ᠨᠤᠲᠤᠭ  ᠭᠠᠨᠭ᠍ᠲᠠᠲᠠᠭ  ᠥᠭᠡᠢ      — ᠰ᠊·ᠡᠯᠪᠡᠭ ᠵᠤᠬᠢ᠊
ᠨᠡᠶᠢᠲᠡᠯᠡᠭᠰᠡᠨ ᠴᠠᠭ᠄
2021/2/24
ᠨᠤᠲᠤᠭ  ᠭᠠᠨᠭ᠍ᠲᠠᠲᠠᠭ  ᠥᠭᠡᠢ      — ᠰ᠊·ᠡᠯᠪᠡᠭ ᠵᠤᠬᠢᠶᠠᠪᠠᠨᠢᠭᠡ       ᠵᠤᠨ ᠤ ᠥᠷᠯᠤᠭᠡ᠂ ᠦᠳᠭᠡᠨ ᠮᠠᠨᠠᠨ ᠤ ᠳᠤᠮᠳᠠ ᠳᠠᠮᠳᠠᠴᠢᠨ ᠪᠤᠰᠤᠬᠰᠠᠨ ᠨᠠᠷᠠ ᠦᠨᠢᠶᠠᠨ ᠵᠠᠯᠠᠨ ᠳᠡᠭᠡᠷ᠎ᠠ ᠰᠠᠭᠤᠯᠠᠭ᠎ᠠ ᠰᠠᠭᠤᠯᠠᠭ᠎ᠠ ᠪᠠᠷ ᠰᠦ ᠪᠠᠨ ᠶᠠᠭᠦᠯᠠᠨ ᠪᠠᠶᠢᠭ᠎ᠠ ᠪᠦᠰᠠᠭᠦᠢ ᠲᠠᠢ ᠴᠢ ᠡᠷᠳᠠ ᠤᠤ︖ ᠪᠢ ᠡᠷᠳᠠ ᠤᠤ︖  ᠭᠡᠰᠡᠨ ᠰᠢᠭ ᠴᠢᠷᠠᠢ ᠤᠯᠪᠠᠯᠵᠠᠭᠤᠯᠤᠨ ᠵᠤᠯᠭᠠᠨ᠎ᠠ︕ ᠳᠠᠭᠠᠨ᠎ᠠ ᠶᠢᠨ ᠳᠤᠯᠤᠭᠠᠢ ᠰᠢᠭᠦᠷᠴᠤ᠂ ᠮᠠᠨᠠᠨ ᠤ ᠬᠤᠷᠮᠤᠢ ᠰᠢᠭᠤᠬᠳᠠᠬᠤ ᠳᠤ ᠬᠤᠯᠠ ᠶᠢᠨ ᠪᠠᠷ᠎ᠠ ᠪᠦᠷᠳᠤᠯᠵᠠᠨ ᠠᠯᠤᠰ ᠠᠴᠠ ᠮᠤᠷᠢ ᠲᠠᠢ ᠭᠦᠮᠤᠨ ᠨᠠᠭᠠᠰᠢᠯᠠᠨ᠎ᠠ᠃ ᠭᠦᠭᠡᠷᠤᠭᠦᠨ ᠭᠦᠤ ᠳᠠᠷᠠ ᠯᠠ ᠪᠠᠷ᠎ᠠ ᠶᠢ ᠤᠯᠵᠤ ᠬᠠᠷᠠᠬᠰᠠᠨ ᠢᠶᠠᠨ ᠡᠭᠦᠳᠠ ᠤᠡᠭᠭᠤᠶᠢᠯᠭᠠᠨ ᠬᠠᠶᠠᠵᠤ᠂ ᠦᠨᠳᠤᠷ ᠦᠳᠭᠡᠨ ᠡᠪᠡᠰᠤᠨ ᠳᠤ  ᠭᠦᠯ ᠤᠷᠢᠶᠠᠯᠳᠤᠨ ᠪᠦᠳᠤᠷᠢᠭᠦ ᠶᠢ ᠦᠯᠤ ᠬᠠᠶᠢᠬᠤᠷᠤᠨ᠂ ᠠᠮᠵᠢᠵᠤ ᠤᠴᠢᠬᠤ ᠶᠢᠨ ᠭᠦᠰᠠᠯ ᠳᠠᠮᠠᠤᠯᠠᠨ ᠮᠤᠷᠢ ᠲᠠᠢ ᠭᠦᠮᠤᠨ ᠢ ᠴᠢᠭᠯᠡᠨ ᠭᠦᠶᠤᠨ᠎ᠠ᠃ ᠤᠨᠤᠭᠠᠨ ᠠᠴᠠ ᠪᠠᠭᠤᠬᠰᠠᠨ ᠡᠷ᠎ᠠ ᠦᠨᠤ ᠭᠦᠤ ᠶᠢ ᠦᠭᠦᠷᠳᠤᠨ ᠤᠬᠳᠤᠵᠤ᠂ ᠳᠠᠪᠠᠷᠢᠵᠤ ᠠᠪᠤᠭᠠᠳ ᠡᠮᠡᠭᠡᠯ ᠳᠠᠭᠡᠷ᠎ᠠ ᠡᠷᠭᠦᠨ ᠭᠠᠷᠭᠠᠵᠤ᠂ ᠰᠢᠭᠦᠳᠠᠷᠢ ᠶᠢᠨ ᠤᠰᠤᠨ ᠳᠤ ᠱᠠᠯ ᠨᠤᠷᠤᠬᠰᠠᠨ ᠳᠠᠪᠠᠯ ᠤᠨ ᠬᠢᠨᠢ ᠬᠤᠷᠮᠤᠢ ᠶᠢ ᠠᠷᠤ  ᠪᠦᠭᠦᠷᠭᠡᠨ ᠳᠠᠭᠡᠭᠦᠷ ᠭᠠᠷᠭᠠᠨ ᠵᠠᠰᠠᠨ ᠰᠠᠭᠤᠯᠭᠠᠵᠤ᠂ ᠬᠠᠵᠠᠭᠠᠷ ᠤᠨ ᠵᠢᠯᠤᠭ᠎ᠠ ᠪᠠᠨ ᠳᠠᠰᠢᠭᠤᠷ ᠲᠠᠢ ᠪᠠᠨ ᠭᠦᠤ ᠳᠤ ᠪᠠᠷᠢᠭᠤᠯᠤᠨ᠂ ᠦᠪᠠᠷ ᠢᠶᠠᠨ ᠨᠤᠬᠳᠤᠨ ᠴᠤᠯᠪᠤᠭᠤᠷ  ᠢᠶᠠᠨ ᠬᠤᠯᠠ ᠭᠡᠭᠴᠢ ᠠᠳᠬᠤᠨ ᠱᠤᠩ ᠵᠦᠭ ᠦᠢᠷᠠᠳᠤᠨ᠎ᠠ᠃ ᠬᠤᠶᠠᠷ      ᠵᠤᠨ ᠤ ᠦᠳᠠ᠂ ᠠᠳᠤᠭᠤ ᠦᠭᠡᠷ ᠬᠤᠨᠢᠨ ᠰᠦᠷᠦᠭ ᠭᠤᠤᠯ ᠤᠨ ᠳᠤᠬᠤᠢ ᠳᠠᠭᠠᠵᠤ ᠬᠤᠷᠠᠨ᠎ᠠ᠃ ᠳᠠᠷᠳᠡᠭᠡ ᠠᠯᠤᠰ ᠲᠤ ᠳᠠᠮᠡᠭᠡ ᠯᠠ ᠤᠷᠳᠤ ᠭᠦᠵᠤᠭᠦᠤ ᠪᠠᠨ ᠪᠠᠶᠢᠨ ᠳᠠᠬᠢᠨ ᠰᠤᠩᠭᠤᠰᠬᠢᠨ ᠪᠦᠭᠦᠶᠢᠭᠰᠡᠨ ᠢᠶᠠᠨ ᠬᠠᠶᠠ ᠳᠤᠯᠤᠭᠠᠢ ᠡᠷᠭᠦᠵᠤ ᠠᠯᠤᠰ ᠤᠨ ᠪᠠᠷ᠎ᠠ ᠶᠢ ᠳᠤᠭᠤᠷᠢᠭᠤᠯᠤᠨ ᠰᠢᠷᠳᠠᠨ᠎ᠠ᠃ ᠢᠮᠠᠭᠠᠳ ᠰᠦᠷᠦᠭ ᠠᠴᠠ ᠵᠤᠵᠢᠭᠯᠠᠨ ᠬᠠᠳᠠ ᠲᠠᠢ ᠳᠤᠯᠤᠭᠠᠢ ᠪᠠᠷᠢᠵᠤ ᠤᠴᠢᠨ᠂ ᠬᠠᠳᠠᠨ ᠵᠠᠪᠰᠠᠷ ᠠᠴᠠ ᠶᠠᠭᠤ ᠨᠢ ᠨᠢᠭᠡ ᠶᠢ ᠤᠯᠵᠤ ᠳᠠᠭᠦᠭᠦ‍ ᠰᠢᠭ ᠬᠤᠰᠢᠭᠤ ᠰᠢᠪᠦᠭᠳᠡᠨ ᠤᠯᠵᠠᠷᠬᠠᠨ ᠠᠮᠳᠠᠯᠠᠬᠤ ᠪᠦᠭᠡᠳ ᠠᠯᠢᠶ᠎ᠠ ᠢᠰᠢᠭᠡ ᠤᠳ ᠨᠢ ᠳᠠᠭᠡᠷ᠎ᠠ ᠨᠢ ᠭᠠᠷᠴᠤ ᠳᠤᠬᠯᠠᠨ᠎ᠠ᠃ ᠨᠠᠷᠠᠨ ᠤ ᠬᠠᠯᠠᠭᠤᠨ ᠳᠤ ᠳᠤᠯᠤᠭᠠᠢ ᠰᠢᠭᠠᠬᠰᠠᠨ ᠬᠤᠨᠢᠳ ᠭᠡᠰᠡᠭ ᠭᠡᠰᠡᠭ ᠢᠶᠠᠷ ᠪᠦᠭᠡᠮᠨᠠᠷᠠᠵᠤ  ᠬᠠᠶᠠ ᠨᠢᠭᠡ ᠬᠤᠶᠠᠷ ᠨᠢ ᠭᠤᠤᠯ ᠤᠨ ᠤᠰᠤᠨ ᠳᠤ ᠤᠴᠢᠵᠤ ᠬᠤᠰᠢᠭᠤ ᠳᠦᠭᠦᠷᠤᠶᠢᠴᠠ ᠪᠤᠯᠤᠭᠠᠳ ᠳᠠᠬᠢᠨ ᠪᠦᠭᠡᠮᠨᠡᠷᠡᠭᠰᠡᠨ ᠭᠡᠰᠡᠭ ᠲᠤ ᠤᠴᠢᠨ ᠭᠦᠯ ᠳᠠᠶᠢᠴᠢᠯᠠᠨ᠂ ᠰᠠᠭᠦᠯ ᠱᠤᠳᠤᠭᠤᠨᠤᠭᠤᠯᠤᠨ ᠳᠤᠯᠤᠭᠠᠢ ᠰᠢᠭᠠᠨ ᠴᠢᠬᠢᠯᠳᠤᠨ᠎ᠠ᠃ ᠦᠭᠡᠷ  ᠤᠳ ᠤᠰᠤᠨ ᠳᠤ ᠵᠤᠬᠰᠤᠵᠤ᠂ ᠵᠤᠨ ᠤ ᠢᠯᠠᠭ᠎ᠠ ᠰᠢᠮᠠᠭᠤᠯ ᠢᠶᠠᠷ ᠵᠤᠭ᠎ᠠ ᠬᠢᠨ ᠰᠠᠭᠦᠯ ᠭᠤᠶᠠᠳᠠᠯᠠᠨ ᠳᠤᠯᠤᠭᠠᠢ ᠳᠠᠮᠤᠷᠤᠳᠠᠨ ᠳᠠᠭᠠᠳᠠᠢ ᠨᠢ ᠠᠷᠭ᠎ᠠ ᠦᠭᠡᠢ ᠰᠠᠯᠠᠭᠦᠴᠠᠨ᠎ᠠ᠃ ᠠᠳᠤᠭᠤᠳ ᠤᠰᠤ ᠴᠦᠮᠤᠴᠢᠨ ᠭᠤᠤᠯ ᠳᠤ ᠤᠷᠤᠬᠰᠠᠨ  ᠢᠶᠠᠨ ᠶᠠᠭᠤ ᠨᠢᠭᠡ ᠠᠴᠠ ᠦᠷᠭᠦᠭᠰᠡᠨ ᠭᠡᠯᠳᠠᠢ ᠠᠭᠠᠰᠢ ᠦᠭᠡᠶᠢᠳᠠᠨ ᠭᠦᠪᠡᠭᠡᠨ ᠳᠤ ᠦᠰᠦᠷᠬᠢᠯᠠᠨ ᠭᠠᠷᠤᠬᠰᠠᠨ ᠢᠶᠠᠨ ᠳᠠᠬᠢᠨ ᠤᠷᠤᠭᠤᠯ ᠢᠶᠠᠷ ᠢᠶᠠᠨ ᠤᠰᠤ ᠢᠷᠠᠵᠤ  ᠭᠦᠨ ᠵᠦᠭ ᠲᠤᠨᠢ ᠤᠴᠢᠵᠤ ᠱᠤᠤᠨ᠎ᠠ᠃      ᠠᠭᠤᠯᠠᠰ ᠤᠨ ᠴᠠᠭᠠᠨ᠎ᠠ ᠠᠴᠠ ᠬᠤᠷᠠᠭᠠᠨ ᠡᠭᠦᠯᠠ ᠳᠤᠯᠤᠭᠠᠶᠢᠯᠠᠵᠤ ᠠᠭᠤᠯᠠᠰ ᠳᠡᠭᠷᠢ ᠶᠢᠨ ᠬᠠᠶᠠᠭ᠎ᠠ ᠳᠡᠯᠡᠨ᠎ᠠ ᠭᠤᠷᠪᠠ     ᠵᠤᠨ ᠤ ᠥᠲᠠᠰᠢ᠂ ᠬᠤᠯᠠ ᠶᠢᠨ ᠨᠠᠭᠤᠷ ᠤᠨ ᠤᠰᠤᠨ ᠤ ᠠᠮᠢᠲᠠᠳ ᠤᠨ ᠲᠠᠭᠤ ᠶᠢ ᠰᠠᠯᠭᠢ ᠪᠠᠷ ᠠᠷᠭᠠᠳᠠᠭᠤᠯᠤᠨ᠂ ᠬᠠᠶᠠᠭᠠᠨ ᠳᠤ ᠡᠯᠭᠦᠭᠲᠡᠭᠰᠡᠨ ᠰᠠᠷᠠᠨ ᠠᠨᠢᠷ ᠥᠭᠡᠢ ᠶᠢᠨ ᠲᠤᠮᠲᠠᠭᠢ ᠰᠥᠨᠢ ᠶᠢᠨ ᠭᠥᠲᠡᠭᠡ ᠶᠢ ᠪᠦᠪᠠᠶᠢᠯᠡᠭᠭᠡᠨ ᠬᠤᠨᠤᠨ᠎ᠠ᠃            ᠲᠥᠷᠪᠠ       ᠵᠤᠨ ᠤ ᠤᠯᠠᠷᠢᠯ ᠲᠥᠷᠪᠠᠨ ᠥᠡᠭᠭᠡ ᠪᠠᠷ ᠤᠯᠠᠷᠢᠨ᠎ᠠ᠂ ᠠᠪᠤᠷᠭᠤ ᠮᠥᠷᠲᠠᠭᠡᠨ ᠠᠷᠬᠢᠮ᠎ᠠ ᠲᠠᠭᠤ ᠲᠠᠢ ᠡᠨᠡ ᠡᠳ᠋ ᠢ ᠮᠠᠯᠲᠠᠭᠤᠷ ᠮᠠᠰᠢᠨ ᠭᠡᠨ᠎ᠠ᠂ ᠠᠭᠤᠯᠠ ᠴᠢᠯᠠᠭᠤ ᠶᠢ ᠬᠠᠭ᠎ᠠ ᠪᠠᠯᠪᠠ ᠡᠪᠲᠠᠯᠠᠵᠤ ᠲᠠᠶᠢᠯᠠᠲᠡᠭ ᠡᠨᠡ ᠡᠳ᠋ ᠢ ᠠᠭᠤᠯᠠᠨ ᠬᠢᠷ᠎ᠠ ᠲᠠᠭᠡᠷ᠎ᠠ ᠠᠵᠢᠯᠯᠠᠵᠤ ᠪᠠᠶᠢᠭ᠎ᠠ ᠶᠢ ᠠᠯᠤᠰ ᠠᠴᠠ ᠬᠠᠷᠠᠬᠤ ᠳᠤ ᠮᠤᠲᠤᠨ ᠨᠠᠪᠴᠢᠨ ᠲᠠᠭᠡᠷ᠎ᠠ ᠠᠲᠠᠪᠠᠯᠵᠢᠨ ᠭᠥᠲᠠᠯᠭᠦ ᠥᠲᠤ ᠬᠤᠷᠤᠬᠠᠢ ᠭᠡᠮᠠᠷ ᠬᠠᠷᠠᠭᠲᠠᠨ᠎ᠠ︕ ᠡᠨᠡ ᠡᠳ᠋ ᠥᠷᠠᠵᠢᠵᠤ ᠪᠠᠶᠢᠭ᠎ᠠ ᠥᠲᠤ ᠰᠢᠭ ᠡᠨᠡ ᠨᠤᠲᠤᠭ ᠲᠤ ᠵᠢᠯ ᠲᠠᠷᠠᠭᠠᠯᠠᠨ ᠠᠷᠪᠢᠲᠤᠨ᠎ᠠ᠃ ᠪᠠᠶᠢᠭᠠᠯᠢ ᠮᠥᠨ ᠴᠤ ᠬᠤᠪᠢᠷᠠᠲᠠᠭ ᠪᠠᠶᠢᠵᠠᠢ ᠡ︕ ᠬᠠᠶᠠ ᠤᠷᠤᠭᠰᠠᠨ ᠪᠤᠷᠤᠭᠠᠨ ᠤ ᠬᠤᠶᠢᠨ᠎ᠠ ᠠᠴᠠ ᠭᠥᠢᠲᠠᠨ ᠰᠠᠯᠭᠢ ᠭᠥᠲᠠᠯᠵᠤ᠂ ᠡᠪᠤᠯ ᠤᠨ ᠭᠥᠢᠲᠠᠨ ᠢ ᠰᠠᠨᠠᠭᠲᠠᠭᠤᠯᠤᠨ᠎ᠠ᠂ ᠵᠠᠷᠢᠮ ᠳᠠᠭᠠᠨ ᠤᠷᠤᠢ ᠲᠠᠭᠡᠷ᠎ᠠ ᠠᠴᠠ ᠨᠠᠷᠠ ᠰᠢᠷᠠᠵᠤ ᠭᠠᠵᠠᠷ ᠲᠠᠯᠠᠭᠡᠢ ᠶᠢ ᠰᠢᠲᠠᠮ᠎ᠠ ᠤᠯᠠᠶᠢᠲᠠᠯ᠎ᠠ ᠬᠠᠯᠠᠨ᠎ᠠ᠃ ᠵᠤᠨ ᠤ ᠴᠠᠭ ᠶᠠᠭ ᠯᠠ ᠲᠥᠷᠪᠠᠨ ᠤᠯᠠᠷᠢᠯ ᠰᠢᠭ᠋ ᠰᠠᠯᠭᠢ ᠲᠠᠢ᠂ ᠪᠤᠷᠤᠭᠠᠨ ᠲᠠᠢ᠂ ᠬᠠᠯᠠᠭᠤᠨ ᠲᠠᠢ᠂ ᠭᠥᠢᠲᠠᠨ ᠲᠠᠢ ᠲᠠᠩᠴᠠᠭᠦᠷᠢ ᠪᠠᠨ ᠠᠯᠳᠠᠯ᠎ᠠ︕ ᠥᠨᠤᠭᠢ ᠠᠭᠤᠯᠠ ᠲᠠᠯ᠎ᠠ ᠲᠠᠭᠡᠷ᠎ᠠ ᠪᠠᠶᠢᠭ᠎ᠠ ᠥᠲᠤ ᠰᠢᠭ ᠡᠳ᠋ ᠯᠠ ᠪᠠᠶᠢᠭᠠᠯᠢ ᠶᠢᠨ ᠡᠨᠡ ᠪᠥᠭᠦᠨ ᠢ ᠥᠯᠤ ᠬᠠᠮᠢᠶᠠᠷᠤᠨ᠂ ᠤᠷᠭᠤᠭ᠎ᠠ ᠮᠤᠲᠤ ᠶᠢ ᠬᠤᠭᠤᠴᠢᠨ᠂ ᠠᠭᠤᠯᠠ ᠬᠠᠲᠠ ᠶᠢ ᠰᠡᠭᠴᠢᠨ᠂ ᠭᠦᠳᠤᠯ ᠲᠤᠯᠤᠭᠠᠳ ᠢ ᠭᠡᠮᠡᠯᠢᠭᠦ ᠪᠠᠷ ᠢᠶᠠᠨ ᠭᠡᠮᠠᠯᠢᠨ᠎ᠠ᠃     ᠤᠷᠭᠠᠴᠢᠨ ᠵᠠᠯᠠᠭᠤ ᠰᠥᠷᠦᠭ ᠡᠷᠭᠢᠭᠦᠯᠵᠤ ᠶᠠᠪᠤᠬᠤ ᠳᠠᠭᠠᠨ ᠡᠨᠠᠭᠦ ᠥᠲᠤ ᠪᠤᠯᠤᠭᠰᠠᠨ ᠨᠢᠲᠤᠨ ᠤ ᠪᠤᠯᠠᠢ ᠶᠢ ᠲᠤᠷ᠎ᠠ ᠥᠭᠡᠢ ᠬᠠᠷᠠᠵᠤ ᠠᠪᠤᠭᠰᠠᠨ ᠢᠶᠠᠨ ᠮᠠᠷᠭᠠᠰᠢ ᠶᠢᠨ ᠤᠪᠤᠭᠠᠨ ᠨᠠᠶᠢᠷ ᠲᠤ ᠵᠤᠳᠤᠭᠯᠠᠵᠤ᠂ ᠪᠠᠰᠠ ᠬᠤᠶᠠᠷ ᠥᠷᠢᠶ᠎ᠠ ᠤᠶᠠᠭᠰᠠᠨ ᠢᠶᠠᠨ ᠰᠠᠨᠠᠵᠤ᠂ ᠡᠳᠡᠭᠡᠷ ᠪᠤᠯᠵᠤ ᠪᠠᠶᠢᠭ᠎ᠠ ᠵᠦᠢᠯ ᠢ ᠦᠯᠤ ᠬᠠᠶᠢᠬᠤᠷᠬᠤᠶᠢᠴᠠ ᠬᠠᠶᠠᠨ᠂ ᠮᠠᠷᠭᠠᠰᠢ ᠪᠤᠯᠬᠤ ᠤᠪᠤᠭᠠᠨ ᠨᠠᠶᠢᠷ ᠲᠠᠭᠠᠨ ᠰᠠᠳᠭᠢᠯ  ᠭᠦᠪᠰᠤᠨ ᠵᠢᠯᠤᠭᠤ ᠡᠷᠬᠢᠬᠦᠯᠦᠠ ᠤᠨᠤᠭᠠᠷᠢ ᠶᠢᠨ ᠮᠤᠷᠢᠨ  ᠳᠠᠭᠠᠨ ᠱᠠᠯᠢᠭ᠎ᠠ ᠥᠭᠴᠤ ᠬᠤᠷᠲᠤᠯᠠᠨ᠎ᠠ᠃     ᠤᠪᠤᠭ᠎ᠠ ᠲᠠᠭᠢᠬᠤ ᠳᠤ ᠪᠤᠷᠤᠭ᠎ᠠ ᠤᠷᠤᠬᠤ ᠶᠤᠮ ᠡ  ᠁︕  ᠲᠡᠭᠷᠢ ᠶᠢᠨ ᠬᠠᠶᠠᠭ᠎ᠠ ᠳᠤ ᠡᠭᠦᠯᠠ ᠲᠤᠯᠤᠭᠠᠶᠢᠯᠠᠨ ᠪᠤᠰᠴᠤ ᠰᠠᠷᠢᠭᠦᠨ ᠠᠮᠢᠰᠬᠤᠯ ᠥᠭᠡᠲᠠ ᠠᠴᠠ ᠰᠦᠷᠢᠵᠤ᠂ ᠭᠠᠨᠭ᠌ ᠲᠠᠶᠢᠯᠠᠬᠤ ᠬᠤᠷ᠎ᠠ ᠪᠠᠭᠤᠬᠤ ᠨᠢ ᠪᠠᠶᠢᠨ᠎ᠠ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号