ᠴᠠᠭᠠᠨ ᠪᠤᠭᠳᠠ ᠶᠢᠨ ᠴᠡᠷᠢᠭ ᠤᠨ ᠳᠠᠶᠢᠴᠢᠨ ᠪᠠᠶᠢᠯᠳᠤᠭᠴᠢ ᠡᠪᠦᠭᠡ ᠪᠠᠨ ᠳᠤᠷᠠᠰᠬᠤᠢ
ᠨᠡᠶᠢᠲᠡᠯᠡᠭᠰᠡᠨ ᠴᠠᠭ᠄
2021/9/23
                        ᠴᠠᠭᠠᠨ ᠪᠤᠭᠳᠠ ᠶᠢᠨ ᠴᠡᠷᠢᠭ ᠤᠨ ᠳᠠᠶᠢᠴᠢᠨ ᠪᠠᠶᠢᠯᠳᠤᠭᠴᠢ ᠡᠪᠦᠭᠡ ᠪᠠᠨ ᠳᠤᠷᠠᠰᠬᠤᠢ                                       — ᠤ᠂ ᠤᠶᠤᠨᠪᠢᠯᠢᠭ᠌ᠪᠥᠬᠦ ᠤᠯᠤᠰ ᠳᠠᠶᠠᠭᠠᠷ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠪᠠᠨ ᠳᠤᠷᠠᠰᠬᠠᠨ ᠲᠡᠮᠳᠡᠭᠯᠡᠵᠦ ᠪᠠᠶᠢᠬᠤ ᠡᠷᠡᠨ ᠳᠤ ᠨᠠᠮ ᠤᠨ ᠲᠡᠤᠬᠡ ᠰᠤᠶᠤᠯ ᠤᠨ ᠲᠤᠬᠠᠢ ᠰᠢᠰᠲ᠋ᠧᠮ ᠲᠠᠢ᠂ ᠰᠢᠮᠡᠲᠠᠢ ᠰᠤᠷᠤᠯᠴᠠᠨ ᠰᠠᠭᠤᠬᠤ ᠳᠤ ᠪᠤᠳᠤᠯ ᠰᠡᠳᠬᠢᠯ ᠳᠤ ᠥᠷᠯᠥᠭ ᠨᠠᠮ ᠤᠨ ᠤᠳᠤᠷᠢᠳᠤᠯᠭ᠎ᠠ ᠳᠤᠤᠷ᠎ᠠ ᠥᠯᠥᠭᠡᠢ ᠨᠤᠲᠤᠭ ᠤᠨ ᠴᠢᠯᠦᠭᠡᠯᠡᠯᠲᠡ ᠶᠢᠨ ᠦᠢᠯᠡᠰ  ᠲᠤ ᠲᠡᠮᠡᠴᠡᠵᠦ ᠶᠠᠪᠤᠭᠰᠠᠨ ᠴᠠᠭᠠᠨ ᠪᠤᠭᠳᠠ ᠶᠢᠨ ᠴᠡᠷᠢᠭ ᠤᠨ ᠬᠤᠪᠢᠰᠬᠠᠯᠲᠤ ᠳᠠᠶᠢᠴᠢᠳ ᠤᠨ ᠪᠠᠭᠠᠲᠤᠷ ᠲᠤᠤᠯᠢᠰ ᠡᠷᠬᠡ ᠦᠭᠡᠢ ᠳᠤᠷᠠᠰᠤᠭᠳᠠᠬᠤ ᠶᠤᠮ᠃ ᠬᠠᠳᠠᠨ ᠭᠡᠷ ᠲᠤ ᠪᠠᠨ ᠬᠡᠳᠦᠶᠢᠨ ᠬᠠᠷᠢᠭᠠᠳ ᠬᠠᠶᠢᠷᠠᠲᠤ ᠨᠥᠬᠦᠳ ᠲᠠᠢ ᠪᠠᠨ ᠵᠤᠭᠤᠭ ᠢᠶᠠᠨ ᠳᠡᠯᠭᠡᠵᠦ ᠰᠠᠭᠤᠭ᠎ᠠ ᠡᠪᠦᠭᠡ ᠶᠢᠨ ᠮᠢᠨᠢ ᠳᠦᠷᠢ ᠴᠤ ᠪᠠᠶᠢᠨ ᠪᠠᠶᠢᠨ ᠲᠤᠳᠤᠷᠠᠭᠠᠳ ᠪᠠᠶᠢᠬᠤ ᠶᠤᠮ᠃1981 ᠤᠨ ᠤ ᠵᠤᠨ ᠨᠠᠮ᠎ᠠ ᠶᠢ ᠳᠣᠯᠣᠭᠠᠨ ᠨᠠᠰᠤ ᠲᠠᠢ ᠪᠠᠷᠢᠭᠠᠳᠠ ᠶᠢᠨ ᠰᠤᠷᠭᠠᠭᠤᠯᠢ ᠶᠢᠨ ᠨᠢᠭᠡᠳᠦᠭᠡᠷ ᠤᠨ ᠳᠤ ᠰᠤᠷᠤᠯᠴᠠᠵᠤ ᠪᠠᠶᠢᠭᠰᠠᠨ ᠦᠶ᠎ᠡ ᠡᠪᠦᠭᠡ ᠮᠢᠨᠢ ᠨᠠᠰᠤ ᠪᠠᠷᠠᠭᠰᠠᠨ ᠪᠢᠯᠡ᠃ ᠶᠠᠭ ᠰᠠᠶᠢᠬᠠᠨ ᠬᠢᠴᠢᠶᠡᠯ ᠤᠷᠤᠵᠤ ᠪᠠᠶᠢᠬᠤ  ᠳᠤ ᠮᠠᠨ ᠤ ᠬᠤᠲᠠᠨ ᠤ ᠪᠦᠷᠢᠨ ᠭᠡᠭᠴᠢ ᠵᠠᠯᠠᠭᠤ ᠳᠤᠭᠤᠢ ᠲᠠᠢ ᠲᠠᠪᠬᠢᠭᠤᠯᠤᠨ ᠢᠷᠡᠵᠦ ᠪᠠᠭᠰᠢ ᠳᠤ ᠮᠡᠳᠡᠭᠳᠡᠭᠡᠳ ᠨᠠᠮ᠎ᠠ ᠶᠢ ᠲᠡᠭᠡᠭᠡᠵᠦ ᠠᠪᠠᠴᠢᠭᠰᠠᠨ ᠢ ᠪᠦᠥᠷ ᠲᠦᠥᠷᠬᠡᠨ ᠴᠡᠭᠡᠵᠢᠯᠡᠵᠦ ᠪᠠᠶᠢᠨ᠎ᠠ᠃ ᠡᠪᠦᠭᠡ ᠶᠢ ᠬᠦᠳᠡᠭᠡᠯᠡᠭᠦᠯᠬᠦ ᠳᠤ ᠬᠤᠯᠠ ᠤᠶᠢᠷ᠎ᠠ ᠶᠢᠨ ᠬᠤᠲᠠ ᠤᠰᠤᠨ ᠤ ᠬᠢᠨ ᠪᠥᠷ ᠴᠤᠭᠯᠠᠷᠠᠭᠰᠠᠨ ᠪᠤᠯᠤᠯᠲᠠᠢ᠂ ᠮᠠᠨ ᠤ ᠭᠠᠳᠠᠨ᠎ᠠ ᠦᠬᠡᠷ ᠲᠡᠷᠭᠡ᠂ ᠮᠤᠷᠢᠨ ᠲᠡᠷᠭᠡ ᠴᠦᠷᠭᠦᠯᠡᠳᠡᠵᠦ᠂ ᠬᠦᠮᠦᠨ ᠤ ᠳᠠᠯᠠᠢ ᠪᠣᠯᠵᠠᠢ᠃ ᠥᠷᠯᠦᠭᠡᠬᠡᠨ ᠰᠤᠷᠭᠠᠭᠤᠯᠢ ᠳᠤ ᠶᠠᠪᠤᠬᠤ ᠳᠤ ᠯᠠ ᠪᠤᠰᠤᠭ᠎ᠠ ᠦᠭᠡᠢ ᠪᠠᠶᠢᠭᠰᠠᠨ ᠡᠪᠦᠭᠡ ᠮᠢᠨᠢ ᠡᠶᠢᠮᠦ ᠲᠦᠷᠭᠡᠨ ᠪᠤᠷᠬᠠᠨ ᠪᠤᠯᠴᠢᠬᠠᠬᠤ ᠪᠠᠷ ᠨᠢ ᠪᠢ ᠢᠲᠡᠭᠡ ᠶᠠᠳᠠᠬᠤ ᠪᠤᠯᠪᠠᠴᠤ ᠭᠠᠷᠤᠨ ᠤᠷᠤᠨ ᠴᠤᠪᠤᠷᠠᠯᠳᠤᠬᠤ ᠤᠯᠠᠨ ᠬᠥᠮᠥᠰ ᠢ ᠬᠠᠷᠠᠭᠠᠳ ᠡᠷᠬᠡ ᠦᠭᠡᠢ ᠮᠡᠯᠮᠡᠷᠡᠬᠦ ᠨᠢᠯᠪᠦᠰᠤ ᠪᠠᠨ ᠬᠦᠴᠦᠯᠡᠨ ᠬᠤᠷᠢᠵᠤ ᠪᠠᠶᠢᠯ᠎ᠠ᠃ ᠮᠢᠨᠦ ᠤᠢ ᠲᠥᠢᠨ ᠳᠤ ᠡᠪᠦᠭᠡ ᠠᠪᠦ ᠮᠢᠨᠢ ᠦᠨᠳᠦᠷ ᠲᠤᠮᠤ ᠪᠡᠶ᠎ᠡ ᠲᠠᠢ᠂ ᠮᠠᠷᠢᠶᠠᠯᠢᠭ ᠳᠥᠷᠪᠡᠯᠵᠢᠨ ᠴᠢᠷᠠᠢ ᠲᠠᠢ᠂ ᠶᠡᠭᠡ ᠯᠠᠭᠱᠢᠨ ᠪᠢᠯᠢᠭ ᠲᠠᠢ ᠬᠦᠮᠥᠨ ᠪᠠᠶᠢᠭᠰᠠᠨ᠃ ᠡᠪᠡᠳᠴᠢᠨ ᠲᠠᠢ ᠶᠢᠨ ᠬᠠᠷᠠᠭ᠎ᠠ ᠪᠠᠷ ᠦᠷᠭᠦᠯᠵᠢ ᠬᠠᠨᠵᠤᠨ ᠳᠡᠭᠡᠷ᠎ᠡ ᠰᠠᠭᠤᠵᠤ ᠬᠡᠪᠲᠡᠵᠤ ᠪᠠᠶᠢᠳᠠᠭ ᠪᠥᠭᠡᠳ ᠭᠠᠷᠴᠤ ᠤᠷᠤᠬᠤ ᠳᠠᠭᠠᠨ ᠲᠠᠶᠠᠭ ᠢᠶᠠᠨ ᠲᠤᠯᠬᠤ ᠶᠢᠨ ᠬᠠᠮᠲᠤ ᠡᠮᠡᠭᠡ ᠪᠠᠷ ᠲᠦᠰᠢᠭᠦᠯᠵᠤ ᠪᠠᠶᠢᠳᠠᠭ᠃ ᠬᠡᠪᠲᠡᠴᠢᠬᠡᠪᠡᠯ ᠥᠪᠡᠷᠲᠡᠭᠡᠨ ᠪᠤᠰᠴᠤ ᠴᠢᠳᠠᠬᠤ ᠦᠭᠡᠢ᠂ ᠳᠡᠭᠦᠦ ᠪᠢᠳᠡ ᠬᠤᠶᠠᠷ ᠳᠠᠩᠳᠠ ᠲᠤᠯᠤᠭᠠᠢ ᠳᠤᠤᠷ᠎ᠠ ᠠᠴᠠ ᠨᠢ ᠡᠷᠭᠦᠵᠤ ᠬᠠᠮᠵᠢᠨ ᠪᠤᠰᠬᠠᠳᠠᠭ ᠪᠤᠯᠬᠤᠷ ᠠᠭᠤᠯᠵᠠᠭᠰᠠᠨ ᠬᠥᠮᠦᠨ ᠪᠤᠯᠭᠠᠨ ᠳᠤ ᠮᠢᠨᠦ ᠬᠤᠶᠠᠷ ᠤᠮᠪᠤᠯ ᠨᠠᠮ᠎ᠠ ᠶᠢ ᠠᠰᠠᠷᠠᠵᠤ ᠪᠠᠶᠢᠨ᠎ᠠ ᠰᠢᠤ ᠭᠡᠵᠤ ᠥᠬᠦᠭᠡᠷᠳᠡᠨ ᠶᠠᠷᠢᠳᠠᠭ ᠪᠢᠯᠡ᠃   ᠡᠪᠦᠭᠡ ᠠᠪᠤ ᠶᠢᠨ ᠨᠡᠷ᠎ᠡ ᠨᠢ ᠮᠡᠨᠳᠦᠪᠠᠭᠠᠲᠤᠷ ᠭᠡᠳᠡᠭ᠃ 1914 ᠤᠨ ᠳᠤ ᠴᠠᠭᠠᠨ ᠬᠡᠷᠡᠮ ᠠᠴᠠ ᠬᠤᠶᠢᠰᠢᠬᠢ ᠭᠥᠯᠦ ᠰᠢᠷ᠎ᠠ ᠬᠤᠨᠢᠴᠢᠨ ᠰᠦᠷᠥᠭ ᠤᠨ ᠪᠠᠷᠠᠭᠤᠨ ᠨᠤᠳᠤᠭ ︵ᠣᠳᠣᠬᠢ ᠾᠧᠪᠸᠢ ᠮᠣᠵᠢ ᠶᠢᠨ ᠱᠠᠩ ᠢ ᠰᠢᠶᠠᠨ ᠤ  ᠬᠢᠵᠠᠭᠠᠷ ᠲᠤ ᠪᠣᠢ︶ ᠲᠠᠬᠢ ᠠᠩᠭᠠᠯ ᠴᠠᠩᠭᠠᠯ ᠨᠠᠭᠤᠷ ᠤᠨ ᠬᠥᠪᠡᠭᠡᠨ ᠳᠤ ᠪᠤᠷᠤᠭᠥ᠋ᠯᠥᠭᠡ ᠶᠢᠨ ᠳᠥᠷᠪᠡᠳᠦᠭᠡᠷ ᠬᠥᠪᠡᠭᠦᠨ ᠪᠤᠯᠵᠤ ᠲᠥᠷᠥᠵᠠᠢ᠃ ᠨᠠᠰᠣᠲᠠᠶᠢᠴᠣᠣᠨ ᠤᠨ ᠬᠠᠭᠤᠴᠢᠯᠠᠬᠤ ᠪᠠᠷ ᠲᠤᠬᠠᠢ ᠶᠢᠨ ᠦᠶ᠎ᠡ ᠳᠤ ︿︿ᠮᠢᠩᠭᠠᠨ ᠬᠤᠨᠢ ᠲᠠᠢ᠂ ᠮᠢᠨᠳᠠᠰᠤᠨ ᠳᠡᠪᠡᠯ ᠲᠠᠢ ᠪᠤᠷᠤ ᠳ᠋ᠠ﹀﹀ ᠭᠡᠵᠤ ᠠᠯᠳᠠᠷᠰᠢᠵᠤ ᠪᠠᠶᠢᠭᠰᠠᠨ   ᠢᠶᠠᠷ ᠦᠵᠡᠬᠦ ᠳᠤ ᠨᠡᠯᠢᠶᠡᠳ ᠪᠠᠶᠠᠨ ᠴᠢᠨᠡᠭᠡᠯᠢᠭ ᠠᠶᠢᠯ ᠪᠠᠶᠢᠭᠰᠠᠨ ᠨᠢ ᠢᠯᠡᠷᠬᠡᠢ᠃  1918 ᠤᠨ ᠤ ᠦᠶᠡᠰ ᠢᠶᠠᠷ ᠲᠤᠬᠠᠢ ᠶᠢᠨ ᠦᠶ᠎ᠡ ᠶᠢᠨ ᠢᠷᠭᠡᠨ ᠤᠯᠤᠰ ᠤᠨ ᠭᠠᠵᠠᠷ ᠲᠦᠷᠢᠶᠡᠰᠦᠯᠡᠨ ᠠᠳᠠᠷ ᠬᠠᠭᠠᠯᠪᠦᠷᠢᠯᠠᠬᠤ ᠠᠯᠪᠠᠳᠠᠯᠭ᠎ᠠ ᠳᠤᠤᠷ᠎ᠠ ᠭᠦᠯᠦ ᠰᠢᠷ᠎ᠠ ᠬᠤᠨᠢᠴᠢᠨ ᠰᠦᠷᠦᠭ ᠤᠨ ᠬᠢᠨ ᠠᠷᠭ᠎ᠠ ᠪᠣᠰᠣ ᠣᠣᠭᠠᠯ ᠨᠣᠳᠤᠭ ᠢᠶᠠᠨ ᠲᠠᠯᠪᠢᠵᠦ ᠦᠭᠭᠦᠨ ᠵᠡᠭᠦᠨᠰᠢ ᠭᠦᠯᠦ ᠴᠠᠭᠠᠨ ᠬᠤᠰᠢᠭᠤᠨ ᠤ ᠭᠠᠵᠠᠷ ᠨᠡᠭᠦᠳᠡᠯᠯᠡᠵᠦ᠂ ᠡᠪᠦᠭᠡ ᠠᠪᠤ ᠶᠢᠨ ᠬᠢᠨ ᠴᠤ ᠨᠡᠭᠦᠳᠡᠯ ᠲᠠᠭᠠᠨ ᠬᠡᠳᠦᠨᠲᠡ ᠰᠢᠯᠵᠢᠵᠦ᠂ ᠰᠡᠭᠦᠯ  ᠳᠤᠨᠢ ᠨᠠᠢᠮᠠ ᠶᠢᠨ ᠠᠭᠤᠯᠠ ᠶᠢᠨ ᠡᠩᠭᠡᠷ ᠲᠠᠬᠢ ᠪᠠᠶᠠᠨᠪᠤᠯᠠᠭ ᠲᠤ ᠨᠤᠲᠤᠭᠰᠢᠨ ᠰᠠᠭᠤᠵᠠᠢ᠃ ᠠᠪᠤ ᠡᠵᠢ ᠠᠴᠠ ᠠᠬ᠎ᠠ ᠳᠡᠭᠦᠥ ᠵᠢᠷᠭᠤᠭᠤᠯᠠ ᠪᠠᠶᠢᠵᠤ᠂ ᠭᠤᠷᠪᠠᠨ ᠬᠦᠦ ᠨᠢ ᠴᠡᠷᠢᠭ ᠲᠤ ᠶᠠᠪᠦᠵᠤ᠂ ᠴᠢᠯᠥᠭᠡᠯᠡᠬᠦ ᠳᠠᠶᠢᠨ ᠳᠤ ᠤᠷᠤᠯᠴᠠᠭᠰᠠᠨ ᠪᠢᠯᠡ᠃    ᠡᠪᠦᠭᠡ 1946 ᠤᠨ ᠤ ᠨᠠᠮᠤᠷ ᠠᠩᠬ᠎ᠠ ᠴᠠᠭᠠᠨ ᠪᠤᠭᠳᠠ ᠶᠢᠨ ᠴᠡᠷᠢᠭ ᠲᠤ ᠣᠷᠣᠵᠦ᠂ ᠰᠡᠭᠦᠯᠡᠷ ᠨᠢ ᠴᠠᠭᠠᠨ ᠪᠣᠬᠳᠠ ᠶᠢᠨ ᠴᠡᠷᠢᠭ ᠢ ᠦᠪᠦᠷ ᠮᠣᠩᠭᠤᠯ ᠤᠨ ᠮᠣᠷᠢᠲᠦ ᠴᠡᠷᠢᠭ ᠤᠨ ᠳᠦᠷᠪᠡᠳᠦᠭᠡᠷ ᠰᠠᠯᠪᠣᠷᠢ ᠠᠩᠬᠢ ᠭᠡᠮᠡᠨ ᠨᠡᠷᠡᠯᠡᠵᠦ ᠪᠠᠶᠢᠬᠰᠠᠨ ᠢᠶᠠᠨ ᠠᠷᠪᠠᠨ ᠨᠢᠭᠡᠳᠣᠭᠡᠷ ᠳ᠋ᠢᠸᠧᠽᠢ ᠪᠣᠯᠭᠠᠨ ᠦᠷᠭᠡᠳᠭᠡᠨ ᠪᠠᠶᠢᠭᠤᠯᠣᠬᠰᠠᠨ ᠶᠣᠮ᠃ ᠡᠪᠦᠭᠡ ᠭᠤᠴᠢᠨ ᠨᠢᠭᠡᠳᠦᠭᠡᠷ ᠬᠤᠷᠢᠶᠠᠨ ᠤ ᠦᠬᠡᠷ ᠫᠤᠤ ᠶᠢᠨ ᠰᠠᠯᠠᠭᠠᠨ ᠳᠤ ᠲᠠᠰᠤᠭ ᠤᠨ ᠳᠠᠷᠤᠭ᠎ᠠ ᠪᠠᠶᠢᠪᠠ᠃ ᠦᠬᠡᠷ ᠫᠤᠤ ᠬᠠᠷᠪᠤᠬᠤ ᠳᠠᠭᠠᠨ ᠶᠡᠭᠡ ᠮᠡᠷᠭᠡᠵᠢᠯ ᠲᠠᠢ ᠭᠡᠵᠤ ᠶᠠᠷᠢᠭᠳᠠᠳᠠᠭ᠃ ᠲᠤᠬᠠᠢ ᠶᠢᠨ ᠦᠶ᠎ᠡ ᠶᠢᠨ ᠳ᠋ᠢᠸᠧᠽᠢ ᠶᠢᠨ ᠳᠠᠷᠤᠭ᠎ᠠ  ᠨᠢ ᠦᠯᠵᠡᠶᠢᠸ᠋ᠴᠢᠷ᠂ ᠬᠤᠷᠢᠶᠠᠨ ᠳᠠᠷᠤᠭ᠎ᠠ ᠨᠢ ᠲᠡᠭᠦᠰ ᠭᠡᠭᠴᠢ ᠬᠥᠮᠦᠨ ᠪᠠᠶᠢᠭᠰᠠᠨ᠃ ᠴᠡᠷᠢᠭ ᠲᠤ ᠪᠠᠶᠢᠬᠤ ᠳᠠᠭᠠᠨ ︿︿ᠬᠤᠸᠠᠳᠧ ᠶᠢ ᠴᠢᠯᠦᠭᠡᠯᠡᠬᠦ ᠳᠠᠶᠢᠨ﹀﹀᠂ ︿︿ᠬᠤᠷᠭᠤ ᠰᠥᠮ᠎ᠡ ᠶᠢᠨ ᠳᠠᠶᠢᠨ﹀﹀᠂ ︿︿ᠲᠤᠭᠤᠭᠠᠲᠤ ᠰᠦᠮ᠎ᠡ ᠶᠢᠨ ᠳᠠᠶᠢᠨ﹀﹀᠂ ︿︿ᠲᠡᠮᠡᠭᠡᠲᠦ  ᠬᠠᠶᠢᠷᠬᠠᠨ ᠤ ᠳᠠᠶᠢᠨ﹀﹀᠂ ︿︿ᠨᠠᠢᠮᠠ ᠶᠢᠨ ᠠᠭᠤᠯᠠ ᠶᠢᠨ ᠪᠠᠶᠢᠯᠳᠤᠭᠠᠨ﹀﹀᠂ ︿︿ᠪᠤᠤᠴᠠᠩ ᠢ ᠴᠢᠯᠦᠭᠡᠯᠡᠬᠦ ᠳᠠᠶᠢᠨ﹀﹀ ᠵᠡᠷᠭᠡ ᠴᠠᠬᠠᠷ ᠤᠷᠤᠨ ᠢ ᠴᠢᠯᠦᠭᠡᠯᠡᠬᠦ ᠳᠠᠶᠢᠨ ᠲᠤᠯᠤᠯᠳᠥᠭᠠᠨ ᠳᠤ ᠲᠠᠪᠢ ᠭᠠᠷᠤᠢ ᠤᠳᠠᠭ᠎ᠠ ᠤᠷᠤᠯᠴᠠᠵᠤ᠂ ᠭᠤᠷᠪᠠᠳᠤᠭᠠᠷ ᠳᠡᠰ ᠤᠨ ᠭᠠᠪᠢᠶ᠎ᠠ ᠪᠠᠶᠢᠭᠤᠯᠵᠤ ᠦᠩᠭᠡᠷᠡᠭᠰᠡᠨ ᠪᠢᠯᠡ᠃ ︿︿ᠪᠤᠤᠴᠠᠩ ᠢ ᠴᠢᠯᠦᠭᠡᠯᠡᠬᠦ ᠳᠠᠶᠢᠨ﹀﹀ ᠳᠤ ᠨᠢᠭᠡᠨ ᠪᠠᠶᠢᠯᠳᠤᠭᠴᠢ ᠶᠠᠭᠠᠷᠠᠵᠤ ᠰᠠᠨᠳᠤᠷᠬᠤ ᠳᠠᠭᠠᠨ ᠦᠬᠡᠷ ᠫᠤᠤ ᠶᠢᠨ ᠰᠤᠮᠤ ᠪᠠᠨ ᠲᠤᠩᠭᠤᠷᠤᠭᠤᠯᠵᠤ ᠬᠢᠭᠰᠡᠨ ᠠᠴᠠ ᠲᠤᠲᠤᠷ᠎ᠠ ᠪᠠᠨ ᠳᠡᠯᠪᠡᠷᠡᠵᠦ᠂ ᠳᠡᠷᠭᠡᠳᠡ ᠨᠢ ᠳᠠᠶᠢᠨ ᠵᠢᠯᠤᠭᠤᠳᠴᠤ ᠪᠠᠶᠢᠭᠰᠠᠨ ᠬᠤᠷᠢᠶᠠᠨ ᠳᠠᠷᠤᠭ᠎ᠠ ᠲᠡᠭᠦᠰ ᠨᠢ ᠵᠠᠪᠰᠢᠶᠠᠨ ᠪᠤᠰᠤ ᠪᠡᠶ᠎ᠡ ᠦᠷᠡᠭᠳᠡᠯ᠎ᠡ ᠭᠡᠵᠦ ᠥᠪᠡᠷᠲᠡᠭᠡᠨ ᠶᠠᠷᠢᠵᠤ ᠪᠠᠶᠢᠭᠰᠠᠨ᠃ᠮᠢᠨᠦ ᠡᠮᠡᠭᠡ ᠡᠵᠢ ᠪᠤᠯ ᠡᠪᠦᠭᠡ ᠲᠠᠢ ᠨᠠᠰᠦ ᠴᠢᠴᠠᠤ᠂ ᠡᠷᠳᠡᠨᠢᠨᠠᠪᠴᠢ ᠭᠡᠳᠡᠭ᠃ ᠮᠥᠨᠴᠤ ᠭᠥᠯᠦ ᠰᠢᠷ᠎ᠠ ᠬᠤᠨᠢᠴᠢᠨ ᠰᠥᠷᠥᠭ ᠤᠨ ᠪᠠᠷᠠᠭᠤᠨ ᠨᠤᠲᠤᠭ ᠲᠤ ᠰᠠᠮᠳᠠᠨ ᠭᠠᠯᠠᠢ ᠶᠢᠨ ᠭᠡᠳᠡᠭ ᠠᠶᠢᠯ ᠳᠤ ᠠᠬ᠎ᠠ ᠦᠬᠢᠨ ᠲᠡᠭᠦᠦ ᠬᠤᠶᠠᠭᠤᠯᠨ ᠲᠥᠷᠥᠵᠦ᠂ ᠲᠠᠬᠢᠨ ᠵᠡᠭᠦᠨᠰᠢ ᠨᠡᠭᠦᠳᠡᠯᠯᠡᠵᠦ ᠢᠷᠡᠭᠰᠡᠨ ᠠᠶᠢᠯ ᠪᠤᠯᠬᠤ ᠶᠤᠮ᠃ ᠡᠮᠡᠭᠡ ᠶᠢᠨ ᠠᠬ᠎ᠠ ᠫᠤᠩᠰᠤᠭᠨᠢᠮ᠎ᠠ ᠰᠡᠭᠦᠯ ᠳᠤᠨᠢ ᠴᠠᠬᠠᠷ ᠠᠶᠢᠮᠠᠭ ᠤᠨ ᠮᠢᠩᠭᠠᠨ ᠬᠤᠰᠢᠭᠤᠨ ᠤ ᠳᠤᠯᠤᠭ᠎ᠠ ᠰᠤᠮᠤ ᠶᠢᠨ ᠵᠠᠩᠭᠢ ᠪᠣᠯᠵᠠᠢ᠃ ᠡᠮᠡᠭᠡ ᠠᠷᠪᠠᠨ ᠳᠤᠯᠤᠭᠠᠲᠠᠢ ᠡᠪᠦᠭᠡ ᠳᠤ ᠮᠤᠷᠳᠠᠵᠤ ᠢᠷᠡᠭᠰᠡᠨ ᠠᠴᠠ ᠴᠢᠯᠦᠭᠡᠯᠡᠭᠳᠡᠬᠦ ᠪᠤᠯᠲᠠᠯ᠎ᠠ ᠲᠤᠬᠠᠢ ᠶᠢᠨ ᠦᠶ᠎ᠡ ᠶᠢᠨ ᠴᠠᠬᠠᠷ ᠨᠤᠲᠤᠭ ᠤᠨ ᠮᠠᠯᠴᠢᠨ ᠪᠦᠰᠡᠭᠦᠶᠢᠴᠥᠥᠯ ᠲᠠᠢ ᠠᠳᠠᠯᠢ ᠪᠠᠷ ᠳᠠᠶᠢᠨ ᠲᠤᠯᠤᠯᠳᠤᠭᠠᠨ ᠤ ᠤᠷᠤᠭ᠎ᠠ ᠪᠤᠰᠬᠠᠭ᠎ᠠ ᠤᠨ ᠵᠢᠯ ᠤᠳ ᠲᠤ ᠬᠦᠴᠢᠷ ᠪᠡᠷᠬᠡ ᠶᠢ ᠲᠤᠭᠤᠯᠤᠨ ᠬᠠᠲᠠᠭᠤᠵᠢᠯᠲᠠᠢ ᠠᠮᠢᠳᠤᠷᠠᠵᠤ ᠢᠷᠡᠭᠰᠡᠨ ᠶᠤᠮ᠃ ᠬᠡᠳᠦᠶᠢᠪᠡᠷ ᠲᠤᠰᠬᠠᠢ ᠰᠤᠷᠭᠠᠭᠤᠯᠢ ᠰᠤᠷᠲᠠᠯ ᠤᠨ ᠮᠥᠷ ᠢ ᠬᠦᠬᠡᠭᠡᠭᠰᠡᠨ ᠦᠭᠡᠢ ᠪᠤᠯᠪᠡᠴᠤ ᠠᠵᠠᠢ ᠶᠢᠨ ᠢᠶᠠᠨ ᠨᠥᠯᠥᠭᠡ ᠪᠠᠷ ᠭᠡᠷ  ᠤᠨ ᠪᠠᠭᠰᠢ ᠪᠠᠷ ᠪᠢᠴᠢᠭ ᠵᠢᠭᠠᠯᠭᠠᠵᠤ᠂ ᠰᠤᠶᠤᠯ ᠲᠡᠦᠬᠡ ᠲᠠᠢ ᠤᠶᠢᠷᠠᠳᠴᠤ ᠥᠰᠥᠭᠰᠡᠨ ᠢᠶᠠᠷ ᠤᠯᠠᠨ ᠰᠠᠶᠢᠬᠠᠨ ᠦᠯᠢᠭᠡᠷ ᠲᠤᠤᠯᠢᠰ ᠮᠡᠳᠡᠳᠡᠭ ᠬᠦᠮᠥᠨ ᠪᠤᠯᠵᠠᠢ᠃ ᠳᠡᠭᠦᠦ ᠪᠢᠳᠡ ᠬᠤᠶᠠᠷ ᠪᠠᠭ᠎ᠠ ᠳᠠᠭᠠᠨ ᠡᠮᠡᠭᠡ ᠶᠢᠨ ᠬᠤᠶᠠᠷ ᠲᠠᠯ᠎ᠠ  ᠳᠤ ᠡᠷᠬᠡᠯᠡᠨ ᠬᠡᠪᠲᠡᠭᠡᠳ ᠰᠥᠨᠢ ᠪᠦᠷᠢ ᠠᠷᠠᠳ ᠤᠨ ᠠᠮᠠᠨ ᠦᠯᠢᠭᠡᠷ᠂ ᠤᠨᠢᠰᠤᠭ᠎ᠠ ᠬᠤᠯᠪᠤᠭ᠎ᠠ ᠶᠢ ᠨᠢ ᠰᠤᠨᠤᠰᠤᠭᠰᠠᠭᠠᠷ ᠠᠮᠲᠠᠲᠤ ᠨᠤᠶᠢᠷᠤᠨ ᠳᠤ ᠪᠠᠨ ᠤᠷᠤᠳᠠᠭ ᠪᠠᠶᠢᠯ᠎ᠠ᠃ ᠴᠤᠬᠤᠮ ᠬᠡᠳᠦᠢ ᠴᠤ ᠦᠯᠢᠭᠡᠷ ᠴᠡᠭᠡᠵᠢᠯᠡᠭᠰᠡᠨ ᠴᠡᠭᠡᠵᠢ ᠰᠠᠶᠢᠲᠠᠢ ᠨᠠᠰᠤᠲᠠᠨ ᠪᠠᠶᠢᠭᠰᠠᠨ ᠢ ᠪᠤᠤ ᠮᠡᠳᠡ᠂ ᠶᠤᠰᠤᠲᠠᠢ ᠠᠯᠢ ᠨᠢᠭᠡᠨ ᠵᠤᠬᠢᠶᠠᠯ ᠳᠤ ᠭᠠᠷᠳᠠᠭ ︿︿ᠤᠯᠠᠯᠵᠠᠨ ᠳᠤᠯᠠᠯᠵᠠᠭᠰᠠᠨ ᠨᠢ ᠲᠤᠯᠭ᠎ᠠ ᠶᠢᠨ ᠮᠢᠨᠢ ᠭᠠᠯ᠂ ᠤᠨᠳᠤᠷᠤᠨ ᠤᠷᠤᠰᠤᠭᠰᠠᠨ ᠨᠢ ᠡᠮᠡᠭᠡ ᠶᠢᠨ ᠮᠢᠨᠢ ᠦᠯᠢᠭᠡᠷ﹀﹀ ᠭᠡᠰᠡᠨ ᠬᠡᠯᠡᠯᠭᠡ ᠲᠠᠢ ᠶᠠᠪ ᠴᠠᠪ ᠨᠡᠶᠢᠴᠡᠵᠦ ᠪᠠᠶᠢᠨ᠎ᠠ᠃ ᠡᠮᠡᠭᠡ ᠶᠢᠨ ᠴᠢᠯᠦᠭᠡᠯᠡᠬᠦ ᠳᠠᠶᠢᠨ ᠤ ᠦᠶ᠎ᠡ  ᠳᠤ ᠡᠪᠦᠭᠡ ᠶᠢ ᠠᠪᠤᠷᠠᠭᠰᠠᠨ ᠦᠯᠢᠭᠡᠷ ᠢ ᠪᠢ ᠴᠡᠭᠡᠵᠢᠯᠡᠵᠦ ᠪᠠᠶᠢᠨ᠎ᠠ᠃ ᠨᠢᠭᠡ ᠤᠳᠠᠭ᠎ᠠ ᠡᠪᠦᠭᠡ ᠪᠠᠶᠢᠯᠳᠤᠭᠠᠨ ᠢᠶᠠᠨ ᠳᠠᠭᠤᠰᠬᠠᠭᠠᠳ ᠬᠡᠳᠦᠨ ᠡᠳᠦᠷ ᠤᠨ ᠠᠮᠠᠷᠠᠯᠲᠠ ᠪᠠᠷ ᠬᠥᠳᠡᠭᠡ ᠭᠡᠷ ᠲᠡᠭᠡᠨ ᠬᠠᠷᠢᠵᠤ ᠢᠷᠡᠭᠡᠳ ᠪᠠᠶᠢᠪᠠ᠃ ᠴᠡᠷᠢᠭ  ᠤᠨ ᠬᠥᠮᠥᠨ ᠪᠤᠯᠬᠤᠷ ᠪᠥᠭᠡᠰᠦᠳᠡᠵᠦ ᠬᠢᠭᠤᠷᠰᠤᠳᠠᠭᠰᠠᠨ ᠬᠤᠪᠴᠠᠰᠦ ᠪᠠᠨ ᠲᠠᠶᠢᠯᠵᠤ ᠰᠦᠨᠢ ᠶᠢᠨ ᠰᠡᠯᠡᠭᠦᠨ ᠳᠤ ᠡᠮᠡᠭᠡ ᠪᠠᠷ ᠤᠭᠢᠶᠠᠯᠭᠠᠭᠠᠳ ᠡᠪᠡᠰᠦᠨ ᠬᠤᠷᠤᠭᠠᠨ ᠤ ᠬᠤᠷᠢᠶᠠᠯᠳᠠᠳᠠᠢ ᠡᠪᠡᠰᠦᠨ ᠳᠡᠭᠡᠷ᠎ᠡ ᠳᠡᠯᠭᠡᠨ ᠬᠠᠲᠠᠭᠠᠭᠰᠠᠨ ᠪᠢᠯᠡ᠃ ᠦᠦᠷ ᠢᠶᠠᠷ ᠭᠡᠨᠡᠳᠲᠡ ᠭᠤᠮᠢᠨᠳᠠᠩ ᠤᠨ ᠦᠯᠡᠳᠡᠭᠳᠡᠯ ᠳᠡᠭᠡᠷᠡᠮ ᠬᠤᠲᠠᠨ ᠳᠤ ᠳᠠᠭᠠᠷᠢᠨ ᠤᠷᠤᠵᠤ ᠨᠡᠩᠵᠢᠯᠲᠡ ᠬᠢᠬᠦ ᠳᠤ ᠡᠮᠡᠭᠡ ᠰᠥᠨᠢᠵᠢᠯᠢᠨ ᠴᠢᠮᠡᠭᠡ ᠴᠢᠩᠨᠠᠨ ᠰᠡᠷᠭᠡᠭ ᠬᠡᠪᠲᠡᠵᠦ ᠪᠠᠶᠢᠭᠰᠠᠨ ᠪᠤᠯᠬᠤᠷ ᠠᠮᠵᠢᠨ ᠪᠤᠰᠴᠤ ᠡᠪᠦᠭᠡ ᠶᠢᠨ ᠰᠢᠷ᠎ᠠ ᠦᠩᠭᠡᠲᠦ ᠴᠡᠷᠢᠭ ᠤᠨ ᠬᠤᠪᠴᠠᠰᠦ ᠶᠢ  ᠡᠪᠡᠰᠤᠨ ᠳᠤᠤᠷ᠎ᠠ ᠪᠤᠯᠠᠵᠤ᠂ ᠡᠪᠦᠭᠡ ᠶᠢ ᠨᠢᠴᠦᠭᠦᠨ ᠢᠶᠠᠷ ᠬᠠᠨᠵᠤᠨ ᠳᠡᠭᠡᠷ᠎ᠡ ᠡᠪᠡᠳᠴᠢᠨ ᠲᠠᠢ ᠬᠦᠮᠥᠨ ᠪᠤᠯᠭᠠᠨ ᠤᠪᠯᠠᠭᠤᠯᠤᠨ ᠬᠡᠪᠲᠡᠭᠦᠯᠵᠦ ᠠᠪᠦᠷᠠᠯ᠎ᠠ ᠭᠡᠳᠡᠭ ᠃ ᠭᠤᠴᠢᠨ ᠬᠡᠳᠤᠨ ᠵᠢᠯ ᠤᠨ ᠳᠠᠷᠠᠭ᠎ᠠ ᠪᠢᠳᠡᠨ ᠳᠤ ᠶᠠᠷᠢᠵᠤ ᠪᠠᠶᠢᠬᠤ ᠳᠠᠭᠠᠨ ᠴᠤ ︿︿ᠪᠤᠷᠬᠠᠨ ᠡ᠂ ᠮᠢᠨᠦ ᠠᠶᠤᠭᠰᠠᠨ ᠢ ᠶᠠᠷᠢᠬᠤ ᠶᠢᠨ ᠭᠠᠵᠠᠷ ᠦᠭᠡᠢ᠂ ᠳᠥᠩᠭᠡᠵᠦ ᠯᠡ ᠠᠮᠵᠢᠯ᠎ᠠ ᠰᠢᠤ᠃ ᠪᠠᠷᠢᠭᠳᠠᠭᠰᠠᠨ ᠪᠤᠯ ᠴᠤ ᠪᠦᠬᠦ ᠭᠡᠷ  ᠢᠶᠠᠷ ᠢᠶᠠᠨ ᠠᠮᠢ ᠦᠭᠡᠢ ᠪᠤᠯᠵᠠᠢ﹀﹀ ᠭᠡᠵᠦ ᠮᠠᠩᠨᠠᠢ ᠳᠠᠭᠠᠨ ᠵᠠᠯᠪᠠᠷᠢᠵᠤ ᠪᠠᠶᠢᠯ᠎ᠠ᠃1946 ᠣᠨ ᠠᠴᠠ 1949 ᠣᠨ ᠬᠦᠷᠳᠡᠯᠡᠬᠢ ᠭᠤᠷᠪᠠᠨ ᠵᠢᠯ ᠳᠤ ᠭᠤᠮᠢᠨᠳᠠᠩ ᠤᠨ ᠲᠡᠷᠰᠯᠡᠭᠦᠴᠣᠣᠨ ᠣᠷᠣᠨ ᠨᠣᠳᠤᠭ ᠤᠨ ᠲᠡᠷᠰᠯᠡᠭᠦᠦ ᠲᠡᠭᠡᠲᠦ ᠲᠠᠪᠬᠤᠷᠭᠠᠳᠠᠨ ᠲᠠᠢ ᠰᠦᠯᠪᠡᠭᠡᠯᠳᠦᠨ ᠴᠠᠬᠠᠷ ᠨᠣᠳᠤᠭ ᠢ ᠳᠣᠯᠤᠭ᠎ᠠ ᠣᠳᠠᠭ᠎ᠠ ᠲᠣᠪᠳᠣᠯᠵᠦ᠂ ᠠᠷᠠᠳ ᠤᠨ ᠬᠤᠪᠢᠰᠬᠠᠯ ᠢ ᠣᠰᠠᠳᠬᠠᠬᠤ ᠪᠠᠷ ᠣᠷᠣᠯᠳᠣᠬᠰᠠᠨ ᠪᠢᠯᠡ᠃ 1947 ᠤᠨ ᠤ ᠡᠪᠦᠯ ᠦᠪᠦᠷ ᠮᠣᠩᠭᠤᠯ ᠤᠨ ᠮᠣᠷᠢᠲᠦ ᠴᠡᠷᠢᠭ ᠤᠨ ᠠᠷᠪᠠᠨ ᠨᠢᠭᠡᠳᠣᠭᠡᠷ ᠳ᠋ᠢᠸᠧᠽᠢ᠂ ᠠᠷᠪᠠᠨ ᠵᠢᠷᠭᠤᠳᠣᠭᠠᠷ ᠳ᠋ᠢᠸᠧᠽᠢ ᠨᠢ ᠭᠤᠮᠢᠨᠳᠠᠩ ᠤᠨ ᠴᠡᠷᠢᠭ ᠲᠠᠢ ᠨᠠᠢᠮᠠ ᠶᠢᠨ ᠠᠭᠤᠯᠠᠨ ᠳᠤ ᠲᠠᠪᠤᠳᠠᠬᠢ ᠤᠳᠠᠭᠠᠨ ᠤ ᠪᠠᠶᠢᠯᠳᠤᠭᠠᠨ ᠪᠣᠯᠵᠦ᠂  ᠮᠣᠷᠢᠲᠦ ᠴᠡᠷᠢᠭ ᠤᠨ ᠮᠢᠩᠭ᠎ᠠ ᠬᠦᠷᠬᠦ ᠦᠭᠡᠢ ᠪᠠᠶᠢᠯᠳᠤᠭᠴᠢᠳ ᠭᠤᠮᠢᠨᠳᠠᠩ ᠤᠨ 60 ᠭᠠᠷᠤᠢ ᠮᠠᠰᠢᠨ ᠲᠠᠢ 1800 ᠭᠠᠷᠤᠢ ᠴᠡᠷᠢᠭ ᠤᠨ ᠳᠠᠭᠠᠷᠢᠯᠲᠠ ᠶᠢ ᠪᠤᠲᠠᠷᠠᠲᠠᠯ᠎ᠠ ᠴᠤᠬᠢᠵᠤ ᠲᠡᠤᠬᠡᠨ ᠳᠤ ᠠᠯᠳᠠᠷᠰᠢᠭᠰᠠᠨ ᠪᠢᠯᠡ᠃ ᠡᠮᠡᠭᠡ ᠶᠢᠨ ᠬᠡᠯᠡᠬᠦ ᠪᠠᠷ ᠲᠡᠷᠡ ᠲᠣᠯᠣᠯᠳᠣᠭᠠᠨ ᠳᠤ ᠮᠠᠯᠴᠢᠳ ᠠᠶᠤᠭᠠᠳ ᠰᠦᠨᠢ ᠳᠡᠭᠡᠨ ᠬᠠᠨᠵᠤᠨ ᠳᠤᠤᠷ᠎ᠠ ᠪᠠᠨ ᠬᠡᠪᠲᠡᠵᠦ ᠪᠠᠶᠢᠭᠰᠠᠨ ᠭᠡᠳᠡᠭ ᠃ ᠬᠤᠲᠠᠨ ᠠᠴᠠ ᠬᠤᠶᠢᠰᠢ ᠲᠠᠪᠤᠨ ᠭᠠᠵᠠᠷ ᠤᠨ ᠵᠠᠶᠢᠲᠠᠢ ᠰᠦᠨᠳᠡᠷᠯᠡᠵᠦ ᠪᠠᠶᠢᠳᠠᠭ ᠠᠪᠳᠠᠷᠠᠲᠤ ᠶᠢᠨ ᠠᠭᠤᠯᠠ ᠶᠢᠨ ᠠᠷᠤ ᠬᠤᠷᠮᠤᠢ ᠠᠴᠠ ᠠᠭᠤᠯᠠᠨ ᠣᠷᠣᠢ ᠵᠦᠭ ᠭᠠᠯᠯᠠᠭ᠎ᠠ ᠳᠠᠶᠢᠰᠤᠨ ᠤ ᠦᠬᠡᠷ ᠫᠤᠤ ᠶᠢᠨ ᠰᠤᠮᠤ ᠨᠤᠭᠤᠳ ᠴᠠᠰᠦ ᠰᠢᠭᠤᠷᠭᠠᠨ ᠳᠤ ᠬᠠᠷᠠᠯᠲᠠ ᠪᠠᠨ ᠤᠨᠤᠬᠤ ᠦᠭᠡᠢ ᠶᠡᠭᠡ ᠲᠡᠭᠡᠭᠦᠷ ᠢᠰᠭᠡᠷᠤᠨ ᠦᠩᠭᠡᠷᠡᠵᠦ᠂ ᠬᠡᠴᠢᠨᠡᠨ ᠭᠠᠵᠠᠷ ᠤᠨ ᠡᠮᠦᠨᠡᠬᠢ ᠲᠠᠶᠢᠵᠢ ᠶᠢᠨ ᠤᠩᠭᠤᠨ ᠬᠠᠪᠢ ᠪᠠᠷ ᠳᠡᠯᠪᠡᠷᠡᠬᠦ ᠳᠤ ᠬᠦᠴᠦᠲᠦ ᠳᠤᠷᠭᠢᠶᠠᠨ ᠳᠤ ᠨᠢ ᠰᠢᠪᠠᠷ ᠪᠠᠶᠢᠰᠢᠩ ᠤᠨ ᠴᠤᠩᠬᠤᠨ ᠰᠢᠯ ᠱᠠᠵᠢᠬᠢᠨᠠᠨ  ᠲᠣᠣᠭᠠᠷᠣᠬᠰᠠᠭᠠᠷ ᠬᠠᠭᠠᠷᠠᠳᠠᠭ ᠪᠠᠶᠢᠭᠰᠠᠨ ᠭᠡᠵᠦ ᠶᠠᠷᠢᠳᠠᠭ᠃ ᠶᠡᠭᠡ ᠫᠤᠤ ᠶᠢᠨ ᠰᠤᠮᠤᠨ ᠳᠤ ᠤᠩᠬᠢᠯᠠᠭᠳᠠᠭᠰᠠᠨ ᠬᠤᠩᠬᠤᠷ ᠲᠤ ᠪᠤᠷᠤᠭᠠᠨ ᠤ ᠤᠰᠤ ᠲᠤᠭᠳᠠᠵᠤ ᠨᠠᠭᠤᠷ ᠪᠤᠯᠤᠨ ᠨᠡᠯᠦᠶᠢᠬᠦ ᠪᠠᠷ ᠮᠠᠯᠴᠢᠳ ᠬᠤᠵᠢᠮ ᠨᠢ  ︿︿ᠲᠠᠶᠢᠵᠢ ᠶᠢᠨ ᠤᠩᠭᠤᠨ ᠤ ᠨᠠᠭᠤᠷ﹀﹀ ᠭᠡᠵᠦ ᠨᠡᠷᠡᠯᠡᠬᠦ ᠪᠤᠯᠤᠭᠰᠠᠨ ᠪᠢᠯᠡ᠃ ᠨᠠᠶᠠᠭᠠᠳ ᠤᠨ ᠤ ᠦᠶᠡᠰ ᠢᠶᠠᠷ ᠪᠢᠳᠡᠨ ᠤ ᠦᠶ᠎ᠡ ᠶᠢᠨ ᠬᠡᠤᠬᠡᠳ ᠤᠳ ᠤᠯᠠᠭᠠᠨ᠎ᠠ ᠳᠤᠯᠤᠨᠤ ᠲᠡᠭᠦᠬᠦ ᠪᠠᠷ ᠠᠭᠤᠯᠠᠨ ᠳᠤ ᠭᠠᠷᠬᠤ ᠳᠤ ᠴᠤ ᠫᠤᠤ ᠶᠢᠨ ᠰᠤᠮᠤᠨ ᠤ ᠬᠤᠭᠤᠰᠤᠨ ᠬᠤᠩᠬᠢᠶ᠎ᠠ ᠪᠠᠶᠢᠨ ᠪᠠᠶᠢᠨ ᠲᠠᠭᠠᠷᠠᠯᠳᠤᠳᠠᠭ ᠪᠠᠶᠢᠭᠰᠠᠨ᠃ ᠨᠡᠩ ᠴᠤ ᠰᠢᠲᠠᠵᠦ ᠦᠯᠡᠳᠡᠭᠰᠡᠨ ᠬᠠᠶᠢᠯᠠᠰᠤᠨ ᠮᠤᠳᠤᠨ ᠤ ᠪᠤᠯᠤᠤ ᠶᠢ ᠮᠠᠯᠴᠢᠳ ᠲᠡᠭᠦᠨ ᠠᠪᠴᠢᠷᠠᠵᠤ ᠬᠤᠷᠢᠮ ᠨᠠᠶᠢᠷ ᠤᠨ ᠪᠥᠬᠦᠯᠢ ᠴᠢᠨᠠᠬᠤ ᠪᠠᠷ ᠲᠥᠯᠡᠭᠡᠨ ᠤ ᠤᠷᠤᠨ ᠳᠤ ᠵᠠᠷᠤᠳᠠᠭ ᠪᠠᠶᠢᠪᠠ᠃ ᠬᠠᠶᠢᠯᠠᠰᠤᠨ ᠮᠤᠳᠤᠨ ᠤ ᠪᠤᠯᠤᠤ ᠶᠢᠨ ᠰᠢᠲᠠᠯᠲᠠ ᠭᠡᠭᠴᠢ ᠪᠤᠯᠤᠳ ᠬᠠᠶᠢᠯᠤᠭᠤᠯᠬᠤ ᠵᠤᠤᠬᠠᠨ ᠤ ᠭᠠᠯ ᠮᠡᠲᠦ ᠴᠢᠰ ᠤᠯᠠᠭᠠᠨ ᠪᠠᠶᠢᠵᠤ᠂ ᠲᠤᠩ ᠳᠠᠭᠠᠭᠠᠴᠠᠲᠠᠢ ᠨᠤᠴᠤᠳᠠᠭ ᠪᠢᠯᠡ᠃ ᠡᠭᠦᠪᠡᠷ ᠦᠵᠡᠬᠦ ᠳᠤ ᠲᠡᠷᠡ ᠦᠶ᠎ᠡ ᠳᠤ ᠨᠠᠢᠮᠠ ᠶᠢᠨ ᠠᠭᠤᠯᠠᠨ ᠳᠤ ᠬᠢᠷᠢ ᠵᠡᠷᠭᠡ ᠲᠤᠯᠤᠯᠳᠤᠭᠠᠨ ᠪᠤᠯᠵᠤ ᠪᠠᠶᠢᠭᠰᠠᠨ ᠢ ᠭᠦᠢᠴᠡᠳ ᠨᠤᠲᠠᠯᠠᠵᠤ ᠪᠤᠯᠬᠤ ᠰᠠᠨ᠃    1948 ᠤᠨ ᠳᠤ ᠡᠪᠦᠭᠡ ᠠᠪᠦ ᠴᠡᠷᠢᠭ ᠠᠩᠭᠢ ᠠᠴᠠ ᠲᠤᠰᠢᠶᠠᠭᠰᠠᠨ ᠰᠢᠨ᠎ᠠ ᠴᠡᠷᠢᠭ ᠡᠯᠰᠡᠬᠦ ᠡᠭᠦᠷᠭᠡ ᠶᠢ ᠬᠦᠯᠢᠶᠡᠵᠦ ᠨᠤᠲᠤᠭ ᠲᠤ ᠪᠠᠨ ᠢᠷᠡᠵᠦ᠂ ᠨᠡᠯᠢᠶᠡᠳ ᠲᠤᠭᠠᠨ ᠤ ᠴᠡᠷᠢᠭ ᠡᠯᠰᠡᠵᠦ᠂ ᠵᠤᠬᠢᠶᠠᠨ ᠪᠠᠶᠢᠭᠤᠯᠤᠯᠲᠠ ᠶᠢᠨ ᠡᠭᠦᠷᠭᠡ ᠶᠢ ᠰᠠᠶᠢᠨ ᠪᠡᠶᠡᠯᠡᠭᠦᠯᠥᠭᠰᠡᠨ ᠪᠢᠯᠡ᠃ 1949 ᠣᠨ ᠠᠴᠠ ᠬᠤᠶᠢᠰᠢ ᠳᠠᠶᠢᠨ ᠲᠤᠯᠤᠯᠳᠤᠭᠠᠨ ᠦᠨᠳᠦᠰᠦᠨ  ᠳᠡᠭᠡᠨ ᠳᠠᠭᠤᠰᠴᠤ᠂ ᠴᠡᠷᠢᠭ ᠠᠩᠭᠢ ᠳᠡᠭᠡᠷ᠎ᠡ ︿︿ᠭᠤᠷᠪᠠ ᠶᠢ ᠡᠰᠡᠷᠭᠦᠴᠡᠬᠦ﹀﹀᠂ ︿︿ᠲᠠᠪᠤ ᠶᠢ ᠡᠰᠡᠷᠭᠦᠴᠡᠬᠦ﹀﹀ ᠬᠥᠳᠡᠯᠭᠡᠭᠡᠨ ᠰᠢᠷᠦᠭᠦᠨ ᠶᠠᠪᠤᠭᠳᠠᠵᠤ᠂ ᠴᠡᠭᠴᠡᠯᠡᠯᠲᠡ ᠬᠢᠬᠦ ᠳᠤ ᠡᠪᠦᠭᠡ ᠠᠪᠦ ᠢᠳᠡᠪᠬᠢᠲᠠᠢ ᠤᠷᠤᠯᠴᠠᠵᠦ᠂ ᠬᠠᠲᠠᠭᠤ ᠴᠢᠩᠭ᠎ᠠ ᠰᠢᠯᠭᠠᠯᠲᠠ ᠶᠢ ᠲᠤᠭᠤᠯᠵᠤ ᠭᠠᠷᠤᠭᠰᠠᠨ ᠭᠡᠵᠦ ᠶᠠᠷᠢᠳᠠᠭ᠃ 1953 ᠤᠨ ᠳᠤ ᠴᠡᠷᠢᠭ ᠠᠴᠠ ᠪᠠᠨ ᠬᠠᠯᠠᠭᠳᠠᠵᠤ ᠤᠷᠤᠨ ᠨᠤᠲᠤᠭ ᠲᠠᠭᠠᠨ ᠪᠤᠴᠠᠵᠤ ᠮᠢᠩᠭᠠᠨ ᠲᠠᠶᠢᠪᠤᠰᠧ ᠬᠤᠯᠪᠤᠭᠠᠲᠤ ᠬᠤᠰᠢᠭᠤᠨ ᠤ ᠲᠤᠲᠤᠭᠠᠳᠤ ᠶᠢ ᠬᠠᠮᠠᠭᠠᠯᠠᠬᠤ ᠬᠤᠷᠢᠶᠠᠨ ᠳᠤ ᠢᠷᠡᠵᠦ ︿︿ᠵᠠᠯᠢᠬᠠᠢ ᠶᠢ ᠰᠡᠷᠭᠡᠶᠢᠯᠡᠵᠦ᠂ ᠠᠮᠤᠷ ᠢ ᠬᠠᠮᠠᠭᠠᠯᠠᠬᠤ﹀﹀ ᠰᠠᠯᠠᠭᠠᠨ ᠳᠤ ᠠᠵᠢᠯᠯᠠᠪᠠ᠃ ᠬᠤᠰᠢᠭᠤ ᠶᠠᠮᠤᠨ ᠨᠢ ᠤᠳᠤᠬᠢ ᠰᠢᠯᠤᠭᠤᠨ ᠬᠥᠬᠡ ᠬᠤᠰᠢᠭᠤᠨ ᠤ ᠬᠠᠳᠠᠨ ᠬᠤᠰᠢᠭᠤ ᠳᠤ  ᠪᠠᠶᠢᠷᠢᠯᠠᠵᠦ᠂ ᠬᠤᠰᠢᠭᠤ ᠳᠠᠷᠤᠭ᠎ᠠ ᠨᠢ ᠴᠤᠭᠵᠢᠪᠬᠤᠯᠠᠩ᠂ ᠲᠤᠲᠤᠭᠠᠳᠤ ᠶᠢ ᠬᠠᠮᠠᠭᠠᠯᠠᠬᠤ ᠬᠤᠷᠢᠶᠠᠨ ᠳᠠᠷᠤᠭ᠎ᠠ ᠨᠢ ᠴᠢᠳᠠᠷᠪᠠᠯ ᠭᠡᠰᠡᠨ ᠬᠥᠮᠥᠨ ᠪᠠᠶᠢᠪᠠ᠃ ᠲᠣᠬᠠᠢ ᠶᠢᠨ ᠦᠶ᠎ᠡ ᠳᠤ ᠡᠪᠦᠭᠡ ᠳᠤ ᠤᠯᠭᠤᠭᠰᠠᠨ ︿︿ᠬᠤᠪᠢᠰᠬᠠᠯ ᠤᠨ ᠡᠰᠡᠷᠭᠦᠴᠦᠳ ᠢ ᠳᠠᠷᠤᠩᠭᠤᠶᠢᠯᠠᠬᠤ ᠬᠥᠳᠡᠯᠭᠡᠭᠡᠨ﹀﹀ ᠤ ᠳᠤᠮᠳᠠ ᠵᠠᠯᠢᠬᠠᠢ ᠶᠢ ᠰᠡᠷᠭᠡᠶᠢᠯᠡᠵᠦ ᠠᠮᠤᠷ ᠢ ᠬᠠᠮᠠᠭᠠᠯᠠᠬᠤ ᠠᠵᠢᠯ ᠳᠤ ᠤᠨᠴᠠ ᠪᠥᠳᠥᠮᠵᠢ ᠭᠠᠷᠭᠠᠭᠰᠠᠨ ᠲᠤᠯᠠ ᠤᠨᠴᠠᠭᠠᠶᠢᠯᠠᠨ ᠬᠥᠬᠢᠭᠦᠯᠪᠡ ᠭᠡᠰᠡᠨ ᠬᠤᠰᠢᠭᠤ ᠳᠠᠷᠤᠭ᠎ᠠ᠂ ᠲᠤᠲᠤᠭᠠᠳᠤ ᠶᠢ ᠬᠠᠮᠠᠭᠠᠯᠠᠬᠤ ᠬᠤᠷᠢᠶᠠᠨ ᠳᠠᠷᠤᠭ᠎ᠠ ᠶᠢᠨ ᠨᠡᠷ᠎ᠡ ᠶᠢᠨ ᠲᠠᠮᠠᠭ᠎ᠠ ᠲᠠᠢ ᠬᠤᠶᠠᠷ ᠦᠨᠡᠮᠯᠡᠯ ᠢ ᠪᠢᠳᠡ ᠤᠳᠤ ᠪᠤᠯᠳᠠᠯ᠎ᠠ ᠬᠠᠳᠠᠭᠠᠯᠠᠭᠰᠠᠭᠠᠷ ᠪᠠᠶᠢᠨ᠎ᠠ᠃ 1956 ᠤᠨ ᠳᠤ ᠡᠪᠦᠭᠡ ᠠᠮᠤᠷ ᠢ ᠬᠠᠮᠠᠭᠠᠯᠠᠭᠴᠢ ᠶᠢᠨ ᠠᠵᠢᠯ ᠢᠶᠠᠨ ᠴᠢᠯᠦᠭᠡᠯᠡᠵᠦ ᠬᠥᠳᠡᠭᠡ ᠨᠤᠲᠤᠭ ᠲᠠᠭᠠᠨ ᠪᠠᠭ ᠤᠨ ᠳᠠᠷᠤᠭ᠎ᠠ᠂ ᠬᠠᠪᠰᠤᠷᠤᠯ ᠬᠤᠷᠰᠢᠶᠠᠵᠢᠯ ᠤᠨ ᠳᠠᠷᠤᠭ᠎ᠠ᠂ ᠲᠠᠷᠢᠶᠠᠯᠠᠬᠤ ᠶᠡᠭᠡ ᠪᠠᠷᠢᠭᠠᠳᠠ ᠶᠢᠨ ᠳᠠᠷᠤᠭ᠎ᠠ ᠪᠠᠷ ᠤᠯᠠᠨ ᠵᠢᠯ ᠠᠵᠢᠯᠯᠠᠭᠰᠠᠨ ᠪᠥᠭᠡᠳ ᠠᠶᠢᠮᠠᠭ᠂ ᠬᠤᠰᠢᠭᠤᠨ ᠤ ᠬᠥᠳᠡᠯᠮᠦᠷᠢ ᠶᠢᠨ ᠵᠢᠱᠢᠶᠡᠴᠢ ᠪᠠᠷ ᠬᠡᠳᠦᠨ ᠤᠳᠠᠭ᠎ᠠ ᠰᠤᠩᠭᠤᠭᠳᠠᠵᠤ  ᠂ ᠬᠤᠷᠠᠯ ᠴᠤᠭᠯᠠᠭᠠᠨ ᠳᠤ ᠵᠠᠯᠭᠠᠭ᠎ᠠ  ᠶᠠᠪᠤᠳᠠᠭ ᠪᠠᠶᠢᠪᠠ᠃  ᠠᠷᠪᠠᠨ ᠵᠢᠯ ᠤᠨ ᠰᠠᠮᠠᠭᠤᠷᠠᠯ ᠳᠣᠮᠳᠠ ᠡᠪᠦᠭᠡ ᠳᠤ ︿︿ᠬᠥᠷᠥᠩᠭᠡᠲᠦ ᠶᠤᠰᠤᠨ ᠤ ᠵᠠᠮ ᠢᠶᠠᠷ ᠵᠠᠮᠨᠠᠭᠴᠢ ᠡᠷᠬᠡ ᠪᠠᠷᠢᠭᠴᠢ﹀﹀᠂ ︿︿ᠥᠪᠥᠷ ᠠᠷᠠᠳ ᠤᠨ ᠨᠠᠮ﹀﹀ ᠵᠡᠷᠭᠡ ᠬᠢᠯᠢᠰ ᠬᠡᠷᠡᠭ ᠨᠥᠮᠥᠷᠦᠭᠦᠯᠦᠨ ᠲᠡᠮᠡᠴᠡᠪᠡ᠃ ᠭᠡᠪᠡᠴᠦ ᠡᠪᠦᠭᠡ ᠠᠪᠦ ᠪᠠᠶᠢᠯᠳᠤᠭᠴᠢ ᠭᠠᠷᠤᠯ ᠲᠠᠢ ᠬᠠᠳᠠᠨ ᠵᠤᠷᠢᠭᠲᠤ ᠬᠥᠮᠥᠨ ᠪᠠᠶᠢᠭᠰᠠᠨ ᠪᠤᠯᠬᠤᠷ ᠮᠠᠤ ᠲᠡᠷᠢᠭᠦᠯᠡᠭᠴᠢ ᠶᠢᠨ ᠦᠭᠡ ᠶᠢᠨ ᠲᠡᠭᠦᠪᠦᠷᠢ᠂ ᠴᠢᠯᠦᠭᠡᠯᠡᠬᠦ ᠳᠠᠶᠢᠨ ᠤ ᠭᠠᠪᠢᠶᠠᠨ ᠲᠡᠮᠳᠡᠭ᠂ ᠬᠤᠸᠠᠪᠸᠢ ᠤᠷᠤᠨ ᠢ ᠴᠢᠯᠦᠭᠡᠯᠡᠭᠰᠡᠨ ᠳᠤᠷᠠᠰᠬᠠᠯ ᠤᠨ ᠲᠡᠮᠳᠡᠭ ᠢᠶᠠᠨ ᠴᠢᠩᠭ᠎ᠠ ᠠᠳᠬᠤᠵᠤ᠂ ᠤᠷᠪᠠᠯᠭ᠎ᠠ ᠭᠠᠷᠭᠠᠭᠴᠢᠳ ᠲᠠᠢ ᠡᠷᠡᠰ ᠲᠡᠮᠡᠴᠡᠵᠦ ᠪᠠᠭ᠋ᠠᠨ ᠬᠠᠯᠠ ᠲᠠᠮᠦ ᠠᠮᠰᠠᠭᠰᠠᠨ ᠴᠤ ᠶᠡᠷᠦ ᠪᠠᠭᠤᠵᠤ ᠥᠭᠭᠦᠭᠰᠡᠨ ᠦᠭᠡᠢ ᠭᠡᠳᠡᠭ᠃ ᠬᠤᠵᠢᠮ ᠨᠢ ᠬᠢᠯᠢᠰ  ᠢ ᠨᠢ ᠴᠠᠭᠠᠳᠬᠠᠵᠤ ᠤᠤᠯ ᠲᠤᠰᠢᠶᠠᠯ ᠢ ᠨᠢ ᠰᠡᠷᠭᠦᠭᠡᠵᠦ᠂ ᠴᠥᠭᠡᠪᠦᠷᠢ ᠬᠡᠳᠦᠨ ᠵᠢᠯ ᠠᠵᠢᠯᠯᠠᠭᠠᠳ ᠡᠪᠡᠳᠴᠢᠨ ᠤ ᠰᠢᠯᠲᠠᠭᠠᠨ ᠢᠶᠠᠷ ᠠᠵᠢᠯ ᠢᠶᠠᠨ ᠴᠢᠯᠦᠭᠡᠯᠡᠭᠰᠡᠨ ᠪᠢᠯᠡ᠃    ᠡᠪᠦᠭᠡ ᠠᠪᠤ ᠪᠤᠯ ᠶᠡᠷᠦ ᠨᠢ ᠲᠥᠪ ᠭᠤᠤᠯᠴᠢ᠂ ᠡᠷᠡᠰ ᠲᠠᠰᠤ᠂ ᠬᠤᠪᠢ ᠪᠠᠨ ᠪᠤᠳᠤᠬᠤ ᠦᠭᠡᠢ᠂ ᠵᠤᠬᠢᠶᠠᠨ ᠪᠠᠶᠢᠭᠤᠯᠤᠯᠳᠠ ᠳᠤ ᠡᠶᠢᠮᠦ ᠲᠡᠶᠢᠮᠦ ᠠᠯᠪᠠ ᠲᠤᠯᠭᠠᠬᠤ ᠳᠤᠷ᠎ᠠ ᠦᠭᠡᠢ᠂ ᠪᠤᠰᠤᠳ ᠤᠨ ᠬᠦᠴᠢᠷ ᠵᠤᠪᠠᠭᠤᠷᠢ ᠶᠢ ᠣᠶᠢᠯᠠᠭᠠᠳᠠᠭ ᠬᠥᠮᠥᠨ ᠪᠠᠶᠢᠭᠰᠠᠨ ᠪᠤᠯᠬᠤᠷ᠂ ᠨᠤᠲᠤᠭ ᠤᠰᠤᠨ ᠳᠠᠭᠠᠨ ᠠᠯᠳᠠᠷ ᠬᠦᠨᠳᠦᠲᠠᠢ ᠪᠠᠶᠢᠵᠤ᠂ ᠮᠠᠯᠴᠢᠳ ︿︿ᠡᠩᠡ ᠭᠥᠭᠧ ︵ᠠᠬ᠎ᠠ︶﹀﹀ ᠭᠡᠵᠦ ᠲᠤᠲᠤᠨᠤᠴᠢᠯᠠᠨ ᠳᠠᠭᠤᠳᠠᠳᠠᠭ᠃ ᠮᠠᠨ ᠤ ᠭᠡᠷ ᠬᠤᠲᠠᠨ ᠤ ᠬᠠᠮᠤᠭ ᠪᠠᠷᠠᠭᠤᠨ ᠵᠠᠬ᠎ᠠ ᠳᠤ ᠰᠠᠭᠤᠳᠠᠭ ᠪᠤᠯᠬᠤᠷ ᠬᠡᠤᠬᠡᠳ ᠤᠳ ᠡᠪᠦᠭᠡ ᠶᠢ ᠪᠠᠰᠠ ︿︿ᠪᠠᠷᠠᠭᠤᠨ ᠠᠪᠦ﹀﹀ ᠭᠡᠵᠤ ᠬᠦᠨᠳᠦᠯᠡᠳᠡᠭ᠃  ᠡᠮᠡᠭᠡ ᠡᠵᠢ ᠨᠡᠷᠡᠲᠠᠢ ᠡᠬᠡ ᠪᠠᠷᠢᠶᠠᠴᠢ ᠪᠠᠶᠢᠭᠰᠠᠨ ᠢᠶᠠᠷ ᠤᠶᠢᠷ᠎ᠠ ᠬᠠᠪᠢ ᠶᠢᠨ ᠤᠯᠠᠨ ᠬᠡᠤᠬᠡᠳ ᠤᠨ ︿︿ᠬᠦᠢᠰᠦ ᠮᠥᠮᠥ﹀﹀ ᠪᠤᠯᠤᠭᠰᠠᠨ ᠶᠤᠮ᠃ ᠵᠢᠯ ᠴᠠᠭᠠᠨ ᠰᠠᠷ᠎ᠠ ︿︿ᠬᠦᠢᠰᠦ ᠮᠥᠮᠥ﹀﹀᠂ ︿︿ᠪᠠᠷᠠᠭᠤᠨ ᠠᠪᠦ﹀﹀ ᠪᠠᠨ ᠡᠷᠭᠢᠵᠦ ᠦᠵᠡᠬᠦ ᠪᠠᠷ ᠮᠠᠨ ᠤ ᠳᠤ ᠭᠡᠶᠢᠴᠢᠨ ᠬᠠᠷ᠎ᠠ ᠤᠯᠠᠨ ᠴᠤᠪᠤᠷᠠᠯᠳᠤᠳᠠᠭ ᠪᠠᠶᠢᠪᠠ᠃ ᠪᠢᠳᠠ ᠠᠶᠢᠯ ᠤᠨ ᠬᠡᠤᠬᠡᠳ ᠲᠠᠢ ᠨᠠᠭᠠᠳᠴᠤ ᠬᠠᠶᠠ ᠬᠡᠷᠡᠭ ᠤᠷᠰᠢᠭ ᠲᠠᠲᠠᠳᠠᠭ ᠪᠤᠯᠪᠠᠴᠤ ᠡᠪᠦᠭᠡ ᠮᠢᠨᠢ ᠠᠵᠠᠢ ᠡᠮᠧ ᠶᠢᠨ ᠪᠢᠳᠡᠨ ᠳᠤ ᠭᠠᠷ ᠬᠦᠷᠬᠦ ᠶᠢ ᠵᠥᠪᠰᠢᠶᠡᠷᠡᠳᠡᠭ ᠦᠭᠡᠢ᠃ ᠲᠡᠷᠡ᠄ ︿︿ᠬᠡᠤᠬᠡᠳ ᠠᠯᠢᠶ᠎ᠠ ᠪᠤᠯ ᠲᠠᠷᠢᠬᠢ ᠰᠡᠷᠭᠦᠯᠡᠩ ᠪᠠᠶᠢᠳᠠᠭ᠂ ᠰᠢᠭᠦᠮᠵᠢᠯᠡᠵᠦ ᠰᠤᠷᠭᠠᠵᠤ ᠪᠤᠯᠤᠨ᠎ᠠ᠂ ᠡᠯᠳᠡᠵᠦ ᠪᠤᠯᠬᠤ ᠦᠭᠡᠢ᠃ ᠨᠠᠮ᠎ᠠ ᠶᠢ ᠮᠤᠷᠢᠯᠠᠭᠰᠠᠨ ᠬᠤᠶᠢᠨ᠎ᠠ ᠲᠠᠨᠠᠷ ᠶᠠᠭᠠᠬᠢᠬᠤ ᠪᠠᠨ ᠥᠪᠡᠷᠰᠡᠳ ᠢᠶᠠᠨ ᠮᠡᠳᠡ﹀﹀ ᠭᠡᠳ ᠥᠮᠥᠭᠡᠷᠡᠳᠡᠭ᠃ ᠪᠢᠳᠡ ᠴᠤ ᠬᠠᠨᠵᠤᠨ ᠳᠡᠭᠡᠷ᠎ᠡ ᠰᠠᠭᠤᠭ᠎ᠠ ᠡᠪᠦᠭᠡ ᠶᠢᠨ ᠬᠠᠨᠠᠭᠠᠷ ᠨᠢᠷᠤᠭᠠᠨ ᠤ ᠠᠷᠤ ᠳᠤ ᠨᠢᠭᠤᠭᠳᠠᠵᠤ᠂ ᠬᠡᠴᠢᠨᠡᠨ ᠴᠤ ᠤᠳᠠᠭ᠎ᠠ ᠤᠯᠬᠤ ᠶᠤᠰᠦᠲᠠᠢ ᠠᠯᠠᠭᠠᠨ ᠪᠤᠤᠪᠤ ᠶᠢᠨ ᠰᠢᠳᠬᠡᠯ  ᠠᠴᠠ ᠵᠠᠶᠢᠯᠠᠵᠤ ᠭᠠᠷᠤᠭᠰᠠᠨ ᠢ ᠪᠤᠤ ᠮᠡᠳᠠ᠃ ᠶᠠᠭᠤ ᠴᠤ ᠭᠡᠰᠡᠨ ᠡᠪᠦᠭᠡ ᠡᠮᠡᠭᠡ ᠶᠢᠨ ᠬᠠᠯᠠᠭᠤᠨ ᠡᠩᠬᠦᠷᠡᠶᠢᠯᠡᠯ ᠳᠤᠤᠷ᠎ᠠ ᠪᠠᠭ᠎ᠠ ᠰᠠᠭ᠎ᠠ ᠡᠷᠬᠡ ᠲᠠᠩᠬᠢ ᠥᠰᠥᠭᠰᠡᠨ ᠪᠤᠯᠪᠠᠴᠤ ᠲᠡᠳᠡᠨ ᠤ ᠪᠢᠳᠡᠨ ᠳᠤ ᠥᠭᠭᠦᠭᠰᠡᠨ ᠬᠠᠶᠢᠷ᠎ᠠ ᠬᠠᠯᠠᠮᠵᠢ᠂ ᠥᠮᠥᠭ ᠲᠦᠰᠢᠭ᠂ ᠰᠤᠷᠭᠠᠨ ᠬᠥᠮᠥᠵᠢᠯ ᠨᠢ ᠬᠠᠷᠠᠬᠠᠨ ᠪᠠᠭ᠎ᠠ ᠶᠢᠨ ᠤᠢ ᠲᠥᠢᠨ ᠳᠤ ᠮᠠᠷᠲᠠᠭᠳᠠᠰᠢ ᠦᠭᠡᠢ ᠬᠠᠲᠠᠩᠰᠢᠭᠰᠠᠨ ᠪᠠᠶᠢᠨᠠᠮ᠃ᠮᠢᠨᠦ ᠠᠵᠢᠯᠯᠠᠵᠦ ᠠᠮᠢᠳᠤᠷᠠᠵᠤ ᠪᠠᠶᠢᠬᠤ ᠬᠤᠰᠢᠭᠤᠨ ᠲᠥᠪ ᠪᠠᠯᠭᠠᠰᠤᠨ ᠠᠴᠠ ᠵᠡᠭᠦᠨ ᠡᠮᠦᠨᠡᠰᠢ ᠬᠤᠷᠢᠭᠠᠳ ᠭᠠᠵᠠᠷ  ᠤᠨ ᠳᠡᠷᠲᠡᠭᠡ ᠨᠠᠢᠮᠠ ᠶᠢᠨ ᠠᠭᠤᠯᠠ ᠴᠡᠩᠬᠡᠷᠯᠡᠨ ᠵᠡᠷᠭᠡᠯᠭᠡᠨᠳᠡᠵᠦ ᠬᠠᠷᠠᠭᠳᠠᠳᠠᠭ᠃ ᠬᠡᠳᠦᠶᠢᠪᠡᠷ ᠲᠡᠭᠷᠢ ᠠᠭᠤᠯᠠ ᠰᠢᠭ᠋ ᠮᠥᠩᠬᠡ ᠴᠠᠰᠤᠲᠤ ᠤᠷᠭᠢᠯ ᠦᠭᠡᠢ ᠴᠤ ᠲᠥᠮᠡᠨ ᠤᠯᠠᠨ ᠤ ᠰᠡᠳᠬᠢᠯ ᠳᠤ ᠠᠷᠢᠭᠤᠨ ᠲᠠᠷᠬᠠᠨ ᠪᠠᠶᠢᠷᠢ ᠰᠠᠭᠤᠷᠢ ᠲᠠᠢ ᠪᠠᠶᠢᠵᠤ᠂ ᠲᠡᠤᠬᠡ ᠰᠤᠶᠤᠯ᠂ ᠳᠠᠭᠤᠤ ᠰᠢᠯᠥᠭ ᠲᠤ ᠤᠯᠠᠨᠲᠠ ᠲᠡᠮᠳᠡᠭᠯᠡᠭᠳᠡᠭᠰᠡᠨ ᠨᠢ ᠡᠬᠡ ᠤᠷᠤᠨ᠂ ᠠᠷᠠᠳ ᠲᠥᠮᠡᠨ  ᠤ ᠡᠷᠬᠡ ᠴᠢᠯᠦᠭᠡᠨ ᠤ ᠲᠡᠮᠡᠴᠡᠯ ᠤᠨ ᠰᠢᠳᠤᠷᠭᠤ ᠳᠠᠶᠢᠨ ᠡᠭᠦᠰᠴᠤ ᠦᠩᠭᠡᠷᠡᠭᠰᠡᠨ ᠲᠠᠢ ᠰᠢᠭᠤᠳ ᠬᠤᠯᠪᠤᠭ᠎ᠠ ᠲᠠᠢ ᠶᠤᠮᠰᠠᠨ᠃ ᠡᠳᠡᠭᠡᠷ ᠤᠯᠠᠨ ᠳᠠᠶᠢᠴᠢᠳ ᠤᠨ ᠨᠢᠭᠡ ᠪᠤᠯᠬᠤ ᠡᠪᠦᠭᠡ ᠮᠢᠨᠢ ᠴᠤ ᠨᠠᠢᠮᠠ ᠶᠢᠨ ᠠᠭᠤᠯᠠ ᠶᠢᠨ ᠢᠶᠠᠨ ᠬᠠᠳᠠ ᠠᠰᠬ᠎ᠠ᠂ ᠬᠥᠷᠥᠰᠦ ᠰᠢᠷᠤᠢ ᠳᠤ ᠨᠢ ᠬᠠᠯᠠᠭᠤᠨ ᠮᠥᠷ ᠢᠶᠠᠨ ᠲᠠᠮᠠᠭᠠᠯᠠᠵᠦ ᠶᠠᠪᠤᠭᠰᠠᠨ ᠢ ᠪᠤᠳᠤᠬᠤᠯᠠᠷ ᠥᠪᠡᠷ  ᠤᠨ ᠡᠷᠬᠡ ᠦᠭᠡᠢ ᠤᠮᠤᠭᠰᠢᠨ᠎ᠠ᠂ ᠴᠠᠬᠠᠷ ᠬᠠᠨ ᠤ ᠪᠤᠭᠤᠷᠤᠯ ᠰᠠᠷᠢᠳᠠᠭ ᠴᠤ ᠰᠥᠰᠥᠭ ᠪᠢᠰᠢᠷᠡᠯ ᠢ ᠲᠥᠷᠥᠭᠦᠯᠵᠦ᠂ ᠰᠡᠳᠬᠢᠯ ᠵᠢᠷᠦᠬᠡᠨ ᠳᠤ ᠨᠡᠯᠡᠶᠢᠵᠦ ᠢᠷᠡᠨ᠎ᠡ᠃ ᠡᠪᠦᠭᠡ ᠶᠢᠨ ᠮᠢᠨᠢ ᠢᠷᠠᠭᠤ ᠠᠯᠳᠠᠷᠲᠤ ᠦᠢᠯᠡᠰ ᠪᠢᠳᠡᠨ ᠤ ᠬᠤᠶᠢᠰᠢᠲᠠ ᠶᠢᠨ ᠵᠠᠮ ᠳᠤ ᠴᠠᠮᠬᠠᠭ ᠪᠤᠯᠤᠨ ᠭᠡᠷᠡᠯᠲᠦᠵᠦ᠂ ᠠᠵᠤ ᠠᠮᠢᠳᠤᠷᠠᠯ ᠤᠨ ᠲᠤᠷᠭᠠᠨ ᠵᠢᠯᠤᠭᠤ ᠶᠢ ᠡᠭᠦᠷᠢᠲᠡ ᠵᠠᠯᠠᠵᠦ ᠶᠠᠪᠤᠬᠤ ᠨᠢ ᠵᠠᠶᠢᠯᠠᠰᠢ ᠦᠭᠡᠢ ᠶᠤᠮ᠃                                                                                                                                        
 
ᠢᠷᠡᠯᠲᠡ᠄ ᠰᠢᠯᠣᠭᠤᠨ ᠬᠦᠪᠡᠭᠡᠲᠦ ᠴᠠᠭᠠᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号