ᠮᠤᠷᠢᠲᠠᠢ ᠪᠠᠭᠰᠢ  — ᠪᠦ᠊᠂ ᠬᠤᠪᠢᠰᠬᠠᠯᠲᠤ
ᠨᠡᠶᠢᠲᠡᠯᠡᠭᠰᠡᠨ ᠴᠠᠭ᠄
2021/2/24
ᠮᠤᠷᠢᠲᠠᠢ ᠪᠠᠭᠰᠢ     — ᠪᠦ᠊᠂ ᠬᠤᠪᠢᠰᠬᠠᠯᠲᠤ  ᠸᠠᠳᠠᠩ ᠡᠭᠦᠷᠦᠭᠰᠡᠨ ᠪᠠᠭᠰᠢ ᠤᠶᠠᠭᠠᠨ ᠳᠡᠭᠡᠷ᠎ᠡ ᠪᠠᠭᠤᠯ᠎ᠠ ᠮᠤᠷᠢᠲᠠᠢ ᠪᠠᠭᠰᠢ ᠢᠷᠡᠯ᠎ᠡ ᠳ᠋ᠡ ᠬᠡᠦᠬᠡᠳ ᠤᠳ ᠳᠠᠪᠠᠭ᠋ᠠᠢ ᠭᠢᠯᠠᠯᠵᠠᠭᠤᠯᠤᠨ᠎ᠠ᠃ ᠪᠠᠭᠰᠢ ᠢᠷᠡᠭᠰᠡᠨ ᠰᠤᠷᠠᠭ ᠢᠶᠠᠷ ᠬᠤᠲᠠᠨ ᠳᠤ ᠬᠦᠭ ᠨᠡᠮᠡᠨ᠎ᠡ ᠡᠪᠦᠸ᠋ ᠡᠮᠡᠭᠡ ᠪᠦᠩᠴᠦᠭᠡᠨᠡᠵᠦ ᠤᠷᠳᠤ ᠠᠶᠢᠯ ᠢ ᠴᠢᠭᠯᠡᠨ᠎ᠡ᠃ ᠦᠨᠡᠰᠦᠨ ᠰᠠᠮᠪᠠᠷ᠎ᠠ ᠲᠠᠢ ᠬᠡᠦᠬᠡᠳ ᠤᠳ ᠨᠤᠮ ᠲᠠᠢ ᠳᠤᠮᠪᠤᠶᠢᠨ᠎ᠠ ᠭᠡᠳᠡᠭ ᠭᠠᠶᠢᠬᠠᠯᠲᠠᠢ ᠬᠠᠨᠵᠤᠨ ᠳᠡᠭᠡᠷ᠎ᠡ ᠰᠠᠨᠳᠠᠶᠢᠯᠠᠨ ᠰᠠᠭᠤᠭᠠᠳ ᠬᠢᠴᠢᠶᠡᠯ ᠰᠤᠨᠤᠰᠤᠨ᠎ᠠ ᠭᠡᠳᠡᠭ ᠴᠡᠩᠭᠡᠯᠲᠡᠢ ᠨᠢᠰᠤ ᠪᠠᠨ ᠴᠢᠷᠦᠭᠰᠡᠨ ᠬᠡᠦᠬᠡᠳ ᠤᠳ ᠤᠨ ᠨᠢᠳᠤ ᠨᠢ ᠭᠡᠷᠡᠯᠳᠦᠭᠡᠳ ᠢᠷᠡᠨ᠎ᠡ ᠬᠤᠷᠤᠬᠠᠢ ᠨᠢ ᠬᠦᠳᠡᠯᠦᠭᠰᠡᠨ ᠳᠡᠭᠦᠦ ᠮᠢᠨᠢ ᠡᠭᠦᠳᠡ ᠵᠠᠪᠰᠠᠷᠯᠠᠨ ᠱᠠᠭᠠᠶᠢᠨ᠎ᠠ᠃ ᠪᠢᠷ ᠴᠠᠭᠠᠰᠤ ᠬᠤᠮᠰᠠᠬᠠᠨ ᠴᠦ ᠪᠢᠯᠢᠭ ᠤᠶᠤᠨ ᠤ ᠤᠮᠳᠠ ᠲᠠᠢ ᠦᠨᠡᠰᠦᠨ ᠰᠠᠮᠪᠠᠷ᠎ᠠ ᠲᠤᠭᠤᠰᠤ ᠲᠠᠢ ᠴᠦ ᠦᠨᠡᠨ ᠡᠷᠳᠡᠮ ᠳᠤ ᠰᠢᠮᠳᠠᠯ ᠲᠠᠢ ᠬᠡᠭᠡᠷ ᠮᠤᠷᠢ ᠲᠠᠢ ᠪᠠᠭᠰᠢ ᠮᠢᠨᠢ ᠬᠦᠳᠡᠭᠡ ᠶᠢᠨ ᠬᠡᠦᠬᠡᠳ ᠲᠤ ᠬᠠᠶᠢᠷᠠᠲᠠᠢ ᠰᠠᠶᠢᠬᠠᠨ ᠡᠷᠳᠡᠮ ᠳᠠᠭᠤᠳᠠᠳᠠᠭ ᠲᠤ ᠨᠢ ᠰᠠᠯᠵᠤ ᠪᠢᠳᠡ ᠲᠦᠪᠳᠡᠳᠡᠭ ᠦᠭᠡᠢ ᠸᠠᠳᠠᠩ ᠡᠭᠦᠷᠦᠭᠰᠡᠨ ᠪᠠᠭᠰᠢ ᠤᠶᠠᠭᠠᠨ ᠳᠡᠭᠡᠷ᠎ᠡ ᠪᠠᠭᠤᠯ᠎ᠠ ᠦᠨᠡᠰᠦᠨ ᠰᠠᠮᠪᠠᠷ᠎ᠠ ᠲᠠᠢ ᠬᠡᠦᠬᠡᠳ ᠤᠳ ᠤᠷᠳᠤ ᠠᠶᠢᠯ ᠵᠦᠭ ᠭᠦᠶᠦᠯᠳᠦᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号