ᠬᠡᠭᠡᠷ ᠮᠤᠷᠢᠳᠠᠢ ᠬᠠᠷᠢᠶᠠᠴᠠᠢ | — ᠪᠦᠷᠢᠨᠴᠠᠩᠭᠡᠯ ᠵᠤᠬᠢᠶᠠᠪᠠ | ᠨᠢᠭᠡ | ᠠᠪᠤ ᠬᠡᠭᠡᠷ ᠮᠤᠷᠢᠨ ᠤ ᠵᠢᠯᠤᠭᠤ ᠶᠢ ᠳᠠᠳᠠᠰᠬᠢᠨ ᠪᠢᠳᠡᠬᠦᠦ ᠳᠠᠷᠤᠭᠰᠠᠨ ᠰᠢᠨ᠎ᠡ ᠴᠠᠰᠥ ᠶᠢ ᠬᠠᠭᠵᠠ | ᠳᠠᠳᠠᠬᠤ ᠠᠴᠠ ᠬᠠᠶᠢᠷᠠᠯᠠᠬᠤ ᠮᠡᠳᠥ ᠵᠦᠭᠡᠯᠡᠭᠡᠨ ᠠᠯᠬᠤᠭᠤᠯᠤᠭᠰᠠᠭᠠᠷ ᠤᠪᠤᠭᠠᠨ ᠠᠷᠤ ᠶᠢᠨ ᠬᠦᠳᠦᠯ ᠳᠠᠪᠠᠪᠠ᠃ | ᠠᠪᠤ ᠠᠶᠢᠯ ᠳᠤ ᠡᠪᠤᠯ ᠤᠨ ᠢᠳᠡᠰᠢ ᠭᠠᠷᠭᠠᠬᠤ ᠪᠠᠷ ᠶᠠᠪᠤᠵᠦ ᠪᠠᠶᠢᠨ᠎ᠠ᠃ ᠳᠡᠬᠦᠦ ᠳᠠᠭᠠᠵᠦ ᠶᠠᠪᠤᠬᠤ | ᠰᠠᠨᠠᠭᠠᠳᠠᠢ ᠪᠠᠶᠢᠭᠰᠠᠨ ᠴᠦ ᠠᠷᠠᠢ ᠪᠤᠯᠤᠭᠰᠠᠨ ᠦᠭᠡᠢ᠃ ᠤᠶᠠᠭᠠᠨ ᠤ ᠨᠠᠭᠠᠨ᠎ᠠ ᠬᠤᠴᠤᠷᠠᠴᠢᠬᠠᠭᠠᠳ ᠠᠪᠤ ᠶᠢᠨ ᠪᠠᠷ᠎ᠠ | ᠳᠠᠯᠳᠠ ᠤᠷᠤᠳᠠᠯ᠎ᠠ ᠳᠡᠨᠳᠡ ᠪᠠᠨ ᠵᠤᠭᠰᠤᠭᠰᠠᠭᠠᠷ ᠪᠠᠶᠢᠯ᠎ᠠ᠃ ᠳᠠᠭᠠᠷᠠᠭᠰᠠᠨ ᠴᠢᠬᠢ ᠪᠠᠨ ᠭᠠᠷ ᠢᠶᠠᠷ ᠢᠶᠠᠨ ᠳᠠᠷᠤᠬᠤ | ᠳᠤᠨᠢ ᠰᠢᠨ᠎ᠡ ᠴᠠᠰᠥᠨ ᠳᠤ ᠨᠢᠳᠥ ᠨᠢ ᠬᠢᠯᠠᠰᠤᠭᠠᠳ ᠪᠠᠰᠠ ᠪᠤᠯᠬᠤ ᠦᠭᠡᠢ᠃ ᠦᠷᠦᠭᠡᠰᠦᠨ ᠴᠢᠬᠢ᠂ ᠳᠠᠯ᠎ᠠ ᠨᠢᠳᠤ | ᠪᠠᠨ ᠳᠠᠷᠤᠴᠢᠬᠠᠭᠰᠠᠨ ︽ᠮᠠᠯᠠᠭᠠᠢ︕ ᠴᠢᠬᠢ ᠤᠨᠠᠯ᠎ᠠ︾ ᠬᠡᠵᠦ ᠬᠠᠰᠬᠢᠷᠴᠦ ᠵᠤᠭᠰᠤᠬᠤ ᠨᠢ ᠱᠤᠭ ᠲᠠᠢ ᠮᠦᠷᠳᠡᠭᠡᠨ | ᠬᠦᠭᠡᠷᠤᠬᠦᠨ᠃ ᠳᠡᠬᠦᠦ ᠶᠢᠨ ᠬᠡᠯᠡᠬᠦ ᠪᠠᠷ ᠡᠪᠤᠸ᠋ ᠪᠤᠯ ᠦᠯᠢᠭᠡᠷ ᠲᠤ ᠭᠠᠷᠳᠠᠭ ᠪᠠᠭᠠᠪᠠᠭᠠᠢ ᠠᠯᠠᠳᠠᠭ ᠪᠠᠭᠠᠳᠤᠷ | ᠵᠠᠩᠵᠤᠨ ᠮᠦᠨ᠃ ᠳᠡᠶᠢᠮᠤ ᠪᠦᠳᠦᠬᠦᠨ ᠦᠭᠡᠷ ᠢ ᠤᠨᠠᠭᠠᠵᠦ ᠳᠤᠭᠤᠭᠠᠨ ᠳᠤ ᠪᠠᠭᠳᠠᠬᠤ ᠬᠡᠳᠦᠨ ᠬᠡᠰᠡᠭ ᠪᠤᠯᠭᠠᠨ᠎ᠠ | ᠬᠡᠳᠡᠭ ᠦᠨᠡᠨ ᠠᠮᠠᠷ ᠦᠭᠡᠢ᠃ ᠤᠳᠤᠨ ᠤ ᠠᠪᠤ ᠪᠤᠯ ᠬᠤᠷᠠᠭᠠᠨ ᠤ ᠪᠦᠭᠡᠷ᠎ᠡ ᠪᠠᠰᠠ ᠠᠪᠴᠦ ᠴᠢᠳᠠᠬᠤ ᠦᠭᠡᠢ | ᠪᠤᠯᠬᠤᠷ ᠠᠪᠤ ᠶᠢ ᠳᠠᠭᠤᠳᠠᠳᠠᠭ ᠶᠤᠮ ᠴᠢᠨᠢ ᠁ | ᠳᠡᠶᠢᠮᠤ ᠡ︕ ᠬᠠᠶᠠ ᠠᠯᠭ᠎ᠠ ᠨᠢ ᠳᠡᠨᠡᠶᠢᠵᠦ ᠰᠢᠯ ᠠᠷᠢᠬᠢ᠂ ᠰᠠᠯᠠᠮ᠎ᠠ ᠲᠠᠢ ᠳᠠᠮᠠᠬᠢ ᠦᠭᠬᠦᠭᠰᠡᠨ | ᠪᠠᠶᠢᠳᠠᠭ᠃ ᠠᠪᠤ ᠬᠠᠷᠢᠨ ᠠᠷᠢᠬᠢ ᠤᠤᠭᠤᠳᠠᠭ ᠦᠭᠡᠢ᠂ ᠳᠡᠷᠡ ᠠᠷᠢᠬᠢ ᠶᠢ ᠬᠠᠮᠢᠭ᠎ᠠ ᠳᠠᠯᠪᠢᠭᠰᠠᠨ ᠪᠤᠯ ᠳᠡᠨᠳᠡ ᠪᠠᠨ | ᠤᠳᠠᠳᠠᠯ᠎ᠠ ᠪᠠᠶᠢᠵᠦ ᠯᠠ ᠪᠠᠶᠢᠳᠠᠭ᠃ | ᠳᠡᠬᠦᠦ ᠪᠢᠳᠡ ᠬᠤᠶᠠᠷ ᠠᠪᠤ ᠶᠢ ᠳᠠᠭᠤᠷᠢᠶᠠᠬᠤ ᠳᠤᠷᠠᠳᠠᠢ᠂ ᠬᠤᠷᠳᠤᠨ ᠦᠰᠴᠦ ᠠᠪᠦ ᠰᠢᠭ ᠳᠤᠮᠤ ᠡᠷ᠎ᠡ | ᠪᠤᠯᠬᠤ ᠰᠠᠨ︕ ᠮᠤᠷᠢ ᠤᠨᠤᠵᠦ ᠠᠶᠢᠯ ᠳᠤᠭᠤᠷᠢᠭᠠᠳ ᠢᠳᠡᠰᠢ ᠭᠠᠷᠭᠠᠨ᠎ᠠ ᠬᠡᠵᠦ ᠳᠠᠩᠳᠠ ᠪᠠᠨ ᠶᠠᠷᠢᠨ᠃ | ᠠᠷᠠᠰᠥᠨ ᠬᠤᠢ ᠲᠠᠢ ᠤᠷᠳᠤ ᠪᠤᠭᠤᠨᠢ ᠬᠢᠳᠤᠭ᠎ᠠ᠂ ᠡᠯᠡᠭᠳᠡᠵᠦ ᠨᠢᠮᠭᠡᠷᠡᠭᠰᠡᠨ ᠪᠢᠯᠡᠬᠦᠦ ᠳᠤᠨᠢ ᠬᠦᠷᠳᠡᠯ᠎ᠡ ᠳᠤᠷᠠᠯᠠᠨ᠎ᠠ᠃ | ᠬᠤᠶᠠᠷ | ᠠᠪᠠᠭ᠎ᠠ ᠰᠤᠭᠳᠤᠴᠢᠬᠠᠵᠠᠢ᠃ | ᠠᠷᠢᠬᠢ ᠨᠡᠭᠡᠭᠡᠳ ᠪᠠᠶᠢᠬᠤ ᠪᠠᠷ ᠨᠢ ᠠᠪᠤ᠄ ︽ᠶᠠᠭᠤᠮ᠎ᠠ ᠪᠠᠶᠢᠨ᠎ᠠ ᠦᠦ︖ ᠭᠠᠷᠭᠠᠭᠠᠳ ᠦᠭ︕︾ | ᠬᠡᠪᠠ᠃ | ᠡᠵᠢ ᠭᠠᠯ ᠳᠠᠭᠠᠨ ᠠᠷᠭᠠᠯ ᠬᠢᠬᠦ ᠰᠢᠭ ᠪᠤᠯᠤᠭᠠᠳ ᠳᠤᠤᠭᠠᠷᠤᠭᠰᠠᠨ ᠦᠭᠡᠢ᠃ | ︽ᠴᠢ ᠴᠦ ᠬᠦᠭᠡᠷᠤᠬᠦᠢ︕ ᠬᠦᠮᠦᠨ ᠤ ᠮᠡᠳᠡᠯ ᠨᠤᠬᠠᠢ ᠶᠢᠨ ᠬᠦᠳᠦᠯ ᠪᠤᠯᠵᠦ ᠳ᠋ᠠ︕︾ | ᠡᠵᠢ ᠳᠤᠭᠤᠭ᠎ᠠ ᠰᠢᠨᠠᠭ᠎ᠠ ᠪᠠᠨ ᠰᠢᠷᠤᠬᠦᠨ ᠬᠠᠷᠰᠢᠯᠳᠤᠭᠤᠯᠵᠦ ᠭᠠᠯ ᠢᠶᠠᠨ ᠬᠦᠴᠦᠳᠠᠢ ᠰᠢᠯᠭᠡᠭᠡᠬᠦ ᠳᠤᠨᠢ | ᠵᠤᠤᠬᠠᠨ ᠤ ᠠᠮᠠ ᠪᠠᠷ ᠪᠦᠭᠡᠮ ᠭᠠᠯ ᠠᠰᠬᠠᠷᠠᠵᠦ ᠳᠤᠭᠤᠭᠠᠨ ᠢᠷᠮᠡᠭ ᠳᠤᠯᠢᠶᠠᠭᠠᠳ ᠪᠤᠴᠠᠪᠠ᠃ ᠠᠪᠤ ᠠᠷᠭ᠎ᠠ ᠦᠭᠡᠢ | ᠪᠤᠰᠴᠦ ᠬᠤᠨᠳᠠᠭ᠎ᠠ ᠳᠠᠯᠪᠢᠭᠠᠳ ᠦᠭᠬᠦᠭᠰᠡᠨ ᠴᠢᠨᠢ ᠪᠠᠰᠠ ᠤᠤᠭᠤᠬᠤ ᠦᠭᠡᠢ᠃ ᠬᠤᠨᠳᠠᠭ᠎ᠠ ᠪᠠᠨ ᠡᠷᠬᠦᠭᠡᠳ ᠴᠢᠬᠢᠨ | ᠳᠡᠭᠡᠨ ᠬᠢᠬᠦ ᠬᠡᠵᠦ ᠪᠠᠶᠢᠬᠤ ᠰᠢᠭ ᠳᠤᠩᠭᠤᠶᠢᠵᠦ ᠪᠠᠭ᠋ᠠᠨ ᠰᠠᠭᠤᠭᠰᠠᠨ ᠢᠶᠠᠨ᠄ ︽ᠴᠢ ᠳᠡᠷᠡ ᠦᠭᠡᠷ ᠠᠯᠠᠵᠦ | ᠪᠠᠭᠠᠯᠵᠤᠤᠷ ᠤᠨ ᠮᠢᠬ᠎ᠠ ᠠᠪᠳᠠᠭ ᠢᠶᠠᠨ ᠪᠤᠯᠢᠭᠰᠠᠨ ᠳᠡᠭᠡᠷ᠎ᠡ︕ ᠡᠮᠬᠦ ᠮᠢᠬᠠᠨ ᠤ ᠳᠦᠯᠦᠭᠡ ᠢᠡᠭᠬᠢᠵᠦ ᠦᠢᠯᠡ ᠪᠠᠨ | ᠦᠵᠡᠭᠡᠳ ᠶᠠᠭᠤ ᠬᠢᠨ᠎ᠠ︖ ᠠᠮᠢᠳᠠᠨ ᠬᠦᠮᠦᠨ ᠡᠯᠳᠡᠪ ᠢᠶᠠᠷ ᠮᠠᠭᠤᠯᠠᠵᠦ ᠪᠠᠶᠢᠨ᠎ᠠ᠂ ᠨᠢᠭᠤᠷ︕ ᠨᠢᠭᠤᠷ︕︾ | ᠬᠡᠵᠦ ᠬᠠᠴᠠᠷ ᠢᠶᠠᠨ ᠵᠢᠭᠠᠪᠠ᠃ ᠠᠪᠤ ᠤᠨᠳᠠᠭ᠎ᠠ ᠰᠡᠷᠡᠬᠦᠨ ᠨᠢ ᠮᠡᠳᠡᠭᠳᠡᠬᠦ ᠦᠭᠡᠢ ᠬᠠᠨᠵᠤᠨ ᠤ ᠬᠤᠶᠢᠭᠤᠷ ᠨᠢᠳᠥ ᠪᠠᠨ | ᠠᠨᠢᠨ ᠬᠡᠪᠳᠡᠭᠰᠡᠭᠡᠷ ᠪᠠᠶᠢᠯ᠎ᠠ᠃ | ︽ᠦᠭᠡᠢ᠂ ᠴᠢ ᠰᠤᠨᠤᠰᠴᠦ ᠪᠠᠶᠢᠨ᠎ᠠ︖ ᠦᠭᠡᠢ ᠦᠦ︖︾ ᠬᠡᠵᠦ ᠠᠪᠤ ᠶᠢᠨ ᠳᠡᠭᠡᠷ᠎ᠡ ᠠᠴᠠ | ᠦᠡᠭᠭᠡᠶᠢᠵᠦ ᠬᠠᠷᠠᠭᠰᠠᠨ ᠢᠶᠠᠨ᠄ ︽ᠴᠢᠮ᠎ᠠ ᠳᠤ ᠦᠭᠡ ᠬᠡᠯᠡᠬᠦ ᠳᠠᠷᠪᠠᠭ᠎ᠠ ᠶᠢᠨ ᠨᠦᠭᠡᠨ ᠳᠤ ᠶᠠᠷᠢᠬᠤ ᠦᠭᠡᠷ᠎ᠡ ᠴᠦ | ᠦᠭᠡᠢ︾ ᠬᠡᠳ ᠪᠤᠴᠠᠵᠦ ᠰᠠᠭᠤᠪᠠ᠃ | ︽ᠮᠢᠨᠤ ᠬᠠᠯᠢᠭᠤᠨ ᠦᠨᠢᠶ᠎ᠠ ᠰᠠᠭᠠᠮᠠᠯ ᠬᠡᠬᠦ ᠳᠤ ᠵᠡᠭᠡᠭᠰᠡᠨ ᠠᠯᠠᠭ ᠰᠡᠭᠡᠷ ᠲᠠᠢ᠂ ᠠᠬ᠎ᠠ ᠳᠡᠬᠦᠦ | ᠬᠤᠶᠠᠭᠤᠯᠠ ᠪᠠᠨ ᠬᠤᠪᠢᠶᠠᠵᠦ ᠢᠳᠡᠨ᠎ᠡ᠂ ᠵᠤᠯᠠᠢ ᠵᠤᠯᠠᠢ ᠪᠠᠨ ᠬᠢᠰᠬᠢᠵᠦ ᠳᠦᠷᠦᠭᠰᠡᠨ ᠦᠭᠡᠢ ᠴᠦ ᠨᠢᠭᠡ ᠬᠡᠷ ᠲᠡᠭᠡᠨ | ᠪᠠᠭᠳᠠᠵᠦ ᠦᠰᠦᠭᠰᠡᠨ᠂ ᠬᠤᠪᠢᠶᠠᠵᠦ ᠢᠳᠡᠭᠡᠳ ᠬᠤᠭᠤᠯᠵᠦ ᠮᠦᠯᠵᠢᠨᠠ︾ ᠬᠡᠵᠦ ᠭᠠᠭᠴᠠᠭᠠᠷ ᠢᠶᠠᠨ ᠳᠠᠪᠳᠠᠨ | ᠳᠠᠪᠳᠠᠨ ᠶᠠᠷᠢᠵᠦ ᠰᠠᠭᠤᠭᠰᠠᠨ ᠢᠶᠠᠨ ᠪᠤᠰᠬᠤ ᠬᠡᠵᠦ ᠦᠨᠳᠡᠶᠢᠬᠦ ᠳᠤᠨᠢ ᠳ᠋ᠸᠡᠭ ᠳᠤᠩᠭᠤᠷᠴᠦ ᠬᠡᠷ ᠳᠤᠳᠤᠷ᠎ᠠ ᠫᠠᠳ | ᠬᠠᠷᠠᠩᠭᠤᠢ ᠪᠤᠯᠪᠠ᠃ ᠴᠤᠶᠢᠳᠡᠩ ᠳᠡᠮᠳᠡᠷᠢᠵᠦ ᠱᠠᠷ ᠱᠤᠷ ᠬᠡᠰᠡᠨ ᠢᠶᠠᠨ ᠳ᠋ᠸᠡᠭ ᠳᠠᠬᠢᠭᠠᠳ ᠠᠰᠠᠬᠤ ᠳᠤ ᠠᠪᠠᠭ᠎ᠠ | ᠠᠪᠠᠭ᠎ᠠ ᠭᠠᠷᠤᠭᠠᠳ ᠶᠠᠪᠤᠴᠢᠬᠠᠵᠦ᠂ ᠠᠪᠤ ᠪᠤᠰᠤᠭᠠᠳ ᠰᠠᠭᠤᠴᠢᠬᠠᠭᠰᠠᠨ ᠪᠠᠶᠢᠪᠠ᠃ | ︽ᠶᠠᠭ ᠪᠠᠶᠢᠬᠤ ᠦᠭᠡᠢ ᠪᠢᠰᠢ᠂ ᠬᠤᠷᠤᠭᠠᠨ ᠳᠤ ᠴᠢᠨᠢ ᠪᠠᠰᠠ ᠬᠡᠳᠥᠨ ᠶᠠᠭᠤᠮ᠎ᠠ ᠪᠠᠶᠢᠨ᠎ᠠ᠃ ᠬᠤᠶᠠᠷ | ᠬᠤᠨᠢ ᠵᠠᠷᠤᠭᠠᠳ ᠠᠪᠤᠭᠰᠠᠨ ᠨᠢ ᠳᠡᠭᠡᠷ᠎ᠡ︕ ᠬᠠᠷ᠎ᠠ ᠰᠦᠨᠢ ᠪᠤᠯᠬᠤ ᠳᠤ ᠯᠠ ᠤᠯᠠᠭᠠᠨ ᠮᠢᠬ᠎ᠠ ᠤᠨᠵᠠᠶᠢᠯᠭᠠᠭᠠᠳ | ᠢᠷᠡᠬᠦ ᠳᠤ ᠴᠢᠨᠢ ᠪᠢ ᠴᠦ ᠳᠤᠷ᠎ᠠ ᠦᠭᠡᠢ︾ ᠬᠡᠵᠦ ᠡᠵᠢ ᠰᠢᠪᠨᠡᠬᠦ ᠰᠢᠭ ᠬᠡᠯᠡᠭᠡᠳ ᠬᠠᠷᠠᠩᠭᠤᠢ ᠤᠷᠤᠭᠤ ᠬᠠᠷᠠᠵᠦ | ᠨᠢᠯᠪᠤᠰᠤ ᠪᠠᠨ ᠠᠷᠴᠢᠪᠠ᠃ | ᠳᠡᠬᠦᠦ ᠠᠪᠤ ᠶᠢᠨ ᠨᠢᠷᠤᠭᠤᠨ ᠳᠤ ᠨᠠᠭᠠᠯᠳᠤᠵᠦ ᠴᠢᠬᠢᠨ ᠳᠤᠨᠢ᠄ ︽ᠠᠪᠤ ᠤᠳᠤ ᠠᠶᠢᠯ ᠳᠤ ᠦᠭᠡᠷ | ᠠᠯᠠᠵᠦ ᠪᠠᠭᠠᠯᠵᠤᠤᠷ ᠤᠨ ᠮᠢᠬ᠎ᠠ ᠠᠪᠬᠤ ᠬᠡᠷᠡᠭ ᠦᠭᠡᠢ᠂ ᠠᠬ᠎ᠠ ᠪᠢᠳᠡ ᠬᠤᠶᠠᠷ ᠳᠠᠬᠢᠵᠦ ᠮᠢᠬ᠎ᠠ ᠢᠳᠡᠨ᠎ᠡ ᠬᠡᠬᠦ | ᠦᠭᠡᠢ︾ ᠬᠡᠳ ᠤᠬᠢᠯᠠᠪᠠ᠃ | ᠭᠤᠷᠪᠠ | ᠬᠦᠬᠦᠦᠷ ᠤᠨ ᠠᠮᠠ ᠬᠤᠯᠠᠳᠠᠵᠦ ᠬᠦᠢᠳᠡᠨ ᠤ ᠠᠮᠠ ᠨᠠᠰᠢᠯᠠᠵᠦ᠂ ᠰᠤᠮᠤᠨ ᠳᠦᠪ ᠤᠨ ᠠᠶᠢᠯ ᠤᠳ | ᠡᠪᠤᠯ ᠤᠨ ᠢᠳᠡᠰᠢ ᠪᠠᠨ ᠪᠡᠯᠡᠳᠭᠡᠵᠦ ᠡᠬᠢᠯᠠᠪᠠ᠃ ᠰᠤᠷᠭᠠᠭᠤᠯᠢ ᠶᠢᠨ ᠳᠤᠭᠤᠭᠠᠨ ᠬᠡᠷ ᠪᠠᠭ᠎ᠠ ᠮᠠᠯ ᠵᠠᠷᠤᠵᠦ | ᠤᠳᠠᠭᠠᠨ ᠡᠳᠥᠷ ᠬᠠᠷᠠᠰᠦ ᠰᠠᠭᠤᠭᠰᠠᠨ ᠪᠢᠳᠡᠨ ᠢ ᠨᠢᠭᠡ ᠪᠠᠶᠠᠷᠯᠠᠭᠤᠯᠤᠭᠰᠠᠨ ᠪᠤᠯᠪᠠᠴᠦ ᠬᠡᠷ ᠢᠶᠠᠨ ᠰᠠᠨᠠᠬᠤ ᠬᠡᠳᠡᠭ | ᠬᠡᠴᠡᠬᠦᠦ᠃ ᠳᠡᠬᠦᠦ ᠦᠴᠦᠭᠡᠳᠦᠷ ᠤᠬᠢᠯᠠᠴᠢᠬᠠᠭᠰᠠᠨ ᠢᠷᠠᠪᠠ᠃ ᠤᠳᠤᠨ ᠰᠠᠷᠠᠨ ᠬᠤᠶᠠᠭᠤᠯᠠ ᠤᠯᠠᠨ ᠬᠡᠥᠭᠡᠳ ᠤᠨ | ᠳᠤᠮᠳᠠ ︽ᠠᠪᠤ ᠴᠢᠨᠢ ᠴᠢᠨ᠋ᠸ᠎ᠠ︕ ᠪᠠᠭᠠᠯᠵᠤᠤᠷ ᠠᠪᠳᠠᠭ ᠴᠢᠨ᠋ᠸ᠎ᠠ︕︾ ᠬᠡᠵᠦ ᠬᠡᠨ᠎ᠡ᠃ | ᠠᠪᠤ ᠤᠳᠤ ᠯᠠ ᠢᠷᠠᠮᠠᠷ ᠶᠤᠮ ᠳ᠋ᠠ︕ ᠬᠡᠵᠦ ᠬᠠᠷᠠᠵᠦ ᠪᠠᠶᠢᠳᠠᠯ᠎ᠠ ᠬᠢᠴᠢᠶᠠᠯ ᠤᠨ ᠵᠠᠪᠰᠠᠷᠯᠠᠭ᠎ᠠ ᠪᠠᠷ | ᠬᠡᠭᠡᠷ ᠮᠤᠷᠢ ᠬᠤᠷᠰᠢᠶᠠᠨ ᠤ ᠡᠬᠦᠳᠡᠨ ᠳᠤ ᠤᠶᠠᠭᠠᠰᠤᠳᠠᠢ᠃ ᠠᠪᠤ ᠪᠠᠰᠠ ᠨᠢᠭᠡ ᠳᠠᠨᠢᠬᠤ ᠦᠭᠡᠢ ᠬᠦᠮᠦᠨ ᠲᠠᠢ | ᠬᠤᠶᠠᠭᠤᠯᠠ ᠳᠤᠭᠤᠭᠠᠨ ᠬᠡᠷ ᠤᠨ ᠡᠬᠦᠳᠡᠨ ᠳᠤ ᠦᠭᠡᠷ ᠦᠪᠴᠢᠵᠦ ᠪᠠᠶᠢᠪᠠ᠃ | ᠠᠪᠤ ᠢᠷᠠᠯ᠎ᠠ︕ ᠬᠡᠵᠦ ᠬᠦᠭᠡᠷᠴᠦ ᠬᠦᠭᠰᠡᠭᠰᠡᠨ ᠰᠡᠳᠬᠢᠯ ᠳᠤᠤᠷ᠎ᠠ ᠪᠠᠨ ᠬᠦᠷᠦᠵᠦ ᠤᠷᠮ᠎ᠠ | ᠬᠤᠭᠤᠷᠠᠨ ᠤᠬᠢᠯᠠᠮᠠᠷ ᠪᠤᠯᠵᠦ ᠳᠡᠬᠦᠦ ᠪᠠᠨ ᠰᠡᠮᠡᠭᠡᠨ ᠳᠠᠭᠤᠳᠠᠪᠠ᠃ | ᠠᠪᠤ ᠶᠤᠰᠤᠳᠠᠢ ᠱᠠᠯ ᠳᠡᠮᠡᠢ︕ ᠮᠦᠳᠳᠦ ᠯᠠ ᠰᠤᠷᠭᠠᠭᠤᠯᠢ ᠶᠢᠨ ᠬᠦᠷᠢᠶ᠎ᠠ ᠪᠠᠷ ︽ᠠᠪᠤ ᠴᠢᠨᠢ | ᠴᠢᠨ᠋ᠸ᠎ᠠ︕ ᠪᠠᠭᠠᠯᠵᠤᠤᠷ ᠠᠪᠳᠠᠭ ᠴᠢᠨ᠋ᠸ᠎ᠠ︕︾ ᠬᠡᠵᠦ ᠤᠷᠢᠶ᠎ᠠ ᠰᠢᠭ᠂ ᠴᠤᠤᠷᠢᠶ᠎ᠠ ᠰᠢᠭ ᠱᠤᠤᠬᠢᠨ᠎ᠠ ᠳ᠋ᠠ︕ | ᠤᠷᠤᠢ ᠪᠢ ᠳᠤᠭᠤᠭᠠᠨ ᠬᠡᠷ ᠲᠤ ᠤᠴᠢᠵᠦ ᠬᠤᠭᠤᠯᠠ ᠢᠳᠡᠭᠰᠡᠨ ᠦᠭᠡᠢ᠃ ᠳᠡᠬᠦᠦ ᠳᠡᠭᠡᠨ ᠬᠤᠶᠠᠷ | ᠦᠭᠡ ᠵᠢᠭᠠᠭᠠᠳ ᠠᠪᠤ ᠳᠡᠭᠡᠷ᠎ᠡ ᠤᠴᠢᠭᠤᠯᠵᠦ᠂ ᠦᠪᠡᠷ ᠢᠶᠠᠨ ᠬᠡᠭᠡᠷ ᠮᠤᠷᠢ ᠪᠠᠨ ᠠᠪᠴᠦ ᠤᠨᠤᠭᠠᠳ ᠰᠤᠷᠭᠠᠭᠤᠯᠢ | ᠶᠢᠨ ᠬᠦᠷᠢᠶ᠎ᠠ᠂ ᠪᠠᠶᠢᠷᠢ ᠶᠢᠨ ᠬᠡᠷ ᠤᠨ ᠤᠷᠢᠳᠠᠭᠤᠷ ᠬᠤᠶᠢᠭᠤᠷ ᠪᠠᠭ᠋ᠠᠨ ᠳᠤᠭᠤᠷᠢᠪᠠ᠃ | ᠳᠡᠬᠦᠦ ᠬᠠᠷᠢᠨ ᠶᠡᠭᠡ ᠯᠠ ᠬᠦᠭᠡᠷᠴᠦ ᠳᠡᠪᠭᠡᠷᠤᠨ ᠠᠮᠢᠰᠬᠤᠭᠠᠳᠠᠴᠢᠬᠠᠭᠰᠠᠨ ᠬᠦᠶᠦᠵᠦ ᠢᠷᠡᠭᠡᠳ᠄ ︽ | ᠠᠪᠤ ᠴᠢᠮ᠎ᠠ ᠶᠢ ᠳᠠᠭᠤᠳᠠᠵᠦ ᠪᠠᠶᠢᠨ᠎ᠠ᠃ ᠵᠠᠬᠢᠷᠤᠯ ᠪᠠᠭᠰᠢ ᠨᠠᠳᠠᠳᠥ ᠦᠡᠭᠬᠦᠯᠴᠡᠭ ᠦᠭᠬᠦᠭᠡᠳ ᠬᠤᠶᠠᠭᠤᠯᠠ ᠪᠠᠨ | ᠬᠤᠪᠢᠶᠠᠵᠦ ᠢᠳᠡᠶ᠎ᠠ︾ ᠬᠡᠳ ᠭᠠᠷ ᠠᠴᠠ ᠬᠦᠳᠦᠯᠪᠠ᠃ | ᠠᠪᠤ ᠵᠠᠬᠢᠷᠤᠯ ᠪᠠᠭᠰᠢ ᠬᠤᠶᠠᠭᠤᠯᠠ ᠰᠢᠷᠡᠭᠡ ᠬᠠᠪᠴᠢᠨ ᠰᠠᠭᠤᠵᠦ ᠪᠠᠶᠢᠨ᠎ᠠ᠃ ᠠᠪᠤ ᠪᠠᠰᠠ ᠬᠤᠶᠠᠷ | ᠬᠤᠨᠳᠠᠭ᠎ᠠ ᠤᠤᠭᠤᠴᠢᠬᠠᠭᠰᠠᠨ ᠪᠤᠯᠤᠯᠳᠠᠢ᠂ ᠴᠢᠷᠠᠢ ᠨᠢ ᠨᠠᠯᠢᠶᠠᠳ ᠤᠯᠠᠶᠢᠴᠢᠬᠠᠭᠰᠠᠨ᠂ ᠢᠨᠢᠶᠡᠭᠡᠳ ᠯᠠ ᠁ | ᠪᠠᠭᠰᠢ ᠨᠠᠮᠠᠶᠢᠢ ᠬᠠᠵᠠᠭᠤ ᠳᠠᠭᠠᠨ ᠰᠠᠭᠤᠯᠭᠠᠵᠦ ᠮᠢᠬ᠎ᠠ ᠤᠭᠳᠤᠯᠵᠦ ᠦᠭᠬᠦᠭᠡᠳ᠄ ︽ᠰᠠᠶᠢᠨ ᠰᠤᠷᠬᠤ ᠦᠭᠡᠢ ᠪᠤᠯᠬᠤ | ᠦᠭᠡᠢ ᠰᠢᠥ︕ ᠠᠪᠤ ᠴᠢᠨᠢ ᠳᠠᠨ ᠤ ᠬᠤᠶᠠᠷ ᠢ ᠰᠤᠷᠭᠠᠭᠤᠯᠢ ᠳᠤ ᠰᠠᠭᠤᠯᠭᠠᠨ᠎ᠠ ᠬᠡᠳᠡᠭ ᠠᠮᠠᠷ ᠦᠭᠡᠢ᠃ ᠬᠡᠪᠡᠴᠦ | ᠭᠠᠶᠢᠭᠤᠢ︕ ᠤᠳᠤ ᠮᠠᠨ ᠤ ᠰᠤᠷᠭᠠᠭᠤᠯᠢ ᠶᠢᠨ ᠠᠵᠢᠯᠳᠠᠨ ᠪᠤᠯᠤᠭᠰᠠᠨ ᠁ ᠴᠠᠯᠢᠩ ᠤᠯᠤᠨ᠎ᠠ︕︾ ᠬᠡᠬᠦ | ᠳᠤᠨᠢ ᠳᠡᠬᠦᠦ ᠪᠢᠳᠡ ᠬᠤᠶᠠᠷ ᠠᠪᠤ ᠶᠢ ᠭᠠᠶᠢᠬᠠᠨ ᠬᠠᠷᠠᠪᠠ᠃ | ᠠᠪᠤ ᠢᠡᠭᠬᠢᠭᠡᠳ ᠯᠠ ᠰᠤᠷᠭᠠᠭᠤᠯᠢ ᠶᠢᠨ ᠭᠠᠯᠴᠢ ᠪᠤᠯᠪᠠ᠃ ᠦᠷᠯᠦᠭᠡ ᠬᠢᠴᠢᠶᠠᠯ ᠡᠬᠢᠯᠡᠬᠦ ᠳᠤ ᠯᠠ ᠬᠡᠭᠡᠷ | ᠮᠤᠷᠢ ᠪᠠᠨ ᠤᠨᠤᠭᠠᠳ ᠰᠤᠷᠭᠠᠭᠤᠯᠢ ᠳᠡᠭᠡᠷ᠎ᠡ ᠢᠷᠠᠨ᠎ᠠ᠃ ᠵᠢᠳᠬᠦᠬᠦᠷ ᠳᠡᠷᠭᠡ ᠪᠠᠷ ᠠᠷᠭᠠᠯ ᠨᠡᠬᠦᠷᠠᠰᠥ | ᠤᠶᠢᠷᠠᠳᠤᠭᠤᠯᠵᠦ ᠭᠠᠯ ᠳᠦᠯᠠᠵᠦ ᠳᠠᠷᠠᠭ᠎ᠠ ᠨᠢ ᠤᠰᠤ ᠳᠡᠭᠡᠭᠡᠨᠡ᠃ ᠰᠤᠷᠭᠠᠭᠤᠯᠢ ᠶᠢᠨ ᠤᠰᠤ ᠳᠡᠭᠡᠭᠡᠳᠡᠭ ᠬᠦᠷᠠᠩ | ᠦᠭᠡᠷ ᠬᠡᠭᠴᠢ ᠬᠦᠯᠦᠭᠡᠳ ᠳᠠᠯᠪᠢᠪᠠᠯ ᠬᠦᠳᠦᠯᠵᠦ ᠵᠠᠯᠠᠬᠤ ᠬᠡᠷᠡᠭ ᠦᠭᠡᠢ ᠦᠪᠡᠷ ᠢᠶᠠᠨ ᠶᠠᠪᠤᠭᠠᠳ ᠬᠤᠳᠳᠤᠭ | ᠳᠡᠭᠡᠷ᠎ᠡ ᠤᠴᠢᠭᠠᠳ ᠵᠤᠭᠰᠤᠨ᠎ᠠ᠃ ᠤᠰᠤ ᠪᠠᠨ ᠳᠦᠬᠦᠷᠭᠡᠭᠡᠳ ᠠᠶ᠎ᠠ ᠪᠠᠷ ᠨᠢ ᠳᠠᠯᠪᠢᠪᠠᠯ ᠳᠤᠭᠤᠭᠠᠨ ᠬᠡᠷ ᠤᠨ | ᠡᠬᠦᠳᠡᠨ ᠳᠤ ᠢᠷᠠᠵᠦ ᠵᠤᠭᠰᠤᠨ᠎ᠠ᠃ ᠰᠤᠮᠤᠨ ᠳᠦᠪ ᠤᠨ ᠠᠶᠢᠯ ᠤᠳ ᠠᠪᠤ ᠶᠢᠨ ᠴᠢᠯᠦᠭᠡ ᠶᠢ ᠬᠠᠷᠠᠵᠦ ᠢᠳᠡᠰᠢ | ᠪᠠᠨ ᠭᠠᠷᠭᠠᠭᠤᠯᠬᠤ ᠬᠡᠵᠦ ᠪᠤᠯᠢᠶᠠᠯᠳᠤᠨ᠎ᠠ᠃ ᠬᠠᠷᠢᠨ ᠳᠡᠳᠡᠭᠡᠷ ᠠᠶᠢᠯ ᠤᠳ ᠦᠭᠡᠷ ᠵᠠᠷᠤᠭᠰᠠᠨ ᠬᠦᠮᠦᠨ ᠳᠤ | ᠪᠠᠭᠠᠯᠵᠤᠤᠷ ᠤᠨ ᠮᠢᠬ᠎ᠠ ᠦᠭᠳᠡᠭ ᠶᠤᠰᠤ ᠶᠢ ᠮᠡᠳᠡᠳᠡᠭ ᠦᠭᠡᠢ ᠶᠤᠮ ᠦᠦ︖ ᠠᠪᠤ ᠡᠰᠡᠬᠦᠯ᠎ᠠ ᠠᠪᠬᠤ ᠪᠠᠨ | ᠪᠤᠯᠢᠭᠰᠠᠨ ᠦᠦ︕ ᠳᠡᠷᠡ ᠳᠤᠬᠠᠢ ᠶᠠᠷᠢᠶ᠎ᠠ ᠳᠡᠬᠢᠵᠦ ᠶᠠᠷᠤ ᠰᠤᠨᠤᠰᠳᠠᠭᠰᠨᠨ ᠦᠭᠡᠢ᠃ ᠳᠡᠬᠦᠦ ᠪᠢᠳᠡ ᠬᠤᠶᠠᠭᠤᠯᠠ | ᠠᠶᠢᠯ ᠤᠳ ᠢᠶᠠᠷ ᠨᠢᠭᠤᠷ ᠪᠠᠷᠳᠠᠮ ᠤᠷᠤᠵᠦ ᠭᠠᠷᠬᠤ ᠪᠤᠯᠵᠦ ᠬᠠᠶᠠ ᠠᠶᠢᠯ ᠤᠨ ᠳᠤᠭᠤᠭ᠎ᠠ ᠬᠠᠳᠠᠬᠤ ᠪᠤᠯᠵᠦ ᠪᠢᠯᠡ᠃ | | ᠳᠦᠷᠪᠠ | ᠳᠡᠬᠦᠦ ᠪᠢᠳᠡ ᠬᠤᠶᠠᠷ ᠦᠨᠦᠳᠦᠷ ᠬᠦᠳᠡᠭᠡ ᠶᠠᠪᠤᠵᠦ ᠡᠪᠤᠯ ᠤᠨ ᠢᠳᠡᠰᠢ ᠪᠠᠨ ᠠᠪᠴᠢᠷᠠᠪᠠ᠃ ᠬᠤᠶᠠᠷ | ᠠᠶᠢᠯ ᠢᠶᠠᠷ ᠢᠶᠠᠨ ᠳᠤᠭᠤᠭ᠎ᠠ ᠨᠡᠶᠢᠯᠡᠬᠦᠯᠵᠦ ᠰᠢᠨ᠎ᠡ ᠮᠢᠬ᠎ᠠ ᠴᠢᠨᠠᠯᠠ᠃ ᠬᠤᠶᠠᠭᠤᠯᠠ ᠪᠠᠨ ᠤᠤᠭᠤᠳᠠᠭ ᠦᠭᠡᠢ ᠴᠦ | ᠬᠤᠨᠳᠠᠭ᠎ᠠ ᠳᠠᠯᠪᠢᠭᠠᠳ ᠪᠡᠶ᠎ᠡ ᠪᠡᠶ᠎ᠡ ᠪᠠᠨ ᠱᠠᠯᠠᠭᠰᠠᠭᠠᠷ ᠪᠠᠶᠢᠵᠦ ᠮᠢᠬ᠎ᠠ ᠪᠤᠯᠤᠭᠠᠳ ᠭᠠᠷᠬᠤ ᠶᠢᠨ ᠬᠤᠭᠤᠷᠤᠨᠳᠥ | ᠨᠠᠯᠢᠶᠠᠳ ᠬᠠᠯᠠᠰᠴᠦ ᠬᠦᠳᠡᠭᠡ ᠶᠢᠨ ᠠᠮᠢᠳᠤᠷᠠᠯ᠂ ᠡᠪᠤᠯ ᠤᠨ ᠢᠳᠡᠰᠢ ᠬᠡᠵᠦ ᠶᠠᠷᠢᠵᠦ ᠪᠠᠶᠢᠭᠰᠠᠭᠠᠷ ᠳᠡᠬᠦᠦ | ᠤᠬᠢᠯᠠᠴᠢᠬᠠᠯᠠ᠃ | ︽ᠴᠢ ᠪᠢᠳᠡ ᠬᠤᠶᠠᠷ ᠴᠦ ᠶᠤᠰᠤᠳᠠᠢ ᠴᠢᠨ᠋ᠸ᠎ᠠ ᠪᠤᠯᠵᠠᠢ᠃ ᠨᠢᠭᠡ ᠡᠪᠤᠯ ᠤᠨ ᠢᠳᠡᠰᠢ ᠬᠡᠵᠦ ᠬᠤᠶᠠᠷ | ᠡᠳᠥᠷ ᠪᠤᠵᠢᠬᠢᠨᠠᠭᠠᠳ ᠯᠠ ᠠᠪᠤ ᠶᠢᠨ ᠭᠤᠷᠪᠠᠨ ᠦᠭᠡᠷ ᠢ ᠪᠠᠷᠢᠭᠠᠳ ᠢᠳᠡᠴᠢᠭᠡᠯᠡ᠃ ᠪᠢᠳᠡᠨ ᠢ ᠪᠠᠭ᠎ᠠ ᠪᠠᠶᠢᠬᠤ ᠳᠤ | ᠮᠠᠨ ᠤ ᠭᠤᠷᠪᠠᠭ᠋ᠠᠨ ᠦᠭᠡᠷ ᠲᠠᠢ ᠠᠶᠢᠯ ᠪᠠᠶᠢᠭᠰᠠᠨ᠂ ᠠᠪᠤ ᠬᠦᠭᠡᠷᠤᠬᠦᠢ︕ ᠡᠪᠤᠯ ᠤᠨ ᠢᠳᠡᠰᠢ ᠪᠠᠨ ᠠᠷᠭᠠᠴᠠᠬᠤ | ᠬᠡᠵᠦ ᠶᠠᠭᠠᠬᠢᠵᠦ ᠵᠦᠳᠡᠷᠡᠵᠦ ᠪᠠᠶᠢᠭᠰᠠᠨ ᠢ ᠪᠤᠳᠤᠬᠤ ᠳᠤ ᠡᠨᠡ ᠮᠢᠬ᠎ᠠ ᠴᠢᠨᠢ ᠬᠤᠭᠤᠯᠠᠢ ᠳᠠᠪᠠᠭ᠋ᠤ ᠦᠭᠡᠢ ᠵᠠᠩᠬᠢᠷᠠᠬᠤ | ᠰᠢᠭ ᠪᠤᠯᠤᠭᠠᠳ ᠁︾ ᠬᠡᠵᠦ ᠠᠯᠠᠭ᠎ᠠ ᠪᠠᠷ ᠢᠶᠠᠨ ᠨᠢᠯᠪᠤᠰᠤ ᠪᠠᠨ ᠠᠷᠴᠢᠬᠤ ᠳᠤᠨᠢ ᠪᠢ ᠪᠠᠰᠠ ᠳᠡᠰᠦᠭᠰᠡᠨ | ᠦᠭᠡᠢ ᠳᠠᠭᠠᠭᠠᠳ ᠤᠬᠢᠯᠠᠯ᠎ᠠ᠃ | ᠁ ᠳᠡᠬᠦᠦ ᠶᠢᠨ ᠬᠡᠵᠦ ᠰᠢᠷ᠎ᠠ ᠳᠠᠷᠯᠠᠨ ᠦᠨᠢᠶ᠎ᠠ ᠬᠤᠸᠠ ᠪᠢᠷᠠᠭᠤ ᠲᠠᠢ᠂ ᠮᠢᠨᠤ ᠬᠡᠵᠦ ᠱᠠᠭᠠᠵᠠᠩ | ᠰᠢᠭ ᠴᠠᠭᠠᠨ ᠦᠨᠢᠶ᠎ᠠ ᠡᠶᠢᠮᠤ ᠯᠠ ᠭᠤᠷᠪᠠᠭ᠋ᠠᠨ ᠦᠭᠡᠷ ᠲᠠᠢ ᠠᠶᠢᠯ ᠪᠠᠶᠢᠭᠰᠠᠨ᠃ ᠠᠪᠤ ᠵᠤᠨ ᠳᠠᠭᠠᠨ ᠠᠶᠢᠯ ᠤᠨ | ᠬᠤᠨᠢ ᠶᠢ ᠬᠠᠷᠢᠭᠤᠯᠵᠦ ᠱᠦᠯᠦᠨ ᠤ ᠬᠤᠨᠢ ᠤᠯᠤᠨ᠎ᠠ᠃ ᠡᠪᠤᠯ ᠪᠤᠯᠵᠦ ᠳᠡᠭᠷᠢ ᠬᠦᠢᠳᠡᠷᠡᠬᠦ ᠪᠠᠷ ᠬᠡᠭᠡᠷ ᠮᠤᠷᠢ ᠪᠠᠨ | ᠤᠨᠤᠭᠠᠳ ᠠᠶᠢᠯ ᠳᠤᠭᠤᠷᠢᠵᠦ ᠦᠭᠡᠷ ᠵᠠᠷᠤᠭᠠᠳ ᠪᠠᠭᠠᠯᠵᠤᠤᠷ ᠤᠨ ᠮᠢᠬ᠎ᠠ ᠠᠪᠤᠨ᠎ᠠ᠃ ᠳᠡᠬᠦᠨ ᠢ ᠪᠠᠨ ᠶᠠᠭᠠᠬᠢᠵᠦ | ᠳᠡᠭᠡᠵᠦ ᠰᠠᠶᠢᠬᠠᠨ ᠠᠷᠪᠢᠯᠠᠵᠦ ᠡᠪᠯᠡᠬᠦᠯᠵᠦ ᠪᠠᠶᠢᠭᠰᠠᠨ ᠢ ᠮᠡᠳᠡᠬᠦ ᠦᠭᠡᠢ᠃ ᠬᠠᠪᠤᠷ ᠨᠢ ᠪᠤᠳᠠᠭ᠎ᠠ ᠤᠷᠬᠢᠭᠰᠠᠨ ᠴᠠᠢ | ᠳᠠᠭᠠᠨ ᠪᠠᠰᠠ ᠬᠤᠶᠠᠷ ᠬᠡᠰᠡᠭ ᠬᠠᠳᠠᠭᠰᠠᠨ ᠮᠢᠬ᠎ᠠ ᠬᠦᠪᠪᠦᠬᠦᠯᠵᠦ ᠪᠠᠶᠢᠭᠰᠠᠨ ᠢ ᠤᠳᠤ ᠬᠦᠷᠳᠡᠯ᠎ᠡ ᠮᠠᠷᠳᠠᠭ᠎ᠠ ᠦᠭᠡᠢ᠃ | ᠦᠭᠡᠷ ᠤᠨᠠᠭᠠᠭᠰᠠᠨ ᠠᠶᠢᠯ ᠶᠤᠰᠤ ᠶᠢ ᠪᠤᠳᠤᠵᠦ ᠦᠭᠬᠦᠭᠰᠡᠨ ᠡᠮᠬᠦ ᠮᠢᠬ᠎ᠠ ᠪᠠᠨ ᠪᠠᠰᠠ ᠶᠡᠭᠡ ᠪᠠᠭ᠎ᠠ ᠢᠯᠡᠬᠦᠦ | ᠳᠤᠳᠠᠭᠤ ᠬᠡᠵᠦ ᠠᠪᠤ ᠶᠢᠨ ᠠᠷᠤ ᠬᠤᠶᠢᠭᠤᠷ ᠶᠠᠭᠤ ᠶᠠᠷᠢᠵᠦ ᠶᠠᠭᠠᠬᠢᠵᠦ ᠮᠠᠭᠤᠯᠠᠳᠠᠭ ᠪᠠᠶᠢᠭᠰᠠᠨ ᠢ ᠮᠡᠳᠡᠬᠦ ᠦᠭᠡᠢ᠃ | ᠠᠪᠤ ᠮᠦᠨ ᠯᠠ ᠳᠤᠭᠤᠷᠢᠬᠤ ᠪᠠᠷ ᠢᠶᠠᠨ ᠳᠤᠭᠤᠷᠢᠵᠦ᠂ ᠠᠪᠳᠠᠭ ᠢᠶᠠᠨ ᠵᠠᠪᠠᠯ ᠠᠪᠤᠨ᠎ᠠ᠃ | ᠪᠠᠭᠠᠯᠵᠤᠤᠷ ᠮᠢᠬ᠎ᠠ ᠠᠪᠬᠤ ᠳᠤ ᠠᠪᠤ ᠴᠦ ᠪᠠᠰᠠ ᠮᠦᠨ ᠭᠠᠷ ᠤᠨ ᠳᠡᠮ ᠲᠠᠢ ᠬᠡᠵᠦ ᠪᠤᠯᠤᠨ᠎ᠠ᠃ | ᠠᠯᠠᠭ᠎ᠠ ᠪᠠᠷ ᠢᠶᠠᠨ ᠬᠠᠵᠠᠭᠤ ᠳᠠᠯ᠎ᠠ ᠠᠴᠠ ᠨᠢ ᠬᠠᠰᠢᠵᠦ ᠪᠠᠶᠢᠭᠠᠳ ᠤᠭᠳᠤᠯᠬᠤ ᠳᠤᠨᠢ ᠳᠠᠯᠤᠨ ᠤ ᠮᠦᠭᠡᠷᠡᠰᠦ ᠨᠢ | ᠨᠢᠮᠭᠡᠨ ᠳᠠᠭᠠᠵᠦ ᠢᠷᠡᠳᠡᠭ ᠬᠡᠵᠦ ᠦᠪᠡᠷ ᠢᠶᠠᠨ ᠶᠠᠷᠢᠵᠦ ᠪᠠᠶᠢᠭᠰᠠᠨ᠃ | ᠠᠪᠤ ᠪᠠᠭᠠᠯᠵᠤᠤᠷ ᠮᠢᠬ᠎ᠠ ᠤᠭᠳᠤᠯᠬᠤ ᠳᠤ ᠤᠳᠤᠨ ᠤ ᠠᠪᠤ ᠬᠠᠵᠠᠭᠤ ᠳᠤᠨᠢ ᠶᠤᠤᠯᠠᠵᠦ ᠵᠤᠭᠰᠤᠳᠠᠭ | ᠬᠡᠵᠦ ᠬᠦᠮᠦᠰ ᠱᠤᠭ ᠪᠤᠯᠭᠠᠵᠦ ᠪᠠᠶᠢᠭᠰᠠᠨ ᠬᠡᠳᠡᠭ᠃ | ᠠᠪᠤ ᠭᠠᠭᠴᠠ ᠯᠠ ᠬᠠᠷ᠎ᠠ ᠠᠮᠢ᠂ ᠤᠯᠠᠭᠠᠨ ᠬᠤᠭᠤᠯᠠᠢ ᠪᠠᠨ ᠪᠤᠳᠤᠵᠦ ᠡᠮᠬᠦ ᠮᠢᠬ᠎ᠠ ᠢᠯᠡᠬᠦᠦ ᠠᠪᠬᠤ | ᠬᠡᠵᠦ ᠤᠯᠠᠶᠢᠵᠦ ᠪᠠᠶᠢᠭᠰᠠᠨ ᠦᠦ︖ ᠦᠭᠡᠢ︕ ᠦᠷᠯᠦᠭᠡ ᠭᠠᠷᠤᠭᠠᠳ ᠤᠷᠤᠢ ᠢᠷᠡᠬᠦ ᠳᠤᠨᠢ ᠳᠡᠬᠦᠦ ᠪᠢᠳᠡ | ᠬᠤᠶᠠᠷ ᠠᠩᠭᠠᠬᠠᠢ ᠰᠢᠭ ᠰᠢᠷ᠎ᠠ ᠵᠠᠪᠠᠵᠢ ᠲᠠᠢ ᠠᠮᠠ ᠪᠠᠨ ᠠᠩᠭᠠᠶᠢᠨ ᠬᠦᠯᠢᠶᠠᠵᠦ ᠪᠠᠶᠢᠭᠰᠠᠨ᠃ | ᠠᠪᠤ ᠢᠡᠭᠬᠢᠵᠦ ᠯᠠ ᠠᠯᠳᠠᠨ ᠬᠠᠷᠢᠶᠠᠴᠠᠢ ᠰᠢᠭ ᠠᠮᠢᠳᠤᠷᠠᠯ ᠤᠨ ᠪᠡᠷᠭᠡ ᠶᠢ ᠰᠦᠯᠵᠢᠨ ᠰᠡᠯᠬᠢᠨ | ᠪᠤᠷᠤᠭᠠᠨ ᠢ ᠰᠦᠷᠦᠨ ᠡᠮᠬᠦ ᠡᠮᠬᠦ ᠪᠠᠷ ᠵᠦᠭᠡᠭᠡᠵᠦ ᠪᠢᠳᠡᠨ ᠢ ᠳᠡᠵᠢᠭᠡᠵᠦ ᠦᠰᠭᠡᠭᠰᠡᠨ᠂ ᠡᠮᠬᠦ ᠡᠮᠬᠦ ᠪᠠᠷ ᠨᠠᠭᠠᠵᠦ | ᠤᠷᠤᠨ ᠬᠡᠷ ᠲᠠᠢ ᠪᠤᠯᠭᠠᠭᠰᠠᠨ᠃ | ᠤᠳᠤ ᠪᠤᠯᠳᠠᠯ᠎ᠠ ᠮᠠᠨᠠᠶᠢᠬᠢᠨ ᠳᠤ ᠳᠤᠭᠤᠯ ᠢᠶᠠᠨ ᠨᠡᠮᠡᠬᠦ ᠦᠭᠡᠢ ᠳᠠᠯᠠᠨ ᠨᠢᠭᠡᠨ ᠦᠭᠡᠷ ᠳᠤᠭᠠᠯᠠᠵᠦ | ᠪᠠᠶᠢᠭᠰᠠᠨ ᠠᠶᠢᠯ ᠮᠠᠨᠠᠶᠢᠬᠢ ᠠᠴᠠ ᠦᠭᠡᠷ᠎ᠡ ᠭᠠᠷᠤᠭ᠎ᠠ ᠦᠭᠡᠢ᠃ ᠠᠪᠤ ᠪᠠᠭᠠᠯᠵᠤᠤᠷ ᠬᠤᠴᠢ ᠲᠠᠢ᠂ ᠵᠢᠳᠤᠭᠡᠷᠭᠡᠯ᠂ | ᠪᠠᠭ᠋ᠠᠷᠬᠠᠯ ᠤᠨ ᠠᠯᠢ ᠨᠢ ᠴᠦ ᠮᠡᠳᠡᠭᠳᠡᠬᠦ ᠦᠭᠡᠢ ᠵᠠᠷᠢᠮ ᠨᠢ ᠪᠠᠰᠠ ᠪᠠᠶᠠᠨ ᠪᠠᠭᠠᠯᠵᠤᠤᠷ ᠬᠡᠨ᠎ᠡ᠃ | ᠶᠠᠭᠤ ᠴᠦ ᠬᠡᠰᠡᠨ ᠮᠠᠨ ᠤ ᠬᠢ ᠴᠠᠭᠠᠨ ᠪᠠᠶᠠᠨ᠃ | |