ᠣᠯᠠᠭᠠᠨ᠎ᠠ ᠪᠣᠯᠪᠠᠰᠣᠷᠠᠬᠤ ᠦᠶ᠎ᠡ ᠳᠤ ︵ᠨᠠᠶᠢᠷᠠᠭᠤᠯᠤᠯ︶ | — ᠣ᠊ · ᠣᠶᠣᠨᠪᠢᠯᠢᠭ᠌ ᠵᠤᠬᠢᠶᠠᠪᠠ | ᠲᠡᠯᠭᠡᠷ ᠨᠣᠭᠤᠭᠠᠨ ᠵᠣᠨ ᠤ ᠣᠯᠠᠷᠢᠯ ᠤᠨ ᠲᠣᠯᠣᠭᠠᠨ ᠰᠠᠷ᠎ᠠ ᠪᠣᠯ ᠣᠯᠠᠭᠠᠨ᠎ᠠ ᠪᠣᠯᠪᠠᠰᠣᠷᠠᠬᠤ ᠴᠠᠭ ᠰᠠᠨ᠃ ᠲᠡᠷᠨ | ᠦᠶᠡᠰ ᠢᠶᠠᠷ ᠠᠭᠤᠯᠠᠨ ᠭᠤᠤ ᠶᠢᠨ ᠣᠢ ᠰᠢᠭᠤᠢ᠂ ᠬᠠᠳᠠᠨ ᠤ ᠡᠩᠭᠡᠷ ᠤᠨ ᠪᠤᠷᠭᠠᠰᠤ ᠱᠠᠭᠡᠷ᠂ ᠬᠠᠮᠢᠭ᠎ᠠ | ᠪᠣᠯᠭᠠᠨ ᠠᠴᠠ ᠱᠢᠷᠣᠨ ᠣᠯᠠᠭᠠᠨ ᠣᠯᠠᠭᠠᠨ᠎ᠠ ᠬᠤᠯᠨ ᠠᠴᠠ ᠨᠢᠳᠣᠨ ᠳᠤ ᠲᠤᠰᠳᠠᠭ ᠰᠠᠨ᠃ | ᠰᠦᠷᠯᠢᠭ ᠰᠠᠶᠢᠬᠠᠨ ᠨᠠᠢᠮᠨ ᠶᠢᠨ ᠠᠭᠤᠯᠨ ᠪᠣᠯ ᠮᠢᠨᠣ ᠨᠣᠳᠤᠭ ᠤᠨ ᠰᠦᠯᠳᠡ ᠠᠭᠤᠯᠨ᠃ ᠡᠨ᠋ᠨ ᠠᠭᠤᠯᠨ ᠨᠢ ᠡᠵᠡᠨ | ᠴᠢᠩᠬᠢᠰ ᠤᠨ ᠡᠷᠳᠡᠨᠢ ᠶᠢᠨ ᠬᠦᠬᠦᠷ ᠢᠶᠠᠨ ᠣᠨᠠᠭᠠᠵᠤ ᠶᠠᠪᠣᠭᠰᠠᠨ ᠲᠣᠮᠤᠭ ᠲᠠᠢ ᠨᠣᠶᠠᠯᠢᠭ ᠦᠨᠳᠣᠷ ᠬᠠᠨ ᠬᠠᠶᠢᠷᠬᠠᠨ | ᠂ ᠴᠠᠭᠠᠨ ᠪᠣᠭᠳᠠ ᠶᠢᠨ ᠲᠠᠶᠢᠴᠢᠨ ᠮᠣᠷᠢᠳᠦ ᠴᠡᠷᠢᠭ ᠤᠨ ᠣᠯᠨ ᠮᠥᠷ ᠢᠶᠠᠨ ᠦᠯᠡᠳᠡᠭᠡᠭᠰᠡᠨ ᠡᠭᠴᠨ ᠪᠣᠰᠤᠭ᠎ᠠ ᠬᠠᠳᠠ | ᠠᠰᠬ᠎ᠠ᠂ ᠮᠠᠩᠵᠠᠨ ᠲᠤᠭᠤᠭᠠᠨ ᠤ ᠦᠶ᠎ᠡ ᠳᠤ ᠨᠣᠳᠤᠭ ᠤᠨ ᠮᠠᠯᠴᠢᠳ ᠤᠨ ᠮᠢᠨᠢ ᠨᠢᠷᠣᠭᠤ ᠪᠠᠨ ᠬᠠᠪᠳᠠᠶᠢᠳᠠᠯᠠ | ᠴᠢᠯᠠᠭᠤ ᠡᠬᠦᠷᠴᠣ ᠪᠠᠶᠢᠭᠤᠯᠤᠭᠰᠠᠨ ᠬᠠᠳᠤᠯᠠᠩ ᠤᠨ ᠴᠢᠯᠠᠭᠤᠨ ᠬᠤᠷᠤᠭ᠎ᠠ᠂ ᠡᠯᠳᠡᠪ ᠵᠣᠶᠢᠯ ᠤᠨ ᠭᠡᠭᠡᠷ᠎ᠡ ᠶᠢᠨ | ᠵᠢᠮᠢᠰ ᠰᠠᠭᠰᠠᠶᠢᠨ ᠪᠠᠭᠰᠠᠶᠢᠨ ᠣᠷᠭᠤᠳᠠᠭ ᠢᠭ᠌ᠴᠢ ᠰᠠᠬᠤᠯᠢᠭ ᠣᠢ ᠰᠢᠭᠤᠢ ᠵᠡᠷᠭᠡ ᠪᠠᠷ ᠢᠶᠠᠨ ᠬᠤᠯᠨ ᠣᠶᠢᠷ᠎ᠠ ᠳᠤ | ᠠᠯᠳᠠᠷᠳᠠᠢ᠃ ᠯᠠᠮᠨ ᠶᠢᠨ ᠭᠤᠣ᠂ ᠭᠤᠷᠪᠠᠨ ᠭᠤᠣ᠂ ᠣᠷᠳᠦ ᠬᠠᠮᠠᠷ᠂ ᠰᠢᠷ᠎ᠠ ᠬᠠᠳᠠ᠂ ᠬᠤᠯᠨ ᠶᠢᠨ ᠲᠠᠪᠠᠭ᠎ᠠ ᠁ | ᠵᠡᠷᠭᠡ ᠰᠢᠭᠤᠶᠢᠳᠦ ᠭᠠᠵᠠᠷ ᠤᠳ ᠨᠢ ᠣᠯᠠᠭᠠᠨ᠎ᠠ ᠰᠠᠶᠢᠨ ᠣᠷᠭᠤᠳᠠᠭ ᠭᠠᠵᠠᠷ ᠪᠠᠶᠢᠭᠰᠠᠨ ᠶᠣᠮ᠃ | ᠨᠠᠶᠠᠭᠠᠳ ᠤᠨ ᠤ ᠳᠤᠮᠳᠠᠴᠢ ᠪᠠᠷ ᠪᠢᠳᠡ ᠠᠷᠪᠠᠭᠠᠳ ᠨᠠᠰᠣᠨ ᠤ ᠨᠢᠰᠣᠩᠬᠠᠢ ᠵᠢᠭᠠᠯ ᠪᠠᠶᠢᠯ᠎ᠠ᠃ ᠲᠡᠷᠨ ᠦᠶ᠎ᠡ ᠳᠤ | ᠠᠶᠢᠯ ᠪᠥᠬᠦᠨ ᠭᠡᠣᠭᠡᠳ ᠣᠯᠠᠨᠳᠠᠢ ᠣᠴᠢᠷ ᠠᠴᠠ ᠬᠤᠷᠠᠭ ᠨᠠᠰᠣᠨ ᠤ ᠪᠠᠭᠠᠴᠤᠤᠯ ᠣᠯᠠᠨ ᠴᠣ᠋ ᠪᠠᠶᠢᠭᠰᠠᠨ᠃ | ᠰᠣᠷᠭᠠᠭᠤᠯᠢ ᠵᠣᠨ ᠤ ᠴᠢᠯᠣᠭᠡ ᠲᠠᠯᠪᠢᠵᠣ᠂ ᠪᠢᠳᠡ ᠪᠠᠶᠠᠷ ᠬᠦᠷ ᠲᠠᠢ ᠭᠡᠷ ᠲᠤ ᠪᠠᠨ ᠬᠠᠷᠢᠵᠣ ᠢᠷᠡᠬᠦ ᠦᠶᠡᠰ | ᠣᠯᠠᠭᠠᠨ᠎ᠠ ᠪᠣᠯᠪᠠᠰᠣᠷᠠᠴᠢᠬᠠᠭᠠᠳ ᠪᠠᠶᠢᠳᠠᠭ᠃ ᠲᠣᠩᠭᠠᠯᠠᠭ ᠰᠠᠶᠢᠬᠠᠨ ᠡᠳᠦᠷ ᠭᠡᠳᠦᠬᠦᠯᠨ ᠪᠣᠯᠵᠤᠭ᠎ᠠ ᠲᠣᠭᠳᠠᠵᠤ | ᠣᠯᠠᠭᠠᠨ᠎ᠠ ᠲᠡᠬᠦᠬᠦ ᠪᠠᠷ ᠮᠣᠷᠳᠠᠨ᠎ᠠ᠃ ᠣᠯᠠᠭᠠᠨ᠎ᠠ ᠲᠡᠬᠦᠬᠦ ᠳᠤ ᠣᠯᠠᠩᠬᠢ ᠳᠤ ᠪᠠᠨ ᠦᠨᠢᠶᠡᠨ ᠰᠠᠭᠤᠯᠠᠭ᠎ᠠ ᠵᠠᠷᠣᠳᠠᠭ | ᠃ ᠪᠥᠰ ᠪᠣᠭᠴᠣᠨ ᠳᠤ ᠲᠡᠬᠦᠪᠡᠯ ᠣᠯᠠᠭᠠᠨ᠎ᠠ ᠨᠢᠯᠴᠠᠷᠠᠭᠠᠳ ᠪᠣᠭᠴᠣ ᠰᠢᠬᠦᠰᠣᠨ ᠳᠤᠨᠢ ᠪᠣᠳᠣᠭᠳᠠᠬᠤ ᠪᠣᠯᠬᠤᠷ | ᠪᠠᠷᠣᠭᠳᠠᠢ ᠳᠤ ᠬᠡᠷᠡᠭᠯᠡᠳᠡᠭ ᠦᠭᠡᠢ᠃ ᠡᠮᠡᠭᠡ ᠮᠢᠨᠢ ᠣᠳᠠᠭ᠎ᠠ ᠪᠣᠯᠭᠠᠨ ᠴᠡᠷᠢᠭ ᠤᠨ ᠭᠡᠷᠡᠭᠯᠡᠳᠡᠭ ᠬᠠᠭᠤᠴᠢᠨ | ᠨᠣᠭᠤᠭᠠᠨ ᠲᠡᠮᠣᠷ ᠰᠠᠪᠠᠨ ᠳᠤ ᠬᠦᠢᠳᠡᠨ ᠴᠠᠢ ᠲᠦᠬᠦᠷᠭᠡᠵᠤ᠂ ᠬᠦᠵᠣᠬᠦᠨ ᠠᠴᠠ ᠡᠭᠡᠯᠳᠣᠷᠭᠡᠯᠡᠵᠤ ᠥᠭᠬᠦᠭᠡᠳ᠄ ︽ | ᠵᠠᠮ ᠵᠠᠭᠤᠷ᠎ᠠ ᠪᠠᠨ ᠪᠢᠳᠡᠭᠡᠢ ᠭᠡᠷᠡᠯᠳᠣᠵᠣ ᠴᠣᠣᠬᠢᠯᠳᠦ᠂ ᠮᠣᠳᠦ ᠪᠣᠷᠭᠠᠰᠣᠨ ᠳᠤ ᠮᠣᠭᠠᠢ ᠰᠢᠪᠠᠵᠢ ᠠᠴᠠ ᠬᠢᠴᠢᠶ᠋ᠨ᠂ | ᠣᠯᠠᠭᠠᠨ᠎ᠠ ᠶᠢᠨ ᠮᠣᠳᠦ ᠶᠢ ᠬᠤᠭᠤᠯᠵᠤ ᠪᠣᠯᠬᠤ ᠦᠭᠡᠢ᠂ ᠬᠤᠶᠢᠳᠣᠨ ᠵᠢᠯ ᠣᠷᠭᠤᠬᠤ ᠪᠠᠨ ᠪᠠᠶᠢᠴᠢᠬᠠᠨ᠎ᠠ ᠰᠢᠣ︕ | ᠰᠡᠷᠢᠬᠦᠣ ᠣᠷᠣᠬᠤ ᠠᠴᠠ ᠡᠮᠣᠨ᠎ᠡ ᠲᠦᠷᠭᠡᠨ ᠬᠠᠷᠢᠵᠣ ᠢᠷ᠎ᠡ︕︾ ᠭᠡᠬᠦᠴᠢᠯᠡᠨ ᠵᠠᠬᠢᠵᠣ ᠰᠣᠷᠭᠠᠳᠠᠭ᠃ ᠭᠡᠣᠭᠡᠳ | ᠤᠳ ᠰᠠᠭᠤᠯᠠᠭ᠎ᠠ ᠲᠤᠬᠤᠶᠢᠯᠠᠴᠢᠬᠠᠭᠠᠳ ᠢᠨᠢᠶᠡᠯᠴᠡᠵᠤ ᠠᠩᠭᠠᠯᠵᠠᠭᠰᠠᠭᠠᠷ ᠠᠭᠤᠯᠨ ᠶᠢ ᠴᠢᠭᠯᠡᠨᠠ᠃ ᠬᠠᠮᠢᠭ᠎ᠠ ᠰᠠᠶᠢᠨ | ᠣᠷᠭᠤᠳᠠᠭ᠂ ᠬᠠᠮᠢᠭᠠᠬᠢ ᠣᠯᠠᠭᠠᠨ᠎ᠠ ᠣᠷᠢᠳᠠᠪᠠᠷ ᠪᠣᠯᠪᠠᠰᠣᠷᠠᠳᠠᠭ ᠭᠡᠰᠡᠨ ᠢ ᠪᠢᠳᠡ ᠠᠨᠳᠠᠳᠠᠭ ᠦᠭᠡᠢ᠂ ᠨᠡᠷᠨ ᠬᠤᠷ᠎ᠠ | ᠲᠡᠭᠰᠢ ᠵᠢᠯ ᠣᠯᠠᠭᠠᠨ᠎ᠠ ᠶᠡᠭᠡ ᠰᠠᠭᠤᠳᠠᠭ᠃ ᠠᠭᠤᠯᠠᠨ ᠰᠢᠭᠤᠢ ᠳᠤ ᠪᠢᠳᠡᠬᠦᠣ ᠮᠠᠨᠠᠨ ᠲᠠᠳᠠᠵᠣ᠂ ᠠᠷᠣ ᠠᠴᠠ ᠨᠢ | ᠲᠦᠭᠡᠨᠡᠮᠠ ᠨᠡᠷᠡᠨ ᠰᠢᠷᠠᠪᠠᠯ ᠣᠯᠠᠭᠠᠨ᠎ᠠ ᠲᠦᠷᠭᠡᠨ ᠪᠣᠯᠪᠠᠰᠣᠷᠠᠳᠠᠭ ᠭᠡᠵᠤ ᠨᠠᠰᠣᠳᠠᠳ ᠶᠠᠷᠢᠳᠠᠭ᠃ ᠯᠠᠮᠨ ᠶᠢᠨ ᠭᠤᠣ | ᠪᠠᠷ ᠲᠠᠭᠠᠷᠢᠵᠣ᠂ ᠭᠤᠷᠪᠠᠨ ᠭᠤᠣ ᠳᠤ ᠣᠷᠣᠵᠤ᠂ ᠰᠢᠷ᠎ᠠ ᠬᠠᠳᠠ ᠪᠠᠷ ᠪᠣᠴᠠᠭᠠᠳ ᠢᠷᠡᠬᠦ ᠳᠤ ᠪᠥᠬᠦᠳᠡᠭᠡᠷ | ᠰᠠᠭᠤᠯᠠᠭ᠎ᠠ ᠪᠠᠨ ᠲᠦᠬᠦᠷᠭᠡᠴᠢᠭᠡᠭᠰᠡᠨ ᠪᠠᠶᠢᠳᠠᠭ᠃ ᠣᠯᠠᠭᠠᠨ᠎ᠠ ᠲᠡᠬᠦᠬᠦ ᠦᠶᠡᠰ ᠶᠠᠭᠠᠷᠠᠵᠤ ᠰᠠᠭᠭᠠᠵᠤ ᠪᠣᠯᠬᠤ ᠦᠭᠡᠢ | ᠃ ᠣᠯᠠᠭᠠᠨ᠎ᠠ ᠠᠷᠪᠢᠨ ᠣᠷᠭᠤᠭᠰᠠᠨ ᠮᠣᠳᠣᠨ ᠤ ᠲᠡᠷᠭᠡᠳᠡ ᠣᠴᠣᠶᠢᠵᠣ ᠰᠠᠭᠤᠭᠠᠳ᠂ ᠰᠠᠯᠠᠭ᠎ᠠ ᠨᠠᠮᠠᠭ᠎ᠠ ᠶᠢ ᠨᠢ | ᠬᠦᠨᠳᠡᠶᠢᠭᠡᠨ ᠢᠷᠡᠵᠤ ᠨᠢᠭᠡ ᠨᠢᠭᠡ ᠪᠠᠷ ᠲᠡᠬᠦᠨᠠ᠃ ᠦᠨᠳᠦᠷ ᠰᠢᠭ ᠮᠣᠳᠦ ᠶᠢ ᠪᠣᠯ ᠡᠪᠳᠡᠶᠢᠭᠡᠨ ᠪᠥᠬᠦᠶᠢᠯᠭᠡᠵᠤ | ᠪᠠᠶᠢᠭᠠᠳ ᠲᠡᠬᠦᠨᠠ᠃ ᠰᠠᠶᠢᠨ ᠪᠣᠯᠪᠠᠰᠣᠷᠠᠭᠰᠠᠨ ᠣᠯᠠᠭᠠᠨ᠎ᠠ ᠬᠦᠨᠳᠡᠬᠦ ᠶᠢ ᠲᠠᠭᠠᠭᠠᠬᠤ ᠦᠭᠡᠢ ᠮᠣᠳᠦ ᠪᠣᠷᠭᠠᠰᠣᠨ ᠤ | ᠣᠭ ᠣᠷᠣᠭᠤ ᠪᠥᠮᠪᠣᠷᠢᠭᠡᠳ ᠶᠠᠪᠣᠴᠢᠬᠠᠳᠠᠭ᠃ ᠪᠢᠳᠡ ᠣᠯᠠᠭᠠᠨ᠎ᠠ ᠲᠡᠬᠦᠬᠦ ᠳᠤ ᠪᠠᠨ ᠭᠡᠷ ᠤᠨ ᠠᠬᠠᠮᠠᠳ ᠤᠨ ᠢᠶᠠᠨ | ᠰᠣᠷᠭᠠᠯ ᠢᠶᠠᠷ ᠰᠠᠯᠠᠭ᠎ᠠ ᠨᠠᠮᠠᠭ᠎ᠠ ᠶᠢ ᠨᠢ ᠬᠤᠭᠤᠯᠳᠠᠭ ᠦᠭᠡᠢ᠂ ᠪᠣᠯᠪᠠᠰᠣᠷᠠᠭᠠ ᠦᠭᠡᠢ ᠴᠠᠭᠠᠨ ᠣᠯᠠᠭᠠᠨ᠎ᠠ ᠶᠢ ᠨᠢ | ᠦᠯᠡᠳᠡᠭᠡᠵᠤ ᠲᠠᠷᠠᠭᠠᠴᠢ ᠪᠠᠷ ᠪᠣᠯᠪᠠᠰᠣᠷᠠᠬᠤ ᠳᠤᠨᠢ ᠲᠡᠬᠦᠳᠡᠭ᠃ ᠣᠯᠠᠭᠠᠨ᠎ᠠ ᠲᠡᠬᠦᠬᠦ ᠳᠤ ᠣᠯᠠᠨ ᠶᠠᠪᠣᠭᠰᠠᠨ ᠦᠭᠡᠢ | ᠭᠡᠣᠭᠡᠳ ᠪᠣᠯ ᠲᠤᠷᠰᠢᠯᠭ᠎ᠠ ᠮᠠᠭᠤᠳᠠᠢ ᠪᠠᠶᠢᠳᠠᠭ ᠠᠴᠠ ᠦᠨᠳᠣᠷ ᠮᠣᠳᠦ ᠶᠢ ᠡᠷᠢᠵᠣ ᠥᠩᠭᠡᠯᠵᠡᠭᠡᠳ ᠬᠦᠶᠣᠴᠢᠭᠡᠳᠡᠭ | ᠃ ᠨᠡᠷᠡᠨ ᠡᠭᠡᠪᠣᠷ ᠲᠠᠯ᠎ᠠ ᠶᠢᠨ ᠦᠨᠳᠣᠷ ᠮᠣᠳᠣᠨ ᠤ ᠣᠯᠠᠭᠠᠨ᠎ᠠ ᠡᠷᠳᠡ ᠪᠣᠯᠪᠠᠰᠣᠷᠠᠵᠣ ᠠᠷᠪᠢᠨ ᠰᠠᠭᠤᠳᠠᠭ ᠪᠣᠯᠪᠠᠴᠣ | ᠣᠯᠠᠩᠬᠢ ᠳᠤ ᠪᠠᠨ ᠵᠢᠵᠢᠭᠡᠪᠳᠣᠷ ᠪᠠᠶᠢᠳᠠᠭ᠃ ᠬᠠᠷᠢᠨ ᠰᠡᠬᠦᠳᠡᠷ ᠲᠠᠯ᠎ᠠ ᠶᠢᠨ ᠪᠣᠭᠤᠨᠢ ᠮᠣᠳᠣᠨ ᠤ ᠲᠣᠣᠭᠤᠷᠬᠢ | ᠣᠯᠠᠭᠠᠨ᠎ᠠ ᠣᠷᠣᠢ ᠪᠣᠯᠪᠠᠰᠣᠷᠠᠳᠠᠭ ᠪᠣᠯᠪᠠᠴᠣ ᠪᠥᠯᠴᠣᠢ ᠪᠥᠯᠴᠣᠢ ᠰᠢᠬᠦᠰᠣ ᠲᠤᠰᠣᠯᠠᠮᠠ ᠬᠦᠨ ᠣᠯᠠᠭᠠᠨ ᠣᠯᠠᠭᠠᠨ᠎ᠠ | ᠰᠠᠭᠤᠨ᠎ᠠ ᠰᠢᠣ︕ ᠠᠮᠠᠨ ᠳᠤ ᠣᠷᠣᠬᠤ ᠲᠠᠢ ᠵᠡᠷᠭᠡ ᠨᠢᠯᠳᠣᠷᠠᠭᠠᠳ᠂ ᠬᠦᠴᠢᠯᠢᠭ ᠰᠢᠬᠢᠷᠯᠢᠭ ᠠᠮᠳᠠ | ᠠᠭᠤᠰᠣᠭᠠᠳ᠂ ᠶᠠᠰᠣ ᠲᠠᠢ ᠨᠢ ᠵᠠᠯᠬᠢᠴᠢᠬᠠᠬᠤ ᠭᠡᠳ ᠪᠣᠯᠳᠠᠭ ᠦᠭᠡᠢ᠃ ᠵᠠᠷᠢᠮ ᠳᠤ ᠪᠠᠨ ᠪᠡᠶ᠎ᠡ ᠪᠠᠨ ᠪᠠᠷᠢᠵᠣ | ᠴᠢᠳᠠᠬᠤ ᠦᠭᠡᠢ ᠭᠡᠳᠣᠷᠠᠳᠠᠯᠠ ᠢᠳᠡᠭᠡᠳ ᠣᠯᠠᠭᠠᠨ ᠢᠶᠠᠷ ᠰᠢᠭᠡᠬᠦ ᠣᠳᠠᠭ᠎ᠠ ᠴᠣ᠋ ᠭᠠᠷᠳᠠᠭ ᠶᠣᠮ᠃ ᠰᠠᠭᠤᠯᠠᠭ᠎ᠠ ᠪᠠᠨ | ᠣᠷᠢᠳᠠᠪᠠᠷ ᠲᠦᠬᠦᠷᠭᠡᠴᠢᠭᠡᠭᠰᠡᠨ ᠨᠢᠭᠡ ᠨᠢ ᠪᠣᠰᠣᠳ ᠢᠶᠠᠨ ᠬᠠᠮᠵᠢᠨ ᠲᠡᠬᠦᠵᠣ ᠪᠠᠷᠠᠭᠠᠳ ᠬᠠᠮᠳᠦ ᠪᠠᠷ | ᠰᠣᠷᠭᠠᠭᠤᠯᠢ ᠳᠤ ᠰᠣᠷᠤᠭᠰᠠᠨ ᠲᠠᠭᠤᠣ ᠪᠠᠨ ᠲᠠᠭᠤᠯᠠᠭᠰᠠᠭᠠᠷ ᠭᠡᠷ ᠵᠦᠭ ᠢᠶᠠᠨ ᠪᠠᠶᠠᠷ ᠲᠠᠢ ᠪᠣᠴᠠᠨ᠎ᠠ᠃ ᠡᠮᠡᠭᠡ ᠮᠢᠨᠢ | ᠨᠠᠮ᠎ᠠ ᠶᠢ ᠬᠤᠯᠨ ᠠᠴᠠ ᠢᠷᠡᠭᠰᠡᠨ ᠭᠡᠶᠢᠴᠢᠨ ᠰᠢᠭ᠄ ︽ᠰᠠᠶᠢᠨ ᠶᠠᠪᠣᠪᠠᠣ︖ ᠠᠷᠪᠢᠨ ᠲᠡᠬᠦᠪᠡᠣ︖︾ ᠭᠡᠵᠤ | ᠲᠠᠭᠤ ᠲᠠᠢ᠂ ᠱᠣᠣ ᠲᠠᠢ ᠣᠭᠳᠣᠵᠤ᠂ ᠴᠠᠢ ᠣᠰᠣ ᠭᠡᠳ ᠬᠦᠯ ᠪᠣᠯᠣᠨ᠎ᠠ᠃ ᠠᠪᠴᠢᠷᠠᠭᠰᠠᠨ ᠣᠯᠠᠭᠠᠨ᠎ᠠ ᠶᠢ | ᠪᠥᠬᠦᠳᠡᠭᠡᠷ ᠢᠳᠡᠬᠦ ᠶᠢᠨ ᠬᠠᠮᠳᠦ ᠵᠠᠷᠢᠮ ᠪᠥᠳᠦᠬᠦᠨ ᠪᠥᠳᠦᠬᠦᠨ ᠰᠠᠶᠢᠨ ᠪᠣᠯᠪᠠᠰᠣᠷᠠᠭᠰᠠᠨ ᠠᠴᠠ ᠨᠢ ᠰᠢᠯᠢᠵᠣ | ᠰᠠᠭᠠᠯᠢ ᠶᠢᠨ ᠠᠷᠢᠬᠢᠨ ᠤ ᠸᠠᠭᠠᠷᠣᠨ ᠳᠤ ᠪᠠᠨ ᠬᠢᠭᠡᠳ ᠠᠷᠢᠬᠢ ᠨᠡᠷᠡᠬᠦ ᠳᠤ ᠵᠠᠷᠣᠳᠠᠭ᠃ ᠨᠡᠷᠡᠭᠡᠳ ᠭᠠᠷᠤᠭᠰᠠᠨ | ᠰᠠᠭᠠᠯᠢ ᠶᠢᠨ ᠠᠷᠢᠬᠢ ᠬᠦᠶᠣᠭᠡᠨ ᠣᠯᠠᠭᠠᠨ ᠥᠩᠭᠡ ᠲᠠᠢ ᠪᠣᠯᠵᠤ᠂ ᠠᠮᠳᠠ ᠨᠢ ᠴᠣ᠋ ᠡᠳᠡᠭᠡᠳ ᠰᠠᠶᠢᠬᠠᠨ ᠪᠠᠶᠢᠳᠠᠭ᠃ | ᠢᠳᠡᠵᠤ ᠪᠠᠷᠠᠭᠰᠠᠨ ᠦᠭᠡᠢ ᠣᠯᠠᠭᠠᠨ᠎ᠠ ᠪᠠᠨ ᠦᠨᠢᠶᠡᠨ ᠰᠠᠭᠤᠯᠠᠭᠠᠨ ᠳᠤ ᠬᠢᠵᠣ ᠬᠤᠳᠳᠤᠭ ᠲᠤ ᠡᠯᠬᠦᠵᠣ ᠲᠠᠯᠪᠢᠳᠠᠭ | ᠃ ᠲᠡᠭᠡᠵᠤ ᠬᠠᠳᠠᠭᠠᠯᠠᠭᠰᠠᠨ ᠣᠯᠠᠭᠠᠨ᠎ᠠ ᠬᠤᠶᠠᠷ ᠭᠤᠷᠪᠠᠨ ᠬᠤᠨᠤᠭ ᠲᠤ ᠠᠯᠵᠠᠳᠠᠭ ᠦᠭᠡᠢ ᠶᠣᠮ᠃ | ᠣᠨᠠᠭᠠᠨ ᠪᠠᠭ᠎ᠠ ᠶᠢᠨ ᠨᠠᠰᠣᠨ ᠳᠤ ᠪᠠᠨ ᠣᠯᠠᠭᠠᠨ᠎ᠠ ᠲᠡᠬᠦᠵᠣ ᠠᠯᠢᠶᠠᠷᠬᠠᠵᠤ ᠶᠠᠪᠣᠬᠤ ᠳᠤ ᠪᠠᠨ ᠠᠭᠤᠯᠨ ᠣᠰᠣ | ᠪᠠᠨ ᠲᠠᠨᠢᠵᠣ ᠶᠠᠪᠣᠯ᠎ᠠ᠃ ᠮᠣᠳᠦ ᠣᠷᠭᠤᠮᠠᠯ᠂ ᠴᠡᠴᠡᠭ ᠵᠢᠮᠢᠰᠣᠨ ᠤ ᠨᠡᠷ᠎ᠡ ᠶᠢ ᠣᠯᠠᠨ ᠴᠣ᠋ ᠴᠡᠭᠡᠵᠢᠯᠡᠵᠤ | ᠲᠤᠭᠲᠠᠭᠠᠯ᠎ᠠ᠂ ᠣᠬᠠᠭᠠᠨᠳᠦ ᠪᠣᠭᠤᠷᠣᠯ ᠤᠨ ᠢᠶᠠᠨ ᠰᠣᠷᠭᠠᠯ ᠢᠶᠠᠷ ᠰᠠᠶᠢᠬᠠᠨ ᠪᠠᠶᠢᠭᠠᠯᠢ ᠪᠠᠨ ᠬᠠᠶᠢᠷᠠᠯᠠᠵᠤ ᠴᠣ᠋ | ᠰᠣᠷᠤᠯᠠ᠂ ᠬᠠᠶ᠋ᠨ ᠵᠠᠷᠢᠮ ᠳᠤ ᠪᠠᠨ ᠬᠤᠳᠠ ᠪᠠᠯᠭᠠᠰᠣᠨ ᠠᠴᠠ ᠰᠦᠷᠦᠭᠯᠡᠯᠳᠣᠨ ᠢᠷᠡᠵᠤ ᠣᠯᠠᠭᠠᠨ᠎ᠠ ᠲᠡᠬᠦᠳᠡᠭ | ᠬᠢᠳᠡᠳ ᠭᠡᠣᠭᠡᠳ ᠤᠳ ᠮᠣᠳᠦ ᠪᠣᠷᠭᠠᠰᠣ ᠶᠢ ᠬᠤᠭᠤᠴᠢᠵᠣ ᠰᠣᠶᠢᠳᠭᠡᠬᠦ ᠪᠠᠷ ᠨᠢ ᠬᠠᠷᠠᠮᠨᠠᠵᠤ ᠴᠣᠣᠬᠢᠯᠳᠣᠭᠠᠳ ᠬᠠᠮᠠᠷ | ᠤᠨ ᠴᠢᠰᠣ ᠪᠠᠨ ᠠᠰᠬᠠᠵᠤ ᠴᠣ᠋ ᠶᠠᠪᠣᠭᠰᠠᠨ᠃ ᠳᠦᠴᠢᠨ ᠨᠠᠰᠣᠨ ᠤ ᠲᠠᠪᠠᠭᠠᠨ ᠳᠤ ᠭᠠᠷᠣᠭᠠᠳ ᠡᠷᠬᠢᠨ ᠰᠠᠨᠠᠬᠤᠶ᠎ᠠ | ᠨᠣᠳᠤᠭ ᠣᠰᠣᠨ ᠤ ᠮᠢᠨᠢ ᠣᠨᠠᠭᠠᠨ ᠲᠦᠷᠬᠦ᠂ ᠪᠠᠭ᠎ᠠ ᠶᠢᠨ ᠨᠠᠶᠢᠵᠢ ᠨᠠᠷ ᠮᠢᠨᠢ ᠲᠤᠷᠠᠰᠣᠭᠳᠠᠵᠤ ᠬᠠᠮᠠᠷ ᠪᠤᠷᠬᠢᠷᠠᠬᠤ | ᠶᠣᠮ᠃ ᠲᠣᠮᠳᠠᠳᠦ ᠰᠣᠷᠭᠠᠭᠤᠯᠢ ᠠᠴᠠ ᠪᠠᠨ ᠠᠯᠣᠰ ᠬᠤᠳᠠᠨ ᠳᠤ ᠰᠣᠶᠣᠯ ᠤᠨ ᠮᠥᠷ ᠬᠦᠭᠡᠭᠡᠵᠤ ᠶᠠᠪᠣᠭᠠᠳ᠂ | ᠠᠯᠪᠠᠨ ᠠᠵᠢᠯ ᠤᠨ ᠪᠠᠶᠢᠷᠢᠨ ᠳᠤ ᠭᠠᠷᠤᠭᠰᠠᠨ ᠠᠴᠠ ᠡᠳᠦᠭᠡ ᠪᠣᠯᠳᠠᠯ᠎ᠠ ᠨᠣᠳᠤᠭ ᠲᠤ ᠪᠠᠨ ᠣᠴᠢᠵᠣ | ᠣᠯᠢᠭᠳᠠᠶᠢᠬᠠᠨ ᠭᠡᠳᠦᠨ ᠡᠳᠦᠷ ᠠᠮᠠᠷᠠᠵᠤ ᠰᠠᠭᠤᠬᠤ ᠵᠠᠪ ᠭᠠᠷᠤᠭ᠎ᠠ ᠦᠭᠡᠢ᠃ ᠬᠠᠶ᠋ᠨ ᠠᠯᠪᠠᠨ ᠠᠰᠠᠷ ᠤᠨ ᠴᠣᠩᠬᠤ | ᠪᠠᠷ ᠠᠯᠣᠰ ᠲᠤ ᠴᠡᠩᠭᠡᠷᠯᠡᠬᠦ ᠨᠡᠢᠮᠨ ᠶᠢᠨ ᠠᠭᠤᠯᠠᠰ ᠢᠶᠠᠨ ᠬᠠᠷᠠᠵᠤ᠂ ᠪᠣᠳᠣᠯ ᠳᠤ ᠠᠪᠳᠠᠨ ᠮᠠᠯᠡᠷᠡᠳᠡᠭ᠃ ᠬᠠᠷᠢᠨ | ᠥᠩᠭᠡᠷᠡᠬᠦ ᠵᠣᠨ ᠭᠡᠳᠦᠨ ᠡᠳᠦᠷ ᠤᠨ ᠴᠢᠯᠣᠭᠡ ᠣᠯᠳᠠᠭᠰᠠᠨ ᠢᠶᠠᠨ ᠨᠣᠳᠤᠭ ᠲᠤ ᠪᠠᠨ ᠬᠠᠷᠢᠵᠣ᠂ ᠭᠠᠷᠠᠭ ᠰᠢᠬᠠᠮ | ᠰᠠᠭᠤᠯ᠎ᠠ᠃ ᠶᠠᠭ ᠴᠣ᠋ ᠣᠯᠠᠭᠠᠨ᠎ᠠ ᠪᠣᠯᠪᠠᠰᠣᠷᠠᠬᠤ ᠡᠷᠡᠨ ᠪᠠᠶᠢᠭᠰᠠᠨ ᠢᠶᠠᠷ ᠬᠦᠭᠰᠡᠵᠤ᠂ ᠬᠤᠨᠢ ᠬᠠᠷᠢᠭᠤᠯᠬᠤ ᠡᠬᠦᠷᠭᠡ | ᠲᠠᠭᠠᠭᠠᠵᠤ᠂ ᠠᠭᠤᠯᠨ ᠣᠰᠣ ᠪᠠᠨ ᠲᠤᠭᠤᠷᠢᠵᠣ ᠦᠵᠡᠬᠦ ᠪᠠᠷ ᠭᠠᠷᠣᠯ᠎ᠠ᠃ ᠡᠮᠧ ᠮᠢᠨᠢ ᠥᠨᠣᠬᠢ ᠬᠠᠭᠤᠴᠢᠨ | ᠨᠣᠭᠤᠭᠠᠨ ᠲᠡᠮᠣᠷ ᠰᠠᠪᠠ ᠶᠢ ᠣᠬᠢᠶᠠᠵᠣ᠂ ᠬᠦᠢᠳᠡᠨ ᠪᠠᠷᠠᠭᠠᠨ ᠴᠠᠢ ᠬᠢᠵᠣ ᠥᠭᠬᠦ ᠶᠢᠨ ᠲᠠᠭᠠᠣ᠄ ︽ᠠᠢ ᠳ᠋ᠠ︕ | ᠣᠳᠦ ᠴᠣ᠋ ᠣᠯᠠᠭᠠᠨ᠎ᠠ ᠪᠠᠶᠢᠳᠣᠭᠠᠢ᠂ ᠮᠣᠳᠦ ᠨᠢ ᠴᠣ᠋ ᠳᠡᠮᠡᠢ ᠭᠡᠳᠦ ᠪᠠᠶᠢᠳᠠᠭ ᠶᠣᠮ ᠤᠤ ᠳ᠋ᠠ᠂ ᠠᠭᠤᠯᠨ ᠶᠢᠨ ᠠᠷᠣ | ᠳᠤ ᠣᠷᠤᠪᠠᠯ ᠬᠠᠷᠢᠨ ᠮᠠᠭᠠᠳ ᠦᠭᠡᠢ ᠳ᠋ᠠ︾ ᠭᠡᠳ ᠰᠠᠨᠠᠭ᠎ᠠ ᠠᠯᠳᠠᠵᠤ ᠪᠠᠶᠢᠪᠠ᠃ | ᠡᠮᠦᠨ᠎ᠡ ᠠᠭᠤᠯᠨ ᠶᠢᠨ ᠥᠷᠭᠡᠨ ᠰᠠᠶᠢᠬᠠᠨ ᠪᠠᠯ ᠲᠡᠭᠡᠷ᠎ᠡ ᠬᠤᠨᠢ ᠪᠠᠨ ᠲᠣᠭᠳᠠᠭᠠᠴᠢᠬᠠᠭᠠᠳ ᠯᠠᠮᠨ ᠶᠢᠨ ᠭᠤᠣ ᠪᠠᠷ | ᠣᠷᠣᠯ᠎ᠠ᠃ ᠴᠢᠯᠠᠭᠤᠨ ᠠᠭᠤᠢ ᠶᠢᠨ ᠲᠣᠭᠤᠣᠷ ᠮᠢᠷᠠᠯᠵᠠᠨ ᠣᠷᠤᠰᠳᠠᠭ ᠪᠣᠯᠠᠭ ᠬᠠᠳᠠᠵᠤ ᠰᠢᠷᠬᠢᠭᠡᠳ ᠣᠷᠣᠮ ᠲᠡᠳᠣᠢ | ᠪᠣᠯᠵᠠᠢ᠃ ᠲᠡᠷᠨ ᠦᠶ᠎ᠡ ᠣᠮᠳᠠᠭᠠᠰᠬᠤ ᠳᠤ ᠪᠠᠨ ᠪᠢᠳᠡ ᠴᠢᠯᠠᠭᠤᠨ ᠲᠡᠭᠡᠷ᠎ᠡ ᠡᠯᠢᠭᠡᠳᠡᠨ ᠭᠡᠪᠳᠡᠭᠡᠳ ᠬᠦᠢᠳᠡᠨ | ᠪᠣᠯᠠᠭ ᠤᠨ ᠣᠰᠣ ᠶᠢ ᠭᠡᠳᠡᠰᠣ ᠪᠠᠨ ᠲᠡᠭᠳᠡᠶᠢᠳᠡᠯᠡ ᠵᠠᠯᠬᠢᠯᠠᠳᠠᠭ ᠪᠠᠶᠢᠭᠰᠠᠨ ᠶᠣᠮ᠃ ᠠᠭᠤᠯᠠᠨ ᠬᠠᠵᠠᠭᠤ ᠶᠢᠨ | ᠪᠣᠷᠭᠠᠰᠣ ᠱᠠᠭᠡᠷ ᠵᠣᠯᠭᠠᠷᠠᠵᠤ ᠦᠬᠦᠵᠢᠭᠡᠳ ᠶᠣᠵᠣᠭᠤᠷ ᠪᠣᠯᠣᠭᠰᠠᠨ ᠪᠣᠶᠣ ᠵᠠᠷᠢᠮ ᠨᠢ ᠪᠦᠷ ᠣᠷᠣ ᠮᠥᠷ ᠦᠭᠡᠢ | ᠪᠠᠯᠠᠷᠠᠭᠰᠠᠨ ᠪᠠᠶᠢᠪᠠ᠃ ᠬᠠᠷᠢᠨ ᠲᠡᠪᠡᠷᠢ ᠪᠥᠳᠦᠬᠦᠨ ᠠᠪᠣᠷᠭᠤ ᠬᠠᠶᠢᠯᠠᠰᠣ ᠨᠤᠭᠤᠳ ᠯᠨ ᠨᠣᠭᠤᠭᠠᠨ ᠨᠠᠮᠠᠭ᠎ᠠ ᠪᠠᠨ | ᠰᠠᠵᠢᠯᠠᠭᠤᠯᠣᠨ ᠰᠠᠯᠬᠢᠨ ᠤ ᠠᠶᠠᠰ ᠢᠶᠠᠷ ᠭᠠᠩᠬᠤᠨ᠎ᠠ᠃ ᠣᠯᠠᠭᠠᠨ᠎ᠠ ᠰᠠᠶᠢᠨ ᠣᠷᠭᠤᠳᠠᠭ ᠯᠠᠮᠨ ᠶᠢᠨ ᠭᠤᠣ ᠳᠤ | ᠨᠡᠭᠡᠷᠡᠨ ᠣᠯᠠᠭᠠᠨ᠎ᠠ ᠶᠢᠨ ᠮᠣᠳᠦ ᠴᠣ᠋ ᠣᠯᠳᠠᠬᠤ ᠪᠠᠨ ᠪᠣᠯᠢᠵᠠᠢ᠃ ᠪᠣᠷᠭᠠᠰᠣ ᠮᠣᠳᠦ ᠨᠢ ᠰᠢᠩᠭᠡᠷᠡᠭᠡᠳ ᠶᠠᠭ ᠯᠨ | ᠬᠠᠯᠵᠠᠨ ᠬᠦᠮᠣᠨ ᠤ ᠲᠣᠯᠣᠭᠠᠢ ᠲᠡᠭᠡᠷᠡᠬᠢ ᠭᠡᠳᠦᠨ ᠣᠷᠤᠮᠠᠭ ᠦᠰᠣ ᠰᠢᠭ ᠬᠠᠷᠠᠭᠳᠠᠨ᠎ᠠ᠃ ᠰᠠᠨᠠᠭ᠎ᠠ ᠴᠥᠬᠦᠷᠡᠭᠰᠡᠨ | ᠦᠭᠡᠢ᠂ ᠠᠭᠤᠯᠨ ᠲᠠᠪᠠᠵᠣ ᠭᠤᠷᠪᠠᠨ ᠭᠤᠣ ᠳᠤ ᠬᠦᠷᠤᠯ᠎ᠠ᠃ ᠠᠳᠡᠬᠢ ᠨᠢ ᠠᠭᠤᠯᠠᠨ ᠥᠪᠣᠷ ᠠᠴᠠ ᠠᠷᠠᠢ ᠵᠢᠭᠠᠬᠠᠨ | ᠲᠡᠭᠡᠷ᠎ᠡ ᠪᠠᠶᠢᠵᠣ ᠪᠣᠷᠭᠠᠰᠣ ᠱᠡᠭᠡᠷ ᠴᠣ᠋ ᠵᠦᠭᠡᠷᠭᠡᠨ ᠣᠷᠭᠤᠭᠰᠠᠨ ᠪᠠᠶᠢᠪᠠ᠃ ᠡᠷᠢᠵᠣ ᠬᠠᠶᠢᠬᠤ ᠶᠢᠨ ᠬᠦᠴᠣᠨ ᠳᠤ | ᠲᠣᠮᠳᠠᠭᠤᠷ ᠨᠠᠩᠬᠢ ᠣᠯᠠᠭᠠᠨ᠎ᠠ ᠣᠯᠣᠭᠰᠠᠨ ᠢᠶᠠᠨ ᠨᠢᠳᠦᠨ ᠳᠤ ᠨᠢᠯᠪᠣᠰᠣ ᠡᠷᠬᠢᠯᠳᠣᠪᠠ᠃ ᠬᠦᠴᠣᠳᠡᠶᠢᠭᠡᠨ ᠠᠨᠢᠬᠤ | ᠳᠤ ᠬᠤᠶᠠᠷ ᠲᠣᠮᠣ ᠲᠤᠰᠣᠯ ᠨᠢᠯᠪᠣᠰᠣ ᠬᠠᠴᠠᠷ ᠢ ᠲᠠᠭᠠᠨ ᠣᠷᠤᠰᠣᠯᠠ᠃ ᠪᠠᠭ᠎ᠠ ᠶᠢᠨ ᠦᠶ᠎ᠡ ᠶᠢᠨ ᠨᠠᠭᠠᠳᠴᠣ | ᠶᠠᠪᠣᠭᠰᠠᠨ ᠢᠭ᠌ᠴᠢ ᠰᠠᠬᠤᠯᠢᠭ ᠰᠢᠭᠤᠢ ᠪᠣᠷᠭᠠᠰᠣ ᠬᠠᠮᠢᠭ᠎ᠠ ᠪᠠᠶᠢᠨ᠎ᠠ︖ ᠰᠠᠭᠤᠯᠠᠭ᠎ᠠ ᠰᠠᠭᠤᠯᠠᠭ᠎ᠠ ᠪᠠᠷ ᠲᠡᠬᠦᠵᠣ | ᠪᠠᠶᠢᠭᠰᠠᠨ ᠣᠯᠠᠭᠠᠨ᠎ᠠ ᠮᠢᠨᠢ ᠬᠠᠮᠢᠭ᠎ᠠ ᠣᠷᠤᠴᠢᠬᠠᠪᠠ︖ ᠭᠡᠵᠤ ᠪᠢ ᠰᠣᠯᠢᠶ᠎ᠠ ᠲᠠᠢ ᠶᠣᠮ ᠰᠢᠭ᠋ ᠠᠭᠤᠯᠨ ᠣᠰᠣᠨ | ᠠᠴᠠ ᠪᠠᠨ ᠬᠠᠰᠬᠢᠷᠣᠨ ᠠᠰᠠᠭᠤᠯ᠎ᠠ᠃ ᠬᠠᠳᠠᠨ ᠤ ᠴᠣᠣᠷᠢᠶ᠎ᠠ ᠬᠢᠭᠡᠳ ︽ᠫᠦᠷᠳ᠋᠂ ᠵᠢᠷᠳ᠋︾ ᠭᠡᠵᠤ ᠪᠣᠷᠭᠠᠰᠣᠨ | ᠣᠭ ᠠᠴᠠ ᠥᠷᠬᠦᠨ ᠨᠢᠰᠬᠦ ᠭᠡᠳᠦᠨ ᠪᠥᠳᠣᠨᠠ ᠠᠴᠠ ᠥᠭᠡᠷ᠎ᠡ ᠬᠠᠷᠢᠭᠤᠯᠳᠠ ᠦᠭᠡᠢ᠃ ᠪᠥᠳᠣᠨᠠ ᠴᠣ᠋ ᠣᠣᠯ ᠢᠶᠠᠨ | ᠪᠣᠳᠣᠪᠠᠯ ᠶᠡᠭᠡ ᠬᠤᠯᠨ ᠨᠢᠰᠴᠣ ᠴᠢᠳᠠᠳᠠᠭ ᠪᠣᠯᠵᠠᠢ᠃ ᠢᠯᠠᠩᠭᠤᠶ᠎ᠠ ᠠᠳᠡ ᠲᠡᠨᠳᠡ ᠦᠭᠡᠢ ᠣᠩᠬᠢ ᠴᠣᠩᠬᠢ | ᠮᠠᠯᠳᠠᠭᠰᠠᠨ ᠨᠦᠭᠡ ᠠᠷᠪᠢᠨ ᠪᠠᠶᠢᠬᠤ ᠶᠢ ᠦᠵᠡᠭᠡᠳ ᠵᠢᠷᠤᠭᠡ ᠡᠮᠵᠡᠭᠯᠡᠯᠠ᠃ ᠣᠷᠴᠢᠮ ᠤᠨ ᠵᠢᠯ ᠠᠴᠠ ᠬᠤᠰᠢᠭᠤ | ᠪᠠᠯᠭᠠᠰᠣᠨ ᠤ ᠬᠢᠨ ᠣᠯᠠᠭᠠᠨ᠎ᠠ ᠶᠢᠨ ᠮᠣᠳᠦ ᠶᠢ ᠰᠠᠭᠤᠷᠢ ᠰᠠᠭᠤᠷᠢ ᠪᠠᠷ ᠨᠢ ᠣᠬᠤᠵᠣ ᠠᠪᠠᠴᠢᠭᠠᠳ ᠬᠦᠷᠢᠶᠡᠨ ᠳᠤ | ᠪᠠᠨ ᠵᠠᠶᠢᠯᠠᠳᠠᠭ ᠪᠣᠯᠣᠭᠰᠠᠨ᠃ ᠪᠢ ᠴᠣ᠋ ᠬᠦᠷᠢᠶᠡᠨ ᠳᠤ ᠪᠠᠨ ᠬᠤᠶᠠᠷ ᠰᠠᠭᠤᠷᠢ ᠣᠯᠠᠭᠠᠨ᠎ᠠ ᠶᠢᠨ ᠮᠣᠳᠦ ᠲᠠᠢ᠃ | ᠭᠡᠰᠡᠨ ᠴᠣ᠋ ᠦᠷ᠎ᠡ ᠲᠠᠷᠢᠵᠣ ᠤᠷᠭᠤᠭᠤᠯᠤᠭᠰᠠ ᠠᠴᠠ ᠪᠢᠰᠢ᠂ ᠨᠣᠳᠤᠭ ᠤᠨ ᠠᠭᠤᠯᠠᠨ ᠠᠴᠠ ᠪᠠᠨ ᠮᠠᠯᠳᠠᠭᠠ | ᠦᠭᠡᠢ ᠳᠤ ᠪᠠᠨ ᠣᠯᠵᠠᠷᠬᠠᠳᠠᠭ ᠰᠠᠨ᠃ ᠬᠦᠷᠢᠶᠠᠨ ᠤ ᠣᠯᠠᠭᠠᠨ᠎ᠠ ᠣᠰᠣᠯᠠᠭᠠ ᠠᠷᠠᠴᠢᠯᠠᠭ᠎ᠠ ᠰᠠᠶᠢᠳᠠᠢ᠂ ᠨᠥᠮᠣᠷᠢ | ᠲᠠᠢ ᠪᠠᠶᠢᠳᠠᠭ ᠠᠴᠠ ᠲᠦᠬᠦᠷᠳᠡᠯ᠎ᠡ ᠰᠠᠭᠤᠳᠠᠭ ᠪᠣᠯᠪᠠᠴᠣ ᠨᠠᠳᠠ ᠳᠤ ᠶᠠᠭᠠᠬᠢᠭᠰᠠᠨ ᠴᠣ᠋ ᠪᠠᠭ᠎ᠠ ᠶᠢᠨ ᠦᠶ᠎ᠡ ᠳᠤ | ᠢᠳᠡᠵᠤ ᠪᠠᠶᠢᠭᠰᠠᠨ ᠭᠡᠭᠡᠷ᠎ᠡ ᠶᠢᠨ ᠣᠯᠠᠭᠠᠨ᠎ᠠ ᠶᠢᠨ ᠵᠡᠷᠭᠡ ᠠᠮᠳᠠ ᠲᠠᠢ ᠰᠠᠨᠠᠭᠳᠠᠬᠤ ᠦᠭᠡᠢ ᠪᠢᠯᠨ᠃ ᠭᠡᠭᠡᠷ᠎ᠡ ᠶᠢᠨ | ᠲᠠᠣᠯᠠᠢ ᠶᠢᠨ ᠮᠢᠬ᠎ᠠ᠂ ᠲᠡᠵᠢᠭᠡᠪᠦᠷᠢ ᠲᠠᠣᠯᠠᠢ ᠶᠢᠨ ᠮᠢᠬᠠᠨ ᠠᠴᠠ ᠱᠦᠯᠦ ᠨᠢ ᠴᠢᠩᠭ᠎ᠠ᠂ ᠠᠮᠲᠠ ᠰᠠᠶᠢᠲᠠᠢ ᠭᠡᠵᠤ | ᠵᠠᠷᠢᠮ ᠬᠦᠮᠣᠰ ᠤᠨ ᠮᠡᠷᠭᠡᠯᠡᠳᠡᠭ ᠰᠢᠭ ᠭᠡᠭᠡᠷ᠎ᠡ ᠶᠢᠨ ᠵᠢᠮᠢᠰᠣᠨ ᠤ ᠠᠮᠳᠠ᠂ ᠬᠦᠷᠢᠶᠡᠨ ᠤ ᠵᠢᠮᠢᠰᠣᠨ ᠤ ᠠᠮᠳᠠ | ᠬᠤᠶᠠᠷ ᠴᠣ᠋ ᠵᠥᠷᠢᠳᠡᠭ ᠪᠠᠶᠢᠯᠬᠦᠢ ᠶᠠᠭᠠᠬᠢᠬᠤ ᠪᠣᠢ︖ | ᠣᠷᠮ᠎ᠠ ᠬᠠᠷᠢᠵᠣ᠂ ᠲᠣᠯᠣᠭᠠᠢ ᠪᠠᠨ ᠭᠠᠨᠵᠣᠭᠠᠯᠠᠨ ᠬᠤᠨᠢ ᠪᠠᠨ ᠲᠠᠭᠤᠵᠣ ᠬᠠᠷᠢᠭᠰᠠᠨ ᠣᠷᠣᠢ᠂ ᠠᠵᠠᠢ ᠡᠮᠧ ᠳᠤ | ᠪᠠᠨ ᠦᠵᠡᠭᠰᠡᠨ ᠪᠣᠳᠣᠭᠰᠠᠨ ᠢᠶᠠᠨ ᠶᠠᠷᠢᠵᠣ᠂ ᠠᠳᠬᠤ ᠤᠯᠠᠭᠠᠨ᠎ᠠ ᠪᠠᠨ ᠭᠠᠷᠭᠠᠯ᠎ᠠ᠃ ᠡᠮᠧ ᠶᠢᠨ᠄ ︽ᠲᠡᠭᠷᠢ ᠠᠪᠤ | ᠥᠷᠤᠰᠢᠶᠡᠵᠤ ᠪᠣᠷᠣᠭᠠᠨ ᠬᠤᠷ᠎ᠠ ᠲᠡᠭᠰᠢᠷᠡᠭᠡᠳ᠂ ᠬᠦᠮᠣᠨ ᠠᠮᠢᠳᠠᠨ ᠰᠣᠶᠢᠳᠭᠡᠬᠦ ᠦᠭᠡᠢ ᠪᠣᠯ ᠣᠢ ᠮᠣᠳᠦ ᠨᠢ | ᠰᠡᠷᠬᠦᠯ ᠦᠭᠡᠢ ᠳ᠋ᠧ︾ ᠭᠡᠬᠦ ᠲᠠᠶᠢᠳᠬᠤᠷᠠᠭᠤᠯᠬᠤ ᠠᠶᠠᠰ ᠲᠠᠢ ᠦᠭᠡ ᠶᠢ ᠰᠣᠨᠣᠰᠣᠭᠠᠳ ᠬᠠᠷᠢᠨ ᠰᠡᠳᠬᠢᠯ ᠵᠢᠭᠠᠬᠠᠨ | ᠠᠭᠤᠵᠢᠷᠠᠬᠤ ᠰᠢᠭ᠋ ᠪᠣᠯᠣᠯ᠎ᠠ᠃ | ᠪᠠᠰᠨ ᠯᠨ ᠣᠯᠠᠭᠠᠨ᠎ᠠ ᠪᠣᠯᠪᠠᠰᠣᠷᠠᠬᠤ ᠡᠷᠡᠨ ᠪᠣᠯᠴᠢᠬᠠᠯ᠎ᠠ᠃ ᠠᠯᠣᠰ ᠬᠤᠯᠨ ᠠᠴᠠ ᠨᠣᠳᠤᠭ ᠤᠨ ᠠᠭᠤᠯᠠᠨ ᠤ | ᠴᠡᠩᠭᠡᠷ ᠪᠡᠷ᠎ᠡ ᠶᠢ ᠰᠢᠷᠳᠡᠨ ᠰᠠᠭᠤᠬᠤ ᠳᠤ ᠪᠠᠨ ᠲᠡᠣᠭᠡᠨ ᠳᠤ ᠠᠯᠳᠠᠷᠳᠠᠢ ᠨᠠᠢᠮᠨ ᠶᠢᠨ ᠠᠭᠤᠯᠨ ᠮᠢᠨᠢ ᠡᠷᠳᠡᠨᠢᠭᠡ | ᠡᠳᠦᠷ ᠬᠠᠮᠠᠭᠠᠯᠠᠯᠳᠠ ᠳᠤ ᠣᠷᠣᠵᠣ᠂ ᠣᠢ ᠮᠣᠳᠦ ᠨᠢ ᠰᠡᠷᠬᠦᠪᠡᠯ ᠪᠢ ᠴᠢᠨᠢ ᠡᠪᠣᠭᠡᠷᠡᠬᠦ ᠨᠠᠰᠣᠨ ᠳᠤ ᠪᠠᠨ ᠪᠠᠭ᠎ᠠ ᠶᠢᠨ | ᠢᠳᠡᠵᠤ ᠪᠠᠶᠢᠭᠰᠠᠨ ᠣᠯᠠᠭᠠᠨ᠎ᠠ ᠪᠠᠨ ᠲᠡᠬᠦᠵᠣ ᠵᠤᠭᠠᠯᠠᠬᠤ ᠠᠵᠨ ᠵᠠᠪᠰᠢᠶᠠᠨ ᠲᠠᠢ ᠪᠣᠯᠬᠤ ᠨᠢ ᠡ ᠭᠡᠵᠤ ᠪᠣᠳᠣᠵᠣ | ᠣᠶᠠᠷᠠᠵᠣ ᠰᠠᠭᠤᠯ᠎ᠠ᠃ |