ᠳᠤᠷᠭᠠᠨ ᠴᠠᠬᠠᠷ — ᠢ᠊᠂ ᠰᠤᠶᠤᠯ ᠵᠤᠬᠢ᠊
ᠨᠡᠶᠢᠲᠡᠯᠡᠭᠰᠡᠨ ᠴᠠᠭ᠄
2021/2/24
 ᠳᠤᠷᠭᠠᠨ ᠴᠠᠬᠠᠷ — ᠢ᠊᠂ ᠰᠤᠶᠤᠯ ᠵᠤᠬᠢᠶᠠᠪᠠ ᠦᠯᠵᠠᠢ ᠲᠠᠢ ᠪᠦᠬᠦᠨ ᠤ ᠡᠮᠤᠨ᠎ᠠ ᠳᠤᠷᠭᠠᠨ ᠬᠠᠳᠠᠭ ᠢᠶᠠᠨ ᠳᠡᠯᠭᠡᠳᠡᠭ ᠦᠪ ᠰᠤᠶᠤᠯ ᠨᠤᠮ ᠢ ᠳᠤᠷᠭᠠᠨ ᠳᠤ ᠪᠠᠭᠯᠠᠵᠦ ᠪᠠᠷᠢᠨᠳᠠᠭᠯᠠᠳᠠᠭ ᠦᠡᠭᠭᠡᠳᠦ ᠨᠤᠭᠤᠭᠠᠨ ᠳᠠᠯ᠎ᠠ ᠪᠠᠨ ᠳᠤᠷᠭᠠᠨ ᠳᠠᠯ᠎ᠠ ᠭᠡᠳᠡᠭ ᠦᠰᠢᠶᠡᠳᠡᠨ ᠢ ᠳᠠᠷᠤᠬᠤ ᠰᠡᠯᠡᠮ᠎ᠠ ᠪᠠᠨ ᠳᠤᠷᠭᠠᠨ ᠢᠷ ᠲᠠᠢ ᠪᠢᠯᠡᠬᠦᠳᠡᠳᠡᠭ ᠡᠪᠡᠰᠦᠨ ᠤ ᠨᠠᠮᠤᠭᠤᠬᠠᠨ ᠨᠠᠶᠢᠭᠤᠭ᠎ᠠ ᠶᠢ ᠳᠤᠷᠭᠠᠨ ᠳᠤᠯᠬᠢᠶ᠎ᠠ ᠭᠡᠳᠡᠭ ᠡᠮᠤᠰᠭᠡᠯ ᠵᠡᠬᠦᠳᠡᠯ ᠵᠠᠰᠠᠯ ᠳᠤᠷᠭᠠᠨ ᠤ ᠵᠦᠢᠯ ᠯᠠ ᠪᠠᠶᠢᠳᠠᠭ ᠦᠪᠡᠷ ᠢ ᠮᠢᠨᠢ ᠳᠡᠭᠡᠭᠡᠳ ᠳᠤᠷᠭᠠᠨ ᠴᠠᠬᠠᠷ ᠬᠡᠮᠡᠳᠡᠭ ᠳᠡᠯᠡᠭᠡᠢ ᠳᠤᠭᠤᠴᠢᠬᠤ ᠮᠤᠷᠢᠳ ᠨᠢ ᠳᠤᠷᠭᠠᠨ ᠬᠦᠶᠦᠳᠡᠯ ᠲᠠᠢ ᠳᠦᠷᠦᠳᠡᠭ ᠳᠡᠭᠷᠢ ᠳᠤ ᠳᠡᠳᠬᠦᠬᠦᠯᠵᠦ ᠬᠦᠪᠡᠬᠦᠳ ᠨᠢ ᠳᠤᠷᠭᠠᠨ ᠴᠡᠷᠢᠭ ᠲᠡᠭᠡᠨ ᠮᠤᠷᠳᠠᠳᠠᠭ ᠳᠡᠭᠡᠳᠦᠰ ᠢᠶᠠᠨ ᠬᠦᠨᠳᠤᠯᠠᠵᠦ ᠦᠬᠢᠳ ᠨᠢ ᠳᠤᠷᠭᠠᠨ ᠭᠤᠶᠤᠯ ᠲᠠᠢ ᠬᠠᠷᠢᠯᠠᠳᠠᠭ ᠳᠡᠩᠬᠦᠢ ᠵᠢᠭᠠᠯ ᠢᠶᠠᠨ ᠪᠢᠳᠡ ᠳᠤᠷᠭᠠᠨ ᠳᠤ ᠳᠤᠭᠯᠠᠯ᠎ᠠ ᠭᠡᠳᠡᠭ ᠬᠦᠯᠦᠭ ᠤᠨ ᠢᠶᠠᠨ ᠳᠤᠭᠤᠰᠤ ᠶᠢ ᠠᠷᠠᠪ ᠲᠤ ᠮᠠᠨᠠᠷᠭᠠᠭᠰᠠᠨ ᠮᠤᠩᠭᠤᠯ ᠤᠨ ᠴᠠᠬᠠᠷ ᠬᠦᠦ ᠶᠢᠨ ᠢᠶᠠᠨ ᠤᠬᠠᠭᠠᠨ ᠢ ᠤᠳᠤᠨ ᠳᠤ ᠬᠦᠷᠭᠡᠭᠰᠡᠨ ᠳᠡᠭᠷᠢ ᠶᠢᠨ ᠴᠠᠬᠠᠷ ᠳᠦᠷᠦ ᠤᠯᠤᠰ ᠢᠶᠠᠨ ᠮᠠᠨᠵᠤ ᠠᠴᠠ ᠬᠠᠷᠮᠠᠨᠠᠭᠰᠠᠨ ᠯᠢᠭᠳᠡᠨ ᠤ ᠴᠠᠬᠠᠷ ᠳᠡᠥᠭᠡ ᠰᠤᠶᠤᠯ ᠢᠶᠠᠨ ᠳᠠᠶᠠᠩ ᠳᠤ ᠭᠠᠶᠢᠬᠠᠭᠤᠯᠤᠭᠰᠠᠨ ᠦᠪᠦᠷ ᠤᠨ ᠴᠠᠬᠠᠷ ᠱᠠᠵᠢᠨ ᠤ ᠨᠤᠮᠯᠠᠯ ᠢᠶᠠᠷ ᠰᠡᠳᠬᠢᠯ ᠢᠶᠠᠨ ᠠᠷᠢᠭᠤᠰᠬᠠᠭᠰᠠᠨ ᠪᠤᠷᠬᠠᠨ ᠤ ᠴᠠᠬᠠᠷ ᠱᠠᠩᠳᠦ ᠶᠢᠨ ᠵᠠᠷᠯᠢᠭ ᠢ ᠳᠡᠯᠡᠭᠡᠢ ᠳᠤ ᠳᠦᠭᠡᠭᠡᠭᠰᠡᠨ ᠬᠠᠭᠠᠨ ᠤ ᠴᠠᠬᠠᠷ ᠦᠷᠯᠦᠭ ᠡᠴᠢᠭᠡ ᠶᠢᠨ ᠢᠶᠠᠨ ᠭᠤᠯᠤᠮᠳᠠ ᠶᠢ ᠳᠤᠯᠤᠭᠰᠠᠨ ᠳᠤᠯᠤᠢ ᠶᠢᠨ ᠴᠠᠬᠠᠷ ᠦᠨᠦᠳᠤᠷ ᠪᠤᠯᠳᠠᠯ᠎ᠠ ᠪᠠᠭᠤᠴᠠ ᠪᠠᠨ ᠰᠠᠬᠢᠭᠰᠠᠨ ᠳᠤᠷᠭᠠᠨ ᠴᠠᠬᠠᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号