳᠤ ᠳᠡᠬᠦᠨ ᠤ | ᠪᠠᠭ᠎ᠠ ᠶᠢᠨ ᠨᠠᠶᠢᠵᠠ ᠢᠰᠢᠭᠡᠳᠠᠢ ᠮᠦᠷᠬᠦᠯ ᠬᠢᠬᠦ ᠪᠠᠷ ᠢᠷᠡᠭᠡᠳ ᠬᠦᠯᠢᠶᠠᠨ ᠵᠤᠭᠰᠤᠵᠦ ᠪᠠᠶᠢᠪᠠ᠃ ᠦᠨᠦ | ᠦᠷᠯᠦᠭᠡ ᠶᠢᠨ ᠠᠩᠬᠠᠨ ᠤ ᠮᠦᠷᠬᠦᠯᠴᠢ ᠨᠢ ᠳᠡᠬᠦᠨ ᠤ ᠤᠨᠠᠭᠠᠨ ᠪᠠᠭ᠎ᠠ ᠶᠢᠨ ᠨᠠᠶᠢᠵᠠ ᠪᠤᠯᠤᠭᠰᠠᠨ ᠳᠤ ᠪᠤᠷᠤᠨᠢᠳᠤᠨ | ᠦᠪᠡᠷ ᠤᠨ ᠡᠷᠭᠡ ᠦᠭᠡᠢ ᠳᠤᠭᠳᠤᠯᠤᠨ ᠪᠠᠶᠠᠷᠯᠠᠭᠰᠠᠨ ᠢ ᠶᠠᠭᠠᠬᠢᠨ᠎ᠠ᠃ ᠮᠦᠷᠬᠦᠯ ᠪᠠᠷᠠᠭᠠᠳ ᠬᠤᠶᠠᠷ ᠨᠠᠶᠢᠵᠠ ᠴᠠᠢ | ᠤᠤᠭᠤᠨ ᠵᠤᠭᠤᠭᠳᠠᠵᠦ ᠰᠠᠭᠤᠪᠠ᠃ | — ᠬᠦᠬᠡᠪᠤᠬᠠ ᠭᠤᠸᠠᠢ ᠰᠠᠶᠢᠨ ᠪᠠᠶᠢᠨ᠎ᠠ ᠦᠦ︖ ᠬᠡᠵᠦ ᠪᠤᠷᠤᠨᠢᠳᠤᠨ ᠠᠰᠠᠭᠤᠯ᠎ᠠ᠃ | — ᠡᠪᠦᠭᠡᠨ ᠬᠠᠨᠭ᠍ᠬᠢ ᠯᠠ ᠰᠠᠭᠤᠵᠦ ᠪᠠᠶᠢᠨ᠎ᠠ᠃ | — ᠡᠪᠦᠭᠡᠨ ᠭᠤᠸᠠᠢ ᠮᠠᠯ ᠵᠠᠷᠤᠬᠤ ᠪᠠᠨ ᠪᠤᠯᠢᠭᠰᠠᠨ ᠪᠢᠵᠠ︖ | — ᠡᠪᠦᠭᠡᠨ ᠪᠠᠰᠠ ᠯᠠ ᠮᠠᠯ ᠵᠠᠷᠤᠵᠦ ᠪᠠᠶᠢᠨ᠎ᠠ᠃ ᠶᠠᠭᠠᠬᠢᠭᠠᠳ ᠬᠡᠪᠠᠯ ᠮᠠᠨ ᠤ ᠳᠡᠨᠳᠡ ᠮᠠᠯ ᠦᠷᠦᠴᠢᠯᠠᠵᠦ | ᠴᠢᠳᠠᠬᠤ ᠬᠦᠮᠦᠨ ᠦᠭᠡᠢ ᠪᠤᠯᠵᠠᠢ᠃ ᠵᠠᠯᠠᠭᠤᠴᠤᠳ ᠮᠢᠬ᠎ᠠ ᠵᠤᠭᠤᠭᠯᠠᠬᠤ ᠶᠢ ᠮᠡᠳᠡᠬᠦ ᠠᠴᠠ ᠪᠢᠰᠢ ᠮᠠᠯ ᠵᠠᠷᠤᠬᠤ | ᠳᠤᠷ᠎ᠠ ᠦᠭᠡᠢ᠃ | ᠢᠰᠢᠭᠡᠳᠠᠢ᠂ ᠬᠦᠬᠡᠪᠤᠬᠠ ᠡᠪᠦᠭᠡᠨ ᠠᠴᠠ ᠮᠠᠯ ᠦᠷᠦᠴᠢᠯᠠᠵᠦ ᠵᠠᠷᠤᠬᠤ ᠶᠢ ᠰᠤᠷᠤᠭᠰᠠᠨ ᠬᠡᠨ᠎ᠡ᠃ ᠳᠡᠭᠡᠭᠡᠳ | ᠠᠮᠢᠳᠤᠷᠠᠬᠤ ᠶᠢᠨ ᠡᠷᠭᠡᠨ ᠳᠤ ᠢᠰᠢᠭᠡᠳᠠᠢ ᠬᠤᠷᠤᠭ᠎ᠠ ᠪᠠᠯᠭᠠᠰᠤᠨ᠎ᠠ ᠨᠡᠬᠦᠵᠦ ᠢᠷᠡᠭᠡᠳ ᠪᠠᠭᠠᠬᠠᠨ ᠬᠡᠷ | ᠳᠦᠷᠢᠶᠠᠰᠤᠯᠠᠵᠦ ᠮᠠᠯ ᠵᠠᠷᠤᠨ ᠮᠢᠬ᠎ᠠ ᠬᠤᠳᠠᠯᠳᠤᠵᠦ ᠠᠮᠢ ᠵᠢᠭᠤᠵᠦ ᠪᠠᠶᠢᠭ᠎ᠠ ᠶᠤᠮ ᠪᠠᠶᠢᠨ᠎ᠠ᠃ ᠪᠤᠷᠤᠨᠢᠳᠤᠨ | ᠳᠠᠬᠢᠭᠠᠳ ᠳᠡᠬᠦᠨ ᠲᠠᠢ ᠶᠠᠷᠢᠯᠴᠠᠬᠤ ᠳᠤᠷ᠎ᠠ ᠦᠭᠡᠢ ᠪᠤᠯᠵᠦ᠂ ᠦᠨᠦᠳᠦᠷ ᠤᠨ ᠠᠩᠬᠠᠨ ᠤ ᠮᠦᠷᠬᠦᠯᠴᠢ ᠪᠠᠨ | ᠦᠳᠡᠨ ᠮᠤᠷᠳᠠᠭᠤᠯᠵᠦ ᠪᠢᠯᠡ᠃ | ᠳᠡᠬᠦᠨ ᠠᠴᠠ ᠬᠤᠶᠢᠰᠢ ᠡᠨᠡ ᠬᠤᠶᠠᠷ ᠪᠠᠭ᠎ᠠ ᠶᠢᠨ ᠠᠨᠳᠠ ᠨᠢᠭᠡ ᠨᠢᠭᠡᠨ ᠳᠤ ᠪᠠᠨ ᠳᠡᠳᠦᠢ ᠯᠠ ᠬᠡᠷᠡᠭᠰᠡᠬᠦ | ᠦᠭᠡᠢ ᠶᠢᠨ ᠰᠢᠯᠳᠠᠭ ᠢᠶᠠᠷ ᠵᠢᠯ ᠰᠢᠬᠠᠮ ᠠᠭᠤᠯᠵᠠᠭᠰᠠᠨ ᠦᠭᠡᠢ ᠶᠠᠪᠤᠯ᠎ᠠ᠃ ᠬᠠᠷᠢᠨ᠂ ᠬᠠᠪᠤᠷ ᠤᠨ ᠡᠬᠢ ᠪᠠᠷ | ᠪᠤᠷᠤᠨᠢᠳᠤᠨ ᠱᠠᠰᠢᠨ ᠤᠨ ᠳᠠᠯ᠎ᠠ ᠶᠢᠨ ᠳᠦᠯᠦᠭᠡᠯᠡᠭᠴᠢ ᠶᠢᠨ ᠬᠤᠪᠢ ᠪᠠᠷ ᠬᠤᠰᠢᠭᠤᠨ ᠤ ᠤᠯᠤᠰ ᠳᠦᠷᠦ ᠶᠢᠨ | ᠵᠦᠪᠯᠡᠯᠭᠡᠨ ᠤ ᠬᠡᠰᠢᠬᠦᠨ ᠪᠤᠯᠵᠦ ᠬᠤᠷᠠᠯ ᠳᠤ ᠤᠷᠤᠯᠴᠠᠬᠤ ᠳᠤ ᠪᠠᠨ ᠢᠰᠢᠭᠡᠳᠠᠢ ᠲᠠᠢ ᠠᠭᠤᠯᠵᠠᠭᠰᠠᠨ ᠶᠤᠮ᠃ | ᠢᠰᠢᠭᠡᠳᠠᠢ ᠬᠤᠳᠠ ᠤᠷᠤᠵᠦ ᠦᠢᠯᠡᠰ ᠪᠦᠳᠦᠭᠡᠭᠰᠡᠨ ᠮᠠᠯᠴᠢᠨ ᠤ ᠬᠤᠪᠢ ᠪᠠᠷ ᠳᠤᠰ ᠬᠤᠷᠠᠯ ᠳᠤ ᠤᠷᠤᠯᠴᠠᠵᠦ | ᠪᠠᠶᠢᠭ᠎ᠠ ᠶᠤᠮ ᠬᠡᠨ᠎ᠡ᠃ ᠢᠰᠢᠭᠡᠳᠠᠢ ᠶᠢᠨ ᠬᠡᠶᠢᠮᠤᠷᠢ ᠮᠠᠨᠳᠤᠵᠦ ᠳᠦᠷᠦᠯ ᠵᠦᠢᠯ ᠤᠯᠤᠭᠠᠳ ᠤᠯᠠᠭᠠᠨ ᠢᠳᠡᠭᠡᠨ | ᠪᠤᠯᠪᠠᠰᠤᠷᠠᠭᠤᠯᠬᠤ ᠦᠢᠯᠡᠳᠪᠦᠷᠢ ᠲᠠᠢ ᠪᠤᠯᠵᠦ ᠤᠷᠤᠯᠭ᠎ᠠ ᠨᠢ ᠴᠤ ᠶᠡᠭᠡ ᠰᠠᠶᠢᠨ ᠬᠡᠨ᠎ᠡ᠃ | — ᠶᠠᠭᠠᠬᠢᠵᠦ ᠦᠢᠯᠡᠳᠪᠦᠷᠢᠯᠡᠳᠡᠭ ᠪᠤᠢ︖ ᠬᠡᠵᠦ ᠪᠤᠷᠤᠨᠢᠳᠤᠨ ᠭᠠᠶᠢᠬᠠᠨ ᠠᠰᠠᠭᠤᠯ᠎ᠠ᠃ | — ᠦᠢᠯᠡᠳᠪᠦᠷᠢ ᠳᠤ ᠤᠳᠤ ᠬᠤᠨᠢ ᠶᠢ ᠦᠷᠦᠴᠢᠯᠠᠵᠦ ᠵᠠᠷᠤᠬᠤ ᠪᠠᠨ ᠪᠤᠯᠢᠭᠰᠠᠨ᠂ ᠠᠯᠠᠭᠠᠴᠢ ᠬᠡᠳᠡᠭ | ᠳᠤᠰᠬᠠᠢ ᠬᠦᠮᠦᠨ ᠵᠠᠷᠤᠵᠦ ᠪᠠᠶᠢᠨ᠎ᠠ᠃ ᠬᠤᠨᠢ ᠶᠢ ᠨᠢᠭᠡ ᠨᠢᠭᠡ ᠪᠠᠷ ᠦᠷᠦᠴᠢᠯᠠᠵᠦ ᠵᠠᠷᠤᠬᠤ ᠬᠡᠭᠴᠢ ᠶᠠᠷᠰᠢᠭ ᠲᠠᠢ | ᠮᠦᠷᠳᠡᠭᠡᠨ ᠦᠢᠯᠡᠳᠪᠦᠷᠢ ᠶᠢᠨ ᠠᠷᠭ᠎ᠠ ᠬᠡᠯᠪᠡᠷᠢ ᠲᠠᠢ ᠵᠤᠬᠢᠴᠠᠬᠤ ᠦᠭᠡᠢ᠂ ᠳᠠᠬᠢᠭᠠᠳ ᠬᠡᠯᠡᠪᠠᠯ ᠦᠷᠦᠴᠢᠯᠠᠵᠦ | ᠴᠢᠳᠠᠬᠤ ᠬᠦᠮᠦᠨ ᠴᠤ ᠦᠭᠡᠢ ᠪᠤᠯᠵᠠᠢ᠃ | — ᠠᠯᠠᠭᠠᠴᠢ ᠬᠡᠳᠡᠭ ᠴᠢᠨᠢ ᠬᠡᠨ ᠪᠤᠢ︖ | — ᠬᠤᠨᠢᠨ ᠤ ᠬᠤᠭᠤᠯᠠᠢ ᠤᠭᠳᠤᠯᠳᠠᠭ ᠳᠤᠰᠬᠠᠢ ᠬᠦᠮᠤᠨ ᠪᠤᠢ᠃ ᠮᠠᠨ ᠤ ᠦᠢᠯᠡᠳᠪᠦᠷᠢ ᠤᠳᠤ ᠡᠳᠦᠷ ᠲᠤ | ᠬᠡᠳᠦᠨ ᠵᠠᠭᠤᠨ ᠬᠤᠨᠢ ᠳᠦᠬᠦᠭᠡᠷᠴᠦ ᠴᠢᠳᠠᠬᠤ ᠴᠢᠳᠠᠮᠵᠢ ᠲᠠᠢ ᠪᠤᠯᠤᠭᠰᠠᠨ᠃ ᠶᠠᠷᠤᠨᠢ ᠳᠠᠨ ᠲᠠᠢ ᠨᠢᠭᠡ ᠠᠭᠤᠯᠵᠠᠶ᠎ᠠ | ᠬᠡᠵᠦ ᠪᠤᠳᠤᠵᠦ ᠪᠠᠶᠢᠭᠰᠠᠨ ᠶᠤᠮ᠂ ᠠᠮᠵᠢᠪᠦᠷᠢ ᠮᠠᠭᠤᠳᠠᠢ ᠪᠤᠯᠤᠭᠠᠳ ᠡᠳᠦᠢ ᠬᠦᠷᠴᠢᠭᠡᠯᠡ᠃ ᠡᠳᠦᠷ ᠲᠤ ᠬᠡᠳᠦᠨ | ᠵᠠᠭᠤᠨ ᠠᠮᠢ ᠬᠤᠷᠤᠭᠠᠵᠦ ᠪᠠᠶᠢᠨ᠎ᠠ᠂ ᠡᠶᠢᠮᠤ ᠠᠴᠠ ᠪᠠᠭ᠎ᠠ ᠶᠢᠨ ᠠᠨᠳᠠ ᠮᠢᠨᠢ ᠬᠦᠴᠦᠳᠠᠢ ᠨᠤᠮ ᠤᠡᠭᠰᠢᠵᠦ ᠡᠳᠡᠭᠡᠷ | ᠠᠮᠢᠨ ᠤ ᠰᠦᠨᠡᠰᠦ ᠨᠤᠭᠤᠳ ᠢ ᠵᠦᠪ ᠤᠷᠤᠨ ᠲᠤᠨᠢ ᠵᠠᠯᠠᠵᠦ ᠨᠠᠳᠠ ᠳᠤ ᠬᠤᠷᠠᠵᠦ ᠮᠡᠳᠡᠬᠦ ᠨᠢᠬᠦᠯ ᠤᠳ ᠢ | ᠠᠷᠢᠯᠭᠠᠵᠦ ᠦᠭᠬᠦ ᠪᠤᠯᠪᠠᠦ︕ | — ᠪᠢ ᠠᠷᠠᠢ ᠳᠡᠭᠡᠵᠦ ᠴᠢᠳᠠᠬᠤ ᠦᠭᠡᠢ ᠪᠠᠶᠢᠬᠤ᠂ ᠳᠡᠶᠢᠮᠤ ᠳᠡᠬᠦᠰ ᠴᠢᠳᠠᠪᠦᠷᠢ ᠬᠡᠵᠦ ᠨᠡᠳᠠ ᠳᠤ ᠦᠭᠡᠢ︕ | — ᠶᠠᠭᠤ ᠴᠤ ᠬᠡᠰᠡᠨ ᠮᠢᠨᠤ ᠳᠦᠯᠦᠭᠡ ᠨᠤᠮ ᠤᠡᠭᠰᠢᠵᠦ ᠪᠠᠶᠢᠭᠠᠷᠠᠢ᠂ ᠪᠢ ᠦᠭᠯᠢᠭᠡ ᠶᠢ ᠨᠢ ᠭᠤᠮᠤᠳᠠᠭᠠᠯ | ᠦᠭᠡᠢ ᠰᠠᠶᠢᠨ ᠦᠭᠬᠦᠨ᠎ᠠ᠃ | — ᠳᠠᠨ ᠤ ᠬᠢᠨ ᠶᠤᠰᠤ ᠨᠤᠮ ᠲᠠᠢ ᠤᠯᠤᠰ ᠰᠢᠥ︕ ᠬᠡᠳᠡᠯ᠎ᠡ ᠳᠠᠨ ᠠᠴᠠ ᠴᠢᠰᠤᠨ ᠤ ᠦᠨᠦᠷ ᠬᠠᠨᠭ᠍ᠬᠤᠯᠵᠦ | ᠪᠠᠶᠢᠬᠤ ᠰᠢᠭ︕ | — ᠠᠷᠠᠢ ᠦᠭᠡᠢ ᠪᠠᠶᠢᠬ᠎ᠠ᠂ ᠪᠢ ᠶᠡᠭᠡᠨᠭᠬᠢ ᠳᠤ ᠪᠠᠨ ᠦᠢᠯᠡᠳᠪᠦᠷᠢ ᠳᠤ ᠪᠤᠰᠤ ᠠᠯᠪᠠᠨ ᠬᠡᠷ ᠲᠤ ᠠᠵᠢᠯᠯᠠᠳᠠᠭ | ᠪᠤᠯᠬᠤᠷ ᠴᠢᠰᠤ ᠨᠦᠵᠢ ᠲᠠᠢ ᠬᠠᠪᠢᠳᠠᠳᠠᠭ ᠦᠭᠡᠢ᠂ ᠦᠷᠯᠦᠭᠡ ᠪᠠᠰᠠ ᠪᠡᠶ᠎ᠡ ᠪᠠᠨ ᠤᠬᠢᠶᠠᠭᠠᠳ ᠭᠠᠷᠴᠦ ᠢᠷᠡᠭᠰᠡᠨ | ᠶᠤᠮ ᠯᠠ ᠳ᠋ᠠ᠃ | ᠢᠰᠢᠭᠡᠳᠠᠢ ᠳᠠᠩᠭᠠᠶᠢᠨ ᠰᠠᠭᠤᠵᠦ ᠦᠨᠳᠦᠷ ᠳᠠᠭᠤ ᠪᠠᠷ ︽ᠮᠢᠨᠤ ᠳᠦᠯᠦᠭᠡ ᠨᠤᠮ ᠤᠡᠭᠰᠢᠵᠦ ᠪᠠᠢ︾ ᠬᠡᠳᠡᠭ | ᠦᠭᠡ ᠪᠠᠨ ᠳᠠᠬᠢᠨᠳᠠ ᠬᠡᠯᠡᠭᠰᠡᠨ ᠢᠶᠠᠨ ᠪᠤᠰᠤᠭᠠᠳ ᠡᠮᠤᠨ᠎ᠠ ᠬᠠᠪᠢ ᠪᠠᠷ ᠰᠠᠭᠤᠳᠠᠯ ᠡᠷᠢᠨ ᠰᠠᠭᠤᠪᠠ᠃ | ᠪᠤᠷᠤᠨᠢᠳᠤᠨ ᠬᠦᠨ ᠤᠶᠢᠮᠤᠷᠠᠯ ᠳᠤ ᠠᠪᠳᠠᠨ ᠬᠤᠷᠠᠯ ᠤᠨ ᠡᠬᠢᠯᠠᠯᠳᠠ ᠳᠤ ᠶᠠᠭᠤ ᠶᠠᠷᠢᠭᠰᠠᠨ ᠢ ᠠᠩᠵᠠᠭᠠᠷᠠᠭᠰᠠᠨ | ᠦᠭᠡᠢ᠃ ᠬᠤᠷᠠᠯ ᠳᠦᠷ ᠵᠠᠪᠰᠠᠷᠯᠠᠬᠤ ᠳᠤ ᠳᠡᠷᠡᠪᠡᠷ ᠠᠳᠡ ᠠᠴᠠ ᠭᠠᠷᠴᠦ ᠪᠠᠨᠳᠢ ᠠᠴᠠ ᠪᠠᠨ ᠨᠢᠭᠡ ᠶᠢ | ᠳᠠᠭᠤᠳᠠᠭᠠᠳ ᠬᠤᠶᠠᠭᠤᠯᠠ ᠢᠰᠢᠭᠡᠳᠠᠢ ᠶᠢᠨ ᠬᠦᠢᠳᠡᠨ ᠬᠦᠮᠦᠷᠭᠡ ᠶᠢ ᠴᠢᠭᠯᠡᠪᠠ᠃ | ᠵᠡᠭᠡᠯᠢ ᠳᠡᠭᠡᠷ᠎ᠡ ᠠᠳᠡ ᠳᠡᠨᠳᠡ ᠦᠭᠡᠢ ᠮᠠᠯ ᠨᠢᠳᠤᠯᠠᠬᠤ ᠨᠢ ᠬᠠᠷᠠᠭᠳᠠᠨ᠎ᠠ᠃ ᠨᠢᠭᠡ ᠬᠤᠨᠢᠨ ᠤ ᠠᠷᠠᠰᠦ ᠶᠢ ᠨᠢ | ᠳᠡᠯᠡᠵᠦ ᠬᠡᠨᠭᠬᠦᠳᠡᠭ ᠢ ᠨᠢ ᠢᠷᠠᠨ ᠪᠠᠶᠢᠳᠠᠭ ᠢ ᠨᠢ ᠭᠠᠷᠭᠠᠵᠦ ᠪᠠᠶᠢᠬᠤ ᠳᠤ ᠬᠠᠵᠠᠭᠤ ᠳᠤ ᠨᠢ ᠤᠶᠠᠭ᠎ᠠ ᠲᠠᠢ | ᠪᠠᠶᠢᠭᠰᠠᠨ ᠬᠤᠨᠢ ᠨᠢᠳᠤ ᠨᠢ ᠪᠦᠯᠳᠡᠶᠢᠴᠢᠭᠡᠭᠰᠡᠨ ᠮᠠᠶᠢᠯᠠᠵᠦ ᠵᠤᠭᠰᠤᠨ᠎ᠠ᠃ ᠬᠠᠷᠠᠴᠠ ᠪᠤᠷᠤᠭᠤᠯᠤᠨ ᠰᠢᠷᠤᠬᠦᠭᠡᠨ | ᠠᠯᠬᠤᠵᠦ ᠪᠠᠶᠢᠭᠰᠠᠨ ᠪᠤᠷᠤᠨᠢᠳᠤᠨ ᠵᠡᠭᠡᠯᠢ ᠶᠢᠨ ᠬᠠᠵᠠᠭᠤ ᠳᠠᠬᠢ ᠴᠢᠰᠤ ᠲᠠᠢ ᠪᠠᠷᠢᠯᠳᠤᠨ ᠬᠦᠯᠳᠡᠭᠰᠡᠨ ᠮᠦᠰᠦᠨ | ᠳᠡᠭᠡᠷ᠎ᠡ ᠬᠠᠯᠳᠤᠷᠢᠵᠦ ᠤᠨᠠᠭᠰᠠᠨ ᠳᠤ ᠪᠠᠨᠳᠢ ᠨᠢ ᠳᠡᠬᠦᠨ ᠢ ᠳᠦᠰᠢᠵᠦ ᠪᠤᠰᠬᠠᠯ᠎ᠠ᠃ | ᠢᠰᠢᠭᠡᠳᠠᠢ ᠶᠢᠨ ᠬᠦᠢᠳᠡᠨ ᠬᠦᠮᠦᠷᠭᠡ ᠶᠢᠨ ᠭᠠᠳᠠᠨ᠎ᠠ ᠮᠠᠯ ᠳᠡᠭᠡᠭᠡᠭᠰᠡᠨ ᠳᠡᠷᠭᠡ ᠪᠠᠭᠠᠷᠴᠤᠭᠯᠠᠵᠦ ᠬᠤᠨᠢ ᠦᠭᠡᠷ | ᠮᠠᠶᠢᠯᠠᠵᠦ ᠮᠦᠭᠡᠷᠡᠨ ᠬᠦᠮᠦᠨ ᠬᠠᠷ᠎ᠠ ᠤᠷᠢᠯᠠᠯᠳᠤᠵᠦ ᠤᠴᠢᠷ ᠨᠢ ᠤᠯᠳᠠᠬᠤ ᠦᠭᠡᠢ ᠳᠡᠪᠵᠢᠶᠠᠨ᠃ ᠮᠠᠯ ᠨᠢᠳᠤᠯᠬᠤ | ᠯᠤᠵᠤᠷ ᠳᠤᠮᠤ ᠪᠠᠶᠢᠰᠢᠩ ᠳᠤ ᠳᠤᠭ᠎ᠠ ᠦᠭᠡᠢ ᠤᠯᠠᠨ ᠬᠤᠨᠢ ᠶᠢ ᠰᠢᠬᠢᠷ᠎ᠠ ᠠᠴᠠ ᠨᠢ ᠭᠤᠬᠠᠳᠠᠵᠦ ᠮᠧᠬᠠᠨᠢᠭ | ᠡᠯᠬᠦᠬᠦᠷ ᠠᠴᠠ ᠡᠯᠬᠦᠵᠠᠢ᠃ ᠴᠠᠭᠠᠨ ᠪᠦᠰ ᠢᠶᠠᠷ ᠳᠤᠯᠤᠭᠠᠢ ᠠᠮᠠ ᠬᠠᠮᠠᠷ ᠢᠶᠠᠨ ᠪᠦᠭᠯᠡᠭᠰᠡᠨ ᠴᠤᠯᠤ ᠴᠠᠭᠠᠨ | ᠬᠤᠪᠴᠠᠰᠦ ᠲᠠᠢ ᠨᠢᠭᠡ ᠬᠦᠮᠦᠨ ᠮᠧᠬᠠᠨᠢᠭ ᠡᠯᠬᠦᠬᠦᠷ ᠢᠶᠠᠷ ᠡᠷᠬᠢᠯᠳᠤᠨ ᠢᠷᠡᠬᠦ ᠬᠤᠨᠢ ᠪᠦᠷᠢ ᠶᠢᠨ ᠬᠤᠭᠤᠯᠠᠢ ᠶᠢ ᠢᠷ | ᠨᠢ ᠬᠢᠯᠠᠯᠵᠠᠭᠰᠠᠨ ᠬᠢᠳᠤᠭ᠎ᠠ ᠪᠠᠷ ᠭᠠᠭᠴᠠ ᠵᠦᠰᠦᠭᠡᠳ ᠠᠪᠬᠤ ᠳᠤ ᠳᠠᠷᠠᠭᠠᠴᠢ ᠶᠢᠨ ᠬᠤᠨᠢ ᠨᠢ ᠡᠷᠬᠢᠯᠳᠤᠭᠡᠳ | ᠬᠦᠷᠦᠭᠡᠳ ᠢᠷᠡᠨ᠎ᠡ᠃ ᠬᠤᠭᠤᠯᠠᠢ ᠪᠠᠨ ᠤᠭᠳᠤᠯᠤᠭᠤᠯᠤᠭᠰᠠᠨ ᠬᠤᠨᠢ ᠮᠧᠬᠠᠨᠢᠭ ᠤᠨ ᠬᠦᠴᠦ ᠪᠠᠷ ᠴᠢᠰᠤ ᠪᠠᠨ | ᠭᠤᠭᠤᠵᠢᠭᠤᠯᠤᠨ ᠴᠠᠰᠢ ᠬᠦᠷᠬᠦ ᠳᠤ ᠬᠤᠶᠠᠷ ᠬᠦᠮᠦᠨ ᠭᠤᠤᠯ ᠨᠢ ᠳᠠᠰᠤᠷᠠᠭ᠎ᠠ ᠦᠭᠡᠢ ᠠᠮᠢᠳᠠᠨ ᠤ ᠠᠷᠠᠰᠤ ᠶᠢ ᠨᠢ | ᠬᠠᠥ ᠳᠠᠳᠠᠵᠦ ᠪᠠᠶᠢᠪᠠ᠃ | ᠰᠢᠬᠢᠷ᠎ᠠ ᠶᠢᠨ ᠰᠢᠷᠪᠤᠰᠤ ᠳᠠᠰᠤᠷᠠᠵᠦ ᠨᠢᠭᠡ ᠬᠤᠨᠢ ᠬᠠᠷᠠᠯᠠᠨ ᠤᠷᠤᠰᠬᠤ ᠴᠢᠰᠤᠨ ᠤ ᠳᠤᠮᠳᠠ ᠤᠨᠠᠪᠠ᠃ | ᠤᠨᠠᠭᠰᠠᠨ ᠬᠤᠨᠢ ᠳᠡᠯᠴᠢᠯᠠᠨ ᠪᠤᠰᠤᠭᠰᠠᠨ ᠪᠤᠯᠪᠠᠴᠦ ᠬᠦᠯ ᠨᠢ ᠴᠡᠴᠡᠷᠡᠭᠡᠳ ᠠᠯᠬᠤᠵᠦ ᠴᠢᠳᠠᠭᠰᠠᠨ ᠦᠭᠡᠢ᠂ ᠬᠠᠷᠢᠨ | ᠪᠤᠷᠤᠨᠢᠳᠤᠨ ᠢ ᠬᠠᠷᠠᠭᠠᠳ ᠮᠠᠶᠢᠯᠠᠵᠦ ᠠᠪᠬᠤ ᠳᠤ ᠪᠤᠷᠤᠨᠢᠳᠤᠨ ᠤ ᠡᠪᠦᠳᠦᠭ ᠴᠦ ᠴᠡᠴᠡᠷᠡᠵᠦ ᠨᠢᠳᠤ ᠨᠢ ᠬᠠᠷᠠᠯᠠᠭᠠᠳ | ᠶᠠᠪᠤᠴᠢᠬᠠᠯ᠎ᠠ᠃ | ᠪᠤᠷᠤᠨᠢᠳᠤᠨ ᠳᠠᠷᠤᠶᠢᠬᠠᠨ ᠰᠦᠮ᠎ᠡ ᠳᠤ ᠪᠠᠨ ᠬᠠᠷᠢᠵᠦ ᠤᠬᠢᠶᠠᠯ ᠬᠢᠭᠡᠳ᠂ ᠦᠳᠡ ᠶᠢᠨ ᠬᠤᠶᠢᠨ᠎ᠠ ᠨᠢ | ᠰᠦᠮ᠎ᠡ ᠶᠢᠨ ᠪᠦᠬᠦ ᠯᠠᠮᠠ ᠵᠢᠴᠢ ᠬᠡᠰᠡᠭ ᠮᠦᠷᠬᠦᠯᠴᠢᠨ ᠤᠷᠤᠯᠴᠠᠭᠰᠠᠨ ᠬᠤᠷᠠᠯ ᠬᠤᠷᠠᠯᠳᠤᠵᠦ ᠪᠦᠷᠦᠢ ᠪᠤᠯᠳᠠᠯ᠎ᠠ | ᠨᠠᠮᠠᠨᠴᠢᠯᠠᠪᠠ᠃ ᠰᠦᠨᠢ ᠨᠢ ᠪᠤᠷᠤᠨᠢᠳᠤᠨ ᠤᠯᠤᠰ ᠳᠦᠷᠦ ᠶᠢᠨ ᠵᠦᠪᠯᠡᠯᠭᠡᠨ ᠤ ᠬᠡᠰᠢᠬᠦᠨ ᠤ ᠰᠠᠨᠠᠯ ᠳᠤᠷᠠᠳᠤᠯᠭ᠎ᠠ ᠪᠠᠨ | ᠪᠢᠴᠢᠵᠦ᠂ ᠰᠠᠨᠠᠯ ᠳᠤᠷᠠᠳᠤᠯᠭ᠎ᠠ ᠳᠤ ᠪᠠᠨ ︽ᠵᠡᠭᠡᠯᠢ ᠳᠦᠬᠦᠷᠠᠩ ᠴᠢᠰᠤ ᠨᠦᠵᠢ ᠤᠷᠤᠰᠬᠠᠨ ᠬᠡᠥᠭᠡᠳ | ᠪᠠᠭᠠᠴᠤᠳ ᠤᠨ ᠤᠢ ᠤᠬᠠᠭᠠᠨ ᠳᠤ ᠭᠭᠢᠷ ᠰᠠᠭᠤᠯᠭᠠᠵᠦ᠂ ᠪᠤᠷᠤᠭᠤ ᠠᠯᠠᠯᠭ᠎ᠠ ᠨᠢᠳᠤᠯᠭᠠ ᠬᠦᠮᠦᠨ ᠠᠮᠢᠳᠠᠨ ᠤ | ᠰᠡᠳᠬᠢᠯ ᠢ ᠰᠡᠪᠳᠦᠭᠡᠪᠡ︾ ᠬᠡᠳᠡᠭ ᠰᠡᠳᠦᠪ ᠢᠶᠠᠷ ᠵᠡᠭᠡᠯᠢ ᠳᠡᠭᠡᠷ᠎ᠡ ᠬᠠᠷᠠᠭᠰᠠᠨ ᠵᠢᠴᠢ ᠢᠰᠢᠭᠡᠳᠠᠢ ᠶᠢᠨ ᠬᠦᠢᠳᠡᠨ | ᠬᠦᠮᠦᠷᠭᠡ ᠳᠠᠬᠢ ᠪᠤᠳᠠᠳᠤ ᠪᠠᠶᠢᠳᠠᠯ ᠢᠶᠠᠷ ᠵᠢᠱᠢᠶ᠎ᠠ ᠪᠤᠯᠭᠠᠵᠦ ᠨᠠᠯᠢᠶᠠᠳ ᠬᠦᠨ ᠦᠬᠦᠯᠡᠭᠡᠳ ᠬᠡᠰᠢᠬᠦᠨ ᠤ ᠬᠤᠷᠠᠯ ᠳᠤ | ᠳᠤᠰᠢᠶᠠᠪᠠ᠃ | ᠪᠤᠷᠤᠨᠢᠳᠤᠨ ᠤ ᠡᠨᠡᠬᠦ ᠰᠠᠨᠠᠯ ᠳᠤᠷᠠᠳᠤᠯᠭ᠎ᠠ ᠳᠡᠷᠤᠢ ᠳᠤ ᠪᠠᠨ ᠨᠡᠶᠢᠭᠡᠮ ᠨᠡᠶᠢᠳᠡ ᠳᠤ ᠴᠢᠩᠭ᠎ᠠ ᠳᠤᠰᠬᠠᠯ | ᠭᠠᠷᠴᠦ᠂ ᠤᠯᠤᠰ ᠳᠦᠷᠦ ᠶᠢᠨ ᠵᠦᠪᠯᠡᠯᠭᠡᠨ ᠪᠤᠯᠤᠨ ᠵᠠᠰᠠᠭ ᠤᠨ ᠤᠷᠳᠤᠨ ᠠᠴᠠ ᠬᠤᠳᠠ ᠶᠢᠨ ᠪᠦᠳᠦᠭᠡᠨ | ᠪᠠᠶᠢᠭᠤᠯᠤᠯᠳᠠ ᠶᠢᠨ ᠳᠤᠪᠴᠢᠶ᠎ᠠ ᠳᠤ ᠡᠨᠡ ᠬᠦ ᠦᠢᠯᠡ ᠬᠡᠷᠡᠭ ᠢ ᠳᠠᠭᠠᠭᠠᠨ ᠰᠢᠢᠳᠪᠦᠷᠢᠯᠡᠬᠦᠯᠬᠦ ᠪᠠᠷ ᠪᠤᠯᠵᠦ᠂ ᠬᠤᠳᠠ | ᠶᠢᠨ ᠪᠦᠳᠦᠭᠡᠨ ᠪᠠᠶᠢᠭᠤᠯᠤᠯᠳᠠ ᠶᠢᠨ ᠳᠤᠪᠴᠢᠶ᠎ᠠ ᠨᠢᠭᠡ ᠯᠠ ᠭᠠᠷᠠᠭ ᠤᠨ ᠳᠤᠳᠤᠷ᠎ᠠ ᠵᠡᠭᠡᠯᠢ ᠳᠡᠭᠡᠷ᠎ᠡ ᠮᠠᠯ ᠨᠢᠳᠤᠯᠬᠤ | ᠶᠢ ᠴᠠᠭᠠᠵᠠᠯᠠᠵᠦ ᠴᠢᠰᠤ ᠨᠦᠵᠢᠨ ᠤ ᠤᠷᠤᠮ ᠦᠭᠡᠢ ᠪᠤᠯᠳᠠᠯ᠎ᠠ ᠴᠡᠪᠡᠷᠯᠠᠪᠠ᠃ ᠢᠷᠡᠬᠦ ᠵᠢᠯ ᠠᠴᠠ ᠪᠠᠯᠭᠠᠰᠤᠨ ᠤ | ᠳᠡᠬᠦᠷᠭᠡ ᠳᠤ ᠮᠠᠯ ᠨᠢᠳᠤᠯᠬᠤ ᠳᠤᠰᠬᠠᠢ ᠵᠠᠬ᠎ᠠ ᠪᠠᠶᠢᠭᠤᠯᠬᠤ ᠪᠠᠷ ᠪᠠᠶᠢᠭ᠎ᠠ ᠬᠡᠳᠡᠭ ᠢᠶᠠᠨ ᠬᠤᠳᠠ ᠶᠢᠨ ᠪᠦᠳᠦᠭᠡᠨ | ᠪᠠᠶᠢᠭᠤᠯᠤᠯᠳᠠ ᠶᠢᠨ ᠳᠤᠪᠴᠢᠶ᠎ᠠ ᠠᠴᠠ ᠪᠤᠷᠤᠨᠢᠳᠤᠨ ᠳᠤ ᠮᠡᠳᠡᠭᠳᠡᠵᠦ ᠪᠢᠯᠡ᠃ | ᠨᠢᠭᠡ ᠡᠳᠦᠷ ᠪᠤᠷᠤᠨᠢᠳᠤᠨ ᠢᠰᠢᠭᠡᠳᠠᠢ ᠶᠢᠨ ᠤᠳᠠᠰᠤ ᠶᠢ ᠳᠤᠰᠤᠯ᠎ᠠ᠃ | — ᠪᠠᠭ᠎ᠠ ᠶᠢᠨ ᠠᠨᠳᠠ ᠮᠢᠨᠢ︕ ᠮᠢᠨᠤ ᠳᠦᠯᠦᠭᠡ ᠢᠯᠡᠬᠦᠭᠡᠨ ᠨᠤᠮ ᠤᠡᠭᠰᠢᠵᠦ ᠦᠭᠬᠦ ᠪᠤᠯᠪᠠᠦ︕ ᠪᠢ | ᠦᠭᠯᠢᠭᠡ ᠶᠢ ᠴᠢᠮᠠᠯᠠᠯ ᠦᠭᠡᠢ ᠦᠭᠬᠦ ᠪᠠᠷ ᠪᠤᠢ᠃ | — ᠨᠢᠬᠦᠯ ᠤᠨ ᠡᠵᠡᠨ ᠮᠢᠨᠢ︕ ᠬᠡᠵᠦ ᠪᠤᠷᠤᠨᠢᠳᠤᠨ ᠦᠪᠡᠷ ᠤᠨ ᠡᠷᠭᠡ ᠦᠭᠡᠢ ᠦᠬᠦᠯᠡᠪᠠ᠃ | — ᠠᠷᠭ᠎ᠠ ᠦᠭᠡᠢ ᠰᠢᠥ ᠳ᠋ᠠ᠂ ᠪᠢ ᠴᠤ ᠬᠡᠰᠡᠨ ᠦᠢ ᠤᠯᠠᠨ ᠬᠦᠮᠦᠨ ᠤ ᠳᠦᠯᠦᠭᠡ ᠨᠢᠬᠦᠯ ᠦᠢᠯᠡᠳᠴᠦ | ᠪᠠᠶᠢᠭ᠎ᠠ᠃ | — ᠳᠡᠭᠡᠬᠦ ᠳᠤ ᠬᠤᠨᠢᠨ ᠤ ᠬᠢᠨᠢ ᠳᠡᠷᠭᠡᠳᠡ ᠬᠤᠨᠢ ᠶᠢ ᠨᠢ ᠨᠢᠳᠤᠯᠬᠤ ᠬᠡᠭᠴᠢ ᠬᠡᠳᠦᠯᠵᠦ ᠳᠡᠶᠢᠯᠦᠰᠢ ᠦᠭᠡᠢ | ᠨᠢᠬᠦᠯ ᠶᠤᠮ᠃ | ᠴᠠᠭᠠᠳᠤᠬᠢ ᠶᠢᠨ ᠬᠢᠨᠢ ᠳᠠᠭᠤ ᠬᠡᠨᠡᠳᠳᠡ ᠦᠨᠳᠦᠷ ᠪᠤᠯᠵᠦ | — ᠪᠠᠭ᠎ᠠ ᠶᠢᠨ ᠨᠠᠶᠢᠵᠠ ᠬᠡᠰᠡᠨ ᠢᠶᠠᠷ ᠢᠶᠠᠨ ᠳᠠᠨ ᠳᠤ ᠤᠳᠠᠰᠤᠳᠠᠭᠰᠠᠨ ᠶᠤᠮ᠂ ᠦᠭᠡᠢ ᠪᠤᠯ ᠰᠦᠮ᠎ᠡ | ᠤᠯᠳᠠᠬᠤ ᠯᠠ᠂ ᠴᠢᠮ᠎ᠠ ᠠᠴᠠ ᠶᠡᠭᠡ ᠬᠡᠭᠡᠨ ᠴᠤ ᠪᠠᠶᠢᠬᠤ ᠯᠠ ᠁ ᠬᠡᠳ ᠤᠳᠠᠰᠤ ᠪᠠᠨ ᠬᠠᠭᠠᠪᠠ᠃ | ᠵᠡᠭᠡᠯᠢ ᠳᠡᠭᠡᠷ᠎ᠡ ᠬᠠᠷ᠎ᠠ ᠪᠤᠷᠤ ᠦᠭᠡᠢ ᠴᠡᠪᠡᠷᠭᠡᠨ ᠪᠤᠯᠤᠯ᠎ᠠ᠃ ᠳᠡᠯ ᠰᠤᠯᠠ ᠨᠢᠳᠤᠯᠬᠤ ᠦᠢᠯᠡ ᠶᠢ ᠬᠤᠳᠠ ᠶᠢᠨ | ᠳᠡᠬᠦᠷᠭᠡ ᠳᠠᠬᠢ ᠰᠢᠨᠡᠭᠡᠨ ᠪᠠᠶᠢᠭᠤᠯᠤᠭᠰᠠᠨ ᠳᠤᠮᠤᠬᠠᠨ ᠤᠷᠤᠴᠠᠨ ᠳᠤ ᠳᠦᠪᠯᠡᠷᠡᠬᠦᠯᠪᠠ᠃ ᠪᠤᠷᠤᠨᠢᠳᠤᠨ ᠤ ᠤᠯᠠᠨ | ᠤᠳᠠᠭᠠᠨ ᠤ ᠰᠠᠨᠠᠯ ᠳᠡᠪᠰᠢᠬᠦᠯᠦᠭᠰᠡᠨ ᠤ ᠳ᠋ᠦᠡᠭ ᠳᠤ ᠬᠤᠳᠠ ᠶᠢᠨ ᠪᠦᠳᠦᠭᠡᠨ ᠪᠠᠶᠢᠭᠤᠯᠤᠯᠳᠠ ᠶᠢᠨ ᠳᠤᠪᠴᠢᠶ᠎ᠠ᠂ | ᠱᠠᠰᠢᠨ ᠰᠤᠷᠳᠠᠬᠤᠨ ᠤ ᠳᠤᠪᠴᠢᠶ᠎ᠠ᠂ ᠤᠳᠬ᠎ᠠ ᠤᠷᠠᠯᠢᠭ ᠤᠨ ᠬᠤᠯᠪᠤᠭ᠎ᠠ ᠵᠡᠷᠭᠡ ᠰᠠᠯᠠᠭ᠎ᠠ ᠮᠦᠴᠢᠷ ᠠᠴᠠ | ᠢᠰᠢᠭᠡᠳᠠᠢ ᠶᠢᠨ ᠬᠦᠢᠳᠡᠨ ᠪᠤᠯᠤᠨ ᠮᠠᠯ ᠨᠢᠳᠤᠯᠬᠤ ᠵᠠᠬ᠎ᠠ ᠳᠤ ︽ᠬᠤᠨᠢᠨ ᠤ ᠳᠡᠷᠭᠡᠳᠡ ᠬᠤᠨᠢ ᠶᠢ ᠨᠢ ᠨᠢᠳᠤᠯᠵᠦ | ᠪᠤᠯᠬᠤ ᠦᠭᠡᠢ︾ ᠬᠡᠰᠡᠨ ᠳᠦᠷᠢᠮ ᠳᠤᠭᠳᠠᠭᠠᠵᠦ ᠦᠭᠬᠦᠯ᠎ᠠ᠃ ᠤᠳᠬ᠎ᠠ ᠤᠷᠠᠯᠢᠭ ᠤᠨ ᠬᠤᠯᠪᠤᠭ᠎ᠠ ᠨᠢ ᠵᠠᠩ | ᠦᠢᠯᠡ ᠶᠢᠨ ᠨᠡᠶᠢᠭᠡᠮᠯᠢᠭ ᠤᠨ ᠠᠵᠢᠯ ᠤᠨ ᠳᠠᠯ᠎ᠠ ᠠᠴᠠ ᠡᠨᠡ ᠬᠦ ᠠᠵᠢᠯᠯᠠᠭ᠎ᠠ ᠳᠤ ᠤᠷᠤᠯᠴᠠᠭᠰᠠᠨ ᠶᠤᠮ ᠬᠡᠨ᠎ᠡ᠃ | ᠡᠨᠡ ᠬᠡᠳᠦᠨ ᠰᠠᠯᠠᠭ᠎ᠠ ᠮᠦᠴᠢᠷ ᠤᠨ ᠬᠢᠨ ᠢᠰᠢᠭᠡᠳᠠᠢ ᠶᠢᠨ ᠬᠦᠢᠳᠡᠨ ᠬᠦᠮᠦᠷᠭᠡ ᠳᠤ ᠬᠠᠶᠠ ᠨᠢᠭᠡ ᠬᠦᠷᠴᠦ ᠳᠦᠷᠢᠮ | ᠶᠤᠰᠤᠭᠠᠷ ᠬᠢᠨᠠᠨ ᠪᠠᠶᠢᠴᠠᠭᠠᠯᠳᠠ ᠬᠢᠨ᠎ᠠ᠃ ᠪᠠᠶᠢᠴᠠᠭᠠᠬᠤ ᠪᠦᠯᠬᠦᠮ ᠬᠦᠷᠴᠦ ᠤᠴᠢᠬᠤ ᠰᠤᠷᠠᠭ ᠢᠶᠠᠷ ᠢᠰᠢᠭᠡᠳᠠᠢ ᠶᠢᠨ | ᠬᠦᠢᠳᠡᠨ ᠬᠦᠮᠦᠷᠭᠡ ᠪᠤᠯᠤᠨ ᠮᠢᠬᠠᠨ ᠤ ᠵᠠᠬ᠎ᠠ ᠨᠢ ᠬᠤᠨᠢ ᠶᠢ ᠨᠢᠭᠡ ᠨᠢᠭᠡ ᠪᠠᠷ ᠳᠤᠰᠠᠭᠠᠷ ᠨᠢ ᠳᠦᠬᠦᠭᠡᠷᠴᠦ ᠬᠠᠷᠢᠭᠤ | ᠳᠦᠷᠢᠮ ᠦᠵᠡᠬᠦᠯᠦᠨ᠎ᠠ᠃ ᠪᠠᠶᠢᠴᠠᠭᠠᠬᠤ ᠪᠦᠯᠬᠦᠮ ᠶᠠᠪᠤᠴᠢᠬᠠᠪᠠᠯ ᠳᠤᠤᠷ᠎ᠠ ᠪᠠᠨ ᠭᠠᠥᠯᠢ ᠨᠢ ᠭᠠᠷᠤᠨ᠎ᠠ᠃ | ︽ᠬᠤᠨᠢᠨ ᠤ ᠳᠡᠷᠭᠡᠳᠡ ᠬᠤᠨᠢ ᠶᠢ ᠨᠢ ᠨᠢᠳᠤᠯᠬᠤ ᠪᠤᠯ ᠴᠡᠭᠡᠷ ᠲᠠᠢ ᠶᠠᠪᠤᠳᠠᠯ ᠮᠥᠨ︾ ᠬᠡᠳᠡᠭ ᠰᠠᠨᠠᠯ | ᠳᠤᠷᠠᠳᠤᠯᠭ᠎ᠠ ᠪᠠᠨ ᠪᠤᠷᠤᠨᠢᠳᠤᠨ ᠳᠦᠷᠪᠠᠨ ᠵᠢᠯ ᠳᠠᠷᠠᠭᠠᠯᠠᠨ ᠳᠡᠪᠰᠢᠬᠦᠯᠦᠭᠰᠡᠨ ᠶᠤᠮ᠃ ᠳᠦᠷᠪᠡᠨ ᠵᠢᠯ ᠤᠨ ᠳᠤᠷᠰᠢ | ᠢᠰᠢᠭᠡᠳᠠᠢ ᠬᠢᠳᠡᠭ ᠢᠶᠠᠨ ᠬᠢᠵᠦ ᠤᠯᠳᠠᠭ ᠢᠶᠠᠨ ᠤᠯᠵᠦ᠂ ᠪᠠᠭ᠎ᠠ ᠶᠢᠨ ᠨᠠᠶᠢᠵᠠ ᠪᠤᠷᠤᠨᠢᠳᠤᠨ ᠲᠠᠢ ᠬᠠᠷᠭᠤᠪᠠᠯ | ᠳᠤᠤᠭᠠᠷᠬᠤ ᠶᠢ ᠪᠤᠤ ᠬᠡᠯᠡ ᠬᠠᠷᠠᠵᠦ ᠴᠦ ᠦᠵᠡᠬᠦ ᠦᠭᠡᠢ ᠶᠠᠪᠤᠳᠠᠭ ᠪᠠᠶᠢᠯ᠎ᠠ᠃ | ᠳᠠᠪᠤᠳᠤᠭᠠᠷ ᠵᠢᠯ ᠨᠢ ᠤᠯᠤᠰ ᠳᠦᠷᠦ ᠶᠢᠨ ᠵᠦᠪᠯᠡᠯᠭᠡᠨ ᠳᠤ ᠰᠢᠨ᠎ᠡ ᠳᠡᠷᠢᠬᠦᠯᠡᠭᠴᠢ ᠢᠷᠠᠵᠦ᠂ ᠪᠤᠷᠤᠨᠢᠳᠤᠨ | ᠱᠠᠰᠢᠨ ᠤ ᠳᠦᠯᠦᠭᠡᠯᠡᠭᠴᠢ ᠶᠢᠨ ᠬᠤᠪᠢ ᠪᠠᠷ ᠪᠠᠰᠠ ᠨᠢᠭᠡ ᠬᠤᠭᠤᠴᠠᠭᠠᠨ ᠤ ᠬᠡᠰᠢᠬᠦᠨ ᠢᠶᠠᠷ ᠰᠤᠩᠭᠤᠭᠳᠠᠯ᠎ᠠ᠃ | ᠬᠤᠷᠠᠯ ᠳᠡᠭᠡᠷ᠎ᠡ ᠪᠤᠷᠤᠨᠢᠳᠤᠨ ᠮᠥᠨ ᠯᠠ ᠦᠨᠦ ᠬᠠᠭᠤᠴᠢᠨ ᠰᠠᠨᠠᠯ ᠳᠤᠷᠠᠳᠤᠯᠭ᠎ᠠ ᠪᠠᠨ ᠳᠡᠪᠰᠢᠬᠦᠯᠪᠠ᠃ ᠳᠡᠭᠡᠬᠦ ᠳᠤ | ᠳᠡᠬᠦᠨ ᠤ ᠡᠨᠡ ᠬᠦ ᠰᠠᠨᠠᠯ ᠳᠤᠷᠠᠳᠤᠯᠭ᠎ᠠ ᠶᠢ ᠭᠡᠨᠡᠳᠳᠡ ᠯᠠ ᠰᠠᠨᠠᠯ ᠳᠤᠷᠠᠳᠤᠯᠭ᠎ᠠ ᠬᠡᠵᠦ ᠦᠵᠡᠬᠦ ᠪᠠᠨ ᠪᠤᠯᠢᠭᠰᠠᠨ | ᠠᠵᠢ᠃ | — ᠶᠠᠭᠠᠬᠢᠭᠠᠳ︖ ᠬᠡᠵᠦ ᠪᠤᠷᠤᠨᠢᠳᠤᠨ ᠢ ᠤᠬᠤᠴᠢᠯᠠᠬᠤ ᠳᠤ | — ᠮᠠᠯ ᠠᠵᠦ ᠠᠬᠤᠢ ᠶᠢᠨ ᠠᠵᠦ ᠦᠢᠯᠡᠰᠵᠢᠯᠳᠠ ᠪᠤᠯ ᠮᠠᠰᠢ ᠤᠯᠠᠨ ᠮᠠᠯᠴᠢᠨ ᠤ ᠠᠵᠦ ᠠᠮᠢᠳᠤᠷᠠᠯ ᠲᠠᠢ | ᠬᠤᠯᠪᠤᠭᠳᠠᠬᠤ ᠤᠴᠢᠷ ᠶᠤᠮ᠂ ᠮᠠᠯ ᠠᠵᠦ ᠠᠬᠤᠢ ᠶᠢᠨ ᠠᠵᠦ ᠦᠢᠯᠡᠰᠵᠢᠯᠳᠠ ᠶᠢ ᠪᠡᠶᠡᠯᠡᠬᠦᠯᠬᠦ ᠳᠤ ᠵᠡᠪᠠᠯ ᠬᠦᠢᠳᠡᠨ | ᠬᠦᠮᠦᠷᠭᠡ ᠶᠢ ᠳᠦᠰᠢᠭᠯᠡᠵᠦ ᠮᠠᠨ ᠤ ᠬᠤᠰᠢᠭᠤ ᠨᠢ ᠪᠠᠰᠠ ᠬᠦᠢᠳᠡᠨ ᠬᠦᠮᠦᠷᠭᠡ ᠶᠢ ᠨᠡᠮᠡᠵᠦ ᠪᠠᠶᠢᠭᠤᠯᠬᠤ ᠬᠡᠷᠡᠭᠳᠠᠢ | ᠪᠠᠶᠢᠨ᠎ᠠ᠃ ᠳᠠᠬᠢᠭᠠᠳ ᠬᠡᠯᠡᠪᠠᠯ ᠬᠤᠨᠢ ᠪᠤᠯ ᠡᠵᠡᠨ ᠤ ᠪᠠᠨ ᠬᠦᠷᠦᠩᠭᠡ᠂ ᠡᠰᠡᠪᠠᠰᠦ ᠬᠤᠳᠠᠯᠳᠤᠵᠦ ᠠᠪᠤᠭᠰᠠᠨ | ᠬᠦᠮᠦᠨ ᠤ ᠬᠦᠷᠦᠩᠭᠡ᠂ ᠡᠶᠢᠮᠤ ᠠᠴᠠ ᠬᠤᠨᠢ ᠶᠢ ᠶᠠᠭᠠᠬᠢᠵᠦ ᠠᠯᠠᠬᠤ ᠳᠤᠷᠠᠳᠠᠢ ᠪᠤᠯ ᠳᠡᠭᠡᠵᠦ ᠠᠯᠠᠵᠦ ᠪᠤᠯᠤᠨ᠎ᠠ ᠁ | ᠬᠡᠰᠡᠨ ᠪᠠᠶᠢᠵᠠᠢ᠃ | ᠳᠠᠬᠢᠭᠠᠳ ᠯᠠ ᠵᠡᠭᠡᠯᠢ ᠳᠡᠭᠡᠷ᠎ᠡ ᠴᠢᠰᠤ ᠨᠦᠵᠢ ᠤᠯᠠᠶᠢᠵᠦ᠂ ᠳᠦᠬᠦᠭᠡ ᠦᠭᠡᠢ ᠬᠡᠥᠭᠡᠳ ᠤᠳ ᠴᠢᠰᠤ | ᠬᠤᠯᠢᠯᠳᠤᠭᠰᠠᠨ ᠴᠠᠰᠦ ᠪᠠᠷ ᠴᠠᠰᠦᠨ ᠬᠦᠮᠦᠨ ᠪᠠᠷᠢᠵᠦ ᠨᠠᠭᠠᠳᠬᠤ ᠪᠤᠯᠪᠠ᠃ ᠬᠤᠨᠢ ᠨᠢᠳᠤᠯᠬᠤ ᠳᠤ ᠬᠦᠮᠦᠨ | ᠬᠦᠯᠦᠰᠦᠯᠡᠳᠡᠭ ᠪᠤᠯᠬᠤᠷ ᠨᠢᠭᠡ ᠮᠠᠩᠭᠠᠷ ᠡᠷ᠎ᠡ ᠮᠦᠡᠭᠬᠦ ᠪᠠᠨ ᠭᠠᠮᠨᠠᠭᠠᠳ ᠬᠤᠨᠢ ᠶᠢ ᠴᠤᠬᠢᠵᠦ ᠠᠯᠠᠬᠤ ᠪᠤᠶᠤ | ᠰᠦᠭᠡᠳᠡᠵᠦ ᠠᠯᠠᠵᠦ ᠪᠤᠯᠬᠤ ᠰᠢᠨ᠎ᠡ ᠠᠷᠭ᠎ᠠ ᠶᠢ ᠡᠬᠦᠳᠦᠭᠰᠡᠨ ᠬᠡᠪᠡ ᠪᠢᠯᠡ᠃ | ᠁ ᠬᠠᠪᠤᠷ ᠤᠨ ᠨᠢᠭᠡᠨ ᠡᠳᠦᠷ ᠪᠤᠷᠤᠨᠢᠳᠤᠨ᠂ ᠬᠦᠬᠡᠪᠤᠬᠠ ᠡᠪᠦᠭᠡᠨ ᠢ ᠡᠷᠬᠢᠵᠦ ᠦᠵᠡᠯ᠎ᠠ᠃ ᠬᠦᠬᠡᠪᠤᠬᠠ | ᠡᠪᠤᠭᠡᠨ ᠤ ᠬᠦᠳᠡᠷ ᠴᠢᠬᠢᠷᠠᠭ ᠪᠡᠶ᠎ᠡ ᠨᠢ ᠬᠦᠳᠦᠰᠦᠨ ᠳᠡᠪᠠᠯ ᠳᠤ ᠪᠠᠨ ᠳᠠᠷᠤᠭᠳᠠᠭᠰᠠᠨ ᠬᠠᠷᠠᠭᠳᠠᠨ᠎ᠠ᠃ ᠪᠤᠷᠤᠨᠢᠳᠤᠨ | ᠢ ᠤᠷᠤᠵᠦ ᠤᠴᠢᠬᠤ ᠳᠤ ᠡᠪᠤᠭᠡᠨ ᠮᠤᠳᠤᠨ ᠳᠡᠷᠡ ᠳᠡᠷᠡᠯᠡᠭᠡᠳ ᠵᠡᠬᠦᠷᠮᠡᠭᠯᠡᠵᠦ ᠪᠠᠶᠢᠪᠠ᠃ | — ᠬᠦᠬᠡᠪᠤᠬᠠ ᠭᠤᠸᠠᠢ︕ | — ᠲᠠ ᠮᠢᠨᠢ ᠡᠪᠡᠳᠴᠢᠯᠡᠭᠡ ᠦᠦ︖ | ᠬᠤᠶᠠᠭᠤᠯᠠ ᠤᠳᠠᠳᠠᠯ᠎ᠠ ᠵᠤᠭᠤᠭᠳᠠᠵᠦ ᠰᠠᠭᠤᠪᠠ᠃ ᠨᠢᠭᠡ ᠤᠳᠠᠭ᠎ᠠ ᠵᠠᠷᠤᠭᠰᠠᠨ ᠬᠤᠨᠢ ᠨᠢ ᠳᠠᠯ᠎ᠠ ᠪᠦᠭᠡᠷ᠎ᠡ | ᠲᠠᠢ ᠬᠤᠨᠢ ᠳᠠᠭᠠᠷᠠᠵᠠᠢ᠃ ᠳᠠᠯ᠎ᠠ ᠪᠦᠭᠡᠷ᠎ᠡ ᠲᠠᠢ ᠬᠤᠨᠢ ᠳᠠᠭᠠᠷᠠᠪᠠᠯ ᠳᠠᠬᠢᠵᠦ ᠮᠠᠯ ᠵᠠᠷᠤᠵᠦ ᠪᠤᠯᠳᠠᠭ ᠦᠭᠡᠢ ᠳᠤᠯᠠ | ᠬᠦᠬᠡᠪᠤᠬᠠ ᠮᠠᠯ ᠵᠠᠷᠤᠬᠤ ᠪᠠᠨ ᠪᠤᠯᠢᠭᠠᠳ ᠬᠡᠳᠦᠨ ᠵᠢᠯ ᠪᠤᠯᠤᠭᠰᠠᠨ ᠶᠤᠮ ᠬᠡᠨ᠎ᠡ᠃ ᠨᠢᠭᠡ ᠨᠠᠰᠤᠨ ᠳᠠᠭᠠᠨ ᠳᠤᠭ᠎ᠠ | ᠦᠭᠡᠢ ᠤᠯᠠᠨ ᠠᠮᠢ ᠬᠤᠷᠤᠭᠠᠭᠰᠠᠨ ᠡᠨᠡ ᠬᠦᠮᠦᠨ ᠮᠤᠳᠤ ᠪᠠᠷ ᠬᠤᠶᠠᠷ ᠬᠤᠨᠢ ᠱᠤᠭᠤᠭᠠᠳ᠂ ᠱᠤᠭᠤᠮᠠᠯ ᠬᠤᠨᠢᠨ ᠤ | ᠪᠠᠨ ᠡᠮᠤᠨ᠎ᠠ ᠰᠠᠩ ᠳᠠᠯᠪᠢᠵᠦ ᠪᠠᠶᠢᠪᠠ᠃ ᠪᠤᠷᠤᠨᠢᠳᠤᠨ ᠬᠦᠬᠡᠪᠤᠬᠠ ᠶᠢᠨ ᠳᠤ ᠬᠤᠨᠤᠭᠤᠳᠠ ᠪᠠᠷ ᠰᠠᠭᠤᠵᠦ | ᠠᠶᠠᠷᠯᠠᠬᠤ ᠳᠤ ᠪᠠᠨ ᠡᠪᠤᠭᠡᠨ ᠠᠴᠠ ᠨᠢᠭᠡ ᠱᠤᠭᠤᠮᠠᠯ ᠬᠤᠨᠢ ᠶᠢ ᠨᠢ ᠰᠦᠮ᠎ᠡ ᠳᠡᠭᠡᠨ ᠠᠪᠠᠴᠢᠵᠦ ᠳᠠᠬᠢᠬᠤ ᠶᠢ | ᠭᠤᠶᠤᠴᠢᠯᠠᠭᠰᠠᠨ ᠳᠤ ᠡᠪᠤᠭᠡᠨ ᠬᠤᠨᠢ ᠪᠠᠨ ᠳᠤᠷᠠᠳᠠᠢ ᠦᠭᠪᠠ᠃ | ᠬᠡᠳᠦᠨ ᠬᠤᠨᠤᠭ ᠤᠨ ᠬᠢᠨᠢ ᠳᠠᠷᠠᠭ᠎ᠠ ᠪᠤᠷᠤᠨᠢᠳᠤᠨ ᠪᠠᠷ᠎ᠠ ᠰᠤᠷᠠᠭ ᠦᠭᠡᠢ ᠠᠯᠠᠭ᠎ᠠ ᠪᠤᠯᠵᠠᠢ᠃ ᠬᠠᠷᠢᠨ | ᠭᠠᠨᠵᠤᠤᠷ ᠰᠦᠮ᠎ᠡ ᠶᠢᠨ ᠭᠤᠤᠯ ᠪᠤᠷᠬᠠᠨ ᠤ ᠳᠡᠷᠭᠡᠳᠡ ᠱᠤᠭᠤᠮᠠᠯ ᠮᠤᠳᠤᠨ ᠬᠤᠨᠢ ᠳᠠᠬᠢᠭᠳᠠᠵᠦ ᠮᠦᠷᠬᠦᠯᠴᠢᠳ ᠳᠡᠷᠡ | ︽ᠬᠤᠨᠢᠨ ᠪᠤᠷᠬᠠᠨ︾ ᠳᠤ ᠪᠠᠰᠠ ᠳᠠᠭᠠᠳᠬᠠᠬᠤ ᠪᠤᠯᠤᠯ᠎ᠠ ᠁ |